| ᠲᠡᠭᠡᠷ᠎ᠡ ᠵᠠᠭᠤᠨ ᠤ ᠲᠠᠯᠠᠭᠠᠳ ᠤᠨ ᠤ ᠰᠡᠬᠦᠯᠴᠢ ᠪᠠᠷ ᠬᠠᠭᠤᠴᠢᠴᠤᠳ ᠤᠨ ᠵᠤᠭᠤᠭ ᠲᠤ᠂ | ᠡᠷᠳᠡ ᠦᠶ᠎ᠡ ᠪᠠᠷ ᠬᠡᠰᠢᠭᠳᠡᠨ ᠨᠤᠳᠤᠭ ᠲᠤ ᠳ᠋ᠠᠸᠠ᠂ ᠬᠦᠷᠡᠯᠠᠤᠩᠭᠤᠨ᠂ ᠲᠡᠯᠡᠬᠡᠶᠢᠬᠤᠩᠭᠤᠷ᠂ ᠱᠠᠷᠯᠠᠢ᠂ | ᠰᠡᠷᠡᠩᠪᠠᠯᠵᠢᠷ ᠁ ᠬᠡᠬᠦ ᠮᠡᠳᠤ ᠨᠡᠷᠡᠳᠤ ᠠᠪᠤᠷᠭᠤ ᠰᠠᠶᠢᠬᠠᠨ ᠪᠦᠬᠡᠴᠢᠳ ᠶᠠᠷᠢᠭᠳᠠᠵᠤ ᠪᠠᠶᠢᠭᠰᠠᠨ᠃ ᠡᠨᠡ ᠲᠤᠬᠠᠢ | ᠲᠤᠷ᠎ᠠ ᠰᠤᠨᠢᠷᠬᠠᠯ ᠲᠠᠢ ᠪᠠᠶᠢᠭᠰᠠᠨ ᠲᠤᠯᠠ ᠨᠡᠯᠢᠶᠡᠳ ᠡᠷᠳᠡ ᠲᠡᠯᠡᠬᠡᠶᠢᠬᠤᠩᠭᠤᠷ ᠤᠨ ᠬᠡᠤᠬᠡᠨ ᠪᠠ ᠲᠡᠬᠦᠨ ᠢ | ᠤᠶᠢᠯᠠᠭᠠᠵᠤ ᠮᠡᠳᠡᠳᠡᠭ ᠬᠡᠳᠤᠨ ᠨᠠᠰᠤᠳᠠᠳ ᠢ ᠰᠤᠷᠪᠤᠯᠵᠢᠯᠠᠵᠤ ᠲᠡᠮᠳᠡᠭᠯᠡᠭᠰᠡᠨ ᠪᠤᠶᠤ ᠲᠡᠳᠡᠨ ᠠᠴᠠ ᠰᠤᠨᠤᠰᠤᠭᠰᠠᠨ | ᠵᠦᠢᠯᠡᠰ ᠢᠶᠠᠨ ᠠᠳᠠ ᠤᠩᠰᠢᠭᠴᠢ ᠤᠯᠠᠨ ᠲᠠᠢ ᠪᠠᠨ ᠬᠤᠪᠢᠶᠠᠯᠴᠠᠶ᠎ᠠ᠃ | ᠤᠤᠯ ᠤᠨ ᠵᠡᠬᠦᠨ ᠠᠷᠤ ᠨᠤᠳᠤᠭ ᠤᠨ ᠲᠦᠰᠢᠶᠡᠳᠤ ᠠᠶᠢᠯ ᠤᠨ ᠠᠷᠤ ᠲᠦᠰᠢᠭ ᠪᠤᠯᠤᠭᠰᠠᠨ | ᠨᠢᠬᠡᠨ ᠠᠭᠤᠯᠠ ᠬᠠᠳᠠ ᠪᠠᠶᠢᠳᠠᠭ᠃ ᠡᠬᠦᠨ ᠢ ︽ᠶᠤᠯᠤ ᠶᠢᠨ ᠬᠠᠳᠠ︾ ᠬᠡᠵᠤ ᠨᠡᠷᠡᠯᠡᠳᠡᠭ᠃ ᠡᠨᠡ ᠬᠠᠳᠠᠨ ᠳᠤ | ᠡᠷᠳᠡ ᠳᠡᠭᠡᠨ ᠶᠤᠯᠤ ᠰᠢᠪᠠᠭᠤ ᠤᠯᠠᠨ ᠪᠠᠶᠢᠳᠠᠭ ᠢᠶᠠᠷ ᠢᠩᠬᠢᠵᠤ ᠨᠡᠷᠡᠯᠡᠵᠠᠢ᠃ ︽ᠶᠤᠯᠤ ᠶᠢᠨ ᠮᠢᠬ᠎ᠠ ᠶᠢ ᠢᠳᠡᠪᠡᠯ | ᠶᠤᠯᠤ ᠶᠢᠨ ᠬᠤᠳᠤᠭᠤᠳᠤ ᠲᠠᠢ ᠪᠤᠯᠳᠠᠭ︾᠂ ︽ᠶᠤᠯᠤ ᠰᠢᠪᠠᠭᠤ ᠦᠬᠡᠷ ᠤᠨ ᠴᠢᠮᠦᠬᠡ ᠶᠢ ᠵᠠᠯᠬᠢᠭᠠᠳ ᠤᠷᠤᠭᠤᠯᠪᠠᠯ | ᠬᠠᠶᠢᠯᠴᠢᠬᠠᠳᠠᠭ︾᠂ ︽ᠶᠤᠯᠤ ᠶᠢᠨ ᠮᠢᠬ᠎ᠠ ᠪᠠ ᠪᠠᠭᠠᠰᠤ ᠨᠢ ᠡᠮ ᠳᠤ ᠤᠷᠤᠵᠤ ᠤᠯᠠᠨ ᠵᠦᠢᠯ ᠤᠨ ᠬᠤᠳᠤᠭᠤᠳᠤᠨ | ᠡᠪᠡᠳᠴᠢᠨ ᠢ ᠵᠠᠰᠠᠳᠠᠭ︾ ᠁ ᠬᠡᠬᠦ ᠮᠡᠳᠤ ᠪᠠᠷ ᠪᠤᠭᠤᠷᠤᠯᠴᠤᠳ ᠶᠠᠷᠢᠳᠠᠭ ᠪᠠᠶᠢᠭᠰᠠᠨ᠃ ᠡᠨᠡᠬᠦ ︽ᠶᠤᠯᠤ ᠶᠢᠨ | ᠬᠠᠳᠠᠨ︾ ᠤ ᠤᠶᠢᠷ᠎ᠠ ᠤᠷᠴᠢᠮ ᠢᠶᠠᠷ ᠠᠷᠠᠳ ᠤᠯᠠᠨ ᠤ ᠲᠤᠮᠳᠠ ᠪᠠᠨ ᠠᠯᠳᠠᠷ ᠨᠡᠷ᠎ᠡ ᠪᠠᠨ ᠮᠠᠨᠳᠤᠭᠤᠯᠵᠤ ᠶᠠᠪᠤᠭᠰᠠᠨ | ᠠᠪᠤᠷᠭᠤ ᠲᠡᠯᠡᠬᠡᠶᠢᠬᠤᠩᠭᠤᠷ ᠠᠮᠢᠳᠤᠷᠠᠵᠤ ᠪᠠᠶᠢᠵᠠᠢ᠃ | ᠳᠡᠯᠡᠬᠡᠶᠢᠬᠤᠩᠭᠤᠷ ︵ᠪᠠᠷᠤᠭ 1898 — 1947︶ ᠪᠤᠯ ᠬᠦᠳᠡᠷᠯᠢᠭ ᠲᠤᠮᠳᠠ ᠶᠢᠨ ᠪᠡᠶ᠎ᠡ | ᠲᠠᠢ᠂ ᠬᠦᠴᠦ ᠴᠢᠳᠠᠯ ᠶᠡᠭᠡ ᠲᠠᠢ᠂ ᠬᠤᠷᠠᠭᠠᠨ ᠰᠢᠬᠦᠰᠤ ᠪᠠᠷ ᠴᠠᠭ ᠤᠨ ᠬᠤᠭᠤᠯᠠ ᠪᠤᠯᠭᠠᠵᠤ ᠮᠢᠩᠭᠠᠨ ᠵᠢᠩ ᠤᠨ | ᠲᠠᠪᠤᠰᠤ ᠲᠡᠭᠡᠭᠡᠪᠤᠷᠢᠯᠡᠭᠰᠡᠨ ᠦᠬᠡᠷ ᠲᠡᠷᠬᠡ ᠶᠢ ᠪᠤᠯᠤᠳᠠᠵᠤ ᠪᠤᠰᠬᠠᠳᠠᠭ ᠰᠠᠶᠢᠨ ᠡᠷ᠎ᠡ ᠪᠠᠶᠢᠯ᠎ᠠ ᠬᠡᠳᠡᠭ᠃ | ᠲᠡᠭᠦᠨ ᠤ ᠤᠨᠴᠠᠭᠠᠢ ᠠᠪᠢᠶᠠᠰ ᠬᠡᠪᠡᠯ ᠬᠦᠳᠡᠯᠬᠦ ᠨᠢ ᠲᠤᠶᠢᠯ ᠤᠨ ᠬᠤᠷᠳᠤᠨ ᠪᠠᠶᠢᠵᠤ ᠬᠦᠯ ᠨᠢ | ᠭᠠᠷ ᠠᠴᠠ ᠨᠢ ᠰᠠᠶᠢᠨ ᠬᠡᠳᠡᠭ᠃ ᠲᠡᠷᠡ ᠦᠶᠡᠰ ᠪᠦᠬᠡᠴᠢᠨ ᠲᠡᠯᠡᠬᠡᠶᠢᠬᠤᠩᠭᠤᠷ ᠲᠠᠢ ᠨᠢᠬᠡ ᠬᠤᠳᠠ ᠤᠰᠤᠨ ᠳᠤ | ᠬᠠᠮᠳᠤ ᠪᠠᠶᠢᠭᠰᠠᠨ ᠰᠤᠩᠭᠠᠷᠠᠢ ︵ᠲᠤᠬᠠᠢ ᠶᠢᠨ ᠦᠶ᠎ᠡ ᠳᠤ ᠬᠡᠤᠬᠡᠳ ᠪᠠᠶᠢᠵᠠᠢ︶ ᠨᠠᠰᠤᠳᠠᠨ ᠤ ᠶᠠᠷᠢᠬᠤ ᠪᠠᠷ | ᠳᠡᠯᠡᠬᠡᠶᠢᠬᠤᠩᠭᠤᠷ ᠨᠢᠬᠡ ᠤᠳᠠᠭ᠎ᠠ ᠲᠡᠬᠦᠨ ᠢ ᠡᠬᠦᠷᠤᠬᠡᠳ ᠶᠠᠪᠤᠵᠤ ᠪᠠᠶᠢᠬᠤ ᠳᠤ ᠬᠡᠨᠡᠳᠲᠡ ᠬᠤᠶᠠᠷ ᠵᠠᠭᠤᠳᠠᠭ ᠨᠤᠬᠠᠢ | ᠲᠠᠭᠠᠷᠢᠭᠠᠳ ᠢᠷᠡᠬᠦ ᠳᠤ ᠠᠪᠤᠷᠭᠤ ᠶᠢᠨ ᠬᠦᠯ ᠬᠦᠳᠡᠯᠬᠦ ᠨᠢ ᠬᠤᠷᠴᠠ ᠱᠠᠯᠠᠮᠠᠭᠠᠢ ᠲᠤᠯᠠ ᠨᠢᠬᠡ ᠨᠤᠬᠠᠢ ᠶᠢᠨ ᠬᠠᠷ᠎ᠠ | ᠬᠤᠩᠰᠢᠶᠠᠷ ᠨᠢ ᠤᠨᠠᠵᠤ᠂ ᠲᠤᠩᠭᠤᠷᠴᠤ ᠭᠠᠰᠠᠯᠲᠠᠯᠠ ᠢᠰᠬᠦᠯᠬᠦ ᠳᠤ ᠨᠦᠭᠦᠭᠡ ᠨᠤᠬᠠᠢ ᠨᠢ ᠠᠶᠤᠭᠠᠳ ᠭᠤᠳ | ᠭᠠᠷᠴᠤ ᠲᠤᠳᠠᠭᠠᠵᠤ ᠬᠡᠨ᠎ᠡ᠃ | 1998 ᠤᠨ ᠤ 8 ᠰᠠᠷ᠎ᠠ ᠶᠢᠨ 17 ᠤ ᠡᠳᠤᠷ ᠠᠪᠤᠷᠭᠤ ᠶᠢᠨ ᠪᠠᠭ᠎ᠠ ᠦᠬᠢᠨ ᠫᠠᠯᠵᠢᠳ | ᠨᠠᠰᠤᠳᠠᠨ ︵ᠲᠤᠬᠠᠢ ᠶᠢᠨ ᠵᠢᠯ ᠵᠢᠷᠠᠨ ᠲᠤᠯᠤᠭᠠᠳᠠᠢ ᠪᠠᠶᠢᠭᠰᠠᠨ︶ ᠢ ᠰᠤᠷᠪᠤᠯᠵᠢᠯᠠᠵᠤ ᠦᠩᠭᠡᠷᠡᠭᠰᠡᠨ ᠶᠤᠮ᠃ ᠲᠡᠭᠦᠨ | ᠤ ᠶᠠᠷᠢᠬᠤ ᠪᠠᠷ᠂ ᠲᠡᠷᠡ ᠠᠪᠤ ᠠᠴᠠ ᠪᠠᠨ ᠬᠤᠴᠤᠷᠬᠤ ᠳᠤ ᠰᠠᠶ᠋ᠢ ᠲᠠᠪᠤᠬᠠᠨ ᠨᠠᠰᠤᠳᠠᠢ︔ ᠡᠭᠡᠴᠢ ᠲᠡᠬᠦᠦ | ᠭᠤᠷᠪᠠᠭᠤᠯᠠ ᠬᠤᠴᠤᠷᠤᠭᠰᠠᠨ᠂ ᠶᠡᠭᠡ ᠬᠦᠦ ᠪᠠᠯᠮᠤ᠂ ᠬᠤᠶᠠᠳᠤᠭᠠᠷ ᠡᠬᠡᠴᠢ ᠷᠠᠰᠢᠮᠧᠳᠡᠭ ᠭᠡᠵᠤ ᠪᠠᠶᠢᠭᠰᠠᠨ ᠨᠢ ᠪᠦᠷ | ᠨᠠᠰᠤ ᠪᠠᠷᠠᠭᠰᠠᠨ᠃ ᠠᠪᠤ ᠨᠢ ᠰᠠᠶᠢᠨ ᠪᠦᠬᠡᠴᠢᠨ ᠬᠦᠮᠦᠨ᠂ ᠰᠤᠯᠤᠭᠠᠢ ᠠᠪᠤᠳᠠᠯ ᠲᠠᠢ ᠪᠠᠶᠢᠯ᠎ᠠ ᠬᠡᠳᠡᠭ᠃ ᠨᠠᠰᠤ | ᠪᠠᠷᠠᠬᠤ ᠳᠤ ᠪᠠᠷᠤᠭ ᠭᠤᠴᠢᠨ ᠲᠤᠯᠤᠭᠠᠳᠠᠢ ᠪᠠᠶᠢᠭᠰᠠᠨ︔ ᠨᠠᠰᠤ ᠪᠠᠭ᠎ᠠ ᠮᠡᠳᠡᠭᠡ ᠤᠷᠤᠭᠠᠳᠠᠢ ᠪᠠᠶᠢᠭᠰᠠᠨ ᠲᠤᠯᠠ | ᠤᠯᠠᠨ ᠤᠴᠢᠷ ᠢ ᠮᠡᠳᠡᠭᠰᠡᠨ ᠦᠭᠡᠢ ᠪᠤᠶᠤ ᠮᠠᠷᠳᠠᠴᠢᠬᠠᠯ᠎ᠠ ᠬᠡᠵᠤ ᠶᠠᠷᠢᠵᠤ ᠪᠠᠶᠢᠭᠰᠠᠨ ᠁ | ᠠᠪᠤᠷᠭᠤ ᠳᠡᠯᠡᠬᠡᠶᠢᠬᠤᠩᠭᠤᠷ᠂ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ | ᠠᠷᠪᠠᠨ ᠭᠤᠷᠪᠠᠨ ᠤ ᠡᠳᠤᠷ ᠶᠠᠪᠤᠭᠳᠠᠳᠠᠭ ᠬᠤᠰᠢᠭᠤ ᠤᠪᠤᠭᠠᠨ ᠤ ᠨᠠᠶᠢᠷ ᠪᠠ ᠵᠡᠬᠦᠨ ᠬᠠᠶᠢᠷᠬᠠᠨ ᠤ ᠲᠠᠬᠢᠯᠭ᠎ᠠ ᠶᠢᠨ | ᠨᠠᠶᠢᠷ ᠵᠡᠷᠬᠡ ᠳᠤ ᠨᠠᠶᠢᠳᠠ 13 ᠤᠳᠠᠭ᠎ᠠ ᠲᠡᠷᠢᠬᠦᠯᠡᠭᠰᠡᠨ ᠬᠡᠳᠡᠭ᠃ | 1944 ᠤᠨ ᠤ ᠭᠠᠯᠳᠠᠰᠤᠳᠠᠢ ᠷᠠᠰᠢᠶᠠᠨ ᠰᠦᠮ᠎ᠡ ︵ᠬᠤᠳᠠᠯᠠ ᠪᠢᠯᠢᠭᠳᠦ ᠰᠦᠮ᠎ᠡ︶ ᠶᠢᠨ | ᠭᠡᠭᠡᠨ ᠤ ᠲᠠᠯᠠᠨ ᠭᠤᠷᠪᠠᠨ ᠨᠠᠰᠤᠨ ᠤ ᠪᠠᠶᠠᠷ ᠤᠨ 128 ᠪᠦᠬᠡ ᠳᠤ ᠲᠡᠷᠢᠬᠦᠯᠡᠪᠡ᠃ | ᠰᠢᠯᠢᠨ ᠭᠤᠤᠯ ᠳᠤ ᠤᠯᠤᠭᠰᠠᠨ ᠳ᠋ᠦᠢᠩᠬᠤᠷ ᠸᠠᠩ ᠤᠨ ᠨᠤᠮ ᠲᠠᠯᠪᠢᠬᠤ ᠠᠶᠢᠮᠠᠭ ᠤᠨ ᠶᠡᠭᠡ | ᠨᠠᠶᠢᠷ ᠲᠤ 512 ᠪᠦᠬᠡ ᠳᠤ ᠲᠤᠬᠠᠢ ᠶᠢᠨ ᠦᠶ᠎ᠡ ᠶᠢᠨ ᠵᠠᠯᠠᠭᠤ ᠠᠪᠤᠷᠭᠤ ᠪᠠᠶᠢᠭᠰᠠᠨ ᠠᠷᠢᠶᠠᠰᠢᠰᠧᠹᠵᠢᠩ᠂ | ᠰᠤᠳᠨᠠᠮ ᠵᠡᠷᠬᠡ ᠪᠦᠬᠡᠴᠢᠳ ᠢ ᠬᠠᠶᠠᠵᠤ ᠲᠡᠷᠢᠬᠦᠯᠡᠭᠰᠡᠨ ᠪᠠᠶᠢᠨ᠎ᠠ᠃ | 20 ᠳ᠋ᠤᠭᠠᠷ ᠵᠠᠭᠤᠨ ᠤ ᠲᠦᠴᠢᠬᠡᠳ ᠤᠨ ᠤ ᠪᠠᠷᠤᠭ ᠢᠶᠠᠷ ᠵᠠᠬ᠎ᠠ ᠵᠡᠷᠭᠡᠯᠳᠡᠭᠡ ᠦᠵᠦᠮᠤᠴᠢᠨ | ᠬᠤᠰᠢᠭᠤᠨ ᠤ ᠶᠡᠭᠡ ᠨᠠᠶᠢᠷ ᠲᠤ ᠬᠦᠷᠴᠤ ᠸᠠᠩ ᠤᠨ ᠪᠦᠬᠡ ᠶᠢ ᠠᠶᠤᠮᠰᠢᠭ ᠦᠭᠡᠢ ᠬᠠᠶᠠᠵᠤ ᠲᠡᠷᠢᠬᠦᠯᠡᠭᠰᠡᠨ ᠠᠴᠠ | ᠲᠠᠷᠤᠶᠢᠬᠠᠨ ᠲᠤᠳᠠᠭᠠᠵᠤ ᠬᠠᠷᠢᠭᠰᠠᠨ ᠪᠠᠶᠢᠨ᠎ᠠ᠃ ᠡᠭᠦᠨ ᠳᠤ ᠠᠳᠠᠭ᠎ᠠ ᠵᠢᠳᠦᠬᠡ ᠶᠡᠭᠡ ᠲᠠᠢ ᠬᠠᠷ᠎ᠠ ᠰᠠᠨᠠᠭ᠎ᠠ ᠲᠠᠢ | ᠸᠠᠩ ᠲᠦᠰᠢᠮᠡᠯ ᠨᠠᠷ ᠬᠦᠰᠢᠬᠡ ᠲᠠᠳᠠᠵᠤ ᠳ᠋ᠧᠩ ᠵᠤᠯᠠ ᠠᠰᠠᠭᠠᠨ ᠠᠷᠤ ᠬᠤᠶᠢᠨ᠎ᠠ ᠠᠴᠠ ᠨᠢ ᠬᠠᠷᠢᠶᠠᠯ ᠬᠢᠯᠭᠡᠭᠰᠡᠨ | ᠠᠴᠠ ᠡᠨᠡᠬᠦ ᠨᠢᠬᠡᠨ ᠦᠶ᠎ᠡ ᠠᠯᠳᠠᠷ ᠮᠠᠨᠳᠤᠭᠰᠠᠨ ᠬᠡᠰᠢᠭᠳᠡᠨ ᠠᠪᠤᠷᠭᠤ ᠬᠠᠷᠢᠵᠤ ᠲᠡᠶᠢᠯᠦᠭᠰᠡᠨ ᠦᠭᠡᠢ ᠵᠠᠮ ᠳᠠᠭᠠᠨ | ᠨᠠᠰᠤ ᠪᠠᠷᠠᠭᠰᠠᠨ ᠬᠡᠨ᠎ᠡ᠃ ᠬᠤᠶᠠᠷ ᠵᠢᠯ ᠤᠨ ᠲᠠᠷᠠᠭ᠎ᠠ ᠲᠡᠬᠦᠨ ᠤ ᠬᠡᠬᠦᠷ ᠨᠢ ᠢᠯᠡᠷᠡᠵᠤ᠂ ᠴᠡᠬᠡᠵᠢᠨ ᠬᠦᠨᠳᠠᠢ ᠳᠤᠨᠢ | ᠴᠢᠨ᠋ᠸ᠎ᠠ ᠡᠬᠦᠷᠯᠡᠵᠤ ᠦᠷ᠎ᠡ ᠵᠤᠯᠵᠠᠭ᠎ᠠ ᠨᠢ ᠦᠶᠦᠭ ᠲᠠᠪᠠᠳᠠᠢ ᠪᠠᠷ ᠨᠢᠭᠤᠭᠳᠠᠵᠤ ᠪᠠᠶᠢᠭᠰᠠᠨ ᠢ ᠦᠵᠦᠮᠤᠴᠢᠨ ᠬᠦᠮᠦᠨ | ᠤᠯᠵᠤ ᠮᠡᠳᠡᠬᠡᠳ ᠨᠠᠷᠢᠨ ᠠᠵᠢᠭᠯᠠᠵᠤ ᠦᠵᠡᠬᠦ ᠳᠤ ᠴᠡᠭᠡᠵᠢᠨ ᠶᠠᠰᠤ ᠨᠢ ᠪᠢᠳᠡᠬᠦᠦ ᠪᠠᠶᠢᠵᠤ ᠬᠡᠨ᠎ᠡ᠃ ᠡᠬᠦᠨ ᠤ | ᠦᠵᠦᠮᠤᠴᠢᠨᠴᠤᠳ ᠰᠠᠶᠢᠨ ᠡᠷ᠎ᠡ ᠰᠠᠶᠢᠨ ᠪᠦᠬᠡᠴᠢᠨ ᠬᠡᠳᠡᠭ ᠢ ᠮᠡᠳᠡᠭᠡᠳ ᠯᠠᠮᠠ ᠬᠤᠸᠠᠷᠠᠭ ᠵᠠᠯᠠᠵᠤ ᠡᠳᠤᠷ ᠰᠤᠳᠤᠷ | ᠦᠵᠡᠬᠦᠯᠦᠨ᠂ ᠡᠨᠡᠬᠦ ᠬᠡᠬᠦᠷ ᠶᠠᠰᠤ ᠶᠢ ᠨᠤᠳᠤᠭ ᠲᠠᠭᠠᠨ ᠰᠢᠯᠵᠢᠬᠦᠯᠦᠨ ᠬᠡᠰᠢᠭᠳᠡᠨ ᠤ ᠠᠭᠤᠯᠠ ᠬᠠᠶᠢᠷᠬᠠᠨ | ᠦᠵᠡᠭᠳᠡᠬᠦ ᠦᠭᠡᠢ ᠲᠠᠯᠳᠠ ᠭᠠᠵᠠᠷ ᠬᠦᠨᠳᠤᠳᠬᠡᠨ ᠤᠷᠤᠰᠢᠭᠤᠯᠵᠤ ᠲᠠᠬᠢᠯᠭ᠎ᠠ ᠲᠠᠯᠪᠢᠭᠰᠠᠨ ᠬᠡᠨ᠎ᠡ᠃ | ᠲᠡᠬᠦᠨ ᠠᠴᠠ ᠬᠤᠶᠢᠰᠢ ᠪᠦᠬᠡ ᠶᠢᠨ ᠬᠡᠶᠢᠮᠤᠷᠢ ᠬᠡᠰᠢᠭᠳᠡᠨ ᠠᠴᠠ ᠰᠢᠯᠵᠢᠵᠤ ᠨᠡᠷᠡᠳᠤ ᠪᠦᠬᠡ | ᠭᠠᠷᠬᠤ ᠦᠭᠡᠢ ᠪᠤᠶᠤ ᠴᠦᠬᠡᠷᠡᠵᠤ᠂ ᠦᠵᠦᠮᠤᠴᠢᠨ ᠨᠤᠳᠤᠭ ᠲᠤ ᠤᠯᠠᠨ ᠨᠡᠷᠡᠳᠤ ᠪᠦᠬᠡ ᠭᠠᠷᠬᠤ ᠪᠤᠯᠤᠭᠰᠠᠨ ᠬᠡᠵᠤ | ᠨᠤᠳᠤᠭ ᠤᠨ ᠪᠤᠭᠤᠷᠤᠯᠴᠤᠳ ᠶᠠᠷᠢᠳᠠᠭ᠃ | | | ᠬᠠᠶ᠋ᠢᠭ᠄ ᠬᠡᠰᠢᠭᠳᠡᠨ ᠬᠤᠰᠢᠭᠤᠨ ᠤ ᠮᠤᠩᠭᠤᠯ ᠲᠤᠮᠳᠠᠳᠤ ᠰᠤᠷᠭᠠᠭᠤᠯᠢ | |