| | ︽ᠨᠠᠮᠠᠢᠢ ᠭᠤᠴᠢᠭᠠᠳ ᠨᠠᠰᠤ ᠲᠠᠢ ᠪᠠᠶᠢᠭᠰᠠᠨ ᠲᠡᠷᠡ ᠵᠢᠯ ᠪᠢᠯᠡ᠂ ᠵᠢᠷᠭᠤᠭᠠᠨ ᠰᠠᠷ᠎ᠠ ᠶᠢᠨ | ᠤᠷᠴᠢᠮ ᠢᠶᠠᠷ ᠪᠢᠳᠠ ᠲᠦᠴᠢᠬᠡᠳ ᠦᠬᠡᠷ ᠲᠡᠷᠬᠡ ᠪᠠᠷ ᠡᠵᠢ ᠨᠠᠭᠤᠷ ᠠᠴᠠ ᠲᠠᠪᠤᠰᠤ ᠵᠠᠯᠠᠬᠤ ᠪᠠᠷ ᠶᠠᠪᠤᠭᠰᠠᠨ ᠶᠤᠮ᠃ | ᠲᠤᠬᠠᠢ ᠶᠢᠨ ᠦᠶ᠎ᠡ ᠳᠤ ᠪᠢ ᠬᠠᠮᠳᠤ ᠶᠠᠪᠤᠭ᠎ᠠ ᠠᠶᠠᠨᠴᠢᠳ ᠤᠨ ᠢᠶᠠᠨ ᠲᠤᠳᠤᠷ᠎ᠠ ᠭᠠᠯ ᠤᠨ ᠠᠬ᠎ᠠ ᠨᠢ ᠪᠠᠶᠢᠭᠰᠠᠨ | ᠲᠤᠯᠠ ᠠᠶᠠᠨ ᠬᠦᠬᠡᠬᠡᠬᠦ ᠶᠤᠰᠤ ᠲᠦᠷᠢᠮ᠂ ᠵᠠᠩ ᠲᠠᠳᠬᠠᠯ ᠢ ᠬᠠᠮᠢᠶᠠᠷᠤᠨ ᠬᠡᠷᠡᠭᠵᠢᠬᠦᠯᠵᠤ᠂ ᠶᠡᠭᠡ ᠯᠡ ᠶᠤᠰᠤ ᠲᠠᠢ | ᠪᠠᠷ ᠠᠶᠠᠯᠠᠵᠤ᠂ ᠬᠠᠮᠢᠭ᠎ᠠ ᠬᠦᠷᠴᠤ ᠬᠦᠯᠦᠰᠢᠨ ᠦᠭᠡᠷ ᠢᠶᠠᠨ ᠠᠮᠠᠷᠠᠭᠤᠯᠬᠤ ᠵᠡᠷᠬᠡ ᠶᠢ ᠴᠦ ᠲᠤᠬᠢᠷᠠᠭᠤᠯᠳᠠᠭ ᠪᠠᠶᠢᠯ᠎ᠠ | ᠃ | ᠲᠤᠬᠠᠢ ᠶᠢᠨ ᠦᠶ᠎ᠡ ᠳᠤ ᠬᠤᠷ᠎ᠠ ᠪᠤᠷᠤᠭᠠᠨ ᠡᠯᠪᠡᠭ᠂ ᠡᠪᠡᠰᠤ ᠨᠤᠭᠤᠭ᠎ᠠ ᠢᠭ᠌ᠴᠢ ᠰᠠᠬᠤᠯᠢᠭ᠂ | ᠠᠭᠤᠷ ᠠᠮᠢᠰᠬᠤᠯ ᠪᠦᠭᠴᠢᠮ ᠬᠠᠯᠠᠭᠤᠨ ᠪᠠᠶᠢᠭᠰᠠᠨ ᠲᠤᠯᠠ ᠢᠯᠠᠭ᠎ᠠ ᠪᠠᠳᠠᠭᠠᠨ᠎ᠠ᠂ ᠬᠡᠳᠡᠭᠡᠨ᠎ᠡ ᠤᠯᠠᠨ ᠪᠠᠶᠢᠵᠤ ᠠᠶᠠᠨ | ᠤ ᠦᠬᠡᠷ ᠤᠳ ᠬᠡᠳᠡᠬᠡᠨ᠎ᠡ ᠳᠤ ᠬᠠᠳᠬᠤᠭᠳᠠᠵᠤ ᠤᠭᠤᠳᠤᠩᠨᠠᠳᠠᠭ ᠶᠤᠮ᠃ ᠨᠢᠭᠡ ᠤᠳᠠᠭ᠎ᠠ ᠠᠶᠠᠨ ᠤ ᠦᠬᠡᠷ ᠤᠳ | ᠢᠶᠠᠨ ᠢᠳᠡᠭᠦᠯᠵᠤ ᠪᠠᠶᠢᠳᠠᠯ᠎ᠠ ᠭᠡᠨᠡᠳᠳᠠ ᠦᠬᠡᠷ ᠤᠳ ᠬᠠᠯᠠᠭᠤᠨ ᠳᠤ ᠤᠭᠤᠳᠤᠩᠨᠠᠨ ᠬᠦᠶᠦᠯᠳᠤᠵᠤ᠂ ᠶᠠᠭᠠᠬᠢᠵᠤ | ᠡᠶᠢᠬᠦ ᠶᠢᠨ ᠵᠠᠪ ᠦᠭᠡᠢ ᠪᠠᠷ᠎ᠠ ᠲᠠᠰᠤᠷᠠᠵᠤ ᠬᠠᠷᠠᠭᠳᠠᠬᠤ ᠦᠭᠡᠢ ᠪᠤᠯᠪᠠ᠃ | ᠪᠢ ᠪᠠᠴᠢᠮᠳᠠᠨ ᠰᠠᠨᠳᠤᠷᠴᠤ᠄ ︿ᠬᠠᠶᠢᠷᠬᠠᠨ ᠡ᠂ ᠨᠠᠳᠠ ᠶᠢ ᠠᠪᠤᠷᠠ᠂ ᠦᠬᠡᠷ ᠤᠳ ᠮᠢᠨᠢ | ᠬᠡᠭᠡᠭᠳᠡᠴᠢᠬᠡᠯᠡ﹀ ᠭᠡᠳ ᠶᠠᠪᠠᠭᠠᠨ ᠢᠶᠠᠷ ᠬᠡᠳᠤᠨ ᠠᠷᠪᠠᠨ ᠭᠠᠵᠠᠷ ᠨᠠᠰᠢ ᠴᠠᠰᠢ ᠭᠦᠶᠦᠨ ᠡᠷᠢᠵᠤ ᠪᠠᠶᠢᠳᠠᠯ᠎ᠠ ᠭᠡᠨᠡᠳᠳᠠ | ᠮᠢᠨᠤ ᠡᠮᠤᠨᠡᠬᠦᠷ ᠨᠢᠭᠡᠨ ᠴᠠᠭᠠᠨ ᠡᠷᠢᠶᠡᠨ ᠮᠤᠭᠠᠢ ᠲᠤᠷ᠎ᠠ ᠮᠠᠭᠤᠳᠠᠶᠢᠬᠠᠨ ᠭᠤᠯᠭᠤᠵᠤ ᠪᠠᠶᠢᠬᠤ ᠬᠠᠷᠠᠭᠳᠠᠯ᠎ᠠ᠃ | ᠪᠢ ᠲᠤᠤᠷ᠎ᠠ ᠨᠢ ᠭᠠᠷ ᠠᠯᠴᠢᠭᠤᠷ ᠢᠶᠠᠨ ᠲᠡᠯᠭᠡᠨ ᠲᠠᠭᠠᠳᠬᠠᠨ ᠮᠦᠷᠬᠦᠵᠤ᠄ ︿ᠬᠠᠶᠢᠷᠬᠠᠨ ᠡ︕ | ᠲᠠ ᠦᠨᠡᠬᠡᠷ ᠬᠠᠶᠢᠷᠬᠠᠨ ᠪᠤᠯ ᠮᠢᠨᠤ ᠡᠨᠡ ᠠᠯᠴᠢᠭᠤᠷ ᠲᠡᠭᠡᠷ᠎ᠡ ᠬᠡᠪᠳᠡᠭᠡᠷᠡᠢ᠂ ᠪᠢ ᠭᠡᠷ ᠲᠤ ᠪᠠᠨ ᠡᠬᠦᠷᠴᠤ | ᠬᠠᠷᠢᠭᠠᠳ ᠲᠠᠨ ᠢ ᠰᠢᠳᠤᠨ ᠲᠠᠬᠢᠶ᠎ᠠ᠃ ᠪᠢ ᠲᠦᠴᠢᠨ ᠬᠡᠳᠤᠨ ᠦᠭᠡᠷ ᠢᠶᠠᠨ ᠠᠯᠳᠠᠴᠢᠬᠠᠯ᠎ᠠ᠂ ᠨᠠᠳᠠ ᠶᠢ | ᠦᠷᠦᠰᠢᠶᠡᠭᠡᠷᠡᠢ︕﹀ ᠬᠡᠵᠤ ᠪᠠᠶᠢᠨ ᠲᠠᠬᠢᠨ ᠲᠠᠭᠠᠳᠬᠠᠨ ᠮᠦᠷᠬᠦᠭᠰᠡᠨ ᠳᠤ ᠭᠠᠷ ᠤᠨ ᠠᠯᠴᠢᠭᠤᠷ ᠳᠡᠭᠡᠷ᠎ᠡ | ᠭᠤᠯᠭᠤᠨ ᠢᠷᠡᠵᠤ ᠲᠤᠭᠤᠶᠢᠯᠠᠨ ᠬᠡᠪᠳᠡᠪᠡ᠃ ᠲᠠᠮᠠᠢ ᠤᠳᠠᠭᠰᠠᠨ ᠦᠭᠡᠢ ᠪᠢ ᠦᠨᠡᠬᠡᠷ ᠦᠬᠡᠷ ᠢᠶᠠᠨ ᠪᠦᠬᠦᠨ ᠢ | ᠤᠯᠵᠤ ᠠᠶᠠᠨ ᠢᠶᠠᠨ ᠬᠦᠬᠡᠬᠡᠵᠤ᠂ ᠬᠠᠶᠢᠷᠬᠠᠨ ᠤ ᠬᠤᠪᠢᠯᠭᠠᠨ ᠴᠠᠭᠠᠨ ᠡᠷᠢᠶᠡᠨ ᠮᠤᠭᠠᠢ ᠪᠠᠨ ᠡᠬᠦᠷᠤᠨ ᠬᠡᠳᠤᠨ | ᠵᠠᠭᠤᠨ ᠭᠠᠵᠠᠷ ᠢ ᠶᠠᠪᠠᠭᠠᠨ ᠢᠶᠠᠷ ᠠᠶᠠᠯᠠᠨ ᠬᠠᠷᠢᠵᠤ ᠢᠷᠡᠬᠦ ᠳᠤ ᠠᠯᠴᠢᠭᠤᠷ ᠤᠨ ᠲᠤᠳᠤᠷ᠎ᠠ ᠵᠦᠪᠬᠡᠨ ᠴᠠᠭᠠᠨ | ᠡᠷᠢᠶᠡᠨ ᠮᠤᠭᠠᠢ ᠶᠢᠨ ᠬᠠᠯᠢᠰᠤ ᠯᠡ ᠦᠯᠡᠳᠡᠭᠰᠡᠨ ᠪᠠᠶᠢᠪᠠ᠃ | ᠪᠢ ᠲᠤᠩ ᠰᠢᠳᠦᠨ ᠰᠦᠰᠦᠭᠯᠡᠵᠤ᠂ ᠨᠤᠳᠤᠭ ᠤᠨ ᠢᠶᠠᠨ ᠠᠭᠤᠯᠠᠨ ᠳᠤ ᠪᠠᠶᠢᠳᠠᠭ ᠤᠯᠠᠨ | ᠶᠠᠩᠵᠤ ᠶᠢᠨ ᠲᠦᠷᠰᠤ ᠲᠠᠢ ᠮᠤᠳᠤᠨ ᠤ ᠦᠨᠳᠤᠰᠤ ᠶᠢ ᠴᠤᠭᠯᠠᠭᠤᠯᠵᠤ᠂ ᠭᠡᠷ ᠠᠴᠠ ᠪᠠᠨ ᠪᠠᠷᠠᠭᠤᠨ ᠬᠤᠶᠢᠰᠢ ᠶᠢᠨ | ᠢᠭ᠌ᠴᠢ ᠰᠠᠬᠤᠯᠢᠭ ᠦᠨᠳᠤᠷ ᠬᠠᠶᠢᠯᠠᠰᠤᠨ ᠮᠤᠳᠤᠨ ᠤ ᠲᠤᠮᠳᠠ ᠤᠪᠤᠭᠠᠯᠠᠵᠤ ᠮᠤᠭᠠᠢ ᠶᠢᠨ ᠬᠠᠯᠢᠰᠤ ᠪᠠᠨ ᠬᠢᠵᠤ | ᠲᠠᠬᠢᠭᠰᠠᠨ ᠶᠤᠮ᠃ | ᠲᠡᠬᠦᠨ ᠠᠴᠠ ᠬᠤᠶᠢᠰᠢ᠂ ᠪᠢᠯᠢᠭ ᠤᠨ ᠤᠯᠠᠷᠢᠯ ᠤᠨ ᠰᠢᠨ᠎ᠡ ᠶᠢᠨ ᠨᠢᠭᠡᠨ᠂ ᠠᠷᠪᠠᠨ ᠲᠠᠪᠤᠨ ᠳᠤ | ᠬᠦᠵᠢ ᠡᠷᠬᠦᠨ᠂ ᠠᠭᠤᠯᠠ ᠤᠰᠤ᠂ ᠨᠤᠳᠤᠭ ᠤᠨ ᠰᠢᠷᠤᠢ᠂ ᠠᠮᠢᠳᠠᠨ ᠭᠤᠤᠯᠳᠠᠨ ᠢ ᠳᠠᠭᠠᠳᠬᠠᠨ ᠰᠠᠶᠢᠨ ᠰᠠᠶᠢᠬᠠᠨ | ᠤ ᠰᠦᠵᠢᠭ ᠢᠶᠠᠨ ᠬᠦᠢᠴᠡᠳᠬᠡᠳᠡᠭ︾ ᠭᠡᠵᠤ ᠡᠪᠦᠭᠡ ᠮᠢᠨᠢ ᠦᠨᠡᠨ ᠪᠤᠳᠠᠳᠠᠢ ᠦᠯᠢᠭᠡᠷ ᠢᠶᠠᠨ ᠶᠠᠷᠢᠵᠤ ᠪᠠᠶᠢᠭᠰᠠᠨ ᠨᠢ | ᠦᠨᠡᠬᠡᠷ ᠰᠡᠳᠬᠢᠬᠦᠰᠢᠳᠠᠢ ᠶᠤᠮ᠃ | ᠨᠠᠮᠠᠢᠢ ᠲᠦᠬᠦᠭᠡ ᠤᠷᠤᠭᠰᠠᠨ ᠠᠴᠠ ᠠᠪᠤᠭᠠᠳ᠂ ᠡᠪᠦᠭᠡ᠂ ᠡᠮᠡᠭᠡ ᠮᠢᠨᠢ ᠬᠡᠵᠢᠶᠡᠳᠠ ᠠᠯᠢᠪᠠ ᠪᠠᠨ | ᠰᠢᠳᠤᠨ ᠲᠠᠭᠠᠳᠬᠠᠵᠤ ᠪᠠᠶᠢᠳᠠᠭ ᠨᠢ ᠤᠳᠤ ᠪᠤᠯᠳᠠᠯ᠎ᠠ ᠰᠡᠳᠬᠢᠯ ᠳᠤ ᠬᠠᠳᠠᠩᠰᠢᠭᠰᠠᠨ ᠶᠤᠮ᠃ ᠨᠢᠭᠡ ᠤᠳᠠᠭ᠎ᠠ ᠠᠪᠤ | ᠮᠢᠨᠢ ᠦᠨᠡᠭᠡ ᠲᠠᠭᠤᠵᠤ ᠡᠭᠦᠷ ᠲᠤ ᠨᠢ ᠤᠷᠤᠭᠤᠯᠵᠤ ᠨᠥᠬᠡᠳᠡᠬᠦᠯᠦᠭᠡᠳ ᠨᠢᠭᠡ ᠬᠦᠯ ᠢ ᠨᠢ ᠬᠤᠭᠤᠯᠵᠤ ᠮᠤᠰᠬᠢᠭᠠᠳ | ᠭᠠᠷᠭᠠᠭᠰᠠᠨ ᠶᠤᠮ᠃ ᠮᠢᠨᠤ ᠲᠡᠭᠦᠦ ᠲᠡᠷᠡ ᠦᠶᠡᠰ ᠤᠢ ᠬᠦᠷᠦᠭᠡᠳᠤᠢ ᠪᠠᠶᠢᠭᠰᠠᠨ᠂ ᠭᠡᠨᠡᠳᠳᠠ ᠨᠢᠭᠡ ᠡᠳᠤᠷ ᠲᠡᠬᠦᠦ | ᠮᠢᠨᠢ᠄ ︽ᠮᠢᠨᠤ ᠭᠠᠷ ᠡᠪᠡᠳᠴᠤ ᠪᠠᠶᠢᠨ᠎ᠠ︾ ᠭᠡᠳ ᠠᠷᠭ᠎ᠠ ᠠᠭᠠᠰᠢ ᠨᠢ ᠪᠠᠷᠠᠭᠳᠠᠵᠤ ᠰᠠᠨᠳᠤᠷᠤᠭᠰᠠᠨ ᠳᠤ ᠡᠮᠡᠭᠡ | ᠄ ︽ᠴᠢ ᠦᠨᠡᠭᠡ ᠲᠠᠭᠤᠵᠤ ᠨᠦᠬᠡᠳᠡᠬᠦᠯᠦᠯᠡ ᠬᠡᠰᠡᠨ᠂ ᠯᠠᠪ ᠬᠦᠯ ᠢ ᠨᠢ ᠬᠤᠭᠤᠯᠤᠭᠰᠠᠨ ᠪᠠᠶᠢᠬ᠎ᠠ᠂ ᠬᠠᠷᠢᠭᠤ ᠨᠢ | ᠢᠷᠡᠵᠤ ᠪᠠᠶᠢᠬᠤ ᠨᠢ ᠡᠨᠡ᠃ ᠲᠦᠷᠬᠡᠨ ᠤᠴᠢᠵᠤ ᠬᠠᠶᠢᠷᠬᠠᠨ ᠳᠤ ᠲᠠᠭᠠᠳᠬᠠᠵᠤ᠂ ᠡᠨᠡ ᠨᠠᠰᠤᠨ ᠳᠤ ᠪᠠᠨ ᠠᠮᠢ ᠲᠠᠢ | ᠠᠮᠢᠳᠠᠨ ᠤ ᠠᠮᠢ ᠶᠢ ᠨᠢ ᠬᠤᠷᠤᠭᠠᠬᠤ ᠦᠭᠡᠢ ᠬᠡᠵᠤ ᠠᠮᠠᠯᠳᠠ︕︾ ᠬᠡᠵᠤ ᠠᠪᠤ ᠳᠤ ᠠᠭᠤᠷᠯᠠᠵᠤ ᠪᠠᠶᠢᠯ᠎ᠠ᠂ | ᠲᠡᠬᠦᠨ ᠠᠴᠠ ᠬᠤᠶᠢᠰᠢ ᠠᠪᠤ ᠮᠢᠨᠢ ᠠᠪᠠ ᠬᠢᠵᠤ ᠠᠮᠢᠳᠠᠨ ᠠᠯᠠᠬᠤ ᠶᠢ ᠲᠤᠩ ᠴᠡᠭᠡᠷᠯᠡᠵᠠᠢ᠃ | ᠤᠳᠤ ᠴᠦ ᠭᠡᠰᠡᠨ ᠲᠡᠷᠡ ᠨᠤᠳᠤᠭ ᠤᠨ ᠤᠢ ᠮᠤᠳᠤ᠂ ᠡᠪᠡᠰᠤ ᠤᠷᠭᠤᠮᠠᠯ ᠢ ᠪᠤᠰᠤᠳ ᠬᠦᠮᠦᠰ | ᠲᠤᠷ᠎ᠠ ᠪᠠᠷ ᠢᠶᠠᠨ ᠬᠠᠳᠤᠵᠤ ᠤᠭᠳᠤᠯᠪᠠᠯ ᠬᠠᠷᠢᠭᠤ ᠲᠠᠢ ᠪᠠᠶᠢᠳᠠᠭ ᠶᠤᠮ᠃ | | | ᠵᠤᠬᠢᠶᠠᠭᠴᠢ ᠶᠢᠨ ᠲᠠᠨᠢᠯᠴᠠᠭᠤᠯᠭ᠎ᠠ᠄ | ᠬᠦᠦᠳᠠᠭᠤᠯᠠ᠂ ᠬᠡᠰᠢᠭᠳᠡᠨ ᠬᠤᠰᠢᠭᠤᠨ ᠤ ᠲᠠᠯᠠᠶᠢᠨᠠᠭᠤᠷ ᠪᠠᠯᠭᠠᠰᠤ ᠶᠢᠨ ᠬᠠᠨᠳᠤᠬᠤ ᠭᠠᠴᠠᠭ᠎ᠠ | ᠳᠤ ᠨᠤᠳᠤᠭ ᠲᠠᠢ᠃ 1981 ᠤᠨ ᠳᠤ ᠯᠢᠨᠳᠦ᠋ᠩ ᠳᠠᠬᠢ ᠪᠠᠭᠰᠢ ᠶᠢᠨ ᠰᠤᠷᠭᠠᠭᠤᠯᠢ ᠠᠴᠠ ᠲᠡᠭᠦᠰᠴᠤ᠂ | ᠪᠠᠶᠠᠨᠴᠠᠭᠠᠨ ᠰᠤᠮᠤᠨ ᠤ ᠪᠦᠷᠢᠨ ᠪᠠᠭ᠎ᠠ ᠰᠤᠷᠭᠠᠭᠤᠯᠢ ᠳᠤ ᠪᠠᠭᠰᠢᠯᠠᠵᠤ᠂ ᠬᠢᠴᠢᠶᠡᠯ ᠬᠦᠮᠦᠵᠢᠯ ᠤᠨ ᠡᠷᠬᠢᠯᠡᠭᠴᠢ᠂ | ᠲᠡᠳ᠋ ᠵᠠᠬᠢᠷᠤᠯ ᠤᠨ ᠲᠤᠰᠢᠶᠠᠯ ᠢ ᠬᠠᠷᠢᠭᠤᠴᠠᠵᠤ ᠪᠠᠶᠢᠪᠠ᠃ 2012 ᠣᠨ ᠳᠤ ᠠᠵᠢᠯ ᠤᠨ ᠠᠮᠠᠷᠠᠯᠳᠠ ᠪᠠᠨ ᠠᠪᠤᠪᠠ | ᠃ | | |