| | ᠪᠠᠭ᠎ᠠ ᠪᠤᠰᠤ ᠰᠠᠶᠢᠬᠠᠨ ᠵᠠᠯᠠᠭᠤᠴᠤᠤᠨ ᠨᠡᠶᠢᠭᠡᠮ ᠲᠡᠭᠡᠷ᠎ᠡ ᠭᠠᠷᠤᠭᠰᠠᠨ ᠬᠤᠶᠢᠨ᠎ᠠ ᠪᠤᠶᠤ ᠠᠶᠢᠯ | ᠭᠡᠷ ᠪᠤᠯᠤᠭᠰᠠᠨ ᠤ ᠲᠠᠷᠠᠭ᠎ᠠ ᠠᠮᠢᠳᠤᠷᠠᠯ ᠢᠶᠠᠨ ᠦᠭᠡᠳᠡ ᠨᠢ ᠲᠠᠳᠠᠵᠤ ᠴᠢᠳᠠᠬᠤ ᠦᠭᠡᠢ ᠤᠷᠤᠭᠤᠳᠠᠵᠤ ᠶᠠᠪᠤᠬᠤ ᠨᠢ | ᠬᠠᠷᠠᠭᠳᠠᠨ᠎ᠠ᠂ ᠪᠦᠷ ᠯᠡ ᠠᠵᠢᠯ ᠠᠮᠢᠳᠤᠷᠠᠯ ᠤᠨ ᠰᠤᠷᠳᠠᠯ ᠠᠵᠢᠯᠴᠢ ᠪᠤᠷᠤᠭᠵᠢᠭᠤᠨ ᠪᠢᠰᠢ᠂ ᠯᠠᠷᠵᠢᠶ᠎ᠠ ᠶᠠᠩᠪᠠ | ᠲᠠᠳᠠᠭᠰᠠᠭᠠᠷ ᠪᠠᠶᠢᠵᠤ ᠠᠮᠢᠳᠤᠷᠠᠯ ᠢᠶᠠᠨ ᠦᠭᠡᠶᠢᠬᠢᠵᠦ ᠪᠠᠶᠢᠨ᠎ᠠ᠂ ᠡᠨᠡ ᠪᠤᠯ ᠶᠤᠰᠤᠳᠠᠢ ᠠᠶᠢᠯ ᠭᠡᠷ ᠤᠨ ᠬᠦᠮᠦᠵᠢᠯ | ᠰᠤᠷᠳᠠᠯ ᠠᠴᠠ ᠯᠡ ᠪᠤᠯᠤᠨ᠎ᠠ᠃ ᠲᠡᠭᠡᠬᠦ ᠠᠴᠠ ︽ᠰᠠᠶᠢᠨ ᠬᠦᠮᠦᠵᠢᠯ ᠤᠷᠤᠯᠭ᠎ᠠ ᠪᠤᠯᠵᠤ᠂ ᠮᠠᠭᠤ ᠬᠦᠮᠦᠵᠢᠯ | ᠵᠠᠷᠤᠯᠭ᠎ᠠ ᠪᠤᠯᠳᠠᠭ︾ ᠭᠡᠰᠡᠨ ᠬᠠᠪᠤᠳᠤ ᠦᠭᠡ ᠭᠠᠷᠤᠭᠰᠠᠨ᠃ ᠮᠠᠨ ᠤ ᠬᠦᠮᠦᠵᠢᠯ ᠤᠨ ᠠᠷᠭ᠎ᠠ ᠠᠪᠳᠠᠯ | ᠪᠤᠷᠤᠭᠤᠳᠠᠬᠤ ᠳᠤ ᠬᠦᠷᠪᠡᠯ ᠭᠡᠷ ᠪᠦᠯᠢ᠂ ᠨᠡᠶᠢᠭᠡᠮ᠂ ᠰᠤᠷᠭᠠᠭᠤᠯᠢ ᠶᠢᠨ ᠴᠢᠷᠮᠠᠶᠢᠯᠭ᠎ᠠ ᠵᠠᠷᠤᠯᠭ᠎ᠠ ᠪᠦᠷ | ᠬᠤᠭᠤᠰᠤᠳᠠᠵᠤ᠂ ᠨᠢᠭᠡ ᠠᠶᠢᠯ ᠭᠡᠷ ᠤᠨ ᠦᠶ᠎ᠠ ᠵᠠᠯᠭᠠᠮᠵᠢ ᠲᠤᠷᠤᠶᠢᠳᠠᠬᠤ ᠪᠠᠷ ᠪᠠᠷᠠᠬᠤ ᠦᠭᠡᠢ ︽ᠨᠦᠬᠦᠥᠨ ᠤᠨ | ᠮᠠᠭᠤ ᠪᠠᠷ ᠨᠦᠬᠡᠨ ᠳᠤ ᠤᠨᠠᠨ᠎ᠠ︾ ᠭᠡᠭᠴᠢ ᠪᠤᠯᠵᠤ᠂ ᠲᠡᠷᠡ ᠬᠡᠥᠬᠡᠥᠨ ᠲᠠᠢ ᠨᠦᠬᠦᠷᠯᠡᠵᠦ ᠶᠠᠪᠤᠭᠰᠠᠨ ᠤᠯᠠᠨ | ᠬᠡᠥᠬᠡᠥᠨ ᠪᠠᠰᠠ ᠬᠦᠯ ᠠᠯᠳᠠᠬᠤ ᠪᠤᠯᠤᠨ᠎ᠠ᠂ ᠨᠢᠭᠡ ᠠᠶᠢᠯ ᠭᠡᠷ ᠦᠷ᠎ᠡ ᠬᠡᠥᠬᠡᠥᠨ ᠢᠶᠠᠨ ᠰᠢᠯᠢᠳᠡᠭ ᠬᠦᠮᠦᠵᠢᠬᠦᠯᠵᠦ | ᠴᠢᠳᠠᠪᠠᠯ ᠲᠡᠷᠡ ᠠᠶᠢᠯ ᠭᠡᠷ ᠢ ᠦᠭᠡᠳᠡ ᠨᠢ ᠲᠠᠳᠠᠬᠤ ᠪᠠᠷ ᠪᠠᠷᠠᠬᠤ ᠦᠭᠡᠢ ᠨᠢᠭᠡ ᠨᠤᠳᠤᠭ ᠤᠰᠤᠨ ᠤ ᠨᠡᠷ᠎ᠡ ᠬᠦᠨᠳᠦ | ᠶᠢ ᠴᠦ ᠮᠠᠨᠳᠤᠭᠤᠯᠵᠤ ᠴᠢᠳᠠᠨ᠎ᠠ᠃ ᠶᠡᠷᠦ ᠨᠢ ᠨᠡᠶᠢᠭᠡᠮ ᠤᠨ ᠬᠦᠭᠵᠢᠯ ᠤᠨ ᠦᠨᠳᠦᠰᠦᠨ ᠠᠰᠠᠭᠤᠳᠠᠯ ᠪᠤᠯ ᠭᠡᠷ ᠪᠦᠯᠢ | ᠶᠢᠨ ᠬᠦᠭᠵᠢᠯ ᠪᠠᠶᠢᠭ᠎ᠠ᠂ ᠤᠭᠰᠠᠭ᠎ᠠ ᠶᠠᠰᠤᠳᠠᠨ ᠤ ᠰᠤᠶᠤᠯ ᠪᠤᠯᠪᠠᠰᠤᠨ ᠢ ᠠᠴᠢᠶᠠᠯᠠᠵᠤ ᠪᠠᠶᠢᠭ᠎ᠠ ᠬᠠᠮᠤᠭ ᠵᠢᠵᠢᠭ | ᠨᠢᠭᠡᠴᠡ ᠪᠤᠯ ᠮᠥᠨ ᠴᠦ ᠭᠡᠷ ᠪᠦᠯᠢ ᠪᠠᠶᠢᠭ᠎ᠠ᠃ ᠲᠡᠭᠡᠬᠦ ᠪᠠᠷ ᠪᠢᠳᠡ ᠪᠦᠬᠦᠨ ᠡᠭᠡᠯ ᠪᠤᠷᠤᠭᠵᠢᠭᠤᠨ ᠠᠮᠢᠳᠤᠷᠠᠯ ᠤᠨ | ᠲᠠᠥᠠᠬᠠᠯ᠂ ᠡᠷᠡᠭᠦᠯ ᠰᠠᠷᠠᠭᠤᠯ ᠠᠶᠢᠯ ᠪᠦᠯᠢ ᠶᠢᠨ ᠠᠭᠠᠷ ᠢ ᠡᠷᠬᠢᠮᠯᠡᠵᠦ ᠶᠠᠪᠤᠪᠠᠯ ᠰᠠᠶ᠋ᠢ ᠦᠷ᠎ᠡ ᠬᠡᠥᠬᠡᠥᠨ ᠮᠠᠨᠢ ᠡᠷᠡᠭᠦᠯ | ᠲᠡᠭᠵᠢᠨ ᠦᠰᠦᠨ ᠪᠤᠶᠢᠵᠢᠨ᠎ᠠ ᠭᠡᠳᠡᠭ ᠲᠤ ᠢᠳᠡᠭᠡᠬᠦ ᠶᠤᠰᠤᠳᠠᠢ᠃ ᠠᠳᠡ ᠪᠢ ᠮᠠᠨ ᠤ ᠠᠮᠢᠳᠤᠷᠠᠯ ᠤᠨ ᠤᠷᠴᠢᠨ ᠳᠤ | ᠬᠠᠷᠠᠭᠳᠠᠵᠤ ᠪᠠᠶᠢᠭ᠎ᠠ ᠲᠦᠬᠡᠮᠡᠯ ᠠᠰᠠᠭᠤᠳᠠᠯ ᠠᠴᠠ ᠵᠢᠱᠢᠶ᠎ᠡ ᠲᠤᠷᠠᠳᠤᠵᠤ ᠰᠠᠨᠠᠭᠤᠯᠭ᠎ᠠ ᠪᠤᠯᠭᠠᠶ᠎ᠠ᠃ | | | ᠨᠢᠭᠡ᠂ ᠰᠤᠯᠠ ᠢᠳᠡᠭᠡᠨ | | | ᠤᠳᠤ ᠶᠢᠨ ᠵᠠᠬ᠎ᠠ ᠵᠡᠭᠡᠯᠢ ᠲᠡᠭᠡᠷ᠎ᠡ ᠬᠡᠥᠬᠡᠥᠨ ᠤᠨ ᠢᠳᠡᠭᠡᠨ ᠤᠮᠳᠠᠭᠠᠨ ᠲᠠᠩᠴᠤ ᠡᠯᠪᠡᠭ | ᠪᠤᠯᠵᠠᠢ᠂ ᠡᠨᠡ ᠪᠤᠯ ᠨᠡᠶᠢᠭᠡᠮ ᠤᠨ ᠬᠦᠭᠵᠢᠯᠳᠡ ᠶᠢᠨ ᠭᠠᠪᠢᠶ᠎ᠠ᠃ ᠭᠡᠳᠡᠯ᠎ᠡ ᠬᠡᠥᠬᠡᠥᠨ ᠰᠤᠯᠠ ᠢᠳᠡᠭᠡᠨ ᠶᠡᠭᠡ ᠢᠳᠡᠬᠦ | ᠨᠢ ᠴᠠᠭ ᠤᠨ ᠬᠤᠭᠤᠯᠠ ᠪᠠᠨ ᠢᠳᠡᠬᠦ ᠦᠭᠡᠢ ᠪᠤᠯᠵᠤ ᠪᠡᠶ᠎ᠡ ᠶᠢᠨ ᠡᠷᠡᠭᠦᠯ ᠮᠡᠨᠳᠦ ᠪᠠ ᠬᠡᠪ ᠴᠢᠨᠠᠷ ᠢ ᠨᠢ ᠶᠡᠭᠡ ᠮᠠᠭᠤ | ᠪᠠᠷ ᠨᠦᠯᠦᠭᠡᠯᠡᠬᠦ ᠮᠦᠷᠳᠡᠭᠡᠨ ᠠᠮᠠᠷᠬᠠᠨ ᠬᠤᠭᠤᠯᠠ ᠭᠤᠯᠤᠬᠤ ᠭᠡᠮ ᠲᠠᠢ ᠪᠤᠯᠳᠠᠭ᠃ ᠨᠡᠩ ᠠᠶᠤᠯᠳᠠᠢ ᠨᠢ ᠲᠡᠯᠡᠭᠡᠢ | ᠳ᠋ᠠᠬᠢᠨ ᠢᠶᠠᠷ ᠢᠶᠠᠨ ᠰᠠᠨᠠᠭ᠎ᠠ ᠵᠤᠪᠠᠵᠤ ᠪᠠᠶᠢᠭ᠎ᠠ ᠠᠷᠪᠠᠨ ᠲᠦᠷᠦᠯ ᠤᠨ ᠬᠤᠭ ᠤᠨ ᠢᠳᠡᠭᠡᠨ ᠶᠠᠭ ᠮᠠᠨ ᠤ ᠬᠡᠥᠬᠡᠥᠨ | ᠤᠨ ᠡᠳᠦᠷᠵᠢᠨ ᠡᠳ᠋ᠯᠠᠵᠦ ᠪᠠᠶᠢᠭ᠎ᠠ ᠢᠳᠡᠭᠡᠨ ᠤᠮᠳᠠᠭᠠᠨ ᠲᠤᠮᠳᠠ ᠭᠤᠤᠯᠯᠠᠵᠤ ᠪᠠᠶᠢᠨ᠎ᠠ᠃ ᠡᠳᠡᠭᠡᠷ ᠬᠤᠭ ᠤᠨ | ᠢᠳᠡᠭᠡᠨ ᠨᠢ ᠬᠡᠥᠬᠡᠥᠨ ᠪᠠᠭᠠᠴᠤᠤᠨ ᠤᠨ ᠡᠷᠡᠭᠦᠯ ᠮᠡᠨᠳᠦ ᠶᠢ ᠬᠦᠨᠳᠦ ᠨᠤᠴᠢᠳᠠᠢ ᠨᠦᠯᠦᠭᠡᠯᠡᠵᠦ ᠪᠡᠶ᠎ᠡ ᠮᠠᠬᠠᠪᠤᠤᠨ ᠤᠨ | ᠬᠡᠪ ᠴᠢᠨᠠᠷ ᠢ ᠨᠢ ᠲᠦᠢᠯ ᠤᠨ ᠲᠤᠷᠤᠢ ᠰᠤᠯᠠᠬᠠᠨ ᠪᠤᠯᠭᠠᠵᠦ ᠪᠤᠢ᠃ ᠭᠦᠢᠵᠸᠦ ᠶᠡᠭᠡ ᠰᠤᠷᠭᠠᠭᠤᠯᠢ 2010 ᠤᠨ ᠤ | ᠨᠠᠮᠤᠷ ᠤᠨ ᠰᠤᠷᠤᠯᠭ᠎ᠠ ᠡᠬᠢᠯᠡᠬᠦ ᠶᠤᠰᠤᠯᠠᠯ ᠲᠡᠭᠡᠷ᠎ᠡ ᠰᠢᠨ᠎ᠡ ᠤᠶᠤᠳᠠᠥᠨ ᠤᠨ ᠴᠡᠷᠢᠭ ᠤᠨ ᠪᠤᠯᠪᠠᠰᠤᠷᠠᠯ ᠤᠨ | ᠲᠠᠶᠢᠴᠢᠯᠠᠯᠳᠠ ᠬᠢᠵᠦ᠂ ᠬᠤᠷᠠᠯ ᠡᠬᠢᠯᠡᠬᠡᠥᠨ ᠬᠠᠭᠠᠰ ᠴᠠᠭ ᠪᠤᠯᠬᠤ ᠬᠢᠷᠢ ᠳᠤ ᠲᠦᠴᠢ ᠭᠠᠷᠤᠢ ᠤᠶᠤᠳᠠᠨ ᠵᠤᠭᠰᠤᠵᠤ | ᠲᠡᠶᠢᠯᠬᠦ ᠦᠭᠡᠢ ᠮᠠᠨᠠᠷᠠᠵᠤ ᠤᠶᠢᠴᠢᠭᠰᠠᠨ ᠢ ᠲᠦᠪ ᠲᠧᠯᠸᠢᠰ ᠢᠶᠠᠷ ᠮᠡᠳᠡᠭᠡᠯᠡᠵᠦ ᠪᠠᠶᠢᠭᠰᠠᠨ᠂ ᠡᠭᠦᠨ ᠳᠤ ᠦᠨᠦ ᠶᠢᠨ | ᠬᠡᠥᠬᠡᠥᠨ ᠠᠵᠢᠯ ᠬᠦᠳᠡᠯᠮᠦᠷᠢ ᠲᠠᠮᠢᠷ ᠤᠨ ᠬᠦᠳᠡᠯᠭᠡᠭᠡᠨ ᠳᠤ ᠤᠷᠤᠯᠴᠠᠬᠤ ᠨᠢ ᠲᠤᠳᠠᠭᠳᠠᠵᠤ ᠪᠠᠶᠢᠬᠤ ᠠᠴᠠ ᠭᠠᠳᠠᠨ᠎ᠠ | ᠰᠤᠯᠠ ᠢᠳᠡᠭᠡᠨ ᠶᠡᠭᠡ ᠢᠳᠡᠵᠦ ᠪᠠᠶᠢᠬᠤ ᠲᠠᠢ ᠰᠢᠭᠤᠤᠨ ᠬᠤᠯᠪᠤᠭ᠎ᠠ ᠲᠠᠢ ᠶᠤᠮ᠃ ᠰᠤᠯᠠ ᠢᠳᠡᠬᠡᠨ ᠨᠢ ᠬᠡᠦᠬᠡᠳ | ᠤᠨ ᠡᠷᠡᠬᠦᠯ ᠮᠡᠨᠳᠤ ᠶᠢ ᠨᠦᠯᠦᠬᠡᠯᠡᠵᠦ ᠪᠠᠶᠢᠭ᠎ᠠ ᠬᠠᠮᠤᠭ ᠤᠨ ᠬᠡᠴᠡᠬᠦᠦ ᠨᠡᠶᠢᠬᠡᠮ ᠤᠨ ᠠᠰᠠᠭᠤᠳᠠᠯ ᠪᠤᠯᠤᠭᠰᠠᠨ | ᠪᠠᠶᠢᠨ᠎ᠠ᠃ ᠢᠯᠠᠩᠭᠤᠶ᠎ᠡ ᠭᠠᠭᠴᠠ ᠠᠰᠢᠭ ᠤᠨ ᠬᠤᠶᠢᠨ᠎ᠠ ᠠᠴᠠ ᠨᠢᠳᠦ ᠤᠯᠠᠶᠢᠵᠤ᠂ ᠬᠦᠮᠦᠨ ᠮᠦᠰᠦ ᠪᠠᠨ ᠭᠡᠭᠡᠭᠰᠡᠨ | ᠮᠠᠶᠢᠮᠠᠶᠢᠴᠢᠨ ᠬᠤᠳᠠᠯᠳᠤᠭᠠᠴᠢᠨ ᠨᠠᠷ ᠢᠳᠡᠬᠡᠨ ᠤᠮᠳᠠᠭᠠᠨ ᠳᠤ ᠶᠠᠩᠵᠦ ᠪᠦᠷᠢ ᠶᠢᠨ ᠬᠤᠤᠷᠳᠤ ᠡᠳ᠋ ᠢ ᠬᠤᠯᠢᠵᠦ᠂ | ᠨᠢᠯᠬ᠎ᠠ ᠬᠡᠦᠬᠡᠳ ᠤᠨ ᠰᠦᠨ ᠲᠠᠯᠬ᠎ᠠ ᠠᠴᠠ ᠨᠠᠰᠤᠳᠠᠨ ᠡᠪᠡᠥᠡᠴᠢᠳᠡᠨ ᠳᠤ ᠵᠤᠷᠢᠭᠤᠯᠤᠭᠰᠠᠨ ᠰᠢᠮ᠎ᠡ ᠲᠡᠵᠢᠭᠡᠯ ᠤᠨ | ᠵᠦᠢᠯ᠂ ᠡᠮ ᠲᠠᠩ ᠳᠤ ᠬᠦᠷᠳᠡᠯ᠎ᠡ ᠬᠠᠭᠤᠷᠮᠠᠭ ᠶᠠᠭᠤᠮ᠎ᠠ ᠦᠢᠯᠡᠥᠡᠪᠦᠷᠢᠯᠡᠬᠦ ᠪᠤᠯᠵᠠᠢ᠃ ᠬᠦᠳᠡᠭᠡ ᠵᠤᠳ ᠭᠠᠮᠰᠢᠭ | ᠲᠤ ᠦᠬᠦᠭᠰᠠᠨ ᠮᠠᠯ ᠠᠳᠤᠭᠤᠰᠤᠨ ᠤ ᠦᠬᠦᠳᠡᠯ ᠵᠤᠪᠠᠯᠭ᠎ᠠ ᠶᠢ ᠲᠡᠬᠦᠬᠦ ᠪᠤᠶᠤ ᠬᠢᠮᠳᠠ ᠦᠨ᠎ᠡ ᠪᠠᠷ ᠬᠤᠳᠠᠯᠳᠣᠨ | ᠠᠪᠴᠦ ᠪᠠᠶᠢᠭ᠎ᠠ ᠨᠢ ᠶᠠᠭᠤ ᠬᠢᠵᠦ ᠪᠠᠶᠢᠬᠤ ᠪᠤᠢ︖ ᠪᠦᠷ ᠯᠡ ᠬᠤᠭᠤᠯᠠᠨ ᠭᠡᠷ ᠲᠤ ᠵᠠᠷᠤᠬᠤ ᠪᠤᠶᠤ ᠬᠤᠭ ᠤᠨ | ᠢᠳᠡᠬᠡᠨ ᠬᠢᠵᠦ ᠪᠠᠶᠢᠭ᠎ᠠ᠃ ᠤᠬᠢᠶᠠᠳᠠᠰᠤᠨ ᠲᠤᠰᠤ ᠭᠡᠵᠦ ᠪᠦᠷ ᠠᠶᠤᠯ ᠤᠨ ᠶᠠᠭᠤᠮ᠎ᠠ ᠶᠢ ᠵᠡᠭᠡᠯᠢ ᠶᠢᠨ ᠰᠢᠷᠠᠮᠠᠯ ᠡᠨᠡ | ᠲᠡᠷᠡ ᠬᠢᠬᠦ ᠳᠤ ᠬᠡᠷᠡᠭᠯᠡᠵᠦ ᠪᠠᠶᠢᠨ᠎ᠠ᠃ ᠡᠳᠡᠭᠡᠷ ᠠᠶᠤᠯᠳᠠᠢ ᠬᠤᠭ ᠤᠨ ᠢᠳᠡᠭᠡᠨ ᠨᠢ ᠬᠡᠥᠬᠡᠥᠨ ᠪᠠᠭᠠᠴᠤᠤᠨ ᠤᠨ | ᠡᠷᠡᠭᠦᠯ ᠮᠡᠨᠳᠦ ᠶᠢ ᠶᠡᠬᠡᠪᠡᠷ ᠨᠦᠯᠦᠭᠡᠯᠡᠵᠦ᠂ ᠴᠢᠰᠣ ᠴᠠᠶᠢᠬᠤ ᠡᠪᠡᠳᠴᠢᠨ᠂ ᠬᠠᠷᠰᠢᠬᠤ ᠴᠢᠨᠠᠷᠲᠠᠢ ᠪᠤᠷᠤ ᠲᠤᠯᠪᠤ ᠮᠡᠳᠦ | ᠴᠢᠰᠤᠨ ᠤ ᠬᠤᠤᠷᠳᠠᠯ ᠤᠨ ᠠᠶᠤᠯᠳᠤ ᠡᠪᠡᠥᠡᠴᠢᠨ ᠬᠡᠥᠬᠡᠥᠨ ᠤᠨ ᠲᠤᠮᠳᠠ ᠢᠯᠡᠷᠡᠬᠦ ᠪᠤᠯᠵᠠᠢ᠃ ᠵᠠᠯᠠᠭᠤᠴᠤᠤᠨ | ᠪᠠᠭᠠᠴᠤᠤᠯ ᠰᠢᠬᠢᠷ ᠰᠢᠵᠢᠩ ᠡᠪᠡᠥᠴᠢᠨ᠂ ᠰᠢᠬᠡᠰᠤᠨ ᠵᠠᠮ ᠤᠨ ᠬᠤᠤᠷᠳᠠᠯ ᠤᠯᠵᠤ᠂ ᠬᠡᠷ ᠪᠦᠯᠢ ᠪᠤᠯᠤᠨ ᠨᠡᠶᠢᠬᠡᠮ | ᠳᠤ ᠬᠦᠨᠳᠤ ᠶᠡᠭᠡ ᠲᠠᠷᠤᠭᠠᠰᠤ ᠠᠪᠴᠢᠷᠠᠵᠦ ᠪᠠᠶᠢᠨ᠎ᠠ᠃ | ᠡᠷᠡᠭᠦᠯ ᠪᠡᠶ᠎ᠡ ᠠᠴᠠ ᠰᠠᠷᠠᠭᠤᠯ ᠤᠬᠠᠭᠠᠨ ᠭᠡᠳᠡᠭ᠃ ᠮᠠᠨ ᠤ ᠬᠡᠥᠬᠡᠥᠨ ᠡᠷᠡᠭᠦᠯ ᠴᠢᠬᠢᠷᠠᠭ | ᠪᠡᠶ᠎ᠡ ᠮᠠᠬᠠᠪᠤᠤᠨ ᠲᠠᠢ ᠪᠠᠶᠢᠵᠤ ᠴᠢᠳᠠᠪᠠᠯ ᠰᠠᠶ᠋ᠢ ᠤᠬᠠᠭᠠᠨ ᠰᠠᠨᠠᠭ᠎ᠠ ᠨᠢ ᠨᠡᠩ ᠬᠤᠷᠴᠠ ᠰᠡᠷᠭᠡᠭ ᠴᠤᠭ ᠵᠢᠪᠬᠤᠭ᠎ᠠ | ᠲᠠᠢ ᠪᠠᠶᠢᠵᠤ ᠴᠢᠳᠠᠨ᠎ᠠ᠃ ᠮᠠᠨᠤᠰ ᠬᠡᠦᠬᠡᠳ ᠤᠨ ᠢᠶᠠᠨ ᠬᠡᠪ ᠤᠨ ᠡᠷᠡᠬᠦᠯ ᠴᠢᠬᠢᠷᠠᠭ ᠢ ᠪᠠᠳᠣᠯᠠᠵᠦ ᠲᠡᠶᠢᠯᠬᠦ ᠦᠬᠡᠢ | ᠪᠠᠶᠢᠭᠠᠳ ᠢᠷᠡᠬᠡᠳᠦᠢ ᠳᠤ ᠲᠡᠳᠡᠨ ᠢ ᠪᠠᠰᠠ ᠶᠠᠭᠤᠨ ᠤ ᠬᠤᠰᠢᠭᠤ ᠲᠠᠷᠤᠭ᠎ᠠ᠂ ᠡᠷᠳᠡᠮᠳᠡᠨ᠂ ᠢᠨᠵᠢᠨᠧᠷ ᠪᠤᠯᠭᠠᠬᠤ | ᠬᠡᠵᠦ ᠶᠡᠭᠡ ᠶᠢ ᠰᠠᠨᠠᠭᠠᠳ ᠴᠦ ᠶᠠᠭᠤ ᠬᠢᠬᠦ ᠪᠤᠢ︖ ᠰᠤᠯᠠ ᠢᠳᠡᠬᠡᠨ ᠤ ᠬᠤᠤᠷ ᠢ ᠡᠷᠳᠡ ᠠᠴᠠ ᠰᠡᠷᠡᠮᠵᠢᠯᠡᠵᠦ᠂ | ᠬᠡᠦᠬᠡᠳ ᠲᠤ ᠪᠠᠨ ᠠᠩᠬᠠᠷᠤᠭᠤᠯᠵᠦ᠂ ᠬᠤᠤᠷ ᠨᠦᠯᠦᠭᠡ ᠶᠢ ᠨᠢ ᠬᠦᠢᠴᠡᠳ ᠲᠠᠨᠢᠭᠤᠯᠬᠤ ᠶᠢᠨ ᠬᠠᠮᠳᠤ ᠠᠷᠢᠭᠤᠨ | ᠴᠡᠪᠡᠷ ᠢᠳᠡᠭᠡᠨ ᠤᠮᠳᠠᠭᠠᠨ ᠤ ᠪᠤᠷᠤᠭᠵᠢᠭᠤᠨ ᠵᠠᠩᠰᠢᠯ ᠳᠤ ᠬᠡᠪᠰᠢᠭᠦᠯᠬᠦ ᠪᠤᠯ ᠬᠡᠷ ᠤᠨ ᠠᠬᠠᠮᠠᠳ ᠤᠨ ᠴᠢᠬᠤᠯᠠ | ᠠᠵᠢᠯ ᠪᠤᠯᠤᠭᠠᠳ ᠪᠠᠶᠢᠨ᠎ᠠ᠃ | ᠵᠠᠷᠢᠮ ᠬᠡᠷ ᠤᠨ ᠠᠬᠠᠮᠠᠳ ᠪᠠᠯᠭᠠᠰᠤᠨ ᠳᠤ ᠬᠡᠷ ᠲᠦᠷᠢᠶᠡᠰᠤᠯᠡᠵᠦ ᠬᠡᠦᠬᠡᠳ ᠢᠶᠠᠨ ᠬᠠᠷᠠᠬᠤ | ᠪᠠᠷ ᠬᠦᠳᠡᠭᠡ ᠠᠴᠠ ᠲᠠᠭᠠᠵᠦ ᠢᠷᠡᠬᠡᠳ ᠬᠢᠳᠡᠯ ᠦᠬᠡᠶᠢᠳᠡᠵᠦ᠂ ᠡᠳᠦᠷᠵᠢᠨ ᠨᠡᠶᠢᠷ ᠬᠤᠷᠢᠮ ᠤᠨ ᠰᠢᠷᠡᠭᠡ᠂ ᠮᠠᠵᠢᠶᠠᠩ | ᠤᠨ ᠰᠢᠷᠡᠭᠡ ᠲᠠᠢ ᠨᠦᠬᠦᠷᠯᠡᠭᠰᠠᠨ ᠠᠴᠠ ᠡᠴᠦᠰ ᠲᠤ ᠪᠠᠨ ᠨᠠᠭᠠᠳᠣᠮ ᠳᠤ ᠰᠢᠨᠣᠯ ᠲᠠᠢ ᠪᠤᠯᠵᠦ᠂ ᠬᠡᠦᠬᠡᠳ ᠨᠢ | ᠢᠷᠡᠬᠦ ᠳᠤ ᠬᠤᠭᠤᠯᠠ ᠬᠤᠰᠢ ᠴᠦ ᠬᠢᠬᠦ ᠦᠬᠡᠢ᠂ ᠬᠠᠷᠢᠨ ᠮᠠᠵᠢᠶᠠᠩ ᠤᠬᠢᠶᠠᠵᠦ ᠪᠤᠬᠢᠷᠳᠤᠭᠰᠠᠨ ᠭᠠᠷ ᠢᠶᠠᠷ ᠢᠶᠠᠨ | ᠭᠭᠢᠷ ᠲᠤ ᠨᠤᠬᠤᠴᠢᠭᠳᠠᠭᠰᠠᠨ ᠬᠤᠶᠠᠷ ᠵᠤᠭᠤᠰ ᠬᠠᠶᠠᠵᠦ ︽ᠮᠠᠢ︕ ᠠᠪᠠᠴᠢᠭᠠᠳ ᠲᠦᠭᠦᠮ ᠭᠤᠯᠢᠷ ᠠᠪᠤᠭᠠᠥᠨ | ᠢᠳᠡᠴᠢᠭᠡ︾ ᠬᠡᠳᠡᠭ᠃ ᠡᠨᠡ ᠴᠢᠨᠢ ᠬᠡᠦᠬᠡᠳ ᠢᠶᠠᠨ ᠬᠤᠭ ᠤᠨ ᠤᠪᠤᠭ᠎ᠠ ᠵᠦᠭ ᠠᠯᠪᠠ ᠪᠠᠷ ᠲᠦᠯᠬᠢᠵᠦ ᠪᠠᠶᠢᠭ᠎ᠠ | ᠬᠡᠷᠡᠭ ᠪᠢᠰᠢ ᠤᠤ︖ ᠢᠩᠭᠢᠵᠦ ᠲᠦᠯᠭᠢᠭᠰᠡᠨ ᠠᠴᠠ ᠪᠤᠯᠵᠦ ᠠᠳᠡᠯ ᠬᠡᠨᠡᠳᠡᠯ ᠭᠠᠷᠤᠭᠰᠠᠨ ᠵᠢᠱᠢᠶ᠎ᠡ ᠪᠠᠭ᠎ᠠ ᠪᠤᠰᠤ | ᠰᠢᠦ︕ ᠬᠡᠦᠬᠡᠳ ᠲᠤ ᠬᠤᠭᠤᠯᠠ ᠬᠢᠬᠦ ᠴᠠᠭ ᠲᠤ ᠪᠠᠨ ᠬᠤᠭᠤᠯᠠ ᠶᠢ ᠨᠢ ᠬᠢᠵᠦ ᠲᠤᠷ᠎ᠠ ᠲᠠᠢ ᠵᠦᠢᠯ ᠢ ᠨᠢ | ᠴᠠᠳᠳᠠᠯ᠎ᠠ ᠢᠳᠡᠬᠦᠯᠵᠦ ᠬᠡᠵᠢᠶᠡᠳᠡ ᠬᠡᠳᠡᠰᠤ ᠴᠠᠳᠬᠤᠯᠠᠩ᠂ ᠰᠡᠳᠬᠢᠯ ᠦᠶᠦᠭ ᠶᠠᠪᠤᠭᠤᠯᠬᠤ ᠪᠣᠯ ᠬᠡᠦᠬᠡᠳ ᠤᠨ | ᠦᠰᠦᠨ ᠪᠤᠶᠢᠵᠢᠯᠳᠠ ᠳᠤ ᠬᠤᠯᠪᠤᠭᠳᠠᠬᠤ ᠶᠡᠭᠡ ᠶᠠᠪᠤᠳᠠᠯ ᠮᠦᠷᠳᠡᠬᠡᠨ ᠬᠡᠷ ᠪᠦᠯᠢ ᠶᠢᠨ ᠬᠢᠨ ᠤ ᠬᠠᠷᠢᠭᠤᠴᠠᠯᠭ᠎ᠠ | ᠪᠤᠯᠬᠤ ᠶᠤᠮ᠃ ᠡᠬᠦᠨ ᠤ ᠡᠰᠡᠷᠬᠦ ᠪᠠᠷ ᠵᠠᠷᠢᠮ ᠭᠡᠷ ᠤᠨ ᠠᠬᠠᠮᠠᠥᠨ ᠬᠤᠭᠤᠯᠠᠨ ᠤ ᠴᠠᠭ ᠪᠤᠯᠤᠮᠠᠭᠴᠠ ᠬᠡᠥᠬᠡᠥᠨ ᠤᠨ | ᠢᠶᠠᠨ ᠬᠤᠶᠢᠨ᠎ᠠ ᠠᠴᠠ ᠠᠶᠠᠭ᠎ᠠ ᠬᠠᠯᠪᠠᠭ᠎ᠠ ᠪᠠᠷᠢᠭᠠᠥᠨ ᠬᠤᠭᠤᠯᠠ ᠢᠳᠡᠭᠦᠯᠦᠨ᠎ᠡ ᠬᠡᠮᠡᠨ ᠲᠠᠭᠤᠵᠤ ᠪᠠᠶᠢᠳᠠᠭ᠂ ᠶᠡᠷᠦ | ᠶᠢᠨ ᠴᠠᠭ ᠲᠤ ᠰᠤᠯᠠ ᠢᠳᠡᠭᠡᠨ ᠢ ᠨᠢ ᠬᠢᠵᠠᠭᠠᠷᠯᠠᠭᠰᠠᠨ ᠦᠭᠡᠢ ᠪᠠᠶᠢᠵᠤ ᠬᠤᠭᠤᠯᠠᠨ ᠤ ᠴᠠᠭ ᠪᠤᠯᠬᠤ ᠳᠤ | ᠦᠯᠦᠰᠦᠭᠰᠡᠨ ᠦᠭᠡᠢ ᠬᠡᠥᠬᠡᠥᠨ ᠲᠤ ᠠᠯᠪᠠ ᠪᠠᠷ ᠢᠳᠡᠭᠦᠯᠦᠨ᠎ᠡ ᠬᠡᠮᠡᠨ ᠲᠠᠮᠤᠯᠠᠵᠤ ᠪᠠᠶᠢᠭᠰᠠᠭᠠᠷ ᠠᠮᠠᠷᠬᠠᠨ ᠬᠤᠭᠤᠯᠠ | ᠭᠤᠯᠤᠬᠤ ᠭᠡᠮ ᠲᠠᠢ ᠪᠤᠯᠭᠠᠵᠤ ᠪᠠᠶᠢᠨ᠎ᠠ᠃ | ᠲᠡᠶᠢᠮᠦ ᠠᠴᠠ ᠬᠡᠥᠬᠡᠥᠨ ᠲᠤ ᠪᠠᠨ ᠴᠠᠭ ᠤᠨ ᠬᠤᠭᠤᠯᠠ ᠶᠢ ᠴᠠᠭ ᠲᠤ ᠨᠢ ᠢᠳᠡᠭᠦᠯᠵᠦ | ᠰᠤᠷᠭᠠᠶ᠎ᠠ᠂ ᠴᠠᠭ ᠤᠨ ᠬᠤᠭᠤᠯᠠᠨ ᠠᠴᠠ ᠭᠠᠳᠠᠭᠤᠷ ᠰᠤᠯᠠ ᠢᠳᠡᠭᠡᠨ ᠪᠢᠳᠡᠭᠡᠢ ᠢᠳᠡᠭᠦᠯᠵᠦ ᠮᠠᠭᠤ ᠰᠤᠷᠭᠠᠶ᠎ᠠ᠂ | ᠠᠶᠢᠯ ᠤᠨ ᠬᠡᠥᠬᠡᠥᠨ ᠲᠤ ᠲᠡᠯ ᠰᠤᠯᠠ ᠢᠳᠡᠬᠦ ᠢᠳᠡᠭᠡᠨ ᠤᠮᠳᠠᠭᠠᠨ ᠤ ᠪᠡᠯᠡᠭ ᠪᠢᠳᠡᠭᠡᠢ ᠦᠭᠬᠦᠶ᠎ᠡ᠂ ᠵᠢᠯ ᠴᠠᠭᠠᠨ | ᠰᠠᠷ᠎ᠠ ᠬᠡᠥᠬᠡᠥᠨ ᠲᠤ ᠨᠤᠮ ᠤᠨ ᠪᠡᠯᠡᠭ ᠭᠠᠷᠳᠠᠭᠤᠯᠬᠤ ᠪᠤᠯᠪᠠᠰᠤᠨ ᠰᠤᠷᠳᠠᠯ ᠢ ᠲᠡᠯᠭᠡᠷᠡᠭᠦᠯᠦᠶᠠ︕ ᠪᠢᠳᠡ ᠪᠦᠬᠦᠨ | ᠬᠤᠭ ᠤᠨ ᠢᠳᠡᠭᠡᠨ ᠠᠴᠠ ᠬᠤᠯᠠᠬᠠᠨ ᠪᠠᠶᠢᠶ᠎ᠠ᠂ ᠬᠤᠭᠤᠯᠠᠨ ᠭᠡᠷ ᠲᠤ ᠲᠤᠳᠠᠭᠤ ᠤᠷᠤᠶ᠎ᠠ᠂ ᠭᠡᠷ ᠤᠨ ᠬᠤᠭᠤᠯᠠ | ᠭᠠᠷ ᠤᠨ ᠬᠤᠭᠤᠯᠠ ᠰᠢᠮ᠎ᠡ ᠱᠦᠯᠦ ᠲᠠᠢ ᠮᠤᠩᠭᠤᠯ ᠬᠤᠭᠤᠯᠠ ᠪᠠᠨ ᠡᠷᠬᠢᠮᠯᠡᠵᠦ ᠶᠠᠪᠤᠶ᠎ᠠ︕ | | | ᠬᠤᠶᠠᠷ᠂ ᠰᠤᠯᠠ ᠵᠤᠭᠤᠰ | | | ᠬᠡᠥᠬᠡᠥᠨ ᠲᠤ ᠰᠤᠯᠠ ᠵᠤᠭᠤᠰ ᠬᠡᠳᠦᠷᠬᠡᠢ ᠵᠠᠷᠤᠭᠤᠯᠬᠤ ᠪᠤᠯ ᠬᠡᠥᠬᠡᠥᠨ ᠤᠨ ᠵᠠᠩ ᠰᠤᠷᠳᠠᠯ | ᠤᠨ ᠬᠡᠪᠰᠢᠯ᠂ ᠡᠷᠡᠭᠦᠯ ᠮᠡᠨᠳᠦ᠂ ᠠᠵᠢᠯ ᠰᠤᠷᠤᠯᠭ᠎ᠠ ᠳᠤ ᠴᠦᠮ ᠨᠠᠵᠠᠭᠠᠢ ᠨᠦᠯᠦᠬᠡ ᠦᠵᠡᠭᠦᠯᠵᠦ ᠪᠠᠶᠢᠭ᠎ᠠ ᠶᠢ ᠭᠡᠷ | ᠤᠨ ᠠᠬᠠᠮᠠᠥᠨ ᠠᠩᠬᠠᠷᠤᠯ ᠳᠤ ᠪᠠᠨ ᠠᠪᠤᠯᠳᠠᠢ ᠪᠠᠶᠢᠨ᠎ᠠ᠃ ᠦᠩᠭᠡᠷᠡᠭᠰᠡᠨ ᠳᠤ ᠰᠠᠳᠤᠨ ᠲᠦᠷᠦᠯ ᠳᠤ ᠪᠠᠨ | ᠠᠶᠢᠯᠴᠢᠯᠠᠬᠤ ᠪᠤᠶᠤ ᠠᠶᠢᠯ ᠭᠡᠷ ᠲᠤ ᠨᠢ ᠬᠡᠥᠬᠡᠥᠨ ᠤᠷᠤᠵᠤ ᠢᠷᠡᠪᠡᠯ ᠪᠤᠤᠪᠤ ᠰᠢᠬᠢᠷ ᠦᠭᠳᠡᠭ ᠰᠠᠶᠢᠬᠠᠨ ᠵᠠᠩᠰᠢᠯ | ᠲᠠᠢ ᠪᠠᠶᠢᠭᠰᠠᠨ᠃ ᠤᠳᠤ ᠪᠦᠷ ᠮᠦᠩᠬᠦ ᠦᠭᠬᠦ ᠪᠤᠯᠵᠠᠢ᠂ ᠴᠠᠭᠠᠨ ᠰᠠᠷ᠎ᠠ ᠪᠠᠰᠠ ᠲᠠᠷᠢᠶᠠᠴᠢᠨ ᠤ ᠰᠤᠶᠤᠯ ᠠᠴᠠ | ᠢᠷᠡᠯ ᠲᠠᠢ ︽ᠨᠠᠰᠤ ᠲᠠᠷᠤᠬᠤ︾ ᠮᠦᠩᠬᠦ ᠭᠡᠭᠴᠢ ᠶᠢ ᠦᠭᠳᠡᠭ ᠪᠤᠯᠵᠤ ᠪᠠᠶᠢᠨ᠎ᠠ᠃ ᠡᠳᠡᠭᠡᠷ ᠨᠢ ᠬᠡᠥᠬᠡᠥᠨ ᠢ | ᠵᠤᠭᠤᠰ ᠮᠦᠩᠬᠦᠨ ᠤ ᠲᠤᠬᠠᠢ ᠡᠷᠡᠭᠦᠯ ᠪᠤᠰᠤ ᠤᠶᠢᠯᠠᠭᠠᠯᠳᠠ ᠲᠠᠢ ᠪᠤᠯᠭᠠᠨ᠎ᠠ᠃ ᠬᠡᠥᠬᠡᠥᠨ ᠬᠡᠳᠦ ᠡᠷᠳᠡ ᠵᠤᠭᠤᠰ | ᠮᠦᠩᠬᠦᠨ ᠳᠤ ᠬᠡᠳᠦᠷᠬᠡᠢ ᠮᠠᠳᠡᠷᠡᠮᠡᠳᠡᠬᠡᠢ ᠪᠤᠯᠵᠤ᠂ ᠲᠠᠪᠤ ᠵᠢᠷᠭᠤᠭᠠᠨ ᠨᠠᠰᠤᠳᠠᠢ ᠴᠡᠴᠡᠷᠯᠢᠭ ᠤᠨ ᠬᠡᠥᠬᠡᠥᠨ ᠬᠦᠷᠳᠡᠯ᠎ᠡ | ᠬᠤᠭᠤᠷᠤᠨᠳᠤ ᠪᠠᠨ ᠵᠤᠭᠤᠰ ᠮᠦᠩᠬᠦᠨ ᠤ ᠪᠡᠯᠡᠭ ᠦᠭᠴᠦ ᠪᠠᠶᠢᠨ᠎ᠠ ᠬᠡᠮᠡᠨ ᠨᠠᠭᠠᠳᠬᠤ ᠪᠤᠯᠵᠠᠢ᠃ ᠵᠠᠷᠢᠮ ᠡᠷᠬᠡ | ᠲᠤᠰᠢᠶᠠᠯᠳᠠᠨ ᠤ ᠬᠡᠥᠬᠡᠥᠨ ᠵᠤᠭᠤᠰ ᠮᠦᠩᠬᠦᠨ ᠤ ᠪᠡᠯᠡᠭ ᠲᠤᠰᠤᠭᠰᠠᠭᠠᠷ ᠪᠠᠶᠢᠵᠤ᠂ ᠵᠤᠭᠤᠰ ᠮᠦᠩᠬᠦ ᠬᠡᠳᠡᠭ ᠢ | ᠵᠦᠳᠡᠷᠡᠬᠦ ᠦᠭᠡᠢ ᠪᠠᠷ ᠵᠦᠭᠡᠷ ᠤᠯᠵᠤ ᠪᠤᠯᠬᠤ ᠮᠡᠳᠦ ᠨᠠᠵᠠᠭᠠᠢ ᠤᠶᠢᠯᠠᠭᠠᠯᠳᠠ ᠲᠠᠢ ᠪᠤᠯᠵᠤ᠂ ᠮᠦᠩᠬᠦ ᠵᠤᠭᠤᠰ ᠢ | ᠤᠰᠤ ᠴᠠᠰᠤ ᠰᠢᠭ᠋ ᠵᠠᠷᠤᠳᠠᠭ ᠲᠠᠩᠬᠠᠢ ᠰᠤᠷᠳᠠᠯ ᠲᠠᠢ ᠪᠤᠯᠵᠤ ᠪᠠᠶᠢᠨ᠎ᠠ᠃ ᠵᠠᠩ ᠰᠤᠷᠳᠠᠯ ᠤᠨ ᠬᠤᠪᠢ ᠳᠤ ᠰᠤᠯᠠ | ᠮᠦᠩᠬᠦ ᠬᠡᠳᠦ ᠲᠤᠷ᠎ᠠ ᠲᠠᠪᠠ ᠪᠠᠷ ᠨᠢ ᠵᠠᠷᠤᠭᠤᠯᠬᠤ ᠨᠢ ᠭᠠᠷ ᠰᠤᠯᠠ ᠬᠦᠮᠦᠨ ᠪᠤᠯᠭᠠᠵᠦ᠂ ᠬᠠᠷᠮᠠᠨ ᠳᠤ ᠨᠢ ᠮᠦᠩᠬᠦ | ᠤᠷᠤᠮᠠᠭᠴᠠ ᠬᠦᠪᠢᠭᠡᠥᠨ ᠬᠠᠶᠠᠴᠢᠬᠠᠳᠠᠭ ᠰᠤᠯᠠ ᠵᠠᠳᠠᠭᠠᠢ ᠵᠠᠩᠰᠢᠯ ᠬᠡᠪᠰᠢᠵᠦ᠂ ᠬᠤᠵᠢᠮ ᠨᠢᠭᠡ ᠨᠠᠰᠤᠨ ᠳᠤ ᠪᠠᠨ | ᠮᠦᠩᠬᠦ ᠵᠤᠭᠤᠰ ᠢᠶᠠᠷ ᠭᠠᠴᠢᠭᠳᠠᠬᠤ ᠮᠠᠭᠤ ᠲᠠᠪᠢᠯᠠᠩ ᠲᠠᠢ ᠪᠤᠯᠵᠤ ᠮᠡᠳᠡᠨ᠎ᠡ᠃ ᠪᠠᠭ᠎ᠠ ᠠᠴᠠ ᠪᠠᠨ ᠮᠦᠩᠬᠦ ᠶᠢ | ᠴᠡᠪᠡᠷ ᠵᠠᠷᠤᠵᠤ ᠰᠤᠷᠤᠭᠰᠠᠨ ᠬᠡᠥᠬᠡᠥᠨ ᠨᠢᠭᠡ ᠨᠠᠰᠤᠨ ᠳᠤ ᠪᠠᠨ ᠮᠦᠩᠬᠦ ᠲᠤᠳᠠᠬᠤ ᠦᠭᠡᠢ ᠪᠤᠯᠤᠨ᠎ᠠ᠂ ᠡᠨᠡ ᠪᠤᠯ | ᠪᠦᠷ ᠰᠡᠥᠡᠬᠢᠴᠡ ᠠᠴᠠ ᠪᠤᠯᠵᠤ ᠪᠠᠶᠢᠭ᠎ᠠ ᠠᠰᠠᠭᠤᠳᠠᠯ᠃ ᠮᠦᠩᠬᠦ ᠵᠠᠷᠤᠬᠤ ᠳᠤ ᠰᠢᠨᠤᠯ ᠲᠠᠢ ᠪᠤᠯᠤᠭᠰᠠᠨ ᠬᠡᠥᠬᠡᠥᠨ | ᠤᠨ ᠪᠤᠳᠤᠯ ᠳᠤ ᠡᠳᠦᠷᠵᠢᠨ ᠶᠠᠭᠠᠬᠢᠵᠤ ᠮᠦᠩᠬᠦ ᠤᠯᠵᠤ ᠵᠠᠷᠤᠬᠤ ᠲᠤᠬᠠᠢ ᠰᠡᠥᠡᠬᠢᠴᠡ ᠤᠷᠤᠬᠤ ᠠᠴᠠ ᠪᠢᠰᠢ ᠶᠠᠭᠤ | ᠬᠢᠵᠦ ᠶᠠᠭᠤ ᠪᠦᠳᠦᠬᠡᠬᠦ ᠲᠤᠬᠠᠢ ᠰᠡᠥᠡᠬᠢᠴᠡ ᠨᠢ ᠲᠦᠵᠢᠷᠡᠭᠰᠡᠨ ᠪᠠᠶᠢᠳᠠᠭ᠃ ᠲᠡᠶᠢᠮᠦ ᠠᠴᠠ ᠬᠡᠥᠬᠡᠥᠨ ᠲᠤ ᠪᠠᠨ | ᠮᠦᠩᠬᠦ ᠲᠤᠷ᠎ᠠ ᠪᠠᠷ ᠵᠠᠷᠤᠭᠤᠯᠵᠤ ᠮᠦᠩᠬᠦᠨ ᠳᠤ ᠰᠤᠯᠠ ᠵᠠᠳᠠᠭᠠᠢ ᠵᠠᠩᠰᠢᠯ ᠲᠠᠢ ᠪᠤᠯᠭᠠᠪᠠᠯ ᠬᠡᠥᠬᠡᠥᠨ ᠲᠤ ᠪᠠᠨ | ᠨᠢᠭᠦᠯ ᠬᠢᠵᠦ ᠪᠠᠶᠢᠨ᠎ᠠ᠂ ᠡᠬᠦᠨ ᠤ ᠡᠰᠡᠷᠬᠦ ᠪᠠᠷ ᠪᠤᠯ ᠪᠤᠶᠠᠨ ᠬᠢᠵᠦ ᠪᠠᠶᠢᠨ᠎ᠠ ᠭᠡᠵᠦ ᠪᠤᠳᠤᠭᠠᠷᠠᠢ᠃ ᠰᠤᠯᠠ ᠮᠦᠩᠬᠦ | ᠶᠡᠭᠡ ᠵᠠᠷᠤᠳᠠᠭ ᠬᠡᠥᠬᠡᠥᠨ ᠤᠨ ᠤᠴᠢᠷ ᠶᠠᠪᠤᠳᠠᠯ ᠠᠷᠪᠢᠳᠴᠦ᠂ ᠭᠠᠳᠠᠭᠤᠷ ᠲᠤᠳᠤᠭᠤᠷ ᠨᠠᠭᠠᠳᠤᠮ ᠲᠤᠭᠯᠠᠭᠠᠮ ᠤᠨ | ᠭᠠᠵᠠᠷ ᠡᠷᠬᠢᠴᠡᠬᠦ ᠨᠢ ᠤᠯᠠᠨ ᠪᠤᠯᠵᠤ ᠬᠢᠴᠢᠶᠡᠯ ᠰᠤᠷᠤᠯᠭ᠎ᠠ ᠠᠴᠠ ᠰᠠᠨᠠᠭ᠎ᠠ ᠰᠡᠥᠡᠬᠢᠯ ᠨᠢ ᠬᠤᠯᠠᠳᠠᠵᠤ᠂ ᠠᠰᠠᠭᠤᠳᠠᠯ | ᠲᠠᠢ ᠬᠡᠥᠬᠡᠥᠨ ᠪᠤᠯᠬᠤ ᠳᠤ ᠤᠶᠢᠷᠠᠬᠠᠨ᠃ ᠬᠡᠥᠬᠡᠥᠨ ᠤᠨ ᠬᠠᠷᠮᠠᠨ ᠳᠤ ᠰᠤᠯᠠ ᠮᠦᠩᠬᠦ ᠶᠡᠭᠡ ᠪᠠᠶᠢᠨ᠎ᠠ ᠭᠡᠳᠡᠭ ᠴᠢᠨᠢ | ᠬᠡᠥᠬᠡᠥᠨ ᠤᠨ ᠰᠡᠥᠡᠬᠢᠯ ᠳᠤ ︽ᠴᠢᠥᠡᠭᠦᠷ︾ ᠪᠠᠶᠢᠨ᠎ᠠ ᠭᠡᠰᠡᠨ ᠦᠭᠡ᠃ ᠬᠢᠴᠢᠶᠡᠯ ᠲᠡᠭᠡᠷ᠎ᠡ ᠴᠦ ᠰᠡᠥᠡᠬᠢᠯ | ᠲᠦᠪᠯᠡᠷᠡᠬᠦ ᠦᠭᠡᠢ ᠪᠠᠶᠢᠵᠤ ᠬᠢᠴᠢᠶᠡᠯ ᠪᠠᠭᠤᠪᠠᠯ ᠶᠠᠭᠤ ᠠᠪᠴᠤ ᠢᠳᠡᠬᠦ ᠶᠠᠮᠠᠷ ᠭᠠᠵᠠᠷ ᠤᠴᠢᠵᠤ ᠶᠠᠭᠤ ᠨᠠᠭᠠᠥᠠᠬᠤ | ᠭᠡᠥᠨ ᠪᠦᠷ ᠬᠡᠳᠦᠨ ᠮᠦᠩᠬᠦ ᠰᠡᠥᠡᠬᠢᠯ ᠢ ᠨᠢ ᠡᠵᠡᠮᠳᠡᠵᠦ ᠪᠠᠶᠢᠳᠠᠭ᠃ ᠰᠤᠯᠠ ᠵᠤᠭᠤᠰ ᠶᠡᠭᠡ ᠵᠠᠷᠤᠳᠠᠭ ᠬᠡᠥᠬᠡᠥᠨ ᠤᠨ | ᠤᠯᠠᠩᠬᠢ ᠨᠢ ᠰᠤᠯᠠ ᠢᠳᠡᠭᠡᠨ ᠶᠡᠭᠡ ᠢᠳᠡᠨ᠎ᠡ᠃ ᠡᠴᠦᠰ ᠲᠤ ᠨᠢ ᠶᠠᠮᠠᠷ ᠴᠦ ᠬᠤᠭᠤᠯᠠᠨ ᠤ ᠲᠤᠷᠠᠰᠢᠯ ᠦᠭᠡᠢ | ᠪᠤᠯᠵᠤ᠂ ᠡᠳᠦᠷᠵᠢᠨ ᠬᠡᠳᠦᠨ ᠲᠠᠬᠢᠶᠠᠨ ᠭᠤᠶ᠎ᠠ ᠰᠢᠬᠢᠷᠯᠢᠭ ᠤᠮᠳᠠᠭᠠᠨ ᠪᠤᠶᠤ ᠪᠤᠷᠳᠤᠭᠰᠠᠨ ᠬᠡᠳᠡᠰᠤ ᠮᠡᠳᠦ ᠬᠤᠭ ᠤᠨ | ᠢᠳᠡᠭᠡᠨ ᠢᠶᠠᠷ ᠬᠤᠭᠤᠯᠠᠯᠠᠬᠤ ᠪᠤᠯᠵᠤ ᠪᠠᠶᠢᠨ᠎ᠠ᠃ ᠡᠶᠢᠮᠦᠷᠬᠦ ᠬᠡᠥᠬᠡᠥᠨ ᠨᠢᠭᠡᠨᠳᠡ ᠬᠤᠭᠤᠯᠠ ᠭᠤᠯᠤᠬᠤ ᠰᠡᠥᠡᠬᠢᠴᠡ | ᠶᠢᠨ ᠠᠰᠠᠭᠤᠳᠠᠯ ᠲᠠᠢ ᠬᠡᠥᠬᠡᠥᠨ ᠤᠨ ᠬᠠᠷᠢᠶᠠᠨ ᠳᠤ ᠤᠷᠤᠬᠤ ᠪᠤᠯᠵᠠᠢ᠃ ᠡᠳᠡᠭᠡᠷ ᠬᠡᠥᠬᠡᠥᠨ ᠤᠨ ᠪᠡᠶ᠎ᠡ ᠮᠠᠬᠠᠪᠤᠤᠨ | ᠤᠨ ᠡᠷᠡᠭᠦᠯ ᠮᠡᠨᠳᠦ ᠬᠦᠨᠳᠦ ᠰᠢᠯᠭᠠᠯᠳᠠ ᠳᠤ ᠤᠴᠠᠷᠠᠵᠤ ᠪᠠᠶᠢᠨ᠎ᠠ᠃ | ᠰᠤᠯᠠ ᠵᠤᠭᠤᠰ ᠪᠠᠭ᠎ᠠ ᠠᠴᠠ ᠪᠠᠨ ᠶᠡᠭᠡ ᠵᠠᠷᠤᠵᠤ ᠰᠤᠷᠤᠭᠰᠠᠨ ᠬᠡᠥᠬᠡᠥᠨ ᠵᠤᠭᠤᠰ ᠮᠦᠩᠬᠦᠨ | ᠳᠤ ᠬᠡᠳᠦ ᠰᠢᠨᠤᠯ ᠲᠠᠢ ᠪᠤᠯᠵᠤ᠂ ᠭᠡᠷ ᠤᠨ ᠠᠬᠠᠮᠠᠥᠨ ᠢᠶᠠᠨ ᠬᠦᠷᠳᠡᠯ᠎ᠡ ᠬᠢᠴᠢᠶᠡᠯ ᠨᠦᠬᠦᠬᠦ ᠭᠡᠳᠡᠯ᠎ᠡ ᠠᠩᠬᠢ ᠶᠢᠨ | ᠵᠠᠷᠤᠳᠠᠯ ᠬᠤᠷᠢᠶᠠᠵᠤ ᠪᠠᠶᠢᠨ᠎ᠠ ᠬᠡᠮᠡᠨ ᠬᠤᠳᠠᠯ ᠬᠡᠯᠡᠵᠦ ᠪᠠᠶᠢᠭᠠᠥᠨ ᠢᠯᠡᠬᠦᠦ ᠮᠦᠩᠬᠦ ᠠᠪᠬᠤ ᠡᠰᠡᠭᠦᠯ᠎ᠡ ᠨᠡᠶᠢᠭᠡᠮ | ᠲᠡᠭᠡᠷᠡᠬᠢ ᠡᠰᠡᠨ ᠪᠤᠰᠤᠨ ᠦᠭᠡᠢ ᠬᠦᠮᠦᠨ ᠠᠴᠠ ᠵᠤᠭᠤᠰ ᠮᠦᠩᠬᠦ ᠵᠢᠬᠡᠯᠡᠨ ᠡᠯᠳᠡᠪ ᠤᠨ ᠤᠴᠢᠷ ᠲᠤ | ᠤᠷᠢᠶᠠᠴᠠᠯᠳᠤᠬᠤ ᠪᠤᠯᠵᠤ ᠪᠠᠶᠢᠨ᠎ᠠ᠃ ᠲᠠ ᠨᠠᠷ ᠤᠳᠤ ᠴᠠᠰᠢ ᠪᠠᠨ ᠲᠦᠰᠦᠭᠡᠯᠡᠨ ᠪᠤᠳᠤᠵᠤ ᠤᠯᠤᠨ᠎ᠠ ᠪᠢᠵᠠ ᠳ᠋ᠡ︕ | ᠡᠶᠢᠮᠦᠷᠬᠦ ᠬᠡᠪ ᠰᠤᠷᠳᠠᠯ ᠲᠠᠢ ᠪᠤᠯᠤᠭᠰᠠᠨ ᠬᠡᠥᠬᠡᠥᠨ ᠬᠤᠳᠠᠯ ᠬᠡᠯᠡᠬᠦ᠂ ᠮᠡᠬᠡᠯᠡᠬᠦ᠂ ᠬᠤᠯᠠᠭᠠᠶᠢᠯᠠᠬᠤ᠂ ᠪᠤᠯᠢᠶᠠᠬᠤ ᠳᠤ | ᠤᠶᠢᠷᠠᠳᠤᠭᠰᠠᠨ ᠰᠢᠦ᠃ ᠮᠠᠨ ᠤ ᠲᠤᠮᠳᠠᠳᠤ ᠰᠤᠷᠭᠠᠭᠤᠯᠢ ᠶᠢᠨ ᠬᠡᠥᠬᠡᠥᠨ ᠤᠨ ᠲᠤᠮᠳᠠ ᠦᠨᠳᠦᠷ ᠬᠦᠥ ᠲᠠᠢ | ᠵᠢᠭᠡᠯᠡᠯᠭᠡ ᠲᠠᠯᠪᠢᠬᠤ᠂ ᠮᠦᠷᠦᠢ ᠲᠠᠢ ᠲᠤᠭᠯᠠᠭᠠᠮ ᠨᠠᠭᠠᠳᠬᠤ ᠶᠠᠪᠤᠳᠠᠯ ᠪᠠᠭ᠎ᠠ ᠪᠤᠰᠤ ᠭᠠᠷᠴᠦ ᠪᠠᠶᠢᠭ᠎ᠠ ᠨᠢ ᠠᠶᠤᠯ | ᠤᠨ ᠲᠤᠬᠢᠶ᠎ᠠ ᠪᠢᠰᠢ ᠤᠤ︕ ᠮᠠᠨ ᠤ ᠮᠠᠯᠴᠢᠨ ᠠᠷᠠᠥᠨ ᠬᠦᠷᠳᠡᠯ᠎ᠡ ᠬᠤᠨᠵᠢᠶ᠎ᠠ ᠲᠠᠢ ᠲᠤᠭᠯᠠᠭᠠᠮ ᠳᠤ ᠬᠠᠴᠢᠨ | ᠰᠤᠨᠢᠷᠬᠠᠯ ᠲᠠᠢ ᠪᠤᠯᠵᠤ᠂ ᠵᠤᠭᠤᠰ ᠲᠠᠢ ᠮᠠᠵᠢᠶᠠᠩ᠂ ᠱᠠᠩᠨᠠᠯᠳᠤ ᠰᠤᠭᠤᠯᠠᠭ᠎ᠠ ᠲᠠᠳᠠᠬᠤ ᠬᠦᠮᠦᠰ ᠤᠯᠠᠰᠢᠷᠠᠵᠤ᠂ | ᠵᠠᠷᠢᠮ ᠨᠢ ᠪᠦᠷ ᠮᠠᠯ ᠰᠦᠷᠦᠭ ᠢᠶᠠᠨ ᠪᠠᠷᠠᠵᠤ ᠬᠤᠳᠠ ᠪᠠᠨ ᠬᠤᠷᠢᠶᠠᠭᠰᠠᠨ ᠪᠠᠶᠢᠨ᠎ᠠ᠃ ᠡᠨᠡ ᠪᠤᠯ ᠨᠡᠶᠢᠭᠡᠮ ᠤᠨ ᠬᠡᠪ | ᠰᠤᠷᠳᠠᠯ ᠬᠦᠮᠦᠨ ᠤ ᠬᠠᠷᠢᠴᠠᠭ᠎ᠠ ᠶᠢ ᠪᠤᠬᠢᠷᠳᠤᠭᠤᠯᠬᠤ ᠬᠠᠷ᠎ᠠ ᠲᠠᠮᠠᠬᠢ ᠭᠡᠵᠦ ᠮᠡᠳᠡᠭᠡᠷᠡᠢ᠃ ᠲᠠ ︽ᠠᠵᠠ︾ | ᠲᠠᠭᠠᠷᠠᠵᠤ ᠲᠠᠪᠤᠨ ᠵᠠᠭᠤᠨ ᠲᠦᠮᠡ ᠶᠢᠨ ᠱᠠᠩᠨᠠᠯᠳᠤ ᠰᠤᠭᠤᠯᠠᠭ᠎ᠠ ᠪᠠᠷᠢᠭᠰᠠᠨ ᠭᠡᠵᠦ ᠲᠦᠰᠦᠭᠡᠯᠡᠶᠡ᠂ ᠶᠠᠭᠤ ᠪᠤᠯᠤᠨ᠎ᠠ | ᠪᠤᠢ︖ ᠡᠨᠡ ᠠᠶᠢᠯ ᠭᠡᠷ ᠲᠢᠭ ᠢᠶᠠᠨ ᠠᠯᠳᠠᠵᠤ ︽ᠰᠤᠯᠢᠶᠠᠷᠠᠵᠤ︾ ᠮᠡᠳᠡᠨ᠎ᠡ ᠰᠢᠦ᠂ ᠭᠤᠶᠤ ᠮᠠᠰᠢᠨ ᠰᠤᠩᠭᠤᠳᠠᠯᠠ | ᠰᠢᠨ᠎ᠡ ᠪᠠᠶᠢᠰᠢᠩ ᠭᠡᠥᠨ ᠡᠳᠦᠷ ᠪᠤᠯᠭᠠᠨ ᠪᠠᠶᠠᠷ ᠨᠠᠶᠢᠷ ᠦᠷᠭᠦᠯᠵᠢᠯᠡᠵᠦ᠂ ᠡᠴᠦᠰ ᠲᠤ ᠨᠢ ᠨᠢᠭᠡ ᠠᠶᠢᠯ ᠭᠡᠷ ᠤᠨ | ᠨᠠᠮ ᠵᠢᠮ ᠪᠤᠷᠤᠭᠵᠢᠭᠤᠨ ᠠᠮᠢᠳᠤᠷᠠᠯ ᠤᠨ ᠲᠢᠭ ᠠᠯᠳᠠᠷᠠᠵᠤ᠂ ᠬᠡᠥᠬᠡᠥᠨ ᠤᠨ ᠵᠠᠩ ᠡᠪᠳᠡᠷᠡᠨ ᠲᠠᠩᠬᠠᠢ ᠶᠠᠭᠤᠮ᠎ᠠ | ᠪᠤᠯᠴᠢᠬᠠᠭᠰᠠᠨ ᠪᠠᠶᠢᠵᠤ ᠮᠡᠳᠡᠨ᠎ᠡ᠃ ᠲᠡᠭᠡᠭᠦ ᠠᠴᠠ ᠬᠠᠭᠤᠴᠢ ᠦᠭᠡᠨ ᠳᠤ ︽ᠪᠤᠷᠤᠭᠤ ᠵᠠᠮ ᠢᠶᠠᠷ ᠢᠷᠡᠭᠰᠡᠨ ᠮᠦᠩᠬᠦ | ᠵᠦᠪ ᠵᠠᠮ ᠢᠶᠠᠷ ᠵᠠᠷᠤᠭᠳᠠᠬᠤ ᠦᠭᠡᠢ︾ ᠭᠡᠵᠦ ᠤᠴᠢᠷᠳᠠᠶᠢᠬᠠᠨ ᠰᠠᠨᠠᠭᠤᠯᠤᠭᠰᠠᠨ ᠪᠠᠶᠢᠳᠠᠭ᠃ ᠲᠡᠯᠡᠭᠡᠢ ᠲᠡᠭᠡᠷ᠎ᠡ | ᠬᠠᠮᠤᠭ ᠤᠨ ᠡᠭᠡᠯ ᠪᠤᠷᠤᠭᠵᠢᠭᠤᠨ ᠡᠷᠬᠢᠮᠰᠦᠭ ᠠᠮᠢᠳᠤᠷᠠᠯ ᠤᠨ ᠰᠤᠷᠳᠠᠯ ᠲᠠᠢ ᠪᠢᠳᠠ ᠲᠡᠭᠦᠨ ᠢᠶᠠᠨ ᠡᠷᠬᠢᠮᠯᠡᠵᠦ | ᠶᠠᠪᠤᠬᠤ ᠶᠢ ᠬᠢᠴᠢᠶᠡᠶ᠎ᠡ᠃ ᠡᠳ᠋ ᠬᠦᠷᠦᠩᠭᠡ ᠵᠤᠭᠤᠰ ᠮᠦᠩᠬᠦᠨ ᠤ ᠲᠤᠬᠠᠢ ᠤᠯᠠᠮᠵᠢᠯᠠᠯᠳᠤ ᠬᠦᠮᠦᠵᠢᠯ ᠭᠡᠭᠡᠭᠳᠡᠭᠰᠡᠨ | ᠠᠴᠠ ᠵᠠᠷᠢᠮ ᠪᠡᠯᠴᠢᠭᠡᠷ ᠡᠯᠪᠡᠭ ᠮᠠᠯ ᠰᠦᠷᠦᠭ ᠪᠠᠶᠠᠨ ᠠᠶᠢᠯ ᠤᠨ ᠬᠡᠥᠬᠡᠥᠨ ᠬᠤᠳᠠ ᠳᠤ ᠢᠷᠡᠵᠦ ᠰᠤᠷᠭᠠᠭᠤᠯᠢ ᠳᠤ | ᠰᠠᠭᠤᠭᠠᠥᠨ ᠡᠷᠳᠡᠮ ᠢ ᠨᠢ ᠰᠠᠶᠢᠨ ᠰᠤᠷᠤᠭᠰᠠᠨ ᠦᠭᠡᠢ ᠴᠦ ᠨᠠᠭᠠᠳᠴᠦ ᠴᠡᠩᠬᠡᠭᠦ ᠶᠢ ᠨᠢ ᠬᠠᠷᠢᠨ ᠮᠠᠭᠤ ᠦᠭᠡᠢ | ᠰᠤᠷᠴᠤ᠂ ᠲᠡᠷᠡ ᠤᠯᠠᠨ ᠮᠠᠯ ᠰᠦᠷᠦᠭ ᠴᠢᠨᠢ ᠪᠦᠷ ᠮᠢᠨᠤᠬᠢ ᠬᠡᠮᠡᠨ ᠲᠠᠩᠬᠠᠶᠢᠷᠠᠨ᠂ ᠨᠡᠶᠢᠭᠡᠮ ᠲᠡᠭᠡᠷᠡᠬᠢ ᠬᠢᠳᠡᠯ | ᠦᠭᠡᠢ ᠲᠠᠩᠬᠠᠢ ᠵᠠᠯᠠᠭᠤᠰ ᠲᠠᠢ ᠨᠡᠶᠢᠯᠡᠭᠰᠡᠭᠡᠷ ᠪᠠᠶᠢᠵᠤ ᠨᠢᠭᠡ ᠮᠡᠳᠡᠬᠦ ᠳᠤ ᠠᠶᠢᠯ ᠭᠡᠷ ᠤᠨ ᠢᠶᠠᠨ ᠮᠠᠯ ᠬᠦᠷᠦᠩᠬᠡ ᠶᠢ | ᠬᠤᠭᠤᠰᠤᠯᠠᠭᠰᠠᠨ ᠬᠠᠷᠠᠮᠰᠠᠯᠳᠤ ᠤᠴᠢᠷ ᠴᠦᠭᠡᠨ ᠪᠤᠰᠤ ᠭᠠᠷᠤᠭᠰᠠᠨ ᠰᠢᠦ᠃ ᠢᠪᠡᠷᠢ ᠬᠦᠮᠦᠨ ᠬᠡᠥᠬᠡᠥᠨ ᠲᠤ ᠪᠠᠨ | ᠮᠦᠩᠬᠦ ᠵᠤᠭᠤᠰ ᠤᠨ ᠲᠤᠬᠠᠢ ᠬᠦᠮᠦᠵᠢᠯ ᠢ ᠪᠠᠭ᠎ᠠ ᠠᠴᠠ ᠨᠢ ᠬᠢᠳᠡᠭ ᠭᠡᠨ᠎ᠡ᠂ ᠵᠤᠭᠤᠰ ᠨᠢ ᠶᠠᠮᠠᠷᠪᠠ ᠲᠤᠷᠠᠳᠠᠢ ᠵᠦᠢᠯ | ᠢᠶᠠᠨ ᠪᠦᠬᠦᠨ ᠢ ᠠᠪᠴᠤ ᠲᠡᠶᠢᠯᠬᠦ ᠰᠢᠳᠢ ᠶᠢᠨ ᠡᠳ᠋᠂ ᠲᠡᠭᠡᠬᠦ ᠳᠤ ᠪᠠᠨ ᠲᠡᠭᠦᠨ ᠢ ᠵᠠᠪᠠᠯ ᠬᠦᠳᠡᠯᠮᠦᠷᠢ ᠤᠬᠠᠭᠠᠨ | ᠢᠶᠠᠨ ᠭᠠᠷᠭᠠᠵᠤ ᠪᠠᠶᠢᠮᠠᠨ ᠤᠯᠵᠤ ᠪᠤᠯᠤᠨ᠎ᠠ ᠭᠡᠵᠦ ᠵᠤᠭᠤᠰ ᠮᠦᠩᠬᠦ ᠶᠢ ᠭᠡᠷᠬᠢᠨ ᠤᠯᠬᠤ ᠲᠤᠬᠠᠢ ᠵᠦᠪ ᠬᠦᠮᠦᠵᠢᠯ | ᠬᠦᠷᠳᠡᠭᠡᠳᠡᠭ ᠭᠡᠨ᠎ᠡ᠃ ᠡᠨᠡ ᠨᠢ ᠮᠠᠨ ᠤ ᠮᠠᠯᠴᠢᠨ ᠠᠷᠠᠥᠨ ᠤᠨ ᠬᠡᠥᠬᠡᠥᠨ ᠤᠨ ᠢᠶᠠᠨ ᠤᠢ ᠶᠢᠨ ᠪᠠᠶᠠᠷ ᠲᠡᠭᠡᠷ᠎ᠡ | ᠦᠬᠢᠨ ᠬᠤᠷᠠᠭ᠎ᠠ ᠢᠰᠢᠭᠡ ᠦᠭᠴᠦ ᠬᠡᠥᠬᠡᠥᠨ ᠪᠠᠭ᠎ᠠ ᠠᠴᠠ ᠪᠠᠨ ᠦᠪᠡᠷ ᠤᠨ ᠭᠡᠰᠡᠨ ᠦᠮᠴᠢ ᠮᠠᠯ ᠦᠰᠭᠡᠬᠦ | ᠤᠬᠠᠭᠠᠨ ᠢ ᠰᠤᠷᠭᠠᠵᠤ ᠪᠠᠶᠢᠭᠰᠠᠨ ᠲᠠᠢ ᠠᠳᠠᠯᠢᠬᠠᠨ ᠬᠦᠮᠦᠵᠢᠯ ᠤᠨ ᠤᠬᠠᠭᠠᠨ ᠪᠠᠶᠢᠭᠰᠠᠨ᠂ ᠭᠡᠪᠡᠴᠦ ᠮᠠᠨᠤᠰ ᠦᠪ | ᠤᠯᠠᠮᠵᠢᠯᠠᠯ ᠢᠶᠠᠨ ᠲᠤᠩ ᠬᠢᠯᠪᠠᠷᠬᠠᠨ ᠭᠡᠭᠡᠵᠦ ᠪᠠᠶᠢᠬᠤ ᠨᠢ ᠲᠤᠩ ᠶᠡᠭᠡ ᠰᠤᠶᠤᠯ ᠤᠨ ᠬᠤᠬᠢᠷᠠᠯ ᠭᠡᠳᠡᠭ ᠢᠶᠠᠨ ᠮᠡᠳᠡᠬᠦ | ᠶᠤᠰᠤᠳᠠᠢ ᠰᠢᠦ᠃ | ᠠᠮᠧᠷᠢᠺᠠ ᠶᠢᠨ ᠶᠡᠷᠦᠩᠬᠡᠶᠢᠯᠡᠭᠴᠢ ᠤᠪᠠᠮᠠ ᠬᠤᠶᠠᠷ ᠦᠬᠢᠨ ᠳᠤ ᠪᠠᠨ ︽ᠤᠷᠤᠰᠢᠨ | ᠲᠤᠭᠳᠠᠨᠢᠬᠤ︾ ᠰᠦᠢᠥᠡᠬᠡᠯ ᠯᠡ ᠬᠠᠩᠭᠠᠳᠠᠭ ᠭᠡᠨ᠎ᠡ᠃ ᠰᠤᠷᠪᠤᠯᠵᠢᠯᠠᠭᠴᠢ ᠠᠰᠠᠭᠤᠭᠰᠠᠨ ᠳᠤ᠄ ︽ᠡᠨᠡ ᠪᠤᠯ ᠮᠢᠨᠤ | ᠬᠢᠨᠠᠨ ᠬᠠᠮᠢᠶᠠᠷᠤᠭᠴᠢ ᠶᠢᠨ ᠡᠭᠦᠷᠭᠡ ᠬᠠᠷᠢᠭᠤᠴᠠᠯᠭ᠎ᠠ ᠶᠢᠨ ᠬᠡᠪᠴᠢᠶᠡᠨ ᠳᠤ ᠯᠡ ᠬᠡᠥᠬᠡᠥᠨ ᠤᠨ ᠡᠷᠭᠡ ᠠᠰᠢᠭ ᠢ | ᠡᠳ᠋ᠯᠠᠭᠦᠯᠵᠦ ᠪᠠᠶᠢᠨ᠎ᠠ᠂ ᠬᠡᠥᠬᠡᠥᠨ ᠬᠤᠵᠢᠮ ᠶᠠᠮᠠᠷᠬᠠᠨ ᠠᠮᠢᠳᠤᠷᠠᠨ᠎ᠠ ᠬᠡᠳᠡᠭ ᠨᠢ ᠲᠡᠳᠡᠨ ᠤ ᠦᠪᠡᠷᠰᠡᠥᠨ ᠤᠨ | ᠴᠢᠷᠮᠠᠶᠢᠯᠭ᠎ᠠ ᠠᠴᠠ ᠯᠡ ᠲᠤᠭᠳᠠᠭᠠᠭᠳᠠᠨ᠎ᠠ᠃ ᠠᠮᠧᠷᠢᠺᠠ ᠶᠢᠨ ᠢᠷᠭᠡᠨ ᠴᠦ ᠠᠳᠠᠯᠢᠬᠠᠨ᠂ ᠬᠦᠴᠢᠷᠳᠡᠯ ᠲᠠᠢ ᠦᠶ᠎ᠡ | ᠳᠤ ᠵᠠᠰᠠᠭ ᠤᠨ ᠭᠠᠵᠠᠷ ᠬᠠᠮᠤᠭ ᠤᠨ ᠲᠤᠤᠷᠠᠳᠤ ᠪᠠᠳᠤᠯᠠᠭ᠎ᠠ ᠯᠡ ᠬᠠᠩᠭᠠᠵᠤ ᠦᠭᠬᠦᠨ᠎ᠠ᠂ ᠪᠠᠶᠠᠨ ᠴᠢᠨᠡᠭᠡᠯᠢᠭ | ᠠᠮᠢᠳᠤᠷᠠᠶ᠎ᠠ ᠬᠡᠪᠡᠯ ᠦᠪᠡᠷᠰᠡᠥᠨ ᠢᠶᠠᠨ ᠯᠡ ᠴᠢᠷᠮᠠᠶᠢᠨ᠎ᠠ ᠳ᠋ᠠ᠂ ᠡᠨᠡ ᠬᠤᠶᠠᠷ ᠢᠵᠢᠯᠭᠡᠨ ᠠᠰᠠᠭᠤᠳᠠᠯ︾ ᠭᠡᠵᠦ | ᠬᠠᠷᠢᠭᠤᠯᠤᠭᠰᠠᠨ ᠬᠡᠳᠡᠭ᠃ ᠭᠡᠷ ᠤᠨ ᠠᠬᠠᠮᠠᠥᠨ ᠮᠠᠨ ᠳᠤ ᠠᠪᠴᠤ ᠬᠡᠯᠡᠪᠡᠯ ᠤᠯᠤᠰ ᠤᠨ ᠡᠯ᠎ᠡ ᠲᠦᠷᠦᠯ ᠤᠨ | ᠨᠦᠬᠦᠪᠦᠷᠢ ᠭᠡᠳᠡᠭ ᠴᠢᠨᠢ ᠰᠤᠯᠠ ᠵᠤᠭᠤᠰ ᠰᠢᠦ ᠳ᠋ᠠ᠂ ᠵᠠᠷᠢᠮᠠᠥᠨ ᠨᠢ ᠠᠪᠤᠮᠠᠭᠴᠠ ᠠᠷᠢᠬᠢ ᠤᠤᠭᠤᠵᠤ ᠯᠡ ᠪᠠᠶᠢᠬᠤ | ᠪᠢᠰᠢ ᠤᠤ︕ ᠶᠠᠭᠠᠬᠢᠬᠤ ᠪᠤᠢ᠂ ᠬᠦᠴᠢᠷᠳᠡᠯ ᠲᠤᠯᠭᠠᠷᠠᠬᠤ ᠦᠶ᠎ᠡ ᠳᠤ ᠬᠠᠥᠯᠢ ᠶᠤᠰᠤᠨ ᠤ ᠡᠷᠬᠡ ᠠᠰᠢᠭ ᠢᠶᠠᠨ | ᠡᠳ᠋ᠯᠠᠵᠦ᠂ ᠨᠡᠶᠢᠭᠡᠮ ᠤᠨ ᠲᠤᠰᠠᠯᠠᠮᠵᠢ ᠬᠠᠯᠠᠮᠵᠢ ᠶᠢ ᠠᠪᠬᠤ ᠦᠭᠡᠢ ᠶᠠᠭᠠᠬᠢᠨ᠎ᠠ ᠪᠤᠢ᠂ ᠭᠡᠳᠡᠯ᠎ᠡ ᠮᠢᠨᠤ ᠶᠠᠷᠢᠬᠤ ᠭᠡᠵᠦ | ᠪᠠᠶᠢᠭ᠎ᠠ ᠪᠤᠯ ᠤᠯᠠᠩᠬᠢ ᠬᠦᠮᠦᠰ ︽ᠤᠯᠤᠰ︾ ᠤᠨ ᠨᠦᠬᠦᠪᠦᠷᠢ ᠶᠢ ᠠᠪᠴᠢᠬᠠᠭᠠᠥᠨ ᠪᠠᠶᠠᠷᠯᠠᠵᠤ ᠲᠠᠯᠠᠷᠬᠠᠬᠤ ᠦᠭᠡᠢ | ᠮᠦᠷᠳᠡᠭᠡᠨ ᠠᠬᠢᠭᠠᠥᠨ ᠢᠯᠡᠬᠦᠭᠡᠨ ᠦᠭᠬᠦ ᠦᠭᠡᠢ ᠶᠠᠭᠠᠬᠢᠭᠰᠠᠨ ᠪᠤᠢ︕ ᠬᠡᠬᠦ ᠦᠯᠦᠨ ᠨᠢᠳᠦᠯᠡᠵᠦ ᠦᠷᠢ ᠨᠡᠬᠡᠭᠰᠡᠨ | ᠴᠢᠷᠠᠢ ᠭᠠᠷᠭᠠᠬᠤ ᠪᠤᠯ ᠠᠶᠤᠯᠳᠠᠢ ᠰᠡᠥᠡᠬᠢᠴᠡ ᠪᠠᠶᠢᠭ᠎ᠠ᠂ ᠴᠠᠭᠠᠨ᠎ᠠ ᠨᠢ ᠬᠦᠳᠡᠯᠮᠦᠷᠢᠴᠢ ᠪᠤᠶᠠᠨᠰᠠᠭ ᠬᠦᠮᠦᠰ ᠤᠨ | ᠭᠠᠶᠢᠯᠢ ᠠᠴᠠ ᠢᠷᠡᠯ ᠲᠠᠢ ᠭᠡᠳᠡᠭ ᠢ ᠪᠤᠳᠤᠯᠳᠠᠢ᠃ ᠦᠨᠡᠨ ᠢ ᠬᠡᠯᠡᠪᠡᠯ ᠨᠦᠬᠦᠪᠦᠷᠢ ᠭᠡᠳᠡᠭ ᠴᠢᠨᠢ ᠨᠦᠬᠦᠭᠡᠰᠦ ᠭᠡᠰᠡᠨ | ᠦᠭᠡ ᠯᠡ ᠳ᠋ᠠ᠂ ᠢᠯᠡᠬᠦᠥ ᠲᠤᠳᠠᠭᠤ ᠪᠠᠨ ᠨᠦᠬᠦᠨ᠎ᠡ ᠰᠢᠳᠡ᠃ ᠦᠨᠡᠬᠡᠷ ᠪᠠᠶᠠᠨ ᠲᠠᠩᠰᠤᠭ ᠠᠮᠢᠳᠤᠷᠠᠶ᠎ᠠ ᠭᠡᠪᠡᠯ | ᠦᠪᠡᠷᠰᠡᠥᠨ ᠤᠨ ᠬᠦᠳᠡᠯᠮᠦᠷᠢᠴᠢ ᠬᠤᠶᠠᠷ ᠭᠠᠷ᠂ ᠬᠦᠮᠦᠯᠢᠭ ᠤᠬᠠᠭᠠᠨ ᠳᠤ ᠪᠠᠨ ᠯᠡ ᠲᠦᠰᠢᠭᠯᠡᠨ᠎ᠡ ᠰᠢᠦ᠂ | ᠬᠦᠳᠡᠯᠮᠦᠷᠢᠴᠢ ᠬᠦᠮᠦᠰ ᠤᠨ ᠪᠤᠶᠠᠨᠰᠠᠭ ᠲᠤᠰᠠᠯᠠᠮᠵᠢ ᠶᠢ ᠲᠤᠰᠴᠢᠬᠠᠭᠠᠥᠨ ᠪᠠᠶᠠᠷᠯᠠᠵᠤ ᠲᠠᠯᠠᠷᠬᠠᠬᠤ ᠰᠡᠥᠡᠬᠢᠯᠭᠡ | ᠢᠪᠢᠯᠬᠦ ᠦᠭᠡᠢ ᠭᠡᠳᠡᠭ ᠴᠢᠨᠢ ᠪᠢᠳᠡ ᠪᠦᠬᠦᠨ ᠳᠤ ᠠᠴᠢᠯᠠᠯ ᠵᠢᠷᠦᠮ ᠤᠨ ᠰᠡᠥᠡᠬᠢᠯ ᠨᠢᠮᠭᠡᠷᠡᠵᠦ ᠪᠠᠶᠢᠨ᠎ᠠ ᠭᠡᠰᠡᠨ ᠦᠭᠡ | ᠳ᠋ᠠ᠃ ᠡᠶᠢᠮᠦᠷᠬᠦ ᠨᠡᠶᠢᠭᠡᠮ ᠤᠨ ᠬᠡᠪᠰᠢᠯ ᠠᠴᠠ ᠶᠠᠮᠠᠷ ᠰᠠᠶᠢᠬᠠᠨ ᠬᠦᠮᠦᠯᠢᠭ ᠠᠴᠢᠯᠠᠯ ᠵᠢᠷᠦᠮ ᠲᠠᠢ ᠬᠡᠥᠬᠡᠥᠨ ᠲᠦᠷᠦᠬᠦ | ᠪᠤᠢ᠂ ᠲᠡᠭᠡᠬᠦ ᠠᠴᠠ ᠲᠤᠮᠤᠴᠤᠤᠯ ᠮᠠᠨᠢ ᠰᠤᠯᠠ ᠵᠤᠭᠤᠰ ᠤᠨ ᠲᠤᠬᠠᠢ ᠵᠦᠪ ᠲᠠᠨᠢᠯᠳᠠ ᠲᠠᠢ ᠪᠠᠶᠢᠭᠠᠷᠠᠢ︕᠂ ᠰᠤᠯᠠ | ᠵᠤᠭᠤᠰ ᠭᠡᠳᠡᠭ ᠴᠢᠨᠢ ᠰᠤᠯᠠ ᠭᠡᠰᠡᠨ ᠦᠭᠡᠨ ᠳᠤ ᠪᠠᠨ ᠯᠡ ᠪᠠᠶᠢᠨ᠎ᠠ ᠰᠢᠦ᠂ ᠪᠠᠶᠢᠪᠠᠯ ᠵᠠᠷᠤᠴᠢᠬᠠᠨᠠ᠂ ᠦᠭᠡᠢ ᠪᠤᠯ | ᠪᠠᠰᠠ ᠪᠤᠯᠴᠢᠬᠠᠨ᠎ᠠ᠃ | ᠦᠨᠦ ᠶᠢᠨ ᠰᠤᠷᠭᠠᠭᠤᠯᠢ ᠪᠦᠷ ᠺᠡᠷᠲ ᠢᠶᠠᠷ ᠬᠤᠭᠤᠯᠠ ᠢᠳᠡᠭᠦᠯᠵᠦ ᠪᠠᠶᠢᠨ᠎ᠠ᠃ ᠬᠤᠭᠤᠯᠠᠨ | ᠺᠡᠷᠲ ᠲᠠᠬᠢ ᠮᠦᠩᠬᠦ ᠨᠢ ᠲᠤᠳᠠᠬᠤ ᠦᠭᠡᠢ ᠪᠠᠶᠢᠭ᠎ᠠ ᠪᠠᠶᠢᠳᠠᠯ ᠲᠤᠤᠷ᠎ᠠ ᠬᠠᠷᠮᠠᠨ ᠳᠤ ᠪᠠᠨ ᠰᠤᠯᠠ ᠵᠤᠭᠤᠰ ᠦᠭᠡᠢ | ᠶᠠᠪᠤᠵᠤ ᠴᠢᠳᠠᠪᠠᠯ ᠰᠠᠶ᠋ᠢ ᠰᠢᠯᠢᠳᠡᠭ ᠵᠠᠩ ᠰᠤᠷᠳᠠᠯ ᠲᠠᠢ ᠬᠡᠥᠬᠡᠥᠨ ᠪᠤᠯᠵᠤ ᠴᠢᠳᠠᠨ᠎ᠠ ᠭᠡᠳᠡᠭ ᠢ ᠭᠡᠷ ᠤᠨ ᠠᠬᠠᠮᠠᠥᠨ | ᠤᠶᠢᠯᠠᠭᠠᠵᠦ᠂ ᠬᠡᠥᠬᠡᠥᠨ ᠲᠤ ᠪᠠᠨ ᠮᠦᠩᠬᠦᠨ ᠤ ᠲᠤᠬᠠᠢ ᠵᠦᠪ ᠤᠶᠢᠯᠠᠭᠠᠯᠳᠠ ᠲᠠᠢ᠂ ᠮᠦᠩᠬᠦ ᠵᠠᠷᠤᠬᠤ ᠡᠷᠡᠭᠦᠯ | ᠲᠠᠥᠠᠬᠠᠯ ᠲᠠᠢ ᠪᠤᠯᠭᠠᠵᠤ ᠬᠡᠪᠰᠢᠭᠦᠯᠬᠦ ᠶᠢ ᠠᠩᠬᠠᠷᠤᠯ ᠳᠤ ᠪᠠᠨ ᠠᠪᠴᠦ ᠪᠠᠶᠢᠭᠠᠷᠠᠢ᠃ | | | ᠭᠤᠷᠪᠠ᠂ ᠭᠠᠷ ᠤᠳᠠᠰᠤ | | | ᠮᠠᠨ ᠤ ᠠᠯᠢᠪᠠ ᠡᠷᠭᠡ ᠴᠢᠯᠦᠭᠡᠳᠦ ᠴᠠᠭ ᠮᠦᠴᠡ ᠰᠠᠨᠠᠭ᠎ᠠ ᠪᠤᠳᠤᠯ ᠪᠦᠷ ᠭᠠᠷ ᠤᠳᠠᠰᠤᠨ | ᠠᠴᠠ ᠠᠷᠭᠠᠮᠵᠢᠶ᠎ᠠ ᠲᠠᠢ ᠪᠤᠯᠵᠠᠢ᠃ ᠨᠢᠭᠡ ᠠᠶᠢᠯ ᠪᠦᠯᠢ ᠴᠠᠭ ᠤᠨ ᠬᠤᠭᠤᠯᠠ ᠪᠠᠨ ᠲᠦᠩᠭᠡᠵᠢ ᠪᠡᠯᠡᠨ ᠪᠤᠯᠭᠠᠭᠠᠥᠨ | ᠰᠢᠷᠡᠭᠡ ᠪᠠᠨ ᠲᠤᠭᠤᠷᠢᠵᠤ ᠰᠠᠭᠤᠭᠠᠥᠨ ᠠᠶᠠᠭ᠎ᠠ ᠰᠠᠪᠬ᠎ᠠ ᠪᠠᠨ ᠪᠠᠷᠢᠳᠠᠯᠠ ᠠᠯᠢ ᠨᠢᠭᠡ ᠨᠠᠶᠢᠵᠠ ᠶᠢᠨ ᠬᠢᠨ ᠤᠳᠠᠰᠤ | ᠢᠷᠡᠪᠡᠯ ᠡᠷ᠎ᠡ ᠨᠦᠬᠦᠷ ᠢ ᠨᠢ ᠲᠠᠭᠤᠳᠠᠭᠠᠥᠨ ᠶᠠᠪᠤᠴᠢᠬᠠᠨ᠎ᠠ᠃ ᠲᠤᠷ᠎ᠠ ᠦᠬᠡᠶᠢᠴᠡᠭᠰᠡᠨ ᠪᠦᠰᠡᠭᠦᠢ ᠨᠢ ᠬᠡᠥᠬᠡᠥᠨ ᠲᠠᠢ | ᠪᠠᠨ ᠲᠡᠷᠡ ᠡᠷᠡᠨ ᠤ ᠬᠤᠭᠤᠯᠠ ᠶᠢ ᠲᠡᠭᠡᠭᠡᠥᠨ ᠯᠡ ᠢᠳᠡᠭᠰᠡᠨ ᠲᠠᠢ ᠦᠭᠡᠢ ᠲᠠᠢ ᠦᠩᠭᠡᠷᠡᠭᠡᠨ᠎ᠡ᠃ ᠡᠨᠡ ᠪᠤᠯ ᠭᠠᠷ | ᠤᠳᠠᠰᠤᠨ ᠤ ᠴᠠᠭ ᠦᠶ᠎ᠡ ᠳᠠᠬᠢ ᠦᠪᠡᠷ ᠤᠨ ᠡᠷᠬᠡ ᠴᠢᠯᠦᠭᠡ ᠨᠠᠮ ᠰᠡᠯᠡᠭᠦᠥ ᠴᠠᠭ ᠵᠠᠢ ᠪᠠᠨ ᠠᠯᠳᠠᠭᠰᠠᠨ ᠮᠠᠨ ᠤ | ᠠᠮᠢᠳᠤᠷᠠᠯ᠃ ᠠᠳᠡ ᠪᠢᠳᠡ ᠭᠠᠷ ᠤᠳᠠᠰᠤ ᠲᠦᠬᠡᠮᠡᠯᠵᠢᠭᠰᠡᠨ ᠠᠴᠠ ᠬᠡᠥᠬᠡᠥᠨ ᠪᠠᠭᠠᠴᠤᠤᠨ ᠤᠨ ᠪᠡᠶ᠎ᠡ ᠰᠡᠥᠡᠬᠢᠴᠡ | ᠶᠢᠨ ᠡᠷᠡᠭᠦᠯ ᠮᠡᠨᠳᠦ ᠶᠢ ᠬᠡᠷᠬᠢᠨ ᠨᠠᠵᠠᠭᠠᠢ ᠪᠠᠷ ᠨᠦᠯᠦᠭᠡᠯᠡᠵᠦ ᠪᠠᠶᠢᠬᠤ ᠲᠤᠬᠠᠢ ᠦᠵᠡᠶ᠎ᠡ᠃ | ᠶᠠᠭᠤᠨ ᠤ ᠡᠮᠦᠨ᠎ᠡ ᠪᠡᠶ᠎ᠡ ᠮᠠᠬᠠᠪᠤᠤᠨ ᠤᠨ ᠡᠷᠡᠭᠦᠯ ᠮᠡᠨᠳᠦ ᠳᠤ ᠲᠤᠩ ᠶᠡᠭᠡ ᠬᠤᠬᠢᠷᠠᠯ ᠲᠠᠢ | ᠶᠢ ᠮᠡᠳᠡᠬᠦ ᠴᠢᠬᠤᠯᠠ ᠲᠠᠢ᠃ ᠭᠠᠷ ᠤᠳᠠᠰᠤᠨ ᠠᠴᠠ ᠰᠠᠴᠤᠷᠠᠭ ᠲᠤᠯᠬᠢᠶᠠᠨ ᠡᠬᠦᠰᠴᠦ ᠪᠠᠶᠢᠳᠠᠭ ᠢ ᠪᠢᠳᠡ ᠪᠦᠷ | ᠮᠡᠳᠡᠨ᠎ᠡ᠂ ᠲᠡᠷᠡ ᠨᠢ ᠬᠦᠮᠦᠰ ᠤᠨ ᠡᠷᠡᠭᠦᠯ ᠮᠡᠨᠳᠦ ᠳᠤ ᠬᠤᠤᠷᠲᠠᠢ ᠪᠠᠶᠢᠳᠠᠭ᠃ ᠤᠨᠴᠠᠭᠠᠶᠢᠯᠠᠨ ᠪᠤᠶᠢᠵᠢᠯᠳᠠ ᠶᠢᠨ | ᠨᠠᠰᠤᠨ ᠳᠤ ᠪᠠᠨ ᠪᠠᠶᠢᠬᠤ ᠬᠡᠥᠬᠡᠥᠨ ᠤᠨ ᠲᠡᠷᠢᠬᠢᠨ ᠳᠤ ᠲᠤᠩ ᠶᠡᠭᠡ ᠬᠤᠤᠷᠲᠠᠢ ᠪᠢᠯᠡ᠃ ᠦᠳᠡᠰᠢ ᠲᠡᠷᠡ ᠲᠤᠤᠷ᠎ᠠ | ᠪᠠᠨ ᠲᠠᠷᠤᠵᠤ ᠤᠨᠳᠠᠬᠤ ᠨᠢ ᠪᠦᠷ ᠴᠦ ᠮᠠᠭᠤ ᠲᠠᠥᠠᠬᠠᠯ ᠰᠢᠦ᠃ ᠰᠤᠷᠤᠭᠴᠢ ᠬᠡᠥᠬᠡᠥᠨ ᠤᠷᠤᠢ ᠦᠳᠡᠰᠢ ᠤᠷᠤᠨ | ᠲᠤᠳᠤᠷ᠎ᠠ ᠪᠠᠨ ᠭᠠᠷ ᠤᠳᠠᠰᠤ ᠤᠷᠤᠯᠳᠤᠬᠤ ᠨᠢ ᠤᠯᠠᠨ ᠪᠠᠶᠢᠳᠠᠭ᠂ ᠭᠠᠷ ᠤᠳᠠᠰᠤᠨ ᠤ ᠴᠡᠭᠡᠨ ᠭᠡᠷᠡᠯ ᠬᠦᠮᠦᠰ ᠤᠨ | ᠨᠢᠳᠦᠨ ᠬᠠᠷᠠᠭ᠎ᠠ ᠶᠢ ᠠᠯᠳᠠᠭᠤᠯᠬᠤ ᠠᠶᠤᠯᠳᠠᠢ ᠶᠢ ᠮᠡᠳᠡᠬᠦ ᠶᠤᠰᠤᠳᠠᠢ᠃ ᠲᠠᠷᠠᠭ᠎ᠠ ᠨᠢ ᠬᠡᠥᠬᠡᠥᠨ ᠵᠠᠯᠠᠭᠤᠴᠤᠤᠨ ᠤᠨ | ᠰᠡᠥᠡᠬᠢᠴᠡ ᠶᠢᠨ ᠡᠷᠡᠭᠦᠯ ᠮᠡᠨᠳᠦ ᠶᠢ ᠲᠤᠩ ᠮᠠᠭᠤ ᠪᠠᠷ ᠨᠦᠯᠦᠭᠡᠯᠡᠵᠦ ᠪᠠᠶᠢᠬᠤ ᠶᠢ ᠭᠡᠷ ᠤᠨ ᠠᠬᠠᠮᠠᠥᠨ ᠪᠤᠯᠤᠭᠰᠠᠥᠨ | ᠠᠩᠬᠠᠷᠤᠯ ᠳᠤ ᠪᠠᠨ ᠠᠪᠤᠯᠳᠠᠢ᠃ ᠦᠨᠦ ᠶᠢᠨ ᠬᠡᠥᠬᠡᠥᠨ ᠭᠠᠷ ᠤᠳᠠᠰᠤ ᠶᠢ ᠶᠠᠭᠤᠨ ᠳᠤ ᠭᠤᠤᠯ ᠠᠰᠢᠭᠯᠠᠵᠤ | ᠪᠠᠶᠢᠭ᠎ᠠ ᠪᠤᠢ︖ ᠠᠷᠤ ᠭᠡᠷ ᠤᠨ ᠢᠶᠠᠨ ᠠᠬᠤᠢ ᠪᠠᠶᠢᠳᠠᠯ ᠠᠪᠤ ᠡᠵᠢ ᠶᠢᠨ ᠢᠶᠠᠨ ᠠᠮᠤᠷ ᠮᠡᠨᠳᠦ ᠠᠨᠳᠠ ᠨᠦᠬᠦᠥᠨ | ᠤᠨ ᠢᠶᠠᠨ ᠰᠤᠷᠤᠯᠭ᠎ᠠ ᠠᠮᠢᠳᠤᠷᠠᠯ ᠢ ᠠᠰᠠᠭᠤᠵᠤ ᠬᠠᠯᠠᠮᠵᠢᠯᠠᠵᠤ ᠪᠠᠶᠢᠬᠤ ᠨᠢ ᠤᠯᠠᠨ ᠦᠦ︖ ᠲᠠᠶᠢᠮᠦ ︽ᠲᠡᠨᠡᠭ︾ | ᠬᠡᠥᠬᠡᠥᠨ ᠪᠠᠶᠢᠬᠤ ᠦᠭᠡᠢ ᠰᠢᠦ᠂ ᠤᠯᠠᠩᠬᠢ ᠰᠤᠷᠤᠭᠴᠢ ᠡᠳᠦᠷᠵᠢᠨ ᠰᠦᠯᠵᠢᠶᠡᠨ ᠳᠤ ᠨᠠᠶᠢᠵᠠᠯᠠᠬᠤ᠂ ᠤᠬᠤᠷ ᠵᠠᠬᠢᠶ᠎ᠠ | ᠪᠢᠴᠢᠬᠦ᠂ ᠰᠦᠯᠵᠢᠶᠡᠨ ᠳᠤ ᠭᠠᠷᠬᠤ᠂ ᠲᠤᠭᠯᠠᠭᠠᠮ ᠨᠠᠭᠠᠳᠬᠤ ᠳᠤ ᠭᠤᠤᠯ ᠠᠰᠢᠭᠯᠠᠵᠤ ᠪᠠᠶᠢᠳᠠᠭ᠃ ᠵᠤᠭᠤᠭᠳᠠᠵᠤ | ᠪᠠᠶᠢᠭ᠎ᠠ ᠶᠠᠷᠢᠶ᠎ᠠ᠂ ᠪᠢᠴᠢᠵᠦ ᠪᠠᠶᠢᠭ᠎ᠠ ᠤᠬᠤᠷ ᠵᠠᠬᠢᠶ᠎ᠠ᠂ ᠰᠤᠨᠢᠷᠬᠠᠵᠤ ᠪᠠᠶᠢᠭ᠎ᠠ ᠰᠦᠯᠵᠢᠶ᠎ᠡ᠂ ᠨᠠᠭᠠᠳᠴᠦ ᠪᠠᠶᠢᠭ᠎ᠠ | ᠲᠤᠭᠯᠠᠭᠠᠮ ᠵᠡᠷᠭᠡ ᠨᠢ ᠴᠦᠮ ᠬᠡᠥᠬᠡᠥᠨ ᠤᠨ ᠰᠡᠥᠡᠬᠢᠴᠡ ᠳᠤ ᠨᠠᠵᠠᠭᠠᠢ ᠨᠦᠯᠦᠬᠡ ᠪᠤᠯᠳᠠᠭ ᠵᠦᠢᠯᠡᠰ ᠲᠡᠶᠢᠯᠦᠩᠬᠢ | ᠪᠠᠶᠢᠳᠠᠭ ᠠᠴᠠ ᠵᠠᠷᠢᠮ ᠬᠡᠥᠬᠡᠥᠨ ᠭᠠᠷ ᠤᠳᠠᠰᠤᠨ ᠠᠴᠠ ᠰᠠᠯᠵᠤ ᠴᠢᠳᠠᠬᠤ ᠦᠭᠡᠢ ᠰᠢᠨᠤᠯ ᠲᠠᠢ ᠪᠤᠯᠳᠠᠭ᠂ ᠡᠨᠡ ᠪᠤᠯ | ᠨᠢᠭᠡᠨᠳᠡ ᠰᠡᠥᠡᠬᠢᠴᠡ ᠶᠢᠨ ᠭᠡᠮ ᠠᠷᠬᠠᠭ ᠡᠬᠦᠰᠴᠦ ᠪᠠᠶᠢᠬᠤ ᠶᠢᠨ ᠢᠯᠡᠷᠡᠯ ᠪᠠᠶᠢᠭ᠎ᠠ ᠶᠤᠮ᠃ ᠵᠠᠷᠢᠮ ᠬᠡᠳᠦ ᠰᠢᠨᠤᠯ | ᠲᠠᠢ ᠪᠤᠯᠤᠭᠰᠠᠨ ᠬᠡᠥᠬᠡᠥᠨ ᠰᠦᠨᠢᠵᠢᠨ ᠤᠨᠳᠠᠬᠤ ᠦᠭᠡᠢ ᠭᠠᠷ ᠤᠳᠠᠰᠤ ᠨᠠᠭᠠᠳᠴᠦ᠂ ᠰᠦᠯᠵᠢᠶᠡᠨ ᠨᠠᠶᠢᠵᠠ ᠲᠠᠢ | ᠪᠠᠨ ᠬᠡᠳᠦᠷᠬᠡᠢ ᠰᠡᠳᠡᠯᠳᠡ ᠲᠠᠢ ᠶᠠᠷᠢᠶ᠎ᠠ ᠵᠤᠭᠤᠭ ᠡᠬᠦᠰᠬᠡᠬᠦ ᠪᠤᠶᠤ ᠲᠤᠭᠯᠠᠭᠠᠮ ᠳᠤ ᠰᠢᠨᠤᠭᠰᠠᠨ ᠠᠴᠠ ᠪᠤᠯᠵᠦ᠂ | ᠲᠠᠷᠠᠭ᠎ᠠ ᠡᠳᠦᠷ ᠤᠨ ᠬᠢᠨ ᠬᠢᠴᠢᠶᠡᠯ ᠲᠡᠭᠡᠷ᠎ᠡ ᠨᠤᠶᠢᠷᠮᠤᠭ ᠵᠡᠭᠦᠷᠮᠡᠭ ᠰᠠᠭᠤᠵᠤ ᠪᠠᠶᠢᠳᠠᠭ᠃ ᠡᠳᠦᠷᠵᠢᠨ ᠬᠡᠳᠦᠷᠬᠡᠢ ᠭᠠᠷ | ᠤᠳᠠᠰᠤ ᠨᠠᠭᠠᠳᠤᠭᠰᠠᠨ ᠠᠴᠠ ᠰᠠᠨᠠᠭ᠎ᠠ ᠪᠤᠳᠤᠯ ᠨᠢ ᠠᠵᠢᠯ ᠰᠤᠷᠤᠯᠭ᠎ᠠ ᠲᠡᠭᠡᠷ᠎ᠡ ᠪᠠᠨ ᠲᠦᠪᠯᠡᠷᠡᠬᠦ ᠦᠭᠡᠢ᠂ ᠪᠤᠳᠤᠯ | ᠰᠡᠥᠡᠬᠢᠯ ᠨᠢ ᠡᠰᠡᠨ ᠪᠤᠰᠤᠨ ᠦᠭᠡᠢ ᠪᠤᠯᠵᠦ ᠦᠵᠡᠭᠰᠡᠨ ᠶᠠᠭᠤᠮ᠎ᠠ ᠨᠠᠭᠠᠳᠤᠭᠰᠠᠨ ᠲᠤᠭᠯᠠᠭᠠᠮ ᠪᠤᠶᠤ ᠬᠦᠮᠦᠨ ᠲᠠᠢ | ᠶᠠᠷᠢᠭᠰᠠᠨ ᠵᠤᠭᠤᠭ ᠨᠢ ᠤᠷᠤᠵᠤ ᠢᠷᠡᠭᠡᠥᠨ ᠰᠡᠥᠡᠬᠢᠴᠡ ᠶᠢ ᠨᠢ ᠰᠠᠮᠠᠭᠤᠷᠠᠭᠤᠯᠵᠦ ᠪᠠᠶᠢᠳᠠᠭ᠃ ᠬᠡᠪ ᠤᠨ ᠠᠵᠢᠯ | ᠰᠤᠷᠤᠯᠭ᠎ᠠ ᠠᠮᠢᠳᠤᠷᠠᠯ ᠲᠠᠢ ᠬᠦᠮᠦᠰ ᠶᠠᠮᠠᠷ ᠵᠠᠪ ᠢᠶᠠᠷ ᠢᠶᠠᠨ ᠡᠳᠦᠷᠵᠢᠨ ᠰᠦᠯᠵᠢᠶᠡᠨ ᠳᠤ ᠬᠦᠮᠦᠰ ᠲᠠᠢ ᠰᠤᠯᠠ | ᠵᠤᠭᠤᠭᠳᠠᠭᠠᠳ ᠪᠠᠶᠢᠬᠤ ᠪᠤᠢ᠂ ᠬᠡᠥᠬᠡᠥᠨ ᠲᠠᠢ ᠡᠳᠦᠷᠵᠢᠨ ᠰᠦᠯᠵᠢᠶᠡᠨ ᠳᠤ ︽ᠨᠠᠶᠢᠵᠠᠯᠠᠳᠠᠭ︾ ᠬᠦᠮᠦᠰ ᠪᠤᠯ | ᠯᠠᠪᠲᠠᠢ ᠰᠤᠷᠤᠯᠭ᠎ᠠ ᠬᠠᠶᠠᠭᠰᠠᠨ ᠰᠤᠷᠤᠭᠴᠢ᠂ ᠬᠢᠳᠡᠯ ᠦᠭᠡᠢ ᠨᠡᠶᠢᠭᠡᠮ ᠤᠨ ᠬᠦᠮᠦᠰ ᠪᠤᠶᠤ ᠲᠤᠰᠬᠠᠶᠢᠯᠠᠨ | ᠰᠦᠯᠵᠢᠶᠡᠨ ᠳᠤ ᠬᠦᠮᠦᠨ ᠮᠡᠭᠡᠯᠡᠳᠡᠭ ᠦᠵᠡᠯ ᠪᠤᠷᠤᠭᠤ ᠡᠳᠡᠭᠡᠥᠨ ᠪᠠᠶᠢᠵᠤ ᠲᠠᠭᠠᠷᠠᠨ᠎ᠠ᠃ ᠵᠠᠷᠢᠮ ᠬᠡᠥᠬᠡᠥᠨ ᠭᠠᠷ | ᠤᠳᠠᠰᠤ ᠪᠠᠶᠢᠬᠤ ᠦᠭᠡᠢ ᠪᠤᠯ ᠰᠡᠥᠡᠬᠢᠯ ᠳᠤ ᠨᠢ ᠨᠢᠭᠡ ᠶᠠᠭᠤᠮ᠎ᠠ ᠲᠤᠳᠠᠭᠠᠥᠨ᠂ ᠠᠪᠤ ᠡᠵᠢ ᠨᠢ ᠭᠠᠷ ᠤᠳᠠᠰᠤ ᠶᠢ | ᠨᠢ ᠬᠤᠷᠢᠶᠠᠵᠤ ᠠᠪᠤᠪᠠᠯ ᠵᠡᠭᠦᠳᠦ ᠪᠠᠷ ᠢᠶᠠᠨ ᠡᠷᠢᠵᠦ ᠲᠡᠮᠳᠡᠷᠢᠵᠦ ᠪᠠᠶᠢᠳᠠᠭ᠂ ᠡᠨᠡ ᠪᠤᠯ ᠭᠠᠷ ᠤᠳᠠᠰᠤᠨ ᠳᠤ ᠭᠦᠨ | ᠰᠢᠨᠤᠯᠳᠠᠢ ᠪᠤᠯᠤᠭᠰᠠᠨ ᠰᠡᠥᠡᠬᠢᠴᠡ ᠶᠢᠨ ᠦᠵᠡᠭᠳᠡᠯ᠃ | ᠲᠡᠶᠢᠮᠦ ᠠᠴᠠ ᠭᠡᠷ ᠤᠨ ᠠᠬᠠᠮᠠᠥᠨ ᠬᠡᠥᠬᠡᠥᠨ ᠲᠤ ᠪᠠᠨ ᠬᠡᠳᠦ ᠪᠠᠭ᠎ᠠ ᠠᠴᠠ ᠨᠢ ᠤᠳᠠᠰᠤ | ᠵᠠᠷᠤᠭᠤᠯᠵᠤ ᠪᠤᠯᠬᠤ ᠦᠭᠡᠢ᠂ ᠤᠳᠠᠰᠤ ᠵᠠᠷᠤᠬᠤ ᠨᠠᠰᠤ ᠪᠤᠯᠤᠭᠰᠠᠨ ᠴᠦ ᠭᠠᠷ ᠤᠳᠠᠰᠤ ᠪᠠᠨ ᠵᠦᠪ ᠠᠰᠢᠭᠯᠠᠬᠤ ᠳᠤ | ᠲᠦᠷᠢᠮ ᠪᠤᠯᠬᠤ ᠶᠢ ᠠᠩᠬᠠᠷᠤᠯ ᠲᠠᠢ᠃ ᠬᠦᠮᠦᠨ ᠤ ᠡᠮᠦᠨ᠎ᠡ ᠭᠠᠷ ᠤᠳᠠᠰᠤ ᠪᠠᠷ ᠪᠢᠳᠡᠭᠡᠢ ᠨᠠᠭᠠᠳᠤᠶ᠎ᠠ᠂ ᠬᠡᠥᠬᠡᠥᠨ | ᠲᠠᠢ ᠪᠠᠨ ᠵᠤᠭᠤᠭᠳᠠᠵᠤ ᠪᠠᠶᠢᠬᠤ ᠳᠤ ᠭᠠᠷ ᠤᠳᠠᠰᠤ ᠪᠠᠨ ᠪᠤᠤ ᠤᠷᠤᠯᠳᠤᠶ᠎ᠠ᠂ ᠤᠯᠠᠨ ᠤ ᠡᠮᠦᠨ᠎ᠡ ᠭᠠᠷ ᠤᠳᠠᠰᠤ | ᠲᠤᠰᠬᠤ ᠳᠤ ᠪᠠᠨ ᠨᠠᠮ ᠲᠠᠭᠤ ᠪᠠᠷ ᠶᠠᠷᠢᠬᠤ ᠪᠤᠶᠤ ᠬᠦᠮᠦᠰ ᠠᠴᠠ ᠵᠠᠶᠢᠳᠠᠭᠤ ᠭᠠᠵᠠᠷ ᠤᠴᠢᠵᠤ ᠲᠤᠰᠬᠤ ᠮᠡᠳᠦ | ᠪᠤᠯᠪᠠᠰᠤᠨ ᠵᠠᠩᠰᠢᠯ ᠲᠠᠢ ᠪᠠᠶᠢᠵᠤ ᠬᠡᠥᠬᠡᠥᠨ ᠲᠤ ᠪᠠᠨ ᠰᠠᠶᠢᠬᠠᠨ ᠲᠠᠭᠤᠷᠢᠶᠠᠯ ᠦᠵᠡᠭᠦᠯᠦᠶ᠎ᠡ᠃ | | | ᠲᠦᠷᠪᠡ᠂ ᠨᠧᠲ ᠰᠦᠯᠵᠢᠶ᠎ᠡ | | | ᠨᠧᠲ ᠰᠦᠯᠵᠢᠶ᠎ᠠ ᠬᠡᠵᠦ ᠶᠠᠭᠤ ᠪᠤᠢ︖ ᠲᠤᠮᠤᠭ᠎ᠠ ᠲᠠᠢ ᠤᠬᠠᠭᠠᠨ ᠲᠠᠢ ᠬᠦᠮᠦᠰ ᠲᠤ ᠪᠣᠯ | ᠨᠧᠲ ᠰᠦᠯᠵᠢᠶ᠎ᠡ ᠨᠢ ᠬᠢᠵᠠᠭᠠᠯᠠᠰᠢ ᠦᠬᠡᠢ ᠶᠡᠭᠡ ᠤᠶᠤᠨ ᠤᠬᠠᠭᠠᠨ ᠤ ᠤᠷᠤᠨ ᠵᠠᠢ᠂ ᠤᠷ᠎ᠠ ᠮᠡᠳᠡᠯᠬᠡ ᠶᠢᠨ ᠪᠠᠶᠠᠨ | ᠰᠠᠩ ᠮᠥᠨ᠃ ᠬᠡᠳᠡᠯ᠎ᠡ ᠲᠤᠮᠤᠭ᠎ᠠ ᠤᠷᠤᠭ᠎ᠠ ᠦᠬᠡᠢ ᠬᠡᠦᠬᠡᠳ ᠪᠤᠶᠤ ᠪᠡᠶ᠎ᠡ ᠳᠤ ᠪᠠᠨ ᠬᠠᠷᠢᠭᠤᠴᠠᠯᠭ᠎ᠠ ᠦᠭᠡᠢ | ᠬᠦᠮᠦᠰ ᠲᠤ ᠪᠣᠯ ᠲᠤᠯᠤᠭᠠᠢ ᠤᠨᠠᠬᠤ ᠭᠠᠢ ᠲᠠᠢ ᠠᠶᠤᠮᠰᠢᠭᠳᠤ ᠤᠷᠴᠢᠨ ᠪᠠᠶᠢᠭ᠎ᠠ᠃ ᠰᠦᠯᠵᠢᠶ᠎ᠡ ᠶᠢᠨ ᠴᠡᠩᠬᠡᠷ | ᠲᠡᠯᠬᠡᠴᠡᠨ ᠲᠡᠭᠡᠷ᠎ᠡ ᠭᠡᠷᠡᠯ ᠭᠡᠭᠡ ᠲᠠᠢ ᠪᠤᠶᠠᠨ ᠤ ᠴᠠᠭᠠᠨ ᠮᠡᠳᠡᠭᠡᠯᠡᠯ ᠴᠦ ᠪᠠᠶᠢᠨ᠎ᠠ᠂ ᠬᠠᠷ᠎ᠠ ᠡᠷᠴᠢ ᠬᠦᠴᠦ ᠲᠠᠢ | ᠭᠠᠵᠢᠭᠤ ᠰᠣᠯᠣᠭᠠᠢ ᠮᠡᠳᠡᠭᠡᠯᠡᠯ ᠴᠦ ᠪᠠᠶᠢᠳᠠᠭ᠂ ᠰᠦᠯᠵᠢᠶ᠎ᠡ ᠶᠢ ᠲᠦᠭᠦᠮᠭᠡᠨ ᠬᠡᠯᠡᠪᠡᠯ ᠦᠨᠦ ᠶᠢᠨ ᠠᠬᠤᠢ ᠨᠡᠶᠢᠭᠡᠮ | ᠲᠡᠷᠡ ᠴᠢᠭ ᠢᠶᠠᠷ ᠢᠶᠠᠨ ᠬᠡᠶᠢᠰᠪᠦᠷᠢ ᠰᠦᠯᠵᠢᠶᠡᠨ ᠤ ᠶᠢᠷᠳᠢᠨᠴᠦ ᠳᠤ ᠤᠷᠤᠴᠢᠬᠠᠵᠠᠢ᠃ ᠰᠦᠯᠵᠢᠶᠡᠨ ᠲᠡᠬᠡᠷ᠎ᠡ ᠨᠤᠮ | ᠦᠵᠡᠳᠡᠭ ᠨᠢ ᠨᠤᠮ ᠢᠶᠠᠨ ᠡᠷᠢᠵᠦ᠂ ᠵᠤᠬᠢᠶᠠᠯ ᠪᠢᠴᠢᠳᠡᠭ ᠨᠢ ᠵᠤᠬᠢᠶᠠᠯ ᠢᠶᠠᠨ ᠨᠡᠶᠢᠳᠡᠯᠡᠵᠦ᠂ ᠬᠦᠮᠦᠨ ᠮᠡᠬᠡᠯᠡᠳᠡᠭ ᠨᠢ | ᠬᠦᠮᠦᠨ ᠮᠡᠬᠡᠯᠡᠵᠦ᠂ ᠶᠠᠯ᠎ᠠ ᠬᠢᠳᠡᠭ ᠨᠢ ᠶᠠᠯᠠᠳᠤ ᠠᠵᠢᠯᠯᠠᠭ᠎ᠠ ᠪᠠᠨ ᠦᠢᠯᠡᠳᠴᠦ᠂ ᠬᠤᠭ ᠨᠤᠪᠰᠢ ᠲᠠᠷᠬᠠᠭᠠᠳᠠᠭ ᠨᠢ | ᠬᠤᠭ ᠨᠤᠪᠰᠢ ᠪᠠᠨ ᠲᠠᠷᠬᠠᠭᠠᠵᠤ ᠯᠡ ᠪᠠᠶᠢᠨ᠎ᠠ᠃ ︽ᠮᠠᠭᠤ ᠦᠭᠡ ᠮᠤᠳᠤᠨ ᠤᠯᠠᠭ᠎ᠠ ᠲᠠᠢ︾ ᠭᠡᠳᠡᠭ᠃ ᠬᠦᠮᠦᠰ | ᠶᠠᠷᠦ ᠨᠢ ᠮᠠᠭᠤ ᠦᠭᠡ ᠮᠠᠭᠤᠬᠠᠢ ᠰᠤᠷᠠᠭ ᠢ ᠲᠠᠷᠬᠠᠭᠠᠬᠤ ᠨᠢ ᠰᠠᠶᠢᠨ ᠴᠢᠮᠡᠭᠡ ᠲᠠᠮᠵᠢᠭᠤᠯᠬᠤ ᠠᠴᠠ ᠲᠦᠷᠪᠡᠨ ᠲᠠᠬᠢᠨ | ᠢᠯᠡᠬᠦᠥ ᠭᠡᠰᠡᠨ ᠰᠤᠳᠤᠯᠭᠠᠨ ᠪᠠᠶᠢᠳᠠᠭ᠃ ᠡᠭᠦᠨ ᠲᠠᠢ ᠠᠳᠠᠯᠢᠬᠠᠨ ᠬᠦᠮᠦᠰ ᠮᠠᠭᠤ ᠶᠢ ᠰᠤᠷᠬᠤ ᠳᠤ ᠮᠦᠨ ᠲᠦᠷᠭᠡᠨ | ᠪᠠᠶᠢᠳᠠᠭ᠃ ᠲᠡᠶᠢᠮᠦ ᠪᠤᠯᠬᠤᠷ ᠰᠦᠯᠵᠢᠶ᠎ᠠ ᠪᠠᠷ ᠲᠠᠷᠬᠠᠵᠤ ᠪᠠᠶᠢᠭ᠎ᠠ ᠡᠷᠡᠭᠦᠯ ᠪᠤᠰᠤ ᠮᠡᠳᠡᠭᠡᠯᠡᠯ᠂ ᠠᠯᠠᠯᠭᠠᠨ ᠵᠤᠳᠤᠭᠠᠨ | ᠲᠠᠢ ᠨᠠᠭᠠᠳᠤᠮ ᠲᠤᠭᠯᠠᠭᠠᠮ ᠮᠡᠳᠦ ᠬᠠᠷ᠎ᠠ ᠡᠷᠴᠢ ᠬᠦᠴᠦ ᠲᠠᠢ ᠵᠦᠢᠯᠡᠰ ᠨᠢ ᠬᠦᠮᠦᠰ ᠢ ᠲᠤᠩ ᠬᠢᠯᠪᠠᠷᠬᠠᠨ | ᠨᠦᠯᠦᠭᠡᠯᠡᠳᠡᠭ ᠢ ᠮᠡᠳᠡᠭᠦᠰᠢᠳᠠᠢ᠃ ᠬᠡᠦᠬᠡᠳ ᠪᠣᠯ ᠰᠤᠨᠢᠭᠤᠴᠢ ᠵᠠᠩ ᠲᠠᠢ᠂ ᠠᠰᠪᠤᠷᠢ ᠴᠠᠶᠢᠯᠭᠠᠨ ᠭᠡᠨᠡᠨ ᠨᠠᠰᠤᠨ ᠳᠤ | ᠪᠠᠨ ᠪᠠᠶᠢᠬᠤ ᠲᠤᠯᠠ ᠠᠯᠢ ᠪᠤᠯᠬᠤ ᠦᠭᠡᠢ ᠭᠡᠰᠡᠨ ᠬᠤᠷᠢᠭ ᠲᠠᠢ ᠡᠷᠡᠭᠦᠯ ᠪᠤᠰᠤ ᠵᠦᠢᠯ ᠢ ᠨᠢ ᠨᠡᠩ ᠢᠯᠡᠭᠦᠥ | ᠰᠤᠨᠢᠷᠬᠠᠵᠤ᠂ ᠦᠵᠡᠯ ᠪᠤᠷᠤᠭᠤ ᠡᠳᠡᠭᠡᠥᠨ ᠲᠤ ᠬᠠᠮᠤᠭ ᠬᠢᠯᠪᠠᠷᠬᠠᠨ ᠮᠡᠬᠡᠯᠡᠭᠳᠡᠵᠦ ᠬᠠᠮᠤᠭ ᠶᠡᠭᠡ ᠬᠤᠬᠢᠷᠠᠯ ᠠᠮᠰᠠᠵᠤ | ᠪᠠᠶᠢᠭ᠎ᠠ ᠨᠡᠶᠢᠭᠡᠮ ᠤᠨ ᠪᠠᠭᠤᠷᠠᠢ ᠪᠦᠯᠦᠭᠳᠦ ᠴᠤᠭᠴᠠ ᠪᠤᠯᠤᠭᠰᠠᠨ ᠪᠠᠶᠢᠨ᠎ᠠ᠃ | ᠪᠦᠬᠦ ᠶᠠᠭᠤᠮ᠎ᠠ ᠰᠦᠯᠵᠢᠶᠡᠨ ᠤ ᠮᠠᠭᠤ ᠪᠢᠰᠢ᠂ ᠠᠰᠠᠭᠤᠳᠠᠯ ᠲᠠᠢ ᠭᠡᠷ ᠪᠦᠯᠢ ᠶᠢᠨ ᠤᠷᠴᠢᠨ | ᠳᠤ ᠦᠰᠴᠦ ᠪᠠᠶᠢᠭ᠎ᠠ ᠬᠡᠥᠬᠡᠥᠨ ᠠᠮᠠᠷᠬᠠᠨ ᠨᠧᠲ ᠰᠦᠯᠵᠢᠶᠡᠨ ᠤ ᠰᠢᠨᠤᠯᠳᠠᠨ ᠪᠤᠯᠵᠤ᠂ ᠡᠳᠦᠷᠵᠢᠨ ᠰᠦᠯᠵᠢᠶᠡᠨ | ᠲᠤᠭᠯᠠᠭᠠᠮ ᠪᠤᠶᠤ ᠰᠦᠯᠵᠢᠶᠡᠨ ᠨᠠᠶᠢᠵᠠ ᠲᠠᠢ ᠪᠠᠨ ᠬᠠᠨᠢᠯᠠᠵᠤ᠂ ᠰᠦᠯᠵᠢᠶᠡᠨ ᠤ ᠶᠢᠷᠳᠢᠨᠴᠦ ᠶᠢᠨ ᠬᠤᠭ ᠨᠤᠪᠰᠢ | ᠲᠠᠢ ᠬᠠᠷᠠᠩᠭᠤᠢ ᠪᠤᠯᠤᠩ ᠳᠤ ᠠᠮᠢᠳᠤᠷᠠᠵᠤ ᠪᠠᠶᠢᠳᠠᠭ᠃ ᠢᠩᠭᠢᠵᠦ ᠰᠢᠨᠤᠯ ᠲᠠᠢ ᠪᠤᠯᠤᠭᠰᠠᠨ ᠬᠡᠦᠬᠡᠳ ᠲᠤ ᠠᠵᠢᠯ | ᠰᠤᠷᠤᠯᠭ᠎ᠠ ᠶᠢᠨ ᠬᠠᠷᠢᠭᠤᠴᠠᠯᠭ᠎ᠠ ᠦᠭᠡᠢ ᠪᠤᠯᠵᠤ᠂ ᠰᠦᠯᠵᠢᠶᠡᠨ ᠠᠴᠠ ᠰᠠᠯᠪᠠᠯ ᠤᠶᠤᠨ ᠰᠠᠨᠠᠭ᠎ᠠ ᠨᠢ ᠬᠤᠭᠤᠰᠤᠷᠠᠵᠤ | ᠂ ᠠᠮᠢᠳᠤᠷᠠᠬᠤ ᠢᠳᠡᠭᠡᠯ ᠴᠦ ᠦᠭᠡᠢ ᠪᠤᠯᠳᠠᠭ᠃ ᠡᠳᠡᠭᠡᠷ ᠬᠡᠥᠬᠡᠥᠨ ᠡᠳᠦᠷᠵᠢᠨ ᠰᠦᠯᠵᠢᠶᠡᠨ ᠳᠤ ᠬᠤᠷᠭᠤᠳᠠᠬᠤ | ᠮᠦᠩᠬᠦ ᠤᠯᠬᠤ ᠶᠢᠨ ᠲᠦᠯᠦᠬᠡ ᠬᠤᠳᠠᠯ ᠬᠤᠯᠠᠭᠠᠢ ᠬᠢᠬᠦ ᠪᠤᠶᠤ ᠬᠤᠤᠷ ᠰᠠᠷᠢᠭᠠᠯᠠᠬᠤ ᠠᠴᠠ ᠴᠦ ᠪᠤᠴᠠᠬᠤ ᠦᠭᠡᠢ | ᠪᠤᠯᠳᠠᠭ᠂ ᠲᠦᠬᠦᠮ ᠬᠤᠭᠤᠯᠠ ᠤᠮᠳᠠᠭᠠᠨ ᠢᠶᠠᠷ ᠦᠯ ᠲᠠᠷᠤᠵᠤ ᠬᠡᠴᠢᠨᠡᠨ ᠡᠳᠦᠷ ᠢᠶᠠᠷ ᠰᠦᠯᠵᠢᠶᠡᠨ ᠳᠤ | ᠤᠶᠠᠭᠳᠠᠳᠠᠭ ᠠᠴᠠ ᠪᠤᠯᠵᠤ ᠪᠡᠶ᠎ᠡ ᠮᠠᠬᠠᠪᠤᠤᠨ ᠤᠬᠠᠭᠠᠨ ᠮᠡᠳᠡᠷᠡᠯ ᠨᠢ ᠴᠦᠮ ᠲᠤᠷᠤᠶᠢᠳᠠᠵᠤ ᠡᠬᠢᠯᠡᠳᠡᠭ᠃ | ᠲᠠᠬᠢᠪᠠᠯ ᠨᠧᠲ ᠰᠦᠯᠵᠢᠶᠡᠨ ᠤ ᠭᠠᠵᠠᠷ ᠡᠳᠦᠷᠵᠢᠨ ᠰᠦᠨᠢᠵᠢᠨ ᠤᠯᠠᠨ ᠬᠦᠮᠦᠨ ᠴᠤᠭᠯᠠᠷᠠᠳᠠᠭ | ᠮᠦᠷᠳᠡᠭᠡᠨ ᠭᠡᠷᠡᠯ ᠠᠭᠠᠷ ᠨᠡᠪᠳᠡᠷᠡᠬᠦ ᠨᠢ ᠮᠠᠭᠤ ᠪᠠᠶᠢᠳᠠᠭ ᠪᠤᠯᠬᠤᠷ ᠤᠯᠠᠨ ᠬᠦᠮᠦᠨ ᠤ ᠲᠠᠮᠠᠬᠢᠨ ᠤᠳᠤᠭ᠎ᠠ᠂ | ᠬᠦᠯᠦᠰᠦᠨ ᠦᠨᠦᠷ᠂ ᠮᠠᠰᠢᠨ ᠠᠴᠠ ᠭᠠᠷᠬᠤ ᠮᠠᠭᠤ ᠠᠭᠠᠷ᠂ ᠰᠠᠴᠤᠷᠠᠭ ᠲᠤᠯᠬᠢᠶᠠᠨ ᠨᠡᠶᠢᠯᠡᠭᠡᠥᠨ ᠪᠦᠭᠴᠢᠮ᠎ᠡ ᠪᠤᠬᠢᠷ | ᠠᠮᠢᠰᠬᠤᠯ ᠪᠤᠢ ᠪᠤᠯᠵᠦ ᠡᠪᠡᠥᠡᠴᠢᠨ ᠬᠠᠯᠳᠠᠪᠤᠷᠢᠯᠠᠵᠦ ᠡᠬᠦᠰᠬᠦ ᠳᠤ ᠪᠦᠷ ᠴᠦ ᠬᠢᠯᠪᠠᠷᠬᠠᠨ᠃ ᠤᠳᠤ ᠨᠧᠲ | ᠰᠦᠯᠵᠢᠶ᠎ᠡ ᠠᠴᠠ ᠬᠦᠵᠦᠭᠦᠨ ᠦᠶ᠎ᠡ᠂ ᠮᠦᠷᠦ ᠲᠠᠯᠤ᠂ ᠵᠢᠷᠦᠭᠡᠨ ᠤ᠂ ᠮᠡᠳᠡᠷᠡᠯ ᠤᠨ᠂ ᠰᠡᠥᠡᠬᠢᠴᠡ ᠶᠢᠨ ᠬᠡᠬᠦ ᠮᠡᠳᠦ | ᠬᠤᠷᠢ ᠢᠯᠡᠬᠦᠥ ᠲᠦᠷᠦᠯ ᠤᠨ ᠡᠪᠡᠳᠴᠢᠨ ᠢᠯᠡᠷᠡᠬᠦ ᠪᠤᠯᠤᠭᠰᠠᠨ ᠪᠦᠬᠡᠳ ᠲᠤᠰᠬᠠᠶᠢᠯᠠᠨ ᠨᠧᠲ ᠰᠦᠯᠵᠢᠶᠡᠨ ᠤ | ᠶᠡᠷᠦᠩᠭᠡᠶᠢᠯᠡᠭᠰᠠᠨ ᠡᠪᠡᠳᠴᠢᠨ ᠬᠡᠳᠡᠭ ᠰᠢᠨ᠎ᠡ ᠡᠪᠳᠴᠢᠨ ᠤ ᠨᠡᠷᠡᠶᠢᠳᠦᠯ ᠪᠤᠢ ᠪᠤᠯᠤᠭᠰᠠᠨ ᠪᠠᠶᠢᠨ᠎ᠠ᠃ ᠨᠡᠩ ᠴᠢᠬᠤᠯᠠ | ᠨᠢ ᠬᠡᠦᠬᠡᠳ ᠤᠨ ᠰᠡᠳᠬᠢᠴᠡ ᠬᠦᠨᠳᠤ ᠨᠤᠴᠢᠳᠡᠢ ᠬᠤᠤᠷᠳᠡᠯ ᠳᠤ ᠤᠴᠠᠷᠠᠵᠦ ᠨᠡᠶᠢᠬᠡᠮ ᠤᠨ ᠬᠤᠭ ᠨᠤᠪᠰᠢ ᠲᠡᠷᠢᠬᠢ | ᠲᠤᠯᠤᠭᠠᠢ ᠶᠢ ᠨᠢ ᠡᠵᠡᠯᠡᠨ ᠵᠠᠩ ᠠᠭᠠᠰᠢ ᠨᠢ ᠵᠤᠵᠢᠭ ᠵᠦᠷᠢᠬᠦᠳ ᠪᠤᠯᠵᠦ ᠬᠠᠮᠤᠭ ᠰᠡᠬᠦᠯ ᠳᠤᠨᠢ ᠪᠤᠷᠤᠭᠤ ᠵᠠᠮ ᠢᠶᠠᠷ | ᠤᠷᠤᠵᠦ ᠶᠠᠯ᠎ᠠ ᠬᠢᠬᠦ ᠬᠡᠮᠵᠢᠶᠡᠨ ᠳᠤ ᠬᠦᠷᠴᠦ ᠪᠤᠢ᠃ ᠨᠧᠲ ᠰᠦᠯᠵᠢᠶ᠎ᠡ ᠶᠢᠨ ᠬᠡᠦᠬᠡᠳ ᠲᠤ ᠤᠴᠠᠷᠠᠭᠤᠯᠵᠦ ᠪᠠᠶᠢᠭ᠎ᠠ | ᠬᠤᠤᠷ ᠬᠡᠮ ᠪᠣᠯ ᠲᠤᠩ ᠬᠦᠨᠳᠤ ᠨᠤᠴᠢᠳᠠᠢ ᠶᠤᠮ᠃ ᠣᠳᠣ ᠵᠠᠰᠠᠭ ᠤᠨ ᠣᠷᠳᠣᠨ ᠠᠴᠠ ᠨᠠᠰᠣᠨ ᠳᠤ ᠬᠦᠷᠦᠬᠡ | ᠦᠬᠡᠢ ᠬᠡᠦᠬᠡᠳ ᠤᠨ ᠨᠧᠲ ᠰᠦᠯᠵᠢᠶᠡᠨ ᠳᠤ ᠤᠷᠤᠬᠤ ᠶᠢ ᠴᠠᠭᠠᠵᠠᠯᠠᠬᠤ ᠵᠠᠷᠯᠢᠭ ᠨᠡᠶᠢᠳᠡᠯᠡᠭᠰᠠᠨ ᠪᠦᠬᠡᠳ | ᠰᠤᠷᠭᠠᠭᠤᠯᠢ ᠤᠶᠢᠷᠠᠯᠴᠠᠭ᠎ᠠ ᠨᠧᠲ ᠰᠦᠯᠵᠢᠶᠡᠨ ᠤ ᠭᠠᠵᠠᠷ ᠭᠠᠷᠭᠠᠵᠦ ᠪᠤᠯᠬᠤ ᠦᠬᠡᠢ ᠬᠡᠵᠦ ᠬᠤᠷᠢᠭᠯᠠᠵᠦ ᠪᠠᠶᠢᠭ᠎ᠠ | ᠪᠤᠯᠪᠠᠴᠦ ᠬᠠᠤᠯᠢ ᠪᠤᠰᠤ ᠡᠳᠡᠬᠡᠳ ᠮᠥᠨ ᠯᠡ ᠬᠤᠯᠠᠭᠠᠢ ᠬᠤᠳᠠᠯ ᠢᠶᠠᠷ ᠦᠢᠯᠡᠳᠴᠦ ᠬᠢᠳᠡᠭ ᠢᠶᠠᠨ ᠬᠢᠭᠰᠡᠬᠡᠷ ᠪᠠᠶᠢᠨ᠎ᠠ | ᠃ ᠡᠶᠢᠮᠤ ᠠᠴᠠ ᠬᠡᠷ ᠤᠨ ᠠᠬᠠᠮᠠᠳ ᠡᠨᠡ ᠲᠠᠯ᠎ᠠ ᠪᠠᠷ ᠬᠡᠦᠬᠡᠳ ᠢᠶᠠᠨ ᠴᠢᠩᠭ᠎ᠠ ᠬᠠᠮᠢᠶᠠᠷᠬᠤ ᠴᠢᠬᠤᠯᠠ ᠲᠠᠢ ᠪᠠᠶᠢᠨ᠎ᠠ᠃ | ᠪᠠᠰᠠ ᠨᠧᠲ ᠰᠦᠯᠵᠢᠶᠡᠨ ᠤ ᠭᠠᠵᠠᠷ ᠭᠠᠷᠴᠦ ᠪᠠᠶᠢᠭ᠎ᠠ ᠲᠡᠳᠡᠬᠡᠷ ᠬᠠᠤᠯᠢ ᠪᠤᠰᠤ ᠡᠳᠡᠬᠡᠳ ᠤᠨ ᠮᠡᠬᠡᠯᠡᠬᠦ᠂ | ᠰᠦᠷᠳᠡᠬᠦᠯᠬᠦ᠂ ᠪᠤᠯᠢᠶᠠᠬᠤ᠂ ᠵᠤᠳᠤᠯᠳᠤᠬᠤ᠂᠂᠂ ᠵᠡᠷᠬᠡ ᠪᠤᠯᠬᠢ ᠶᠠᠪᠤᠳᠠᠯ ᠤᠳ ᠬᠡᠦᠬᠡᠳ ᠤᠨ ᠪᠡᠶ᠎ᠡ ᠰᠡᠳᠬᠢᠴᠡ ᠳᠤ | ᠶᠡᠭᠡ ᠬᠤᠤᠷᠳᠡᠯ ᠠᠪᠴᠢᠷᠠᠵᠦ ᠪᠠᠶᠢᠭ᠎ᠠ ᠶᠢ ᠵᠠᠪᠠᠯ ᠠᠩᠬᠠᠷᠬᠤ ᠬᠡᠷᠡᠭᠳᠡᠢ᠃ ᠶᠠᠯᠠᠳᠤ ᠡᠳᠡᠭᠡᠥᠨ ᠬᠡᠥᠬᠡᠥᠨ ᠤᠨ ᠪᠡᠶ᠎ᠡ | ᠶᠢᠨ ᠭᠠᠷᠤᠯ᠂ ᠭᠡᠷ ᠤᠨ ᠪᠠᠶᠢᠳᠠᠯ ᠢ ᠤᠶᠢᠯᠠᠭᠠᠵᠦ ᠠᠪᠤᠭᠠᠥᠨ᠂ ᠭᠡᠷ ᠤᠨ ᠬᠦᠮᠦᠰ ᠠᠴᠠ ᠨᠢ ᠵᠤᠭᠤᠰ ᠮᠡᠬᠡᠯᠡᠬᠦ᠂ | ᠬᠡᠥᠬᠡᠥᠨ ᠢ ᠬᠠᠥᠯᠢ ᠪᠤᠰᠤ ᠠᠵᠢᠯᠯᠠᠭ᠎ᠠ ᠳᠤ ᠲᠠᠳᠠᠵᠤ ᠤᠷᠤᠭᠤᠯᠬᠤ ᠮᠡᠳᠦ ᠠᠯᠢ ᠪᠠᠶᠢᠭᠰᠠᠨ ᠮᠠᠭᠤᠬᠠᠢ ᠦᠢᠯᠡ ᠶᠢ | ᠦᠢᠯᠡᠥᠡᠬᠦ ᠪᠤᠯᠵᠠᠢ᠃ ᠲᠠᠮᠠᠬᠢ ᠲᠠᠳᠠᠳᠠᠭ ᠦᠬᠡᠢ ᠬᠡᠦᠬᠡᠳ ᠲᠠᠮᠠᠬᠢ ᠲᠠᠳᠠᠵᠦ ᠡᠴᠦᠰ ᠲᠤ ᠪᠠᠨ ᠬᠤᠤᠷ ᠴᠦ ᠲᠠᠳᠠᠬᠤ | ᠪᠤᠯᠵᠦ ᠪᠠᠰᠠ ᠦᠯᠦ ᠲᠠᠨᠢᠬᠤ ᠬᠦᠮᠦᠨ ᠲᠠᠢ ᠢᠨᠠᠭᠯᠠᠬᠤ᠂ ᠲᠡᠷᠡᠴᠢᠯᠡᠨ ᠲᠠᠭᠠᠵᠦ ᠶᠠᠪᠤᠬᠤ ᠦᠵᠡᠭᠳᠡᠯ ᠢᠯᠡᠷᠡᠵᠦ᠂ | ᠵᠠᠷᠢᠮ ᠠᠶᠢᠯ ᠤᠨ ᠬᠡᠦᠬᠡᠳ ᠨᠢ ᠬᠡᠨᠡᠳᠳᠡ ᠪᠠᠷ ᠠᠯᠠᠭ᠎ᠠ ᠪᠤᠯᠵᠦ ᠪᠠᠶᠢᠭ᠎ᠠ ᠨᠢ ᠪᠦᠷ ᠯᠡ ᠨᠧᠲ ᠰᠦᠯᠵᠢᠶ᠎ᠡ ᠲᠠᠢ | ᠬᠤᠯᠪᠤᠭ᠎ᠠ ᠲᠠᠢ᠃ ᠪᠠᠰᠠ ᠵᠠᠷᠢᠮ ᠬᠡᠦᠬᠡᠨᠴᠤᠳ ᠬᠠᠤᠯᠢ ᠪᠤᠰᠤ ᠡᠳᠡᠬᠡᠳ ᠲᠤ ᠮᠡᠬᠡᠯᠡᠭᠳᠡᠨ᠂ ᠪᠡᠶ᠎ᠡ ᠮᠠᠬᠠᠪᠤᠳ ᠤᠨ | ᠲᠠᠯ᠎ᠠ ᠪᠠᠷ ᠲᠠᠮᠤᠯᠠᠭᠳᠠᠵᠦ᠂ ᠵᠠᠷᠢᠮ ᠨᠢ ᠠᠷᠭ᠎ᠠ ᠪᠤᠰᠤ ᠲᠤᠭᠯᠠᠭᠠᠮ ᠤᠨ ᠭᠠᠵᠠᠷ ᠢᠶᠠᠷ ᠨᠠᠭᠠᠳᠤᠮ ᠤᠨ ᠶᠠᠭᠤᠮ᠎ᠠ | ᠪᠤᠯᠵᠦ ᠪᠤᠢ᠃ | ᠰᠦᠯᠵᠢᠶᠡᠨ ᠠᠴᠠ ᠡᠬᠦᠰᠴᠦ ᠪᠠᠶᠢᠭ᠎ᠠ ᠡᠨᠡ ᠤᠯᠠᠨ ᠠᠰᠠᠭᠤᠳᠠᠯ ᠪᠤᠯ ᠰᠦᠯᠵᠢᠶ᠎ᠠ ᠭᠡᠳᠡᠭ ᠨᠢ | ᠬᠠᠥᠯᠢ ᠪᠤᠰᠤ ᠡᠳᠡᠭᠡᠥᠨ ᠤᠨ ᠬᠦᠮᠦᠨ ᠮᠡᠬᠡᠯᠡᠵᠦ ᠶᠠᠯ᠎ᠠ ᠨᠢᠬᠦᠯ ᠬᠢᠬᠦ ᠳᠤ ᠨᠡᠩ ᠲᠠᠯᠳᠠ ᠨᠢᠭᠤᠴᠠᠭᠠᠢ ᠲᠦᠭᠦᠮ | ᠨᠦᠬᠦᠴᠡᠯ ᠢ ᠬᠠᠩᠭᠠᠭᠰᠠᠨ ᠠᠴᠠ ᠪᠤᠯᠤᠭᠰᠠᠨ ᠶᠤᠮ᠃ ᠮᠡᠬᠡᠯᠡᠭᠴᠢᠥᠨ ᠶᠠᠭ ᠡᠨᠡᠬᠦ ᠨᠢᠭᠤᠴᠠᠬᠠᠨ ᠪᠠᠭ ᠤᠨ ᠴᠠᠭᠠᠨ᠎ᠠ | ᠠᠴᠠ ᠭᠡᠨᠡᠨ ᠴᠠᠶᠢᠯᠭᠠᠨ ᠬᠡᠥᠬᠡᠥᠨ ᠲᠤ ᠬᠠᠷ᠎ᠠ ᠰᠠᠪᠠᠷ ᠢᠶᠠᠨ ᠰᠤᠩᠭᠠᠵᠤ ᠪᠠᠶᠢᠳᠠᠭ᠃ ᠬᠦᠮᠦᠰ ᠤᠨ ᠮᠤᠷᠠᠯ ᠰᠤᠷᠳᠠᠯ | ᠭᠠᠵᠢᠬᠤ ᠳᠤ ᠬᠦᠷᠪᠡᠯ ᠬᠡᠴᠢᠨᠡᠨ ᠦᠨᠳᠦᠷ ᠡᠷᠳᠡᠮ ᠮᠡᠷᠭᠡᠵᠢᠯ ᠡᠵᠡᠮᠰᠢᠯ᠎ᠡ ᠴᠦ ᠭᠡᠥᠨ ᠠᠯᠢ ᠲᠠᠪᠰᠢᠩᠭᠤᠢ ᠰᠢᠨᠵᠢᠯᠡᠬᠦ | ᠤᠬᠠᠭᠠᠨ ᠤ ᠮᠡᠷᠭᠡᠵᠢᠯ ᠢ ᠠᠯᠢ ᠪᠤᠯᠢᠬᠠᠢ ᠮᠠᠭᠤᠬᠠᠢ ᠪᠠᠷ ᠠᠰᠢᠭᠯᠠᠳᠠᠭ ᠤᠨ ᠵᠢᠱᠢᠶ᠎ᠡ ᠡᠨᠡ ᠪᠠᠶᠢᠭ᠎ᠠ᠃ ᠰᠦᠯᠵᠢᠶᠡᠨ | ᠠᠴᠠ ᠠᠷᠠᠯᠵᠢᠶ᠎ᠠ ᠮᠠᠶᠢᠮᠠᠢ ᠶᠢᠨ ᠰᠤᠷᠠᠭ ᠵᠠᠩᠬᠢ᠂ ᠠᠵᠢᠯ ᠦᠢᠯᠡᠰ ᠤᠨ ᠠᠵᠠ ᠲᠤᠬᠢᠶᠠᠯ᠂ ᠰᠤᠷᠤᠯᠴᠠᠯᠭ᠎ᠠ | ᠰᠤᠳᠤᠯᠭᠠᠨ ᠤ ᠮᠠᠲ᠋ᠧᠷᠢᠶᠠᠯ ᠪᠠᠷᠢᠮᠳᠠ᠂ ᠡᠷᠡᠭᠦᠯ ᠠᠭᠤᠯᠭ᠎ᠠ ᠲᠠᠢ ᠺᠢᠨᠤ᠋ ᠤᠷᠠᠯᠢᠭ ᠰᠤᠨᠢᠷᠬᠠᠵᠤ ᠪᠠᠶᠢᠪᠠᠯ ᠨᠧᠲ | ᠶᠢᠷᠳᠢᠨᠴᠦ ᠶᠢᠨ ᠴᠡᠪᠡᠷ ᠠᠭᠠᠷ ᠲᠤ ᠠᠮᠢᠳᠤᠷᠠᠵᠤ ᠪᠠᠶᠢᠨ᠎ᠠ ᠭᠡᠰᠡᠨ ᠦᠭᠡ᠃ ᠲᠡᠭᠡᠬᠦ ᠠᠴᠠ ᠭᠡᠷ ᠤᠨ ᠠᠬᠠᠮᠠᠥᠨ ᠮᠠᠨᠢ | ᠨᠧᠲ ᠰᠦᠯᠵᠢᠶ᠎ᠠ ᠶᠢᠨ ᠭᠡᠷᠡᠯ ᠰᠡᠭᠦᠳᠡᠷ ᠬᠤᠶᠠᠷ ᠲᠠᠯ᠎ᠠ ᠶᠢ ᠬᠦᠢᠴᠡᠥᠨ ᠲᠠᠨᠢᠵᠤ᠂ ᠦᠷ᠎ᠡ ᠬᠡᠥᠬᠡᠥᠨ ᠢᠶᠠᠨ ᠬᠠᠥᠯᠢ | ᠪᠤᠰᠤ ᠡᠳᠡᠭᠡᠥᠨ ᠤᠨ ᠬᠠᠷ᠎ᠠ ᠰᠠᠪᠠᠷ ᠠᠴᠠ ᠦᠮᠦᠭᠯᠡᠨ ᠬᠠᠮᠠᠭᠠᠯᠠᠵᠤ ᠶᠠᠪᠤᠶ᠎ᠠ᠃ | | ︵ ︽ᠮᠤᠩᠭᠤᠯᠴᠤᠳ ᠤᠨ ᠬᠡᠷ ᠪᠦᠯᠢ ᠶᠢᠨ ᠰᠤᠷᠭᠠᠨ ᠬᠦᠮᠦᠵᠢᠯ︾ ᠠᠴᠠ︶ | |