| ᠦᠳᠡᠰᠢ ᠶᠢᠨ ᠪᠤᠷᠤ ᠬᠡᠭᠡ ᠲᠠᠳᠠᠵᠤ᠂ ᠲᠦᠷᠦᠬᠦᠴᠢ ᠶᠢᠨ ᠤᠳᠤ ᠴᠡᠴᠡᠭᠯᠡᠬᠦ ᠶᠢᠨ ᠠᠯᠳᠠ ᠳᠤ | ᠰᠢᠷᠠᠪ ᠭᠤᠸᠠᠢ ᠪᠢᠳᠠ ᠬᠤᠶᠠᠷ ᠤᠷᠤ᠂ ᠲᠡᠷᠨ ᠪᠠᠨ ᠵᠠᠰᠠᠵᠤ ᠬᠡᠪᠳᠡᠬᠦ ᠪᠠᠷ ᠵᠠᠪᠳᠤᠭᠰᠠᠨ ᠬᠡᠳᠦᠢ ᠴᠤ ᠬᠡᠨ ᠮᠠᠨᠢ ᠴᠤ | ᠶᠠᠭᠠᠷᠠᠨ ᠬᠠᠵᠠᠭᠤᠯᠤᠭᠰᠠᠨ ᠦᠭᠡᠢ᠃ ᠭᠠᠳᠠᠭ᠎ᠠ ᠠᠯᠢ ᠡᠷᠳᠠ ᠬᠠᠷ᠎ᠠ ᠴᠢᠬᠢᠭ ᠤᠨᠠᠵᠤ᠂ ᠮᠠᠶᠢᠬᠠᠨ ᠤ ᠬᠠᠶᠠᠭ᠎ᠠ | ᠪᠠᠭᠠᠳᠠᠩ ᠢᠶᠠᠷ ᠰᠢᠨᠡᠭᠡᠨ ᠬᠠᠳᠤᠭᠰᠠᠨ ᠡᠪᠡᠰᠦᠨ ᠤ ᠠᠭᠠᠭ ᠦᠨᠦᠷ ᠦᠶ᠎ᠠ ᠦᠶ᠎ᠠ ᠰᠡᠷᠢᠬᠦᠤ ᠲᠠᠳᠠᠭᠤᠯᠤᠨ | ᠬᠠᠩᠬᠤᠯᠠᠬᠤ ᠨᠢ ᠨᠢᠳᠦᠨᠤᠨ ᠤ ᠬᠤᠩᠭᠤᠷ ᠨᠠᠮᠤᠷ ᠤᠨ ᠮᠠᠷᠳᠠᠭᠳᠠᠭᠰᠠᠨ ᠲᠤᠷᠠᠳᠬᠠᠯ ᠰᠡᠷᠢᠬᠡᠵᠤ᠂ ᠪᠤᠬᠠᠯᠳᠠᠭᠰᠠᠨ | ᠮᠠᠩᠰᠢᠭᠤᠷᠠᠮᠠ ᠰᠠᠶᠢᠬᠠᠨ ᠦᠨᠦᠷ ᠲᠤ ᠵᠢᠷᠭᠠᠨ ᠬᠤᠨᠤᠭᠰᠠᠨ ᠪᠤᠷᠤᠭ᠎ᠠ ᠲᠠᠢ ᠰᠦᠨᠢ ᠶᠢ ᠰᠠᠨᠠᠭᠳᠠᠭᠤᠯᠤᠨ᠎ᠠ᠃ | ᠬᠠᠩᠭᠠᠢ ᠬᠤᠭᠤᠰᠤᠨ ᠮᠠᠶᠢᠬᠠᠨ ᠳᠤ ᠬᠠᠳᠤᠯᠠᠩᠴᠢᠳ ᠤᠨ ᠨᠤᠳᠤᠭ ᠰᠠᠬᠢᠨ ᠬᠤᠴᠤᠷᠤᠭᠰᠠᠨ | ᠬᠤᠶᠠᠷ ᠡᠷ᠎ᠠ ᠬᠦᠮᠦᠨ ᠬᠠᠮᠢᠭᠠᠰᠢ ᠪᠠᠨ ᠴᠤ ᠵᠢᠬᠢᠭᠡᠳ ᠬᠡᠪᠳᠡᠭᠰᠡᠨ ᠬᠦᠯ ᠲᠤᠯᠬᠤ ᠶᠢᠨ ᠵᠤᠪᠠᠯᠠᠩ ᠦᠭᠡᠢ ᠠᠮᠠᠷ | ᠵᠢᠮᠦᠷ ᠪᠦᠭᠡᠳᠡᠯᠠ ᠰᠢᠷᠠᠪ ᠭᠤᠸᠠᠢ ᠰᠡᠳᠬᠢᠯ ᠨᠢ ᠰᠢᠯᠢᠷᠡᠵᠤ ᠴᠢᠬᠤᠯᠳᠠᠭᠰᠠᠨ ᠶᠠᠩᠵᠤᠳᠠᠢ ᠤᠷᠤᠪᠠᠴᠤ ᠭᠠᠷᠤᠪᠠᠴᠤ | ᠲᠡᠷᠡᠬᠦᠭᠡᠨ ᠳᠡᠭᠡᠨ ᠪᠤᠬᠢᠮᠳᠠᠵᠤ ᠮᠠᠶᠢᠬᠠᠨ ᠤ ᠭᠠᠳᠠᠰᠤ᠂ ᠬᠡᠴᠢᠷ ① ᠲᠤ ᠪᠦᠳᠦᠴᠢᠨ ᠬᠠᠷᠢᠶᠠᠯ ᠲᠠᠯᠪᠢᠨ ᠮᠤᠩᠬᠢᠨᠠᠬᠤ | ᠨᠢ ᠲᠦᠪᠡᠭᠳᠠᠢ᠃ ᠦᠶ᠎ᠠ ᠲᠡᠩ ᠤᠨ ᠵᠠᠯᠠᠭᠤ ᠬᠦᠮᠦᠨ ᠦᠭᠡᠢ ᠳᠤ ᠮᠢᠨᠤ ᠪᠡᠶ᠎ᠠ ᠭᠠᠭᠴᠠᠭᠠᠷᠳᠠᠨ ᠤᠶᠢᠳᠬᠤ ᠳᠠᠭᠠᠨ | ᠡᠨᠡ ᠲᠡᠷᠨ ᠰᠤᠯᠨ ᠦᠭᠡᠰ ᠢ ᠬᠦᠦᠷᠨᠢᠯᠳᠦᠨ ᠴᠠᠭ ᠨᠦᠭᠴᠢᠭᠡᠶᠠ ᠭᠡᠳᠡᠯ᠎ᠠ ᠮᠠᠨ ᠤ ᠡᠪᠦᠭᠡᠨ ᠦᠭᠡᠨ ᠳᠡᠭᠡᠨ ᠮᠦᠩᠬᠦᠨ | ᠠᠴᠠ ᠪᠠᠨ ᠲᠤᠳᠠᠭᠤ ᠦᠭᠡᠢ ᠬᠠᠷᠠᠮ᠂ ᠲᠡᠩᠳᠡᠬᠦᠤ ᠲᠠᠭᠤ ᠴᠦᠭᠡᠨᠳᠠᠢ ᠨᠢ ᠭᠠᠴᠢᠯᠠᠩᠳᠠᠢ᠃ ᠲᠡᠬᠦᠨ ᠳᠤ ᠬᠡᠨ ᠨᠢᠭᠡᠨ | ᠲᠠᠢ ᠬᠡᠷᠡᠭ ᠲᠠᠢ᠂ ᠬᠡᠷᠡᠭ ᠦᠭᠡᠢ ᠶᠠᠭᠤᠮ᠎ᠠ ᠶᠠᠷᠢᠯᠴᠠᠨ ᠰᠢᠳᠤ ᠦᠭᠡᠢ ᠠᠮᠠ ᠢᠶᠠᠷ ᠰᠢᠯᠦᠰᠤ ᠪᠠᠨ ᠦᠰᠦᠷᠭᠡᠵᠤ | ᠪᠠᠶᠢᠬᠰᠠᠨ ᠠᠴᠠ ᠲᠠᠮᠠᠬᠢ ᠪᠠᠨ ᠨᠡᠷᠡᠵᠤ᠂ ᠮᠠᠭᠤ ᠮᠤᠳᠤ ᠲᠤᠯᠤᠭᠠᠢ ᠪᠠᠨ ᠤᠯᠠᠶᠢᠰᠬᠠᠨ ᠲᠦᠩᠬᠦᠵᠤ ᠰᠠᠭᠤᠬᠤ ᠨᠢ | ᠶᠠᠭᠤ ᠶᠠᠭᠤᠨ ᠠᠴᠠ ᠢᠯᠡᠬᠦᠤ ᠵᠢᠷᠭᠠᠯ ᠲᠠᠢ ᠪᠠᠶᠢᠳᠠᠭ ᠪᠤᠯᠪᠠ ᠦᠦ ᠬᠡᠮᠡᠷ᠃ ᠰᠢᠷᠡᠮᠦᠨ ᠴᠦᠬᠦᠴᠨ ᠲᠠᠢ ᠳ᠋ᠧᠩ ᠤᠨ | ᠲᠡᠭᠡᠬᠦᠷ ᠬᠡᠷᠡᠯ ᠤᠨ ᠴᠠᠭᠠᠨ ᠡᠷᠪᠡᠬᠡᠢ ᠪᠤᠵᠢᠬᠢᠨᠠᠨᠠ᠃ ᠡᠪᠦᠭᠡᠨ ᠡᠮᠦᠨ᠎ᠠ ᠲᠠᠯᠪᠢᠭᠰᠠᠨ ᠰᠢᠮ᠎ᠠ ᠶᠢᠨ ᠠᠷᠢᠬᠢᠨ ᠠᠴᠠ | ᠲᠠᠭᠱᠠᠨ ᠳᠠᠭᠠᠨ ᠲᠦᠬᠦᠷᠭᠡᠨ ᠨᠠᠳᠠ ᠤᠷᠤᠭᠤ ᠪᠠᠷᠢᠬᠤ ᠵᠠᠭᠤᠷ᠎ᠠ ᠬᠦᠮᠦᠰᠭᠡ ᠵᠤᠪᠬᠢ ᠨᠢ ᠬᠦᠯᠦᠰᠦᠳᠠᠢ ᠬᠦᠯᠴᠦᠭᠦᠭᠡᠨ | ᠨᠢᠳᠤ ᠪᠠᠷ ᠮᠢᠨᠤ ᠨᠢᠭᠤᠷ ᠦᠭᠡᠳᠠ ᠰᠢᠷᠳᠡᠵᠤ᠄ ︽ᠡᠷ᠎ᠠ ᠬᠦᠮᠦᠨ ᠬᠦᠭᠰᠢᠷᠡᠬᠦ ᠰᠢᠭ ᠭᠤᠳᠤᠷᠠᠮᠠᠷ ᠶᠠᠭᠤᠮ᠎ᠠ ᠠᠯᠠᠭ᠎ᠠ᠃ | ᠤᠨᠤᠳᠠᠭ ᠮᠤᠷᠢ᠂ ᠤᠤᠭᠤᠵᠤ ᠢᠳᠡᠳᠡᠭ ᠢᠳᠡᠭᠡᠨ ᠳᠡᠭᠡᠨ ᠬᠦᠷᠳᠡᠯ᠎ᠠ ᠠᠶᠠᠨᠳᠠᠭᠠᠨ ᠭᠤᠯᠤᠭᠳᠠᠳᠠᠭ ᠶᠤᠮ ᠪᠠᠶᠢᠨ᠎ᠠ᠃ | ᠠᠶᠠᠭ᠎ᠠ ᠲᠠᠭᠱᠠ ᠶᠠᠭᠤᠮ᠎ᠠ ᠤᠤᠭᠤᠭᠠᠳ ᠲᠠᠭᠠᠭᠠᠬᠤ ᠦᠭᠡᠢ ᠬᠢᠷᠢ ᠨᠢ ᠨᠢᠭᠡ ᠶᠡᠭᠡ ᠬᠤᠭᠤᠰᠤᠨ ᠬᠤᠷᠤᠬᠠᠶᠢᠰᠬᠤ | ᠠᠴᠠ ᠴᠠᠭᠠᠰᠢ ᠦᠭᠡᠢ᠃ ᠵᠠᠯᠠᠭᠤ ᠴᠠᠭ ᠲᠤ ᠮᠤᠷᠢᠨ ᠤ ᠲᠤᠭᠰᠢᠨ ᠢ ᠤᠨᠤᠵᠤ᠂ ᠠᠷᠢᠬᠢᠨ ᠤ ᠬᠠᠳᠠᠭᠤ ᠶᠢ ᠯᠡ | ᠤᠤᠭᠤᠵᠤ ᠶᠠᠪᠤᠭᠰᠠᠨ ᠶᠤᠮᠰᠠᠨ︾ ᠬᠡᠵᠤ ᠦᠪᠡᠷ ᠢᠶᠠᠨ ᠦᠪᠡᠷᠳᠡᠭᠡᠨ ᠭᠤᠮᠤᠷᠬᠠᠨ ᠬᠡᠯᠡᠭᠡᠳ ᠬᠦᠭᠰᠢᠨ ᠨᠤᠬᠠᠢ ᠶᠢ | ᠰᠠᠨᠠᠭᠳᠠᠭᠤᠯᠤᠮ᠎ᠠ ᠤᠪᠠᠢ ᠦᠭᠡᠢ ᠡᠪᠰᠢᠶᠡᠯᠭᠡᠯᠠ᠃ | ︽ᠪᠢ ᠡᠳᠦᠢ ᠪᠤᠯᠳᠠᠯ᠎ᠠ ᠲᠠᠨ ᠤ ᠬᠠᠯᠠᠮᠴᠠᠭᠤ ᠶᠠᠪᠤᠬᠤ ᠶᠢ ᠦᠵᠡᠭᠡ ᠦᠭᠡᠢ ᠶᠤᠮ ᠪᠠᠶᠢᠨ᠎ᠠ᠃ | ᠲᠠ ᠪᠠᠰᠠ ᠰᠤᠭᠳᠤᠳᠠᠭ ᠶᠤᠮ ᠪᠤᠢ︖︾ ᠬᠡᠪᠡᠯ ᠲᠡᠷᠨ ᠲᠤᠯᠤᠭᠠᠢ ᠰᠡᠭᠰᠦᠷᠴᠤ᠄ ︽ᠰᠤᠭᠳᠤᠬᠤ ᠪᠠᠷ ᠪᠠᠷᠠᠬᠤ ᠦᠦ | ᠃ ᠤᠬᠠᠭᠠᠨ ᠬᠠᠪᠤᠷ ᠤᠨ ᠴᠠᠰᠤ᠂ ᠰᠢᠮᠠᠷᠭ᠎ᠠ ᠰᠢᠭ᠋ ᠮᠠᠨᠠᠯᠵᠠᠵᠤ ᠪᠠᠶᠢᠭᠰᠠᠨ ᠢᠶᠠᠨ ᠬᠡᠨᠡᠳᠳᠠ ᠬᠠᠷᠠᠩᠭᠤᠶᠢᠯᠠᠴᠢᠬᠠᠳᠠᠭ | ᠪᠤᠯᠤᠭᠰᠠᠨ ᠪᠠᠶᠢᠨ᠎ᠠ ᠯᠠᠢ᠃ ᠶᠠᠮᠠᠷ ᠰᠠᠶᠢᠨ ᠳᠠᠭᠠᠨ ᠬᠦᠵᠦᠬᠦᠨ ᠳᠡᠭᠡᠨ ᠵᠡᠬᠦᠭᠰᠡᠨ ᠰᠠᠬᠢᠭᠤᠰᠤ ᠪᠠᠨ ᠭᠡᠭᠡᠴᠢᠭᠡᠪᠡ ᠳ᠋ᠧ | ︾ ᠬᠡᠵᠤ ᠦᠬᠦᠯᠡᠭᠰᠡᠨ ᠢᠶᠠᠨ ᠠᠯᠢ ᠡᠷᠳᠠ ᠤᠨᠳᠠᠷᠠᠭᠰᠠᠨ ᠲᠠᠮᠠᠬᠢ ᠪᠠᠨ ᠠᠰᠠᠭᠠᠯᠠ᠃ | ︽ᠬᠡᠵᠢᠶ᠎ᠠ ᠲᠡᠷᠨ ᠪᠤᠢ᠂ ᠲᠠ ᠲᠡᠭᠡᠭᠡᠳ ᠡᠷᠳᠡᠭᠡᠨ ᠨᠠᠳᠠᠳᠤ ᠬᠡᠯᠡᠬᠦ ᠦᠭᠡᠢ ᠶᠠᠭᠠᠬᠢᠭᠰᠠᠨ ᠶᠤᠮ | ᠪᠤᠢ︖︾ | ︽ᠴᠢᠮᠠᠳᠤ ᠬᠡᠯᠡᠭᠡᠳ ᠶᠠᠭᠠᠬᠢᠬᠤᠪ ᠳ᠋ᠧ᠃ ᠤᠯᠳᠠᠬᠤ ᠯᠡ ᠪᠠᠶᠢᠭᠰᠠᠨ ᠪᠤᠯ ᠪᠢ ᠡᠳᠦᠢ ᠳᠤ | ᠴᠢᠮ᠎ᠠ ᠲᠠᠢ ᠴᠢᠮ᠎ᠠ ᠦᠭᠡᠢ ᠤᠯᠤᠭᠠᠳ ᠬᠦᠵᠦᠬᠦᠨ ᠳᠡᠭᠡᠨ ᠵᠡᠬᠦᠴᠢᠭᠡᠭᠡᠳ ᠰᠠᠭᠤᠵᠤ ᠪᠠᠶᠢᠬᠤ ᠦᠭᠡᠢ ᠦᠦ᠃ ᠡᠨᠡ | ᠤᠯᠠᠨ ᠮᠠᠭᠤᠰᠠᠶᠢᠨ ᠮᠤᠷᠢᠨ ᠲᠠᠷᠮᠠᠭᠤᠷ ᠡᠪᠡᠰᠤ ᠲᠠᠢ ᠬᠠᠮᠳᠤ ᠬᠠᠮᠤᠭᠠᠳ ᠠᠯᠠᠭ᠎ᠠ ᠪᠤᠯᠤᠭᠰᠠᠨ ᠠᠴᠠ ᠵᠠᠶᠢᠯᠠᠬᠤ | ᠦᠭᠡᠢ᠃ ᠲᠦᠴᠢᠨ ᠬᠡᠳᠦᠨ ᠵᠢᠯ ᠪᠡᠶ᠎ᠠ ᠠᠴᠠ ᠪᠠᠨ ᠰᠠᠯᠭᠠᠭ᠎ᠠ ᠦᠭᠡᠢ ᠶᠤᠮᠰᠠᠨ᠃ ᠮᠢᠨᠤ ᠰᠠᠬᠢᠭᠤᠰᠤ ᠵᠡᠬᠦᠬᠦ ᠬᠤᠨᠤᠭ | ᠤᠨ ᠲᠤᠭ᠎ᠠ ᠬᠦᠢᠴᠡᠭᠰᠡᠨ ᠶᠤᠮ ᠪᠠᠶᠢᠯᠬᠦᠢ᠃︾ | ︽ᠤᠭᠤᠰᠤᠷ ᠨᠢ ᠲᠠᠰᠤᠷᠠᠵᠤ ᠳ᠋ᠧ᠂ ᠲᠡᠬᠦᠨ ᠠᠴᠠ ᠪᠢᠰᠢ ᠬᠦᠵᠦᠬᠦᠨ ᠳᠤ ᠵᠡᠬᠦᠭᠰᠡᠨ | ᠰᠠᠬᠢᠭᠤᠰᠤ ᠭᠡᠭᠡᠭᠳᠡᠨᠠ ᠬᠡᠵᠤ ᠪᠠᠶᠢᠮᠠᠷ ᠦᠭᠡᠢ ᠰᠠᠨ︾ ᠬᠡᠪᠡᠯ ᠰᠢᠷᠠᠪ ᠭᠤᠸᠠᠢ ᠬᠡᠮᠰᠢᠭᠰᠡᠨ ᠶᠠᠩᠵᠤᠳᠠᠢ᠄ ︽ᠮᠢᠨᠤ | ᠵᠤᠪᠠᠯᠭ᠎ᠠ ᠶᠢᠨ ᠮᠠᠭᠤ ᠬᠦᠯᠦᠰᠦᠨ ᠳᠤ ᠰᠠᠬᠢᠭᠤᠰᠤᠨ ᠤ ᠮᠠᠨᠢ ᠤᠭᠤᠰᠤᠷ ᠲᠦᠯᠡᠭᠳᠡᠵᠤ ᠦᠵᠢᠷᠡᠭᠰᠡᠨ ᠪᠠᠶᠢᠭᠰᠠᠨ ᠢ | ᠲᠠᠩᠴᠢ ᠮᠡᠳᠡᠭᠰᠡᠨ ᠦᠭᠡᠢ᠃︾ | ᠡᠪᠤᠭᠡᠨ ᠤ ᠬᠦᠯᠦᠰᠤ ᠨᠡᠪᠴᠢᠭᠰᠡᠨ᠂ ᠨᠠᠷᠠᠰᠢᠵᠤ ᠬᠠᠷᠠᠯᠠᠭᠰᠠᠨ ᠨᠢᠭᠤᠷ ᠬᠦᠩᠬᠦᠷ ᠴᠦᠬᠦᠴᠡᠨ ᠳᠤ | ᠰᠦᠳᠡᠭᠡᠨᠡᠬᠦ ᠳ᠋ᠧᠩ ᠤᠨ ᠬᠡᠷᠡᠯ ᠳᠤ ᠬᠢᠯᠠᠯᠵᠠᠨ ᠬᠠᠷᠠᠭᠳᠠᠨ᠎ᠠ᠃ | ᠰᠢᠷᠠᠪ ᠬᠡᠵᠤ ᠮᠢᠨᠤ ᠮᠡᠳᠡᠬᠦ ᠶᠢᠨ ᠯᠡ ᠡᠶᠢᠮᠤ ᠨᠢᠭᠡ ᠬᠠᠩᠬᠠᠷ ᠬᠠᠷ᠎ᠠ ᠡᠪᠤᠭᠡᠨ ᠪᠠᠶᠢᠭᠰᠠᠨ᠂ ᠤᠳᠤ | ᠴᠤ ᠬᠡᠪ ᠢᠶᠠᠷ ᠢᠶᠠᠨ᠃ ᠶᠡᠷᠦ ᠦᠳᠡᠯᠵᠤ ᠡᠪᠤᠭᠡᠷᠡᠭᠰᠡᠨ ᠶᠠᠩᠵᠤ ᠦᠭᠡᠢ ᠪᠠᠬᠢ ᠪᠠᠶᠢᠳᠠᠭ ᠢᠶᠠᠷ ᠢᠶᠠᠨ ᠠᠷᠢᠬᠢ᠂ | ᠲᠠᠷᠠᠰᠤ ᠤᠤᠭᠤᠭᠠᠳ ᠬᠡᠪ ᠨᠢᠭᠡ ᠠᠯᠬᠤᠵᠤ ᠶᠠᠪᠤᠬᠤ ᠶᠤᠮ᠃ ᠬᠠᠭᠤᠴᠢᠨ ᠤᠯᠤᠰ ᠶᠠᠭᠠᠬᠢᠬᠤ ᠪᠠᠷ ᠢᠶᠠᠨ ᠡᠶᠢᠮᠤ | ᠶᠠᠰᠤ ᠰᠠᠶᠢᠳᠠᠢ ᠲᠦᠷᠦᠳᠡᠭ ᠪᠠᠶᠢᠨ᠎ᠠ ᠬᠡᠵᠤ ᠪᠤᠳᠤᠬᠤ ᠵᠠᠭᠤᠷ᠎ᠠ ᠠᠷᠢᠬᠢᠨ ᠠᠴᠠ ᠨᠢ ᠨᠢᠭᠡ ᠪᠠᠯᠭᠤᠭᠠᠳ ᠪᠤᠴᠠᠭᠠᠵᠤ | ᠦᠭᠬᠦᠯ᠎ᠠ᠃ ᠰᠢᠷᠠᠪ ᠭᠤᠸᠠᠢ ᠮᠠᠶᠢᠬᠠᠨ ᠤ ᠭᠤᠷᠪᠠᠯᠵᠢᠨ ᠠᠮᠠ ᠪᠠᠷ ᠲᠡᠭᠷᠢ ᠶᠢᠨ ᠬᠠᠶᠠᠭᠠᠨ ᠳᠤ ᠠᠨᠢᠪᠠᠯᠵᠠᠬᠤ ᠲᠤᠮᠤ | ᠰᠢᠷᠭᠠᠯ ᠤᠳᠤ ᠶᠢ ᠰᠢᠷᠳᠡᠨ ᠲᠠᠮᠠᠬᠢ ᠪᠠᠨ ᠤᠯᠠᠯᠵᠠᠭᠤᠯᠤᠨ ᠴᠢᠮᠡᠭᠡ ᠦᠭᠡᠢ ᠬᠡᠰᠡᠭ ᠰᠠᠭᠤᠭᠰᠠᠨ ᠢᠶᠠᠨ᠄ ︽ᠡᠨᠡ | ᠤᠳᠤ ᠮᠡᠴᠢᠳ ᠤᠨ ᠴᠢᠷᠠᠢ᠂ ᠢᠷᠡᠬᠦ ᠵᠢᠯ ᠬᠠᠳᠠᠭᠤᠬᠠᠨ ᠡᠪᠤᠯ ᠲᠠᠢ ᠵᠤᠯᠭᠠᠨ᠎ᠠ ᠪᠤᠢ᠃ ᠨᠤᠭᠤᠭᠠᠨ ᠤ ᠰᠢᠮ᠎ᠠ | ᠰᠢᠬᠦᠰᠤ ᠬᠠᠳᠠᠴᠢᠬᠠᠬᠤ ᠠᠴᠠ ᠡᠮᠦᠨ᠎ᠠ ᠠᠳᠬᠤ ᠴᠢᠮᠬᠢ ᠴᠤ ᠪᠤᠯᠪᠠ ᠡᠪᠡᠰᠤ ᠠᠪᠬᠤ ᠦᠭᠡᠢ ᠪᠤᠯ ᠬᠠᠪᠤᠷ ᠪᠢᠳᠠ | ᠲᠡᠪᠡᠯ ᠢᠶᠠᠨ ᠲᠤᠯᠤᠭᠠᠢ ᠲᠡᠭᠡᠬᠦᠷ ᠢᠶᠠᠨ ᠨᠦᠮᠦᠷᠴᠤ ᠮᠡᠳᠡᠨ᠎ᠠ᠃ ᠵᠤᠳ ᠲᠤᠷᠬᠠᠨ ᠨᠢᠭᠡ ᠨᠢᠭᠤᠷᠯᠡᠪᠡᠯ ᠬᠡᠴᠡᠬᠦᠤ᠃ | ᠴᠠᠭ ᠤᠨ ᠬᠠᠳᠠᠭᠤ ᠳᠤ ᠮᠠᠯ ᠤᠨ ᠠᠮᠠ ᠬᠦᠳᠡᠯᠭᠡᠬᠦ ᠶᠠᠭᠤᠮ᠎ᠠ ᠦᠭᠡᠢ ᠯᠡ ᠪᠤᠯ ᠰᠠᠶ᠎ᠠ᠂ ᠳ᠋ᠦᠩᠰᠢᠭᠤᠷ ᠮᠠᠨᠢ | ᠤᠩᠰᠢᠭᠠᠳ ᠴᠤ ᠨᠡᠮᠡᠷᠢ ᠦᠭᠡᠢ︾ ᠬᠡᠮᠡᠨ ᠦᠭᠡ ᠨᠢ ᠤᠯᠠᠰᠢᠷᠠᠬᠤ ᠶᠠᠩᠵᠤᠳᠠᠢ ᠪᠤᠯᠤᠭᠰᠠᠨ ᠢᠶᠠᠨ᠄ ︽ᠬᠤᠶᠠᠭᠤᠯᠨ | ᠪᠠᠨ ᠬᠠᠮᠳᠤ ᠳᠠᠭᠠᠨ ᠭᠠᠷᠴᠤ ᠮᠤᠷᠢ ᠬᠠᠷᠠᠬᠤ ᠦᠦ︾ ᠬᠡᠵᠤ ᠨᠠᠮᠠᠢᠢ ᠬᠠᠨᠢ ᠲᠠᠳᠠᠯ᠎ᠠ᠃ | ᠰᠠᠷᠠᠨ ᠤ ᠵᠦᠭᠡᠯᠡᠨ ᠰᠢᠷᠭᠠᠯ ᠬᠡᠷᠡᠯ ᠠᠰᠬᠠᠷᠠᠭᠰᠠᠨ ᠨᠠᠮᠤᠷ ᠤᠨ ᠴᠠᠭᠠᠨ ᠰᠦᠨᠢ ᠠᠭᠯᠠᠭᠬᠠᠨ | ᠬᠡᠭᠡᠷ᠎ᠠ ᠲᠠᠯ᠎ᠠ ᠳᠤ ᠰᠠᠯᠬᠢ ᠵᠢᠪᠠᠷ ᠨᠢᠭᠡᠭᠡᠨ ᠴᠤ ᠦᠭᠡᠢ᠂ ᠠᠯᠤᠰ ᠲᠤ ᠪᠦᠷᠦᠩᠬᠦᠢ ᠶᠢᠨ ᠲᠤᠮᠳᠠ ᠴᠢᠳᠦᠷ ᠲᠠᠢ | ᠮᠤᠷᠢᠳ ᠲᠤᠷᠬᠢᠯᠠᠬᠤ ᠨᠢ ᠪᠦᠳᠡᠬᠢ ᠪᠠᠳᠠᠬᠢᠬᠠᠨ ᠰᠤᠨᠤᠰᠤᠭᠳᠠᠨᠠ᠃ | ︽ᠲᠡᠷᠳᠡᠭᠡ ᠤᠷᠢᠳᠤ ᠰᠠᠷᠠᠨ ᠤ ᠪᠠᠷᠠᠭᠤᠨ ᠲᠤᠤᠭᠤᠷ ᠰᠡᠬᠦᠳᠡᠷᠳᠡᠭᠡᠳ ᠪᠠᠶᠢᠭ᠎ᠠ ᠴᠢᠨᠢ ᠲᠡᠷᠭᠡᠳᠤ | ᠬᠠᠷ᠎ᠠ ᠬᠤᠰᠢᠭᠤ ᠮᠥᠨ ᠦᠦ᠂ ᠪᠢᠰᠢ ᠦᠦ︖︾ ᠬᠡᠵᠤ ᠡᠪᠦᠭᠡᠨ ᠨᠠᠳᠠ ᠠᠴᠠ ᠠᠰᠠᠭᠤᠬᠤ ᠨᠢ ᠮᠢᠨᠤ ᠬᠠᠷᠠᠭ᠎ᠠ | ᠰᠠᠶᠢᠨ ᠢᠶᠠᠷ ᠢᠶᠠᠨ ᠪᠠᠶᠢᠭ᠎ᠠ ᠪᠢᠵᠠ ᠬᠡᠮᠡᠨ ᠭᠠᠶᠢᠬᠠᠭᠤᠯᠬᠤ ᠮᠡᠳᠤ᠃ | ︽ᠲᠡᠶᠢᠮᠤ ᠡ᠃ ᠲᠡᠷᠭᠡᠳᠤ ᠬᠠᠷ᠎ᠠ ᠬᠤᠰᠢᠭᠤ ᠬᠠᠷᠠᠭᠳᠠᠵᠤ ᠪᠠᠶᠢᠨ᠎ᠠ᠃ ᠭᠠᠳᠠᠭ᠎ᠠ ᠴᠤ ᠮᠠᠯ ᠤᠨ | ᠢᠮ᠂ ᠲᠠᠮᠠᠭ᠎ᠠ ᠬᠠᠷᠠᠭᠳᠠᠮᠠᠷ ᠰᠠᠷᠠᠭᠤᠯᠬᠠᠨ ᠪᠠᠶᠢᠨ᠎ᠠ︾ ᠬᠡᠪᠡᠯ ᠰᠢᠷᠠᠪ ᠭᠤᠸᠠᠢ ᠬᠠᠷᠢᠭᠤ ᠲᠤᠤᠭᠠᠷᠤᠭᠰᠠᠨ ᠦᠭᠡᠢ᠂ | ᠠᠮᠠᠨ ᠳᠠᠭᠠᠨ ᠬᠡᠳᠦᠨ ᠱᠠᠳ ᠲᠠᠷᠨᠢᠷᠬᠤ ᠶᠠᠭᠤᠮ᠎ᠠ ᠬᠦᠪᠦᠳᠦᠨᠡᠨ ᠤᠩᠰᠢᠭᠠᠳ ᠡᠷᠬᠢᠵᠤ ᠮᠠᠶᠢᠬᠠᠨ ᠦᠭᠡᠳᠠ ᠪᠠᠨ | ᠠᠯᠬᠤᠪᠠ᠃ ᠤᠷᠤᠵᠤ ᠢᠷᠡᠭᠡᠳ ᠡᠪᠤᠭᠡᠨ ᠢ ᠤᠨᠳᠠᠬᠤ ᠦᠦ ᠬᠡᠳᠡᠯ᠎ᠠ ᠬᠤᠪᠴᠠᠰᠤ ᠪᠠᠨ ᠲᠠᠶᠢᠯᠤᠭᠰᠠᠨ ᠦᠭᠡᠢ᠃ | ᠳ᠋ᠧᠩ ᠤᠨ ᠢᠶᠠᠨ ᠭᠤᠤᠯ ᠢ ᠵᠠᠰᠠᠵᠤ ᠲᠤᠰᠤ ᠨᠡᠮᠡᠭᠡᠳ ᠠᠷᠢᠬᠢᠨ ᠠᠴᠠ ᠪᠠᠨ ᠠᠶᠠᠭᠠᠯᠠᠨ ᠲᠠᠮᠠᠬᠢ ᠠᠰᠠᠭᠠᠯᠠ᠃ ᠪᠢ | ᠭᠤᠳᠤᠯ ᠢᠶᠠᠨ ᠲᠠᠶᠢᠯᠤᠩᠭᠠᠨ᠄ ︽ᠬᠢᠬᠦ ᠶᠠᠭᠤᠮ᠎ᠠ ᠦᠭᠡᠢ ᠪᠠᠶᠢᠵᠤ ᠵᠦᠪ ᠵᠦᠭᠡᠷ ᠰᠠᠭᠤᠭᠠᠳ ᠪᠠᠶᠢᠯᠳᠠᠢ ᠪᠢᠰᠢ᠂ | ᠬᠤᠶᠠᠭᠤᠯᠨ ᠪᠠᠨ ᠢᠩᠬᠢᠰᠬᠢᠭᠡᠳ ᠬᠠᠵᠠᠭᠤᠯᠬᠤ ᠦᠦ ᠳ᠋ᠠ︖︾ ᠬᠡᠪᠡᠯ ᠲᠡᠷᠨ᠄ ︽ᠴᠢ ᠬᠡᠪᠳᠠ᠂ ᠬᠡᠪᠳᠠ᠃ ᠪᠢ | ᠡᠨᠡ ᠰᠠᠪᠠᠨ ᠤ ᠢᠷᠤᠭᠠᠷ ᠲᠤ ᠦᠯᠡᠳᠡᠭᠰᠡᠨ ᠵᠢᠭᠠᠬᠠᠨ ᠶᠠᠭᠤᠮ᠎ᠠ ᠢ ᠤᠭᠤᠴᠢᠴᠢᠬᠠᠭᠠᠳ ᠤᠨᠳᠠᠨ᠎ᠠ ᠬᠦ᠋᠃ ᠠᠳᠠ | ᠪᠠᠭᠤᠭᠰᠠᠭᠠᠷ ᠬᠡᠳᠦᠨ ᠰᠦᠨᠢ ᠨᠤᠶᠢᠷ ᠬᠦᠷᠬᠦ ᠦᠭᠡᠢ ᠵᠤᠪᠠᠭᠠᠯ᠎ᠠ᠃ ᠲᠡᠭᠡᠭᠡᠳ ᠠᠷᠭ᠎ᠠ ᠪᠠᠨ ᠪᠠᠷᠠᠬᠤ ᠳᠠᠭᠠᠨ | ᠦᠨᠦᠳᠦᠷ ᠠᠷᠢᠬᠢ ᠤᠤᠭᠤᠵᠤ ᠪᠠᠶᠢᠭ᠎ᠠ ᠮᠢᠨᠢ ᠡᠨᠡ᠃︾ | ︽ᠡᠨᠡ ᠰᠠᠶᠢᠬᠠᠨ ᠡᠷᠡᠬᠦᠯ ᠠᠭᠠᠷ ᠲᠤ ᠢᠷᠡᠭᠰᠡᠨ ᠬᠦᠮᠦᠨ ᠲᠡᠷᠡᠨ ᠲᠡᠭᠡᠷ᠎ᠠ ᠲᠤᠯᠤᠭᠠᠢ | ᠲᠠᠯᠪᠢᠩᠭᠤᠳᠠ ᠯᠡ ᠨᠠᠮ ᠤᠨᠳᠠᠮᠠᠷ ᠰᠠᠨ᠃ ᠶᠠᠭᠠᠬᠢᠭ᠎ᠠ ᠶᠤᠮ ᠪᠤᠯ︖︾ | ︽ᠶᠠᠭᠤ ᠴᠤ ᠬᠡᠮᠡᠷ ᠶᠤᠮ ᠪᠤᠢ ᠳ᠋ᠧ︾ ᠬᠡᠰᠡᠨ ᠢᠶᠠᠨ ᠰᠢᠷᠠᠪ ᠭᠤᠸᠠᠢ ᠠᠶᠠᠭ᠎ᠠ ᠲᠠᠢ ᠠᠷᠢᠬᠢ ᠪᠠᠨ | ᠨᠢᠭᠡᠨ ᠠᠮᠠ ᠢᠶᠠᠷ ᠪᠦᠬᠦᠳᠠ ᠶᠢ ᠬᠦᠨᠳᠡᠷᠴᠤ ᠬᠤᠭᠤᠰᠤᠯᠤᠭᠠᠳ᠄ ︽ᠨᠡᠭᠡᠯ ᠬᠠᠳᠠᠭᠤ ᠲᠠᠢ ᠤᠷᠴᠢᠯᠠᠩ ᠬᠡᠳᠡᠭ ᠨᠢ | ᠦᠨᠡᠨ ᠪᠤᠯᠤᠯᠳᠠᠢ᠃ ᠡᠨᠡᠬᠦᠭᠡᠨ ᠳᠡᠭᠡᠨ ᠬᠡᠵᠤ ᠴᠢᠮ᠎ᠠ ᠳᠤ ᠬᠡᠯᠡᠬᠦ ᠳᠤ ᠰᠠᠬᠢᠭᠤᠰᠤ ᠪᠠᠨ ᠬᠡᠭᠡᠭᠰᠡᠨ ᠠᠴᠠ ᠬᠤᠶᠢᠰᠢ | ᠡᠨᠡ ᠤᠷᠢᠳᠤᠬᠢ ᠲᠡᠷᠭᠡᠳᠤ ᠬᠠᠷ᠎ᠠ ᠬᠤᠰᠢᠭᠤ ᠯᠡ ᠨᠠᠮᠠᠢᠢ ᠤᠨᠳᠠᠭᠤᠯᠬᠤ ᠦᠭᠡᠢ ᠵᠤᠪᠠᠭᠠᠭᠠᠳ ᠪᠠᠶᠢᠭ᠎ᠠ ᠶᠤᠮ᠃︾ | ᠬᠡᠯ᠎ᠠ᠃ ᠡᠪᠤᠭᠡᠨ ᠤ ᠡᠨᠡ ᠬᠠᠴᠢᠨ ᠦᠭᠡᠨ ᠳᠤ᠂ ᠡᠳᠦᠷᠵᠢᠨ ᠭᠠᠷ ᠬᠠᠳᠤᠭᠤᠷ ᠢᠶᠠᠷ ᠲᠤᠭᠤᠷᠢᠮ ᠤᠨ ᠢᠮᠠᠭᠠᠨ | ᠰᠢᠷᠠᠯᠵᠢ ᠴᠠᠪᠴᠢᠨ ᠶᠠᠳᠠᠷᠠᠵᠤ ᠴᠤᠴᠠᠭᠰᠠᠨ ᠮᠢᠨᠤ ᠨᠢᠳᠤ᠂ ᠰᠤᠷᠮᠤᠤᠰᠤ ᠰᠡᠷᠬᠦᠭᠡᠳ ᠶᠠᠪᠤᠴᠢᠬᠠᠯ᠎ᠠ᠃ | ︽ᠲᠡᠷᠭᠡᠳᠤ ᠬᠠᠷ᠎ᠠ ᠬᠤᠰᠢᠭᠤ᠃ ᠲᠠᠯ᠎ᠠ ᠶᠢᠨ ᠡᠨᠡ ᠨᠠᠮᠬᠠᠨ᠂ ᠨᠤᠮᠤᠬᠠᠨ ᠠᠭᠤᠯᠨ ᠶᠠᠭᠠᠬᠢᠬᠤ | ᠪᠠᠷ ᠢᠶᠠᠨ ᠲᠠᠨ ᠤ ᠨᠤᠶᠢᠷᠤᠨ ᠳᠤ ᠰᠠᠭᠠᠳ ᠪᠤᠯᠳᠠᠭ ᠪᠢᠯᠨ︖︾ ᠬᠡᠵᠤ ᠠᠰᠠᠭᠤᠬᠤ ᠳᠠᠭᠠᠨ ᠮᠤᠳᠤ ᠴᠢᠯᠠᠭᠤ ᠶᠢ | ᠬᠦᠨᠳᠡᠵᠤ ᠨᠡᠷᠡᠯᠡᠵᠤ ᠪᠤᠯᠳᠠᠭ ᠦᠭᠡᠢ ᠯᠤᠤᠰ ᠰᠠᠪᠳᠠᠭ ᠲᠠᠢ ᠲᠤᠭᠰᠢᠨ ᠬᠠᠶᠢᠷᠬᠠᠨ ᠪᠢᠰᠢ ᠯᠡ ᠶᠤᠮᠰᠠᠨ ᠬᠡᠵᠤ | ᠭᠠᠶᠢᠬᠠᠰᠬᠢᠯᠠ᠃ ᠡᠪᠤᠭᠡᠨ ᠮᠢᠨᠤ ᠨᠢᠭᠤᠷ ᠤᠷᠤᠭᠤ ᠲᠠᠩᠳᠠᠰᠬᠢᠭᠰᠠᠨ ᠡᠷᠡᠭᠡᠯᠵᠡᠩᠬᠦᠢ ᠬᠠᠷᠠᠴᠨ ᠪᠠᠷ ᠰᠢᠷᠳᠡᠭᠡᠳ | ᠬᠠᠶᠢᠩᠭᠤᠳᠤᠬᠠᠨ ᠪᠦᠷᠳᠦ ᠲᠠᠭᠤ ᠪᠠᠷ ᠡᠶᠢᠨ ᠦᠬᠦᠯᠡᠪᠡ᠃ ︽ᠴᠢ ᠴᠤ ᠪᠤᠷᠬᠠᠨ᠂ ᠰᠢᠳᠦᠭᠡᠨ ᠲᠤᠭᠤᠳᠠᠭ ᠦᠭᠡᠢ | ᠬᠤᠪᠢᠰᠬᠠᠯᠴᠢ ᠬᠦᠮᠦᠨ ᠪᠤᠯᠬᠤ ᠪᠠᠷ ᠢᠶᠠᠨ ᠮᠢᠨᠤ ᠦᠭᠡ ᠶᠢ ᠦᠨᠡᠮᠰᠢᠬᠦ ᠦᠭᠡᠢ ᠪᠢᠵᠠ︾ ᠬᠡᠵᠤ ᠲᠤᠨᠢᠷᠬᠠᠯᠠ᠃ ᠪᠢ | ᠡᠪᠤᠭᠡᠨ ᠤ ᠠᠮᠠᠨ ᠠᠴᠠ ᠭᠠᠷᠤᠭᠰᠠᠨ ᠦᠭᠡ ᠶᠢ ᠭᠠᠵᠠᠷ ᠤᠨᠠᠭᠠᠬᠤ ᠦᠭᠡᠢ ᠶᠢ ᠬᠢᠴᠢᠶᠡᠬᠦ ᠳᠡᠭᠡᠨ᠄ ︽ᠲᠠ ᠯᠡ | ᠨᠠᠮᠠᠢᠢ ᠮᠡᠳᠡᠬᠦ ᠦᠭᠡᠢ ᠠᠴᠠ ᠪᠢᠰᠢ᠂ ᠪᠢ ᠴᠤ ᠪᠤᠷᠬᠠᠨ ᠳᠤ ᠪᠤᠷᠤᠭᠤ ᠰᠠᠨᠠᠳᠠᠭ ᠦᠭᠡᠢ ᠬᠦᠮᠦᠨ ᠰᠢᠤ︾ ᠬᠡᠯ᠎ᠠ᠃ | ᠰᠢᠷᠠᠪ ᠭᠤᠸᠠᠢ ᠨᠠᠳᠠ ᠠᠴᠠ ︽ᠦᠨᠡᠨ ᠪᠢᠵᠠ ᠬᠦ᠋︾ ᠬᠡᠵᠤ ᠬᠠᠷᠠᠴᠨ ᠪᠠᠷ ᠢᠶᠠᠨ ᠰᠡᠮ ᠠᠰᠠᠭᠤᠭᠠᠳ ᠤᠩᠭᠤᠷᠬᠠᠢ | ᠡᠬᠦᠳᠠ ᠤᠷᠤᠭᠤ ᠨᠢᠳᠦᠨ ᠤ ᠪᠠᠨ ᠪᠤᠯᠤᠩ ᠢᠶᠠᠷ ᠨᠢᠭᠡᠨᠳᠠ ᠬᠡᠳᠡᠨ ᠬᠠᠷᠠᠯ᠎ᠠ᠃ | ︽ᠤᠯᠠᠨ ᠵᠢᠯ ᠤᠨ ᠲᠡᠷᠳᠡᠭᠡ ᠠᠴᠠ ᠡᠨᠡ ᠬᠠᠪᠢ ᠢᠶᠠᠷ ᠬᠦᠶᠦᠳᠡᠯ ᠲᠠᠢ ᠬᠡᠵᠤ ᠶᠠᠷᠢᠯᠴᠠᠳᠠᠭ | ᠪᠤᠯᠤᠭᠰᠠᠨ ᠶᠤᠮ᠃ ᠰᠦᠨᠢ ᠤᠨᠳᠠᠵᠤ ᠪᠠᠶᠢᠬᠤ ᠳᠤ ᠶᠠᠭᠤ ᠴᠤ ᠬᠦᠷᠦᠭᠡᠳ ᠢᠷᠡᠭᠰᠡᠨ ᠴᠢ ᠶᠠᠮᠠᠷ ᠰᠡᠷᠢᠬᠦ ᠪᠢᠰᠢ᠃ | ᠰᠦᠨᠡᠰᠤ ᠨᠢ ᠲᠦᠭᠡᠷᠢᠭᠰᠡᠨ ᠠᠮᠢᠳᠠᠨ ᠰᠡᠬᠦᠵᠢᠨ ᠤ ᠨᠦᠭᠡᠨ ᠳᠤ ᠤᠷᠤᠩᠨᠠᠳᠠᠭ ᠬᠡᠵᠤ ᠴᠢ ᠶᠡᠷᠦ ᠨᠢ ᠲᠤᠭᠤᠯᠤᠭᠰᠠᠨ | ᠪᠢᠵᠠ ᠳ᠋ᠧ᠃ ᠲᠡᠷ᠊ — ᠨ ᠵᠢᠯ ᠬᠦᠷᠢᠶᠡᠨ ᠠᠴᠠ ᠬᠦᠭᠡᠭᠡᠭᠳᠡᠭᠰᠡᠨ ᠭᠠᠮᠢᠩ ᠤᠳ ᠤᠷᠤᠭᠰᠢ ᠪᠠᠨ ᠡᠳᠦᠷ ᠰᠦᠨᠢ | ᠦᠭᠡᠢ ᠴᠤᠪᠤᠵᠤ ᠪᠠᠶᠢᠭᠰᠠᠨ ᠴᠠᠭ᠃ ᠲᠡᠷᠨ ᠦᠶ᠎ᠠ ᠳᠤ ᠪᠢ ᠬᠡᠳᠡᠭ ᠬᠦᠮᠦᠨ ᠪᠠᠷᠤᠭ ᠬᠡᠦᠭᠡᠳ ᠢᠶᠠᠷ ᠢᠶᠠᠨ ᠰᠢᠬᠠᠭᠤ | ᠠᠮᠢᠳᠠᠨ ᠪᠠᠶᠢᠵᠠᠢ᠃ ᠨᠢᠭᠡ ᠦᠷᠯᠦᠭᠡ ᠮᠠᠨ ᠤ ᠬᠤᠳᠠ ᠠᠶᠢᠯ ᠤᠨ ᠬᠢᠨ ᠲᠦᠩᠭᠡᠵᠢ ᠪᠤᠰᠵᠠᠭᠠᠵᠤ ᠪᠠᠶᠢᠳᠠᠯ᠎ᠠ ᠬᠡᠳᠦᠨ | ᠮᠤᠷᠢᠳᠠᠢ ᠬᠦᠮᠦᠨ ᠭᠠᠳᠠᠭ᠎ᠠ ᠲᠠᠪᠬᠢᠵᠤ ᠢᠷᠡᠭᠡᠳ᠄ ︿ᠰᠢᠷᠠᠪ ᠪᠠᠶᠢᠪᠠᠯ ᠲᠦᠷᠭᠡᠨ ᠭᠠᠷᠤᠭᠠᠳ ᠢᠷ᠎ᠠ﹀ ᠬᠡᠵᠤ | ᠲᠠᠭᠤᠳᠠᠪᠠ᠃ ᠭᠠᠮᠢᠩ ᠪᠢᠰᠢ᠂ ᠮᠤᠩᠭᠤᠯ ᠬᠦᠮᠦᠨ ᠨᠡᠷ᠎ᠠ ᠪᠠᠷ ᠮᠢᠨᠢ ᠲᠠᠭᠤᠳᠠᠭᠰᠠᠨ ᠳᠤ ᠪᠠᠶᠠᠷᠯᠠᠭᠰᠠᠨ ᠪᠢ ᠶᠠᠭᠠᠷᠠᠨ | ᠬᠦᠶᠦᠵᠤ ᠭᠠᠷᠤᠪᠠᠯ᠂ ᠫᠤᠤ ᠰᠠᠭᠠᠳᠠᠭ ᠠᠭᠰᠠᠭᠰᠠᠨ ᠲᠠᠨᠢᠬᠤ ᠲᠠᠨᠢᠬᠤ ᠦᠭᠡᠢ ᠪᠠᠭᠠᠬᠠᠨ ᠤᠯᠤᠰ ᠵᠤᠭᠰᠤᠵᠤ ᠪᠠᠶᠢᠬᠤ | ᠨᠢ ᠲᠡᠷᠨ᠃ ᠫᠤᠤ᠂ ᠲᠠᠰᠢᠭᠤᠷ ᠬᠦᠨᠳᠡᠯᠢᠳᠦᠬᠦᠯᠦᠭᠰᠡᠨ ᠲᠡᠷᠨ ᠠᠷᠪᠠᠭᠠᠳ ᠮᠤᠷᠢᠳᠠᠨ ᠤ ᠲᠤᠮᠳᠠ ᠠᠶᠤᠤᠷ ᠲᠠᠶᠢᠵᠢ᠂ | ᠲᠤᠭᠳᠠᠬᠤ ᠨᠠᠴᠢᠨ ᠲᠡᠷᠢᠬᠦᠳᠠᠢ ᠨᠤᠳᠤᠭ ᠤᠨ ᠡᠷᠡᠴᠦᠳ ᠦᠵᠡᠭᠳᠡᠨ᠎ᠠ᠃ ᠠᠶᠤᠤᠷ ᠲᠠᠶᠢᠵᠢ ᠤᠳᠤᠭ᠎ᠠ ᠵᠢᠩᠰᠠ ᠪᠠᠨ | ᠰᠠᠭᠰᠠᠯᠵᠠᠭᠤᠯᠤᠨ ᠲᠠᠰᠢᠭᠤᠷ ᠢᠶᠠᠨ ᠭᠤᠵᠤᠯᠵᠠᠭᠤᠯᠵᠤ᠄ ︿ᠪᠢᠳᠠᠨ ᠤ ᠤᠯᠤᠰ ᠭᠠᠮᠢᠩ ᠤᠨ ᠠᠷᠤ ᠠᠴᠠ ᠨᠡᠭᠡᠵᠤ | ᠶᠠᠪᠤᠨ᠎ᠠ᠃ ᠫᠤᠤ ᠰᠢᠳᠡᠮ ᠪᠠᠶᠢᠪᠠᠯ ᠠᠪᠤᠭᠠᠳ ᠲᠦᠷᠭᠡᠨ ᠮᠠᠨ ᠲᠠᠢ ᠬᠠᠮᠳᠤ ᠮᠤᠷᠳᠠ﹀ ᠬᠡᠵᠤ ᠲᠤᠰᠢᠶᠠᠪᠠ᠃ ᠭᠠᠭᠴᠨ | ᠬᠤᠯᠤᠰᠤᠨ ᠲᠠᠰᠢᠭᠤᠷ ᠠᠴᠠ ᠦᠭᠡᠷ᠎ᠠ ᠭᠠᠷ ᠲᠤ ᠪᠠᠷᠢᠬᠤ ᠶᠠᠭᠤᠮ᠎ᠠ ᠦᠭᠡᠢ ᠬᠢᠷᠢ ᠨᠢ ᠪᠢ ᠨᠠᠭᠠᠳᠤᠮ ᠳᠤ ᠶᠠᠪᠤᠬᠤ | ᠠᠴᠠ ᠲᠤᠳᠠᠭᠤ ᠦᠭᠡᠢ ᠪᠠᠶᠠᠷᠯᠠᠪᠠ᠃ ᠶᠠᠪᠤᠳᠠᠯ ᠵᠠᠮ ᠳᠤ ᠶᠠᠭᠤ ᠪᠤᠯᠤᠭᠰᠠᠨ ᠢ ᠬᠠᠮᠳᠤ ᠶᠠᠪᠤᠭ᠎ᠠ ᠤᠯᠤᠰ ᠠᠴᠠ ᠰᠡᠮ | ᠠᠰᠠᠭᠤᠪᠠᠯ ᠨᠢᠭᠡᠨ ᠪᠠᠭ ᠴᠡᠷᠢᠭ ᠲᠠᠭᠠᠭᠤᠯᠤᠭᠰᠠᠨ ᠭᠠᠮᠢᠩ ᠤᠨ ᠲᠤᠮᠤ ᠨᠤᠶᠠᠨᠳᠠᠨ ᠠᠶᠤᠤᠷ ᠲᠠᠶᠢᠵᠢ ᠶᠢᠨ ᠡᠬᠡᠨᠡᠷ | ᠲᠤᠯᠮ᠎ᠠ ᠶᠢ ᠬᠦᠴᠤ ᠪᠠᠷ ᠪᠤᠯᠢᠶᠠᠨ ᠠᠪᠴᠤ ᠤᠳᠤᠭᠰᠠᠨ ᠰᠤᠷᠠᠭ ᠰᠤᠨᠤᠰᠤᠯ᠎ᠠ᠃ ᠲᠡᠭᠡᠭᠡᠳ ᠪᠢᠳᠠ ᠵᠠᠮ | ᠰᠢᠭᠤᠳᠤᠷᠤᠨ ᠮᠦᠨᠦᠬᠢ ᠨᠤᠶᠠᠨ ᠤ ᠬᠦᠯᠭᠡᠯᠡᠭᠰᠡᠨ ᠵᠢᠶᠤᠤᠵᠠ ᠲᠡᠷᠭᠡᠨ ᠤ ᠮᠦᠷ ᠢᠶᠠᠷ ᠨᠡᠭᠡᠨ ᠲᠤᠪᠳᠤᠯᠭᠠᠭᠰᠠᠭᠠᠷ | ᠡᠨᠡ ᠲᠡᠷᠭᠡᠳᠤ ᠬᠠᠷ᠎ᠠ ᠬᠤᠰᠢᠭᠤᠨ ᠤ ᠬᠤᠶᠢᠳᠤ ᠬᠢᠷ᠎ᠠ ᠲᠡᠭᠡᠷ᠎ᠠ ᠲᠡᠳᠡᠨ ᠢ ᠬᠦᠢᠴᠡᠵᠤ ᠮᠤᠷᠢᠨ ᠤ ᠬᠠᠷ᠎ᠠ ᠬᠤᠷᠳᠤ | ᠪᠠᠷ ᠤᠤᠯᠭᠠᠯᠠᠨ ᠲᠠᠭᠠᠷᠢᠪᠠ᠃ ᠲᠡᠪᠡᠯ ᠤᠨ ᠬᠢᠨᠢ ᠡᠩᠭᠡᠷ ᠵᠠᠭᠠᠮ᠎ᠠ ᠢᠶᠠᠷ ᠰᠠᠯᠬᠢ ᠬᠦᠭᠡᠷᠭᠡᠳᠡᠵᠤ ᠲᠦᠷᠦᠭᠡᠨ ᠲᠡᠭᠡᠷ᠎ᠠ | ᠪᠠᠨ ᠪᠤᠰᠤᠭᠰᠠᠨ ᠬᠠᠩᠬᠠᠷ ᠡᠷᠡᠴᠦᠳ ᠤᠨ ᠲᠠᠯᠠᠶᠢᠭᠰᠠᠨ ᠪᠦᠳᠦᠬᠦᠨ ᠲᠠᠰᠢᠭᠤᠷ᠂ ᠠᠶᠤᠩᠭᠠᠳᠠᠢ ᠮᠦᠨᠳᠦᠷ ᠠᠳᠠᠯᠢ | ᠭᠠᠵᠠᠷ ᠫᠢᠵᠢᠬᠢᠨᠡᠬᠦ ᠠᠭᠰᠤᠮ ᠮᠤᠷᠢᠳ ᠤᠨ ᠲᠦᠪᠡᠷᠭᠡᠨ ᠠᠴᠠ ᠰᠦᠨᠡᠰᠤ ᠪᠠᠨ ᠵᠠᠶᠢᠯᠠᠳᠠᠯᠠ ᠠᠶᠤᠭᠰᠠᠨ ᠭᠠᠮᠢᠩ | ᠴᠡᠷᠢᠭ ᠤᠳ ᠲᠤ ᠠᠰᠠᠭᠰᠠᠨ ᠲᠠᠶᠢᠵᠢᠳᠠᠨ ᠦᠷᠦᠭᠡᠰᠦᠨ ᠬᠦᠮᠦᠰᠭᠡ ᠪᠠᠨ ᠲᠠᠳᠠᠪᠠᠯᠵᠠᠭᠤᠯᠤᠨ ᠬᠢᠯᠢᠩᠨᠡᠵᠤ᠄ ︿ᠬᠡᠭᠡᠷ᠎ᠠ | ᠶᠢᠨ ᠴᠢᠨ᠋ᠸ᠎ᠠ ᠲᠠᠢ ᠨᠡᠶᠢᠯᠡᠭᠰᠡᠨ ᠭᠡᠷ ᠤᠨ ᠨᠤᠬᠠᠢ ᠶᠢ ᠡᠵᠡᠨ ᠨᠢ ᠠᠯᠠᠳᠠᠭ ᠶᠤᠮ᠃ ᠮᠠᠭᠤ ᠬᠢᠴᠢᠢ ᠮᠢᠨᠢ ᠴᠢ ᠬᠠᠷᠠᠵᠤ | ᠪᠠᠢ᠃ ᠪᠢ ᠤᠳᠤᠬᠠᠨ ᠴᠢᠨᠤ ᠨᠢᠳᠦᠨ ᠲᠡᠭᠡᠷ᠎ᠠ ᠨᠠᠭᠠᠳᠤ ᠮᠠᠭᠤ ᠭᠠᠮᠢᠩ ᠤᠨ ᠴᠢᠨᠢ ᠭᠤᠤᠯ ᠢ ᠲᠠᠰᠤᠯᠤᠭᠠᠳ | ᠦᠭᠬᠦᠶ᠎ᠠ ᠳ᠋ᠥ᠋﹀ ᠬᠡᠵᠤ ᠬᠠᠰᠬᠢᠷᠤᠭᠠᠳ ᠫᠤᠤ ᠶᠢᠨ ᠢᠶᠠᠨ ᠤᠪᠤᠤ ᠬᠠᠷᠠᠭ᠎ᠠ ᠶᠢ ᠤᠨᠢᠯᠠᠨ ᠱᠠᠭᠠᠶᠢᠬᠤ ᠲᠡᠷᠡᠭᠡᠨ ᠠᠭᠱᠠᠨ | ᠳᠤ ᠲᠤᠯᠮ᠎ᠠ ᠭᠠᠮᠢᠩ ᠤᠨ ᠡᠮᠦᠨᠡᠬᠦᠷ ᠭᠠᠷ ᠢᠶᠠᠨ ᠠᠯᠳᠠᠯᠠᠨ ᠬᠦᠶᠦᠵᠤ ᠤᠷᠤᠳᠠᠯ᠎ᠠ ᠲᠠᠶᠢᠵᠢᠳᠠᠨ ᠤ ᠫᠤᠤ ᠭᠠᠯ᠂ | ᠤᠳᠤᠭ᠎ᠠ ᠮᠠᠨᠠᠷᠠᠭᠠᠨ ᠲᠠᠰᠬᠢᠪᠠ᠃ ᠢᠳᠡᠰᠢ᠂ ᠲᠠᠷᠢ ᠶᠡᠭᠡᠳᠠᠢ ᠫᠤᠤ ᠶᠢᠨ ᠰᠤᠮᠤᠨ ᠳᠤ ᠲᠠᠰᠢᠷ ᠢᠶᠠᠷ ᠢᠶᠠᠨ ᠨᠡᠪᠳᠠ | ᠫᠤᠤᠳᠠᠭᠤᠯᠤᠭᠰᠠᠨ ᠭᠠᠮᠢᠩ ᠨᠢᠭᠡᠨᠳᠠ ᠮᠠᠭᠤᠬᠠᠢ ᠤᠷᠢᠯᠠᠭᠠᠳ ᠬᠡᠦᠭᠡᠨ ᠢ ᠲᠠᠪᠡᠷᠢᠨ ᠬᠠᠷᠠᠭᠤᠯᠳᠠᠵᠤ ᠤᠨᠠᠯ᠎ᠠ᠃ ᠠᠮᠢ | ᠲᠠᠯᠪᠢᠨ ᠠᠩᠭᠠᠯᠵᠠᠨ ᠦᠬᠦᠵᠤ ᠪᠤᠢ ᠬᠦᠮᠦᠰ ᠤᠨ ᠡᠪᠡᠳᠦᠵᠤ ᠰᠢᠨᠠᠯᠠᠭᠰᠠᠨ ᠴᠢᠷᠠᠢ ᠶᠢ ᠬᠡᠨ ᠮᠠᠨᠢ ᠴᠤ ᠵᠢᠷᠦᠭᠡᠯᠡᠨ | ᠬᠠᠷᠠᠵᠤ ᠴᠢᠳᠠᠭᠰᠠᠨ ᠦᠭᠡᠢ᠃ ᠴᠦᠮ ᠲᠦᠪᠡᠭᠰᠢᠶᠡᠨ ᠨᠢᠭᠤᠷ ᠪᠤᠷᠤᠭᠤᠯᠠᠵᠠᠭᠠᠵᠤ ᠲᠦᠷᠭᠡᠭᠡᠨ ᠬᠤᠯᠠᠳᠠᠬᠤ ᠶᠢᠨ | ᠲᠦᠦᠰ ᠪᠤᠯᠵᠠᠭᠠᠯ᠎ᠠ᠃ ᠠᠮᠢ ᠨᠠᠰᠤᠨ ᠠᠴᠠ ᠪᠠᠨ ᠴᠤ ᠢᠯᠡᠬᠦᠤ ᠶᠡᠭᠡ ᠪᠠᠷ ᠬᠠᠶᠢᠷᠠᠯᠠᠨ ᠡᠩᠬᠦᠷᠡᠶᠢᠯᠡᠳᠡᠭ ᠠᠭᠰᠠᠨ | ᠦᠵᠡᠰᠬᠦᠯᠡᠩ ᠭᠤᠸ᠎ᠠ ᠵᠠᠯᠠᠭᠤ ᠡᠬᠡᠨᠡᠷ ᠢᠶᠠᠨ ᠠᠶᠤᠤᠷ ᠲᠠᠶᠢᠵᠢ ᠡᠶᠢᠨᠬᠦ ᠦᠴᠢᠭ ᠦᠭᠡᠢ ᠠᠯᠠᠴᠢᠬᠠᠬᠤ ᠶᠢᠨ ᠴᠢᠨᠡᠭᠡ | ᠵᠡᠬᠦᠳᠦᠯᠡᠭᠡ ᠦᠭᠡᠢ ᠶᠠᠪᠤᠭᠰᠠᠨ ᠲᠤᠭᠳᠠᠬᠤ ᠨᠠᠴᠢᠨ ᠦᠪᠡᠷ ᠢᠶᠠᠨ ᠡᠶᠢᠮᠤ ᠬᠠᠳᠠᠭᠤ ᠰᠡᠳᠬᠢᠯ ᠭᠠᠷᠭᠠᠵᠤ ᠨᠢᠬᠦᠯ | ᠦᠢᠯᠡᠳᠦᠭᠰᠡᠨ ᠮᠡᠳᠤ ᠮᠡᠩᠳᠡᠨ ᠰᠠᠨᠳᠤᠷᠴᠤ᠄ ︿ᠲᠠᠶᠢᠵᠢᠳᠠᠨ ᠮᠢᠨᠢ ᠲᠠ ᠠᠷᠠᠢ ᠯᠡ ᠲᠦᠷᠭᠡᠳᠡᠴᠢᠬᠡᠯᠠ᠃ ᠪᠡᠶ᠎ᠠ | ᠪᠠᠨ ᠪᠠᠷᠢᠬᠤ ᠦᠭᠡᠢ ᠲᠠᠩᠴᠢ ᠶᠠᠭᠠᠬᠢᠪᠠ ᠳ᠋ᠠ᠃ ᠬᠡᠳᠦᠶᠢᠪᠡᠷ ᠬᠠᠷ᠎ᠠ ᠰᠠᠨᠠᠭᠠᠳᠤ ᠡᠯᠢᠭᠡ ᠪᠤᠷᠤᠭᠤ ᠲᠠᠶᠢᠰᠤᠨ ᠲᠠᠢ | ᠨᠦᠬᠦᠴᠡᠭᠰᠡᠨ ᠴᠤ ᠬᠠᠷᠠᠭᠰᠠᠭᠠᠷ ᠪᠠᠶᠢᠵᠤ ᠬᠠᠳᠤᠨᠳᠠᠨ ᠢ ᠶᠠᠭᠠᠬᠢᠵᠤ ᠡᠨᠡ ᠴᠢᠭ ᠢᠶᠠᠷ ᠨᠢ ᠤᠷᠬᠢᠬᠤᠪ᠃ ᠬᠦᠮᠦᠨ ᠤ | ᠶᠤᠰᠤ ᠶᠢ ᠪᠤᠳᠤᠵᠤ ᠬᠦᠳᠡᠭᠡᠯᠡᠬᠦᠯᠬᠦ ᠦᠦ ᠳ᠋ᠧ︖﹀ ᠬᠡᠵᠤ ᠭᠠᠶᠢᠬᠠᠰᠢ ᠲᠠᠰᠤᠷᠠᠭᠰᠠᠨ ᠶᠠᠩᠵᠤᠳᠠᠢ ᠦᠬᠦᠯᠡᠯᠠ᠃ | ᠵᠢᠰᠤ ᠴᠢᠷᠠᠢ ᠨᠢ ᠲᠡᠶᠢᠮᠤ ᠬᠡᠵᠤ ᠬᠡᠯᠡᠬᠦ ᠶᠢᠨ ᠠᠷᠭ᠎ᠠ ᠦᠭᠡᠢ ᠬᠠᠷᠠᠯᠠᠵᠤ ᠲᠤᠭᠰᠢᠷᠠᠭᠰᠠᠨ ᠠᠶᠤᠤᠷ ᠬᠠᠮᠳᠤ ᠶᠠᠪᠤᠭ᠎ᠠ | ᠬᠦᠮᠦᠰ ᠢᠶᠠᠨ ᠬᠠᠷᠠᠴᠨ ᠪᠠᠷ ᠢᠶᠠᠨ ᠬᠢᠷᠭᠠᠴᠢᠬᠠᠬᠤ ᠰᠢᠬᠠᠮ ᠲᠠᠰᠤ ᠰᠢᠷᠪᠢᠭᠡᠳ᠄ ︿ᠲᠠᠶᠢᠰᠤᠨ ᠳᠤ ᠤᠷᠪᠠᠭᠰᠠᠨ | ᠬᠦᠮᠦᠨ ᠢ ᠪᠤᠷᠬᠠᠨ ᠴᠤ ᠪᠤᠷᠤᠭᠤ ᠨᠢᠳᠤ ᠪᠠᠷ ᠬᠠᠷᠠᠳᠠᠭ ᠶᠤᠮ᠃ ᠲᠠᠯᠢᠢᠭᠴᠢ ᠬᠡᠳᠦᠶᠢᠪᠡᠷ ᠮᠢᠨᠤ ᠠᠪᠠᠯᠢ ᠡᠬᠡᠨᠡᠷ ᠴᠤ | ᠬᠡᠰᠡᠨ ᠡᠨᠡ ᠦᠬᠦᠳᠡᠯ ᠳᠤ ᠪᠤᠤ ᠭᠠᠷ ᠬᠦᠷ᠃ ᠪᠤᠵᠠᠷ ᠪᠤᠯᠤᠨ᠎ᠠ﹀ ᠬᠡᠵᠤ ᠬᠡᠯᠡᠭᠡᠳ ᠮᠤᠷᠢᠨ ᠳᠠᠭᠠᠨ ᠠᠯᠠᠪ ᠬᠠᠷᠠᠶᠢᠨ | ᠮᠤᠷᠳᠠᠪᠠ᠃ ᠪᠡᠶ᠎ᠠ ᠪᠡᠶᠡᠨ ᠤ ᠪᠠᠨ ᠠᠮᠠ ᠶᠢ ᠬᠠᠷᠠᠭᠰᠠᠨ ᠬᠦᠮᠦᠰ᠂ ︿ᠲᠠ ᠨᠠᠷ ᠲᠤᠭᠤᠯᠭ᠎ᠠ ᠲᠤᠬᠤᠨ ᠳᠠᠭᠠᠨ | ᠵᠤᠭᠤᠯᠭᠠᠬᠤ ᠬᠡᠬᠦᠢ ᠶᠤᠮ ᠪᠤᠯ ᠮᠤᠷᠢᠨ ᠳᠠᠭᠠᠨ ᠲᠦᠷᠭᠡᠨ ᠮᠤᠷᠳᠠ᠂ ᠶᠠᠪᠤᠵᠠᠭᠠᠶ᠎ᠠ﹀ ᠬᠡᠵᠤ ᠵᠠᠬᠢᠷᠦᠨ ᠵᠠᠩᠳᠤᠷᠤᠭᠰᠠᠨ | ᠠᠶᠤᠤᠷ ᠤᠨ ᠠᠷᠤ ᠠᠴᠠ ᠴᠦᠮ ᠲᠠᠭᠠᠨ ᠲᠠᠪᠬᠢᠯᠳᠤᠯᠠ᠃ ᠲᠠᠶᠢᠵᠢᠳᠠᠨ ᠤ ᠡᠬᠡᠨᠡᠷ ᠲᠤᠯᠮ᠎ᠠ᠂ ᠬᠤᠳᠤᠭᠳᠤ | ᠬᠤᠪᠢᠯᠭᠠᠳ ᠪᠤᠯᠪᠠᠴᠤ ᠭᠤᠸ᠎ᠠ ᠦᠵᠡᠰᠬᠦᠯᠡᠩ ᠳᠤᠨᠢ ᠬᠦᠯ ᠠᠯᠳᠠᠨ ᠰᠦᠬᠦᠷᠡᠵᠤ ᠡᠪᠤᠳᠦᠭ ᠠᠴᠠ ᠨᠢ ᠠᠳᠢᠰ | ᠠᠪᠤᠮᠠᠷ ᠰᠠᠶᠢᠬᠠᠨ ᠪᠦᠰᠡᠬᠦᠢ ᠪᠠᠶᠢᠯ᠎ᠠ᠃ ᠠᠶᠤᠤᠷ ᠲᠠᠶᠢᠵᠢ ᠰᠠᠶᠢᠨ ᠴᠤ ᠮᠠᠭᠤ ᠴᠤ ᠬᠠᠷ᠎ᠠ ᠦᠰᠤ ᠶᠢ ᠨᠢ ᠬᠠᠭᠠᠯᠵᠤ | ᠬᠠᠨᠢᠯᠠᠭᠰᠠᠨ ᠠᠪᠠᠯᠢ ᠡᠬᠡᠨᠡᠷ ᠲᠡᠭᠡᠨ ᠬᠦᠮᠦᠨ ᠤ ᠶᠤᠰᠤᠨ ᠠᠴᠠ ᠭᠠᠳᠠᠭᠤᠷ ᠲᠡᠩᠳᠡᠬᠦᠤ ᠬᠠᠳᠠᠭᠤ ᠰᠡᠳᠬᠢᠯ ᠭᠠᠷᠭᠠᠯ᠎ᠠ | ᠃ ᠬᠠᠨᠢ ᠢᠵᠢᠯᠢ ᠮᠢᠨᠢ ᠬᠡᠵᠤ ᠰᠠᠨᠠᠳᠠᠭ ᠦᠭᠡᠢ ᠶᠤᠮ ᠬᠡᠬᠦ ᠳᠤ ᠦᠷ᠎ᠠ ᠬᠡᠦᠭᠡᠳ ᠢᠶᠠᠨ ᠪᠤᠳᠤᠭᠠᠳ ᠲᠡᠷᠨ ᠪᠤᠷᠤᠭᠤ | ᠨᠤᠮᠳᠠᠨ ᠤ ᠦᠬᠦᠳᠡᠯ ᠠᠴᠠ ᠬᠤᠯᠠᠳᠠᠭᠤᠯᠤᠭᠠᠳ ᠨᠢᠭᠡ ᠵᠢᠯᠠᠭᠠᠨ ᠳᠤ ᠠᠪᠠᠴᠢᠭᠠᠳ ᠤᠷᠤᠰᠢᠭᠤᠯᠴᠢᠬᠠᠵᠤ ᠪᠤᠯᠬᠤ | ᠦᠭᠡᠢ ᠨᠢ ᠶᠠᠭᠤ ᠪᠠᠶᠢᠬᠤᠪ᠃ ᠶᠤᠰᠤ ᠮᠡᠳᠡᠬᠦ ᠬᠦᠮᠦᠨ ᠪᠠᠶᠢᠳᠠᠯ᠎ᠠ ᠬᠠᠴᠢᠨ ᠶᠤᠮ ᠬᠡᠮᠡᠨ ᠬᠠᠯᠠᠭᠯᠠᠨ ᠬᠠᠷᠠᠮᠰᠠᠭᠰᠠᠨ | ᠮᠢᠨᠤ ᠪᠡᠶ᠎ᠠ ᠮᠠᠷᠭᠠᠰᠢ ᠦᠷᠯᠦᠭᠡ ᠨᠢ ᠲᠤᠯᠮ᠎ᠠ ᠶᠢᠨ ᠭᠠᠵᠠᠷ ᠲᠡᠭᠡᠷ᠎ᠠ ᠤᠴᠢᠭᠠᠳ ᠨᠢᠳᠦᠨ ᠳᠡᠭᠡᠨ ᠢᠳᠡᠭᠡᠬᠦ ᠶᠢᠨ | ᠠᠷᠭ᠎ᠠ ᠦᠭᠡᠢ ᠬᠠᠴᠢᠨ ᠶᠠᠭᠤᠮ᠎ᠠ ᠤᠯᠵᠤ ᠬᠠᠷᠠᠵᠤ ᠪᠢᠯᠨ︾ ᠬᠡᠵᠤ ᠦᠬᠦᠯᠡᠭᠰᠡᠨ ᠢᠶᠠᠨ ᠰᠢᠷᠠᠪ ᠭᠤᠸᠠᠢ ᠨᠠᠮᠤᠭᠤᠬᠠᠨ | ᠬᠢᠷᠢ ᠨᠢ ᠬᠦᠨ ᠢᠶᠠᠷ ᠰᠡᠬᠦᠷᠡᠰᠤ ᠠᠯᠳᠠᠯ᠎ᠠ᠃ ᠡᠪᠤᠬᠡᠨ ᠢ ᠡᠶᠢᠨᠬᠦ ᠤᠯᠠᠷᠢᠨ ᠤᠳᠤᠭᠰᠠᠨ ᠤᠨ ᠵᠢᠯ ᠤᠳ ᠤᠨ | ᠴᠢᠨᠠᠳᠤ ᠠᠴᠠ ᠰᠡᠩᠬᠢᠨᠡᠳᠡᠯᠠ ᠰᠠᠨᠠᠭ᠎ᠠ ᠠᠯᠳᠠᠨ ᠬᠠᠯᠠᠭᠯᠠᠬᠤ ᠠᠭᠱᠠᠨ ᠳᠤ ᠬᠤᠯᠨ ᠶᠢᠨ ᠤᠳᠤᠳ᠂ ᠵᠤᠯᠨ ᠶᠢᠨ | ᠲᠦᠯᠤ ᠰᠠᠯᠬᠢᠨ ᠳᠤ ᠬᠡᠶᠢᠰᠬᠦ ᠠᠳᠠᠯᠢ ᠲᠠᠯᠳᠠᠷᠢᠵᠤ ᠬᠡᠭᠡ ᠬᠡᠷᠡᠯ ᠨᠢ ᠪᠦᠬᠦᠨ ᠪᠦᠳᠡᠬᠢᠷᠡᠬᠦ ᠰᠢᠭ ᠪᠤᠯᠵᠤ ᠪᠢᠯᠨ᠃ | ᠰᠢᠷᠠᠪ ᠭᠤᠸᠠᠢ ᠠᠷᠢᠬᠢᠨ ᠤ ᠪᠠᠨ ᠰᠡᠬᠦᠯᠴᠢ ᠶᠢᠨ ᠦᠯᠡᠳᠡᠪᠤᠷᠢ ᠶᠢ ᠰᠢᠪᠬᠠᠨ ᠠᠶᠠᠭᠠᠨ ᠳᠠᠭᠠᠨ | ᠬᠢᠭᠡᠳ ᠬᠠᠯᠠᠮᠴᠠᠭᠤ ᠰᠤᠯᠠᠬᠠᠨ ᠬᠠᠷᠠᠴᠨ ᠪᠠᠷ ᠳ᠋ᠧᠩ ᠤᠨ ᠲᠦᠯᠤ ᠰᠢᠷᠳᠡᠨ ᠪᠤᠳᠤᠯᠭᠠᠰᠢᠷᠠᠵᠤ᠄ ︽ᠮᠢᠨᠤ ᠶᠠᠷᠢᠬᠤ | ᠶᠠᠭᠤᠮ᠎ᠠ᠂ ᠠᠷᠢᠬᠢ ᠬᠤᠶᠠᠷ ᠤᠨ ᠠᠯᠢ ᠠᠯᠢ ᠨᠢ ᠲᠠᠭᠤᠰᠴᠤ ᠪᠠᠶᠢᠬᠤ ᠰᠢᠭ᠋ ᠪᠠᠶᠢᠨ᠎ᠠ︾ ᠬᠡᠬᠦ ᠳᠤᠨᠢ ᠪᠢ ᠢᠯᠡᠬᠦᠤ | ᠦᠭᠡᠨ ᠳᠤ ᠲᠤᠷᠠᠯᠠᠵᠤ᠄ ︽ᠲᠠ ᠲᠦᠷᠦᠬᠦᠬᠡᠨ ᠬᠠᠳᠤᠨᠳᠠᠨ ᠤ ᠭᠠᠵᠠᠷ ᠲᠡᠭᠡᠷ᠎ᠠ ᠤᠴᠢᠭᠠᠳ ᠨᠢᠳᠦᠨ ᠳᠡᠭᠡᠨ | ᠢᠳᠡᠭᠡᠬᠦ ᠶᠢᠨ ᠠᠷᠭ᠎ᠠ ᠦᠭᠡᠢ ᠶᠠᠭᠤᠮ᠎ᠠ ᠦᠵᠡᠪᠡ ᠬᠡᠵᠤ ᠬᠡᠯᠡᠭᠰᠡᠨ᠃ ᠲᠡᠷᠨ ᠴᠤᠬᠤᠮ ᠶᠠᠭᠤ ᠪᠠᠶᠢᠭᠰᠠᠨ ᠶᠤᠮ ᠪᠤᠯ | ᠡ︖︾ | ︽ᠬᠦᠮᠦᠨ ᠳᠤ ᠬᠡᠯᠡᠬᠦ ᠳᠤ ᠦᠨᠡᠮᠰᠢᠬᠦ ᠶᠢᠨ ᠠᠷᠭ᠎ᠠ ᠦᠭᠡᠢ ᠬᠠᠴᠢᠨ ᠶᠠᠭᠤᠮ᠎ᠠ ᠦᠵᠡᠭᠰᠡᠨ᠃ | ᠨᠠᠮᠠᠢᠢ ᠮᠠᠷᠭᠠᠰᠢ ᠦᠷᠯᠦᠭᠡ ᠨᠢ ᠬᠦᠷᠴᠤ ᠤᠴᠢᠬᠤ ᠳᠤ ᠦᠴᠦᠭᠡᠳᠦᠷᠭᠡᠨ ᠲᠠᠶᠢᠵᠢ ᠶᠢᠨ ᠡᠬᠡᠨᠡᠷ ᠲᠠᠢ ᠬᠠᠮᠳᠤ ᠲᠠᠰᠢᠷ | ᠢᠶᠠᠷ ᠢᠶᠠᠨ ᠫᠤᠳᠠᠭᠤᠯᠵᠤ ᠦᠬᠦᠭᠰᠡᠨ ᠭᠠᠮᠢᠩ ᠤᠨ ᠨᠤᠶᠠᠨ ᠪᠤᠰᠤᠭᠠᠳ ᠶᠠᠪᠤᠴᠢᠬᠠᠭᠰᠠᠨ ᠪᠠᠶᠢᠭᠰᠠᠨ᠃ ᠪᠢ | ᠬᠤᠷᠤᠰᠴᠤ᠂ ᠭᠠᠶᠢᠬᠠᠬᠤ ᠳᠠᠭᠠᠨ ᠪᠦᠷ ᠡᠷᠡᠭᠡ ᠴᠡᠭᠡᠷ ᠢᠶᠠᠨ ᠠᠯᠳᠠᠨ ᠬᠡᠦᠭᠡᠨ ᠤ ᠬᠡᠬᠦᠷ ᠢ ᠡᠷᠬᠢᠬᠦᠯᠵᠤ | ᠲᠤᠭᠤᠷᠢᠭᠤᠯᠤᠨ ᠦᠵᠡᠪᠡᠯ ᠤᠶᠢᠷᠠᠬᠠᠨ ᠠᠴᠠ ᠲᠤᠯᠭᠠᠬᠤ ᠰᠢᠬᠠᠮ ᠫᠤᠤᠳᠠᠭᠰᠠᠨ ᠫᠤᠤ ᠶᠢᠨ ᠰᠤᠮᠤ ᠲᠠᠯᠢᠢᠭᠴᠢ ᠶᠢᠨ | ᠪᠡᠶ᠎ᠠ ᠶᠢ ᠨᠡᠪᠳᠡᠯᠵᠤ ᠭᠠᠷᠤᠭ᠎ᠠ ᠦᠭᠡᠢ ᠪᠠᠶᠢᠪᠠ᠃ ᠲᠡᠷᠨ ᠵᠠᠯᠢᠳᠠᠢ ᠴᠢᠳᠬᠦᠷ ᠲᠤᠯᠮ᠎ᠠ ᠶᠢ ᠵᠤᠯᠢᠶᠠᠰᠤᠨ ᠳᠤ | ᠭᠠᠷᠭᠠᠭᠠᠳ ᠦᠪᠡᠷ ᠢᠶᠠᠨ ᠠᠷᠤ ᠳᠤᠨᠢ ᠦᠯᠡᠳᠡᠴᠢᠭᠡᠭᠰᠡᠨ ᠶᠤᠮᠰᠠᠨᠵᠠᠢ᠃ ᠫᠤᠤ ᠲᠠᠰᠬᠢᠬᠤ ᠲᠡᠷᠨ ᠲᠤᠷᠭᠠᠨ ᠠᠭᠱᠢᠨ | ᠳᠤ ᠠᠶᠤᠭᠰᠠᠨ ᠳᠠᠭᠠᠨ ᠴᠢᠷᠠᠢ ᠵᠢᠰᠤ ᠨᠢ ᠬᠤᠪᠠᠭ᠋ᠠᠢ ᠲᠠᠭᠠᠭᠠᠵᠤ᠂ ᠰᠦᠨᠡᠰᠤ ᠰᠡᠬᠦᠳᠡᠷ ᠨᠢ ᠵᠠᠶᠢᠯᠠᠭᠰᠠᠨ ᠲᠡᠷᠨ ᠮᠠᠭᠤ | ᠭᠠᠮᠢᠩ ᠠᠴᠠ ᠬᠦᠮᠦᠨ ᠤ ᠰᠠᠨᠠᠭᠠᠨ ᠳᠤ ᠤᠷᠤᠮ᠎ᠠ ᠦᠭᠡᠢ ᠲᠡᠶᠢᠮᠤ ᠮᠠᠭᠤ ᠵᠠᠯᠢ ᠤᠬᠠᠭᠠᠨ ᠭᠠᠷᠬᠤ ᠶᠤᠮ ᠬᠡᠵᠤ ᠬᠡᠨ | ᠰᠠᠨᠠᠬᠤ ᠰᠠᠨ ᠪᠢᠯᠨ᠃︾ | ᠡᠪᠤᠭᠡᠨ ᠤ ᠶᠠᠷᠢᠭᠰᠠᠨ ᠡᠨᠡ ᠡᠮᠭᠡᠨᠢᠯᠳᠠᠢ ᠲᠡᠦᠭᠡ ᠶᠢ ᠰᠤᠨᠤᠰᠤᠭᠰᠠᠨ ᠪᠢ ᠦᠪᠡᠷ ᠢᠶᠠᠨ ᠲᠡᠷᠨ | ᠭᠠᠮᠢᠩ ᠳᠤ ᠬᠠᠮᠠᠷ ᠢᠶᠠᠷ ᠢᠶᠠᠨ ᠭᠠᠵᠠᠷ ᠰᠢᠷᠭᠤᠴᠢᠵᠤ ᠤᠨᠠᠳᠠᠯ᠎ᠠ ᠬᠠᠭᠤᠷᠳᠠᠭᠳᠠᠭᠰᠠᠨ ᠠᠳᠠᠯᠢ ᠬᠤᠷᠤᠰᠴᠤ | ᠪᠤᠬᠢᠮᠳᠠᠬᠤ ᠳᠠᠭᠠᠨ ᠬᠠ ᠬᠠᠮᠢᠭ᠎ᠠ ᠦᠭᠡᠢ ᠰᠢᠷᠠᠪ ᠭᠤᠸᠠᠢ ᠳᠤ ᠠᠭᠤᠷ ᠬᠦᠷᠪᠡ᠃ | ︽ᠬᠦᠮᠦᠨ ᠤ ᠭᠠᠷ ᠲᠤ ᠤᠷᠤᠭᠰᠠᠨ ᠲᠡᠷᠨ ᠭᠠᠮᠢᠩ ᠬᠡᠳᠦᠶᠢᠪᠡᠷ ᠦᠬᠦᠯ ᠢᠶᠠᠨ ᠬᠦᠯᠢᠶᠡᠨ ᠫᠤᠤ | ᠶᠢᠨ ᠠᠮᠠᠨ ᠲᠡᠭᠡᠷ᠎ᠠ ᠵᠤᠭᠰᠤᠵᠤ ᠪᠠᠶᠢᠭᠰᠠᠨ ᠬᠡᠳᠦᠢ ᠴᠤ ᠲᠠ ᠨᠠᠷ ᠤᠨ ᠲᠡᠷᠭᠡᠳᠠ ᠠᠷᠭ᠎ᠠ ᠦᠭᠡᠢ ᠯᠡ ᠲᠠᠶᠢᠨ ᠤ | ᠤᠳᠤᠭ᠎ᠠ ᠦᠨᠦᠷᠯᠡᠵᠤ ᠦᠵᠡᠭᠰᠡᠨ ᠵᠢᠩᠬᠢᠨᠢ ᠴᠡᠷᠢᠭ ᠤᠨ ᠲᠠᠷᠤᠭ᠎ᠠ ᠬᠦᠮᠦᠨ ᠪᠠᠶᠢᠵᠠᠢ᠃ ᠲᠡᠶᠢᠮᠤ ᠳᠡᠭᠡᠨ ᠴᠤ | ᠭᠠᠷᠴᠠᠭ᠎ᠠ ᠦᠭᠡᠢ ᠦᠬᠦᠯ ᠠᠴᠠ ᠮᠤᠯᠳᠤᠷᠠᠵᠤ᠂ ᠠᠮᠢ ᠪᠠᠨ ᠠᠪᠤᠭᠠᠳ ᠭᠠᠷᠴᠤ ᠳ᠋ᠧ᠃︾ | ᠡᠪᠤᠭᠡᠨ ᠰᠠᠭᠤᠭ᠎ᠠ ᠴᠢᠭ ᠢᠶᠠᠷ ᠢᠶᠠᠨ ᠰᠠᠯᠭᠠᠨᠠᠭᠰᠠᠨ ᠭᠠᠷ ᠢᠶᠠᠷ ᠲᠡᠪᠡᠯ ᠤᠨ ᠢᠶᠠᠨ ᠡᠩᠭᠡᠷ ᠤᠨ | ᠲᠤᠪᠴᠢ ᠶᠢ ᠲᠡᠮᠳᠡᠴᠢᠵᠤ ᠮᠤᠯᠳᠤᠴᠢᠵᠤ ᠪᠦᠰᠨ ᠪᠠᠨ ᠲᠠᠶᠢᠯᠤᠭᠠᠳ ᠬᠡᠭ ᠶᠤᠭ ᠬᠢᠭᠰᠡᠨ ᠲᠤᠷᠠᠮᠵᠢᠬᠠᠨ ᠬᠤᠭᠤᠯᠠᠢ | ᠪᠠᠷ ᠨᠠᠳᠠᠳᠤ ᠦᠭᠡ ᠶᠠᠷᠢᠯ᠎ᠠ᠃ | ︽ᠤᠳᠤ ᠬᠠᠮᠤᠭ ᠶᠠᠭᠤᠮ᠎ᠠ ᠦᠩᠭᠡᠷᠡᠵᠤ ᠪᠦᠬᠦ ᠶᠠᠭᠤᠮ᠎ᠠ ᠤᠯᠠᠷᠢᠵᠤ ᠪᠠᠯᠠᠷᠠᠭᠰᠠᠨ ᠬᠤᠶᠢᠨ᠎ᠠ ᠴᠢ | ᠮᠢᠨᠤ ᠬᠤᠤᠷ ᠢ ᠮᠠᠯᠳᠠᠵᠤ᠂ ᠨᠠᠮᠠᠢᠢ ᠵᠢᠮᠡᠯᠡᠭᠡᠳ ᠶᠠᠭᠠᠬᠢᠬᠤᠪ᠃ ᠪᠢ ᠶᠠᠮᠠᠷ ᠲᠡᠷᠨ ᠭᠠᠮᠢᠩ ᠢ ᠫᠤᠤᠳᠠᠭᠰᠠᠨ ᠪᠢᠰᠢ᠃ | ᠴᠦᠮ ᠠᠶᠤᠤᠷ ᠤᠨ ᠬᠢᠭᠰᠡᠨ ᠠᠵᠢᠯ ᠁ ᠴᠢ ᠲᠡᠭᠡᠭᠡᠳ ᠲᠡᠷᠨ ᠭᠠᠮᠢᠩ ᠢ ᠵᠦᠭᠡᠷ ᠨᠢᠭᠡ ᠪᠤᠰᠤᠭᠠᠳ | ᠶᠠᠪᠤᠴᠢᠬᠠᠭᠰᠠᠨ ᠬᠡᠵᠤ ᠪᠤᠳᠤᠵᠤ ᠪᠠᠶᠢᠨ᠎ᠠ ᠦᠦ︖︾ ᠬᠡᠵᠤ ᠰᠢᠷᠠᠪ ᠭᠤᠸᠠᠢ ᠨᠠᠳᠠ ᠠᠴᠠ ᠠᠰᠠᠭᠤᠭᠰᠠᠨ ᠢᠶᠠᠨ | ᠲᠤᠯᠤᠭᠠᠢ ᠰᠡᠭᠰᠦᠷᠴᠤ᠄ ︽ᠪᠤᠵᠠᠷ ᠠᠮᠢᠳᠠᠨ ᠠᠮᠢ ᠪᠠᠨ ᠶᠠᠭᠠᠬᠢᠶ᠎ᠠ ᠬᠡᠵᠤ ᠪᠠᠶᠢᠵᠤ᠂ ᠪᠠᠰᠠ ᠠᠮᠵᠢᠭᠠᠳ ᠲᠠᠯᠢᠢᠭᠴᠢ | ᠶᠢᠨ ᠲᠠᠪᠤ᠂ ᠲᠠᠪᠤᠨ ᠴᠢᠩ ᠤᠨ ᠰᠢᠵᠢᠷ ᠠᠯᠳᠠᠨ ᠡᠭᠡᠮᠦᠭ᠂ ᠪᠦᠭᠡᠵᠢ ᠶᠢ ᠮᠤᠯᠳᠤᠯᠵᠤ ᠠᠪᠤᠭᠠᠳ ᠲᠠᠯᠢᠢᠭᠰᠠᠨ | ᠪᠠᠶᠢᠭᠰᠠᠨ ᠰᠢᠤ᠃ ᠬᠦᠮᠦᠨ ᠤ ᠰᠢᠨᠤᠯ ᠳᠤ ᠬᠢᠵᠠᠭᠠᠷ ᠪᠠᠶᠢᠬᠤ ᠦᠭᠡᠢ ᠁ ᠲᠡᠬᠦᠨ ᠠᠴᠠ ᠦᠭᠡᠷ᠎ᠠ | ᠦᠬᠦᠭᠰᠡᠨ ᠬᠦᠮᠦᠨ ᠲᠡᠭᠡᠷᠡᠮᠳᠡᠬᠦ᠂ ᠠᠶᠤᠵᠤ ᠢᠴᠢᠬᠦ ᠪᠠᠨ ᠮᠠᠷᠳᠠᠭᠰᠠᠨ ᠴᠠᠭᠠᠨ ᠳᠠᠭᠠᠨ ᠭᠠᠷᠤᠭᠰᠠᠨ ᠠᠮᠢᠳᠠᠨ ᠮᠠᠨ ᠤ | ᠨᠤᠳᠤᠭ ᠲᠤ ᠪᠠᠶᠢᠬᠤ ᠦᠭᠡᠢ᠃ ᠭᠠᠮᠢᠩ ᠬᠡᠳᠡᠭ ᠬᠠᠷ᠎ᠠ ᠲᠤᠯᠤᠭᠠᠢ ᠶᠢ ᠨᠢ ᠬᠠᠭᠠᠴᠠᠶᠢᠯᠠᠵᠤ ᠬᠠᠯᠠᠭᠤᠨ ᠠᠮᠢ ᠪᠠᠨ | ᠠᠯᠳᠠᠭᠰᠠᠨ ᠬᠦᠮᠦᠨ ᠢ ᠴᠤ ᠬᠠᠶᠢᠷᠠᠯᠠᠳᠠᠭ ᠦᠭᠡᠢ ᠶᠤᠷᠤ ᠶᠢᠨ ᠠᠮᠢᠳᠠᠳ ᠶᠤᠮ ᠪᠢᠯᠨ᠃ ᠲᠡᠷᠨ ᠨᠢᠬᠦᠯᠳᠤ ᠶᠠᠪᠤᠳᠠᠯ | ᠠᠴᠠ ᠬᠤᠶᠢᠰᠢ ᠦᠩ ᠴᠦ ᠪᠤᠯᠤᠭᠰᠠᠨ᠂ ᠵᠤᠨ ᠴᠤ ᠪᠤᠯᠤᠭᠰᠠᠨ ᠤᠯᠠᠨ ᠵᠢᠯ ᠡᠨᠡ ᠲᠡᠷᠭᠡᠳᠤ ᠬᠠᠷ᠎ᠠ ᠬᠤᠰᠢᠭᠤᠨ ᠳᠤ | ᠠᠶᠢᠯ ᠠᠮᠢᠳᠠᠨ ᠨᠤᠳᠤᠭᠯᠠᠬᠤ ᠪᠠᠨ ᠪᠤᠯᠢᠵᠤ ᠬᠦᠶᠦᠳᠡᠯ ᠲᠠᠢ ᠭᠠᠵᠠᠷ ᠬᠡᠮᠡᠨ ᠬᠦᠭᠰᠢᠨ ᠵᠠᠯᠠᠭᠤ ᠦᠭᠡᠢ ᠵᠢᠭᠤᠳᠠᠵᠤ᠂ | ᠤᠷᠤᠢ ᠦᠳᠡᠰᠢ ᠭᠠᠭᠴᠨ ᠨᠢᠭᠡ ᠪᠠᠷ ᠢᠶᠠᠨ ᠡᠬᠦᠪᠡᠷ ᠶᠠᠪᠤᠬᠤ ᠠᠴᠠ ᠪᠠᠨ ᠴᠡᠷᠪᠡᠵᠡᠭᠡᠳᠡᠭ ᠪᠤᠯᠤᠭᠰᠠᠨ ᠶᠤᠮ᠃ | ᠠᠷᠭ᠎ᠠ ᠦᠭᠡᠢ ᠰᠢᠤ ᠳ᠋ᠧ᠃ ᠲᠠᠯᠢᠢᠭᠴᠢ ᠶᠢᠨ ᠬᠤᠶᠢᠨ᠎ᠠ ᠠᠴᠠ ᠡᠷ᠎ᠠ ᠨᠦᠬᠦᠷ ᠨᠢ ᠪᠠᠶᠢᠳᠤᠭᠠᠢ ᠲᠦᠷᠦᠬᠦᠯᠡᠭᠰᠡᠨ | ᠡᠴᠢᠭᠡ ᠡᠬᠡ ᠨᠢ ᠭᠠᠭᠴᠨ ᠵᠤᠯᠨ ᠮᠠᠨᠳᠤᠭᠠᠵᠤ᠂ ᠡᠷᠢᠭᠡ ᠮᠠᠨᠢ ᠤᠩᠰᠢᠭ᠎ᠠ ᠦᠭᠡᠢ ᠪᠤᠯᠬᠤᠷ ᠬᠦᠭᠡᠷᠦᠬᠦᠢ ᠲᠡᠷᠨ | ᠠᠮᠢᠳᠠᠨ ᠤ ᠰᠦᠨᠡᠰᠤ᠂ ᠰᠡᠬᠦᠳᠡᠷ ᠲᠦᠭᠡᠷᠢᠯ ᠦᠭᠡᠢ ᠶᠠᠭᠠᠬᠢᠬᠤᠪ︾ ᠬᠡᠬᠦ ᠳᠤ ᠨᠢ ᠪᠢ ᠦᠳᠡᠰᠢ ᠰᠢᠷᠠᠪ ᠭᠤᠸᠠᠢ | ᠮᠤᠷᠢ ᠬᠠᠷᠠᠬᠤ ᠳᠠᠭᠠᠨ ᠶᠠᠭᠠᠬᠢᠭᠠᠳ ᠨᠠᠮᠠᠢᠢ ᠬᠠᠨᠢ ᠲᠠᠳᠠᠨ ᠲᠠᠭᠠᠭᠤᠯᠵᠤ ᠭᠠᠷᠤᠭᠰᠠᠨ ᠤ ᠤᠴᠢᠷ ᠢ ᠤᠬᠠᠭᠠᠷᠠᠯ᠎ᠠ᠃ | | ︽ᠶᠠᠰᠤ᠂ ᠬᠤᠪᠴᠠᠰᠤ ᠬᠤᠨᠠᠷ ᠨᠢ ᠠᠯᠢ ᠳ᠋ᠢᠸᠠᠩᠭᠠᠷ ᠲᠤ ᠦᠷᠡᠳᠡᠰᠤ ᠴᠤ ᠦᠭᠡᠢ ᠠᠯᠠᠭ᠎ᠠ | ᠪᠤᠯᠤᠭᠰᠠᠨ ᠬᠢᠷᠢ ᠨᠢ ᠭᠠᠮᠢᠩ ᠤᠨ ᠲᠡᠷᠭᠡᠨ ᠤ ᠦᠷᠦᠭᠡᠰᠦᠨ ᠲᠤᠭᠤᠢ᠂ ᠲᠠᠯᠢᠢᠭᠴᠢ ᠡᠬᠡᠨᠡᠷ ᠤᠨ ᠰᠤᠪᠤᠳᠤᠨ | ᠲᠠᠷᠤᠭᠤᠯᠭ᠎ᠠ ᠲᠠᠢ ᠤᠷᠳᠤ ᠬᠠᠷ᠎ᠠ ᠬᠡᠵᠢᠭᠡ ᠬᠤᠶᠠᠷ ᠡᠨᠡ ᠲᠡᠷᠭᠡᠳᠤ ᠬᠠᠷ᠎ᠠ ᠬᠤᠰᠢᠭᠤᠨ ᠤ ᠵᠡᠬᠦᠨ ᠡᠩᠭᠡᠷ ᠲᠡᠭᠡᠷ᠎ᠠ | ᠮᠥᠨ ᠴᠤ ᠤᠯᠠᠨ ᠵᠢᠯ ᠬᠡᠪᠳᠡᠭᠰᠡᠨ ᠳ᠋ᠧ᠃ ᠬᠦᠮᠦᠨ ᠤ ᠦᠰᠦ ᠬᠡᠳᠡᠭ ᠡᠯᠡᠵᠤ ᠡᠪᠳᠡᠷᠡᠳᠡᠭ ᠦᠭᠡᠢ ᠠᠮᠢ ᠪᠦᠭᠡᠳᠠᠢ | ᠡᠳ᠋᠃ ᠢᠩᠬᠢᠵᠤ ᠮᠠᠨ ᠤ ᠨᠤᠳᠤᠭ ᠤᠨ ᠨᠢᠭᠡ ᠰᠠᠶᠢᠬᠠᠨ ᠬᠡᠦᠭᠡᠨ ᠦᠵᠡᠰᠬᠦᠯᠡᠩ ᠭᠤᠸ᠎ᠠ ᠴᠢᠷᠠᠢ ᠵᠢᠰᠤ᠂ ᠪᠦᠰᠡᠬᠦᠢ | ᠬᠦᠮᠦᠨ ᠤ ᠪᠤᠭᠤᠨᠢ ᠤᠬᠠᠭᠠᠨ᠂ ᠰᠠᠳᠤᠷ ᠰᠠᠮᠠᠭᠤᠨ ᠬᠦᠩᠭᠡᠮᠰᠦᠭ ᠵᠠᠩ ᠠᠴᠠ ᠪᠠᠨ ᠪᠤᠯᠵᠤ ᠵᠠᠯᠠᠭᠤ ᠽᠠᠨᠳᠠᠨ ᠨᠠᠰᠤᠨ | ᠳᠠᠭᠠᠨ ᠨᠦᠬᠦᠷ ᠤᠨ ᠢᠶᠠᠨ ᠭᠠᠷ ᠲᠤ ᠠᠮᠢ ᠪᠠᠨ ᠠᠯᠳᠠᠭᠰᠠᠨ ᠶᠤᠮ᠃ ᠮᠠᠭᠤ ᠬᠦᠮᠦᠨ ᠬᠡᠳᠡᠭ ᠦᠢᠯᠡᠰ ᠨᠢ | ᠪᠤᠷᠤᠭᠤᠳᠠᠬᠤ ᠪᠠᠷ ᠢᠶᠠᠨ ᠦᠬᠦᠬᠦ ᠮᠦᠷ ᠢᠶᠠᠷ ᠢᠶᠠᠨ ᠦᠬᠦᠬᠦ ᠦᠭᠡᠢ ᠲᠦᠷᠦᠭᠰᠡᠨ ᠨᠤᠳᠤᠭ ᠤᠰᠤ ᠪᠠᠨ ᠬᠦᠷᠳᠡᠯ᠎ᠠ | ᠪᠤᠵᠠᠷᠯᠠᠵᠤ ᠦᠬᠦᠳᠡᠭ ᠶᠤᠮ ᠪᠢᠯᠨ︾ ᠬᠡᠵᠤ ᠰᠢᠷᠠᠪ ᠭᠤᠸᠠᠢ ᠶᠢ ᠦᠬᠦᠯᠡᠳᠡᠯᠠ ᠨᠢᠭᠡᠨ ᠲᠤᠮᠤ ᠨᠡᠪᠰᠡᠭᠡᠷ ᠪᠤᠷᠤ | ᠡᠷᠪᠡᠬᠡᠢ ᠳ᠋ᠧᠩ ᠤᠨ ᠬᠡᠷᠡᠯ ᠢ ᠠᠯᠠᠭᠠᠳᠠᠨ ᠤᠨᠳᠠᠷᠠᠭᠠᠭᠠᠳ ᠬᠠᠯᠠᠭᠤᠨ ᠲᠤᠰᠤᠨ ᠳᠤ ᠱᠠᠵᠢᠬᠢᠨᠠᠨ ᠰᠢᠳᠠᠵᠤ ᠬᠢᠷᠪᠤᠰᠤ | ᠬᠡᠩᠰᠢᠬᠦᠤ ᠦᠨᠦᠷᠳᠡᠨ ᠬᠠᠷᠠᠩᠭᠤᠢ ᠪᠤᠯᠭᠠᠯ᠎ᠠ᠃ ᠪᠢ ᠬᠡᠷᠡᠯ ᠭᠠᠷᠭᠠᠬᠤ ᠰᠠᠨᠠᠭᠠᠳᠠᠢ ᠴᠦᠳᠡᠨᠵᠠ ᠰᠤᠷᠠᠭᠯᠠᠪᠠᠯ ᠰᠢᠷᠠᠪ | ᠭᠤᠸᠠᠢ ᠲᠦᠪᠡᠭᠰᠢᠶᠡᠭᠰᠡᠨ ᠦᠦ ᠶᠠᠭᠠᠬᠢᠪᠠ᠄ ︽ᠤᠳᠤ ᠬᠡᠷᠡᠯ ᠠᠰᠠᠭᠠᠭᠠᠳ ᠶᠠᠭᠠᠬᠢᠬᠤᠪ᠃ ᠳ᠋ᠧᠩ ᠤᠨ ᠮᠠᠭᠤᠰᠠᠶᠢᠨ | ᠪᠤᠷᠤ ᠡᠷᠪᠡᠬᠡᠢ ᠪᠤᠵᠢᠬᠢᠨᠠᠭᠠᠳ ᠠᠮᠠᠷᠠᠭᠠᠬᠤ ᠦᠭᠡᠢ᠃ ᠠᠷᠢᠬᠢ ᠴᠤ ᠲᠤᠯᠤᠭᠠᠢ ᠳᠤ ᠭᠠᠷᠴᠤ ᠪᠠᠶᠢᠬᠤ ᠰᠢᠭ᠋᠃ | ᠡᠷᠳᠡᠭᠡᠨ ᠬᠠᠵᠠᠭᠤᠯᠠᠬᠤ ᠮᠢᠨᠢ︾ ᠬᠡᠰᠡᠨ ᠢᠶᠠᠨ ᠡᠪᠤᠭᠡᠨ ᠤᠷᠤᠨ ᠳᠠᠭᠠᠨ ᠤᠷᠤᠵᠤ ᠬᠡᠪᠳᠡᠪᠡ ᠪᠤᠯᠤᠯᠳᠠᠢ ᠲᠠᠭ ᠴᠢᠭ᠋ | ᠪᠤᠯᠤᠯ᠎ᠠ᠃ ᠪᠢᠳᠠ ᠬᠤᠶᠠᠷ ᠤᠨ ᠶᠠᠷᠢᠶ᠎ᠠ ᠲᠠᠭᠤᠰᠬᠤ ᠶᠢ ᠶᠠᠭ ᠮᠡᠳᠡᠭᠰᠡᠨ ᠶᠤᠮ ᠰᠢᠭ᠋ ᠶᠠᠭᠤᠨ ᠲᠤᠮᠤ ᠡᠷᠪᠡᠬᠡᠢ | ᠬᠠᠮᠢᠭ᠎ᠠ ᠠᠴᠠ ᠬᠦᠷᠴᠤ ᠢᠷᠡᠭᠡᠳ ᠬᠡᠷᠡᠯ ᠤᠨᠳᠠᠷᠠᠭᠠᠴᠢᠬᠠᠳᠠᠭ ᠪᠢᠯᠨ᠃ ᠠᠷᠠᠢ ᠨᠦᠬᠦᠭᠡ ᠲᠠᠯᠢᠢᠭᠴᠢ ᠡᠬᠡᠨᠡᠷ ᠤᠨ | ᠰᠦᠨᠡᠰᠤ ᠦᠴᠢᠨᠡᠨ ᠵᠢᠯ ᠤᠨ ᠬᠤᠶᠢᠨ᠎ᠠ ᠡᠳᠦᠭᠡ ᠪᠠᠰᠠ ᠲᠡᠨᠤᠵᠤ ᠲᠦᠭᠡᠷᠢᠵᠤ ᠶᠠᠪᠤᠳᠠᠭ ᠶᠤᠮ ᠪᠢᠰᠢ ᠪᠠᠶᠢᠭ᠎ᠠ | ᠬᠡᠰᠡᠨ ᠲᠡᠮᠡᠢ ᠪᠠᠯᠠᠢ ᠶᠠᠭᠤᠮ᠎ᠠ ᠪᠤᠳᠤᠭᠳᠠᠨ᠎ᠠ᠃ | ᠮᠠᠶᠢᠬᠠᠨ ᠤ ᠰᠢᠪᠠᠭᠤ ᠮᠤᠳᠤᠨ ᠤ ᠤᠷᠤᠢ ᠲᠡᠭᠡᠷ᠎ᠠ ᠬᠡᠳᠦᠨ ᠪᠦᠳᠡᠭᠢᠬᠡᠨ ᠵᠢᠵᠢᠭ ᠤᠳᠤ ᠡᠪᠤᠭᠡᠨ | ᠤ ᠠᠮᠠᠨ ᠠᠴᠠ ᠡᠮᠭᠡᠨᠢᠯᠳᠠᠢ ᠲᠡᠦᠭᠡ ᠰᠤᠨᠤᠰᠤᠭᠰᠠᠨ ᠳᠠᠭᠠᠨ ᠭᠤᠨᠢᠭᠯᠠᠬᠤ ᠮᠡᠳᠤ ᠨᠢᠭᠡᠨ ᠦᠶ᠎ᠠ ᠲᠤᠳᠤᠷᠠᠵᠤ ᠨᠢᠭᠡᠨ | ᠦᠶ᠎ᠠ ᠪᠦᠳᠡᠭᠢᠷᠡᠨ ᠦᠵᠡᠭᠳᠡᠬᠦ ᠰᠠᠴᠠᠭᠤ ᠬᠡᠰᠡᠭᠭᠡᠨ ᠰᠦᠭᠡᠭ ᠬᠢᠯᠭᠠᠨ᠎ᠠ ᠶᠢᠨ ᠰᠠᠭᠠᠳᠠᠭ ᠬᠠᠶᠠᠭᠠᠨ ᠤ ᠰᠠᠯᠬᠢᠨ ᠳᠤ | ᠨᠢᠳᠦᠨ ᠤ ᠪᠤᠯᠤᠩ ᠳᠤ ᠰᠡᠷᠪᠡᠯᠵᠡᠨ ᠬᠦᠳᠡᠯᠦᠨ᠎ᠠ᠃ ᠤᠯᠠᠨ ᠲᠤᠯᠤᠭᠠᠨ ᠶᠠᠭᠤᠮ᠎ᠠ ᠪᠤᠳᠤᠯ ᠦᠭᠡᠢ ᠪᠤᠰᠢᠭᠤᠬᠠᠨ | ᠤᠨᠳᠠᠶ᠎ᠠ ᠬᠡᠪᠡᠴᠤ ᠨᠤᠶᠢᠷ ᠬᠦᠷᠬᠦ ᠰᠢᠨᠵᠢ ᠦᠭᠡᠢ᠃ ᠵᠠᠯᠠᠭᠤ ᠰᠠᠶᠢᠬᠠᠨ ᠨᠠᠰᠤᠨ ᠳᠠᠭᠠᠨ ᠤᠷᠴᠢᠯᠠᠩ ᠠᠴᠠ | ᠪᠤᠴᠠᠭᠰᠠᠨ ᠲᠤᠯᠮ᠎ᠠ ᠬᠡᠭᠴᠢ ᠦᠯᠤ ᠲᠠᠨᠢᠬᠤ ᠬᠡᠨᠡᠨ ᠬᠤᠩᠭᠤᠷ ᠪᠦᠰᠡᠬᠦᠢ ᠶᠢ ᠰᠠᠨᠠᠬᠤ ᠠᠴᠠ ᠬᠠᠷᠠᠭᠤᠰᠠᠯ ᠲᠦᠷᠦᠵᠤ | ᠂ ᠭᠤᠨᠢᠭ ᠤᠨ ᠰᠡᠬᠦᠳᠡᠷ ᠴᠡᠭᠡᠵᠢᠨ ᠳᠤ ᠬᠤᠢ ᠰᠠᠯᠬᠢᠨ ᠠᠳᠠᠯᠢ ᠬᠤᠷᠭᠤᠨ ᠡᠷᠬᠢᠯᠳᠦᠨᠠ᠃ ᠬᠠᠯᠬ᠎ᠠ ᠶᠢᠨ ᠡᠷᠡᠴᠦᠳ | ᠮᠤᠩᠳᠠᠭᠰᠠᠨ ᠪᠢᠰᠢ᠂ ᠤᠴᠢᠵᠤ ᠤᠴᠢᠵᠤ ᠨᠢᠭᠡ ᠮᠠᠭᠤ ᠤᠷᠭᠤᠳᠤᠤᠯ ᠭᠠᠮᠢᠩ ᠲᠠᠢ ᠨᠦᠬᠦᠴᠡᠬᠦ ᠬᠡᠵᠤ ᠪᠠᠶᠢᠬᠤ ᠤᠤ᠃ | ᠬᠤᠷᠸ᠎ᠠ ᠲᠡᠷᠨ ᠲᠡᠨᠡᠭᠭᠡᠨ ᠪᠦᠰᠡᠬᠦᠢ ᠳᠤ ᠦᠵᠡᠰᠬᠦᠯᠡᠩ ᠭᠤᠸ᠎ᠠ ᠪᠡᠶ᠎ᠠ ᠶᠢ ᠬᠠᠷᠠᠮ ᠦᠭᠡᠢ ᠬᠠᠶᠢᠷᠠᠯᠠᠭᠰᠠᠨ ᠬᠢᠷᠢ ᠨᠢ | ᠲᠠᠩᠴᠢ ᠤᠬᠠᠭᠠᠨ ᠵᠠᠶᠠᠭᠠᠭᠰᠠᠨ ᠦᠭᠡᠢ᠂ ᠭᠠᠷ ᠢᠶᠠᠨ ᠲᠠᠳᠠᠴᠢᠬᠠᠵᠠᠢ᠃ ᠠᠮᠢᠳᠠᠨ ᠤ ᠦᠢᠯᠨ ᠶᠢᠨ ᠦᠷ᠎ᠠ ᠨᠠᠷᠢᠨ᠃ | ᠬᠦᠭᠡᠷᠦᠬᠦᠢ ᠶᠢ ᠲᠡᠶᠢᠮᠤ ᠯᠡ ᠬᠤᠪᠢ ᠵᠠᠶᠠᠭ᠎ᠠ ᠬᠦᠯᠢᠶᠡᠵᠤ ᠪᠠᠶᠢᠭᠰᠠᠨ ᠶᠤᠮ ᠪᠠᠶᠢᠯᠬᠦᠢ᠃ ᠵᠢᠷᠤᠭᠰᠠᠨ ᠵᠢᠷᠤᠭ | ᠲᠦᠷᠦᠭᠰᠡᠨ ᠲᠦᠭᠡᠷᠢᠭᠡ ᠳᠤ ᠶᠠᠮᠠᠷ ᠵᠢᠭᠠᠭᠰᠠᠨ ᠪᠠᠶᠢᠨ᠎ᠠ᠂ ᠲᠡᠬᠦᠨ ᠢ ᠬᠡᠨ ᠠᠪᠤᠭᠠᠢ ᠴᠤ ᠲᠤᠭᠤᠷᠢᠵᠤ ᠭᠠᠷᠴᠤ | ᠴᠢᠳᠠᠬᠤ ᠪᠢᠰᠢ ᠳ᠋ᠧ ᠬᠡᠰᠡᠨ ᠰᠢᠤ ᠤᠷᠤᠨ ᠭᠠᠷᠤᠨ ᠪᠤᠳᠤᠯ ᠬᠡᠯᠬᠢᠨ ᠬᠦᠷᠪᠡᠵᠤ ᠬᠡᠪᠳᠡᠳᠡᠯᠠ ᠰᠠᠨᠠᠭ᠎ᠠ ᠲᠠᠭᠠᠭᠠᠳ ᠴᠤ | ᠶᠤᠮ ᠲᠡᠷᠨ ᠶᠤᠮᠰᠠᠨ ᠦᠦ ᠮᠠᠶᠢᠬᠠᠨ ᠤ ᠭᠠᠳᠠᠭ᠎ᠠ ᠬᠦᠮᠦᠨ ᠤ ᠬᠦᠯ ᠤᠨ ᠴᠢᠮᠡᠭᠡ ᠭᠠᠷᠬᠤ ᠰᠢᠭ᠋ ᠪᠤᠯᠤᠯ᠎ᠠ᠃ ᠴᠢᠬᠢ | ᠲᠠᠯᠪᠢᠨ ᠴᠢᠩᠨᠠᠪᠠᠯ ᠰᠢᠷᠠᠪ ᠭᠤᠸᠠᠢ ᠶᠢᠨ ᠠᠮᠢᠰᠬᠤᠯᠯᠠᠬᠤ ᠠᠴᠠ ᠦᠭᠡᠷ᠎ᠠ ᠶᠠᠭᠤᠮ᠎ᠠ ᠦᠯᠤ ᠰᠤᠨᠤᠰᠤᠭᠳᠠᠨᠠ᠃ | ᠵᠢᠰᠢᠬᠦᠭᠡᠨ ᠲᠤᠰᠤᠭᠰᠠᠨ ᠰᠠᠷᠠᠨ ᠤ ᠪᠦᠳᠡᠬᠢ ᠬᠡᠷᠡᠯ ᠳᠤ ᠲᠡᠪᠡᠯ ᠢᠶᠠᠨ ᠦᠷᠦᠭᠡᠯᠳᠦᠨ ᠨᠦᠮᠦᠷᠦᠭᠡᠳ ᠤᠨᠳᠠᠵᠤ ᠪᠤᠢ | ᠡᠪᠤᠭᠡᠨ ᠢ ᠬᠠᠶᠢᠯᠠᠰᠤᠨ ᠤ ᠤᠷ ᠦᠨᠳᠦᠰᠦ ᠲᠠᠢ ᠠᠨᠳᠠᠭᠤᠷᠠᠮᠠᠷ᠂ ᠨᠠᠷᠨ ᠰᠠᠯᠬᠢᠨ ᠳᠤ ᠭᠠᠩᠳᠠᠵᠤ ᠦᠷᠴᠡᠶᠢᠭᠰᠡᠨ | ᠨᠢᠭᠤᠷ ᠵᠤᠪᠠᠭᠤᠷᠢᠳᠠᠢ ᠨᠢ ᠠᠷᠭ᠎ᠠ ᠦᠭᠡᠢ ᠰᠡᠬᠦᠳᠡᠷᠳᠡᠨ ᠦᠵᠡᠭᠳᠡᠨ᠎ᠠ᠃ ᠪᠤᠳᠤᠯ ᠰᠠᠷᠨᠢᠨ᠂ ᠪᠡᠶ᠎ᠠ ᠲᠠᠯᠪᠢᠷᠠᠵᠤ | ᠵᠤᠪᠬᠢ ᠰᠤᠷᠮᠤᠤᠰᠤ ᠬᠠᠷ᠎ᠠ ᠠᠶᠠᠨᠳᠠᠭᠠᠨ ᠠᠨᠢᠯᠳᠤᠨ ᠵᠡᠬᠦᠷᠮᠡᠭᠯᠡᠬᠦ ᠠᠭᠱᠠᠨ ᠳᠤ ᠮᠠᠶᠢᠬᠠᠨ ᠤ ᠠᠮᠠ ᠪᠠᠷ ᠨᠢᠭᠡᠨ | ᠠᠮᠢᠳᠠᠨ ᠱᠠᠭᠠᠶᠢᠵᠤ ᠰᠡᠬᠦᠳᠡᠷ ᠨᠢ ᠨᠢᠭᠤᠷᠦᠨ ᠲᠡᠭᠡᠷ᠎ᠠ ᠲᠤᠰᠬᠤ ᠰᠢᠭ᠋ ᠰᠠᠨᠠᠭᠳᠠᠬᠤ ᠳᠤ ᠰᠤᠴᠢᠨ ᠦᠨᠳᠡᠶᠢᠵᠤ | ᠬᠠᠷᠠᠪᠠᠯ ᠰᠠᠷᠠᠨ ᠤ ᠲᠤᠶᠠᠭ᠎ᠠ ᠮᠠᠶᠢᠬᠠᠨ ᠤ ᠴᠤᠭᠤᠷᠤᠬᠠᠢ ᠪᠠᠷ ᠨᠢᠳᠦᠨ ᠲᠡᠭᠡᠷ᠎ᠠ ᠬᠢᠯᠠᠯᠵᠠᠵᠤ ᠪᠠᠶᠢᠯ᠎ᠠ᠃ ᠠᠬᠢ | ᠲᠠᠭᠠᠨ᠎ᠠ ᠶᠢᠨ ᠦᠨᠦᠷᠳᠠᠢ ᠰᠦᠨᠢ ᠶᠢᠨ ᠪᠦᠯᠢᠶᠡᠨ ᠰᠡᠪᠰᠢᠶᠠ ᠰᠠᠯᠬᠢᠨ ᠬᠠᠶᠠᠭ᠎ᠠ ᠪᠠᠷ ᠬᠦᠢᠰ ᠬᠦᠢᠰᠭᠡᠨ ᠨᠦᠭᠡᠯᠭᠡᠯᠡᠨ | ᠦᠯᠢᠶᠡᠵᠤ ᠰᠠᠭᠠᠬᠠᠯᠳᠠ ᠶᠢᠨ ᠴᠢᠨᠠᠳᠤ ᠳᠤ ᠴᠢᠳᠦᠷ ᠲᠠᠢ ᠮᠤᠷᠢᠳ ᠨᠢᠯᠬ᠎ᠠ ᠨᠤᠭᠤᠭᠠᠨ ᠤ ᠠᠭᠠᠭ ᠲᠤᠭᠤᠰᠤᠨ ᠳᠤ | ᠪᠠᠭ᠋ᠠᠷᠳᠠᠨ ᠲᠤᠷᠬᠢᠬᠤ ᠨᠢ ᠨᠤᠶᠢᠷᠤᠨ ᠲᠤᠮᠳᠠ ᠪᠦᠳᠡᠬᠢᠭᠡᠨ ᠲᠤᠭᠤᠯᠳᠠᠨ᠎ᠠ᠃ | ᠨᠢᠳᠤ᠂ ᠰᠤᠷᠮᠤᠤᠰᠤ ᠠᠨᠢᠭᠠᠰᠤᠳᠠᠢ ᠪᠦᠭᠡᠳᠡᠯᠠ ᠲᠡᠷᠳᠡᠭᠡ ᠳᠤ ᠲᠡᠷᠭᠡᠳᠤ ᠬᠠᠷ᠎ᠠ ᠬᠤᠰᠢᠭᠤ | ᠲᠤᠳᠤ ᠠᠴᠠ ᠲᠤᠳᠤ ᠴᠡᠩᠭᠡᠷᠳᠦᠨ ᠬᠠᠷᠠᠭᠳᠠᠬᠤ ᠨᠢ ᠰᠤᠨᠢᠨ᠃ ᠪᠢ ᠵᠡᠬᠦᠳᠦᠯᠡᠵᠤ ᠪᠠᠶᠢᠨ᠎ᠠ ᠳ᠋ᠠ ᠬᠡᠵᠤ ᠰᠠᠨᠠᠭᠳᠠᠪᠠ᠃ | ᠲᠡᠭᠡᠷ᠎ᠠ ᠰᠠᠷ᠎ᠠ ᠮᠡᠯᠳᠡᠶᠢᠵᠤ᠂ ᠲᠡᠷᠭᠡᠳᠠ ᠵᠠᠳᠠᠭᠠᠢ ᠭᠠᠯ ᠲᠦᠷᠡᠯᠵᠡᠨ ᠠᠰᠠᠨ᠎ᠠ᠃ ᠭᠤᠷᠪᠠᠨ ᠴᠢᠯᠠᠭᠤᠨ ᠲᠡᠭᠡᠷ᠎ᠠ | ᠲᠠᠯᠪᠢᠭᠠᠰᠤᠳᠠᠢ ᠲᠤᠭᠤᠭ᠎ᠠ ᠲᠠᠢ ᠴᠠᠢ ᠲᠠᠷᠬᠢᠯᠤᠨ ᠪᠤᠴᠠᠯᠤᠨ᠎ᠠ᠃ ᠲᠤᠯᠮ᠎ᠠ ᠭᠠᠯ ᠳᠤ ᠠᠷᠭᠠᠯ ᠨᠡᠮᠡᠵᠤ ᠠᠯᠴᠢᠭᠤᠷ | ᠢᠶᠠᠨ ᠵᠠᠰᠠᠵᠤ ᠵᠠᠩᠬᠢᠳᠤᠭᠠᠳ ᠨᠠᠳᠠ ᠤᠷᠤᠭᠤ ᠦᠯᠤ ᠮᠡᠳᠡᠭ ᠤᠶᠢᠳᠬᠠᠷᠳᠠᠢ ᠬᠦᠭᠡᠷᠦᠬᠦᠨ ᠨᠢᠳᠤ ᠪᠠᠷ ᠢᠶᠠᠨ | ᠰᠢᠷᠳᠡᠵᠤ᠄ ︽ᠪᠢ ᠴᠢᠮᠠᠳᠤ ᠦᠦᠷ ᠴᠠᠶᠢᠬᠤ ᠠᠴᠠ ᠡᠮᠦᠨ᠎ᠠ ᠠᠮᠵᠢᠭᠠᠳ ᠬᠡᠳᠦᠨ ᠠᠶᠠᠭ᠎ᠠ ᠠᠶᠠᠳᠠᠶᠢᠬᠠᠨ ᠴᠠᠢ | ᠴᠢᠨᠠᠭᠠᠳ ᠦᠭᠴᠢᠭᠡᠶᠠ ᠬᠡᠵᠤ ᠰᠠᠨᠠᠭᠰᠠᠨ ᠴᠢᠨᠢ ᠦᠴᠦᠭᠡᠳᠦᠷ ᠤᠨ ᠪᠤᠷᠤᠭᠠᠨ ᠢᠶᠠᠷ ᠠᠷᠭᠠᠯ ᠴᠢᠬᠢᠭ ᠠᠪᠴᠢᠬᠠᠭᠰᠠᠨ | ᠭᠠᠯ ᠦᠭᠡᠳᠠ ᠲᠠᠢ ᠨᠤᠴᠤᠳᠠᠭ ᠦᠭᠡᠢ᠃ ᠠᠶᠤᠤᠷ ᠰᠢᠭ᠋ ᠬᠠᠷᠠᠳᠠᠢ ᠬᠦᠮᠦᠨ ᠲᠠᠢ ᠨᠢᠭᠡ ᠨᠠᠰᠤ ᠶᠢ ᠶᠠᠭᠠᠬᠢᠵᠤ | ᠪᠠᠷᠠᠳᠠᠭ ᠪᠢᠯᠨ ᠬᠡᠵᠤ ᠪᠤᠳᠤᠬᠤ ᠠᠴᠠ ᠠᠪᠳᠠᠷ᠎ᠠ ᠲᠤᠳᠤᠷ᠎ᠠ ᠴᠤᠤᠵᠢᠯᠠᠭᠤᠯᠤᠭᠰᠠᠨ ᠶᠤᠮ ᠰᠢᠭ᠋ ᠯᠡ ᠰᠠᠨᠠᠭᠳᠠᠬᠤ ᠶᠤᠮ | ᠃ ᠴᠢ ᠴᠤ ᠨᠠᠮᠠᠢᠢ ᠰᠦᠨᠢ ᠯᠡ ᠬᠠᠶᠠ ᠰᠠᠨᠠᠨ᠎ᠠ ᠦᠦ ᠬᠡᠬᠦ ᠠᠴᠠ ᠪᠢᠰᠢ ᠡᠳᠦᠷ ᠶᠠᠮᠠᠷ ᠪᠠᠷ᠎ᠠ ᠪᠠᠨ ᠬᠠᠷᠠᠭᠤᠯᠬᠤ ᠪᠢᠰᠢ︾ | ᠬᠡᠮᠡᠨ ᠬᠤᠭᠤᠯᠠᠢ ᠨᠢ ᠲᠤᠷᠤᠰᠬᠢᠨ ᠵᠠᠩᠬᠢᠷᠠᠭᠰᠠᠨ ᠢᠶᠠᠨ᠄ ︽ᠮᠠᠨ ᠤ ᠠᠶᠤᠤᠷ ᠬᠠᠷᠠᠳᠠᠢ ᠴᠤ ᠬᠡᠰᠡᠨ ᠬᠠᠯᠠᠮᠵᠢᠳᠠᠢ | ᠬᠦᠮᠦᠨ᠃ ᠴᠠᠭᠠᠳᠤᠬᠢ ᠶᠢ ᠴᠢᠨᠢ ᠰᠡᠷᠢᠬᠦ ᠠᠴᠠ ᠡᠮᠦᠨ᠎ᠠ ᠠᠮᠵᠢᠵᠤ ᠤᠴᠢᠬᠤ ᠦᠭᠡᠢ ᠪᠤᠯ ᠰᠦᠢᠳ ᠪᠤᠯᠤᠨ᠎ᠠ᠃ | ᠤᠳᠤ ᠴᠤ ᠪᠢ ᠨᠢᠭᠡ ᠬᠡᠰᠡᠭ ᠲᠡᠭᠡᠨ ᠴᠢᠮ᠎ᠠ ᠲᠠᠢ ᠢᠷᠡᠵᠤ ᠠᠭᠤᠯᠵᠠᠵᠤ ᠴᠢᠳᠠᠬᠤ ᠪᠠᠶᠢᠬᠤ ᠡ︾ ᠬᠡᠵᠤ ᠬᠡᠯᠡᠭᠡᠳ | ᠲᠤᠭᠤᠭ᠎ᠠ ᠲᠠᠢ ᠴᠠᠢ ᠶᠢᠨ ᠲᠡᠭᠡᠷ᠎ᠠ ᠠᠴᠠ ᠰᠢᠨᠠᠭ᠎ᠠ ᠪᠠᠷ ᠤᠳᠬᠤᠨ ᠲᠡᠭᠡᠵᠢ ᠶᠢ ᠨᠢ ᠲᠡᠷᠭᠡᠳᠤ ᠬᠠᠷ᠎ᠠ ᠬᠤᠰᠢᠭᠤ | ᠦᠭᠡᠳᠠ ᠡᠷᠬᠦᠯᠠ᠃ ᠪᠢᠳᠡᠨ ᠤ ᠬᠠᠵᠠᠭᠤ ᠶᠢᠨ ᠮᠠᠶᠢᠬᠠᠨ ᠳᠤ ᠰᠢᠷᠠᠪ ᠭᠤᠸᠠᠢ ᠴᠢᠩᠭ᠎ᠠ ᠪᠠᠷ ᠬᠤᠷᠬᠢᠷᠡᠨ | ᠨᠤᠶᠢᠷᠰᠤᠨᠠ᠃ ᠲᠤᠯᠮ᠎ᠠ᠂ ᠡᠪᠤᠭᠡᠨ ᠦᠭᠡᠳᠠ ᠬᠤᠯᠠᠭᠠᠢ ᠨᠢᠳᠤ ᠪᠠᠷ ᠬᠠᠷᠠᠭᠠᠳ᠄ ︽ᠡᠨᠡ ᠰᠢᠷᠠᠪ ᠦᠭᠡᠳᠠ ᠲᠠᠢ | ᠬᠦᠮᠦᠨ ᠪᠢᠰᠢ ᠰᠢᠤ᠃ ᠲᠡᠷᠭᠡᠳᠠ ᠨᠢ ᠬᠡᠷᠡᠭᠳᠠᠢ᠂ ᠬᠡᠷᠡᠭ ᠦᠭᠡᠢ ᠶᠠᠭᠤᠮ᠎ᠠ ᠢᠳᠡᠭᠡᠵᠤ ᠶᠠᠷᠢᠭᠰᠠᠨ ᠤ ᠬᠡᠷᠡᠭ ᠦᠭᠡᠢ᠃ | ᠬᠤᠵᠢᠮ ᠶᠠᠭᠠᠬᠢᠵᠤ ᠴᠤ ᠴᠢᠰᠤ ᠦᠭᠡᠢ ᠠᠯᠠᠵᠤ ᠮᠡᠳᠡᠨ᠎ᠠ᠃ ᠦᠴᠦᠭᠡᠳᠦᠷ ᠦᠳᠡᠰᠢ ᠴᠢᠮ᠎ᠠ ᠳᠤ ᠮᠢᠨᠤ ᠲᠤᠬᠠᠢ | ᠲᠡᠷᠨ ᠶᠡᠭᠡ ᠲᠡᠭᠡᠰ ② ᠬᠤᠳᠠᠯ ᠶᠠᠷᠢᠵᠤ ᠪᠠᠶᠢᠨ᠎ᠠ ᠯᠠᠢ᠃ ᠪᠢ ᠲᠡᠷᠨ ᠭᠠᠮᠢᠩ ᠤᠨ ᠨᠤᠶᠠᠨ ᠲᠠᠢ ᠬᠡᠵᠢᠶ᠎ᠠ ᠴᠤ | ᠬᠦᠵᠦᠬᠦᠤ ᠲᠤᠯᠤᠭᠠᠢ ᠬᠤᠯᠪᠤᠨ ᠨᠦᠬᠦᠴᠡᠭᠰᠡᠨ ᠦᠭᠡᠢ᠃ ᠡᠬᠦᠨ ᠢ ᠪᠤᠷᠬᠠᠨ ᠬᠡᠷᠡᠴᠢᠯᠡᠨ᠎ᠠ᠃ ᠦᠷ᠎ᠠ ᠬᠡᠦᠭᠡᠳ᠂ | ᠬᠡᠷ ᠮᠠᠯ ᠢ ᠮᠢᠨᠢ ᠭᠠᠮᠢᠩ ᠤᠳ ᠰᠦᠢᠳᠭᠡᠴᠢᠬᠡᠬᠦ ᠪᠤᠢ ᠬᠡᠵᠤ ᠠᠶᠤᠵᠤ ᠪᠤᠯᠭᠤᠮᠵᠢᠯᠠᠬᠤ ᠳᠠᠭᠠᠨ ᠲᠡᠳᠡᠨ ᠢ | ᠪᠤᠰᠢᠭᠤᠬᠠᠨ ᠬᠤᠯᠠᠳᠠᠭᠤᠯᠬᠤ ᠰᠠᠨ ᠬᠡᠬᠦ ᠳᠡᠭᠡᠨ ᠪᠡᠶ᠎ᠠ ᠪᠠᠨ ᠵᠤᠯᠢᠶᠠᠰᠤᠨ ᠳᠤ ᠭᠠᠷᠭᠠᠵᠤ ᠬᠠᠮᠳᠤ ᠶᠠᠪᠤᠭᠰᠠᠨ ᠨᠢ | ᠲᠡᠷᠨ᠃ ᠠᠶᠤᠤᠷ ᠤᠨ ᠬᠦᠯ ᠳᠤ ᠰᠦᠬᠦᠷᠡᠵᠤ ᠤᠨᠠᠭᠰᠠᠨ ᠭᠠᠮᠢᠩ ︿ᠨᠤᠳᠤᠭ ᠲᠤ ᠬᠦᠭᠰᠢᠨ ᠡᠬᠡ ᠮᠢᠨᠢ ᠭᠠᠭᠴᠠᠭᠠᠷ | ᠨᠠᠮᠠᠢᠢ ᠬᠦᠯᠢᠶᠡᠵᠤ ᠪᠠᠶᠢᠭ᠎ᠠ﹀ ᠬᠡᠵᠤ ᠫᠤᠤ ᠶᠢᠨ ᠠᠮᠠ ᠲᠤᠯᠢᠶᠠᠬᠤ ᠠᠴᠠ ᠨᠠᠭᠠᠭᠤᠷ ᠠᠮᠢ ᠭᠤᠶᠤᠬᠤ ᠶᠢ ᠨᠢ | ᠬᠠᠷᠠᠭᠠᠳ ᠦᠪᠡᠷ ᠤᠨ ᠡᠷᠭᠡ ᠦᠭᠡᠢ ᠡᠯᠢᠭᠡ ᠡᠮᠳᠡᠷᠡᠵᠤ ᠪᠢᠯᠨ᠃ ᠠᠬ᠎ᠠ᠂ ᠲᠡᠬᠦᠦᠰ ᠠᠷᠪᠠᠭᠤᠯᠨ ᠪᠠᠨ ᠪᠠᠶᠢᠯ᠎ᠠ ᠴᠤ | ᠡᠴᠦᠰ ᠤᠨ ᠡᠴᠦᠰ ᠲᠤ ᠡᠬᠡ ᠬᠦᠮᠦᠨ ᠯᠡ ᠦᠷ᠎ᠠ ᠶᠢᠨ ᠢᠶᠠᠨ ᠬᠤᠶᠢᠨ᠎ᠠ ᠠᠴᠠ ᠲᠡᠪᠡᠯ ᠲᠠᠢ ᠪᠠᠨ ᠬᠠᠳᠠᠳᠠᠭ | ᠦᠢᠯᠡᠳᠠᠢ᠃ ᠪᠢ ᠲᠡᠷᠨ ᠠᠯᠳᠠᠨ ᠱᠠ ᠬᠤᠪᠴᠠᠰᠤ ᠲᠠᠢ ᠭᠠᠮᠢᠩ ᠨᠤᠶᠠᠨ ᠢ ᠪᠢᠰᠢ ᠨᠠᠰᠤᠨ ᠦᠨᠳᠦᠷ ᠡᠬᠡ ᠶᠢ ᠨᠢ | ᠦᠷᠦᠪᠳᠡᠭᠰᠡᠨ ᠶᠤᠮ᠃ ᠨᠦᠬᠦᠷ ᠢᠶᠠᠨ ᠭᠤᠶᠤᠵᠤ ᠴᠦᠬᠦᠷᠡᠭᠡᠳ ᠦᠭᠡᠨ ᠳᠤ ᠤᠷᠤᠬᠤ ᠦᠭᠡᠢ ᠫᠤᠤ ᠪᠠᠨ ᠱᠠᠭᠠᠶᠢᠬᠤ | ᠦᠶ᠎ᠠ ᠳᠤ ᠨᠢ ᠠᠷᠠᠢ ᠴᠤ ᠨᠠᠮ᠎ᠠ ᠶᠢ ᠫᠤᠤᠳᠠᠴᠢᠬᠠᠬᠤ ᠦᠭᠡᠢ ᠪᠢᠵᠠ ᠬᠡᠵᠤ ᠢᠳᠡᠭᠡᠭᠰᠡᠨ ᠳᠡᠭᠡᠨ ᠤᠷᠢᠳᠤᠭᠤᠷ ᠨᠢ | ᠬᠦᠶᠦᠵᠤ ᠤᠷᠤᠭᠠᠳ ᠪᠤᠷᠤᠭᠤᠳᠠᠭᠰᠠᠨ ᠬᠦᠮᠦᠨ ᠪᠢ᠃ ᠲᠡᠷᠨ ᠦᠶ᠎ᠠ ᠳᠤ ᠡᠨᠡ ᠤᠨᠳᠠᠵᠤ ᠪᠠᠶᠢᠭ᠎ᠠ ᠡᠪᠤᠭᠡᠨ | ᠶᠠᠭᠤᠮᠠᠨ ᠤ ᠨᠠᠭᠠᠳᠤ ᠴᠠᠭᠠᠳᠤ ᠤᠴᠢᠷ ᠢ ᠤᠯᠬᠤ ᠪᠠᠷ ᠦᠭᠡᠢ ᠵᠤᠯᠳᠠᠷᠠᠢ ᠠᠮᠢᠳᠠᠨ ᠪᠠᠶᠢᠵᠠᠢ᠃ ᠮᠤᠷᠢᠨ ᠲᠡᠷᠭᠡ ᠪᠠᠷ | ᠵᠢᠭᠤᠳᠠᠵᠤ ᠶᠠᠪᠤᠭᠰᠠᠨ ᠭᠠᠮᠢᠩ ᠤᠨ ᠲᠠᠶᠢᠵᠠᠳᠠᠢ ᠰᠤᠮᠤ ᠶᠢ ᠪᠢ ᠠᠪᠴᠤ ᠴᠤᠩᠬᠤ ᠪᠠᠷ ᠬᠠᠶᠠᠭᠰᠠᠨ ᠦᠭᠡᠢ ᠪᠤᠯ | ᠲᠡᠬᠦᠨ ᠤ ᠬᠤᠶᠢᠨ᠎ᠠ ᠠᠴᠠ ᠨᠡᠭᠡᠨ ᠬᠦᠭᠡᠭᠡᠵᠤ ᠶᠠᠪᠤᠭ᠎ᠠ ᠤᠯᠤᠰ ᠤᠨ ᠬᠡᠳᠤ ᠨᠢ ᠴᠤ ᠠᠯᠠᠭᠤᠯᠵᠤ ᠪᠤᠯᠬᠤ ᠯᠡ | ᠪᠠᠶᠢᠭᠰᠠᠨ᠃ ᠬᠡᠳᠡᠯ᠎ᠠ ᠡᠨᠡ ᠰᠢᠷᠠᠪ ᠡᠬᠦᠨ ᠢ ᠤᠬᠠᠭᠠᠷᠠᠭ᠎ᠠ ᠦᠭᠡᠢ ᠪᠠᠶᠢᠵᠤ ᠮᠢᠨᠤ ᠶᠠᠰᠤ ᠶᠢ ᠦᠨᠳᠡᠯᠵᠡᠬᠦᠯᠦᠨ | ᠡᠯᠳᠡᠪ ᠬᠤᠶᠠᠷ ᠢᠶᠠᠷ ᠨᠠᠮ᠎ᠠ ᠶᠢ ᠮᠠᠭᠤ ᠬᠡᠯᠡᠵᠤ ᠪᠠᠶᠢᠳᠠᠭ᠃ ᠬᠡᠷᠪᠡ ᠦᠬᠦᠭᠰᠡᠨ ᠬᠦᠮᠦᠨ ᠤ ᠦᠴᠢᠭ ᠢ ᠰᠤᠨᠤᠰᠤᠳᠠᠭ | ᠭᠠᠵᠠᠷ ᠡᠨᠡ ᠬᠤᠷᠸ᠎ᠠ ᠲᠡᠭᠡᠷ᠎ᠠ ᠪᠠᠶᠢᠳᠠᠭ ᠰᠠᠨ ᠪᠤᠯ ᠮᠢᠨᠤ ᠡᠭᠡᠮᠦᠭ᠂ ᠪᠦᠭᠡᠵᠢ ᠶᠢ ᠲᠡᠷᠨ ᠤᠷᠭᠤᠳᠤᠤᠯ ᠭᠠᠮᠢᠩ | ᠪᠢᠰᠢ ᠡᠨᠡ ᠡᠪᠤᠭᠡᠨ ᠠᠪᠤᠭᠰᠠᠨ ᠶᠤᠮ᠃ ᠠᠯᠳᠠ ᠬᠤᠯᠠᠭᠠᠶᠢᠯᠠᠪᠠᠯ ᠠᠮᠢ ᠨᠠᠰᠤᠨ ᠳᠤ ᠴᠦᠪ ᠲᠠᠢ ᠬᠡᠳᠡᠭ ᠬᠠᠭᠤᠴᠢᠨ | ᠦᠭᠡ ᠶᠢ ᠰᠢᠷᠠᠪ ᠡᠷᠭᠡᠪᠰᠢ ᠮᠡᠳᠡᠮᠡᠷ ᠰᠠᠨ᠃ ᠪᠢ ᠡᠨᠡ ᠡᠪᠤᠭᠡᠨ ᠠᠴᠠ ᠪᠠᠭ᠎ᠠ ᠦᠭᠡᠢ ᠠᠪᠤᠯᠭ᠎ᠠ ᠲᠠᠢ᠃ ᠨᠠᠰᠤᠨ ᠤ | ᠪᠠᠨ ᠪᠦᠭᠰᠡᠨ ᠳᠤ ᠦᠷᠢ ᠪᠠᠨ ᠴᠠᠶᠢᠷᠠᠭᠤᠯᠵᠤ᠂ ᠨᠢᠬᠦᠯ ᠢᠶᠠᠨ ᠨᠠᠮᠠᠨᠴᠢᠯᠠᠬᠤ ᠨᠢ ᠦᠦ ᠬᠡᠵᠤ ᠬᠠᠷᠠᠭᠰᠠᠨ ᠴᠢᠨᠢ ᠦᠭᠡᠢ | ᠪᠤᠯᠤᠯᠳᠠᠢ︾ ᠬᠡᠵᠤ ᠬᠡᠯᠡᠭᠡᠳ ᠲᠤᠯᠮ᠎ᠠ ᠪᠤᠰᠴᠤ ᠶᠠᠪᠤᠬᠤ ᠪᠠᠷ ᠵᠠᠪᠳᠤᠨ ᠪᠦᠰᠨ ᠪᠠᠨ ᠪᠦᠰᠡᠯᠡᠯᠠ᠃ ︽ᠤᠳᠤ | ᠤᠳᠠᠬᠤ ᠦᠭᠡᠢ ᠦᠦᠷ ᠬᠠᠶᠠᠭᠠᠷᠠᠬᠤ ᠨᠢ᠂ ᠠᠶᠢᠯ ᠠᠮᠢᠳᠠᠨ ᠪᠤᠰᠬᠤ ᠠᠴᠠ ᠤᠷᠢᠳᠤ ᠶᠠᠪᠤᠶ᠎ᠠ ᠳ᠋ᠠ᠃ ᠬᠦᠮᠦᠨ ᠤ | ᠵᠤᠪᠠᠯᠠᠩ ᠢ ᠬᠦᠮᠦᠨ ᠶᠠᠮᠠᠷ ᠮᠡᠳᠡᠬᠦ ᠪᠢᠰᠢ᠃ ᠴᠢ ᠴᠤ ᠬᠡᠰᠡᠨ ᠡᠨᠡ ᠵᠦᠨᠦᠭ ᠡᠪᠤᠭᠡᠨ ᠤ ᠦᠭᠡᠨ ᠳᠤ ᠢᠳᠡᠭᠡᠵᠤ | ᠪᠠᠶᠢᠭ᠎ᠠ ᠪᠢᠵᠠ︾ ᠬᠡᠵᠤ ᠭᠤᠮᠤᠳᠠᠩᠭᠤᠢ ᠬᠡᠯᠡᠭᠡᠳ ᠨᠢᠯᠪᠤᠰᠤ ᠪᠠᠨ ᠰᠡᠮᠭᠡᠨ ᠠᠷᠴᠢᠯ᠎ᠠ᠃ | ᠨᠤᠶᠢᠷᠤᠨ ᠲᠤᠮᠳᠠ ᠠᠯᠤᠰ ᠲᠤ ᠬᠡᠨᠡᠳᠳᠠ ᠲᠡᠭᠷᠢ ᠨᠦᠷᠬᠢᠯᠡᠨ ᠲᠤᠤᠭᠠᠷᠴᠤ ᠭᠠᠵᠠᠷ ᠲᠤᠷᠬᠢᠬᠤ | ᠰᠢᠭ᠋ ᠰᠠᠨᠠᠭᠳᠠᠬᠤ ᠳᠤ ᠰᠤᠴᠢᠨ ᠰᠡᠷᠢᠪᠡᠯ ᠨᠠᠷᠠ ᠠᠯᠢ ᠬᠡᠳᠦᠶᠢᠨ ᠢᠶᠠᠨ ᠬᠦᠭᠡᠷᠦᠭᠰᠡᠨ ᠪᠠᠶᠢᠬᠤ ᠪᠦᠭᠡᠳ ᠰᠢᠷᠠᠪ | ᠭᠤᠸᠠᠢ ᠰᠡᠷᠢᠭᠡ ᠦᠭᠡᠢ ᠤᠨᠳᠠᠵᠤ ᠪᠠᠶᠢᠯ᠎ᠠ᠃ ᠨᠠᠷᠠᠨ ᠳᠤ ᠬᠠᠯᠠᠵᠤ ᠨᠤᠵᠤᠭᠤᠷᠤᠭᠰᠠᠨ ᠨᠤᠶᠢᠷᠮᠤᠭ ᠲᠤᠯᠤᠭᠠᠢ ᠠᠴᠠ | ᠵᠡᠬᠦᠳᠦᠨ ᠤ ᠪᠦᠷᠦᠩᠬᠦᠢ ᠠᠭᠠᠷ ᠬᠤᠯᠠᠳᠠᠵᠤ ᠠᠮᠵᠢᠭ᠎ᠠ ᠦᠭᠡᠢ ᠲᠤᠯᠨ ᠪᠦᠬᠦ ᠶᠠᠭᠤᠮ᠎ᠠ ᠨᠢᠳᠤ ᠪᠠᠷ ᠦᠵᠡᠭᠰᠡᠨ | ᠯᠤᠭ᠎ᠠ ᠠᠳᠠᠯᠢ ᠪᠠᠷᠢᠨ ᠲᠠᠯᠪᠢᠨ ᠪᠤᠳᠤᠭᠳᠠᠨ᠎ᠠ᠃ ᠬᠡᠳᠡᠯ᠎ᠠ ᠶᠠᠭᠠᠬᠢᠭᠠᠳ ᠴᠤ ᠶᠤᠮ ᠪᠤᠢ ᠲᠤᠯᠮ᠎ᠠ ᠭᠠᠳᠠᠭ᠎ᠠ ᠴᠠᠢ | ᠴᠢᠨᠠᠨ ᠨᠦᠮᠦᠭᠡᠨ ᠰᠠᠭᠤᠵᠤ ᠪᠤᠢ ᠮᠡᠳᠤ ᠰᠠᠨᠠᠭᠳᠠᠬᠤᠢ ᠳᠤᠷ ᠬᠠᠭᠠᠰ ᠲᠤᠳᠠᠭᠤ ᠬᠤᠪᠴᠠᠰᠤᠯᠠᠨ ᠶᠠᠭᠠᠷᠠᠨ ᠭᠠᠷᠤᠪᠠᠯ | ᠦᠨᠡᠭᠡᠷ ᠭᠠᠯ ᠲᠡᠭᠡᠷ᠎ᠠ ᠲᠠᠯᠪᠢᠭᠰᠠᠨ ᠲᠤᠭᠤᠭ᠎ᠠ ᠲᠠᠢ ᠬᠠᠯᠠᠭᠤᠨ ᠴᠠᠢ ᠠᠴᠠ ᠠᠭᠤᠷ ᠰᠠᠪᠰᠠᠵᠤ ᠪᠠᠶᠢᠬᠤ ᠨᠢ ᠲᠡᠷᠨ᠃ | ᠰᠢᠩᠭᠡᠨ ᠴᠡᠩᠭᠡᠷ ᠤᠳᠤᠭ᠎ᠠ ᠰᠤᠭᠤᠨᠠᠭᠯᠠᠨ ᠴᠤᠭᠰᠢᠨ ᠤᠨᠳᠠᠷᠠᠵᠤ ᠪᠠᠶᠢᠭ᠎ᠠ ᠭᠠᠯ ᠤᠨ ᠲᠡᠷᠭᠡᠳᠠ ᠤᠴᠢᠵᠤ ᠰᠠᠭᠤᠬᠤ | ᠵᠠᠭᠤᠷ᠎ᠠ ᠪᠢ ᠲᠡᠷᠨ ᠬᠠᠪᠢ ᠪᠠᠷ ᠬᠡᠨ ᠨᠢᠭᠡᠨ ᠪᠦᠰᠡᠬᠦᠢ ᠬᠦᠮᠦᠨ ᠤ ᠮᠦᠷ ᠤᠯᠵᠤ ᠬᠠᠷᠠᠬᠤ ᠶᠢ ᠬᠢᠴᠢᠶᠡᠭᠰᠡᠨ ᠬᠡᠳᠦᠢ | ᠴᠤ ᠡᠪᠡᠰᠤ ᠨᠤᠭᠤᠭᠠᠨ ᠤ ᠲᠤᠮᠳᠠ ᠠᠴᠠ ᠶᠠᠭᠤ ᠴᠤ ᠡᠰᠨ ᠤᠯᠵᠤ ᠦᠵᠡᠪᠡ᠃ ᠬᠡᠳᠦᠨ ᠰᠠᠭᠠᠬᠠᠯᠳᠠ ᠶᠢᠨ | ᠲᠡᠷᠳᠡᠭᠡ ᠲᠡᠷᠭᠡᠳᠤ ᠬᠠᠷ᠎ᠠ ᠬᠤᠰᠢᠭᠤ ᠬᠦᠨᠳᠡᠯᠢᠳᠦᠨ ᠬᠦᠭᠡᠷᠡᠵᠤ ᠲᠡᠭᠷᠢ ᠶᠢᠨ ᠬᠠᠶᠠᠭᠠᠨ ᠳᠤ ᠡᠬᠦᠯᠨ ᠲᠤᠯᠤᠭᠠᠶᠢᠯᠠᠨ | ᠪᠤᠷᠤᠭᠠᠰᠢᠵᠤ᠂ ᠠᠯᠤᠰ ᠲᠤ ᠴᠠᠬᠢᠯᠭᠠᠨ ᠬᠢᠯᠠᠯᠵᠠᠨ᠎ᠠ᠃ ᠲᠡᠭᠷᠢ ᠲᠤᠤᠭᠠᠷᠴᠤ ᠪᠤᠷᠤᠭ᠎ᠠ ᠤᠷᠤᠬᠤ ᠬᠡᠵᠤ ᠪᠠᠶᠢᠬᠤ ᠳᠤ | ᠡᠪᠤᠭᠡᠨ ᠶᠠᠭᠠᠬᠢᠭᠠᠳ ᠪᠤᠰᠳᠠᠭ ᠦᠭᠡᠢ ᠪᠢᠯᠨ ᠬᠡᠵᠤ ᠪᠤᠳᠤᠬᠤ ᠰᠠᠴᠠᠭᠤ ᠮᠠᠶᠢᠬᠠᠨ ᠤ ᠠᠮᠨ ᠢᠶᠠᠷ ᠱᠠᠭᠠᠶᠢᠨ᠄ ︽ | ᠰᠢᠷᠠᠪ ᠭᠤᠸᠠᠢ᠂ ᠰᠢᠷᠠᠪ ᠭᠤᠸᠠᠢ ᠪᠤᠰᠤᠭᠠᠷᠠᠢ︾ ᠬᠡᠵᠤ ᠬᠡᠳᠦᠨᠳᠠ ᠲᠠᠭᠤᠳᠠᠭᠰᠠᠨ ᠪᠤᠯᠪᠠᠴᠤ ᠲᠡᠷᠨ ᠤᠭᠳᠤᠬᠠᠨ ᠴᠤ | ᠬᠦᠳᠡᠯᠦᠭᠰᠡᠨ ᠦᠭᠡᠢ᠂ ᠲᠠᠭ ᠴᠢᠭ᠋᠃ ᠠᠶᠢᠳᠠᠰ ᠬᠤᠷᠭᠤᠭᠠᠭᠰᠠᠨ ᠬᠠᠩᠭᠠᠢ ᠬᠤᠭᠤᠰᠤᠨ ᠮᠠᠶᠢᠬᠠᠨ ᠤ ᠬᠠᠮᠢᠭ᠎ᠠ | ᠨᠢᠭᠡᠨᠳᠠ ᠦᠯᠤ ᠦᠵᠡᠭᠳᠡᠬᠦ ᠠᠳ ᠴᠢᠳᠬᠦᠷ ᠤᠷᠤᠩᠨᠠᠭᠠᠳ ᠦᠭᠡᠳᠠ ᠠᠴᠠ ᠴᠢᠮᠡᠭᠡ ᠦᠭᠡᠶᠢᠭᠡᠨ ᠬᠠᠷᠠᠵᠤ ᠰᠠᠭᠤᠨ᠎ᠠ | ᠦᠦ ᠬᠡᠯᠳᠠᠢ ᠨᠢᠭᠡᠭᠡᠨ ᠴᠤ ᠠᠮᠢᠳᠤ ᠠᠮᠢᠳᠠᠨ ᠤ ᠦᠨᠦᠷ᠂ ᠠᠮᠢᠰᠬᠤᠯ ᠦᠭᠡᠢ᠃ ᠦᠭᠡ ᠪᠠᠷ ᠲᠦᠷᠰᠦᠯᠡᠨ ᠬᠡᠯᠡᠬᠦ ᠶᠢᠨ | ᠠᠷᠭ᠎ᠠ ᠦᠭᠡᠢ ᠰᠡᠳᠬᠢᠯ ᠰᠠᠨᠠᠭ᠎ᠠ ᠰᠠᠨᠳᠠᠭᠠᠭᠰᠠᠨ ᠠᠶᠢᠳᠠᠰ᠂ ᠲᠦᠭᠰᠢᠬᠦᠷᠢ ᠲᠠᠷᠢᠬᠢᠨ ᠳᠤ ᠰᠡᠷᠢᠬᠦᠤ ᠲᠠᠳᠠᠭᠤᠯᠤᠨ | ᠤᠷᠤᠵᠤ ᠢᠷᠡᠬᠦ ᠳᠤ ᠤᠴᠢᠵᠤ ᠡᠪᠤᠭᠡᠨ ᠤ ᠬᠤᠴᠢᠯᠠᠭ᠎ᠠ ᠶᠢ ᠲᠠᠳᠠᠨ ᠦᠵᠡᠪᠡᠯ ᠲᠡᠷᠡᠪᠡᠷ ᠦᠴᠦᠭᠡᠳᠦᠷ ᠦᠳᠡᠰᠢ | ᠬᠡᠪᠳᠡᠭᠰᠡᠨ ᠶᠠᠭ ᠲᠡᠷᠨ ᠴᠢᠭ ᠢᠶᠠᠷ ᠢᠶᠠᠨ ᠪᠠᠶᠢᠬᠤ ᠪᠦᠭᠡᠳ ᠵᠤᠪᠬᠢ᠂ ᠰᠠᠮᠰᠠᠭᠠ ᠨᠢ ᠪᠠᠭᠤᠵᠤ ᠵᠢᠰᠤ ᠴᠢᠷᠠᠢ ᠨᠢ | ᠲᠠᠨᠢᠭᠳᠠᠬᠤ ᠦᠭᠡᠢ ᠪᠤᠯᠳᠠᠯ᠎ᠠ ᠪᠠᠨ ᠬᠦᠭᠡᠷᠡᠵᠤ ᠬᠠᠷᠠᠯᠠᠭᠰᠠᠨ ᠪᠠᠶᠢᠯ᠎ᠠ᠃ ᠦᠬᠦᠯ ᠲᠠᠢ ᠨᠢᠭᠤᠷ ᠲᠤᠯᠵᠤ ᠦᠵᠡᠭᠡ | ᠦᠭᠡᠢ ᠪᠢ ᠪᠠᠷ ᠡᠪᠤᠭᠡᠨ ᠤ ᠬᠦᠰᠢᠵᠤ ᠬᠦᠭᠡᠷᠡᠭᠰᠡᠨ ᠴᠤᠭᠴᠠᠰ ᠢ ᠬᠠᠷᠠᠮᠠᠭᠴᠨ ᠰᠤᠴᠢᠭᠰᠠᠨ ᠳᠠᠭᠠᠨ ᠤᠬᠠᠭᠠᠨ | ᠡᠭᠡᠳᠡᠷᠡᠵᠤ ᠬᠦᠯ ᠲᠤᠤᠷᠠᠬᠢ ᠲᠠᠩᠬᠤ ᠰᠠᠪᠠᠨ ᠳᠤ ᠪᠦᠳᠦᠴᠢᠵᠤ ᠬᠦᠶᠦᠵᠤ ᠭᠠᠷᠬᠤ ᠳᠠᠭᠠᠨ ᠬᠡᠨ ᠨᠢᠭᠡᠨ ᠠᠴᠠ | ᠠᠪᠤᠷᠠᠯ ᠲᠤᠰᠠ ᠡᠷᠢᠵᠤ ᠲᠡᠩᠭᠡᠭᠡ ᠪᠠᠷ ᠢᠶᠠᠨ ᠬᠠᠰᠬᠢᠷᠤᠭᠰᠠᠨ ᠪᠤᠯᠪᠠᠴᠤ ᠦᠪᠡᠷ ᠤᠨ ᠢᠶᠠᠨ ᠲᠠᠭᠤ ᠶᠢ ᠤᠯᠵᠤ | ᠰᠤᠨᠤᠰᠤᠭᠰᠠᠨ ᠦᠭᠡᠢ᠃ | ᠨᠢᠭᠡ ᠮᠡᠳᠡᠬᠦᠯᠠ ᠪᠢ ᠡᠮᠡᠭᠡᠯ᠂ ᠬᠠᠵᠠᠭᠠᠷ ᠢᠶᠠᠨ ᠲᠡᠪᠡᠷᠢᠴᠢᠭᠡᠭᠰᠡᠨ ᠮᠤᠷᠢ ᠤᠷᠤᠭᠤ ᠪᠠᠨ | ᠬᠦᠶᠦᠵᠤ ᠶᠠᠪᠤᠯ᠎ᠠ᠃ ᠭᠠᠭᠴᠨ ᠨᠢᠭᠡᠨ ᠡᠪᠡᠰᠤ ᠲᠠᠰᠤᠯᠤᠨ ᠢᠳᠡᠰᠢᠯᠡᠵᠤ ᠪᠠᠶᠢᠭᠰᠠᠨ ᠮᠤᠷᠢᠳ ᠮᠢᠨᠤ ᠪᠠᠷ᠎ᠠ ᠪᠠᠷ | ᠴᠢᠨ᠋ᠸ᠎ᠠ ᠦᠵᠡᠭᠰᠡᠨ ᠠᠳᠠᠯᠢ ᠬᠠᠮᠠᠷ ᠢᠶᠠᠨ ᠲᠠᠴᠢᠬᠢᠨᠠᠭᠤᠯᠤᠨ ᠬᠤᠶᠢᠯᠠᠷᠠᠨ ᠦᠷᠬᠦᠵᠤ᠂ ᠴᠢᠳᠤᠷ ᠲᠡᠭᠡᠨ ᠪᠦᠳᠦᠴᠢᠨ | ᠴᠠᠭᠠᠰᠢ ᠪᠠᠨ ᠵᠤᠯᠠᠷᠠᠪᠠ᠃ ᠠᠶᠤᠵᠤ ᠪᠠᠭ᠋ᠠᠷᠳᠠᠭᠰᠠᠨ ᠮᠢᠨᠤ ᠨᠢᠯᠪᠤᠰᠤ ᠲᠠᠢ ᠨᠢᠳᠤᠨ ᠳᠤ ᠲᠡᠷᠳᠡᠭᠡ ᠬᠤᠯᠨ᠂ ᠲᠡᠷᠭᠡᠳᠤ | ᠬᠠᠷ᠎ᠠ ᠬᠤᠰᠢᠭᠤᠨ ᠤ ᠯᠤᠤᠰ ᠰᠠᠪᠳᠠᠭ ᠬᠢᠯᠢᠩᠨᠡᠨ ᠲᠤᠭᠰᠢᠷᠠᠵᠤ᠂ ᠤᠷᠤᠢ ᠲᠡᠭᠡᠷᠡᠬᠢ ᠤᠪᠤᠭ᠎ᠠ ᠲᠠᠬᠢᠯᠭ᠎ᠠ ᠪᠠᠨ | ᠰᠢᠯᠭᠡᠭᠡᠨ ᠰᠡᠭᠰᠦᠷᠬᠦ ᠮᠡᠳᠤ ᠨᠢᠭᠡᠨ ᠠᠭᠱᠠᠨ ᠢᠶᠠᠨ ᠰᠤᠨᠤᠯᠵᠠᠨ ᠬᠦᠭᠡᠷᠡᠭᠡᠳ ᠭᠠᠵᠠᠷ ᠴᠦᠮᠦᠷᠡᠪᠡ ᠦᠦ ᠬᠡᠯᠳᠠᠢ ᠪᠠᠷ᠎ᠠ | ᠲᠠᠰᠤᠷᠠᠯ᠎ᠠ᠃ | | | ᠲᠠᠶᠢᠯᠪᠤᠷᠢ᠄ | ① ᠬᠡᠴᠢᠷ᠄ ︵ᠴᠤᠩᠬᠤ ᠵᠡᠷᠭᠡ ᠳᠤ ᠬᠢᠬᠦ︶ ᠬᠦᠰᠢᠭᠡ ᠮᠡᠳᠤ ᠶᠢᠨ ᠤᠨᠵᠢᠭᠤᠯᠤᠭᠰᠠᠨ | ᠪᠦᠷᠬᠦᠬᠦᠯ᠄ ᠴᠤᠩᠬᠤᠨ ᠤ ~᠃ | ② ᠲᠡᠭᠡᠰ᠄ ᠮᠦᠴᠢᠳ ᠬᠠᠭᠤᠮᠠᠭᠠᠢ ᠄~ ᠦᠭᠡ ᠲᠠᠢ ᠬᠦᠮᠦᠨ᠃ | | ︵www.biirbeh.mn ᠠᠴᠠ ᠬᠦᠷᠪᠡᠬᠦᠯᠪᠡ︶ | | |