ᠲᠦᠷᠦᠬᠡᠨᠠᠭᠤᠷ ᠭᠠᠴᠠᠭᠠᠨ ᠤ ᠲᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2014/12/29
       ᠲᠦᠷᠦᠬᠡᠨᠠᠭᠤᠷ ᠭᠠᠴᠠᠭ᠎ᠠ ᠨᠢ ᠲᠠᠷᠬᠠᠬᠠᠭᠤᠯᠠ ᠰᠤᠮᠤᠨ ᠤ ᠪᠠᠷᠠᠭᠤᠨ ᠬᠤᠶᠢᠳᠤ ᠬᠡᠰᠡᠭ ᠲᠤ ᠪᠠᠶᠢᠷᠢᠯᠠᠵᠤ᠂ ᠰᠤᠮᠤᠨ ᠤ ᠵᠠᠰᠠᠭ ᠤᠨ ᠤᠷᠳᠤᠨ ᠤ ᠪᠠᠶᠢᠭ᠎ᠠ ᠭᠠᠵᠠᠷ ᠠᠴᠠ ᠪᠠᠨ 30 ᠺᠢᠯᠤᠮᠧᠲᠷ ᠵᠠᠶᠢᠳᠠᠢ᠂ ᠶᠡᠷᠦᠩᠬᠡᠢ ᠲᠠᠯᠠᠪᠠᠢ ᠨᠢ 42 ᠲᠦᠮᠡᠨ ᠮᠤ᠋᠂ ᠠᠰᠢᠭᠯᠠᠵᠤ ᠪᠤᠯᠬᠤ ᠪᠠᠶᠢᠭᠠᠯᠢᠯᠢᠭ ᠬᠠᠳᠤᠯᠠᠩ ᠪᠡᠯᠴᠢᠬᠡᠷ ᠤᠨ ᠲᠠᠯᠠᠪᠠᠢ  ᠨᠢ 35 ᠲᠦᠮᠡᠨ ᠮᠤ᠋ ᠪᠠᠶᠢᠵᠤ᠂ 6 ᠲᠤᠭᠤᠶᠢᠯᠠᠩ᠂ 261 ᠡᠷᠦᠬᠡ᠂ 846 ᠬᠦᠮᠦᠨ ᠠᠮᠠ ᠲᠠᠢ᠃      ᠭᠠᠴᠠᠭᠠᠨ ᠤ ᠠᠵᠤ ᠠᠬᠤᠢ ᠨᠢ ᠮᠠᠯ ᠠᠵᠤ ᠠᠬᠤᠢ ᠪᠠᠷ ᠭᠤᠤᠯᠯᠠᠵᠤ᠂ ᠵᠢᠭᠤᠯᠴᠢᠯᠠᠯ ᠤᠨ ᠦᠢᠯᠡᠰ ᠢᠶᠠᠷ ᠲᠤᠰᠠᠯᠠᠮᠵᠢ ᠪᠤᠯᠭᠠᠵᠤ᠂ 2014 ᠤᠨ ᠤ 6 ᠰᠠᠷ᠎ᠠ ᠶᠢᠨ ᠰᠡᠬᠦᠯᠴᠢ ᠶᠢᠨ ᠮᠠᠯ ᠤᠨ ᠶᠡᠷᠦᠩᠬᠡᠢ ᠲᠤᠭ᠎ᠠ ᠨᠢ 18000 ᠲᠤᠯᠤᠭᠠᠢ ︵ᠲᠤᠭ᠎ᠠ︶ ᠳᠤ ᠬᠦᠷᠴᠤ᠂ ᠡᠬᠦᠨ ᠤ ᠲᠤᠳᠤᠷ᠎ᠠ᠂ ᠪᠤᠭ ᠮᠠᠯ ᠨᠢ 8500 ᠲᠤᠯᠤᠭᠠᠢ᠂ ᠪᠤᠳᠠ ᠮᠠᠯ ᠨᠢ 9500 ︵ᠲᠤᠭ᠎ᠠ︶ ᠪᠤᠢ᠃ ᠲᠦᠷᠦᠬᠡᠨᠠᠭᠤᠷ ᠭᠠᠴᠠᠭᠠᠨ ᠤ ᠠᠮᠢ ᠠᠬᠤᠢ ᠶᠢᠨ ᠭᠠᠵᠠᠷ  ᠤᠨ ᠭᠠᠳᠠᠷ ᠲᠦᠷᠰᠤ ᠨᠢ ᠤᠯᠠᠨ ᠶᠠᠩᠵᠤᠳᠤ ᠪᠠᠶᠢᠵᠤ᠂ ᠵᠢᠭᠤᠯᠴᠢᠯᠠᠯ ᠤᠨ ᠠᠵᠤ ᠦᠢᠯᠡᠰ ᠢ ᠨᠡᠬᠡᠬᠡᠨ ᠬᠦᠭᠵᠢᠬᠦᠯᠬᠦ ᠰᠠᠷᠠᠭᠤᠯ ᠠᠭᠤᠳᠠᠮ ᠢᠷᠡᠬᠡᠳᠤᠢ ᠲᠠᠢ ᠪᠠᠶᠢᠵᠤ᠂ ᠪᠦᠬᠦ ᠤᠯᠤᠰ ᠤᠨ ᠭᠤᠤᠯᠳᠠᠯᠭ᠎ᠠ ᠲᠠᠢ ᠲᠡᠤᠬᠡ ᠶᠢᠨ ᠲᠤᠷᠠᠰᠬᠠᠯᠳᠤ ᠵᠦᠢᠯ ᠢ ᠬᠠᠮᠠᠭᠠᠯᠠᠬᠤ ᠨᠢᠬᠡᠴᠠ᠂ ᠬᠤᠯᠠ ᠤᠶᠢᠷ᠎ᠠ ᠳᠤ ᠪᠠᠨ ᠠᠯᠳᠠᠷᠰᠢᠭᠰᠠᠨ ᠶᠤᠸᠠᠨ ᠤᠯᠤᠰ ᠤᠨ ᠰᠡᠬᠦᠯᠴᠢ ᠶᠢᠨ ᠨᠡᠶᠢᠰᠯᠡᠯ — ᠢᠩᠴᠠᠩ ᠤᠨ ᠪᠠᠭᠤᠷᠢ ᠪᠤᠯᠤᠨ ᠬᠡᠰᠢᠭᠳᠡᠨ ᠬᠤᠰᠢᠭᠤᠨ ᠤ ᠲᠠᠯᠠᠬᠡᠢ ᠶᠢᠨ ᠭᠠᠵᠠᠷ ᠰᠢᠨᠵᠢᠯᠡᠬᠡᠨ ᠤ ᠴᠡᠴᠡᠷᠯᠢᠭ ᠤᠨ ᠶᠢᠰᠦᠨ ᠶᠡᠭᠡ ᠬᠦᠷᠢᠶᠡᠯᠡᠩ ᠲᠤᠭᠤᠷᠢᠭ ᠤᠨ ᠨᠢᠬᠡ ᠪᠤᠯᠬᠤ ᠲᠠᠯᠠᠢ ᠨᠠᠭᠤᠷ ᠤᠨ ᠭᠠᠯᠳᠤ ᠠᠭᠤᠯᠠ  ᠶᠢᠨ ᠰᠦᠷᠦᠭᠵᠢᠯ ᠤᠨ ᠬᠦᠷᠢᠶᠡᠯᠡᠩ ᠲᠤᠭᠤᠷᠢᠭ ᠨᠢ ᠴᠦᠮ ᠭᠠᠴᠠᠭᠠᠨ ᠤ ᠬᠠᠷᠢᠶᠠᠨ ᠳᠤ ᠪᠠᠶᠢᠵᠤ᠂ ᠪᠠᠰᠠ ᠲᠦᠷᠦᠬᠡ ᠨᠠᠭᠤᠷ᠂ ᠬᠤᠭᠤᠯᠠᠢ ᠶᠢᠨ ᠭᠤᠤᠯ᠂ ᠰᠢᠷᠭᠤᠭ᠎ᠠ ᠶᠢᠨ ᠭᠤᠤᠯ ᠵᠡᠷᠬᠡ ᠵᠢᠭᠤᠯᠴᠢᠯᠠᠯ ᠤᠨ ᠦᠵᠡᠮᠵᠢ ᠶᠢᠨ ᠴᠢᠭ᠋ ᠪᠤᠢ᠃ 2014 ᠤᠨ ᠳᠤ ᠵᠢᠭᠤᠯᠴᠢᠯᠠᠯ ᠤᠨ ᠵᠠᠮ ᠱᠤᠭᠤᠮ ᠲᠠᠭᠠᠤ ︽ᠮᠠᠯᠴᠢᠨ ᠠᠶᠢᠯ ᠤᠨ ᠪᠠᠶᠠᠰᠤᠯ︾ ᠵᠢᠭᠤᠯᠴᠢᠯᠠᠯ ᠤᠨ ᠴᠢᠭ᠋ 5 ᠡᠷᠦᠬᠡ ᠳᠤ ᠬᠦᠷᠪᠡ᠃ ᠭᠠᠴᠠᠭᠠᠨ ᠤ ᠮᠠᠯᠴᠢᠳ ᠤᠨ ᠵᠢᠯ ᠤᠨ ᠬᠦᠮᠦᠨ ᠲᠤᠮᠳᠠᠴᠢ ᠶᠢᠨ ᠴᠡᠪᠡᠷ ᠤᠷᠤᠯᠭ᠎ᠠ  ᠨᠢ 8000 ᠲᠦᠬᠦᠷᠢᠭ ᠲᠤ ᠬᠦᠷᠦᠭᠰᠡᠨ ᠪᠠᠶᠢᠨ᠎ᠠ᠃      ᠤᠳᠤᠬᠠᠨ ᠪᠤᠯᠳᠠᠯ᠎ᠠ᠂ ︽ᠠᠷᠪᠠ ᠶᠢ ᠪᠦᠷᠬᠦᠬᠦᠯᠬᠦ ᠢᠨᠵᠧᠨᠧᠷᠢᠩ︾ ᠢ ᠬᠡᠷᠡᠭᠵᠢᠬᠦᠯᠬᠦ ᠪᠠᠷ ᠲᠡᠮᠵᠢᠭᠤᠯᠵᠤ᠂ ᠲᠦᠷᠦᠬᠡᠨᠠᠭᠤᠷ ᠭᠠᠴᠠᠭ᠎ᠠ ᠨᠢ ᠨᠢᠬᠡᠨᠳᠠ ᠠᠶᠤᠯᠳᠠᠢ ᠬᠡᠷ ᠪᠠᠶᠢᠰᠢᠩ ᠢ ᠵᠠᠰᠠᠨ ᠦᠬᠡᠷᠡᠴᠢᠯᠡᠬᠦ ᠲᠦᠷᠦᠯ ᠵᠦᠢᠯ ᠢ 120 ᠡᠷᠦᠬᠡ ᠳᠤ ᠪᠡᠶᠡᠯᠡᠬᠦᠯᠦᠭᠰᠡᠨ ᠪᠠᠶᠢᠨ᠎ᠠ︔ ᠬᠤᠶᠠᠷ ᠲᠤᠭᠤᠶᠢᠯᠠᠩ ᠳᠤ ᠲᠦᠬᠡᠬᠡᠯ ᠤᠰᠤᠨ ᠤ ᠬᠤᠭᠤᠯᠠᠢ ᠤᠭᠰᠠᠷᠠᠵᠤ ᠠᠮᠤᠷ ᠲᠦᠪᠰᠢᠨ ᠤᠰᠤ ᠤᠤᠭᠤᠬᠤ ᠶᠢ ᠪᠡᠶᠡᠯᠡᠬᠦᠯᠦᠭᠰᠡᠨ ᠮᠦᠷᠳᠡᠬᠡᠨ ᠠᠮᠤᠷ ᠲᠦᠪᠰᠢᠨ ᠤᠤᠭᠤᠬᠤ ᠤᠰᠤᠨ ᠤ ᠢᠨᠵᠧᠨᠧᠷᠢᠩ ᠤᠨ ᠲᠦᠷᠦᠯ ᠵᠦᠢᠯ ᠢᠶᠠᠷ ᠲᠠᠮᠵᠢᠭᠤᠯᠵᠤ 2 ᠭᠠᠵᠠᠷ ᠲᠤ ᠲᠦᠪᠯᠡᠷᠡᠭᠰᠡᠨ ᠬᠡᠯᠪᠡᠷᠢ ᠶᠢᠨ ᠤᠰᠤ ᠬᠠᠩᠭᠠᠬᠤ ᠴᠢᠭ᠋ ᠢ ᠪᠠᠶᠢᠭᠤᠯᠵᠤ᠂ 80 ᠭᠠᠷᠤᠢ ᠬᠦᠮᠦᠨ ᠠᠮᠠ᠂ 300 ᠭᠠᠷᠤᠢ ᠮᠠᠯ ᠠᠬᠤᠢ  ᠶᠢᠨ ᠠᠮᠤᠷ ᠲᠦᠪᠰᠢᠨ ᠤᠤᠭᠤᠬᠤ ᠤᠰᠤᠨ ᠤ ᠠᠰᠠᠭᠤᠳᠠᠯ ᠢ ᠰᠢᠢᠳᠪᠤᠷᠢᠯᠡᠭᠰᠡᠨ ᠪᠠᠶᠢᠨ᠎ᠠ︔ ᠬᠤᠰᠢᠭᠤᠨ ᠤ ᠵᠠᠮ ᠬᠠᠷᠢᠯᠴᠠᠭᠠᠨ ᠤ ᠲᠤᠪᠴᠢᠶ᠎ᠠ ᠶᠢᠨ ᠵᠡᠬᠡᠯᠢ ᠭᠤᠳᠤᠮᠵᠢ ᠶᠢᠨ ᠭᠠᠵᠠᠷ ᠢ ᠬᠠᠳᠠᠭᠤᠵᠢᠭᠤᠯᠬᠤ ᠲᠦᠷᠦᠯ ᠵᠦᠢᠯ ᠤᠨ ᠪᠦᠳᠦᠬᠡᠨ ᠪᠠᠶᠢᠭᠤᠯᠤᠯᠳᠠ ᠶᠢᠨ ᠢᠨᠵᠧᠨᠧᠷᠢᠩ ᠲᠠᠢ ᠨᠢᠬᠡᠳᠦᠬᠦᠯᠵᠤ᠂ ᠭᠠᠴᠠᠭᠠᠨ ᠤ ᠲᠤᠳᠤᠭᠠᠳᠤ ᠳᠤ 5 ᠺᠢᠯᠤᠮᠧᠲᠷ  ᠤᠨ ᠱᠦᠢᠨᠢ ᠵᠠᠮ ᠢ ᠵᠠᠰᠠᠨ ᠪᠠᠶᠢᠭᠤᠯᠤᠭᠰᠠᠨ ᠪᠠᠶᠢᠨ᠎ᠠ︔ 2014 ᠤᠨ ᠳᠤ ᠦᠨᠳᠤᠷ ᠬᠦᠴᠦᠳᠡᠯᠳᠤ ᠴᠡᠬᠢᠯᠭᠠᠨ ᠱᠤᠭᠤᠮ ᠢ ᠵᠠᠰᠠᠨ ᠦᠬᠡᠷᠡᠴᠢᠯᠡᠬᠦ ᠢᠨᠵᠧᠨᠧᠷᠢᠩ ᠢᠶᠠᠷ ᠲᠠᠮᠵᠢᠭᠤᠯᠤᠨ ᠴᠠᠬᠢᠯᠭᠠᠨ ᠦᠭᠡᠢ 4 ᠡᠷᠦᠬᠡ ᠳᠤ ᠴᠡᠬᠢᠯᠭᠠᠨ ᠨᠡᠪᠳᠡᠷᠡᠬᠦᠯᠬᠦ ᠶᠢ ᠨᠡᠶᠢᠳᠠᠪᠤᠷᠢᠵᠢᠭᠤᠯᠵᠤ᠂ 9 ᠡᠷᠦᠬᠡ ᠳᠤ ᠴᠡᠬᠢᠯᠭᠠᠨ ᠨᠡᠪᠳᠡᠷᠡᠬᠦᠯᠬᠦ ᠶᠢ ᠬᠠᠷᠠᠬᠠᠨ ᠪᠡᠶᠡᠯᠡᠬᠦᠯᠦᠬᠡ ᠦᠭᠡᠢ ᠪᠠᠶᠢᠵᠤ᠂ ᠴᠠᠬᠢᠯᠭᠠᠨ ᠨᠡᠪᠳᠡᠷᠡᠬᠦᠯᠦᠭᠰᠡᠨ ᠨᠤᠷᠮ᠎ᠠ ᠨᠢ 97% ᠳᠤ ᠬᠦᠷᠪᠡ︔ ᠪᠦᠬᠦ ᠭᠠᠴᠠᠭᠠᠨ ᠳᠤ ᠭᠠᠴᠠᠭ᠎ᠠ ᠪᠤᠯᠭᠠᠨ ᠳᠤ ᠨᠡᠪᠳᠡᠷᠡᠬᠦᠯᠬᠦ ᠲᠧᠯᠸᠢᠰ ᠲᠦᠬᠦᠬᠡᠷᠦᠮᠵᠢ ᠶᠢ ᠨᠡᠶᠢᠳᠠ 261 ᠢᠵᠢ ᠤᠭᠰᠠᠷᠠᠵᠤ᠂ ᠪᠦᠷᠬᠦᠴᠠ  ᠶᠢᠨ ᠨᠤᠷᠮ᠎ᠠ ᠨᠢ 100% ᠳᠤ ᠬᠦᠷᠪᠠ︔ ᠰᠤᠷᠭᠠᠭᠤᠯᠢ ᠶᠢᠨ ᠬᠡᠷ ᠪᠠᠷᠢᠯᠭ᠎ᠠ ᠶᠢ ᠦᠬᠡᠷᠡᠴᠢᠯᠡᠨ ᠵᠠᠰᠠᠬᠤ ᠢᠨᠵᠧᠨᠧᠷᠢᠩ ᠢ ᠪᠦᠬᠦ ᠲᠠᠯ᠎ᠠ ᠪᠠᠷ ᠪᠡᠶᠡᠯᠡᠬᠦᠯᠪᠡ︔ 80 m2 ᠤᠨ ᠪᠠᠷᠢᠮᠵᠢᠶᠠᠵᠢᠭᠰᠠᠨ ᠡᠷᠡᠬᠦᠯ ᠬᠠᠮᠠᠭᠠᠯᠠᠯ ᠤᠨ ᠲᠠᠰᠤᠭ 1 ᠶᠢ ᠪᠠᠶᠢᠭᠤᠯᠵᠤ᠂ ᠪᠦᠬᠦ ᠭᠠᠴᠠᠭᠠᠨ ᠤ 600 ᠭᠠᠷᠤᠢ ᠬᠦᠮᠦᠨ ᠠᠮᠡ ᠶᠢᠨ ᠡᠮᠨᠡᠬᠦᠯᠬᠦ ᠳᠤ ᠲᠦᠬᠦᠮ ᠦᠵᠡᠬᠦᠯᠦᠭᠰᠡᠨ ᠪᠠᠶᠢᠨ᠎ᠠ︔ 120 m2 ᠤᠨ ᠰᠤᠶᠤᠯ ᠤᠨ ᠬᠦᠳᠡᠯᠬᠡᠬᠡᠨ ᠤ ᠲᠠᠰᠤᠭ 1 ᠶᠢ ᠪᠠᠶᠢᠭᠤᠯᠵᠤ᠂ ᠠᠷᠠᠳ ᠤᠯᠠᠨ ᠳᠤ ᠡᠯᠪᠡᠭ ᠪᠠᠶᠠᠯᠢᠭ ᠠᠭᠤᠯᠭ᠎ᠠ ᠪᠦᠬᠦᠢ ᠠᠵᠢᠯ ᠤᠨ ᠴᠢᠯᠦᠬᠡᠨ ᠤ ᠰᠤᠶᠤᠯ ᠤᠨ ᠬᠦᠳᠡᠯᠬᠡᠬᠡᠨ ᠤ ᠲᠠᠯᠠᠪᠤᠷ ᠢ ᠬᠠᠩᠭᠠᠨ ᠦᠭᠬᠦᠭᠰᠡᠨ ᠪᠠᠶᠢᠨ᠎ᠠ︔ ᠲᠦᠷᠦᠬᠡᠨᠠᠭᠤᠷ ᠲᠤᠭᠤᠶᠢᠯᠠᠩ ᠳᠤ ᠠᠷᠠᠳ ᠲᠤ ᠲᠦᠬᠦᠮ ᠦᠵᠡᠬᠦᠯᠬᠦ ᠬᠤᠯᠪᠤᠭᠠᠳᠤ ᠴᠢᠯᠦᠬᠡᠳᠤ ᠲᠠᠯᠬᠡᠬᠦᠷ 1 ᠶᠢ ᠪᠠᠶᠢᠭᠤᠯᠵᠤ᠂ ᠲᠠᠯᠠᠪᠠᠢ ᠨᠢ ᠪᠠᠷᠤᠭ 80 m2 ᠪᠤᠢ︔ ᠰᠢᠨ᠎ᠡ ᠮᠠᠶ᠋ᠢᠭ  ᠤᠨ ᠬᠦᠳᠡᠭᠡ ᠲᠤᠰᠬᠤᠨ ᠤ ᠬᠤᠷᠰᠢᠭᠰᠠᠨ ᠡᠮᠨᠡᠯᠬᠡ ᠳᠤ ᠤᠷᠤᠯᠴᠠᠭᠰᠠᠨ ᠬᠦᠮᠦᠨ ᠤ ᠲᠤᠭ᠎ᠠ ᠨᠢ 710 ᠪᠠᠶᠢᠵᠤ᠂ ᠪᠦᠬᠦ ᠭᠠᠴᠠᠭᠠᠨ ᠤ ᠬᠦᠮᠦᠨ ᠠᠮᠠ ᠶᠢᠨ 84% ᠶᠢ ᠡᠵᠡᠯᠡᠵᠤ ᠪᠤᠢ︔ ᠲᠤᠤᠷ᠎ᠠ ᠪᠠᠳᠤᠯᠠᠭᠠᠳᠤ ᠬᠦᠮᠦᠨ ᠤ ᠲᠤᠭ᠎ᠠ  ᠨᠢ 92 ᠪᠠᠶᠢᠵᠤ᠂ ᠪᠦᠬᠦ ᠭᠠᠴᠠᠭᠠᠨ ᠤ ᠬᠦᠮᠦᠨ ᠠᠮᠠ ᠶᠢᠨ 11% ᠶᠢ ᠡᠵᠡᠯᠡᠵᠤ ᠪᠤᠢ︔ ᠨᠠᠰᠤᠵᠢᠯ ᠤᠨ ᠲᠠᠭᠠᠳᠬᠠᠯ ᠳᠤ ᠤᠷᠤᠯᠴᠠᠭᠰᠠᠨ ᠬᠦᠮᠦᠨ ᠤ ᠲᠤᠭ᠎ᠠ ᠨᠢ 303 ᠪᠠᠶᠢᠵᠤ᠂ ᠪᠦᠬᠦ ᠭᠠᠴᠠᠭᠠᠨ ᠤ ᠬᠦᠮᠦᠨ ᠠᠮᠠ ᠶᠢᠨ 35.8% ᠶᠢ ᠡᠵᠡᠯᠡᠵᠤ ᠪᠤᠢ᠃ 
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号