ᠴᠠᠬᠢᠯᠭᠠᠨ ᠬᠦᠯᠳᠠᠭᠡᠭᠦᠷ ᠲᠤ ᠬᠠᠳᠠᠭᠠᠯᠠᠵᠤ ᠦᠯᠦ ᠪᠤᠯᠬᠤ ᠢᠳᠡᠭᠡᠨ ᠨᠦᠭᠦᠳ
ᠨᠡᠶᠢᠲᠡᠯᠡᠭᠰᠡᠨ ᠴᠠᠭ᠄
2014/12/26
     ᠴᠠᠬᠢᠯᠭᠠᠨ ᠬᠦᠯᠳᠡᠭᠡᠭᠦᠷ ᠲᠤ ᠢᠳᠡᠭᠡᠨ ᠤ ᠵᠦᠢᠯ ᠪᠣᠯᠭᠠᠨ ᠢ ᠴᠦᠮ ᠬᠠᠳᠠᠭᠠᠯᠠᠨ ᠲᠠᠯᠪᠢᠵᠦ ᠪᠣᠯᠳᠠᠭ ᠪᠢᠰᠢ ᠶᠤᠮ᠃ ᠳᠣᠣᠷᠠᠬᠢ ᠢᠳᠡᠭᠡᠨ ᠢ ᠴᠠᠬᠢᠯᠭᠠᠨ ᠬᠦᠯᠳᠡᠭᠡᠭᠦᠷ ᠲᠤ ᠤᠳᠠᠭᠠᠨ ᠲᠠᠯᠪᠢᠬᠤ ᠶᠢ ᠴᠡᠭᠡᠷᠯᠡᠪᠡᠯ ᠵᠣᠬᠢᠨ᠎ᠠ᠃      ᠰᠢᠨ᠎ᠡ ᠰᠤᠷᠭᠤᠭ ᠪᠡᠷᠴᠢᠭᠢᠷ ᠯᠤᠤ ᠶᠢᠨ ᠨᠢᠲᠦ᠄ 0℃᠎ ᠠᠴᠠ ᠳᠣᠣᠷ᠎ᠠ ᠳᠤᠯᠠᠭᠠᠨ ᠤ ᠬᠡᠮᠵᠢᠶ᠎ᠠ ᠪᠦᠬᠦᠢ ᠤᠷᠴᠢᠨ ᠳᠤ 1 ᠡᠳᠦᠷ ᠲᠠᠯᠪᠢᠬᠤ ᠳᠤ ᠬᠠᠯᠢᠰᠤ ᠨᠢ ᠬᠠᠷᠠᠯᠠᠵᠦ᠂ ᠠᠮᠲᠠ ᠨᠢ ᠮᠠᠭᠤᠳᠠᠳᠠᠭ᠃      ᠪᠠᠨᠠᠨᠠ᠄ 12℃᠎ ᠠᠴᠠ ᠳᠣᠣᠷ᠎ᠠ ᠣᠷᠴᠢᠨ ᠳᠤ ᠬᠠᠳᠠᠭᠠᠯᠠᠪᠠᠯ ᠬᠠᠷᠠᠯᠠᠵᠤ ᠡᠪᠳᠡᠷᠡᠳᠡᠭ᠃      ᠦᠷᠭᠡᠰᠦᠲᠦ ᠬᠡᠮᠬᠡ᠄ 0℃᠎ ᠤᠨ ᠴᠠᠬᠢᠯᠭᠠᠨ ᠬᠦᠯᠳᠡᠭᠡᠭᠦᠷ ᠲᠤ 3 ᠡᠳᠦᠷ ᠲᠠᠯᠪᠢᠪᠠᠯ᠂ ᠦᠷᠭᠡᠰᠦᠲᠦ ᠬᠡᠮᠭᠡ ᠎ ᠶᠢᠨ ᠬᠠᠯᠢᠰᠤ ᠨᠢ ᠬᠠᠳᠠᠩᠰᠢᠵᠤ᠂ ᠬᠡᠷᠴᠢᠬᠦ ᠳᠤ ᠴᠠᠪᠠᠤᠯᠢᠭ ᠰᠢᠩᠭᠡᠨ ᠤᠰᠤ ᠭᠠᠷᠴᠤ᠂ ᠦᠨᠦᠷ ᠠᠮᠲᠠ ᠨᠢ ᠮᠠᠭᠤᠳᠠᠳᠠᠭ᠃      ᠲᠦᠪᠡᠳ ᠬᠠᠰᠢ᠄ ᠲᠦᠪᠡᠳ ᠬᠠᠰᠢ ᠶᠢᠨ ᠵᠡᠷᠢᠮ ᠬᠡᠰᠡᠭ ᠭᠠᠵᠠᠷ ᠪᠣᠶᠤ ᠪᠦᠬᠦᠨ ᠢᠶᠠᠷ ᠢᠶᠠᠨ ᠤᠰᠤᠷᠬᠠᠭ ᠪᠣᠯᠵᠤ ᠠᠮᠠᠷᠬᠠᠨ ᠢᠯᠵᠠᠷᠠᠨ᠂ ᠲᠣᠯᠪᠤ ᠰᠠᠭᠤᠳᠠᠭ᠃      ᠳᠠᠪᠤᠰᠤᠯᠠᠭᠰᠠᠨ ᠭᠠᠭ᠋ᠠᠢ ᠶᠢᠨ ᠭᠤᠶ᠎ᠠ᠄ ᠴᠠᠬᠢᠯᠭᠠᠨ ᠬᠦᠯᠳᠡᠭᠡᠭᠦᠷ ᠲᠤ ᠬᠠᠳᠠᠭᠠᠯᠠᠪᠠᠯ ᠤᠰᠤᠯᠢᠭ ᠬᠡᠮᠵᠢᠶ᠎ᠠ ᠨᠢ ᠬᠦᠯᠳᠡᠵᠦ ᠮᠦᠰᠦᠵᠢᠭᠡᠳ ᠦᠭᠡᠭᠦᠨ ᠤ ᠢᠰᠦᠯᠲᠡ ᠨᠢ ᠲᠦᠷᠭᠡᠳᠴᠦ᠂ ᠶᠠᠰᠤ ᠴᠢᠨᠠᠷ ᠨᠢ ᠮᠠᠭᠤᠳᠠᠨ᠂ ᠴᠢᠨᠠᠷ ᠢ ᠪᠠᠳᠤᠯᠠᠬᠤ ᠬᠤᠭᠤᠴᠠᠭ᠎ᠠ ᠶᠢ ᠨᠢ ᠪᠣᠭᠤᠨᠢᠰᠬᠠᠳᠠᠭ᠃      ᠴᠤᠺᠤᠯᠠᠳ᠋᠄ 30℃᠎ ᠤᠨ ᠬᠠᠯᠠᠭᠤᠨ ᠳᠤ ᠴᠤᠺᠤᠯᠠᠳ᠋ ᠢᠶᠠᠨ ᠴᠠᠬᠢᠯᠭᠠᠨ ᠬᠦᠯᠳᠡᠭᠡᠭᠦᠷ ᠠᠴᠠ ᠠᠪᠴᠤ ᠭᠠᠷᠭᠠᠬᠤ ᠳᠤ ᠦᠩᠭᠡᠨ ᠲᠠᠯ᠎ᠠ ᠨᠢ ᠠᠪᠤᠨ ᠳᠣᠣᠷ᠎ᠠ ᠪᠠᠨ ᠬᠢᠷᠠᠭᠤᠵᠢᠵᠦ᠂ ᠤᠳᠠᠭᠠᠨ ᠳᠠᠭᠠᠨ ᠴᠤᠺᠤᠯᠠᠳ᠋ ᠨᠢ ᠴᠢᠭᠢᠭᠳᠡᠭᠰᠡᠨ ᠠᠴᠠ ᠪᠣᠯᠵᠤ ᠢᠯᠵᠠᠷᠠᠨ ᠡᠪᠳᠡᠷᠡᠬᠦ ᠶᠤᠮ ᠤᠤ ᠬᠤᠷᠤᠬᠠᠶᠢᠳᠠᠳᠠᠭ᠃
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号