| ᠳ᠋ᠠᠮᠪᠢ ᠰᠤᠮᠤ ᠤᠷᠤᠵᠤ ᠡᠮᠴᠢ ᠳᠤ ᠪᠡᠶ᠎ᠠ ᠪᠠᠨ ᠦᠵᠡᠬᠦᠯᠦᠭᠡᠳ ᠪᠤᠴᠠᠵᠤ ᠶᠠᠪᠤᠯ᠎ᠠ᠃ ᠲᠠᠷᠢᠬᠢ | ᠲᠤᠯᠤᠭᠠᠢ ᠮᠠᠨᠠᠷᠠᠵᠤ ᠨᠢᠳᠤ ᠪᠦᠷᠦᠯᠵᠡᠭᠰᠡᠨ ᠬᠠᠯᠠᠭᠤᠨ ᠨᠠᠷᠠᠨ ᠲᠤᠤᠷ᠎ᠠ ᠰᠤᠭᠤᠨᠠᠭᠯᠠᠬᠤ ᠭᠠᠩ ᠤᠨ ᠤᠯᠠᠭᠠᠨ ᠤᠨᠢᠶᠠᠷ | ᠢ ᠬᠠᠷᠠᠬᠤ ᠪᠦᠷᠢ ᠦᠯᠦᠨ ᠬᠠᠭᠤᠷᠠᠢ ᠲᠤᠭᠤᠰᠤ ᠬᠤᠭᠤᠯᠠᠢ ᠳᠤ ᠠᠷᠭᠠᠨ᠂ ᠠᠮᠠᠨ ᠳᠤ ᠱᠤᠷᠪᠤᠭ ᠲᠠᠪᠤᠰᠤ | ᠠᠮᠳᠠᠭᠳᠠᠬᠤ ᠰᠢᠭ᠋ ᠪᠤᠯᠤᠨ᠎ᠠ᠃ | ᠨᠠᠷᠠᠰᠢᠵᠤ ᠴᠠᠩᠭᠠᠬᠤ ᠶᠢᠨ ᠴᠠᠭ ᠲᠤ ᠲᠦᠷᠦᠭᠡᠨ ᠲᠡᠭᠡᠷ᠎ᠠ ᠪᠠᠨ ᠪᠤᠰᠴᠤ ᠰᠡᠳᠬᠢᠯ ᠤᠨ | ᠦᠵᠦᠬᠦᠷ ᠰᠡᠪᠢᠯᠵᠡᠬᠦᠯᠦᠨ ᠰᠠᠶᠢᠬᠠᠨ ᠲᠠᠭᠤᠤ ᠠᠶᠠᠯᠤᠨ ᠲᠠᠪᠬᠢᠮᠠᠷ ᠰᠠᠨᠠᠭᠳᠠᠪᠠᠴᠤ᠂ ᠠᠷᠬᠠᠭ ᠬᠠᠭᠤᠴᠢ ᠡᠪᠡᠳᠴᠢᠨ | ᠳᠤ ᠪᠠᠷᠢᠭᠳᠠᠭᠰᠠᠨ ᠬᠢᠵᠢᠶᠡᠯ ᠡᠷ᠎ᠠ᠂ ᠡᠴᠡᠭᠰᠡᠨ ᠬᠦᠭᠰᠢᠨ ᠮᠤᠷᠢ ᠬᠤᠶᠠᠷ ᠬᠡᠳᠦᠶᠢᠭᠡᠨ ᠬᠤᠯᠨ ᠬᠠᠷᠠᠶᠢᠬᠤ ᠰᠠᠨ ᠪᠢᠯᠨ | ᠃ ᠬᠡᠷ ᠬᠦᠷᠳᠡᠯ᠎ᠠ ᠡᠳᠦᠷᠴᠢ ᠶᠢᠨ ᠭᠠᠵᠠᠷ ᠲᠤᠯᠨ ᠨᠠᠷᠠᠨ ᠤ ᠭᠤᠤᠯ ᠲᠠᠢ ᠳᠤ ᠠᠷᠤ ᠭᠤᠪᠢ ᠶᠢ ᠲᠤᠭᠤᠯᠬᠤ ᠰᠠᠨ | ᠬᠡᠵᠤ ᠶᠠᠭᠠᠷᠠᠪᠠᠴᠤ ᠤᠯᠠᠳᠠᠵᠤ ᠰᠤᠯᠠᠳᠠᠭᠰᠠᠨ ᠮᠤᠷᠢ ᠤᠷᠤᠭᠰᠢ ᠠᠯᠬᠤᠬᠤ ᠤᠷᠮ᠎ᠠ ᠵᠤᠷᠢᠭ ᠮᠤᠬᠤᠭᠰᠠᠨ ᠪᠤᠯᠤᠯᠳᠠᠢ᠃ | ᠬᠦᠯ ᠲᠤᠤᠷ᠎ᠠ ᠠᠴᠠ ᠪᠠᠨ ᠰᠢᠪᠠᠭᠤ ᠲᠡᠷᠬᠢᠨ ᠨᠢᠰᠦᠭᠰᠡᠨ ᠴᠤ ᠦᠷᠬᠦᠵᠤ ᠴᠤᠴᠢᠬᠤ ᠨᠢ ᠦᠭᠡᠢ᠃ | ᠨᠠᠰᠤ ᠵᠠᠯᠠᠭᠤ᠂ ᠪᠡᠶ᠎ᠠ ᠡᠷᠡᠬᠦᠯ ᠴᠠᠭ ᠲᠤ ᠳ᠋ᠠᠮᠪᠢ ᠭᠠᠯ᠂ ᠲᠦᠢᠮᠡᠷ ᠭᠠᠷᠤᠭᠰᠠᠨ ᠮᠡᠳᠤ | ᠮᠤᠲ᠋ᠤᠽᠢᠺᠯ ᠤᠨ ᠢᠶᠠᠨ ᠮᠤᠲ᠋ᠤᠷ ᠢ ᠡᠭᠡᠷᠡᠳᠡᠯᠠ ᠲᠠᠪᠬᠢᠳᠠᠭ ᠪᠠᠶᠢᠵᠠᠢ᠃ ᠤᠳᠤ ᠶᠠᠭᠤᠨ ᠳᠠᠭᠠᠨ ᠲᠡᠭᠡᠳᠡᠯ᠎ᠠ ᠶᠠᠭᠠᠷᠠᠵᠤ | ᠠᠮᠢᠨ ᠠᠴᠠ ᠪᠠᠨ ᠤᠶᠢᠳᠠᠭᠰᠠᠨ ᠶᠤᠮ ᠰᠢᠭ᠋ ᠪᠤᠳᠠ ᠰᠤᠨᠳᠤᠤᠯᠨ ᠲᠡᠭᠡᠬᠦᠷ ᠬᠠᠷᠠᠶᠢᠯᠭᠠᠨ ᠲᠤᠪᠳᠤᠯᠭᠠᠵᠤ ᠶᠠᠪᠤᠭᠰᠠᠨ | ᠶᠤᠮ ᠪᠤᠯ᠃ | ᠡᠳᠦᠭᠡ ᠲᠡᠶᠢᠨᠬᠦ ᠲᠡᠷᠭᠡᠨ ᠤ ᠪᠠᠨ ᠲᠠᠭᠤ ᠶᠢ ᠰᠤᠨᠤᠰᠬᠤ ᠦᠭᠡᠢ ᠪᠤᠯᠳᠠᠯ᠎ᠠ ᠲᠠᠪᠬᠢᠵᠤ ᠬᠡᠮᠡᠨ | ᠰᠠᠯᠬᠢᠨ ᠳᠤᠨᠢ ᠬᠠᠳᠬᠤᠭ᠎ᠠ ᠲᠤᠰᠴᠤ ᠦᠬᠦᠬᠦ ᠪᠢᠵᠠ᠃ ᠮᠠᠯ ᠤᠨ ᠡᠮᠴᠢ ᠬᠦᠮᠦᠨ ᠬᠠᠪᠤᠷ ᠮᠠᠯ ᠲᠦᠯᠯᠡᠬᠦ ᠦᠶ᠎ᠠ | ᠠᠴᠠ ᠨᠠᠮᠤᠷ ᠤᠨ ᠬᠡᠭᠡᠯᠳᠦᠬᠦᠯᠭᠡ ᠬᠦᠷᠳᠡᠯ᠎ᠠ ᠬᠡᠷ ᠤᠨ ᠪᠠᠷ᠎ᠠ ᠲᠤᠭᠠᠳᠠᠶᠢᠬᠠᠨ ᠬᠠᠷᠠᠨ᠎ᠠ᠃ ᠴᠤᠬᠤᠮ ᠯᠡ ᠲᠡᠪᠡᠯ ᠤᠨ | ᠢᠶᠠᠨ ᠦᠩᠭᠡ ᠶᠢ ᠤᠩᠭᠤᠵᠤ ᠭᠠᠩᠳᠠᠳᠠᠯᠠ ᠬᠡᠳᠦᠨ ᠪᠠᠭ ᠤᠨ ᠨᠤᠳᠤᠭ ᠬᠡᠰᠦᠵᠤ ᠠᠶᠢᠯ ᠤᠨ ᠠᠷᠭᠠᠯ᠂ ᠤᠰᠤ | ᠵᠦᠭᠡᠭᠡᠬᠦ ᠠᠴᠠ ᠪᠤᠰᠤᠳ ᠢ ᠬᠦᠢᠴᠡᠭᠡᠵᠤ ᠪᠠᠶᠢᠮᠠᠨᠵᠢᠨ ᠵᠤᠨ ᠤ ᠲᠤᠮᠳᠠ ᠰᠠᠷ᠎ᠠ ᠶᠢᠨ ᠰᠢᠪᠳᠤᠷᠠᠭᠠ ᠪᠠᠷ ᠮᠠᠯ | ᠤᠭᠢᠶᠠᠯᠭ᠎ᠠ ᠶᠢᠨ ᠶᠡᠭᠡ ᠠᠵᠢᠯ ᠤᠨ ᠠᠷᠤ ᠳᠤ ᠨᠢᠭᠡ ᠭᠠᠷᠬᠤ᠃ ᠳ᠋ᠠᠮᠪᠢ ᠮᠠᠯ ᠢ ᠮᠠᠯ ᠪᠢᠰᠢ᠂ ᠶᠠᠭ ᠯᠡ ᠬᠦᠮᠦᠨ ᠰᠢᠭ | ᠬᠠᠶᠢᠷᠠᠯᠠᠵᠤ᠂ ᠪᠦᠰᠨ ᠪᠠᠨ ᠲᠠᠶᠢᠯᠬᠤ ᠵᠠᠪ ᠦᠭᠡᠢ ᠵᠢᠳᠬᠦᠳᠡᠭ ᠪᠠᠶᠢᠵᠠᠢ᠃ ᠡᠩᠭᠡᠷ ᠴᠤᠭᠤᠯᠤᠭᠠ ᠦᠭᠡᠢ ᠪᠤᠯᠬᠤ | ᠠᠴᠠ ᠪᠢᠰᠢ ᠬᠡᠨ ᠠᠪᠤᠭᠠᠢ ᠶᠢᠨ ᠴᠤ ᠦᠭᠡᠳᠠ ᠠᠴᠠ ᠡᠭᠴᠡᠯᠡᠨ ᠬᠠᠷᠠᠬᠤ ᠳᠤ ᠨᠢᠭᠤᠷ ᠬᠠᠯᠠᠬᠤ ᠪᠠᠷ ᠦᠭᠡᠢ ᠨᠡᠷᠡᠳᠠᠢ | ᠡᠮᠴᠢ ᠶᠠᠪᠤᠯ᠎ᠠ᠃ ᠬᠡᠳᠡᠯ᠎ᠠ ᠤᠯᠤᠰ ᠤᠨ ᠠᠯᠪᠠ ᠶᠢ ᠵᠠᠯᠭᠠᠭᠤᠯᠬᠤ ᠰᠠᠨ ᠬᠡᠬᠦ ᠳᠡᠭᠡᠨ ᠪᠡᠶ᠎ᠠ ᠪᠠᠨ ᠤᠭᠤᠷᠤᠨ᠂ ᠵᠠᠬ᠎ᠠ | ᠶᠢᠨ ᠡᠮ ᠲᠠᠩ ᠢᠶᠠᠷ ᠠᠷᠭᠠᠴᠠᠭᠠᠨ ᠶᠠᠪᠤᠭᠰᠠᠨ ᠠᠷᠬᠠᠭ ᠬᠠᠭᠤᠴᠢ ᠡᠪᠡᠳᠴᠢᠨ ᠭᠠᠵᠠᠷ ᠠᠪᠴᠤ ᠰᠡᠬᠦᠯ ᠤᠨ ᠬᠡᠳᠦᠨ | ᠵᠢᠯ ᠤᠷᠤ ᠲᠡᠷᠠ ᠮᠠᠨᠠᠭᠰᠠᠨ ᠭᠡᠷ ᠤᠨ ᠬᠦᠮᠦᠨ ᠪᠤᠯᠪᠠ᠃ ᠶᠠᠳᠠᠬᠤ ᠳᠠᠭᠠᠨ ᠤᠷᠤᠶᠢᠳᠠᠵᠤ ᠬᠡᠷᠯᠡᠭᠰᠡᠨ ᠢ ᠬᠡᠯᠡᠬᠦ ᠦᠦ᠂ | ᠲᠠᠪᠤ ᠶᠢᠨ ᠲᠠᠪᠤᠨ ᠬᠡᠨᠵᠡ ᠬᠡᠦᠭᠡᠳ ᠲᠠᠢ᠂ ᠲᠡᠭᠡᠯ᠎ᠡ ᠭᠡᠳ ᠦᠪᠡᠷ ᠠᠴᠠ ᠪᠠᠨ ᠤᠯᠠᠨ ᠲᠡᠬᠦᠤ ᠵᠠᠯᠠᠭᠤ ᠠᠪᠠᠭᠠᠢ | ᠠᠪᠤᠭᠰᠠᠨ ᠤ ᠪᠠᠨ ᠵᠤᠪᠠᠯᠠᠩ ᠢ ᠦᠵᠡᠭᠰᠡᠨ ᠦᠭᠡᠢ᠃ ᠡᠬᠡᠨᠡᠷ ᠨᠢ ᠵᠠᠯᠠᠭᠤ ᠪᠦᠰᠡᠬᠦᠢ ᠶᠢᠨ ᠬᠠᠯᠠᠭᠤᠨ ᠬᠠᠶᠢᠷ᠎ᠠ ᠪᠠᠷ | ᠨᠦᠬᠦᠷ ᠲᠡᠭᠡᠨ ᠬᠡᠳᠦᠨ ᠬᠡᠦᠭᠡᠳ ᠠᠴᠠ ᠪᠠᠨ ᠲᠤᠳᠠᠭᠤ ᠦᠭᠡᠢ ᠡᠷᠬᠡᠯᠡᠳᠡᠭ ᠲᠤᠮᠤᠭ᠎ᠠ ᠦᠭᠡᠢ ᠬᠤᠩᠭᠤᠷ ᠠᠭᠠᠰᠢ | ᠲᠠᠢ ᠴᠤ ᠬᠡᠰᠡᠨ ᠳ᠋ᠠᠮᠪᠢ ᠶᠢ ᠨᠢᠯᠬ᠎ᠠ ᠬᠡᠦᠭᠡᠳ ᠠᠳᠠᠯᠢ ᠪᠦᠭᠡᠴᠡᠶᠢᠯᠡᠨ ᠠᠰᠠᠷᠠᠳᠠᠭ ᠬᠤᠪᠤᠷᠬᠠᠨ ᠬᠡᠦᠭᠡᠨ ᠶᠤᠮᠰᠠᠨᠵᠠᠢ᠃ | ᠡᠨᠡ ᠤᠯᠠᠭᠠᠨ ᠭᠠᠩ ᠤᠨ ᠲᠤᠮᠳᠠᠭᠤᠷ ᠪᠡᠶ᠎ᠠ ᠪᠠᠨ ᠲᠠᠭᠠᠷᠠᠤᠬᠠᠨ ᠪᠠᠶᠢᠬᠤ ᠳᠤ ᠰᠤᠮᠤ ᠵᠠᠪᠠᠯ ᠶᠠᠪᠤᠬᠤ ᠬᠡᠵᠤ | ᠵᠢᠳᠬᠦᠭᠡᠳ ᠶᠠᠭᠠᠬᠢᠬᠤ ᠶᠤᠮ ᠪᠤᠢ᠃ ᠡᠮᠴᠢ ᠪᠡᠶ᠎ᠠ ᠶᠢ ᠴᠢᠨᠢ ᠦᠵᠡᠭᠡᠳ ᠨᠦᠬᠦᠭᠡ ᠯᠡ ᠤᠯᠢᠭ ᠪᠤᠯᠤᠭᠰᠠᠨ ᠬᠡᠯᠡᠳᠡᠭ | ᠦᠭᠡ ᠪᠠᠨ ᠬᠡᠯᠡᠵᠤ ᠦᠭᠬᠦᠳᠡᠭ ᠡᠮ ᠢᠶᠠᠨ ᠦᠭᠬᠦᠨ᠎ᠠ ᠪᠢᠵᠠ᠃ ᠶᠠᠳᠠᠵᠤ ᠵᠠᠮ ᠳᠤ ᠴᠢᠨᠢ ᠠᠶᠢᠯ᠂ ᠮᠠᠯ ᠪᠠᠶᠢᠬᠤ | ᠦᠭᠡᠢ᠃ ᠤᠳᠤᠷ ᠨᠡᠬᠦᠳᠡᠯ᠂ ᠨᠠᠭᠤᠷ ᠨᠤᠭᠤᠭ᠎ᠠ ᠬᠦᠭᠡᠭᠡᠳ ᠲᠠᠯ᠎ᠠ ᠲᠠᠯ᠎ᠠ ᠲᠡᠶᠢᠰᠢ ᠪᠠᠨ ᠨᠡᠬᠦᠭᠡᠳ | ᠶᠠᠪᠤᠵᠠᠭᠠᠴᠢᠬᠠᠭᠰᠠᠨ᠃ ᠡᠵᠡᠬᠦᠢ ᠬᠡᠭᠡᠷ᠎ᠠ ᠪᠡᠶ᠎ᠠ ᠴᠢᠨᠢ ᠬᠡᠨᠡᠳᠳᠠ ᠮᠠᠭᠤᠳᠠᠵᠤ ᠬᠦᠯ᠂ ᠭᠠᠷ ᠴᠢᠨᠢ ᠬᠡᠷᠦᠵᠤ ᠲᠠᠳᠠᠪᠠᠯ | ᠶᠠᠭᠠᠬᠢᠨ᠎ᠠ ᠬᠡᠵᠤ ᠡᠬᠡᠨᠡᠷ ᠢᠶᠠᠨ ᠬᠤᠷᠢᠭᠯᠠᠭᠰᠠᠭᠠᠷ ᠪᠠᠶᠢᠬᠤ ᠳᠤ ᠳ᠋ᠠᠮᠪᠢ ︽ᠨᠢᠭᠡᠳᠦᠯ ᠤᠨ ᠲᠠᠷᠤᠭ᠎ᠠ ᠲᠠᠢ ᠠᠭᠤᠯᠵᠠᠬᠤ | ᠠᠮᠢ᠂ ᠠᠯᠪᠠᠨ ᠤ ᠠᠵᠢᠯ ᠪᠠᠶᠢᠨ᠎ᠠ᠂ ᠪᠠᠰᠠ ᠲᠠᠮᠠᠬᠢ ᠴᠦᠳᠡᠨᠵᠠ ᠴᠤ ᠲᠠᠭᠤᠰᠬᠤ ᠨᠢ︾ ᠬᠡᠵᠤ ᠡᠨᠡ ᠲᠠᠷᠨ ᠶᠠᠯᠢᠬᠤ | ᠱᠠᠯᠢᠬᠤ ᠦᠭᠡᠢ ᠶᠠᠭᠤᠮᠠᠬᠠᠨ ᠢᠶᠠᠷ ᠰᠢᠯᠳᠠᠭᠯᠠᠨ ᠪᠠᠶᠢᠵᠤ ᠰᠤᠮᠤ ᠤᠷᠤᠭᠤ ᠶᠠᠪᠤᠵᠠᠢ᠃ ᠦᠨᠡᠨᠳᠡᠭᠡᠨ ᠨᠢᠭᠡᠳᠦᠯ ᠤᠨ | ᠲᠠᠷᠤᠭ᠎ᠠ ᠨᠠᠷ ᠲᠠᠢ ᠠᠭᠤᠯᠵᠠᠬᠤ ᠶᠠᠷᠢᠶ᠎ᠠ ᠬᠦᠭᠡᠷᠦᠭᠡ ᠲᠡᠬᠦᠨ ᠳᠤ ᠨᠢᠭᠡᠭᠡᠨ ᠴᠤ ᠪᠠᠶᠢᠭᠰᠠᠨ ᠦᠭᠡᠢ᠃ ᠳ᠋ᠠᠮᠪᠢ ᠶᠢ | ᠡᠷᠡᠬᠦᠯ ᠰᠠᠷᠠᠭᠤᠯ ᠪᠠᠶᠢᠬᠤ ᠳᠤ ᠰᠤᠮᠤ ᠶᠢᠨ ᠬᠦᠮᠦᠨ ᠤ ᠶᠡᠭᠡ ᠡᠮᠴᠢ ᠠᠴᠠ ᠲᠡᠭᠡᠬᠦᠷ ᠰᠢᠬᠠᠮ ᠡᠷᠬᠦᠮᠵᠢᠯᠡᠨ ᠨᠠᠭᠠᠨ᠎ᠠ | ᠴᠠᠭᠠᠨ᠎ᠠ ᠬᠡᠯᠴᠡᠨ ᠠᠯᠢᠪᠠ ᠶᠡᠭᠡ ᠪᠠᠭ᠎ᠠ ᠠᠵᠢᠯ ᠲᠡᠭᠡᠷ᠎ᠠ ᠠᠮᠢ ᠶᠢ ᠨᠢ ᠬᠠᠷᠠᠳᠠᠭ ᠪᠠᠶᠢᠭᠰᠠᠨ ᠰᠢᠳᠠᠷ ᠲᠠᠷᠤᠭ᠎ᠠ ᠨᠠᠷ | ᠡᠳᠦᠭᠡ ᠲᠡᠬᠦᠨ ᠢ ᠪᠠᠷᠤᠭ ᠮᠠᠷᠳᠠᠵᠠᠢ᠃ ︽ᠬᠦᠮᠦᠨ ᠶᠠᠭᠠᠬᠢᠬᠤ ᠪᠤᠢ᠂ ᠤᠯᠤᠰ ᠤᠨ ᠲᠦᠯᠦᠪᠯᠡᠭᠡ ᠲᠠᠰᠤᠷᠠᠬᠤ ᠪᠢᠰᠢ | ᠂ ᠭᠠᠭᠴᠠᠬᠠᠨ ᠮᠠᠯ ᠁ ᠮᠠᠯ ᠬᠤᠪᠤᠷᠳᠠᠪᠠᠯ ᠡᠨᠡ ᠰᠤᠮᠤ ᠨᠢᠭᠡᠳᠦᠯ᠂ ᠴᠢ ᠪᠢᠳᠡᠨ ᠤ ᠨᠡᠷ᠎ᠠ ᠬᠦᠭᠡᠷᠦᠬᠦᠢ ᠪᠤᠯᠤᠨ᠎ᠠ︾ | ᠬᠡᠵᠤ ᠰᠢᠭᠤᠳ ᠤᠯᠠᠭᠠᠨ᠂ ᠴᠠᠭᠠᠨ ᠬᠡᠯᠡᠬᠦ ᠦᠭᠡᠢ ᠬᠢᠷᠢᠨ᠎ᠠ ᠶᠠᠭᠤᠬᠠᠨ ᠲᠡᠭᠡᠷ᠎ᠠ ᠪᠤᠯᠪᠠᠴᠤ ᠪᠢᠳᠡᠬᠦᠭᠡᠨ ᠪᠠᠶᠢᠨ | ᠪᠠᠶᠢᠨ ᠰᠠᠨᠠᠭᠤᠯᠳᠠᠭ ᠪᠠᠶᠢᠭᠰᠠᠨ ᠲᠡᠷᠨ ᠬᠦᠮᠦᠰ ᠲᠤ ᠳ᠋ᠠᠮᠪᠢ ᠭᠤᠮᠤᠳᠠᠭᠰᠠᠨ ᠦᠭᠡᠢ᠃ ᠤᠷᠤ ᠲᠡᠷᠠ ᠮᠠᠯᠯᠠᠭᠰᠠᠨ ᠭᠡᠷ | ᠤᠨ ᠬᠦᠮᠦᠨ ᠢ ᠲᠡᠳᠠ ᠮᠠᠷᠳᠠᠬᠤ ᠦᠭᠡᠢ ᠭᠡᠳ ᠶᠠᠭᠠᠬᠢᠬᠤ ᠪᠢᠯᠨ᠃ ᠶᠠᠮᠠᠷ ᠲᠡᠶᠢᠮᠤ ᠶᠡᠭᠡ ᠦᠭᠡᠶᠢᠯᠡᠭᠳᠡᠵᠤ | ᠬᠦᠨᠳᠦᠯᠡᠬᠦᠯᠬᠦ ᠪᠠᠷ ᠠᠯᠳᠠᠷ ᠭᠠᠪᠢᠶ᠎ᠠ ᠲᠠᠢ ᠬᠦᠮᠦᠨ ᠪᠢᠰᠢ᠃ ᠭᠷᠦ᠋ᠫ ① ᠲᠤ ᠤᠷᠤᠭᠠᠳ ᠭᠤᠷᠪᠠᠨ ᠵᠢᠯ ᠤᠨ | ᠨᠢᠭᠤᠷ ᠦᠵᠡᠬᠦ ᠳᠤ ᠨᠢᠭᠡᠳᠦᠯ ᠤᠨ ᠲᠠᠷᠤᠭ᠎ᠠ ᠨᠠᠷ ᠠᠴᠠ ᠳ᠋ᠠᠮᠪᠢ ᠶᠢᠨ ᠪᠡᠶ᠎ᠠ ᠶᠢ ᠠᠰᠠᠭᠤᠵᠤ ᠤᠷᠤᠵᠤ ᠢᠷᠡᠭᠰᠡᠨ | ᠬᠦᠮᠦᠨ ᠬᠤᠷᠤᠭᠤ ᠲᠠᠷᠤᠮᠠᠷ ᠬᠤᠪᠤᠷᠬᠠᠨ᠃ ᠡᠪᠡᠳᠴᠢᠨ ᠲᠠᠢ ᠬᠦᠮᠦᠨ ᠦᠭᠡᠨᠳᠡᠭᠴᠢ ② ᠭᠤᠮᠤᠳᠠᠮᠠᠳᠠᠭᠠᠢ | ᠪᠠᠶᠢᠳᠠᠭ ᠪᠤᠯᠤᠭᠠᠳ ᠴᠤ ᠲᠡᠷᠨ ᠶᠤᠮᠰᠠᠨ ᠦᠦ ᠲᠠᠬᠤᠯ ᠲᠤᠮᠤᠭ᠎ᠠ ᠭᠠᠷᠤᠭᠰᠠᠨ ᠶᠤᠮᠰᠢᠭ ᠯᠡ ᠬᠠᠶᠠᠭ᠎ᠠ ᠪᠠᠷ ᠲᠤᠭᠤᠰᠤ | ᠲᠠᠳᠠᠭᠤᠯᠤᠨ ᠲᠠᠪᠬᠢᠨ ᠦᠩᠭᠡᠷᠡᠨᠠ᠃ ᠭᠡᠷ ᠠᠴᠠ ᠭᠠᠷᠬᠤ ᠦᠭᠡᠢ᠂ ᠤᠨᠢ ᠰᠢᠷᠳᠡᠨ ᠪᠡᠶ᠎ᠠ ᠪᠠᠨ ᠴᠢᠩᠨᠠᠵᠤ | ᠬᠡᠪᠳᠡᠭᠰᠡᠭᠡᠷ ᠪᠠᠶᠢᠭᠠᠳ ᠪᠢ ᠭᠡᠳᠡᠭ ᠬᠦᠮᠦᠨ ᠤᠶᠠᠭᠠᠨ ᠤ ᠨᠤᠬᠠᠢ ᠠᠳᠠᠯᠢ ᠪᠤᠬᠢᠮᠳᠠᠭᠤ ᠪᠤᠯᠤᠭᠰᠠᠨ ᠶᠤᠮ ᠪᠠᠶᠢᠯᠬᠦᠢ | ᠬᠡᠵᠤ ᠰᠡᠳᠬᠢᠯ ᠢᠶᠠᠨ ᠵᠠᠰᠠᠨ ᠪᠤᠳᠤᠭᠰᠠᠨ ᠢᠶᠠᠨ ᠮᠤᠷᠢ ᠲᠠᠪᠢᠷᠠᠨ ᠪᠦᠭ ᠪᠦᠭ ᠱᠤᠭᠰᠢᠭᠤᠯᠤᠯᠠ᠃ ᠪᠤᠳᠠ᠂ ᠰᠦᠭᠡᠭ | ᠠᠴᠠ ᠦᠭᠡᠷ᠎ᠠ ᠮᠠᠯ ᠤᠨ ᠬᠠᠮᠠᠷ ᠬᠠᠳᠬᠤᠬᠤ ᠡᠪᠡᠰᠤ ᠦᠭᠡᠢ ᠤᠯᠠᠭᠠᠨ ᠭᠤᠪᠢ ᠳᠤ ᠤᠭᠤᠳᠤᠨ᠎ᠠ᠂ ᠵᠤᠷᠠᠮ᠎ᠠ ᠴᠤ | ᠦᠯᠤ ᠦᠵᠡᠭᠳᠡᠨ᠎ᠠ᠃ ᠬᠠᠪᠤᠷ ᠤᠨ ᠬᠠᠪᠤᠷ ᠲᠤ ᠬᠠᠪᠰᠠᠷᠭ᠎ᠠ ᠰᠠᠯᠬᠢᠨ ᠳᠤ ᠪᠠᠯᠪᠠᠭᠤᠯᠤᠭᠰᠠᠭᠠᠷ ᠡᠪᠡᠰᠦᠨ ᠤ | ᠦᠨᠳᠦᠰᠦ ᠰᠡᠶᠢᠷᠡᠭᠰᠢᠵᠤ ᠴᠢᠬᠢᠭ ᠬᠤᠯᠠᠳᠠᠭᠰᠠᠨ ᠤᠴᠢᠷ ᠲᠡᠷᠡᠰᠤ ᠬᠦᠷᠳᠡᠯ᠎ᠠ ᠱᠠᠯᠢᠳᠠᠢ ᠤᠷᠭᠤᠬᠤ ᠶᠢ ᠪᠠᠶᠢᠵᠠᠢ᠃ | ᠬᠤᠳᠳᠤᠭ ᠤᠨ ᠤᠩᠭᠤᠴᠨ ᠬᠠᠭ᠎ᠠ ᠬᠠᠭᠰᠠᠮᠠᠷ ᠰᠠᠯᠬᠢᠨ ᠳᠤ ᠲᠡᠩᠭᠡᠯᠳᠦᠵᠤ ᠡᠴᠡᠭᠰᠡᠨ ᠮᠤᠷᠢ ᠬᠦᠰᠢᠵᠤ | ᠬᠦᠨᠳᠦᠷᠡᠭᠰᠡᠨ ᠬᠦᠯ ᠢᠶᠠᠨ ᠲᠠᠭᠠᠵᠤ ᠶᠠᠳᠠᠭᠰᠠᠨ ᠶᠠᠩᠵᠤᠳᠠᠢ ᠵᠠᠯᠬᠠᠭᠤᠳᠠᠶᠢᠬᠠᠨ ᠬᠡᠯᠳᠦᠷᠢᠬᠦ ᠪᠦᠭᠡᠳ ᠢᠰᠭᠡᠷᠡᠬᠦ ᠰᠠᠨ | ᠬᠡᠪᠡᠴᠤ ᠳ᠋ᠠᠮᠪᠢ ᠶᠢᠨ ᠤᠷᠤᠭᠤᠯ ᠨᠢ ᠡᠷᠳᠠ ᠬᠠᠭᠠᠷᠠᠵᠠᠢ᠃ ᠲᠡᠷᠡᠪᠡᠷ ᠰᠠᠭᠤᠳᠠᠯ ᠢᠶᠠᠨ ᠬᠡᠳᠦᠨᠳᠠ ᠵᠠᠰᠠᠨ ᠬᠠᠭᠤᠴᠢᠨ | ᠮᠠᠭᠤ ᠪᠦᠷᠬᠦ ᠮᠠᠯᠠᠭᠠᠢ ᠢᠶᠠᠨ ᠠᠷᠤ ᠲᠠᠭᠵᠠ ᠤᠷᠤᠭᠤ ᠪᠠᠨ ᠬᠤᠶᠢᠰᠢᠯᠠᠭᠤᠯᠤᠭᠰᠠᠨ ᠪᠤᠯᠪᠠᠴᠤ ᠨᠢᠳᠤ ᠰᠤᠷᠮᠤᠤᠰᠤ | ᠰᠡᠷᠬᠦᠭᠡᠬᠦ ᠰᠡᠷᠢᠬᠦᠨ ᠰᠠᠯᠬᠢ ᠨᠢᠭᠡᠨ ᠢᠮᠠᠬᠤ ᠶᠢᠨ ᠲᠡᠳᠦᠢ ᠳᠤ ᠴᠤ ᠦᠯᠤ ᠰᠡᠪᠬᠢᠬᠦ ᠠᠵᠠᠢ᠃ ᠮᠠᠷᠳᠠᠭᠰᠠᠨ ᠴᠠᠭᠠᠨ᠎ᠠ | ᠪᠠᠨ ᠭᠠᠭᠴᠨ ᠨᠢᠭᠡᠨ ᠪᠢᠯᠵᠤᠤᠬᠠᠢ ᠵᠢᠷᠬᠢᠬᠦ ᠲᠤᠭᠤᠯᠳᠠᠨ᠎ᠠ᠃ | ᠡᠪᠡᠳᠴᠢᠳᠠᠢ ᠬᠦᠮᠦᠨ ᠤ ᠭᠠᠶᠢᠬᠠᠰᠢ ᠲᠠᠰᠤᠷᠠᠭᠰᠠᠨ ᠭᠤᠨᠢᠭᠳᠠᠢ ᠬᠠᠷᠠᠴᠨ ᠳᠤ ᠦᠷᠳᠦᠭᠰᠡᠨ | ᠶᠠᠭᠤᠮ᠎ᠠ ᠪᠦᠬᠦᠨ ᠤᠶᠢᠳᠬᠠᠷᠳᠠᠢ ᠦᠵᠡᠭᠳᠡᠨ᠎ᠠ᠃ ᠬᠦᠮᠦᠨ ᠤ ᠲᠤᠯᠤᠭᠠᠢ ᠳᠤ ᠴᠡᠯᠮᠠ ᠨᠢᠭᠡᠯᠨ ᠤᠭᠯᠠᠭᠰᠠᠨ ᠪᠤᠯ | ᠪᠷᠦ᠋ᠼᠧᠯ ᠬᠡᠮᠡᠬᠦ ᠡᠪᠡᠳᠴᠢᠨ ᠡᠷᠳᠠ ᠤᠷᠤᠢ ᠬᠡᠵᠢᠶ᠎ᠠ ᠪᠤᠯᠪᠠᠴᠤ ᠠᠪᠰᠠᠨ ᠳᠤ ᠬᠠᠮᠳᠤ ᠤᠷᠤᠵᠤ ᠪᠠᠶᠢᠵᠤ ᠯᠡ | ᠰᠠᠯᠳᠠᠭ ᠬᠡᠳᠡᠭ ᠢ ᠳ᠋ᠠᠮᠪᠢ ᠬᠡᠨ ᠠᠴᠠ ᠴᠤ ᠲᠤᠳᠠᠭᠤ ᠦᠭᠡᠢ ᠮᠡᠳᠡᠬᠦ ᠪᠤᠯᠪᠠᠴᠤ ᠰᠠᠨᠠᠭ᠎ᠠ ᠪᠠᠷ ᠤᠨᠠᠭᠰᠠᠨ ᠦᠭᠡᠢ᠃ | ᠪᠢ ᠴᠤ ᠶᠠᠭᠠᠬᠢᠬᠤ ᠪᠤᠢ ᠬᠡᠳᠦᠨ ᠵᠢᠯ ᠠᠳᠤᠭᠤ ᠲᠠᠭᠠᠭᠰᠠᠨ ᠦᠷᠦᠭᠡᠯ ᠲᠠᠢ ᠮᠤᠷᠢ ᠰᠢᠭ᠋ ᠪᠦᠳᠦᠴᠢᠵᠤ ᠶᠠᠪᠤᠭᠠᠳ | ᠦᠬᠦᠨ᠎ᠠ᠃ ᠬᠠᠷᠢᠨ ᠨᠠᠳᠠ ᠠᠴᠠ ᠬᠤᠶᠢᠰᠢ ᠬᠡᠳᠦᠨ ᠬᠡᠦᠭᠡᠳ ᠡᠬᠡᠨᠡᠷ ᠮᠢᠨᠢ ᠶᠠᠭᠠᠬᠢᠵᠤ ᠰᠢᠤᠬᠠᠨ ᠠᠮᠢ ᠵᠢᠭᠤᠳᠠᠭ | ᠪᠤᠯ ᠬᠡᠬᠦ ᠠᠴᠠ ᠵᠡᠬᠦᠳᠤ ᠨᠤᠶᠢᠷ ᠤᠨ ᠦᠵᠡᠭᠳᠡᠯ ᠠᠳᠠᠯᠢ ᠶᠠᠭᠤᠮ᠎ᠠ ᠪᠦᠬᠦᠨ ᠪᠦᠷᠦᠩᠭᠡᠢ᠃ ᠵᠠᠯᠠᠭᠤ ᠬᠦᠮᠦᠨ ᠬᠤᠷᠸ᠎ᠠ | ᠶᠢ ᠶᠠᠭᠠᠬᠢᠵᠤ ᠭᠠᠭᠴᠠᠭᠠᠷ ᠢᠶᠠᠨ ᠪᠠᠷᠠᠬᠤᠪ᠃ ᠦᠬᠦᠭᠰᠡᠨ ᠤ ᠪᠠᠨ ᠬᠤᠶᠢᠨ᠎ᠠ ᠠᠴᠠ ᠦᠬᠦᠯᠳᠠᠢ ᠪᠢᠰᠢ᠃ ᠬᠡᠵᠢᠶ᠎ᠠ | ᠪᠤᠯᠪᠠᠴᠤ ᠬᠡᠨ ᠨᠢᠭᠡᠨ ᠲᠠᠢ ᠠᠮᠢᠳᠤᠷᠠᠯ ᠬᠤᠯᠪᠤᠨ᠎ᠠ᠃ ᠲᠡᠷᠨ ᠴᠠᠭ ᠲᠤ ᠶᠠᠮᠠᠷ ᠬᠦᠮᠦᠨ ᠮᠠᠨ ᠤ ᠪᠤᠱᠤᠭ᠎ᠠ ᠪᠠᠷ | ᠠᠯᠬᠤᠨ ᠤᠷᠤᠵᠤ ᠢᠷᠡᠳᠡᠭ ᠪᠤᠯ ᠬᠡᠵᠤ ᠰᠠᠨᠠᠬᠤ ᠠᠴᠠ ᠨᠤᠶᠢᠷ ᠲᠤᠮᠳᠠ ᠰᠤᠭᠳᠤᠭᠤ ᠬᠦᠮᠦᠨ ᠬᠠᠷ᠎ᠠ ᠲᠡᠩᠭᠡᠭᠡ ᠪᠠᠷ | ᠢᠶᠠᠨ ᠬᠠᠭᠠᠯᠭ᠎ᠠ ᠪᠠᠯᠪᠠᠭ᠋ᠤ ᠮᠡᠳᠤ ᠲᠦᠭᠰᠢᠬᠦᠷᠢᠳᠠᠢ ᠪᠦᠭᠡᠳ ᠦᠶ᠎ᠠ ᠦᠶ᠎ᠠ ᠵᠢᠷᠦᠭᠡ ᠪᠠᠵᠠᠯᠠᠨ ᠡᠪᠡᠳᠬᠦ ᠨᠢ ᠠᠷᠬᠠᠭ | ᠬᠠᠭᠤᠴᠢ ᠡᠪᠡᠳᠴᠢᠨ ᠠᠴᠠ ᠨᠢ ᠲᠤᠯᠤᠭᠠᠨ ᠲᠤᠤᠷ᠎ᠠ ᠰᠢᠨᠠᠯᠭᠠᠳᠠᠢ᠃ ᠵᠢᠩ ᠦᠳᠠ ᠶᠢᠨ ᠰᠢᠷᠭᠠᠯ ᠬᠠᠯᠠᠭᠤᠨ ᠮᠠᠨᠠᠨ | ᠲᠦᠷᠪᠡᠨ ᠵᠦᠭ ᠠᠯᠳᠠᠷᠠᠭᠰᠠᠨ ᠡᠨᠡ ᠬᠠᠶᠠᠭ᠎ᠠ ᠬᠢᠵᠠᠭᠠᠷ ᠦᠭᠡᠢ᠂ ᠬᠦᠯ ᠦᠭᠡᠢ ᠶᠡᠭᠡ ᠭᠤᠪᠢ ᠳᠤ ᠪᠠᠷᠢᠬᠤ | ᠲᠠᠯᠪᠢᠬᠤ ᠪᠠᠷᠢᠮᠵᠢᠶ᠎ᠠ ᠨᠢᠭᠡᠭᠡᠨ ᠴᠤ ᠦᠭᠡᠢ᠃ ᠳ᠋ᠠᠮᠪᠢ ᠲᠠᠰᠢᠭᠤᠷ ᠢᠶᠠᠨ ᠶᠤᠰᠤ ᠲᠡᠳᠦᠢ ᠬᠦᠳᠡᠯᠭᠡᠨ ᠢᠯᠠᠭ᠎ᠠ | ᠦᠷᠬᠦᠭᠡᠵᠤ ᠮᠤᠷᠢᠨ ᠤ ᠪᠠᠨ ᠠᠶᠠᠰ ᠢ ᠲᠠᠭᠠᠨ ᠭᠠᠵᠠᠷ ᠱᠠᠭᠠᠶᠢᠨ ᠬᠡᠯᠳᠦᠷᠢᠬᠦᠯᠦᠨᠠ᠃ ᠵᠠᠳᠠᠭᠠᠢ ᠭᠠᠯ ᠤᠨ ᠨᠦᠭᠡᠯᠭᠡ | ᠲᠠᠢ ᠵᠦᠢᠷᠯᠡᠮᠠ ᠬᠠᠯᠠᠭᠤᠨ ᠰᠠᠯᠬᠢᠨ ᠳᠤ ᠨᠢᠳᠤ ᠠᠨᠢᠯᠳᠤᠬᠤ ᠨᠢ ᠵᠠᠯᠬᠠᠭᠤᠳᠠᠢ᠃ ᠵᠢᠯ ᠤᠨ ᠵᠢᠯ ᠳᠤ ᠭᠠᠩ ᠪᠤᠯᠵᠤ | ᠪᠤᠷᠤᠭ᠎ᠠ ᠬᠤᠷ᠎ᠠ ᠬᠤᠯᠠᠳᠠᠭᠰᠠᠨ ᠠᠴᠠ ᠬᠤᠶᠢᠰᠢ ᠲᠤᠭᠤᠷᠢᠮ ᠬᠦᠷᠳᠡᠯ᠎ᠠ ᠬᠠᠭ᠎ᠠ ᠬᠠᠳᠠᠵᠤ ᠪᠤᠯᠠᠭ ᠲᠠᠭᠠᠭᠠᠴᠨ ᠭᠠᠵᠠᠷ | ᠲᠤ ᠰᠢᠷᠭᠤᠨ ᠤᠰᠤ ᠴᠢᠬᠢᠭ ᠤᠨ ᠦᠨᠦᠷ ᠨᠢᠳᠦᠨ ᠤ ᠬᠡᠮ ᠪᠤᠯᠪᠠ᠃ ᠤᠷᠴᠢᠯᠠᠩ ᠤᠨ ᠶᠠᠭᠤᠮ᠎ᠠ ᠪᠦᠬᠦᠨ ᠲᠤᠭ᠎ᠠ | ᠬᠡᠮᠵᠢᠶ᠎ᠠ ᠲᠠᠢ ᠪᠠᠶᠢᠳᠠᠭ ᠶᠤᠮ ᠬᠡᠰᠡᠨ᠃ ᠬᠡᠪᠡᠴᠤ ᠭᠠᠵᠠᠷ ᠲᠡᠯᠡᠭᠡᠢ ᠶᠢᠨ ᠨᠠᠰᠤ ᠰᠡᠬᠦᠳᠡᠷ ᠤᠨ ᠲᠡᠷᠭᠡᠳᠠ ᠬᠦᠮᠦᠨ | ᠪᠢᠳᠠ ᠴᠢᠨᠢ ᠨᠢᠳᠤ ᠢᠷᠮᠡᠬᠦ ᠶᠢᠨ ᠵᠠᠭᠤᠷ᠎ᠠ ᠳᠤ ᠠᠭᠤᠷᠰᠢᠵᠤ ᠬᠠᠳᠠᠳᠠᠭ ᠭᠠᠭᠴᠨ ᠲᠤᠰᠤᠯ ᠤᠰᠤ᠃ ᠡᠪᠤᠭᠡᠳ | ᠲᠡᠭᠡᠳᠦᠰ ᠤᠨ ᠡᠨᠡ ᠦᠭᠡ ᠶᠠᠭᠠᠬᠢᠪᠠᠴᠤ ᠦᠨᠡᠨ ᠤ ᠬᠤᠪᠢ ᠲᠠᠢ ᠪᠢᠵᠠ᠃ ᠤᠳᠤ ᠴᠤ ᠠᠪᠬᠤ ᠡᠵᠡᠨ ᠯᠡ ᠪᠠᠶᠢᠨ᠎ᠠ | ᠦᠦ ᠬᠡᠬᠦ ᠠᠴᠠ ᠪᠢᠰᠢ᠂ ᠠᠭᠤᠯᠨ ᠤᠪᠤᠭᠠᠨ ᠳᠠᠭᠠᠨ ᠴᠠᠢ᠂ ᠰᠦᠨ ᠤ ᠪᠠᠨ ᠲᠡᠭᠡᠵᠢ ᠶᠢ ᠡᠷᠬᠦᠵᠤ ᠰᠦᠰᠦᠭᠯᠡᠨ | ᠵᠠᠯᠪᠠᠷᠢᠳᠠᠭ ᠬᠦᠮᠦᠨ ᠴᠦᠭᠡᠷᠡᠵᠤ ᠳ᠋ᠧ ᠬᠦᠭᠡᠷᠦᠬᠦᠢ᠃ ᠡᠷᠳᠠ ᠲᠡᠭᠡᠷ᠎ᠠ ᠦᠶ᠎ᠠ ᠠᠴᠠ ᠡᠴᠢᠭᠡ ᠲᠡᠭᠡᠳᠦᠰ ᠤᠨ ᠢᠶᠠᠨ | ᠤᠩᠭᠤᠯᠠᠵᠤ ᠲᠠᠬᠢᠳᠠᠭ ᠠᠭᠤᠯᠨ ᠤᠪᠤᠭ᠎ᠠ ᠶᠢ ᠬᠦᠷᠳᠡᠯ᠎ᠠ ᠵᠠᠷᠢᠮ ᠬᠦᠮᠦᠨ ᠲᠤᠨᠤᠵᠤ ᠲᠤᠷᠤᠮᠵᠢᠯᠠᠳᠠᠭ ᠪᠤᠯᠵᠠᠢ᠃ | ᠲᠡᠭᠡᠬᠦ ᠪᠠᠷ ᠯᠤᠤᠰ ᠰᠠᠪᠳᠠᠭ ᠭᠠᠵᠠᠷ ᠲᠡᠯᠡᠭᠡᠢ ᠭᠤᠮᠤᠳᠠᠯ ᠦᠭᠡᠢ ᠴᠤ ᠶᠠᠭᠠᠬᠢᠬᠤᠪ ᠳ᠋ᠧ ᠬᠡᠮᠡᠨ ᠳ᠋ᠠᠮᠪᠢ ᠬᠠᠷᠠᠮᠰᠠᠵᠤ᠂ | ᠪᠤᠬᠢᠮᠳᠠᠬᠤ ᠬᠤᠤᠰᠯᠠᠨ ᠰᠠᠯ ᠰᠠᠯ ᠱᠤᠭᠰᠢᠭᠤᠯᠵᠤ ᠶᠠᠪᠤᠯ᠎ᠠ᠃ | ᠲᠡᠭᠡᠳᠡᠯ᠎ᠠ ᠬᠤᠯᠨ ᠦᠭᠡᠶᠢᠭᠡᠨ ᠭᠠᠵᠠᠷ ᠠᠳᠤᠭᠤ ᠦᠦᠷᠰᠡᠨ ᠢᠨᠴᠠᠭᠠᠬᠤ ᠰᠢᠭ᠋ ᠰᠤᠨᠤᠰᠤᠭᠳᠠᠬᠤ | ᠳᠤ ᠲᠡᠷᠨ ᠵᠦᠭ ᠰᠠᠷᠠᠪᠴᠢᠯᠠᠨ ᠬᠠᠷᠠᠪᠠᠯ ᠤᠶᠢᠷᠠᠬᠠᠨ ᠰᠠᠭᠠᠬᠠᠯᠳᠠ ᠶᠢᠨ ᠴᠢᠨᠠᠳᠤ ᠳᠤ ᠬᠠᠳᠠᠵᠤ ᠬᠠᠭᠰᠠᠭᠰᠠᠨ | ᠬᠤᠵᠢᠷᠳᠠᠢ ᠲᠤᠭᠤᠷᠢᠮ ᠤᠨ ᠵᠠᠬ᠎ᠠ ᠳᠤ ᠭᠠᠭᠴᠨ ᠠᠳᠤᠭᠤ᠂ ᠮᠤᠷᠢᠳᠠᠢ ᠬᠦᠮᠦᠨ ᠤ ᠪᠠᠷ᠎ᠠ ᠪᠠᠷ ᠲᠤᠯᠤᠭᠠᠢ ᠡᠷᠬᠦᠨ | ᠰᠡᠷᠪᠡᠯᠵᠡᠨ ᠵᠤᠭᠰᠤᠵᠤ ᠪᠠᠶᠢᠬᠤ ᠨᠢ ᠲᠡᠷᠨ᠃ ᠠᠶᠢᠯ ᠮᠠᠯ᠂ ᠤᠰᠤ ᠱᠠᠯᠪᠠ ᠦᠭᠡᠢ ᠭᠠᠵᠠᠷ ᠶᠠᠭᠤᠨ ᠭᠠᠭᠴᠨ | ᠠᠳᠤᠭᠤ ᠡᠶᠢᠨᠬᠦ ᠵᠤᠭᠰᠤᠵᠤ ᠪᠠᠶᠢᠳᠠᠭ ᠰᠠᠨ ᠪᠢᠯᠨ᠃ ᠠᠯᠢ ᠨᠢᠭᠡ ᠭᠠᠵᠠᠷ ᠠᠴᠠ ᠨᠤᠳᠤᠭ ᠤᠰᠤ ᠪᠠᠨ ᠲᠡᠮᠡᠴᠡᠨ | ᠬᠦᠶᠦᠵᠤ ᠶᠠᠪᠤᠭ᠎ᠠ ᠠᠮᠢᠳᠠᠨ ᠪᠤᠯᠪᠠ ᠦᠦ ᠬᠡᠵᠤ ᠭᠠᠶᠢᠬᠠᠰᠬᠢᠨ ᠬᠠᠷᠠᠭᠰᠠᠨ ᠢᠶᠠᠨ ᠵᠢᠯᠤᠭᠤ ᠪᠠᠨ ᠲᠡᠷᠨ ᠵᠦᠭ | ᠡᠷᠬᠢᠬᠦᠯᠪᠡ᠃ ᠬᠡᠳᠡᠯ᠎ᠠ ᠮᠦᠨᠦᠬᠢ ᠠᠳᠤᠭᠤᠨ ᠤ ᠬᠠᠵᠠᠭᠤ ᠶᠢᠨ ᠬᠡᠰᠡᠭᠬᠡᠨ ᠪᠤᠳᠠ ᠰᠤᠨᠳᠤᠤᠯᠨ ᠲᠤᠳᠤᠷ᠎ᠠ ᠠᠴᠠ | ᠬᠠᠯᠠᠭᠤᠨ ᠨᠠᠷᠠᠨ ᠳᠤ ᠰᠡᠬᠦᠳᠡᠷ ᠲᠤ ᠬᠢᠷᠦᠨ ᠬᠡᠪᠳᠡᠵᠤ ᠪᠠᠶᠢᠭᠰᠠᠨ ᠬᠡᠳᠦᠨ ᠬᠡᠷᠢᠶ᠎ᠠ ᠴᠤᠴᠢᠭᠰᠠᠨ ᠳᠠᠭᠠᠨ ᠲᠠᠯᠠᠪᠴᠢ | ᠪᠠᠨ ᠡᠪ ᠬᠠᠪᠤ ᠦᠭᠡᠢ ᠲᠦᠷᠭᠡᠨ ᠲᠦᠷᠭᠡᠨ ᠰᠠᠪᠠᠴᠢᠨ ᠭᠤᠸᠠᠭᠯᠠᠨ ᠨᠢᠰᠦᠯᠠ᠃ ᠭᠡᠪᠡᠴᠤ ᠦᠳᠤ ᠨᠤᠯᠤᠤᠷ | ᠪᠤᠵᠢᠬᠢᠨᠠᠭᠤᠯᠤᠨ ᠲᠡᠷᠬᠢᠨ ᠭᠤᠸᠠᠭᠯᠠᠨ ᠨᠢᠰᠬᠦ ᠲᠡᠷᠨ ᠰᠦᠷᠦᠭ ᠰᠢᠪᠠᠭᠤᠳ ᠠᠴᠠ ᠮᠦᠨᠦᠬᠢ ᠮᠤᠷᠢ ᠦᠷᠬᠦᠵᠤ | ᠪᠤᠰᠬᠠᠭᠰᠠᠨ ᠦᠭᠡᠢ ᠨᠢ ᠶᠠᠭᠠᠬᠢᠪᠠᠴᠤ ᠡᠷᠡᠬᠦᠯ ᠦᠭᠡᠢ ᠰᠢᠨᠵᠢᠳᠠᠢ᠃ ᠳ᠋ᠠᠮᠪᠢ ᠬᠤᠵᠢᠷ ᠮᠠᠷᠠ ③ ᠤᠷᠭᠤᠭᠰᠠᠨ | ᠱᠠᠯᠨ ᠲᠤᠭᠤᠷᠢᠮ ᠲᠤᠮᠳᠠᠭᠤᠷ ᠭᠠᠵᠠᠷ ᠤᠨ ᠬᠦᠷᠦᠰᠤ ᠶᠢ ᠦᠮᠤ ᠴᠦᠮᠤ ᠬᠢᠰᠬᠢᠨ ᠲᠠᠪᠬᠢᠨ ᠦᠩᠭᠡᠷᠡᠭᠰᠡᠨ ᠤᠯᠠᠨ | ᠠᠳᠤᠭᠤᠨ ᠤ ᠮᠦᠷ᠂ ᠴᠠᠷᠬᠢᠨ ᠲᠡᠭᠡᠷ᠎ᠠ ᠦᠯᠦᠨ ᠬᠠᠭᠤᠷᠠᠢ ᠰᠢᠷᠤᠢ ᠦᠨᠦᠷᠯᠡᠨ ᠦᠷᠦᠭᠡᠰᠦᠨ ᠬᠦᠯ ᠢᠶᠠᠨ | ᠡᠷᠬᠦᠰᠬᠢᠨ ᠵᠤᠭᠰᠤᠵᠤ ᠪᠤᠢ ᠲᠤᠬᠤᠮ ᠤᠨ ᠬᠦᠯᠦᠰᠤ ᠲᠠᠢ ᠡᠴᠡᠩᠭᠡᠢ ᠵᠡᠭᠡᠷᠳᠠ ᠮᠤᠷᠢᠨ ᠤ ᠵᠦᠪ ᠲᠠᠯ᠎ᠠ ᠪᠠᠷ | ᠲᠤᠭᠤᠷᠢᠵᠤ ᠲᠠᠮᠠᠭ᠎ᠠ ᠶᠢ ᠨᠢ ᠬᠠᠷᠠᠭᠠᠳ ᠮᠤᠷᠢᠨ ᠠᠴᠠ ᠪᠠᠨ ᠪᠠᠭᠤᠯ᠎ᠠ᠃ ᠦᠷᠦᠭᠡᠰᠦᠨ ᠬᠦᠯ ᠨᠢ ᠲᠤᠯᠤᠮ ᠪᠤᠯᠳᠠᠯ᠎ᠠ | ᠬᠠᠪᠤᠳᠤᠵᠤ ᠤᠰᠤ᠂ ᠡᠪᠡᠰᠤ ᠠᠮᠰᠠᠭ᠎ᠠ ᠦᠭᠡᠢ ᠤᠳᠠᠭᠰᠠᠨ ᠠᠴᠠ ᠤᠬᠤᠷᠬᠠᠢ ᠨᠢ ᠰᠢᠷᠬᠢᠭᠰᠡᠨ ᠲᠡᠷᠨ ᠮᠤᠷᠢᠨ ᠤ | ᠨᠤᠤᠬ᠎ᠠ ᠲᠠᠢ ᠪᠤᠯᠠᠩᠬᠢᠷᠳᠤᠭᠰᠠᠨ ᠨᠢᠳᠦᠨ ᠲᠡᠭᠡᠷ᠎ᠠ ᠨᠤᠭᠤᠭᠠᠨ ᠤ ᠵᠢᠵᠢᠭ ᠬᠠᠷ᠎ᠠ ᠢᠯᠠᠭ᠎ᠠ ᠪᠦᠴᠢᠵᠠᠢ᠃ ᠤᠯᠠᠨ | ᠠᠳᠤᠭᠤᠨ ᠤ ᠲᠠᠪᠬᠢᠨ ᠦᠩᠭᠡᠷᠡᠭᠰᠡᠨ ᠰᠢᠨᠡᠭᠡᠨ ᠮᠦᠷ ᠢ ᠶᠠᠮᠠᠷ ᠨᠢᠭᠡᠨ ᠶᠠᠭᠠᠷᠠᠯᠳᠠᠢ ᠵᠠᠷ ᠪᠢᠴᠢᠭ ᠬᠦᠶᠦᠯᠭᠡᠨ | ᠤᠩᠰᠢᠬᠤ ᠶᠢᠨ ᠠᠳᠠᠯᠢ ᠨᠢᠭᠡᠨᠳᠠ ᠲᠠᠭᠠᠭᠤᠯᠤᠨ ᠬᠠᠷᠠᠭᠰᠠᠨ ᠳ᠋ᠠᠮᠪᠢ ᠰᠤᠮᠤ ᠶᠢᠨ ᠪᠡᠯᠡᠳᠭᠡᠯ ᠤᠨ ᠠᠳᠤᠭᠤ ᠶᠢ | ᠰᠠᠶ᠋ᠢᠬᠠᠨ ᠡᠨᠡ ᠭᠤᠪᠢ ᠪᠠᠷ ᠲᠠᠭᠤᠵᠤ ᠦᠩᠭᠡᠷᠡᠭᠰᠡᠨ ᠪᠤᠯᠬᠤ ᠶᠢ ᠮᠠᠳᠠᠭ ᠦᠭᠡᠢ ᠲᠠᠭᠠᠯ᠎ᠠ᠃ ᠡᠨᠡᠬᠦ ᠮᠦᠴᠨ ᠳᠤ | ᠬᠡᠳᠤ ᠬᠤᠨᠤᠭ ᠤᠨ ᠡᠮᠦᠨ᠎ᠠ ᠰᠤᠮᠤ ᠶᠢᠨ ᠬᠤᠷᠰᠢᠶᠠᠨ ᠤ ᠭᠠᠳᠠᠭ᠎ᠠ ᠪᠡᠯᠡᠳᠭᠡᠯ ᠤᠨ ᠠᠳᠤᠭᠤ ᠲᠠᠭᠤᠬᠤ ᠠᠯᠪᠠᠨ ᠳᠤ | ᠲᠤᠬᠤᠭᠠᠨ ᠲᠤᠮᠢᠯᠠᠭᠳᠠᠭᠰᠠᠨ ᠬᠡᠳᠦᠨ ᠬᠠᠯᠠᠮᠴᠠᠭᠤᠬᠠᠨ ᠵᠠᠯᠠᠭᠤᠰ ᠤᠷᠭ᠎ᠠ᠂ ᠲᠠᠰᠢᠭᠤᠷ ᠬᠦᠨᠳᠡᠯᠢᠳᠦᠬᠦᠯᠦᠨ ᠰᠢᠯ | ᠲᠠᠢ ᠠᠷᠢᠬᠢ ᠪᠠᠷ ᠪᠡᠶ᠎ᠠ ᠪᠡᠶ᠎ᠠ ᠪᠠᠨ ᠲᠠᠶᠢᠯᠠᠨ ᠲᠦᠷᠦᠭᠡ ᠴᠢᠩᠭᠠᠯᠠᠬᠤ ᠵᠠᠭᠤᠷ᠎ᠠ ᠴᠢᠬᠢᠨ ᠳᠤ ᠤᠨᠠᠴᠨ ᠮᠠᠭᠤᠳᠠᠢ | ᠪᠦᠳᠦᠯ ᠵᠡᠬᠡᠢ④ ᠦᠬᠡᠰ ᠬᠡᠯᠡᠯᠴᠡᠨ ᠬᠠᠩᠬᠠᠯᠵᠠᠵᠤ ᠰᠠᠭᠤᠭᠰᠠᠨ ᠨᠢ ᠬᠠᠷᠠᠭᠳᠠᠬᠤ ᠰᠢᠭ᠋ ᠪᠤᠯᠪᠠ᠃ ︽ᠢᠵᠢᠯ | ᠪᠤᠷᠤᠭᠤ ᠤᠯᠠᠨ ᠶᠠᠩᠵᠤ ᠶᠢᠨ ᠠᠭᠠᠰᠢ ᠠᠷᠠᠨᠰᠢᠨ ᠲᠠᠢ ᠠᠳᠤᠭᠤ ᠰᠦᠨᠢ ᠲᠠᠯ᠎ᠠ ᠲᠠᠯ᠎ᠠ ᠲᠡᠶᠢᠰᠢ ᠪᠠᠨ ᠬᠡᠳᠤ ᠭᠤᠷᠪᠠ | ᠪᠠᠷ ᠪᠤᠴᠠᠵᠤ ᠵᠢᠭᠤᠳᠠᠬᠤ ᠬᠡᠵᠤ ᠵᠤᠪᠠᠭᠠᠭᠠᠳ ᠪᠠᠶᠢᠵᠤ ᠮᠠᠭᠠᠳ ᠦᠭᠡᠢ᠃ ᠲᠠᠶᠢᠮᠤ ᠪᠤᠯᠬᠤᠷ ᠲᠡᠷᠨ ᠵᠠᠳᠠᠷᠠᠭᠰᠠᠨ | ᠠᠳᠠᠰᠬ᠎ᠠ ᠨᠤᠭᠤᠳ ᠢ ᠤᠰᠤ᠂ ᠡᠪᠡᠰᠤ ᠪᠠᠷ ᠦᠬᠦᠬᠦᠯᠵᠤ ᠪᠠᠶᠢᠮᠠᠨᠵᠢᠨ ᠭᠠᠷ ᠲᠠᠭᠠᠨ ᠤᠷᠤᠭᠤᠯᠵᠤ ᠠᠪᠬᠤ ᠦᠭᠡᠢ | ᠪᠤᠯ ᠪᠤᠯᠬᠤ ᠦᠭᠡᠢ︾ ᠬᠡᠵᠤ ᠶᠠᠷᠢᠵᠠᠭᠠᠵᠤ ᠪᠢᠯᠨ᠃ | ᠪᠤᠳᠠ᠂ ᠰᠤᠨᠳᠤᠤᠯᠨ ᠲᠤᠮᠳᠠᠭᠤᠷ ᠬᠤᠯᠨ ᠬᠤᠯᠨ ᠬᠠᠷᠠᠶᠢᠨ ᠬᠤᠷᠴᠨ ᠴᠤᠮᠪᠤᠩ ᠲᠤᠭᠤᠷᠢ ᠪᠠᠷ | ᠢᠶᠠᠨ ᠭᠠᠵᠠᠷ ᠤᠨ ᠬᠦᠷᠦᠰᠤ ᠶᠢ ᠦᠮᠤ ᠴᠦᠮᠤ ᠤᠩᠬᠢᠴᠢᠨ ᠤᠯᠠᠭᠠᠨ ᠬᠠᠷᠭᠤᠢ ᠲᠠᠳᠠᠭᠤᠯᠤᠨ ᠲᠠᠪᠬᠢᠭᠰᠠᠨ | ᠲᠠᠭᠤᠪᠤᠷᠢ ᠶᠢᠨ ᠠᠳᠤᠭᠤᠨ ᠤ ᠮᠦᠷ ᠢ ᠬᠠᠷᠠᠵᠤ ᠰᠠᠭᠤᠭᠰᠠᠨ ᠳ᠋ᠠᠮᠪᠢ ᠶᠢᠨ ᠴᠢᠬᠢᠨ ᠳᠤ ᠠᠳᠤᠭᠤᠨ ᠤ ᠬᠦᠯ ᠤᠨ | ᠲᠦᠪᠡᠷᠭᠡᠨ᠂ ᠲᠠᠰ ᠨᠢᠰ ᠤᠷᠢᠶᠠᠯᠭᠠᠬᠤ ᠤᠷᠭ᠎ᠠ᠂ ᠰᠢᠯᠪᠢᠬᠦᠷ ᠤᠨ ᠬᠤᠶᠢᠪᠢᠨ ᠤ ᠴᠢᠮᠡᠭᠡ᠂ ᠰᠢᠪᠭᠡᠷᠡᠭᠡᠵᠤ | ᠬᠦᠩᠭᠡᠷᠡᠭᠰᠡᠨ ᠮᠤᠷᠢᠳ ᠤᠨ ᠢᠶᠠᠨ ᠠᠭᠠᠭ ᠤᠮᠤᠭ ᠢᠶᠠᠷ ᠰᠠᠪᠢᠷᠠᠵᠤ ⑤ᠬᠤᠴᠤᠷᠤᠭᠰᠠᠨ ᠭᠠᠭᠴᠨ ᠨᠢᠭᠡᠨ ᠦᠷᠢᠶ᠎ᠠ᠂ | ᠪᠠᠶᠢᠳᠠᠰᠤ ᠶᠢ ᠬᠤᠭᠤ ᠨᠤᠭᠤ ᠡᠷᠬᠢᠬᠦᠯᠦᠨ ᠠᠩᠭᠠᠯᠠᠨ ⑥ᠬᠦᠭᠡᠭᠡᠵᠤ ᠶᠠᠪᠤᠭ᠎ᠠ ᠬᠦᠮᠦᠰ ᠤᠨ ᠭᠤᠤᠭᠯᠠᠨ | ᠬᠠᠰᠬᠢᠷᠬᠤ ᠵᠡᠷᠯᠢᠭ ᠲᠤᠭᠰᠢᠨ ᠲᠠᠭᠤ ᠵᠡᠷᠭᠡ ᠰᠤᠨᠤᠰᠤᠭᠳᠠᠵᠤ ᠠᠳᠤᠭᠤᠨ ᠤ ᠬᠠᠯᠠᠭᠤᠨ ᠬᠦᠯᠦᠰᠤ ᠵᠢᠭᠠᠷ᠂ | ᠲᠤᠭᠤᠰᠤ ᠰᠢᠷᠤᠢ ᠦᠨᠦᠷᠳᠡᠨ ᠰᠠᠯᠬᠢ ᠰᠢᠭᠤᠷᠭ᠎ᠠ ᠲᠠᠭᠠᠷᠢᠨ ᠦᠩᠭᠡᠷᠡᠬᠦ ᠰᠠᠨᠠᠭᠳᠠᠯ᠎ᠠ᠃ ᠲᠡᠷᠨ ᠵᠢᠷᠦᠭᠡ ᠨᠢ | ᠬᠦᠭᠡᠷᠦᠭᠰᠡᠨ ᠬᠠᠯᠠᠮᠴᠠᠭᠤ ᠬᠦᠮᠦᠰ ᠯᠡ ᠬᠠᠷᠠᠩᠭᠤᠢ ᠰᠦᠨᠢ ᠠᠳᠤᠭᠤ ᠬᠦᠭᠡᠭᠡᠨ ᠰᠠᠯᠬᠢ᠂ ᠰᠠᠪᠳᠠᠭ ᠠᠳᠠᠯᠢ | ᠤᠤᠯᠭᠠᠯᠠᠨ ᠲᠤᠪᠳᠤᠯᠭᠠᠵᠤ ᠶᠠᠪᠤᠭᠠᠳ ᠡᠨᠡ ᠠᠮᠢᠳᠠᠨ ᠤ ᠬᠦᠯ ᠢ ᠦᠯᠢᠢ ⑦᠂ ᠨᠦᠭᠡᠨ ᠳᠤ ᠤᠨᠠᠭᠠᠵᠤ | ᠬᠡᠮᠳᠦᠭᠡᠭᠰᠡᠨ ᠪᠠᠶᠢᠬᠤ ᠠᠴᠠ ᠵᠠᠶᠢᠯᠠᠬᠤ ᠦᠭᠡᠢ ᠬᠡᠵᠤ ᠪᠤᠳᠤᠬᠤ ᠵᠠᠭᠤᠷ᠎ᠠ ᠨᠠᠷᠠᠰᠢᠵᠤ ᠴᠠᠩᠭᠠᠭᠰᠠᠨ ᠠᠴᠠ ᠠᠯᠢ ᠡᠷᠳᠠ | ᠰᠢᠳᠤ ᠨᠢ ᠵᠢᠭᠤᠷᠠᠭᠰᠠᠨ ᠮᠦᠨᠦᠭᠡᠨ ᠵᠡᠭᠡᠷᠳᠠ ᠮᠤᠷᠢᠨ ᠤ ᠬᠦᠯ ᠢ ᠪᠠᠷᠢᠵᠤ ᠦᠵᠡᠪᠡᠯ ᠨᠠᠷᠢᠨ ᠰᠢᠯᠪᠢᠨ ᠤ ᠬᠢᠨᠢ ᠶᠠᠰᠤ | ᠬᠤᠭᠤᠷᠠᠭᠠᠳ ᠵᠦᠷᠢᠭᠡᠳ ᠬᠠᠪᠤᠳᠤᠴᠢᠬᠠᠭᠰᠠᠨ ᠪᠠᠶᠢᠯ᠎ᠠ᠃ ᠡᠪᠡᠳᠴᠢᠨ ᠳᠡᠭᠡᠨ ᠡᠮᠵᠡᠭᠯᠡᠨ ᠲᠠᠰᠤᠯᠳᠤᠩᠭᠤᠢ ᠬᠦᠨᠳᠤ | ᠪᠠᠷ ᠠᠮᠢᠰᠬᠤᠯᠯᠠᠬᠤ ᠲᠡᠷᠨ ᠬᠦᠭᠡᠷᠦᠬᠦᠢ ᠠᠳᠤᠭᠤᠰᠤᠨ ᠤ ᠭᠠᠯ ᠨᠢ ᠪᠦᠬᠦᠵᠤ ᠬᠦᠯᠢᠷᠡᠭᠰᠡᠨ ᠨᠢᠳᠤ ᠠᠭᠱᠠᠨ ᠪᠦᠬᠦᠨ | ᠳᠤ ᠳ᠋ᠠᠮᠪᠢ ᠠᠴᠠ ᠤᠰᠤ ᠨᠡᠭᠡᠨ᠂ ᠦᠰᠤ ᠪᠠᠨ ᠵᠤᠮᠠᠷᠠᠳᠠᠯᠠ ᠬᠠᠯᠠᠭᠤᠷᠠᠭᠰᠠᠨ ᠳᠠᠭᠠᠨ ᠬᠠᠮᠤᠭ ᠪᠡᠶ᠎ᠠ ᠨᠢ ᠲᠠᠭᠵᠢᠨ | ᠴᠡᠴᠡᠷᠵᠤ ᠪᠠᠶᠢᠪᠠ᠃ ᠳ᠋ᠠᠮᠪᠢ ᠲᠡᠬᠦᠨ ᠤ ᠬᠤᠭᠤᠷᠠᠭᠰᠠᠨ ᠬᠦᠯ ᠢ ᠡᠪ ᠲᠤᠨᠢ ᠤᠷᠤᠭᠤᠯᠤᠨ ᠴᠢᠭ ᠪᠠᠷᠢᠵᠤ | ᠪᠤᠭᠤᠬᠤ ᠬᠡᠵᠤ ᠲᠠᠮᠢᠷ ᠢᠶᠠᠨ ᠲᠠᠰᠤᠷᠠᠳᠠᠯᠠ ᠨᠤᠴᠤᠯᠳᠤᠭᠰᠠᠨ ᠪᠤᠯᠪᠠᠴᠤ ᠭᠠᠭᠴᠠᠭᠠᠷᠳᠠᠭᠠᠳ ᠭᠠᠷ ᠤᠨ ᠬᠢᠨᠢ ᠴᠢᠳᠠᠯ | ᠬᠦᠷᠦᠭᠰᠡᠨ ᠦᠭᠡᠢ᠃ ᠳ᠋ᠠᠮᠪᠢ ᠬᠡᠮᠰᠢᠵᠤ ᠪᠤᠬᠢᠮᠳᠠᠬᠤ ᠳᠠᠭᠠᠨ ᠦᠪᠡᠷ ᠢ ᠪᠠᠨ ᠲᠦᠮᠡᠨᠳᠠ ᠵᠢᠮᠡᠯᠡᠨ ᠵᠦᠭᠡᠭᠡᠳ ᠭᠠᠷ | ᠤᠨ ᠲᠡᠩᠭᠡᠯ ᠲᠠᠰᠤᠷᠠᠵᠤ ᠠᠮᠢᠳᠤ ᠰᠦᠭ⑧ ᠪᠤᠯᠤᠭᠰᠠᠨ ᠳᠠᠭᠠᠨ ᠭᠤᠳᠤᠷᠠᠨ ᠨᠢᠯᠪᠤᠰᠤ ᠪᠠᠨ ᠲᠤᠳᠤᠭᠰᠢ ᠪᠠᠨ | ᠵᠠᠯᠬᠢᠨ ᠪᠠᠶᠢᠵᠤ ᠴᠡᠭᠡᠵᠢᠨ ᠳᠡᠭᠡᠨ ᠮᠡᠭᠰᠢᠨ ᠭᠠᠰᠠᠯᠤᠯᠠ᠃ ᠲᠡᠭᠡᠭᠡᠳ ᠠᠷᠭ᠎ᠠ ᠪᠠᠷᠠᠭᠳᠠᠬᠤ ᠳᠠᠭᠠᠨ ᠮᠦᠳᠳᠤ ᠳᠡᠭᠡᠨ | ᠪᠤᠷᠤᠭᠠᠨ ᠬᠤᠷ᠎ᠠ ᠤᠷᠤᠬᠤ ᠨᠢ ᠦᠦ᠂ ᠦᠭᠡᠢ ᠦᠦ ᠬᠡᠵᠤ ᠭᠤᠷᠢᠳᠠᠨ ᠲᠡᠭᠷᠢ ᠶᠢᠨ ᠬᠤᠷᠮᠤᠢ ᠤᠷᠤᠭᠤ ᠬᠠᠷᠠᠭ᠎ᠠ ᠪᠠᠨ | ᠨᠠᠷᠢᠰᠬᠠᠨ ᠰᠠᠷᠠᠪᠴᠢᠯᠠᠨ ᠬᠠᠷᠠᠭᠠᠳ ᠡᠬᠦᠯᠨ ᠶᠢᠨ ᠴᠦᠪᠤᠳᠡᠯ ᠴᠤ ᠡᠰᠨ ᠤᠯᠵᠤ ᠦᠵᠡᠪᠡ᠃ ᠤᠶᠢᠷ᠎ᠠ ᠬᠠᠪᠢ ᠳᠤ | ᠤᠰᠤ ᠲᠠᠢ ᠰᠠᠨ ᠪᠤᠯ ᠶᠠᠳᠠᠬᠤ ᠳᠠᠭᠠᠨ ᠡᠨᠡ ᠠᠮᠢᠳᠠᠨ ᠤ ᠭᠤᠤᠯ ᠢ ᠨᠢᠭᠡ ᠲᠡᠪᠳᠦᠭᠡᠭᠡᠳ ᠦᠬᠦᠬᠦᠯᠴᠢᠭᠡᠬᠦ ᠶᠤᠮᠰᠠᠨ᠃ | ᠶᠠᠭᠠᠬᠢᠭᠰᠠᠨ ᠭᠠᠰᠠᠯᠠᠩᠳᠠᠢ ᠬᠠᠳᠠᠭᠤ ᠬᠠᠷᠢᠭ ᠬᠤᠷᠸ᠎ᠠ ᠪᠤᠢ ᠬᠡᠵᠤ ᠠᠮᠠᠨ ᠳᠠᠭᠠᠨ ᠨᠢᠭᠡᠨᠳᠠ ᠰᠢᠪᠡᠨᠡᠨ ᠦᠭᠦᠯᠡᠭᠰᠡᠨ | ᠢᠶᠠᠨ ᠪᠤᠰᠴᠤ ᠡᠮᠡᠭᠡᠯ ᠤᠨ ᠢᠶᠠᠨ ᠭᠠᠨᠵᠤᠭᠠᠨ ᠳᠤ ᠨᠢᠮᠪᠠᠶᠢᠯᠠᠨ ᠡᠪᠬᠡᠵᠤ ᠤᠶᠠᠭᠰᠠᠨ ᠡᠷ᠎ᠠ ᠰᠤᠷᠤᠨ ᠨᠤᠭᠳᠤ ᠶᠢ | ᠲᠠᠶᠢᠯᠤᠯ᠎ᠠ᠃ ᠠᠳᠤᠭᠤ ᠲᠠᠭᠤᠵᠤ ᠶᠠᠪᠤᠭᠰᠠᠨ ᠲᠡᠷᠨ ᠬᠦᠮᠦᠰ ᠡᠨᠡ ᠮᠤᠷᠢᠨ ᠤ ᠲᠠᠮᠢᠷ ᠢ ᠲᠠᠰᠤᠷᠠᠭ᠎ᠠ ᠦᠭᠡᠢ ᠪᠠᠶᠢᠬᠤ | ᠳᠤ ᠬᠦᠯ ᠢ ᠨᠢ ᠬᠤᠭᠤᠷᠠᠭᠰᠠᠨ ᠲᠠᠷᠤᠢ ᠳᠤ ᠬᠠᠪᠤᠳᠠᠷ ᠪᠤᠭᠤᠴᠢᠬᠠᠬᠤ ᠠᠴᠠ ᠨᠢ ᠡᠮᠦᠨ᠎ᠠ ᠴᠢᠭ ᠪᠠᠷᠢᠭᠠᠳ | ᠪᠤᠭᠤᠴᠢᠬᠠᠬᠤ ᠦᠭᠡᠢ ᠶᠠᠭᠠᠬᠢᠪᠠ ᠳ᠋ᠠ᠃ ᠲᠡᠭᠡᠭᠰᠡᠨ ᠪᠤᠯ ᠡᠨᠡ ᠮᠤᠷᠢ ᠢᠵᠢᠯᠢ ᠰᠦᠷᠦᠭ ᠤᠨ ᠢᠶᠠᠨ ᠬᠠᠯᠠᠭᠤᠨ ᠮᠦᠷ | ᠢᠶᠠᠷ ᠲᠡᠭᠡᠭᠰᠡᠭᠡᠷ ᠶᠠᠪᠤᠭᠠᠳ ᠡᠳᠦᠢ ᠳᠤ ᠡᠷᠭᠡᠪᠰᠢ ᠨᠢᠭᠡ ᠤᠰᠤ ᠲᠠᠢ ᠭᠠᠵᠠᠷ ᠤᠴᠢᠭᠰᠠᠨ ᠪᠠᠶᠢᠵᠤ ᠶᠠᠭᠤᠨ ᠮᠠᠭᠠᠳ᠃ | ᠬᠡᠳᠡᠯ᠎ᠠ ᠁ ᠬᠡᠳᠡᠯ᠎ᠠ ᠲᠡᠶᠢᠮᠤ ᠦᠷᠤ ᠨᠢᠮᠭᠡᠨ ᠬᠦᠮᠦᠨ ᠲᠡᠳᠡᠨ ᠤ ᠲᠤᠳᠤᠷ᠎ᠠ ᠪᠠᠶᠢᠭᠰᠠᠨ ᠦᠭᠡᠢ᠂ ᠬᠦᠯ ᠢ ᠨᠢ | ᠬᠤᠭᠤᠷᠠᠮᠠᠭᠴᠨ ᠯᠡ ᠤᠯᠠᠭ᠎ᠠ ᠨᠡᠭᠡᠵᠤ ᠶᠠᠪᠤᠭ᠎ᠠ ᠡᠯᠴᠢ᠂ ᠵᠠᠷᠤᠯᠭ᠎ᠠ ᠰᠢᠭ᠋ ᠡᠮᠡᠭᠡᠯ ᠢᠶᠠᠨ ᠨᠢᠷᠤᠭᠤᠨ ᠠᠴᠠ ᠨᠢ ᠬᠠᠭᠤ | ᠲᠠᠳᠠᠨ ᠠᠪᠤᠭᠠᠳ ᠦᠭᠡᠷ᠎ᠠ ᠮᠤᠷᠢᠨ ᠳᠤ ᠲᠤᠬᠤᠭᠠᠳ ᠮᠤᠷᠳᠠᠭᠰᠠᠨ ᠪᠠᠶᠢᠬᠤ ᠨᠢ ᠬᠡᠵᠤ ᠪᠤᠬᠢᠮᠳᠠᠬᠤ ᠰᠠᠴᠠᠭᠤ | ᠠᠮᠢᠰᠬᠤᠯ ᠤᠨ ᠢᠶᠠᠨ ᠲᠤᠭ᠎ᠠ ᠶᠢ ᠬᠡᠵᠢᠶ᠎ᠠ ᠲᠠᠭᠤᠰᠬᠤ ᠶᠢ ᠬᠦᠯᠢᠶᠡᠨ ᠵᠤᠭᠰᠤᠵᠤ ᠪᠤᠢ ᠡᠨᠡ ᠮᠤᠷᠢᠨ ᠳᠤ ᠦᠪᠡᠷ | ᠢᠶᠠᠨ ᠶᠠᠮᠠᠷᠴᠤ ᠲᠤᠰᠨ ᠬᠦᠷᠭᠡᠵᠤ ᠴᠢᠳᠠᠭ᠎ᠠ ᠦᠭᠡᠢ ᠳᠡᠭᠡᠨ ᠡᠵᠡᠨ ᠦᠭᠡᠢ ᠬᠡᠭᠡᠷ᠎ᠠ ᠲᠠᠯ᠎ᠠ ᠳᠤ ᠤᠨᠤᠭᠠᠨ ᠠᠴᠠ ᠪᠠᠨ | ᠬᠠᠭᠠᠴᠠᠨ ᠶᠠᠪᠠᠭᠠᠷᠠᠭᠰᠠᠨ ᠠᠴᠠ ᠲᠤᠳᠠᠭᠤ ᠦᠭᠡᠢ ᠭᠠᠰᠢᠭᠤᠳᠠᠨ ᠲᠡᠬᠦᠨ ᠤ ᠨᠢᠳᠤ ᠶᠢ ᠬᠠᠷᠠᠬᠤ ᠠᠴᠠ ᠪᠠᠨ | ᠦᠷᠦᠪᠳᠦᠨ ᠬᠠᠯᠭᠠᠵᠤ ᠨᠢᠭᠤᠷ ᠪᠤᠷᠤᠭᠤᠯᠠᠪᠠ᠃ | ᠬᠠᠯᠠᠭᠤᠨ ᠡᠳᠦᠷ ᠶᠡᠭᠡ ᠨᠠᠭᠤᠷ ᠤᠨ ᠪᠠᠷ᠎ᠠ ᠬᠠᠷᠠᠵᠤ ᠤᠰᠤᠨ ᠤ ᠰᠡᠷᠢᠬᠦᠨ ᠰᠠᠯᠬᠢ ᠦᠨᠦᠷᠯᠡᠨ | ᠴᠠᠩᠭᠠᠭᠰᠠᠨ ᠤᠯᠠᠨ ᠬᠤᠨᠢ ᠨᠢᠷᠤᠭᠤ ᠪᠠᠨ ᠬᠦᠪᠡᠯᠵᠡᠬᠦᠯᠦᠨ ᠴᠤᠪᠤᠷᠠᠨ ᠴᠤᠭᠬᠢᠵᠤ ᠶᠠᠪᠤᠨ᠎ᠠ ᠦᠦ ᠬᠡᠯᠳᠠᠢ ᠵᠤᠨ ᠤ | ᠲᠤᠮᠳᠠ ᠰᠠᠷ᠎ᠠ ᠶᠢᠨ ᠵᠢᠩ ᠦᠳᠠ ᠶᠢᠨ ᠶᠠᠪᠠᠭᠠᠨ ᠵᠡᠷᠭᠡᠯᠭᠡ ᠲᠡᠭᠷᠢ᠂ ᠭᠠᠵᠠᠷ ᠤᠨ ᠰᠠᠪᠰᠠᠯᠭ᠎ᠠ ᠪᠠᠷ ᠲᠤᠩᠭᠤᠴᠢᠨ | ᠲᠤᠭᠯᠠᠬᠤ ᠰᠠᠴᠠᠭᠤ ᠨᠠᠷᠠᠨ ᠳᠤ ᠤᠯᠠᠶᠢᠳᠠᠨ ᠬᠠᠯᠠᠭᠰᠠᠨ ᠲᠦᠷᠦᠭᠡᠨ ᠲᠠᠪᠠᠭ ᠠᠴᠠ ᠬᠠᠯᠠᠭᠤᠨ ᠲᠡᠮᠦᠷ ᠤᠨ ᠦᠨᠦᠷ | ᠬᠠᠩ ᠬᠢᠨ᠎ᠠ᠃ ᠲᠡᠷᠳᠡᠭᠡ ᠲᠡᠭᠡᠷ᠎ᠠ ᠰᠡᠬᠦᠳᠡᠷ ᠢᠶᠠᠨ ᠭᠠᠵᠠᠷ ᠲᠤ ᠤᠨᠠᠮᠠ ᠦᠭᠡᠢ ᠦᠨᠳᠦᠷ ᠲᠤ ᠬᠡᠳᠦᠨ ᠪᠠᠷᠠᠭᠠᠨ | ᠰᠢᠪᠠᠭᠤ ᠠᠮᠠᠨ ᠳᠠᠭᠠᠨ ᠤᠰᠤ ᠪᠠᠯᠭᠤᠭᠰᠠᠨ ᠮᠡᠳᠤ ᠠᠨᠢᠷ ᠴᠢᠮᠡᠭᠡ ᠦᠭᠡᠶᠢᠬᠡᠨ ᠡᠯᠢᠨ ᠬᠠᠯᠢᠨ ᠡᠷᠬᠢᠯᠳᠦᠨᠠ᠃ ᠮᠢᠬ᠎ᠠ | ᠴᠢᠰᠤᠨ ᠳᠤ ᠲᠦᠷᠦᠭᠰᠡᠨ ᠠᠮᠢᠳᠠᠨ ᠳᠤ ᠬᠠᠳᠠᠵᠤ ᠦᠬᠦᠬᠦ ᠰᠢᠭ ᠠᠶᠤᠮᠰᠢᠭᠳᠠᠢ ᠶᠠᠭᠤᠮ᠎ᠠ ᠶᠢᠷᠳᠢᠨᠴᠤ ᠳᠤ ᠦᠭᠡᠢ | ᠬᠡᠵᠤ ᠬᠠᠯᠠᠭᠯᠠᠨ ᠪᠤᠳᠤᠭᠰᠠᠨ ᠢᠶᠠᠨ ᠳ᠋ᠠᠮᠪᠢ ᠨᠤᠭᠳᠤ ᠪᠠᠨ ᠲᠠᠶᠢᠯᠤᠨ ᠵᠡᠭᠡᠷᠳᠠ ᠮᠤᠷᠢᠨ ᠤ ᠲᠤᠯᠤᠭᠠᠢ ᠳᠤ ᠤᠭᠯᠠᠬᠤ | ᠳᠠᠭᠠᠨ ᠲᠡᠬᠦᠨ ᠤ ᠬᠤᠨᠳᠤᠯᠠᠢ ᠲᠡᠭᠡᠷ᠎ᠠ ᠬᠤᠩ ᠬᠡᠷᠢᠶᠡᠨ ᠤ ᠰᠠᠩᠭᠠᠰᠤ᠂ ᠪᠠᠭᠠᠰᠤ ᠴᠠᠶᠢᠷᠠᠨ ᠪᠠᠶᠢᠬᠤ ᠶᠢ ᠤᠯᠵᠤ | ᠬᠠᠷᠠᠭᠠᠳ ᠵᠤᠯᠳᠠᠢ ᠯᠡ ᠭᠠᠯᠵᠠᠭᠤᠷᠠᠭᠰᠠᠨ ᠦᠭᠡᠢ᠃ ᠬᠡᠷᠢᠶ᠎ᠠ ᠠᠯᠢᠪᠠ ᠠᠮᠢᠳᠠᠨ ᠢ ᠡᠯᠡᠭ ᠪᠠᠷᠢᠵᠤ ᠨᠤᠮᠤᠬᠠᠴᠢᠯᠠᠨ | ᠲᠤᠬᠤᠭᠤᠷᠬᠠᠬᠤ ᠳᠠᠭᠠᠨ ᠢᠩᠬᠢᠵᠤ ᠰᠠᠩᠭᠠᠰᠤ ᠪᠠᠭᠠᠰᠤ ᠪᠠᠷ ᠢᠶᠠᠨ ᠪᠤᠳᠤᠵᠤ ᠭᠤᠳᠤᠭᠠᠳᠠᠭ ᠮᠠᠭᠤ ᠢᠷᠸ᠎ᠠ ᠶᠢᠨ | ᠰᠢᠪᠠᠭᠤ᠃ ᠪᠤᠷᠬᠠᠨ ᠴᠤ ᠠᠮᠢ ᠶᠢ ᠨᠢ ᠠᠪᠤᠷᠠᠬᠤ ᠠᠴᠠ ᠦᠩᠭᠡᠷᠡᠭᠰᠡᠨ ᠡᠨᠡ ᠮᠤᠷᠢ ᠶᠢ ᠲᠡᠩᠭᠡᠯ ᠢᠶᠠᠨ ᠪᠠᠷᠠᠵᠤ | ᠦᠭᠡᠳᠠ ᠪᠠᠨ ᠤᠨᠠᠬᠤ ᠶᠢᠨ ᠴᠠᠭ ᠲᠤ ᠨᠢᠳᠤ ᠶᠢ ᠨᠢ ᠠᠮᠢᠳᠤ ᠪᠠᠷ ᠤᠬᠤᠵᠤ ᠲᠤᠭᠰᠢᠬᠤ ᠰᠠᠨ ᠬᠡᠵᠤ ᠪᠠᠶᠢᠵᠤ | ᠶᠠᠳᠠᠨ ᠬᠤᠷᠤᠬᠠᠶᠢᠰᠴᠤ ᠲᠤᠩᠭᠤᠳᠬᠤ ᠳᠠᠭᠠᠨ ᠬᠢᠮᠤᠰᠤ᠂ ᠬᠤᠰᠢᠭᠤ ᠪᠠᠨ ᠪᠢᠯᠡᠬᠦᠳᠡᠨ ᠲᠡᠶᠢᠨᠬᠦ ᠲᠤᠬᠤᠭᠤᠷᠬᠠᠭᠰᠠᠨ | ᠨᠢ ᠯᠠᠪᠳᠠᠢ᠃ ᠬᠠᠯᠠᠭᠤᠨ ᠠᠮᠢᠨ ᠠᠴᠠ ᠬᠠᠷ᠎ᠠ ᠨᠢᠳᠤ ᠡᠮᠵᠡᠭ ᠬᠡᠵᠤ ᠡᠷᠳᠡᠨ ᠤ ᠦᠭᠡ ᠪᠤᠢ᠃ ᠨᠠᠮᠠᠢᠢ ᠶᠠᠪᠤᠴᠢᠬᠠᠬᠤ | ᠪᠠᠷ ᠡᠨᠡ ᠮᠤᠷᠢᠨ ᠤ ᠨᠢᠳᠤ ᠶᠢ ᠬᠡᠷᠢᠶ᠎ᠠ ᠠᠮᠢᠳᠤ ᠪᠠᠷ ᠨᠢ ᠤᠬᠤᠵᠤ ᠲᠠᠷᠴᠢᠯᠠᠭᠠᠨᠠ ᠬᠡᠵᠤ ᠪᠤᠳᠤᠬᠤ ᠠᠴᠠ ᠳ᠋ᠠᠮᠪᠢ | ᠪᠦᠬᠦᠨ ᠢ ᠪᠤᠷᠬᠠᠨ᠂ ᠴᠢᠳᠬᠦᠷ ᠬᠤᠶᠠᠷ ᠲᠤ ᠲᠠᠭᠠᠳᠬᠠᠨ ᠮᠤᠷᠳᠠᠭᠠᠳ ᠶᠠᠪᠤᠴᠢᠬᠠᠵᠤ ᠴᠢᠳᠠᠭᠰᠠᠨ ᠦᠭᠡᠢ᠃ | ᠲᠡᠭᠡᠭᠡᠳ ᠪᠢ ᠯᠡ ᠡᠨᠡ ᠬᠦᠭᠡᠷᠦᠬᠦᠢ ᠪᠤᠯᠤᠭᠰᠠᠨ ᠬᠡᠯᠨ ᠦᠭᠡᠢ ᠠᠳᠤᠭᠤᠰᠤ ᠶᠢ ᠵᠤᠪᠠᠯᠠᠩ ᠠᠴᠠ ᠡᠰᠨ ᠰᠠᠯᠭᠠᠪᠠᠯ | ᠬᠡᠨ ᠲᠤᠰᠨ ᠬᠦᠷᠭᠡᠬᠦ ᠰᠠᠨ ᠪᠢᠯᠨ᠃ ᠪᠢ ᠴᠢᠨᠢ ᠦᠷᠦᠭᠡᠯ ᠲᠤᠳᠠᠭᠤ ᠡᠪᠡᠳᠴᠢᠨ ᠲᠠᠢ ᠴᠤ ᠬᠡᠰᠡᠨ ᠮᠠᠯ ᠢᠶᠠᠨ ᠯᠡ | ᠬᠡᠭᠰᠡᠭᠡᠷ ᠶᠠᠪᠤᠭᠠᠳ ᠲᠠᠭᠤᠰᠤᠭᠰᠠᠨ ᠮᠠᠯ ᠤᠨ ᠡᠮᠴᠢ ᠬᠦᠮᠦᠨ᠃ ᠠᠮᠢᠳᠠᠨ ᠢ ᠡᠶᠢᠮᠤ ᠪᠤᠯᠭᠠᠴᠢᠬᠠᠭᠠᠳ ᠨᠠᠵᠢᠳ ⑨ | ᠢᠶᠠᠨ ᠡᠵᠡᠯᠡᠨ ᠲᠠᠷᠴᠢᠯᠠᠵᠤ ᠪᠠᠶᠢᠬᠤ ᠳᠤ ᠵᠢᠷᠦᠭᠡ ᠠᠯᠳᠠᠨ ᠨᠢᠭᠤᠷ ᠪᠤᠷᠤᠭᠤᠯᠤᠭᠠᠳ ᠮᠤᠷᠳᠠᠭᠠᠳ ᠶᠠᠪᠤᠴᠢᠬᠠᠪᠠᠯ ᠨᠢᠭᠡ | ᠨᠠᠰᠤᠨ ᠤ ᠵᠤᠪᠠᠯᠠᠩ ᠪᠤᠯᠤᠨ᠎ᠠ ᠬᠡᠵᠤ ᠪᠤᠳᠤᠭᠰᠠᠨ ᠢᠶᠠᠨ ᠡᠯᠢ ᠡᠷᠳᠡ ᠮᠦᠷ᠂ ᠰᠡᠬᠦᠳᠡᠷ ᠦᠭᠡᠢ ᠨᠢᠰᠦᠨ ᠤᠳᠤᠭᠰᠠᠨ | ᠬᠡᠳᠦᠨ ᠬᠤᠩ ᠬᠡᠷᠢᠶᠡᠨ ᠤ ᠠᠷᠤ ᠠᠴᠠ ᠵᠦᠭᠡᠨ ᠬᠠᠷᠠᠵᠤ ᠵᠤᠷᠢᠭ ᠢᠶᠠᠨ ᠴᠢᠩᠭᠠᠯᠠᠪᠠ᠃ | ᠳ᠋ᠠᠮᠪᠢ ᠵᠡᠭᠡᠷᠳᠠ ᠮᠤᠷᠢ ᠶᠢ ᠨᠤᠭᠳᠤᠯᠤᠭᠠᠳ ᠠᠮᠠ ᠶᠢ ᠨᠢ ᠤᠷᠬᠠᠳᠠᠨ ᠪᠤᠭᠤᠵᠤ ᠪᠠᠶᠢᠬᠤ ᠳᠠᠭᠠᠨ | ᠲᠡᠬᠦᠨ ᠤ ᠨᠢᠳᠤ ᠤᠷᠤᠭᠤ ᠡᠭᠴᠡᠯᠡᠵᠤ ᠬᠠᠷᠠᠭᠰᠠᠨ ᠦᠭᠡᠢ᠃ ᠶᠡᠭᠡ ᠭᠤᠪᠢ ᠶᠢᠨ ᠬᠠᠯᠠᠭᠤᠨ ᠵᠡᠷᠭᠡᠯᠭᠡᠨ ᠳᠤ ᠦᠶ᠎ᠠ | ᠦᠶ᠎ᠠ ᠭᠠᠵᠠᠷ ᠠᠴᠠ ᠲᠠᠰᠤᠷᠠᠨ ᠦᠨᠳᠡᠯᠵᠡᠬᠦ ᠨᠠᠮᠬᠠᠨ ᠪᠤᠷᠤ ᠲᠤᠯᠤᠭᠠᠳ ᠢ ᠰᠢᠷᠳᠡᠨ ᠴᠠᠴᠡᠷᠭᠡᠶᠢᠯᠡᠭᠰᠡᠨ ᠭᠠᠷ ᠢᠶᠠᠷ | ᠨᠤᠭᠳᠤ ᠪᠠᠨ ᠴᠢᠩᠭᠠᠯᠠᠵᠤ ᠵᠤᠭᠤᠬᠤ ᠳᠠᠭᠠᠨ ᠡᠨᠡ ᠭᠠᠵᠠᠷ᠂ ᠲᠡᠭᠷᠢ ᠬᠤᠶᠠᠷ ᠮᠢᠨᠢ ᠵᠦᠪ ᠪᠤᠷᠤᠭᠤ᠂ ᠨᠢᠬᠦᠯ ᠪᠤᠶᠠᠨ ᠢ | ᠡᠷᠭᠡᠪᠰᠢ ᠢᠯᠭᠠᠬᠤ ᠪᠠᠶᠢᠯᠬᠦᠢ ᠬᠡᠵᠤ ᠦᠪᠡᠷ ᠢ ᠪᠠᠨ ᠴᠠᠭᠠᠳᠬᠠᠨ ᠪᠤᠳᠤᠭᠰᠠᠨ ᠢᠶᠠᠨ ᠨᠢᠳᠤ ᠪᠠᠨ ᠲᠠᠰᠤ ᠠᠨᠢᠨ ᠬᠦᠯ | ᠦᠭᠡᠢ ᠮᠤᠷᠢ ᠶᠢ ᠭᠤᠷᠪᠠᠨᠳᠠ ᠰᠦᠬᠦᠷᠡᠬᠦᠯᠦᠨ ᠭᠤᠳ ᠲᠠᠳᠠᠨ ᠤᠨᠠᠭᠠᠭᠠᠳ ᠨᠤᠭᠳᠤ ᠶᠢᠨ ᠢᠶᠠᠨ ᠴᠤᠯᠪᠤᠭᠤᠷ ᠢ | ᠲᠠᠰᠤᠷᠠᠳᠠᠯᠠ ᠴᠢᠩᠭᠠᠯᠠᠪᠠ᠃ ᠳ᠋ᠠᠮᠪᠢ ᠨᠢᠭᠡ ᠬᠡᠰᠡᠭ ᠲᠡᠭᠡᠨ ᠨᠢᠳᠤ ᠪᠠᠨ ᠨᠡᠭᠡᠭᠡᠵᠤ ᠵᠢᠷᠦᠭᠡᠯᠡᠭᠰᠡᠨ ᠦᠭᠡᠢ᠃ ᠭᠠᠷ | ᠲᠠᠭᠠᠨ ᠠᠳᠬᠤᠭᠰᠠᠨ ᠴᠤᠯᠪᠤᠭᠤᠷ ᠢᠶᠠᠨ ᠰᠤᠯᠠᠳᠬᠠᠨ ᠬᠤᠶᠠᠷ ᠤᠨ ᠬᠤᠭᠤᠷᠤᠨᠳᠤ ᠠᠮᠢᠳᠠᠨ ᠲᠠᠮᠤᠯᠠᠴᠢᠬᠠᠬᠤ ᠪᠤᠢ | ᠬᠡᠬᠦ ᠳᠡᠭᠡᠨ ᠬᠠᠷ᠎ᠠ ᠬᠦᠯᠦᠰᠤ ᠪᠠᠨ ᠴᠢᠬᠢᠷᠳᠡᠯᠠ ᠬᠠᠮᠤᠭ ᠪᠡᠶᠡᠰ ᠢᠶᠠᠨ ᠬᠦᠪᠴᠢᠯᠡᠨ ᠪᠤᠳᠠ ᠰᠤᠨᠳᠤᠤᠯᠨ | ᠲᠠᠭᠠᠷᠢᠯᠳᠤᠭᠰᠠᠨ ᠪᠤᠯᠭᠠᠨ ᠢ ᠢᠰᠬᠦᠯᠦᠨ ᠤᠯᠠᠯᠠᠨ ᠲᠠᠳᠠᠭᠰᠠᠭᠠᠷ ᠪᠠᠶᠢᠯ᠎ᠠ᠃ ᠠᠯᠢ ᠡᠷᠳᠠ ᠰᠦᠬᠦᠷᠡᠨ ᠤᠨᠠᠭᠰᠠᠨ | ᠬᠢᠷᠢ ᠨᠢ ᠠᠮᠢ ᠨᠢ ᠲᠡᠮᠡᠴᠡᠬᠦ ᠳᠡᠭᠡᠨ ᠡᠴᠦᠰ ᠤᠨ ᠢᠶᠠᠨ ᠬᠦᠴᠤ ᠶᠢ ᠲᠠᠰᠤ ᠰᠢᠪᠬᠠᠨ ᠦᠷᠦᠭᠡᠯ ᠲᠠᠢ ᠶᠤᠮᠰᠢᠭ | ᠲᠤᠤᠷ᠎ᠠ ᠪᠠᠨ ᠪᠦᠳᠦᠴᠢᠨ ᠲᠡᠯᠴᠢᠯᠡᠵᠤ ᠪᠠᠶᠢᠭᠰᠠᠨ ᠬᠦᠯ ᠦᠭᠡᠢ ᠮᠤᠷᠢ ᠶᠢ ᠬᠦᠳᠡᠯᠬᠦ ᠪᠠᠨ ᠪᠤᠯᠢᠵᠤ ᠤᠳᠤ ᠯᠡ | ᠠᠮᠢᠰᠬᠤᠯ ᠬᠤᠷᠢᠶᠠᠭ᠎ᠠ ᠪᠤᠯᠪᠠ ᠦᠦ ᠬᠡᠬᠦ ᠶᠢᠨ ᠠᠯᠳᠠ ᠳᠤ ᠨᠢᠳᠤ ᠪᠠᠨ ᠠᠯᠭᠤᠷᠬᠠᠨ ᠨᠡᠬᠡᠭᠡᠪᠡᠯ ᠲᠦᠷᠦᠭᠦᠬᠡᠨ | ᠵᠡᠷᠭᠡᠯᠭᠡᠨ ᠲᠤᠮᠳᠠ ᠲᠤᠩᠭᠤᠴᠢᠨ ᠪᠠᠶᠢᠭᠰᠠᠨ ᠬᠡᠳᠦᠨ ᠨᠠᠮᠬᠠᠨ ᠪᠤᠷᠤ ᠲᠤᠯᠤᠭᠠᠳ ᠨᠢᠭᠡᠨ ᠠᠭᠱᠠᠨ ᠳᠤ ᠦᠵᠡᠭᠳᠡᠭᠡᠳ | ᠬᠦᠯ ᠦᠭᠡᠢ ᠬᠦᠭᠡ ᠲᠠᠯᠠᠢ ᠳᠤ ᠵᠢᠪᠪᠤᠨ ᠲᠠᠯᠳᠠ ᠤᠷᠤᠪᠠ᠃ ᠡᠨᠡᠭᠡᠨ ᠬᠤᠷᠤᠮ ᠳᠤ ᠳ᠋ᠠᠮᠪᠢ ᠶᠢᠨ ᠬᠦᠯ ᠲᠤᠤᠷᠠᠬᠢ | ᠭᠠᠵᠠᠷ ᠴᠦᠮᠦᠷᠡᠬᠦ ᠰᠢᠭ ᠪᠤᠯᠵᠤ ᠭᠠᠵᠠᠷ ᠲᠡᠯᠡᠭᠡᠢ ᠳᠤ ᠤᠰᠤᠨ ᠭᠠᠯᠪᠠ ᠶᠡᠬᠦᠯᠡᠴᠢᠭᠡᠪᠡ ᠦᠦ ᠬᠡᠵᠤ ᠰᠠᠨᠳᠤᠷᠬᠤ | ᠳᠠᠭᠠᠨ ᠪᠤᠳᠤᠯ ᠳᠠᠭᠠᠨ ᠲᠦᠭᠡᠷᠢᠭᠰᠡᠨ ᠨᠢᠳᠤ ᠪᠠᠷ ᠰᠤᠴᠢᠨ ᠬᠠᠷᠠᠪᠠᠯ ᠨᠦᠭᠦᠭᠡ ᠬᠦᠯ ᠦᠭᠡᠢ ᠶᠡᠭᠡ ᠤᠰᠤ ᠦᠪᠡᠷ | ᠤᠨ ᠬᠢᠨᠢ ᠨᠢᠯᠪᠤᠰᠤ ᠪᠠᠶᠢᠭᠰᠠᠨ ᠶᠤᠮᠰᠠᠨᠵᠠᠢ᠃ ᠤᠬᠠᠭᠠᠨ ᠴᠡᠭᠴᠡᠷᠡᠵᠤ ᠠᠭᠤᠵᠢᠷᠠᠭᠰᠠᠨ ᠬᠤᠶᠢᠨ᠎ᠠ ᠶᠠᠭᠤ ᠬᠢᠭᠰᠡᠨ | ᠢᠶᠠᠨ ᠪᠤᠯᠭᠤᠭᠠᠨ ᠠᠮᠢᠰᠬᠤᠯ ᠲᠠᠷᠤᠨ ᠵᠤᠭᠰᠤᠬᠤ ᠳᠠᠭᠠᠨ ᠬᠡᠳᠦᠨ ᠮᠦᠴᠨ ᠶᠢᠨ ᠡᠮᠦᠨ᠎ᠠ ᠳ᠋ᠠᠮᠪᠢ ᠠᠴᠠ ᠨᠢᠳᠤ ᠪᠠᠷ | ᠢᠶᠠᠨ ᠤᠰᠤ ᠨᠡᠭᠡᠨ ᠪᠠᠶᠢᠭᠰᠠᠨ ᠵᠡᠭᠡᠷᠳᠠ ᠮᠤᠷᠢ᠂ ᠢᠵᠢᠯᠢ ᠰᠦᠷᠦᠭ ᠤᠨ ᠢᠶᠠᠨ ᠬᠤᠶᠢᠨ᠎ᠠ ᠠᠴᠠ ᠨᠡᠭᠡᠨ ᠨᠡᠭᠡᠨ | ᠬᠦᠶᠦᠬᠦ ᠪᠠᠷ ᠬᠠᠯᠠᠭᠤᠨ ᠮᠦᠷ ᠲᠡᠭᠡᠷ᠎ᠠ ᠨᠢ ᠭᠠᠵᠠᠷ ᠦᠨᠦᠷᠯᠡᠨ ᠬᠦᠷᠪᠡᠵᠤ ᠪᠠᠶᠢᠨ᠎ᠠ ᠦᠦ ᠬᠡᠯᠳᠠᠢ ᠠᠭᠠᠷ ᠰᠠᠯᠬᠢ | ᠬᠦᠭᠯᠡᠨ ᠬᠠᠳᠠᠷᠢᠳᠠᠭ ᠰᠠᠮᠪᠠᠢ ᠲᠤᠷᠭᠠᠨ ᠰᠡᠬᠦᠯ ᠶᠦᠭᠡᠨ ᠦᠯᠦᠨ ᠰᠢᠷᠤᠶᠢᠨ ᠲᠡᠭᠡᠷ᠎ᠠ ᠲᠡᠪᠢᠰᠦᠨ ᠤᠨᠠᠭᠰᠠᠨ | ᠪᠠᠶᠢᠯ᠎ᠠ᠃ ᠳ᠋ᠠᠮᠪᠢ ᠲᠦᠭᠡᠷᠢᠵᠤ ᠲᠡᠨᠦᠭᠰᠡᠨ ᠡᠯᠦᠢ ᠪᠠᠯᠠᠢ ᠬᠠᠷᠠᠴᠨ ᠪᠠᠷ ᠬᠦᠯ ᠤᠨ ᠢᠶᠠᠨ ᠲᠤᠤᠷ᠎ᠠ ᠬᠦᠭᠡ ᠮᠢᠬ᠎ᠠ ᠨᠢ | ᠲᠠᠳᠠᠯᠳᠤᠨ ᠦᠬᠦᠵᠤ ᠪᠤᠢ ᠠᠳᠤᠭᠤᠨ ᠤ ᠨᠢᠯᠪᠤᠰᠤᠳᠠᠢ ᠨᠢᠳᠤ ᠶᠢ ᠠᠯᠮᠠᠶᠢᠷᠠᠨ ᠬᠠᠯᠳᠤᠬᠠᠨ ᠬᠠᠷᠠᠭᠰᠠᠨ ᠢᠶᠠᠨ | ᠬᠡᠨᠡᠳᠳᠠ ᠬᠠᠷ᠎ᠠ ᠲᠡᠩᠭᠡᠭᠡ ᠪᠠᠷ ᠲᠠᠷᠢᠬᠢ ᠪᠠᠨ ᠰᠢᠭᠠᠪᠠ᠃ ᠲᠡᠭᠡᠭᠡᠳ ᠰᠦᠬᠦᠷᠡᠨ ᠤᠨᠠᠵᠤ ᠵᠡᠭᠡᠷᠳᠠ ᠮᠤᠷᠢᠨ ᠤ | ᠲᠤᠯᠤᠭᠠᠢ ᠶᠢ ᠨᠢᠭᠡᠨᠳᠠ ᠬᠦᠭᠡᠷᠦᠬᠦᠶᠢᠯᠡᠨ ᠢᠯᠢᠭᠡᠳ ᠪᠠᠯᠴᠢᠷ ᠬᠡᠦᠭᠡᠳ ᠠᠳᠠᠯᠢ ᠬᠤᠶᠠᠷ ᠭᠠᠷ ᠢᠶᠠᠷ ᠢᠶᠠᠨ ᠨᠢᠭᠤᠷ | ᠢᠶᠠᠨ ᠲᠠᠷᠤᠵᠤ ᠲᠤᠮᠤ ᠲᠤᠮᠤ ᠨᠢᠯᠪᠤᠰᠤ ᠤᠨᠠᠭᠠᠨ ᠬᠠᠩᠬᠢᠨᠠᠳᠠᠯ᠎ᠠ ᠤᠬᠢᠯᠠᠯ᠎ᠠ᠃ ᠲᠡᠷᠳᠡᠭᠡ ᠲᠡᠭᠷᠢ᠂ ᠭᠠᠵᠠᠷ ᠤᠨ | ᠰᠠᠪᠰᠠᠯᠭ᠎ᠠ ᠤᠯᠠᠨ ᠪᠦᠭᠡᠭᠡᠨ⑩ ᠲᠠᠢ ᠠᠳᠤᠭᠤ ᠤᠰᠤ ᠤᠷᠤᠭᠤ ᠲᠤᠭᠤᠰᠤ ᠲᠠᠳᠠᠭᠤᠯᠤᠨ ᠲᠡᠷᠬᠢᠨ ᠲᠡᠷᠬᠢᠨ | ᠬᠠᠳᠠᠷᠢᠬᠤ ᠮᠡᠳᠤ ᠮᠤᠷᠢᠨ ᠵᠡᠷᠭᠡᠯᠭᠡ ᠲᠡᠯᠭᠡᠬᠦᠯᠦᠨ ᠴᠤᠭᠬᠢᠨᠠ᠃ | | ᠲᠠᠶᠢᠯᠪᠤᠷᠢ᠄ | ① ᠭᠷᠦ᠋ᠫ — ᠲᠤᠭᠤᠶᠢᠯᠠᠩ᠂ ᠪᠦᠯᠬᠦᠮ᠃ | ② ᠦᠭᠡᠨᠳᠡᠭᠴᠢ — ᠢᠮᠠᠭᠳᠠ ᠬᠦᠮᠦᠨ ᠳᠤ ᠲᠠᠷᠤᠯᠠᠭᠳᠠᠵᠤ ᠪᠠᠶᠢᠭ᠎ᠠ ᠮᠡᠳᠤ ᠰᠠᠨᠠᠭᠳᠠᠬᠤ | ᠪᠠᠶᠢᠳᠠᠯ᠂ ᠪᠤᠰᠤᠳ ᠤᠨ ᠲᠤᠷᠤᠮᠵᠢᠯᠠᠯ ᠲᠠᠷᠤᠯᠠᠯ ᠳᠤ ᠰᠡᠷᠡᠮᠡᠳᠡᠭᠡᠢ᠄ ᠬᠦᠮᠦᠨ ᠤ ᠲᠤᠤᠷ᠎ᠠ ᠪᠠᠶᠢᠭᠰᠠᠭᠠᠷ ~ ᠪᠤᠯᠪᠠ᠃ | | ③ ᠮᠠᠷᠠ — ᠬᠤᠵᠢᠷᠯᠢᠭ ᠭᠠᠵᠠᠷ᠃ | ④ ᠵᠡᠭᠡᠢ — ᠠᠯᠢᠪᠠ ᠶᠠᠭᠤᠮᠠᠨ ᠤ ᠨᠦᠬᠦᠭᠡ ᠠᠴᠠ ᠪᠠᠨ ᠲᠤᠳᠠᠭᠤ᠂ ᠮᠠᠭᠤᠬᠠᠨ᠂ | ᠪᠠᠷᠤᠭᠳᠠᠶᠢᠬᠠᠨ ᠪᠠᠶᠢᠳᠠᠯ᠃ | ⑤ ᠰᠠᠪᠢᠷᠠᠬᠤ — ᠰᠤᠨᠵᠤᠷᠤᠨ ᠭᠤᠭᠤᠵᠢᠬᠤ᠄ ᠰᠢᠯᠦᠰᠤ ~᠃ | ⑥ ᠠᠩᠭᠠᠯᠠᠬᠤ — ︵ᠬᠦᠮᠦᠨ ᠪᠤᠶᠤ ᠠᠮᠢᠳᠠᠨ ᠢ ᠬᠦᠢᠴᠡᠬᠦ ᠪᠠᠷ︶ ᠬᠤᠶᠠᠷ ᠲᠠᠯ᠎ᠠ ᠪᠠᠷ ᠵᠠᠮ | ᠬᠤᠪᠢᠶᠠᠨ ᠤᠷᠤᠬᠤ᠃ | ⑦ ᠦᠯᠢᠢ — ᠭᠠᠵᠷ ᠢ ᠰᠠᠨᠳᠠᠶᠢᠯᠡᠨ ᠮᠠᠯᠳᠠᠭᠰᠠᠨ ᠬᠤᠯᠤᠭᠠᠨ᠎ᠠ ᠪᠤᠶᠤ ᠤᠭᠤᠳᠤᠨ᠎ᠠ ᠵᠡᠷᠭᠡ | ᠠᠮᠢᠳᠠᠨ ᠤ ᠨᠦᠭᠡ᠄ ~ ᠴᠦᠮᠦᠷᠡᠬᠦ᠃ | ⑧ ᠰᠦᠭ — ⑴ ᠴᠢᠳᠬᠦᠷ ⑵ ᠰᠦᠨᠡᠰᠤ᠃ | ⑨ ᠨᠠᠵᠢᠳ — ᠵᠤᠪᠠᠯᠠᠩ᠃ | ⑩ ᠪᠦᠭᠡᠭᠡᠨ — ᠴᠠᠶᠢᠷᠤᠤ᠂ ᠪᠠᠷᠠᠭᠠᠨ ᠪᠢᠰᠢ᠄ ~ ᠦᠩᠭᠡᠳᠠᠢ ᠮᠤᠷᠢ᠂ ~ ᠵᠢᠰᠦᠮ ᠤᠨ | ᠮᠤᠷᠢ᠃ | | ︵www.biirbeh.mn ᠠᠴᠠ ᠬᠦᠷᠪᠡᠬᠦᠯᠪᠡ︶ | |