| | ︵ᠪᠠᠷᠢᠮᠳᠠᠳᠣ ᠦᠬᠦᠯᠡᠯᠬᠡ︶ | | | ᠦᠨᠡᠬᠡᠨ ᠬᠠᠷᠠᠩᠭᠤᠢ ᠰᠠᠭᠤᠯᠠᠭ᠎ᠠ ᠲᠠᠢ ᠣᠰᠣᠨ ᠳᠤ ᠰᠦ ᠲᠣᠰᠣᠭᠠᠬᠤ ᠮᠡᠳᠣ ᠲᠣᠷᠣᠨ᠎ᠠ ᠵᠦᠭ ᠠᠴᠠ | ᠠᠭᠠᠵᠢᠮ ᠢᠶᠠᠷ ᠴᠠᠶᠢᠷᠠᠨ ᠣᠶᠢᠷ᠎ᠠ ᠲᠣᠭᠤᠷᠢᠮ ᠤᠨ ᠶᠠᠭᠤᠮ᠎ᠠ ᠬᠡᠣᠮ᠎ᠡ ᠪᠦᠳᠡᠬᠢ ᠰᠦᠳᠡᠬᠢ ᠬᠠᠷᠠᠭᠳᠠᠬᠤ ᠲᠠᠢ ᠪᠣᠯᠪᠠ᠃ | ᠪᠣᠷᠭᠠᠰᠣᠨ ᠬᠠᠰᠢᠶ᠎ᠠ ᠶᠢᠨ ᠨᠦᠮᠦᠷᠢ ᠳᠤ ᠰᠦᠨᠢᠵᠢᠨ ᠰᠢᠳᠣ ᠪᠠᠨ ᠬᠠᠪᠢᠷᠣᠨ ᠠᠭᠰᠣᠮᠨᠠᠨ ᠬᠤᠨᠣᠭᠰᠠᠨ ᠬᠠᠷ᠎ᠠ | ᠪᠣᠣᠷ᠎ᠠ ᠡᠷᠬᠢᠨ ᠲᠣᠭᠤᠷᠢᠨ ᠤ ᠪᠣᠳᠠ ᠪᠣᠷᠭᠠᠰᠣ ᠬᠠᠰᠢᠶ᠎ᠠ ᠰᠠᠷᠠᠪᠴᠢ ᠶᠢ ᠢᠵᠢᠯᠢ ᠰᠦᠷᠦᠭ ᠬᠡᠮᠡᠨ ᠠᠳᠡᠬᠦᠷᠡᠨ | ᠬᠠᠷᠠᠭᠰᠠᠨ ᠮᠡᠳᠣ ᠣᠬᠤᠰᠬᠢᠨ ᠪᠣᠰᠴᠦ ᠡᠪᠦᠯ ᠤᠨ ᠬᠦᠢᠳᠡᠨ ᠵᠢᠪᠡᠷ ᠢ ᠰᠦᠷᠦᠨ ᠣᠴᠣᠶᠢᠨ ᠰᠠᠭᠤᠵᠣ ᠪᠠᠶᠢᠭᠠᠯᠢ | ᠠᠴᠠ ᠵᠠᠶᠠᠭᠠᠭᠰᠠᠨ ᠢᠵᠢᠯ ᠪᠣᠰᠣ ᠬᠦᠢᠰᠦᠳᠡᠨ ᠢ ᠬᠦᠰᠡᠬᠦ ᠬᠤᠷᠢᠭᠯᠠᠭᠳᠠᠰᠢ ᠦᠬᠡᠢ ᠲᠠᠴᠢᠶᠠᠯ ᠳᠤ ᠪᠠᠨ | ᠬᠦᠳᠦᠯᠦᠭᠳᠡᠨ ᠭᠠᠯᠵᠠᠭᠤᠷᠠᠮᠠ ᠮᠡᠳᠣ ᠬᠢᠯᠢᠩᠨᠡᠨ ᠬᠢᠯᠢᠩᠨᠡᠨ ᠵᠢᠳᠬᠦᠪᠡᠴᠦ ᠬᠤᠯᠣᠰᠣᠨ ᠪᠣᠶᠢᠯᠠ᠂ ᠰᠢᠷᠪᠣᠰᠣᠨ ᠲᠡᠪ᠂ | ᠲᠡᠮᠦᠷ ᠭᠠᠷᠠᠬ᠎ᠠ ᠲᠠᠢ ᠬᠢᠯᠭᠠᠰᠣᠨ ᠪᠣᠷᠠᠨᠳᠠᠭ ᠢ ᠲᠠᠰᠣᠳᠠᠨ ᠴᠢᠳᠠᠬᠤ ᠦᠬᠡᠢ ᠬᠦᠯ ᠢᠶᠠᠨ ᠲᠡᠪᠰᠡᠯᠡᠨ ᠲᠡᠪᠰᠡᠯᠡᠨ | ᠲᠣᠭᠳᠠᠨ ᠶᠠᠳᠠᠵᠣ ᠪᠠᠬᠢ ᠣᠶᠠᠭ᠎ᠠ ᠪᠠᠨ ᠡᠷᠬᠢᠨ ᠡᠷᠬᠢᠨ ᠭᠤᠩᠬᠢᠨᠠᠬᠤ ᠠᠵᠠᠢ᠃ | ᠣᠶᠣᠨ᠎ᠠ ᠠᠷᠭᠠᠯ ᠠᠪᠴᠢᠷᠠᠵᠣ ᠭᠠᠯ ᠢᠶᠠᠨ ᠦᠷᠳᠡᠭᠰᠡᠨ ᠢᠶᠠᠨ ᠴᠢᠪ ᠬᠦᠢᠳᠡᠨ ᠭᠠᠷ ᠢᠶᠠᠷ ᠢᠶᠠᠨ | ᠠᠮᠳᠠᠳᠠᠶᠢᠬᠠᠨ ᠣᠨᠳᠠᠵᠣ ᠪᠠᠶᠢᠭ᠎ᠠ ᠡᠷ᠎ᠡ ᠨᠦᠬᠦᠷ ᠢᠳᠡᠷ ᠤᠨ ᠢᠶᠠᠨ ᠬᠠᠴᠠᠷ ᠢ ᠬᠦᠩᠬᠡᠬᠡᠨ ᠢᠯᠢᠭᠰᠡᠨ ᠳᠤ ᠢᠳᠡᠷ | ᠰᠣᠴᠢᠨ ᠰᠡᠷᠢᠭᠰᠡᠨ ᠪᠣᠯᠪᠠᠴᠣ ᠦᠯᠦ ᠣᠴᠠᠭᠠᠷᠯᠠᠨ ᠡᠬᠡᠨᠡᠷ ᠤᠨ ᠢᠶᠠᠨ ᠭᠠᠷ ᠠᠴᠠ ᠲᠠᠪ ᠬᠢᠨ ᠪᠠᠷᠢᠵᠣ ᠪᠡᠶ᠎ᠡ ᠵᠦᠭ | ᠢᠶᠠᠨ ᠣᠶᠢᠷᠠᠳᠣᠭᠤᠯᠬᠤ ᠳᠤ ᠣᠶᠣᠨ᠎ᠠ ᠴᠣ᠋ ᠡᠷᠬᠡᠯᠡᠨ ᠢᠨᠠᠭᠰᠢᠵᠦ ᠬᠦᠢᠳᠡᠨ ᠬᠠᠴᠠᠷ ᠢᠶᠠᠨ ᠢᠳᠡᠷ ᠤᠨ ᠬᠠᠯᠠᠭᠤᠨ | ᠬᠠᠴᠠᠷ ᠲᠤ ᠨᠠᠭᠠᠪᠠ᠃ ︽ᠬᠤᠷᠳᠣᠨ ᠪᠣᠰᠣᠭᠠᠷᠠᠢ᠂ ᠵᠠᠮ ᠬᠤᠯᠠ ᠰᠢᠦ ᠳ᠋ᠠ︾ ᠬᠡᠵᠦ ᠣᠶᠣᠨ᠎ᠠ ᠡᠷ᠎ᠡ ᠶᠢᠨ ᠢᠶᠠᠨ | ᠴᠢᠬᠢᠨ ᠳᠤ ᠰᠡᠮᠬᠡᠨ ᠰᠢᠪᠡᠨᠡᠭᠰᠡᠨ ᠢᠶᠠᠨ ᠡᠷ᠎ᠡ ᠨᠦᠬᠦᠷ ᠤᠨ ᠢᠶᠠᠨ ᠠᠭᠠᠯᠢᠬᠦᠶᠢᠳᠡᠨᠰᠠᠷᠪᠠᠯᠵᠠᠬᠤ ᠭᠠᠷ ᠢ ᠬᠦᠩᠬᠡᠨ | ᠲᠦᠯᠬᠢᠨ ᠵᠢᠷᠭᠠᠯᠳᠠᠶᠢᠬᠠᠨ ᠮᠦᠰᠢᠶᠡᠪᠡ᠃ ᠠᠶᠠᠨ ᠳᠤ ᠶᠠᠪᠣᠬᠤ ᠪᠠᠨ ᠰᠠᠶ᠋ᠢ ᠰᠠᠨᠠᠵᠣ ᠣᠯᠣᠭᠰᠠᠨ ᠢᠳᠡᠷ | ᠶᠠᠭᠠᠷᠠᠪᠴᠢᠯᠠᠨ ᠪᠣᠰᠣᠯ᠎ᠠ᠂ ᠬᠡᠷ ᠲᠤ ᠭᠠᠯ ᠤᠨ ᠢᠯᠴᠢ ᠪᠠᠳᠠᠷᠠᠨ ᠲᠠᠷᠬᠢᠯᠡᠨ ᠪᠣᠴᠠᠯᠬᠤ ᠴᠠᠢ ᠠᠴᠠ ᠠᠭᠤᠷ ᠰᠠᠪᠰᠠᠨ | ᠪᠠᠶᠢᠪᠠ᠃ | ᠢᠳᠡᠷ ᠲᠣᠯᠠᠭᠠᠨ ᠬᠡᠷ ᠠᠴᠠ ᠪᠠᠨ ᠭᠠᠷᠬᠤ ᠳᠤ ᠶᠢᠰᠦ ᠶᠢᠨ ᠭᠤᠣᠯ ᠤᠨ ᠬᠦᠢᠳᠡᠨ ᠵᠢᠪᠠᠷ ᠬᠠᠴᠠᠷ ᠢ | ᠬᠠᠭᠠᠷᠢᠨ ᠠᠮᠠᠨ ᠠᠴᠠ ᠨᠢ ᠴᠠᠭᠠᠨ ᠠᠭᠤᠷ ᠰᠠᠪᠰᠠᠬᠤ ᠠᠵᠠᠢ᠃ ᠦᠬᠡᠷ ᠬᠤᠨᠢ ᠨᠢ ᠬᠦᠢᠳᠡᠨ ᠠᠴᠠ ᠰᠢᠷᠬᠢᠢᠵᠦ | ᠲᠣᠯᠠᠭᠠᠨ ᠬᠠᠰᠢᠶᠠᠨ ᠳᠤ ᠪᠠᠨ ᠲᠠᠶᠢᠪᠣᠩ ᠬᠡᠪᠳᠡᠵᠦ ᠲᠠᠪᠠᠳᠠᠶᠢᠬᠠᠨ ᠬᠡᠪᠢᠵᠦ ᠡᠵᠡᠨ ᠢᠶᠠᠨ ᠠᠮᠣᠭᠤᠯᠠᠩ ᠰᠢᠷᠳᠡᠵᠦ | ᠪᠠᠶᠢᠯ᠎ᠠ᠃ ᠭᠠᠭᠴᠠ ᠬᠦ ᠲᠣᠭᠰᠢᠨ ᠬᠠᠷ᠎ᠠ ᠪᠣᠣᠷ᠎ᠠ ᠨᠢ ᠡᠵᠡᠨ ᠢᠶᠠᠨ ᠬᠠᠷᠠᠵᠣ ᠡᠷᠬᠡᠯᠡᠵᠦ ᠲᠣᠨᠢᠷᠬᠠᠭᠰᠠᠨ ᠪᠣᠯᠪᠠᠣ | ᠬᠡᠮᠡᠷ ᠰᠢᠳᠣ ᠪᠠᠨ ︽ᠵᠢᠣᠷᠳ᠋ ᠵᠢᠣᠷᠳ᠋︾ ᠬᠠᠪᠢᠷᠴᠣ ᠠᠮᠠᠨ ᠠᠴᠠ ᠪᠠᠨ ᠬᠦᠬᠡᠰᠦ ᠰᠠᠬᠠᠷᠠᠭᠤᠯᠣᠨ ᠬᠤᠶᠢᠳᠣ ᠬᠤᠶᠠᠷ | ᠬᠦᠯ ᠲᠡᠬᠡᠷ᠎ᠡ ᠪᠠᠨ ᠴᠢᠨᠡᠭᠡ ᠪᠠᠷ ᠢᠶᠠᠨ ᠰᠠᠭᠤᠵᠣ ᠯᠣᠣ ᠡᠷᠳᠡᠨᠢ ᠶᠢᠨ ᠬᠦᠵᠦᠬᠦᠦ ᠪᠠᠨ ᠴᠢᠨᠡᠭᠡ ᠪᠠᠷ ᠢᠶᠠᠨ ᠰᠣᠩᠭᠠᠨ | ᠰᠢᠬᠡᠰᠦ ᠰᠠᠪᠢᠷᠠᠭᠤᠯᠵᠣ ᠭᠠᠭ᠋ᠠᠢ ᠡᠷᠳᠡᠨᠢ ᠶᠢᠨ ᠰᠡᠬᠦᠯ ᠢᠶᠠᠷ ᠢᠶᠠᠨ ᠰᠢᠪᠰᠢᠪᠠᠴᠣ ᠡᠵᠡᠨ ᠨᠢ ᠰᠡᠬᠦᠯ ᠢ ᠨᠢ ᠪᠦᠬᠦ ᠲᠠᠢ | ᠨᠢ ᠬᠤᠯᠪᠣᠨ ᠣᠶᠠᠭᠰᠠᠨ ᠲᠣᠯᠠ ᠰᠡᠬᠦᠯ ᠢᠶᠠᠨ ᠲᠡᠮᠡᠶᠢᠯᠡ ᠰᠠᠪᠠᠯᠠᠬᠤ ᠠᠵᠠᠢ᠃ ᠡᠵᠡᠨ ᠨᠢ ᠲᠣᠭᠰᠢᠨ ᠰᠦᠷᠳᠣ | ᠲᠡᠮᠡᠭᠡ ᠪᠠᠨ ᠰᠦᠷᠯᠢᠭ ᠪᠣᠯᠭᠠᠬᠤ ᠬᠡᠮᠡᠨ ᠲᠠᠬᠢᠶ᠎ᠠ ᠡᠷᠳᠡᠨᠢ ᠶᠢᠨ ᠦᠪᠦᠩ ᠲᠡᠬᠡᠷ᠎ᠡ ᠨᠢ ᠣᠯᠠᠭᠠᠨ ᠪᠦᠰ ᠣᠶᠠᠭᠰᠠᠨ ᠨᠢ | ᠪᠣᠣᠷ᠎ᠠ ᠶᠢ ᠣᠯᠠᠮ ᠣᠮᠣᠭᠰᠢᠭᠤᠨ ᠪᠣᠯᠭᠠᠵᠠᠢ᠃ ᠢᠳᠡᠷ ᠨᠣᠳᠤᠭ ᠤᠨ ᠵᠠᠭᠠᠨ ᠬᠡᠮᠡᠭᠳᠡᠭᠰᠡᠨ ᠰᠦᠷᠯᠢᠭ ᠲᠣᠮᠣ ᠬᠠᠷ᠎ᠠ | ᠪᠣᠣᠷ᠎ᠠ ᠪᠠᠨ ᠪᠠᠭ᠋ᠠᠷᠬᠠᠨ ᠬᠠᠷᠠᠵᠣ᠄ ︽ᠡᠪᠡᠰᠦ ᠣᠰᠣᠨ ᠠᠴᠠ ᠭᠠᠷᠴᠢᠬᠠᠭᠰᠠᠨ ᠠᠮᠢᠳᠠᠨ ᠳ᠋ᠠ᠂ ᠰᠢᠷᠡᠭᠡ ᠪᠣᠰᠤᠭ᠎ᠠ | ᠪᠦᠬᠦ ᠨᠢ ᠠᠯᠢ ᠡᠳᠣᠷ ᠰᠢᠪᠳᠣᠷᠣᠭᠰᠠᠨ ᠬᠡᠳᠡᠰᠦ ᠮᠡᠳᠣ ᠬᠠᠮᠰᠠᠶᠢᠵᠦ ᠲᠣᠷᠤᠭ ᠪᠡᠶ᠎ᠡ ᠨᠢ ᠶᠠᠰᠣᠨ ᠬᠡᠳᠡᠷᠡᠭᠡ ᠪᠣᠯᠬᠤ | ᠪᠣᠢ︾ ᠬᠡᠵᠦ ᠬᠠᠷᠠᠮᠰᠠᠨ ᠪᠣᠳᠣᠪᠠ᠃ ᠶᠡᠭᠡ ᠪᠠᠶᠢᠭᠠᠯᠢ ᠠᠴᠠ ᠵᠠᠶᠠᠭᠠᠭᠰᠠᠨ ᠡᠷ᠎ᠡ ᠬᠦᠢᠰᠦᠳᠡᠨ ᠤ ᠣᠷᠤᠭ᠎ᠠ ᠬᠡᠶᠢᠷᠬᠡᠯ | ᠳᠤ ᠪᠠᠨ ᠡᠵᠡᠯᠡᠬᠦᠯᠦᠭᠰᠡᠨ ᠲᠣᠭᠰᠢᠨ ᠬᠠᠷ᠎ᠠ ᠪᠣᠣᠷ᠎ᠠ ᠴᠡᠬᠡᠵᠢ ᠬᠦᠷᠴᠢᠬᠢᠨᠡᠬᠦᠯᠦᠨ ᠬᠦᠯ ᠲᠡᠪᠰᠡᠯᠡᠨ ᠬᠠᠪᠢᠳᠠᠭᠰᠠᠨ | ᠪᠦᠬᠦᠨ ᠢ ᠬᠡᠮᠬᠡ ᠪᠡᠯᠪᠡ ᠬᠢᠰᠬᠢᠵᠦ ᠬᠠᠶᠠᠮᠠᠷ ᠠᠭᠠᠰᠢᠯᠠᠨᠠᠮ᠃ ᠨᠠᠶᠢᠷ ᠤᠨ ᠲᠠᠯᠠᠪᠠᠢ ᠳᠤ ᠣᠮᠤᠭ ᠰᠢᠳᠠᠵᠣ ᠠᠷᠰᠯᠠᠨ | ᠪᠠᠷᠰ ᠮᠡᠳᠣ ᠲᠡᠪᠢᠵᠦ ᠶᠠᠪᠣᠭᠰᠠᠨ ᠢᠳᠡᠷ ᠠᠭᠰᠣᠮᠨᠠᠬᠤ ᠪᠣᠣᠷ᠎ᠠ ᠪᠠᠨ ᠪᠠᠭ᠋ᠠᠷᠬᠠᠨ ᠬᠠᠷᠠᠵᠣ᠄ ︽ᠦᠨᠦᠳᠦᠷ | ᠬᠤᠶᠠᠭᠤᠯᠠ ᠪᠠᠨ ᠪᠠᠶᠠᠨᠳᠣᠬᠤᠢ ᠳᠤ ᠣᠴᠢᠵᠦ ᠬᠢᠳᠠᠳ ᠠᠶᠢᠯ ᠠᠴᠠ ᠠᠮᠦ ᠪᠣᠳᠠᠭ᠎ᠠ ᠣᠯᠵᠣ ᠢᠷᠡᠨ᠎ᠡ ᠳ᠋ᠠ︾ ᠬᠡᠵᠦ | ᠪᠣᠣᠷᠠᠨ ᠳᠤ ᠪᠠᠨ ᠬᠡᠯᠡᠬᠡᠳ ᠬᠡᠷ ᠲᠤ ᠪᠠᠨ ᠣᠷᠣᠪᠠ᠃ | ᠨᠠᠷᠠ ᠮᠠᠨᠳᠣᠵᠦ ᠵᠢᠪᠡᠷ ᠰᠠᠯᠬᠢ ᠨᠠᠮ ᠬᠢᠪᠡ᠃ ᠠᠶᠢᠪᠣᠭᠤ ᠲᠠᠶᠢᠪᠣᠭᠤ ᠡᠨᠡ ᠨᠣᠳᠤᠭ ᠤᠨ | ᠦᠷᠯᠦᠬᠡᠣᠷᠣᠭᠰᠠᠨ ᠪᠣᠣᠷ᠎ᠠ ᠶᠢᠨ ᠬᠦᠷᠴᠢᠬᠢᠨᠡᠨ ᠬᠦᠷᠬᠢᠷᠡᠬᠦ ᠲᠠᠰᠣᠯ ᠲᠠᠭᠤᠨ ᠢᠶᠠᠷ ᠨᠠᠶᠢᠷᠯᠠᠯ ᠬᠦᠭᠵᠢᠮ ᠪᠣᠯᠭᠠᠨ | ᠡᠬᠢᠯᠡᠪᠡ᠃ ᠣᠯᠠᠩᠭᠠᠰᠣᠨ ᠬᠦᠷᠬᠢᠷᠡᠬᠦ ᠪᠣᠣᠷ᠎ᠠ ᠶᠢᠨ ᠲᠠᠭᠤ ᠴᠢᠮᠡᠭᠡ ᠬᠤᠶᠠᠷ ᠭᠠᠵᠠᠷ ᠤᠨ ᠲᠡᠷᠳᠡᠭᠡ ᠴᠣᠣᠷᠢᠶᠠᠯᠠᠬᠤ | ᠨᠢ ᠮᠠᠭᠠᠳ ᠲᠠᠢ᠃ ᠢᠳᠡᠷ ᠣᠶᠣᠨ᠎ᠠ ᠬᠤᠶᠠᠭᠤᠯᠠ ᠮᠠᠯ ᠠᠬᠤᠢ ᠶᠢᠨ ᠢᠶᠠᠨ ᠲᠣᠬᠠᠢ ᠲᠦᠩᠬᠡᠷ ᠲᠠᠩᠭᠠᠷ | ᠵᠣᠭᠤᠭᠳᠠᠵᠣ ᠡᠷᠳᠡ ᠶᠢᠨ ᠴᠠᠢ ᠪᠠᠨ ᠣᠣᠭᠤᠪᠠ᠃ ᠣᠶᠣᠨ᠎ᠠ ᠬᠡᠷ ᠲᠡᠷᠬᠡ ᠪᠠᠨ ᠴᠡᠪᠡᠷᠯᠡᠵᠦ ᠦᠨᠡᠰᠦ ᠬᠤᠭ ᠢᠶᠠᠨ | ᠬᠡᠬᠡᠵᠦ᠂ ᠢᠳᠡᠷ ᠰᠢᠷᠢᠳᠡᠭ ᠲᠣᠬᠤᠮ ᠣᠭᠤᠳᠠ ᠰᠢᠭᠤᠳᠠᠢ ᠪᠠᠨ ᠪᠡᠯᠡᠳᠬᠡᠪᠡ᠃ ᠣᠶᠣᠨ᠎ᠠ᠂ ᠡᠷ᠎ᠡ ᠨᠦᠬᠦᠷ ᠤᠨ | ᠢᠶᠠᠨ ᠡᠮᠦᠰᠬᠦ ᠨᠡᠬᠡᠢ ᠲᠡᠪᠡᠯ᠂ ᠦᠨᠡᠬᠡᠨ ᠯᠣᠪᠣᠣᠵᠠ᠂ ᠢᠰᠡᠬᠡᠢ ᠣᠶᠢᠮᠣᠰᠣ ᠲᠠᠢ ᠭᠤᠳᠣᠯ ᠢ ᠨᠢ ᠭᠠᠷᠭᠠᠵᠣ ᠢᠷᠡᠪᠡ᠃ | ᠢᠳᠡᠷ ᠨᠡᠬᠡᠢ ᠲᠡᠪᠡᠯ ᠢᠶᠠᠨ ᠬᠡᠳᠦᠷᠴᠦ ᠪᠦᠬᠡᠴᠢᠨ ᠬᠦᠮᠦᠨ ᠤ ᠶᠣᠰᠣᠭᠠᠷ ᠦᠷᠬᠡᠨᠴᠡᠬᠡᠵᠢ ᠪᠠᠨ ᠬᠠᠩᠬᠠᠯᠵᠠᠭᠤᠯᠣᠨ | ᠰᠦᠪᠡᠭᠡ ᠲᠠᠷᠣᠨ ᠬᠡᠩᠬᠦᠯᠵᠡᠬᠦ ᠳᠤ ᠣᠶᠣᠨ᠎ᠠ ᠰᠢᠷ᠎ᠠ ᠲᠣᠷᠭᠠᠨ ᠪᠦᠰᠡ ᠶᠢ ᠨᠢ ᠣᠷᠠᠨ ᠡᠪᠯᠢᠭ ᠭᠠᠷ ᠢᠶᠠᠷ ᠢᠶᠠᠨ ᠴᠢᠪ | ᠴᠢᠩᠭ᠎ᠠ ᠣᠷᠢᠶᠠᠵᠣ ᠵᠠᠩᠬᠢᠳᠣᠳᠠᠯᠠ ᠢᠳᠡᠷ ᠬᠡᠨᠡᠳᠳᠡ ᠡᠬᠡᠨᠡᠷ ᠢᠶᠠᠨ ᠴᠢᠩᠭ᠎ᠠ ᠠᠴᠠ ᠴᠢᠩᠭ᠎ᠠ ᠲᠡᠪᠡᠷᠢᠵᠦ ᠬᠡᠷᠡᠯ ᠬᠡᠬᠡ | ᠲᠠᠳᠠᠭᠰᠠᠨ ᠴᠠᠰᠣ ᠴᠠᠭᠠᠨ ᠬᠦᠵᠦᠬᠦᠦ ᠲᠡᠬᠡᠷ᠎ᠡ ᠨᠢ ᠣᠷᠣᠭᠤᠯ ᠢᠶᠠᠨ ᠨᠠᠭᠠᠨ ᠰᠢᠨᠣᠭᠯᠠᠨ ᠦᠨᠦᠰᠦᠯ᠎ᠡ᠃ ᠪᠦᠬᠡᠴᠢᠨ | ᠡᠷ᠎ᠡ ᠶᠢᠨ ᠬᠠᠩᠬᠠᠭᠠᠷ ᠴᠡᠬᠡᠵᠢᠨ ᠳᠤ ᠲᠠᠰᠣ ᠨᠠᠭᠠᠯᠳᠣᠭᠰᠠᠨ ᠣᠶᠣᠨ᠎ᠠ ᠮᠦᠨ ᠬᠦ ᠲᠡᠪᠡᠷᠢ ᠪᠠᠭᠳᠠᠮ᠎ᠠ ᠦᠬᠡᠢ ᠬᠦᠳᠡᠷ | ᠲᠣᠮᠣ ᠪᠡᠶ᠎ᠡ ᠶᠢ ᠨᠢ ᠬᠦᠴᠦᠯᠡᠨ ᠲᠡᠪᠡᠷᠢᠵᠦ ᠦᠷᠬᠡᠨ ᠮᠦᠷᠦ ᠶᠢ ᠨᠢ ᠲᠡᠷᠡᠯᠡᠨ ᠨᠢᠳᠣ ᠪᠠᠨ ᠬᠦᠩᠬᠡᠬᠡᠨ ᠠᠨᠢᠪᠠ᠃ | ᠬᠡᠰᠡᠭ ᠣᠳᠠᠭᠰᠠᠨ ᠢᠶᠠᠨ ᠣᠶᠣᠨ᠎ᠠ᠄ ︽ᠡᠳᠦᠷ ᠰᠦᠨᠢ ᠦᠬᠡᠢ ᠲᠡᠪᠡᠷᠢᠯᠴᠡᠬᠡᠳ ᠦᠨᠡᠬᠡᠷ ᠢᠴᠢᠮᠡᠷ︕︾ ᠬᠡᠵᠦ | ᠡᠷᠬᠡᠯᠡᠩᠬᠦᠢ ᠲᠣᠣᠭᠠᠷᠴᠦ ᠢᠳᠡᠷ ᠢ ᠬᠦᠩᠬᠡᠨ ᠲᠦᠯᠬᠢᠨ ᠵᠠᠶᠢᠯᠠᠭᠤᠯᠵᠣ ᠦᠰᠦ ᠬᠡᠵᠢᠬᠡ ᠪᠠᠨ ᠶᠠᠩᠵᠣᠯᠠᠪᠠ᠃ | ᠪᠦᠬᠡᠴᠢᠨᠢᠳᠡᠷ ᠬᠡᠷ ᠤᠨ ᠪᠠᠷᠠᠭᠤᠨ ᠲᠠᠯ᠎ᠠ ᠶᠢᠨ ᠵᠠᠪᠠᠭ ᠲᠤ ᠬᠠᠪᠴᠢᠭᠤᠯᠣᠭᠰᠠᠨ ᠡᠷ᠎ᠡ ᠬᠠᠷ᠎ᠠ ᠰᠣᠷ ᠢᠶᠠᠷ | ᠮᠣᠰᠬᠢᠭᠰᠠᠨ ᠪᠦᠳᠦᠬᠦᠨ ᠲᠠᠰᠢᠭᠤᠷ ᠢᠶᠠᠨ ᠲᠣᠬᠤᠮ ᠰᠢᠷᠢᠳᠡᠭ ᠤᠨ ᠬᠠᠮᠳᠣ ᠠᠪᠴᠦ ᠭᠠᠷᠪᠠ᠃ | ᠴᠡᠬᠡᠵᠢ ᠬᠦᠷᠴᠢᠬᠢᠨᠡᠬᠦᠯᠦᠨ ᠰᠢᠳᠣ ᠵᠠᠵᠢᠬᠢᠨᠠᠭᠤᠯᠣᠭᠰᠠᠨ ᠲᠣᠭᠰᠢᠨ ᠬᠠᠷ᠎ᠠ ᠪᠣᠣᠷ᠎ᠠ ᠣᠯᠠᠭᠠᠨ ᠰᠠᠴᠤᠭ ᠲᠠᠢ | ᠲᠣᠮᠣ ᠲᠣᠯᠣᠭᠠᠢ ᠪᠠᠨ ᠴᠠᠭᠠᠨ ᠬᠦᠬᠡᠰᠦ ᠪᠠᠷ ᠪᠣᠯᠠᠵᠣ᠂ ᠬᠤᠷᠢᠭᠯᠠᠭᠳᠠᠰᠢ ᠦᠬᠡᠢ ᠴᠢᠩᠭ᠎ᠠ ᠰᠢᠨᠦᠯ ᠳᠤ ᠪᠠᠨ | ᠲᠣᠭᠳᠠᠨ ᠶᠠᠳᠠᠨ ᠵᠢᠳᠬᠦᠵᠦ ᠪᠦᠬᠡᠴᠢᠨᠡᠵᠡᠨ ᠤ ᠢᠳᠡ ᠬᠦᠴᠦ᠂ ᠰᠣᠷ ᠲᠠᠰᠢᠭᠤᠷ ᠤᠨ ᠴᠢᠩᠭ᠎ᠠ ᠬᠠᠳᠠᠭᠤ ᠶᠢ | ᠬᠡᠳᠦᠶᠢᠨᠢ ᠣᠮᠠᠷᠳᠠᠭᠰᠠᠨ ᠮᠡᠳᠣ᠃ ᠢᠳᠡᠷ ᠪᠦᠳᠦᠬᠦᠨ ᠲᠠᠰᠢᠭᠤᠷ ᠢᠶᠠᠨ ᠲᠡᠬᠡᠷ᠎ᠡ ᠲᠠᠯᠠᠶᠢᠵᠦ ︽ᠬᠠᠢ︕︾ ᠬᠡᠮᠡᠨ | ᠴᠢᠩᠭ᠎ᠠ ᠲᠣᠣᠭᠠᠷᠴᠣ ᠭᠠᠯᠵᠠᠭᠤᠷᠠᠮᠠ ᠪᠣᠯᠣᠭᠰᠠᠨ ᠪᠣᠣᠷ᠎ᠠ ᠶᠢᠨ ᠪᠣᠷᠠᠨᠳᠠᠭ ᠠᠴᠠ ᠲᠣᠭᠳᠣᠷᠬᠤ ᠳᠤ ᠣᠯᠠᠩᠭᠠᠰᠠᠭᠰᠠᠨ | ᠪᠣᠣᠷ᠎ᠠ ᠬᠡᠨᠡᠳᠳᠡ ᠦᠬᠡᠳᠡ ᠠᠴᠠ ᠨᠢ ᠢᠪᠡᠵᠦ ᠢᠷᠡᠬᠦᠶ᠎ᠡ ᠬᠠᠷᠠᠵᠣ ᠵᠣᠭᠰᠣᠭᠰᠠᠨ ᠣᠶᠣᠨ᠎ᠠ ᠲᠠᠭᠤ ᠠᠯᠳᠠᠨ | ᠬᠠᠰᠬᠢᠷᠬᠤ ᠭᠱᠡᠨᠡ ᠪᠦᠬᠡᠴᠢᠨ ᠡᠷ᠎ᠡ ᠬᠡᠳᠦᠶᠢᠨᠢ ᠬᠠᠯᠢᠰᠬᠢᠨ ᠵᠠᠶᠢᠯᠠᠵᠣ ᠰᠣᠷ ᠲᠠᠰᠢᠭᠤᠷ ᠢᠶᠠᠷ ᠪᠣᠣᠷ᠎ᠠ ᠶᠢᠨ ᠪᠡᠴᠢᠨ | ᠡᠷᠳᠡᠨᠢ ᠶᠢᠨ ᠭᠤᠶ᠎ᠠ ᠣᠷᠣᠭᠤ ︽ᠲᠠᠰ ᠨᠢᠰ︾ ᠬᠢᠳᠡᠯ᠎ᠡ ᠬᠡᠳᠦᠨᠳᠡ ᠣᠷᠢᠶᠠᠯᠭᠠᠭᠰᠠᠨ ᠳᠤ ᠠᠷᠠᠰᠣ ᠮᠢᠬᠠᠨ ᠤ | ᠡᠪᠡᠷᠰᠢᠶᠡᠯ ᠳᠤ ᠣᠴᠠᠷᠠᠭᠰᠠᠨ ᠲᠣᠭᠰᠢᠨ ᠪᠣᠣᠷ᠎ᠠ ᠠᠷᠠᠢ ᠬᠡᠮᠡᠨ ᠡᠵᠠᠨ ᠢᠶᠠᠨ ᠲᠠᠨᠢᠵᠦ ᠡᠷᠬᠡ ᠦᠬᠡᠢ ᠨᠣᠮᠣᠬᠠᠷᠠᠪᠠ᠃ | ᠡᠵᠡᠨ ᠤ ᠰᠦᠷ ᠰᠣᠷ ᠲᠠᠰᠢᠭᠤᠷ ᠤᠨ ᠬᠦᠴᠦ ᠪᠠᠷ ᠪᠣᠣᠷ᠎ᠠ ᠶᠢᠨ ᠣᠮᠤᠭ ᠢ ᠲᠠᠷᠣᠵᠣ ᠰᠦᠬᠦᠳᠬᠡᠭᠰᠡᠨ ᠢᠶᠠᠨ | ᠪᠦᠬᠡᠴᠢᠨ ᠢᠳᠡᠷ ᠲᠣᠬᠤᠮ ᠰᠢᠷᠢᠳᠡᠭ ᠢᠶᠠᠨ ᠲᠣᠬᠤᠵᠣ ᠣᠭᠤᠳᠠ ᠰᠢᠭᠤᠳᠠᠢ ᠪᠠᠨ ᠠᠴᠢᠨ ᠲᠣᠭᠰᠢᠨ ᠪᠣᠣᠷ᠎ᠠ ᠶᠢᠨ | ᠨᠢᠳᠣᠨ ᠳᠤ ᠰᠣᠷ ᠲᠠᠰᠢᠭᠤᠷ ᠢᠶᠠᠨ ᠢᠮᠠᠭᠳᠠ ᠦᠵᠡᠬᠦᠯᠵᠦ ᠴᠢᠬᠢᠨ ᠳᠤ ᠨᠢ ᠴᠢᠩᠭ᠎ᠠ ᠲᠠᠭᠤ ᠪᠠᠨ ᠢᠮᠠᠭᠳᠠ | ᠰᠣᠨᠣᠰᠬᠠᠵᠦ ︽ᠡᠵᠡᠨ ᠴᠢᠨᠢ ᠠᠳᠡ ᠪᠣᠢ᠂ ᠪᠢᠳᠡᠬᠡᠢ ᠲᠡᠮᠡᠶᠢᠷᠠ︾ ᠬᠡᠵᠦ ᠴᠠᠭ ᠢᠮᠠᠭᠳᠠ ᠰᠠᠨᠠᠭᠤᠯᠵᠣ ᠪᠠᠶᠢᠪᠠ᠃ | ᠬᠠᠷ᠎ᠠ ᠪᠣᠣᠷ᠎ᠠ ᠶᠢᠨ ᠪᠡᠶ᠎ᠠ ᠠᠴᠠ ᠰᠢᠬᠡᠰᠦ ᠰᠢᠩᠬᠡᠭ ᠰᠡᠪᠡᠰᠦ ᠪᠣᠬᠢ ᠶᠢᠨ ᠦᠨᠦᠷ ᠶᠢᠰᠦ ᠶᠢᠨ ᠬᠦᠢᠳᠡᠨ ᠳᠤ ᠬᠦᠯᠳᠡᠨ | ᠠᠯᠳᠠᠨ ᠲᠠᠷᠬᠠᠬᠤ ᠨᠢ ᠣᠶᠣᠨ᠎ᠠ ᠶᠢᠨ ᠬᠠᠮᠠᠷ ᠲᠤ ᠬᠦᠷᠴᠦ ᠪᠠᠶᠢᠪᠠ᠃ ︽ᠣᠷᠣᠭᠰᠠᠨ ᠪᠣᠣᠷ᠎ᠠ ᠪᠠᠨ ᠬᠡᠴᠢᠶᠠ ᠳ᠋ᠡ︾ | ᠬᠡᠵᠦ ᠣᠶᠣᠨ᠎ᠠ ᠠᠶᠣᠳᠠᠰᠣ ᠬᠦᠷᠣᠨ ᠰᠠᠨᠠᠭᠤᠯᠳᠠᠯᠠ ᠢᠳᠡᠷ ᠬᠡᠳᠦᠶᠢᠨᠢ ᠰᠢᠷᠡᠭᠡ ᠪᠣᠰᠤᠭ᠎ᠠ ᠬᠤᠶᠠᠷ ᠪᠦᠬᠦ ᠶᠢᠨ | ᠬᠤᠭᠤᠷᠣᠨᠳᠣ ᠠᠯᠠᠪᠬᠢᠨ ᠮᠣᠷᠳᠠᠪᠠ᠃ ᠬᠠᠷ᠎ᠠ ᠪᠣᠣᠷ᠎ᠠ ᠶᠢᠨ ᠬᠦᠴᠦᠷᠬᠡᠭ ᠬᠤᠶᠠᠷ ᠭᠤᠶ᠎ᠠ ᠲᠣᠮᠣ ᠲᠠᠪᠠᠭ᠋ᠠᠢ ᠬᠦᠯᠳᠡᠬᠦᠦ | ᠭᠠᠵᠠᠷ ᠢ ᠲᠠᠴᠢᠬᠢᠨᠠᠳᠠᠯᠠ ᠠᠯᠠᠭᠠᠳᠠᠨ ᠪᠣᠰᠬᠤ ᠳᠤ ᠢᠳᠡᠷ ᠡᠮᠦᠨᠡᠰᠢ ᠱᠣᠩᠭᠤᠰᠬᠢᠨ ᠭᠤᠳᠣᠷᠴᠦ ᠪᠦᠬᠦ ᠠᠴᠠ ᠨᠢ | ᠲᠠᠰᠣ ᠵᠢᠭᠤᠷᠠᠨᠠᠷᠠᠢ ᠲᠣᠭᠳᠠᠳᠠᠯᠠ ᠬᠠᠷ᠎ᠠ ᠪᠣᠣᠷ᠎ᠠ ᠬᠤᠶᠠᠷ ᠬᠠ ᠪᠠᠨ ᠨᠢᠬᠡᠨᠳᠡ ᠦᠨᠳᠡᠶᠢᠨ ᠦᠰᠦᠴᠢᠬᠦ ᠮᠡᠳᠣ ᠬᠡᠢ | ᠲᠠᠪᠠᠷᠠᠨᠵᠣᠭᠰᠣᠬᠤ ᠳᠤ ᠢᠳᠡᠷ ᠬᠤᠶᠢᠰᠢ ᠬᠠᠨᠳᠣᠷᠠᠨ ᠭᠤᠯᠰᠠᠵᠣ ᠠᠷᠠᠢ ᠯᠠ ᠰᠢᠳᠡᠭᠳᠡᠭᠰᠡᠨ ᠦᠬᠡᠢ ᠡ᠃ ᠶᠡᠭᠡ | ᠪᠠᠶᠢᠭᠠᠯᠢ ᠠᠴᠠ ᠵᠠᠶᠠᠭᠠᠭᠰᠠᠨ ᠬᠤᠷᠢᠭᠯᠠᠭᠳᠠᠰᠢ ᠦᠬᠡᠢ ᠠᠷᠳᠠᠭ ᠰᠢᠨᠣᠯ ᠳᠤ ᠪᠠᠨ ᠬᠦᠳᠦᠯᠦᠬᠦᠯᠦᠭᠰᠡᠨ ᠬᠠᠷ᠎ᠠ ᠪᠣᠣᠷ᠎ᠠ | ᠶᠢ ᠪᠦᠬᠡᠴᠢᠨ ᠢᠳᠡᠷ ᠣᠮᠤᠭ ᠰᠦᠷ ᠢᠶᠠᠷ ᠠᠶᠣᠯᠭᠠᠨ ᠵᠠᠬᠢᠷᠴᠦ ᠵᠠᠭᠠᠨ ᠬᠦᠯᠦᠭᠯᠡᠭᠰᠡᠨ ᠵᠠᠩᠵᠣᠨ ᠮᠡᠳᠣ ᠡᠮᠦᠨ᠎ᠡ | ᠵᠦᠭ ᠢ ᠵᠣᠷᠢᠪᠠ᠃ ︽ᠡᠵᠡᠨ ᠣᠨᠤᠭ᠎ᠠ ᠬᠤᠶᠠᠭᠤᠯᠠ ᠪᠠᠨ ᠡᠰᠡᠨ ᠮᠡᠨᠳᠣ ᠢᠷᠡᠬᠦ ᠪᠣᠯᠳᠣᠭᠠᠢ︕︾ ᠬᠡᠵᠦ ᠲᠡᠭᠷᠢ | ᠪᠣᠷᠬᠠᠨ ᠳᠤ ᠪᠠᠨ ᠲᠠᠭᠠᠳᠬᠠᠭᠰᠠᠨ ᠣᠶᠣᠨ᠎ᠠ ᠦᠬᠡᠷ ᠬᠤᠨᠢ ᠪᠠᠨ ᠪᠡᠯᠴᠢᠬᠡᠷᠯᠡᠬᠦᠯᠬᠦ ᠪᠠᠷ ᠬᠤᠶᠢᠰᠢ ᠡᠷᠬᠢᠪᠡ᠃ | ᠡᠪᠦᠯ ᠤᠨ ᠬᠦᠢᠲᠡᠨ ᠤ ᠡᠷᠴᠢ ᠴᠢᠩᠭᠠᠷᠠᠵᠦ ᠪᠠᠶᠢᠭ᠎ᠠ ᠴᠤ ᠦᠨᠳᠦᠷ ᠪᠤᠰᠤᠭ᠎ᠠ ᠪᠦᠬᠦ ᠶᠢᠨ ᠳᠣᠮᠳᠠ | ᠰᠠᠭᠤᠵᠦ᠂ ᠦᠨᠡᠭᠡᠨ ᠯᠣᠪᠣᠵᠠ ᠪᠠᠨ ᠪᠠᠭᠤᠯᠭᠠᠭᠰᠠᠨ ᠢᠳᠡᠷ ᠲᠤ ᠳᠠᠭᠠᠷᠠᠬᠤ ᠤᠴᠢᠷ ᠦᠭᠡᠢ᠃ ᠨᠡᠬᠡᠢ ᠲᠡᠪᠡᠯ | ᠢᠰᠡᠭᠡᠢ ᠤᠶᠢᠮᠤᠰᠤ ᠲᠠᠢ ᠭᠤᠲᠤᠯ ᠡᠮᠦᠰᠳᠡᠭ ᠲᠡᠷᠡ ᠪᠠᠷ ᠳᠠᠭᠠᠷᠠᠵᠦ ᠪᠡᠭᠡᠷᠡᠨᠡ ᠭᠡᠳᠡᠭ ᠢ ᠶᠡᠷᠤ ᠦᠵᠡᠭᠡ ᠦᠭᠡᠢ | ᠶᠠᠪᠣᠳᠠᠭ ᠠᠵᠠᠢ᠃ ᠡᠪᠦᠯ ᠤᠨ ᠬᠠᠲᠠᠭᠤ ᠳᠤ ᠨᠠᠪᠴᠢ ᠨᠠᠮᠠᠭ᠎ᠠ ᠪᠠᠨ ᠱᠤᠯᠠᠭᠤᠯᠤᠭᠰᠠᠨ ᠪᠤᠷᠭᠠᠰᠤ ᠮᠤᠳᠤ ᠡᠷᠪᠡᠶᠢᠨ | ᠲᠡᠷᠪᠡᠶᠢᠨ ᠦᠩᠭᠡ ᠦᠭᠡᠢ ᠬᠠᠷᠠᠭᠳᠠᠬᠤ ᠨᠢ ᠦᠰᠦ ᠵᠤᠭᠳᠣᠷ ᠬᠦᠢᠴᠡᠳ ᠦᠩᠰᠢᠭ ᠲᠠᠷᠭᠤ ᠲᠠᠢ ᠬᠠᠷ᠎ᠠ ᠪᠤᠤᠷ᠎ᠠ ᠶᠢ | ᠨᠢ ᠨᠡᠩᠳᠡ ᠤᠮᠤᠭᠰᠢᠭᠤᠯᠬᠤ ᠮᠡᠲᠤ ᠪᠣᠯᠵᠣ ᠵᠣᠭᠳᠣᠷ ᠬᠦᠳᠡᠯᠬᠡᠨ ᠲᠡᠰᠢᠭᠦᠯᠪᠡ᠃ | ᠪᠦᠬᠡᠴᠢᠨ ᠢᠳᠡᠷ ᠤᠨ ᠬᠠᠷ᠎ᠠ ᠪᠤᠤᠷ᠎ᠠ ᠶᠢ ᠰᠤᠨᠤᠰᠣᠮᠠᠭᠴᠠ ᠠᠶᠢᠯ ᠤᠨ ᠬᠢᠨ ᠣᠯᠠᠨ ᠳᠤ ᠪᠠᠭ᠋ᠠᠷᠬᠠᠬᠤ | ᠰᠦᠷᠳᠡᠬᠦ ᠪᠤᠳᠤᠯ ᠵᠡᠷᠭᠡ ᠪᠠᠭᠤᠳᠠᠭ ᠠᠪᠠᠢ᠃ ᠬᠠᠷ᠎ᠠ ᠪᠤᠤᠷ᠎ᠠ ᠶᠢᠨ ᠪᠡᠶ᠎ᠡ ᠭᠠᠯᠪᠢᠷ ᠨᠢ ᠲᠡᠮᠡᠭᠡᠨ ᠤ ᠳᠣᠲᠤᠷ᠎ᠠ ᠪᠠᠨ | ᠲᠤᠮᠤ ᠠᠴᠠ ᠲᠤᠮᠤ᠂ ᠠᠭᠠᠰᠢ ᠠᠷᠠᠨᠰᠢᠨ ᠲᠣᠯᠬᠢᠨᠲ᠋ᠤᠭᠰᠢᠨ᠂ ᠬᠦᠴᠦᠨ ᠴᠢᠳᠠᠯ ᠶᠡᠭᠡ ᠠᠴᠠ ᠶᠡᠭᠡ ᠲᠤᠯᠠ ᠰᠦᠷᠦᠭ | ᠤᠨ ᠮᠠᠩᠯᠠᠢ ᠪᠣᠯᠵᠣ ᠲᠠᠶᠢᠯᠤᠭ ᠪᠠᠶᠢᠬᠤ ᠳᠤ ᠪᠠᠨ ᠲᠤᠮᠤ ᠪᠤᠤᠷ᠎ᠠ ᠢ ᠬᠠᠵᠠᠨ ᠰᠢᠷᠬᠠᠲᠤᠭᠤᠯᠵᠦ ᠲᠡᠪᠢᠰᠦᠨ ᠠᠯᠠᠭᠰᠠᠨ | ᠠᠴᠠ ᠬᠤᠯᠠ ᠤᠶᠢᠷ᠎ᠠ ᠳᠤ ᠴᠤᠤ ᠮᠠᠨᠳᠣᠵᠣ᠂ ᠤᠷᠤᠭᠰᠠᠨ ᠪᠤᠤᠷ᠎ᠠ ᠨᠤᠭᠤᠳ ᠪᠠᠷ᠎ᠠ ᠪᠠᠷ ᠨᠢ ᠵᠠᠶᠢᠯᠠᠵᠦ ᠶᠠᠪᠤᠳᠠᠭ | ᠪᠦᠭᠡᠳ ᠠᠶᠢᠯ ᠠᠶᠢᠮᠠᠭ ᠤᠨ ᠬᠡᠤᠬᠡᠳ ᠪᠠᠭᠠᠴᠤᠤᠯ ︽ᠬᠠᠷ᠎ᠠ ᠪᠤᠤᠷ᠎ᠠ ᠢᠷᠡᠯ᠎ᠡ︾ ᠭᠡᠪᠡᠯ ᠤᠬᠢᠯᠠᠬᠤ ᠪᠠᠨ ᠵᠤᠭᠰᠤᠳᠠᠭ | ᠠᠪᠠᠢ᠃ | ᠦᠨᠦ ᠦᠷᠯᠦᠬᠡ ᠬᠠᠷ᠎ᠠ ᠪᠤᠤᠷ᠎ᠠ ᠤᠶᠠᠭᠠᠨ ᠠᠴᠠ ᠪᠠᠨ ᠠᠷᠠᠢ ᠰᠠᠯᠪᠠ ᠭᠡᠰᠡᠨ ᠮᠠᠶ᠋ᠢᠭ ᠲᠠᠢ ᠪᠡᠶ᠎ᠡ ᠶᠢᠨ | ᠴᠢᠯᠡᠭᠡ ᠭᠠᠷᠭᠠᠨ ᠴᠡᠭᠡᠵᠢ ᠬᠦᠷᠴᠢᠭᠡᠨᠡᠭᠦᠯᠦᠨ ᠰᠢᠳᠤ ᠬᠠᠪᠢᠷᠤᠨ ᠬᠦᠭᠡᠰᠦ ᠰᠠᠬᠠᠷᠠᠭᠤᠯᠤᠨ ᠬᠦᠵᠦᠭᠦᠤ ᠲᠠᠯᠪᠢᠨ | ᠲᠤᠯᠠᠬᠤ ᠨᠢ ᠡᠭᠦᠯᠡ ᠬᠦᠯᠦᠭᠯᠡᠨ ᠳᠠᠯᠠᠢ ᠳᠤ ᠤᠮᠪᠠᠭ᠋ᠤ ᠮᠡᠲᠤ᠃ ᠤᠯᠠᠨ ᠵᠠᠭᠤᠨ ᠭᠠᠩᠭᠠᠩ ᠢᠩᠭᠡ᠂ ᠡᠷᠡᠯᠬᠡᠭ ᠠᠳᠠ | ᠶᠢᠨ ᠳᠣᠮᠳᠠ ᠰᠦᠷᠦᠭ ᠤᠨ ᠲᠦᠷᠦᠭᠦᠤ ᠪᠤᠯᠵᠦ ᠲᠡᠩᠬᠢᠢᠵᠦ ᠶᠠᠪᠤᠭᠰᠠᠨ ᠲᠡᠭᠦᠨ ᠢ ᠢᠳᠡ ᠤᠷᠤᠭ᠎ᠠ ᠶᠢᠨ ᠦᠶ᠎ᠡ ᠳᠤ | ᠡᠵᠡᠨ ᠨᠢ ᠶᠠᠭᠤᠨ ᠳᠤ ᠬᠦᠴᠤ ᠪᠠᠷ ᠰᠠᠯᠭᠠᠵᠦ ᠳᠣᠷ᠎ᠠ ᠬᠦᠰᠡᠯ ᠢ ᠨᠢ ᠬᠠᠰᠢᠵᠦ ᠬᠤᠷᠢᠭᠰᠠᠨ ᠢ ᠤᠭᠲᠤ ᠤᠬᠠᠭᠠᠷᠠᠯ | ᠦᠭᠡᠢ ᠶᠠᠪᠤᠭᠰᠠᠨ ᠬᠠᠷ᠎ᠠ ᠪᠤᠤᠷ᠎ᠠ ᠲᠠᠭᠠᠷᠠᠭᠰᠠᠨ ᠪᠦᠬᠦᠨ ᠢ ᠳᠡᠯᠪᠡ ᠳᠠᠭᠠᠷᠢᠵᠦ ᠦᠷᠢᠲᠦᠭᠰᠡᠨ ᠪᠦᠬᠦᠨ ᠢ ᠨᠢᠴᠠ | ᠭᠢᠰᠬᠢᠵᠦ᠂ ᠣᠶᠢᠷᠠᠲᠤᠭᠰᠠᠨ ᠪᠤᠯᠭᠠᠨ ᠢ ᠬᠡᠮᠬᠡ ᠬᠠᠵᠠᠬᠤ ᠠᠴᠠ ᠦᠯᠦ ᠪᠣᠴᠠᠨᠠᠮ᠃ ᠭᠡᠲᠡᠯ᠎ᠡ ᠰᠣᠷ ᠲᠠᠰᠢᠭᠤᠷ | ᠲᠠᠰᠢᠶ᠎ᠠ ᠤᠷᠤᠭᠤ ᠨᠢ ︽ᠲᠠᠰ ᠨᠢᠰ︾ ᠪᠠᠭᠤᠬᠤ ᠳᠤ ᠯᠡ ᠬᠠᠷ᠎ᠠ ᠪᠤᠤᠷ᠎ᠠ ᠨᠤᠶᠢᠷ ᠠᠴᠠ ᠪᠠᠨ ᠰᠡᠷᠢᠵᠦ ᠡᠵᠡᠨ ᠤ | ᠬᠢᠨᠢ ︽ᠬᠠᠢ︾ ᠬᠡᠬᠦ ᠤᠮᠤᠭᠲᠠᠢ ᠰᠦᠷᠳᠡᠮ᠎ᠡ ᠵᠠᠩᠳᠣᠷᠣᠯᠲᠠ ᠳᠤ ᠵᠡᠭᠦᠳᠦᠨ ᠠᠴᠠ ᠪᠠᠨ ᠰᠠᠯᠵᠦ ᠠᠷᠠᠢ ᠵᠠᠮ ᠢᠶᠠᠨ | ᠣᠯᠵᠦ ᠶᠠᠪᠤᠭ᠎ᠠ ᠠᠵᠠᠢ᠃ ᠢᠳᠡᠷ ᠲᠤ ᠭᠤᠷᠪᠠᠨ ᠭᠠᠶᠢᠬᠠᠭᠤᠯᠬᠤ ᠶᠠᠭᠤᠮ᠎ᠠ ᠲᠠᠢ ᠭᠡᠵᠦ ᠦᠶ᠎ᠡ ᠶᠢᠨ ᠬᠢᠨ | ᠱᠣᠣᠯᠠᠳᠠᠭ᠃ ᠬᠤᠰᠢᠭᠤ ᠨᠠᠶᠢᠷ ᠲᠤ ᠲᠦᠷᠦᠭᠦᠯᠡᠵᠦ ᠬᠤᠲᠠᠯᠠ ᠤᠯᠠᠨ ᠳᠤ ᠪᠢᠰᠢᠷᠡᠭᠳᠡᠭᠰᠡᠨ ᠲᠤᠯᠠ ᠪᠦᠬᠡᠴᠢᠨ ᠢᠶᠠᠷ | ᠢᠶᠠᠨ ᠪᠠᠭ᠋ᠠᠷᠬᠠᠬᠤ ᠨᠢ ᠭᠠᠭᠴᠠ ᠢᠳᠡᠷ ᠪᠤᠰᠤ ᠣᠯᠠᠨ ᠤ ᠪᠠᠭ᠋ᠠᠷᠬᠠᠯ᠃ ᠭᠡᠷ ᠨᠡᠪᠲᠡ ᠭᠡᠬᠡ ᠴᠠᠭᠠᠨ ᠴᠢᠷᠠᠢ ᠲᠠᠢ | ᠬᠠᠴᠠᠷ ᠭᠤᠸ᠎ᠠ ᠪᠦᠰᠡᠭᠦᠢ ᠤᠶᠤᠨ᠎ᠠ ᠪᠠᠷ ᠢᠶᠠᠨ ᠭᠠᠶᠢᠬᠠᠭᠤᠯᠬᠤ ᠨᠢ ᠯᠠᠪᠲᠠᠶᠢᠶ᠎ᠠ ᠢᠳᠡᠷ ᠤᠨ ᠤᠮᠤᠭᠰᠢᠯ᠃ | ᠲᠦᠷᠯᠡᠬᠡᠷ ᠬᠠᠷ᠎ᠠ ᠨᠢᠳᠦ ᠪᠠᠷ ᠢᠶᠠᠨ ᠲᠤᠭᠯᠠᠨ ᠢᠨᠢᠶᠡᠵᠦ᠂ ᠲᠤᠭᠤᠷ ᠤᠨ ᠴᠡᠴᠡᠭ ᠮᠡᠲᠤ ᠤᠷᠤᠭᠤᠯ ᠳᠤ ᠪᠠᠨ | ᠮᠦᠰᠢᠶᠡᠯ ᠬᠠᠳᠠᠭᠠᠯᠠᠵᠦ ᠶᠠᠪᠤᠳᠠᠭ ᠤᠶᠤᠨ᠎ᠠ ᠶᠢ ᠢᠳᠡᠷ ᠦᠵᠡᠮᠡᠭᠴᠡ ᠪᠠᠨ ᠰᠦᠨᠡᠰᠦ ᠪᠠᠨ ᠲᠠᠯᠠᠯᠤᠭᠤᠯᠤᠭᠰᠠᠨ ᠮᠡᠲᠤ | ᠪᠤᠯᠵᠦ ︽ᠡᠶᠢᠮᠦ ᠰᠠᠶᠢᠬᠠᠨ ᠬᠦᠮᠦᠨ ᠢ ᠪᠣᠷᠬᠠᠨ ᠨᠠᠮ᠎ᠠ ᠳᠤ ᠢᠯᠡᠬᠡᠵᠡᠢ︾ ᠬᠡᠵᠦ ᠲᠠᠰᠣ ᠦᠨᠡᠮᠰᠢᠨᠨᠠᠶᠢᠷ ᠤᠨ | ᠲᠠᠯᠠᠪᠠᠢ ᠳᠤ ᠡᠪᠦᠳᠦᠭ ᠰᠢᠷᠣᠶᠢᠳᠠᠭᠠ ᠦᠭᠡᠢ ᠶᠠᠪᠤᠭᠰᠠᠨ ᠵᠤᠷᠢᠭᠲᠤ ᠡᠷ᠎ᠡ ᠮᠠᠨᠢ ᠦᠵᠡᠰᠭᠦᠯᠡᠩᠲᠤ ᠦᠬᠢᠨ ᠤ ᠡᠮᠦᠨ᠎ᠡ | ᠰᠡᠳᠬᠢᠯ ᠨᠢᠯᠬᠠᠷᠠᠨ ᠠᠷᠠᠢ ᠯᠡ ᠰᠦᠭᠦᠷᠡᠭᠰᠡᠨ ᠦᠭᠡᠢ᠃ ᠦᠵᠡᠰᠬᠦᠯᠡᠩᠳᠣ ᠣᠶᠣᠨ᠎ᠠ ᠨᠢ ᠵᠠᠭᠤᠨ ᠡᠷ᠎ᠡ ᠵᠢᠷᠦᠬᠡ | ᠰᠡᠳᠬᠢᠯ ᠢᠶᠠᠨ ᠦᠭᠬᠦᠶ᠎ᠡ ᠭᠡᠵᠦ ᠦᠬᠦᠵᠦ ᠬᠠᠲᠠᠮᠠᠷ ᠭᠤᠶᠤᠭᠰᠠᠨ ᠴᠤ ᠦᠨᠳᠦᠷ ᠰᠦᠷᠯᠢᠭ ᠪᠡᠶ᠎ᠡ ᠲᠠᠢ ᠦᠷᠭᠡᠨ | ᠬᠠᠩᠬᠠᠭᠠᠷ ᠴᠡᠭᠡᠵᠢ ᠲᠠᠢ᠂ ᠰᠡᠳᠬᠢᠯ ᠤᠨ ᠤᠭ ᠠᠴᠠ ᠪᠠᠨ ᠭᠬᠢᠷ ᠦᠭᠡᠢ ᠴᠠᠭᠠᠨ ᠢᠶᠠᠷ ᠢᠶᠠᠨ ᠢᠨᠢᠶᠡᠵᠦ ᠶᠠᠪᠣᠳᠠᠭ | ᠵᠠᠯᠠᠭᠤ ᠭᠠᠴᠣᠷ᠎ᠠ ᠰᠢᠭ᠋ ᠰᠠᠶᠢᠬᠠᠨ ᠪᠡᠶ᠎ᠠ ᠲᠠᠢ ᠰᠢᠯᠤᠭᠤᠨ ᠵᠠᠩ ᠲᠠᠢ ᠢᠳᠡᠷ ᠲᠤ ᠬᠠᠯᠠᠭᠤᠨ ᠬᠠᠷᠠᠴᠠ ᠪᠠᠨ | ᠱᠠᠩᠨᠠᠭᠰᠠᠨ ᠠᠵᠠᠢ᠃ ᠲᠡᠷᠡ ᠡᠪᠦᠯ ᠢᠳᠡᠷ ᠮᠦᠨ ᠬᠦ ᠬᠠᠷ᠎ᠠ ᠪᠣᠣᠷ᠎ᠠ ᠪᠠᠨ ᠲᠡᠰᠢᠬᠦᠯᠦᠭᠰᠡᠬᠡᠷ ᠬᠤᠨᠢᠨ ᠳᠤ ᠶᠠᠪᠣᠭ᠎ᠠ | ᠣᠶᠣᠨ᠎ᠠ ᠶᠢᠨ ᠲᠡᠷᠬᠡᠳᠡ ᠠᠩᠬ᠎ᠠ ᠢᠷᠡᠵᠦ ︽ᠪᠡᠷᠢ ᠲᠠᠢ ᠪᠤᠯᠪᠠᠯ ᠦᠭᠬᠦᠶ᠎ᠡ︾ ᠭᠡᠵᠦ ᠡᠵᠢ ᠶᠢᠨ ᠢᠶᠠᠨ | ᠬᠠᠳᠠᠭᠠᠯᠠᠭᠰᠠᠨ ᠤᠭ᠍ᠶᠤ ᠰᠢᠳᠬᠢᠭᠡᠷᠢ ᠲᠠᠢ ᠮᠦᠩᠭᠦᠨ ᠪᠦᠭᠡᠵᠢ ᠪᠠᠨ ᠤᠶᠤᠨ᠎ᠠ ᠶᠢᠨ ᠰᠦᠮᠪᠦᠨ ᠴᠠᠭᠠᠨ ᠬᠤᠷᠤᠭᠤᠨ | ᠳᠤ ᠬᠦᠷᠵᠡ ᠮᠡᠲᠦ ᠲᠤᠮᠤ ᠭᠠᠷ ᠢᠶᠠᠷ ᠢᠶᠠᠨ ᠡᠪ ᠬᠠᠪᠤ ᠦᠭᠡᠢ ᠵᠡᠭᠦᠯᠭᠡᠨ ᠦᠭᠬᠦ ᠳᠤ ᠪᠦᠬᠡᠴᠢᠨ ᠡᠷ᠎ᠡ ᠶᠢᠨ ᠪᠦᠬᠦ | ᠪᠡᠶ᠎ᠡ ᠴᠡᠴᠡᠷᠡᠵᠦ ᠠᠷᠠᠢ ᠯᠡ ᠮᠡᠳᠡᠭᠡ ᠠᠯᠳᠠᠭᠰᠠᠨ ᠦᠭᠡᠢ᠃ ᠬᠡᠬᠦ ᠳᠤ ᠴᠠᠰᠣ ᠴᠠᠭᠠᠨ ᠴᠢᠷᠠᠢ ᠨᠢ ᠴᠢᠰᠤᠨ ᠣᠯᠠᠭᠠᠨ | ᠪᠤᠯᠵᠦ ᠶᠠᠭᠠᠷᠠᠭᠰᠠᠨ ᠤᠶᠤᠨ᠎ᠠ ᠭᠤᠷᠪᠠ ᠪᠠᠷ ᠲᠠᠷᠤᠭᠤᠯᠤᠭᠰᠠᠨ ᠤᠷᠲᠤ ᠬᠠᠷ᠎ᠠ ᠭᠡᠵᠢᠭᠡ ᠪᠠᠨ ᠤᠷᠤᠯᠳᠣᠵᠦ | ᠵᠤᠭᠰᠣᠬᠤ ᠳᠤ ᠪᠠᠨ ᠮᠦᠨ ᠯᠡ ᠠᠯᠠᠭ ᠨᠢᠳᠤ ᠪᠠᠷ ᠢᠶᠠᠨ ᠠᠶᠠᠳᠠᠶᠢᠬᠠᠨ ᠢᠨᠢᠶᠡᠮᠰᠦᠭᠯᠡᠵᠦ᠂ ᠲᠤᠭᠰᠢᠷᠠᠨ ᠤᠴᠤᠶᠢᠵᠦ | ᠬᠦᠷᠴᠢᠭᠢᠨᠡᠨ ᠬᠦᠷᠬᠢᠷᠡᠬᠦ ᠬᠠᠷ᠎ᠠ ᠪᠤᠤᠷ᠎ᠠ ᠶᠢ ᠨᠢ ᠵᠠᠩᠭᠠᠵᠦ ︽ᠬᠤᠶᠠᠭᠤᠯᠠ ᠪᠠᠨ ᠬᠠᠷ᠎ᠠ ᠪᠤᠤᠷ᠎ᠠ ᠳᠤ ᠪᠠᠨ | ᠰᠣᠨᠳᠠᠯᠠᠵᠣ ᠦᠵᠡᠬᠦ ᠤᠤ︖ ᠭᠠᠭᠴᠠᠭᠠᠷ ᠤᠨᠤᠬᠤ ᠠᠴᠠ ᠠᠶᠤᠨ᠎ᠠ︾ ᠭᠡᠵᠦ ᠨᠠᠮᠬᠠᠨ ᠰᠢᠪᠡᠨᠡᠬᠦ ᠳᠤ ᠢᠳᠡᠷ ᠮᠠᠨᠢ | ᠵᠢᠯᠤᠭᠤ ᠠᠯᠳᠠᠨ ᠬᠡᠭᠡᠷ᠎ᠡ ᠶᠢᠨ ᠰᠠᠯᠬᠢ ᠠᠴᠠ ᠦᠭᠡᠷ᠎ᠡ ᠬᠦᠷᠦᠭᠰᠡᠨ ᠶᠠᠭᠤᠮ᠎ᠠ ᠦᠭᠡᠢ ᠠᠷᠢᠭᠤᠨ ᠭᠤᠸ᠎ᠠ ᠪᠡᠶ᠎ᠡ ᠳᠤ | ᠨᠢ ᠭᠠᠷ ᠬᠦᠷᠴᠦ ᠠᠩᠬᠢᠯᠤᠮ᠎ᠠ ᠲᠤᠷᠭᠠᠨ ᠤᠷᠤᠭᠤᠯ ᠳᠤᠨᠢ ᠤᠷᠤᠭᠤᠯ ᠬᠦᠷᠴᠤ ᠬᠠᠨᠤᠰᠢ ᠦᠭᠡᠢ ᠦᠨᠦᠰᠦᠨ | ᠬᠠᠭᠠᠴᠠᠰᠢ ᠦᠭᠡᠢ ᠲᠡᠪᠡᠷᠢᠯᠳᠦᠭᠰᠡᠨ ᠢᠶᠠᠨ ᠣᠳᠣ ᠡᠷᠬᠢᠨ ᠰᠠᠨᠠᠬᠤ ᠳᠤ ᠪᠤᠯᠴᠢᠩ ᠰᠢᠷᠪᠦᠰᠦ ᠨᠢ ᠴᠢᠩᠭᠠᠷᠠᠵᠣ ᠪᠠᠶᠠᠷ | ᠵᠢᠷᠭᠠᠯ ᠨᠡᠮᠡᠭᠳᠡᠬᠦ ᠮᠡᠲᠤ ᠪᠤᠯᠵᠦ ᠪᠠᠶᠢᠪᠠ᠃ ᠬᠠᠷ᠎ᠠ ᠪᠤᠤᠷ᠎ᠠ ᠨᠢ ᠬᠦᠴᠦ ᠴᠢᠳᠠᠯ ᠬᠦᠳᠡᠷ ᠪᠡᠶ᠎ᠠ ᠪᠠᠷ ᠢᠶᠠᠨ ᠬᠤᠯᠠ | ᠣᠶᠢᠷ᠎ᠠ ᠳᠤ ᠠᠯᠳᠠᠷᠰᠢᠨ ︽ᠣᠰᠣᠨ ᠳᠤ ᠪᠠᠨ ᠪᠠᠶᠢᠪᠠᠯ ᠰᠦᠷᠦᠭ ᠢᠶᠠᠨ ᠴᠢᠮᠡᠳᠡᠭ᠂ ᠣᠣᠭᠤᠭᠠᠳ ᠭᠠᠷᠪᠠᠯ | ᠪᠡᠯᠴᠢᠬᠡᠷ ᠢᠶᠠᠨ ᠴᠢᠮᠡᠳᠡᠭ᠂ ᠣᠶᠠᠭᠠᠨ ᠳᠤ ᠪᠠᠨ ᠪᠠᠶᠢᠪᠠᠯ ᠬᠤᠳᠠ ᠪᠠᠨ ᠴᠢᠮᠡᠳᠡᠭ᠂ ᠣᠨᠣᠭᠠᠳ ᠭᠠᠷᠪᠠᠯ ᠡᠵᠡᠨ ᠢᠶᠠᠨ | ᠴᠢᠮᠡᠳᠡᠭ︾ ᠲᠣᠯᠠ ᠢᠳᠡᠷ ᠤᠨ ᠪᠠᠭ᠋ᠠᠷᠬᠠᠯ ᠪᠣᠯᠬᠤ ᠨᠢ ᠶᠠᠷᠢᠶᠠᠨ ᠦᠬᠡᠢ᠃ ᠦᠨᠡᠨ ᠳᠤ ᠪᠠᠨ ᠢᠳᠡᠷ ᠲᠤ ᠡᠨᠡ | ᠪᠦᠬᠦᠨ ᠠᠴᠠ ᠢᠯᠡᠬᠦᠦ ᠪᠠᠭ᠋ᠠᠷᠬᠠᠯ ᠪᠣᠯᠬᠤ ᠵᠦᠢᠯ ᠪᠠᠰᠠ ᠨᠢᠬᠡᠨ ᠡᠷᠬᠢᠮ ᠵᠦᠢᠯ ᠪᠠᠶᠢᠳᠠᠭ ᠢ ᠦᠶᠡᠴᠣᠣᠯ ᠨᠢ | ᠲᠡᠳᠦᠶᠢᠯᠡ ᠠᠩᠵᠠᠭᠠᠷᠠᠳᠠᠭ ᠦᠬᠡᠢ ᠠᠪᠠᠢ᠃ ᠲᠠᠷᠠ ᠪᠣᠯᠪᠠᠰᠣ ᠲᠡᠬᠦᠨ ᠤ ᠠᠮᠢᠨ ᠬᠠᠶᠢᠷᠠᠳᠠᠢ ᠨᠣᠳᠤᠭ ᠣᠰᠣᠨ | ᠪᠦᠯᠦᠬᠡ᠃ ᠡᠨᠡ ᠨᠣᠳᠤᠭ ᠤᠨ ᠠᠯᠳᠠᠨ ᠰᠢᠷᠣᠢ ᠳᠤ ᠣᠨᠠᠵᠣ᠂ ᠷᠠᠰᠢᠶᠠᠨ ᠣᠰᠣ ᠶᠢ ᠨᠢ ᠣᠣᠭᠤᠵᠣ᠂ ᠠᠷᠢᠭᠤᠨ | ᠠᠭᠠᠷ ᠢ ᠨᠢ ᠠᠮᠢᠰᠬᠤᠵᠣ ᠦᠰᠦᠭᠰᠡᠨ ᠤ ᠬᠢ ᠪᠣᠯᠪᠠᠣ ᠳ᠋ᠠ᠂ ᠨᠣᠳᠤᠭ ᠣᠰᠣᠨ ᠳᠤ ᠪᠠᠨ ᠬᠡᠳᠦᠷᠬᠡᠢ ᠬᠠᠶᠢᠷ᠎ᠠ | ᠬᠦᠷᠳᠡᠭ ᠨᠢ ᠢᠳᠡᠷ ᠤᠨ ᠦᠨᠢᠳᠡ ᠶᠢᠨ ᠠᠷᠠᠨᠰᠢᠨ ᠪᠢᠯᠡ᠃ ᠡᠨᠡ ᠨᠣᠳᠤᠭ ᠨᠢ ᠪᠦᠬᠡᠴᠢᠨ ᠢᠳᠡᠷ ᠲᠤ ᠬᠤᠷᠸ᠎ᠠ ᠶᠢᠨ | ᠬᠠᠮᠢᠭ᠎ᠠ ᠠᠴᠠ ᠴᠣ᠋ ᠣᠯᠳᠠᠰᠢ ᠦᠬᠡᠢ ᠢᠳᠡᠬᠡᠰᠢᠨ ᠲᠠᠰᠣᠭᠰᠠᠨ ᠦᠵᠡᠰᠬᠦᠯᠡᠩᠳᠣ ᠨᠣᠳᠤᠭ ᠨᠢ ᠪᠣᠯᠬᠤ ᠶᠣᠮ᠃ ᠡᠨᠡ | ᠨᠣᠳᠤᠭ ᠲᠤ ᠠᠭᠤᠯᠠ ᠭᠤᠣᠯ ᠲᠠᠯ᠎ᠠ ᠬᠡᠵᠦ ᠦᠬᠡᠢ᠃ ᠬᠠᠷᠢᠨ ᠮᠠᠩᠬ᠎ᠠ ᠵᠢᠯᠠᠭ᠎ᠠ᠂ ᠲᠣᠪᠤ ᠲᠣᠯᠣᠭᠠᠳ᠂ ᠲᠡᠪᠡᠭᠡ | ᠬᠤᠩᠬᠤᠷ᠂ ᠪᠦᠷᠢᠳᠣ ᠴᠢᠬᠢᠭ ᠲᠠᠢ ᠪᠣᠷᠣᠬᠠᠨ ᠬᠦᠳᠡᠭᠡ ᠪᠣᠶᠢᠳᠠ ᠭᠤᠪᠢ ᠪᠢᠯᠡ᠃ ᠬᠡᠬᠦ ᠳᠤ ᠠᠳᠡ ᠶᠡᠷᠳᠢᠨᠴᠦ ᠶᠢᠨ | ᠣᠷᠭᠤᠮᠠᠯ ᠪᠦᠬᠦᠨ ᠬᠤᠷᠠᠨ ᠴᠣᠭᠯᠠᠷᠠᠭᠰᠠᠨ ᠮᠡᠳᠣ ᠡᠯᠳᠡᠪ ᠶᠠᠩᠵᠣ ᠵᠢᠨᠡᠪᠡᠰᠣ ᠴᠡᠴᠡᠭ᠂ ᠣᠯᠠᠨ ᠵᠣᠶᠢᠯ ᠤᠨ ᠮᠣᠳᠣ | ᠪᠣᠷᠭᠠᠰᠣ ᠣᠷᠭᠤᠵᠣ᠂ ᠲᠠᠪᠣᠨ ᠰᠦᠷᠦᠭ ᠤᠨ ᠲᠠᠭᠠᠳᠠᠢ ᠢᠳᠡᠰᠢ ᠪᠣᠯᠵᠣ ᠪᠠᠶᠢᠳᠠᠭ᠃ ᠵᠦᠢᠯ ᠵᠦᠢᠯ ᠤᠨ ᠠᠮᠢᠳᠠᠨ | ᠭᠤᠣᠯᠳᠠᠨ ᠣᠷᠣᠰᠢᠨ ᠰᠠᠭᠤᠵᠣ ᠠᠮᠢᠳᠣᠷᠠᠯ ᠣᠨᠳᠣᠷᠣᠯ ᠢᠶᠠᠨ ᠬᠢᠳᠡᠭ᠃ ᠨᠡᠩ ᠴᠣ᠋ ᠮᠦᠩᠬᠡ ᠨᠣᠭᠤᠭᠠᠨ ᠠᠷᠴᠠ | ᠮᠣᠳᠣ ᠠᠳᠡ ᠨᠣᠳᠣᠭᠯᠠᠵᠦ ᠵᠢᠯ ᠤᠨ ᠲᠦᠷᠪᠡᠨ ᠣᠯᠠᠷᠢᠯ ᠳᠤ ᠲᠣᠪᠤ ᠲᠣᠯᠣᠭᠠᠳ ᠢᠶᠠᠨ ᠴᠢᠮᠡᠨ ᠮᠦᠩᠬᠡ | ᠨᠣᠭᠤᠭᠠᠷᠠᠳᠠᠭ ᠨᠢ ᠦᠬᠡᠷ᠎ᠡ ᠬᠠᠮᠢᠭ᠎ᠠ ᠴᠣ᠋ ᠦᠬᠡᠢ ᠪᠣᠶ ᠶᠠ᠃ ᠬᠠᠷᠢᠶᠠᠴᠠᠢ ᠪᠣᠷᠬᠠᠨ ᠪᠠᠭᠰᠢ ᠠᠴᠠ ᠮᠦᠩᠬᠡ ᠶᠢᠨ | ᠷᠠᠰᠢᠶᠠᠨ ᠢ ᠭᠤᠶᠣᠨ ᠣᠯᠵᠣ ᠬᠦᠮᠦᠨ ᠳᠤ ᠠᠪᠴᠢᠷᠠᠬᠤ ᠵᠠᠮ ᠳᠤ ᠪᠠᠨ ᠣᠰᠣᠯᠳᠠᠵᠣ ᠠᠷᠴᠠᠨ ᠮᠣᠳᠣᠨ ᠲᠡᠬᠡᠷ᠎ᠡ | ᠠᠰᠠᠬᠠᠯᠠ ᠬᠡᠳᠡᠭ ᠦᠯᠢᠬᠡᠷ ᠢ ᠢᠳᠡᠷ ᠲᠠᠩᠴᠦ ᠦᠨᠡᠮᠰᠢᠵᠦ ᠶᠠᠪᠣᠳᠠᠭ ᠠᠵᠠᠢ᠃ ᠠᠷᠴᠠ ᠡᠨᠡ ᠨᠣᠳᠤᠭ ᠤᠨ ᠡᠷᠳᠡᠨᠢ | ᠪᠣᠯᠬᠤᠷ ᠨᠣᠳᠤᠭ ᠤᠨ ᠬᠦᠮᠦᠰ ᠴᠣ᠋ ᠮᠠᠰᠢᠳᠠ ᠬᠢᠮᠠᠭᠠᠳᠠᠨ ᠬᠠᠶᠢᠷᠠᠯᠠᠵᠣ ᠮᠠᠯ ᠣᠨᠤᠭ᠎ᠠ ᠪᠠᠷ ᠰᠦᠢᠳᠦᠬᠦᠯᠳᠡᠭ ᠦᠬᠡᠢ᠂ | ᠬᠦᠮᠦᠨ ᠬᠠᠷ᠎ᠠ ᠪᠠᠷ ᠡᠪᠳᠡᠬᠦᠯᠳᠡᠭ ᠦᠬᠡᠢ ᠵᠠᠩ ᠵᠢᠷᠣᠮ ᠲᠠᠢ ᠪᠣᠯᠵᠠᠢ᠃ ᠬᠦᠮᠦᠰ ᠭᠠᠯ ᠪᠣᠷᠬᠠᠨ ᠪᠣᠶᠣ ᠲᠦᠯᠡᠰᠢ | ᠲᠣᠶ᠋ᠢᠩ ᠳᠤ ᠠᠷᠴᠠ ᠡᠷᠬᠦᠬᠦ ᠬᠡᠮᠡᠨ ᠠᠪᠬᠤ ᠪᠣᠯᠪᠠᠴᠣ ᠬᠠᠳᠠᠵᠣ ᠣᠨᠠᠭᠰᠠᠨ ᠦᠴᠦᠬᠡᠨ ᠰᠠᠯᠠᠭ᠎ᠠ ᠨᠠᠮᠠᠭ᠎ᠠ ᠶᠢ ᠠᠳᠢᠰ | ᠪᠣᠯᠭᠠᠨ ᠠᠪᠳᠠᠭ ᠠᠴᠠ ᠪᠣᠰᠣ ᠬᠤᠭᠤᠴᠢᠨ ᠲᠠᠰᠣᠯᠠᠬᠤ ᠶᠢ ᠡᠷᠡᠰ ᠴᠡᠬᠡᠷᠯᠡᠳᠡᠭ ᠪᠠᠶᠢᠯ᠎ᠠ᠃ ᠴᠠᠭᠠᠨ ᠮᠠᠩᠬ᠎ᠠ ᠨᠢ | ᠨᠣᠭᠤᠭᠠᠨ ᠠᠷᠴᠠ ᠳᠤ ᠪᠦᠷᠬᠦᠭᠳᠡᠨ ᠬᠤᠪᠢ ᠶᠢᠨ ᠭᠠᠳᠠᠨ᠎ᠠ ᠦᠵᠡᠰᠬᠦᠯᠡᠩᠳᠡᠢ ᠲᠣᠯᠠ ᠡᠨᠡ ᠨᠣᠳᠤᠭ ︽ᠠᠷᠴᠠᠨ | ᠪᠡᠷᠬᠡ︾ ᠬᠡᠮᠡᠨ ᠠᠯᠳᠠᠷᠰᠢᠭᠰᠠᠨᠠᠪᠠᠢ᠃ ᠨᠣᠳᠤᠭ ᠣᠰᠣ ᠨᠢ ᠢᠳᠡᠷ ᠲᠤ ᠡᠷ᠎ᠡ ᠶᠢᠨ ᠬᠡᠶᠢᠮᠦᠷᠢ ᠦᠭᠴᠦ ᠡᠩᠬᠦᠷᠡᠢ | ᠭᠤᠸ᠎ᠠ ᠪᠦᠰᠡᠬᠦᠢ ᠲᠦᠷᠦᠬᠦᠯᠵᠦ ᠡᠩᠬᠡ ᠲᠣᠩᠬᠠ ᠶᠠᠪᠣᠭᠤᠯᠵᠣ ᠦᠩᠬᠡ ᠲᠠᠢ ᠦᠬᠡᠳᠡ ᠲᠠᠢ ᠵᠢᠷᠭᠠᠭᠤᠯᠵᠣ ᠪᠠᠶᠢᠭ᠎ᠠ | ᠪᠦᠯᠦᠬᠡ᠃ ᠢᠳᠡᠷ᠂ ᠣᠶᠣᠨ᠎ᠠ ᠡᠨᠡ ᠨᠣᠳᠤᠭ ᠤᠨ ᠣᠣᠭᠠᠯ ᠪᠦᠬᠡᠳ ᠬᠠᠷ᠎ᠠ ᠪᠣᠣᠷ᠎ᠠ ᠴᠣ᠋ ᠡᠨᠡ ᠨᠣᠳᠤᠭ ᠤᠨ | ᠪᠣᠳᠣᠭᠤ ᠠᠵᠣᠭᠤ᠃ ᠦᠨᠦᠳᠦᠷ ᠴᠣ᠋ ᠬᠡᠰᠡᠨ ᠠᠷᠴᠠᠨ ᠪᠡᠷᠬᠡ ᠨᠢ ᠡᠪᠦᠯ ᠤᠨ ᠬᠦᠢᠳᠡᠨ ᠰᠢᠭᠤᠷᠭ᠎ᠠ ᠶᠢ ᠦᠯᠦ | ᠣᠶᠢᠰᠢᠶᠠᠨ ᠲᠣᠪᠤ ᠲᠣᠯᠣᠭᠠᠳ ᠢ ᠪᠦᠷᠬᠦᠨ ᠠᠯᠣᠰ ᠬᠤᠯᠠ ᠠᠴᠠ ᠰᠦᠮᠡᠨ ᠰᠦᠮᠡᠨ ᠬᠠᠷᠠᠯᠠᠨ ᠨᠣᠭᠤᠭᠠᠷᠠᠬᠤ ᠠᠵᠠᠢ᠃ | | ᠲᠦᠮᠡᠨ ᠭᠠᠵᠠᠷ ᠲᠣᠪᠳᠣᠯᠪᠠᠴᠣ ᠲᠣᠶᠢᠯᠳᠣᠨ ᠶᠠᠳᠠᠷᠠᠬᠤ ᠶᠢ ᠦᠯᠦ ᠮᠡᠳᠡᠬᠦ ᠲᠣᠭᠰᠢᠨ ᠬᠠᠷ᠎ᠠ ᠪᠣᠣᠷ᠎ᠠ ᠨᠢ | ᠪᠦᠮ ᠪᠦᠮ ᠲᠡᠰᠢᠬᠦᠯᠦᠭᠰᠡᠬᠡᠷ ᠪᠦᠬᠡᠴᠢᠨ ᠢᠳᠡᠷ ᠤᠨ ᠡᠷᠬᠢᠮᠨᠡᠨ ᠰᠢᠳᠣᠳᠡᠭ ᠠᠷᠴᠠᠨ ᠪᠡᠷᠬᠡ ᠬᠦᠷᠴᠦ ᠢᠷᠡᠯ᠎ᠡ᠃ | ᠮᠦᠩᠬᠡ ᠨᠣᠭᠤᠭᠠᠨ ᠠᠷᠴᠠ ᠵᠡᠯᠡᠯᠡᠨ ᠣᠷᠭᠤᠵᠣ ᠭᠠᠵᠠᠷ ᠤᠨ ᠬᠦᠷᠦᠰᠦ ᠶᠢ ᠨᠣᠭᠤᠭᠠᠨᠲ᠋ᠣᠷᠭᠠᠨ ᠬᠦᠨᠵᠢᠯᠡ ᠪᠠᠷ | ᠦᠪᠴᠢ ᠪᠦᠳᠡᠬᠡᠭᠰᠡᠨ ᠮᠡᠳᠣ᠃ ᠲᠠᠣᠯᠠᠢ ᠭᠤᠷᠭᠤᠣᠯ ᠪᠣᠯᠵᠣᠮᠣᠷ ᠰᠢᠪᠠᠭᠤ ᠵᠡᠷᠬᠡ ᠠᠮᠢᠳᠠᠨ ᠭᠤᠣᠯᠳᠠᠨ ᠠᠷᠴᠠᠨ | ᠲᠣᠳᠣᠷ᠎ᠠ ᠨᠢᠭᠤᠭᠳᠠᠨ ᠬᠤᠷᠭᠤᠳᠠᠵᠣ᠂ ᠰᠠᠯᠬᠢ ᠲᠣᠭᠤᠰᠣ ᠦᠴᠦᠬᠡᠨ ᠴᠣ᠋ ᠬᠦᠳᠡᠯᠬᠦ ᠦᠬᠡᠢ᠂ ᠬᠠᠮᠢᠭᠠᠰᠢ | ᠬᠠᠷᠠᠭᠰᠠᠨ ᠴᠣ᠋ ᠨᠠᠯ ᠨᠣᠭᠤᠭᠠᠨ ᠴᠡᠯ ᠬᠦᠬᠡ ᠠᠵᠠᠢ᠃ ᠮᠦᠩᠬᠡ ᠠᠷᠴᠠ ᠠᠴᠠ ᠠᠩᠬᠢᠯᠬᠤ ᠠᠷᠢᠭᠤᠨ ᠰᠠᠶᠢᠬᠠᠨ | ᠦᠨᠦᠷ ᠬᠠᠮᠠᠷ ᠠᠮᠠ ᠪᠠᠷ ᠨᠢ ᠣᠷᠣᠵᠣ ᠵᠢᠷᠦᠬᠡ ᠰᠡᠳᠬᠢᠯ ᠳᠤ ᠨᠢ ᠰᠢᠩᠬᠡᠬᠦᠶᠡ ᠢᠳᠡᠷ ᠤᠨ ᠰᠡᠳᠬᠢᠯ ᠵᠢᠷᠦᠬᠡ ᠣᠯᠠᠮ | ᠴᠡᠪᠡᠷ ᠠᠷᠢᠭᠤᠨ ᠪᠣᠯᠬᠤ ᠮᠠᠳᠣ᠃ ᠠᠷᠭ᠎ᠠ ᠦᠬᠡᠢ ᠳ᠋ᠠ᠂ ᠪᠣᠷᠬᠠᠨ ᠤ ᠡᠮᠦᠨ᠎ᠡ ᠣᠩᠭᠠᠰᠬᠠᠳᠠᠭ ᠠᠩᠬᠢᠯᠣᠮ᠎ᠠ | ᠦᠨᠦᠷᠳᠡᠨ ᠰᠢᠦ ᠳ᠋ᠠ᠃ ᠡᠨᠡ ᠨᠣᠳᠤᠭ ᠲᠤ ᠯᠡ ᠴᠣᠬᠤᠮ ᠡᠨᠡ ᠨᠣᠳᠤᠭ ᠲᠤ ᠯᠡ ᠡᠶᠢᠮᠦᠷᠬᠦ ᠠᠷᠢᠭᠤᠨ ᠲᠠᠭᠰᠢᠨ | ᠶᠠᠭᠤᠮ᠎ᠠ ᠪᠠᠶᠢᠳᠠᠭ ᠠᠵᠠᠢ᠃ ᠠᠷᠴᠠ ᠶᠢᠨ ᠦᠨᠦᠷ ᠠᠩᠬᠢᠯᠣᠭᠰᠠᠨ ᠪᠣᠷᠬᠠᠨ ᠪᠣᠮᠪᠠ ᠶᠢᠨ ᠣᠷᠣᠨ ᠦᠬᠡᠷ᠎ᠡ ᠬᠠᠮᠢᠭ᠎ᠠ | ᠪᠠᠶᠢᠨ᠎ᠠ ᠬᠡᠳᠡᠭ ᠢ ᠢᠳᠡᠷ ᠶᠠᠷᠦ ᠰᠣᠨᠣᠰᠤᠭ᠎ᠠ ᠦᠬᠡᠢ᠃ ᠡᠬᠦᠨ ᠠᠴᠠ ᠰᠠᠶᠢᠬᠠᠨ ᠨᠣᠳᠤᠭ ᠪᠠᠶᠢᠨ᠎ᠠ ᠬᠡᠵᠦ ᠬᠠᠷ᠎ᠠ | ᠪᠣᠣᠷ᠎ᠠ ᠴᠣ᠋ ᠰᠠᠨᠠᠳᠠᠭ ᠦᠬᠡᠢ ᠨᠢ ᠡ ᠁ | ᠠᠷᠴᠠ ᠶᠢᠨ ᠦᠨᠦᠷ ᠲᠠᠢ ᠰᠠᠯᠬᠢ ᠵᠠᠯᠬᠢᠯᠠᠵᠣ ᠶᠠᠪᠣᠭᠰᠠᠨ ᠢᠳᠡᠷ᠂ ᠬᠠᠷ᠎ᠠ ᠪᠣᠣᠷ᠎ᠠ ᠬᠤᠶᠠᠭᠤᠯᠠ ᠨᠣᠳᠤᠭ ᠤᠨ ᠵᠠᠬ᠎ᠠ | ᠳᠤ ᠬᠦᠷᠴᠦ ᠪᠣᠷᠭᠠᠰᠣᠳᠣ ᠵᠢᠯᠠᠭ᠎ᠠ ᠶᠢ ᠲᠠᠪᠠᠵᠣ ᠪᠠᠶᠠᠨᠳᠣᠬᠤᠢ ᠬᠡᠮᠡᠬᠦ ᠭᠠᠵᠠᠷ ᠢ ᠵᠣᠷᠢᠪᠠ᠃ ᠪᠠᠶᠠᠨᠳᠣᠬᠤᠢ ᠬᠡᠳᠡᠭ | ᠡᠨᠡ ᠭᠠᠵᠠᠷ ᠲᠠᠪᠢᠨ ᠵᠢᠯ ᠤᠨ ᠲᠡᠷᠳᠡᠭᠡ ᠮᠣᠩᠭᠤᠯ ᠨᠣᠳᠤᠭ ᠪᠠᠶᠢᠭᠰᠠᠨ ᠪᠣᠯᠪᠠᠴᠣ ᠣᠯᠠᠭᠠᠨ ᠮᠠᠯᠠᠭᠠᠶᠢᠳᠠᠨ ᠤ | ᠣᠷᠪᠠᠯᠭᠠᠨ ᠠᠴᠠ ᠪᠣᠯᠵᠣ ᠮᠣᠩᠭᠤᠯᠴᠣᠳ ᠨᠣᠳᠤᠭ ᠠᠴᠠ ᠪᠠᠨ ᠰᠠᠯᠵᠦ ᠣᠮᠠᠷᠠᠰᠢ ᠲᠦᠷᠪᠡᠭᠰᠡᠨ ᠳᠤ ᠬᠢᠳᠡᠳ | ᠲᠡᠷᠢᠶᠡᠴᠢᠨ ᠢᠷᠡᠵᠦ ᠭᠠᠵᠠᠷ ᠰᠡᠨᠳᠡᠯᠡᠨ ᠭᠠᠭ᠋ᠠᠢ ᠮᠠᠯᠯᠠᠨ ᠰᠠᠭᠤᠷᠢᠰᠢᠭᠰᠠᠨ ᠠᠵᠠᠢ᠃ | ᠪᠠᠶᠠᠨᠳᠣᠬᠤᠢ ᠶᠢᠨ ᠪᠠᠷ᠎ᠠ ᠣᠶᠢᠷᠠᠳᠣᠬᠤ ᠳᠤ ᠢᠳᠡᠷ ᠪᠠᠶᠠᠰᠴᠦ ᠬᠠᠷ᠎ᠠ ᠪᠣᠣᠷ᠎ᠠ ᠳᠤ ᠪᠠᠨ ᠲᠠᠰᠢᠭᠤᠷ | ᠨᠡᠮᠡᠬᠦᠶᠡ ᠡᠵᠡᠨ ᠤ ᠪᠠᠨ ᠰᠠᠨᠠᠭ᠎ᠠ ᠶᠢ ᠤᠶᠢᠯᠠᠭᠠᠭᠰᠠᠨ ᠬᠠᠷ᠎ᠠ ᠪᠣᠣᠷ᠎ᠠ ᠬᠦᠷᠴᠢᠭᠢᠨᠡᠬᠦ ᠳᠠᠭᠤ ᠪᠠᠨ ᠬᠤᠯᠠ ᠳᠤ | ᠰᠣᠨᠤᠷᠲᠤᠭᠤᠯᠤᠨ ᠯᠡᠭᠰᠡᠭ ᠯᠡᠭᠰᠡᠭ ᠲᠡᠰᠢᠬᠦᠯᠪᠡ᠃ ᠬᠢᠲᠠᠳᠢᠷᠬᠡᠨ ᠪᠦᠭᠡᠮᠨᠡᠷᠡᠨ ᠰᠠᠭᠤᠳᠠᠭ ᠵᠠᠩᠰᠢᠯ ᠲᠠᠢ | ᠪᠦᠭᠡᠳ ᠬᠦᠮᠦᠨ ᠤᠯᠠᠨ ᠬᠦᠭᠵᠢᠶᠡᠨ ᠶᠡᠭᠡ ᠪᠠᠶᠢᠵᠦ ᠮᠠᠯ ᠤᠨᠤᠭ᠎ᠠ ᠶᠢᠨ ᠳᠠᠭᠤ ᠪᠤᠰᠤ ᠬᠠᠷᠢᠨ ᠨᠤᠭᠤᠰᠤ ᠭᠠᠯᠠᠭᠤ᠂ | ᠡᠯᠵᠢᠭᠡ ᠭᠠᠭ᠋ᠠᠢ ᠶᠢᠨ ᠳᠠᠭᠤ᠂ ᠲᠠᠷᠢᠶᠠᠴᠢᠨ ᠡᠮᠡᠭᠲᠠᠶᠢᠴᠤᠤᠳ ᠤᠨ ᠬᠤᠭᠤᠯᠠᠢ ᠰᠢᠬᠠᠨ ᠬᠠᠰᠬᠢᠷᠣᠯᠳᠣᠬᠤ ᠲᠠᠭᠤ | ᠬᠤᠯᠠ ᠠᠴᠠ ᠰᠤᠨᠤᠰᠳᠠᠨᠠᠮ᠃ ᠢᠳᠡᠷ ᠪᠤᠷᠠᠨᠲᠠᠭ ᠢᠶᠠᠨ ᠲᠠᠲᠠᠵᠦ᠂ ᠪᠦᠳᠦᠬᠦᠨᠲ᠋ᠠᠰᠢᠭᠤᠷ ᠢᠶᠠᠷ ᠢᠶᠠᠨ ᠬᠠᠷ᠎ᠠ ᠪᠤᠤᠷ᠎ᠠ | ᠶᠢᠨ ᠲᠠᠰᠢᠶ᠎ᠠ ᠤᠷᠣᠭᠤ ᠬᠤᠶᠠᠷᠲᠠ ᠴᠢᠩᠭ᠎ᠠ ᠰᠢᠪᠰᠢᠷᠳᠠᠭᠰᠠᠨ ᠳᠤ ᠬᠠᠷ᠎ᠠ ᠪᠤᠤᠷ᠎ᠠ ᠬᠤᠷᠳᠣᠴᠠ ᠪᠠᠨ ᠰᠠᠭᠠᠷᠠᠭᠤᠯᠵᠣ | ᠳ᠋ᠦᠮᠡᠨ ᠳ᠋ᠦᠮᠡᠨ ᠠᠯᠬᠤᠯᠠᠵᠦ ᠲᠣᠭᠰᠢᠨ ᠰᠦᠷ ᠢᠶᠠᠨ ᠮᠠᠨᠳᠣᠭᠤᠯᠣᠭᠰᠠᠭᠠᠷ ᠠᠶᠢᠯ ᠤᠷᠤᠭᠤ ᠤᠷᠤᠪᠠ᠃ ᠠᠪᠤᠷᠭᠤ | ᠲᠡᠮᠡᠭᠡ ᠶᠢ ᠬᠠᠷᠠᠭᠰᠠᠨ ᠠᠶᠢᠯ ᠤᠨ ᠤᠶᠠᠭᠠᠨ ᠳᠠᠬᠢ ᠯᠠᠭᠤᠰᠠ ᠡᠯᠵᠢᠬᠡ ᠴᠢᠳᠬᠦᠷ ᠬᠠᠷᠠᠭᠰᠠᠨ ᠮᠡᠲᠦ ᠠᠶᠣᠵᠣ | ᠰᠤᠴᠢᠨ ᠣᠶᠠᠳᠠᠯ ᠨᠣᠭᠳᠣ ᠪᠠᠨ ᠲᠠᠰᠣᠳᠠᠨ ᠣᠶᠠᠭ᠎ᠠ ᠪᠣᠯᠠᠭ᠎ᠠ ᠪᠠᠨ ᠴᠢᠷᠦᠨ ᠭᠤᠳ ᠲᠣᠳᠠᠭᠠᠬᠤᠶᠠ ᠨᠤᠬᠠᠢ ᠬᠤᠴᠠᠨ | ᠂ ᠨᠤᠭᠤᠰᠤ ᠭᠠᠭᠠᠯᠠᠨ ᠱᠣᠣᠭᠢᠶᠠᠨ ᠲᠡᠭᠳᠡᠪᠡᠢ᠃ ᠡᠨᠡ ᠦᠶ᠎ᠡ ᠳᠤ ᠡᠷᠦᠬᠡ ᠪᠦᠷᠢ ᠠᠴᠠ ᠡᠮᠡᠰ ᠬᠡᠤᠬᠡᠳ ᠭᠦᠶᠦᠯᠳᠦᠨ | ᠭᠠᠷᠴᠤ ᠢᠷᠡᠨ ᠦᠢᠮᠡᠭᠡᠨ ᠲᠡᠪᠵᠢᠶᠡᠨ ᠪᠤᠯᠵᠦ ᠲᠠᠶᠢᠨᠡᠭᠦᠰᠦᠭᠰᠡᠨ ᠠᠴᠠ ᠲᠣᠣᠷ᠎ᠠ ᠦᠬᠡᠢ ᠱᠤᠤᠬᠢᠯᠳᠣᠪᠠ᠃ ᠡᠨᠡ | ᠪᠠᠶᠢᠳᠠᠯ ᠢ ᠬᠠᠷᠠᠭᠰᠠᠨ ᠬᠠᠷ᠎ᠠ ᠪᠤᠤᠷ᠎ᠠ ᠨᠡᠩᠲᠡ ᠰᠣᠷᠲᠤᠭᠤᠯᠠᠬᠤ ᠮᠡᠲᠦ ᠳᠦᠷᠪᠡᠯᠵᠢᠯᠡᠭᠦᠯᠬᠦ ᠨᠢ ᠪᠦᠬᠡᠴᠢᠨ ᠢᠳᠡᠷ ᠤᠨ | ᠢᠨᠢᠶᠡᠳᠦ ᠶᠢ ᠬᠦᠷᠭᠡᠨ ᠣᠮᠤᠭ ᠢ ᠬᠦᠭᠵᠢᠬᠡᠬᠦ ᠪᠦᠯᠦᠬᠡ᠃ | ᠠᠪᠣᠷᠭᠤ ᠲᠡᠮᠡᠭᠡ ᠶᠢ ᠠᠩᠬ᠎ᠠ ᠬᠠᠷᠠᠭᠰᠠᠨ ᠲᠠᠷᠢᠶᠠᠴᠢᠨ ᠠᠶᠢᠯ ᠤᠨ ᠬᠢᠨ ᠳᠣᠣᠷ᠎ᠠ ᠪᠠᠨ ᠠᠳᠡ ᠲᠡᠨᠳᠡ | ᠠᠴᠠ ᠪᠦᠭᠡᠮᠨᠡᠷᠡᠨ ᠢᠷᠡᠵᠦ ᠬᠠᠷ᠎ᠠ ᠪᠣᠣᠷ᠎ᠠ ᠶᠢ ᠭᠠᠶᠢᠬᠠᠨ ᠬᠠᠷᠠᠵᠦ ᠨᠠᠶᠢᠷ ᠨᠠᠭᠠᠳᠤᠮ ᠪᠤᠯᠤᠭᠰᠠᠨ ᠮᠡᠳᠦ ᠴᠤᠭᠯᠠᠷᠠᠯ᠎ᠠ᠃ | ᠬᠡᠤᠬᠡᠳ ᠮᠤᠳᠤ ᠰᠢᠳᠠᠮ᠂ ᠰᠢᠪᠠᠷ ᠴᠢᠯᠠᠭᠤ ᠪᠠᠷᠢᠵᠦ ᠲᠤᠮᠤᠴᠤᠤᠯ ᠤᠨ ᠢᠶᠠᠨ ᠠᠷᠤ ᠳᠤ ᠵᠤᠭᠰᠤᠨ ᠬᠠᠷ᠎ᠠ ᠪᠤᠤᠷ᠎ᠠ | ᠶᠢ ᠪᠢᠴᠢᠬᠠᠨ ᠬᠤᠷᠣᠭᠤ ᠪᠠᠷ ᠢᠶᠠᠨ ᠵᠢᠭᠠᠵᠣ ᠭᠠᠶᠢᠬᠠᠰᠢᠷᠠᠨ ᠰᠢᠷᠲᠡᠨ᠎ᠡ᠃ ᠬᠢᠲᠠᠳ ᠡᠮᠡᠰ ᠨᠠᠷᠢᠨ ᠦᠨᠳᠦᠷ ᠳᠠᠭᠤᠨ | ᠢᠶᠠᠷ ᠦᠷᠢᠰᠦᠨ ᠬᠠᠰᠭᠢᠷᠤᠯᠳᠣᠵᠦ ᠬᠡᠤᠬᠡᠳ ᠢᠶᠠᠨ ︽ᠲᠡᠮᠡᠭᠡᠨ ᠳᠤ ᠪᠤᠤ ᠤᠶᠢᠷᠠᠳᠣ︾ ᠬᠡᠮᠡᠨ ᠴᠢᠩᠭ᠎ᠠ ᠵᠠᠬᠢᠨ᠎ᠠ᠃ | ᠡᠷᠡᠴᠣᠣᠯ ᠨᠢ ᠬᠠᠷ᠎ᠠ ᠪᠤᠤᠷ᠎ᠠ᠂ ᠪᠦᠬᠡᠴᠢᠨ ᠡᠷ᠎ᠡ ᠶᠢᠨ ᠰᠦᠷᠯᠢᠭ ᠲᠤᠮᠤ ᠶᠢ ᠠᠲᠠᠭᠠᠷᠬᠠᠬᠤ ᠮᠡᠲᠤ ᠬᠠᠷᠠᠵᠦ ᠦᠯᠦ | ᠲᠣᠭᠤᠮᠰᠣᠷᠯᠠᠬᠤ ᠪᠠᠶᠢᠳᠠᠯ ᠭᠠᠷᠭᠠᠪᠠᠴᠦ ᠭᠠᠶᠢᠬᠠᠬᠤ ᠪᠠᠶᠢᠳᠠᠯ ᠢᠶᠠᠨ ᠨᠢᠭᠤᠵᠣ ᠲᠡᠶᠢᠯᠬᠦ ᠦᠬᠡᠢ ᠪᠠᠶᠢᠪᠠ᠃ ᠢᠳᠡᠷ | ᠲᠡᠮᠡᠭᠡ ᠪᠠᠨ ᠰᠦᠭᠦᠳᠭᠡᠯ ᠦᠭᠡᠢ ᠪᠠᠷ ᠭᠤᠯᠭᠤᠷᠢᠨ ᠪᠠᠭᠤᠵᠦ ᠲᠠᠰᠢᠭᠤᠷ ᠢᠶᠠᠨ ᠮᠦᠨ ᠲᠡᠮᠡᠭᠡᠨ ᠳᠤ ᠪᠠᠨ | ᠦᠵᠡᠭᠦᠯᠦᠨ ᠴᠢᠩᠭ᠎ᠠ ᠵᠠᠩᠳᠣᠷᠴᠤ ᠨᠤᠮᠤᠬᠠᠨ ᠪᠠᠶᠢᠬᠤ ᠶᠢ ᠰᠠᠨᠠᠭᠤᠯᠵᠣ ᠪᠠᠶᠢᠪᠠ᠃ ᠬᠠᠷ᠎ᠠ ᠪᠤᠤᠷ᠎ᠠ ᠶᠢᠨ ᠲᠤᠭᠰᠢᠨ | ᠰᠦᠷ ᠲᠤ ᠤᠶᠢᠷᠠᠲᠤᠵᠦ ᠦᠯᠦ ᠴᠢᠳᠠᠬᠤ ᠬᠢᠲᠠᠳ ᠲᠠᠷᠢᠶᠠᠴᠢᠨ ᠢ ᠬᠠᠷᠠᠭᠰᠠᠨ ᠢᠳᠡᠷ ᠲᠡᠭᠰᠢ ᠴᠠᠭᠠᠨ ᠰᠢᠳᠦ ᠪᠠᠨ | ᠢᠷᠠᠯᠵᠠᠭᠤᠯᠤᠨ ᠢᠨᠢᠶᠡᠵᠦ ︽ᠨᠠᠭᠠᠰᠢ ᠢᠷᠡᠭᠳᠤᠨ︾ ᠬᠡᠮᠡᠨ ᠳᠠᠯᠠᠯᠤᠨ ᠳᠤᠬᠢᠭᠰᠠᠨ ᠳᠤ ᠲᠠᠷᠢᠶᠠᠴᠢᠨ ᠡᠷᠡᠰ ᠪᠡᠶ᠎ᠡ | ᠪᠡᠶᠡᠨ ᠢᠶᠠᠨ ᠬᠠᠷᠠᠭᠰᠠᠨ ᠢᠶᠠᠨ ᠴᠤᠪᠤᠷᠠᠨ ᠢᠷᠡᠯ᠎ᠡ᠃ ᠬᠠᠷ᠎ᠠ ᠪᠤᠤᠷ᠎ᠠ ᠬᠤᠶᠢᠳᠣ ᠬᠤᠶᠠᠷ ᠬᠦᠯ ᠲᠡᠬᠡᠷ᠎ᠡ ᠪᠠᠨ | ᠬᠠᠨᠳᠠᠷᠣᠨᠰᠠᠭᠤᠵᠦ ᠬᠦᠵᠦᠭᠦᠦ ᠪᠠᠨ ᠤᠭᠲᠠᠷᠭᠤᠢ ᠦᠭᠡᠳᠡ ᠰᠣᠩᠭᠠᠨ᠂ ᠬᠦᠭᠡᠰᠦ ᠠᠰᠬᠠᠷᠠᠭᠤᠯᠤᠨ ᠰᠢᠳᠤ | ᠬᠠᠪᠢᠷᠤᠨ ᠰᠡᠭᠦᠯ ᠰᠢᠪᠰᠢᠨ ᠡᠬᠢᠯᠡᠬᠦ ᠳᠤ ᠬᠦᠮᠦᠰ ᠰᠦᠷᠳᠡᠨ ᠠᠶᠣᠵᠣ ᠪᠠᠶᠢᠪᠠ᠃ ᠢᠲᠠᠭ ᠲᠠᠳᠠᠭ ᠭᠡᠭᠰᠡᠭᠡᠷ | ᠣᠶᠢᠷᠠᠳᠴᠦ ᠢᠷᠡᠭᠰᠡᠨ ᠬᠢᠲᠠᠳ ᠡᠷᠡᠰ ᠲᠠᠢ ᠪᠦᠬᠡᠴᠢᠨ ᠢᠳᠡᠷ ᠮᠠᠭᠤᠬᠠᠨ ᠬᠢᠲᠠᠳ ᠬᠡᠯᠡ ᠪᠠᠷ ᠮᠡᠨᠳᠦᠴᠢᠯᠡᠬᠦ ᠳᠤ | ᠨᠢᠭᠤᠷ ᠣᠴᠠᠷᠠᠵᠦ ᠦᠩᠭᠡᠷᠡᠭᠰᠡᠨ ᠲᠠᠷᠢᠶᠠᠴᠢᠨ ᠴᠤ ᠪᠠᠶᠢᠭ᠎ᠠ ᠲᠤᠯᠠ ᠶᠡᠭᠡ ᠯᠡ ᠨᠠᠶᠢᠷᠰᠠᠭ ᠪᠠᠶᠢᠪᠠ᠃ ᠢᠳᠡᠷ ᠲᠡᠳᠡᠨ | ᠳᠤ ︽ᠪᠤᠤᠷ᠎ᠠ ᠶᠢ ᠬᠢᠴᠢᠶᠡᠭᠳᠤᠨ︾ ᠭᠡᠰᠡᠨ ᠮᠠᠶ᠋ᠢᠭ ᠲᠠᠢ ᠳᠣᠬᠢᠶ᠎ᠠ ᠦᠭᠴᠤ᠂ ᠦᠪᠡᠷ ᠢᠶᠠᠨ ᠠᠮᠤ ᠪᠤᠳᠠᠭ᠎ᠠ | ᠬᠤᠳᠠᠯᠳᠣᠨ ᠠᠪᠬᠤ ᠪᠠᠷ ᠢᠷᠡᠭᠰᠡᠨ ᠢᠶᠠᠨ ᠬᠡᠯᠡᠪᠡ᠃ ᠲᠠᠷᠢᠶᠠᠴᠢᠳ ᠠᠷᠠᠯᠵᠢᠶ᠎ᠠ ᠮᠠᠶᠢᠮᠠᠢ ᠶᠢᠨ ᠤᠴᠢᠷ ᠢ ᠲᠡᠳᠦᠶᠢᠯᠡ | ᠰᠣᠨᠢᠷᠬᠠᠭᠰᠠᠨ ᠦᠭᠡᠢ ᠬᠠᠷᠢᠨ ᠬᠠᠷ᠎ᠠ ᠪᠤᠤᠷ᠎ᠠ ᠶᠢ ᠨᠢ ᠲᠡᠭᠦᠨ ᠠᠴᠠ ᠢᠯᠡᠭᠦᠤ ᠰᠤᠨᠢᠷᠬᠠᠨ ᠬᠤᠯᠠᠭᠤᠷ ᠲᠤᠭᠤᠷᠢᠨ | ᠰᠢᠨᠵᠢᠵᠦ ᠦᠨᠡᠯᠡᠨ ᠶᠠᠷᠢᠯᠴᠠᠵᠦ ᠢᠳᠡᠷ᠂ ᠬᠠᠷ᠎ᠠ ᠪᠤᠤᠷ᠎ᠠ ᠬᠤᠶᠠᠭᠤᠯᠠ ᠶᠢ ᠲᠤᠭᠤᠷᠢᠭᠯᠠᠨ ᠭᠦᠷᠢᠶᠡᠯᠡᠵᠦ ᠼᠢᠺ ᠤᠨ | ᠲᠤᠭᠯᠠᠭᠴᠢ ᠮᠡᠳᠦ ᠪᠤᠯᠭᠠᠪᠠ᠃ ᠬᠠᠷ᠎ᠠ ᠪᠤᠤᠷ᠎ᠠ ᠨᠡᠩᠳᠡ ᠤᠮᠣᠭᠰᠢᠨ ᠭᠠᠶᠢᠬᠠᠭᠤᠯᠬᠤ ᠮᠡᠳᠦ ᠤᠯᠠᠮ ᠴᠤ | ᠬᠦᠷᠴᠢᠭᠢᠨᠡᠨ ᠬᠦᠯ ᠲᠡᠪᠰᠡᠯᠡᠨ ᠪᠠᠶᠢᠪᠠ᠃ ᠡᠶᠢᠮᠦ ᠬᠦᠳᠡᠷ ᠴᠢᠬᠢᠷᠠᠭ ᠲᠤᠮᠤ ᠡᠷ᠎ᠡ᠂ ᠲᠡᠶᠢᠮᠦ ᠰᠦᠷᠯᠢᠭ ᠪᠦᠳᠦᠬᠦᠨ | ᠪᠤᠤᠷ᠎ᠠ ᠶᠢ ᠠᠩᠬ᠎ᠠ ᠬᠠᠷᠠᠵᠦ ᠪᠠᠶᠢᠭ᠎ᠠ ᠬᠢᠲᠠᠳᠡᠮᠡᠰ ᠦᠬᠢᠳᠠᠯᠮᠠᠰ ᠬᠠᠷᠠᠵᠦ ᠵᠠᠭᠠᠨ ᠦᠵᠡᠭᠰᠡᠨ ᠮᠡᠲᠦ | ᠱᠤᠤᠭᠢᠯᠳᠤᠨ᠂ ᠬᠢᠲᠠᠳ ᠡᠷᠡᠰ ᠲᠡᠮᠡᠭᠡᠨ ᠤ ᠬᠦᠴᠤ ᠴᠢᠳᠠᠯ ᠤᠨ ᠲᠤᠬᠠᠢ ᠲᠠᠭᠠᠮᠠᠭᠯᠠᠨ ᠮᠠᠷᠭᠤᠯᠳᠣᠵᠣ ᠬᠡᠣᠬᠡᠳ | ᠰᠢᠣᠬᠠᠳ ᠬᠦᠭᠰᠡᠨ ᠪᠠᠷᠬᠢᠷᠠᠯᠳᠣᠵᠣ᠂ ᠲᠦᠮᠡᠨ ᠲᠦᠴᠢᠬᠢᠨᠡᠵᠦ ᠪᠤᠮᠠᠨ ᠪᠤᠵᠢᠭᠢᠨᠠᠯᠳᠣᠭᠰᠠᠨ ᠱᠤᠤᠭᠢᠶᠠᠨ ᠪᠤᠯᠪᠠ᠃ | ᠢᠳᠡᠷ ᠶᠠᠭᠠᠬᠢᠬᠤ ᠪᠠᠨ ᠤᠯᠬᠤ ᠦᠭᠡᠢ ᠲᠦᠳᠡᠭᠡᠯᠵᠡᠨ ᠵᠤᠭᠰᠣᠲᠠᠯᠠ ᠤᠯᠠᠨ ᠡᠷᠡᠰ ᠤᠨ ᠲᠤᠲᠤᠷ᠎ᠠ ᠠᠴᠠ ᠨᠢᠭᠡᠨ | ᠬᠦᠳᠡᠷ ᠴᠢᠬᠢᠷᠠᠭ ᠡᠷ᠎ᠡ ᠤᠷᠤᠭᠰᠢ ᠢᠷᠡᠵᠦ᠄ ︽ᠴᠢᠨᠤ ᠡᠨᠡ ᠲᠡᠮᠡᠭᠡ ᠴᠢᠨᠢ ᠬᠡᠳᠦᠢ ᠴᠢᠳᠠᠯ ᠲᠠᠢ ᠪᠤᠢ︖︾ ᠭᠡᠰᠡᠨ | ᠳᠤ ᠢᠳᠡᠷ ᠲᠡᠭᠦᠨ ᠢ ᠠᠶᠤᠯᠭᠠᠬᠤ ᠰᠠᠨᠠᠭ᠎ᠠ ᠲᠠᠢ ︽ᠲᠦᠴᠢᠨ ᠳ᠋ᠸᠦ ᠠᠮᠣ ᠠᠴᠢᠵᠦ ᠲᠡᠶᠢᠯᠦᠨ᠎ᠡ︾ ᠭᠡᠰᠡᠨ ᠳᠤ | ᠲᠡᠷᠡ ᠬᠢᠲᠠᠳ ᠡᠷ᠎ᠡ ᠰᠤᠴᠢᠭᠰᠠᠨ ᠮᠡᠳᠦ ᠬᠤᠶᠢᠰᠢ ᠤᠬᠤᠷᠢᠭᠰᠠᠨ ᠢᠶᠠᠨ ᠱᠠᠯᠠᠪᠬᠠᠨ ᠡᠷᠭᠢᠵᠦ ᠲᠤᠯᠤᠭᠠᠢ ᠰᠡᠭᠰᠦᠷᠤᠨ | ᠄ ︽ᠲᠦᠴᠢᠨ ᠳ᠋ᠸᠦ ᠠᠮᠣ ᠠᠴᠢᠨ᠎ᠠ ᠭᠡᠳᠡᠭ ᠢ ᠪᠢ ᠢᠳᠡᠭᠡᠬᠦ ᠦᠭᠡᠢ᠂ ᠦᠯᠢᠶᠡᠵᠦ ᠪᠠᠶᠢᠨ᠎ᠠ ᠪᠠ︖︾ ᠭᠡᠰᠡᠨ ᠳᠤ | ᠴᠠᠭᠠᠳᠣᠭᠤᠯᠠ ᠨᠢ ᠬᠦᠭ ᠨᠡᠮᠡᠵᠦ ︽ᠦᠯᠢᠶᠡᠵᠦ ᠪᠠᠶᠢᠨ᠎ᠠ᠂ ᠦᠯᠢᠶᠡᠵᠦ ᠪᠠᠶᠢᠨ᠎ᠠ︾ ︽ᠢᠳᠡᠬᠡᠬᠦ ᠦᠬᠡᠢ᠂ ᠢᠲᠡᠭᠡᠬᠦ | ᠦᠬᠡᠢ︾ ᠭᠡᠵᠦ ᠬᠠᠰᠬᠢᠷᠤᠯᠳᠣᠭᠰᠠᠨ ᠳᠤ ᠡᠮᠡᠰ ᠬᠡᠤᠬᠡᠳ ᠴᠤ ᠲᠠᠭᠠᠨ ᠱᠤᠤᠬᠢᠯᠳᠣᠪᠠ᠃ ᠡᠨᠡ ᠱᠤᠤᠭᠢᠶᠠᠨ ᠳᠤ | ᠬᠠᠷ᠎ᠠ ᠪᠤᠤᠷ᠎ᠠ ᠠᠭᠤᠷᠰᠠᠨ ᠬᠢᠯᠢᠩᠨᠡᠵᠦ ᠬᠦᠷᠴᠢᠭᠢᠨᠡᠨ ᠬᠦᠩᠭᠢᠨᠡᠭᠰᠡᠨ ᠳᠤ ᠬᠢᠳᠠᠳ ᠲᠠᠷᠢᠶᠠᠴᠢᠳ ᠠᠶᠤᠯᠳᠣᠵᠦ ᠠᠷᠠᠢ | ᠭᠡᠵᠦ ᠱᠣᠣᠭᠢᠶᠠᠨ ᠨᠠᠮᠳᠠᠪᠠ᠃ ᠢᠳᠡᠷ ᠲᠠᠰᠢᠭᠤᠷ ᠢᠶᠠᠨ ᠲᠠᠰ ᠨᠢᠰ ᠳᠤᠤᠭᠠᠷᠭᠠᠨ ᠲᠡᠮᠡᠭᠡ ᠪᠠᠨ ᠨᠤᠮᠤᠬᠠᠷᠠᠭᠤᠯᠲᠠᠯᠠ | ᠠᠩᠬᠠᠨ ᠤ ᠬᠢᠲᠠᠳ ᠤᠷᠤᠭᠰᠢ ᠢᠷᠡᠵᠦ᠄ ︽ᠴᠢᠨᠤ ᠲᠡᠮᠡᠭᠡ ᠲᠦᠴᠢᠨ ᠳ᠋ᠸᠦ ᠠᠮᠣ ᠠᠴᠢᠭᠠᠳ ᠶᠠᠪᠤᠵᠦ ᠴᠢᠳᠠᠪᠠᠯ | ᠪᠢᠳᠠ ᠲᠦᠴᠢᠨ ᠳ᠋ᠸᠦ ᠪᠤᠳᠠᠭ᠎ᠠ ᠪᠠᠨ ᠴᠢᠮ᠎ᠠ ᠳᠤ ᠵᠦᠭᠡᠷ ᠦᠭᠬᠦᠶ᠎ᠡ᠂ ᠲᠡᠶᠢᠯᠬᠦ ᠦᠭᠡᠢ ᠪᠤᠯ ᠲᠡᠮᠡᠭᠡ ᠪᠠᠨ ᠮᠠᠨ ᠳᠤ | ᠦᠭ︾ ᠭᠡᠰᠡᠨ ᠳᠤ ᠪᠦᠬᠦ ᠬᠢᠲᠠᠳ ︽ᠵᠦᠪ ᠵᠦᠪ︾ ᠬᠡᠵᠦ ᠢᠳᠡ ᠨᠡᠮᠡᠨ ᠬᠠᠰᠭᠢᠷᠬᠤ ᠳᠤ ᠬᠠᠷ᠎ᠠ ᠪᠤᠤᠷ᠎ᠠ ᠮᠦᠨ | ᠬᠦ ᠬᠢᠯᠢᠩᠨᠡᠨ ᠬᠦᠷᠬᠢᠷᠡᠪᠡ᠃ ᠱᠣᠣᠬᠢᠶᠠᠨ ᠨᠠᠮᠳᠠᠬᠤ ᠳᠤ ᠡᠷ᠎ᠡ ᠶᠢᠨ ᠮᠡᠯᠵᠢᠶ᠎ᠡ ᠠᠯᠳᠠᠵᠦ ᠶᠠᠪᠤᠭᠰᠠᠨ ᠦᠭᠡᠢ ᠪᠦᠬᠡᠴᠢᠨ | ᠢᠳᠡᠷ᠄ ︽ᠪᠤᠯᠤᠨ᠎ᠠ᠂ ᠪᠤᠯᠤᠨ᠎ᠠ᠂ ᠬᠡᠯᠡᠭᠰᠡᠨ ᠳᠤ ᠪᠠᠨ ᠰᠠᠭᠤᠬᠤ ᠬᠡᠷᠡᠭᠲᠠᠢ ᠰᠢᠦ︾ ᠭᠡᠵᠦ ᠯᠠᠪᠰᠢᠷᠠᠭᠤᠯᠬᠤ ᠳᠤ | ᠤᠯᠠᠨ ᠬᠦᠮᠦᠰ ︽ᠤᠤᠬᠠᠢ︾ ᠬᠠᠰᠭᠢᠷᠤᠨ ᠲᠠᠬᠢᠨᠲᠠ ᠲᠡᠪᠵᠢᠶᠡᠷᠡᠪᠡ᠃ ᠬᠠᠷ᠎ᠠ ᠪᠤᠤᠷ᠎ᠠ ᠮᠦᠨ ᠯᠡ ᠬᠦᠷᠬᠢᠷᠡᠨ | ᠲᠤᠭᠰᠢᠷᠠᠵᠦ ᠦᠢᠮᠡᠭᠡᠨ ᠢ ᠲᠠᠷᠤᠵᠦ ᠪᠠᠶᠢᠯ᠎ᠠ᠃ | ᠮᠡᠯᠵᠢᠶ᠎ᠡ ᠲᠤᠭᠳᠠᠵᠦ ᠬᠢᠲᠠᠳ ᠠᠶᠢᠯ ᠤᠨ ᠬᠢᠨ ᠠᠮᠤ ᠪᠠᠨ ᠴᠤᠭᠯᠠᠭᠤᠯᠵᠦ᠂ ᠢᠳᠡᠷ ᠬᠤᠮ ᠪᠡᠯᠡᠳᠭᠡᠪᠡ᠃ | ᠢᠷᠡᠬᠦ ᠦᠶ᠎ᠡ ᠳᠤ ᠪᠠᠨ ᠲᠡᠮᠡᠭᠡᠨ ᠬᠤᠮ ᠢᠶᠠᠨ ᠠᠪᠴᠢᠷᠠᠭᠰᠠᠨ ᠦᠭᠡᠢ᠂ ᠡᠶᠢᠮᠦ ᠮᠡᠯᠵᠢᠶ᠎ᠡ ᠪᠣᠯᠣᠨ᠎ᠠ ᠬᠡᠵᠦ ᠬᠡᠨ | ᠮᠡᠳᠡᠬᠦᠪ ᠳ᠋ᠠ᠃ ᠬᠢᠲᠠᠳ ᠠᠶᠢᠯ ᠠᠴᠠ ᠡᠪᠡᠰᠦ ᠣᠯᠤᠰᠤᠨ ᠤᠭᠤᠲᠠ ᠮᠣᠳᠣ ᠲᠡᠬᠡᠰᠦ ᠴᠣᠭᠯᠠᠭᠤᠯᠵᠣ ᠲᠠᠷᠤᠶᠢᠬᠠᠨ | ᠬᠤᠮ ᠬᠢᠪᠡ᠃ ᠠᠷᠪᠠᠭᠠᠳ ᠤᠭᠤᠲᠠ ᠪᠤᠳᠠᠭ᠎ᠠ ᠶᠢ ᠲᠡᠮᠡᠭᠡᠨ ᠤ ᠬᠤᠶᠠᠷ ᠪᠦᠬᠦ ᠶᠢᠨ ᠬᠤᠭᠤᠷᠤᠨᠳᠣ ᠶᠠᠭᠠᠬᠢᠯ᠎ᠠ ᠬᠡᠳ | ᠠᠴᠢᠵᠦ ᠪᠠᠭᠳᠠᠭᠠᠬᠤ ᠦᠭᠡᠢ ᠲᠤᠯᠠ ᠬᠤᠮ ᠬᠡᠷᠡᠭᠯᠡᠬᠦ ᠯᠡ ᠤᠴᠢᠷ ᠲᠠᠢ᠃ ᠬᠢᠲᠠᠳ ᠲᠠᠷᠢᠶᠠᠴᠢᠳ ᠦᠢᠮᠡᠯᠳᠦᠨ | ᠱᠣᠣᠭᠢᠯᠳᠣᠭᠰᠠᠭᠠᠷ ᠱᠧᠩ ᠳ᠋ᠧᠤ ᠪᠡᠯᠡᠳᠭᠡᠨ ᠠᠮᠤ ᠪᠣᠳᠠᠭ᠎ᠠ ᠪᠠᠨ ᠬᠡᠮᠵᠢᠶ᠎ᠡ ᠶᠤᠰᠤᠭᠠᠷ ᠪᠡᠯᠡᠳᠭᠡᠵᠦ ᠮᠡᠯᠵᠢᠶ᠎ᠡ | ᠠᠯᠳᠠᠵᠦ ᠤᠨᠤᠬᠤ ᠶᠢᠨ ᠲᠤᠬᠠᠢ ᠬᠡᠷᠡᠭᠦᠯ ᠬᠡᠯᠡᠯᠴᠡᠭᠡᠨ ᠪᠤᠯᠵᠦ ᠵᠤᠳᠤᠯᠳᠣᠬᠤ ᠠᠴᠠ ᠲᠤᠯᠤᠭᠠᠨ ᠳᠣᠣᠷ᠎ᠠ ᠶᠠᠭᠤᠮ᠎ᠠ | ᠪᠤᠯᠵᠦ ᠪᠠᠶᠢᠪᠠ᠃ ᠮᠡᠯᠵᠢᠶ᠎ᠡ ᠠᠯᠳᠠᠪᠠᠯ ᠬᠤᠭᠤᠯᠠ ᠪᠠᠨ ᠠᠯᠳᠠᠨ᠎ᠠ ᠰᠢᠦ ᠳ᠋ᠠ᠃ ᠬᠡᠪᠡᠴᠦ ᠨᠢᠭᠡ ᠲᠡᠮᠡᠭᠡᠨ ᠳᠤ ᠲᠡᠶᠢᠮᠦ | ᠠᠷᠪᠢᠨ ᠲᠡᠶᠢᠮᠦ ᠬᠦᠨᠳᠣ ᠪᠤᠳᠠᠭ᠎ᠠ ᠶᠢ ᠠᠴᠢᠵᠦ ᠪᠠᠭᠳᠠᠭᠠᠨ᠎ᠠ᠂ ᠡᠷᠬᠦᠵᠦ ᠲᠠᠭᠠᠭᠠᠨ᠎ᠠ ᠬᠡᠳᠡᠭ ᠢ ᠲᠡᠳᠡ ᠬᠡᠷᠬᠢᠨ | ᠢᠲᠡᠭᠡᠬᠦ ᠪᠤᠢ︖ ᠵᠠᠷᠢᠮ ᠨᠢᠬᠡ ᠨᠢ ᠮᠡᠯᠵᠢᠶ᠎ᠡ ᠤᠯᠪᠠᠯ ᠬᠠᠷᠢᠨ ᠲᠡᠮᠡᠭᠡ ᠶᠢ ᠬᠡᠷᠬᠢᠨ ᠬᠤᠪᠢᠶᠠᠬᠤ ᠲᠤᠬᠠᠢ ᠬᠡᠯᠡ ᠠᠮᠠ | ᠪᠤᠯᠵᠦ ᠪᠠᠶᠢᠭ᠎ᠠ ᠨᠢ ᠴᠤ ᠪᠠᠶᠢᠪᠠ᠃ | ᠪᠡᠯᠡᠳᠭᠡᠯ ᠪᠦᠷᠢᠨ ᠪᠤᠯᠤᠭᠰᠠᠨ ᠳᠤ ᠢᠳᠡᠷ ᠬᠠᠷ᠎ᠠ ᠪᠤᠤᠷ᠎ᠠ ᠪᠠᠨ ᠵᠠᠩᠳᠠᠨ ᠰᠦᠭᠦᠳᠭᠡᠵᠦ ᠲᠡᠮᠡᠭᠡ | ᠳᠡᠪᠬᠡᠷᠦᠨ ᠪᠤᠰᠬᠤ ᠠᠴᠠ ᠬᠢᠴᠢᠶᠡᠵᠦ ᠲᠦᠷᠪᠡᠨ ᠮᠦᠴᠢ ᠶᠢ ᠨᠢ ᠪᠤᠭᠤᠨ ᠤᠶᠠᠪᠠ᠃ ᠢᠳᠡᠷ ᠬᠤᠮ ᠢᠶᠠᠨ ᠪᠣᠣᠷᠠᠨ | ᠳᠤ ᠪᠠᠨ ᠡᠪᠯᠢᠭ ᠰᠠᠶᠢᠬᠠᠨ ᠲᠠᠭᠠᠷᠠᠭᠤᠯᠵᠦ ᠳᠡᠭᠡᠰᠦ ᠲᠠᠷᠤᠭᠤᠯᠭ᠎ᠠ ᠪᠠᠨ ᠨᠤᠮ ᠤᠨ ᠶᠣᠰᠤ ᠪᠠᠷ ᠳᠡᠯᠭᠡᠨ ᠤᠭᠤᠲᠠ | ᠲᠠᠢ ᠠᠮᠦ ᠪᠠᠨ ᠲᠡᠮᠡᠭᠡᠨ ᠤ ᠵᠦᠪ ᠲᠠᠯ᠎ᠠ ᠳᠤ ᠵᠡᠷᠭᠡᠯᠡᠨ ᠲᠠᠯᠪᠢᠵᠦ ᠪᠠᠭᠴᠠᠨ ᠣᠶᠠᠵᠣ ᠡᠬᠢᠯᠡᠪᠡ᠃ ᠤᠭᠤᠳᠠ | ᠤᠭᠤᠳᠠ ᠠᠮᠦ ᠶᠢ ᠬᠦᠪ ᠬᠦᠩᠬᠡᠬᠡᠨ ᠡᠷᠬᠦᠵᠦ ᠬᠠᠶᠢᠷᠴᠠᠭ ᠰᠢᠭ᠋ ᠵᠡᠷᠬᠡᠯᠡᠨ ᠣᠶᠠᠬᠤ ᠢᠳᠡᠷ ᠢ ᠬᠠᠷᠠᠭᠰᠠᠨ | ᠬᠢᠲᠠᠳᠡᠷᠡᠰ ᠬᠠᠪᠰᠣᠷᠤᠨ ᠬᠠᠮᠵᠢᠬᠤ ᠶᠢ ᠤᠮᠠᠷᠲᠠᠨ ᠨᠢᠳᠤ ᠪᠦᠯᠳᠡᠶᠢᠯᠬᠡᠵᠦ ᠴᠢᠬᠢ ᠲᠡᠯᠳᠡᠶᠢᠯᠭᠡᠨ ᠠᠮᠢᠰᠬᠤᠭ᠎ᠠ | ᠲᠠᠷᠤᠨ ᠠᠵᠢᠭᠯᠠᠵᠠᠭᠠᠨᠠ ᠁ ᠢᠳᠡᠷ ᠤᠭᠤᠲᠠ ᠲᠠᠢ ᠪᠤᠳᠠᠭ᠎ᠠ ᠶᠢ ᠬᠠᠭᠠᠰ ᠢ ᠨᠢ ᠰᠢᠬᠢᠷ ᠰᠢᠭ ᠲᠦᠷᠪᠡᠯᠵᠢᠯᠡᠨ | ᠤᠶᠠᠭᠰᠠᠨ ᠢᠶᠠᠨ ᠲᠠᠬᠢᠨ ᠨᠦᠬᠦᠭᠡ ᠬᠠᠭᠠᠰ ᠢ ᠨᠢ ᠮᠦᠨ ᠲᠡᠭ ᠲᠦᠷᠪᠡᠯᠵᠢᠯᠡᠨ ᠤᠶᠠᠵᠦ ᠬᠤᠶᠠᠷ ᠬᠡᠰᠡᠭ ᠢ ᠬᠤᠯᠪᠤᠨ | ᠡᠪ ᠲᠡᠮ ᠡᠷ᠎ᠡ ᠬᠦᠴᠦ ᠪᠠᠨ ᠭᠠᠷᠭᠠᠨ ᠲᠡᠬᠡᠷ᠎ᠡ ᠲᠡᠬᠡᠷ᠎ᠡ ᠨᠢ ᠳᠠᠪᠬᠤᠷᠯᠠᠨ ᠲᠠᠯᠪᠢᠪᠠ᠃ ᠠᠶᠠᠨ ᠵᠢᠩ ᠳᠤ ᠶᠠᠪᠣᠵᠣ | ᠠᠴᠢᠶ᠎ᠠ ᠬᠦᠰᠬᠡ ᠲᠠᠢ ᠨᠣᠣᠷᠯᠳᠣᠳᠠᠭ ᠢᠳᠡᠷ ᠲᠤ ᠡᠨᠡᠣᠬᠡᠨ ᠠᠵᠢᠯ ᠨᠢ ᠭᠠᠷ ᠤᠨ ᠠᠶ᠎ᠠ ᠪᠠᠷ ᠪᠠᠶᠢᠯ᠎ᠠ᠃ ᠲᠤᠭᠰᠢᠨ | ᠬᠠᠷ᠎ᠠ ᠪᠤᠤᠷ᠎ᠠ ᠨᠢ ᠮᠤᠭᠠᠢ ᠡᠷᠳᠡᠨᠢ ᠶᠢᠨ ᠨᠢᠳᠦ ᠪᠠᠷ ᠢᠶᠠᠨ ᠡᠷᠭᠢᠨ ᠲᠤᠭᠤᠷᠢᠨ ᠢᠶᠠᠨ ᠠᠭᠤᠷᠰᠠᠨ ᠬᠠᠷᠠᠵᠦ ᠪᠤᠰᠴᠤ | ᠴᠢᠳᠠᠯ ᠦᠭᠡᠢ ᠪᠤᠬᠢᠮᠳᠠᠭᠰᠠᠨ ᠳᠤ ᠪᠠᠨ ᠲᠤᠯᠤᠭᠠᠢ ᠰᠡᠭᠰᠦᠷᠦᠨ ᠰᠦᠷ ᠮᠠᠨᠳᠣᠭᠤᠯᠵᠦ ᠪᠠᠶᠢᠪᠠ᠃ | ᠢᠳᠡᠷ ᠲᠡᠮᠡᠭᠡᠨ ᠤ ᠪᠤᠷᠤᠭᠤ ᠲᠠᠯ᠎ᠠ ᠳᠤ ᠭᠠᠷᠴᠤ ᠬᠤᠶᠠᠷ ᠪᠦᠬᠦ ᠶᠢᠨ ᠬᠤᠭᠤᠷᠣᠨᠳᠣᠭᠤᠷ ᠲᠠᠪᠠᠵᠦ ᠵᠦᠪ | ᠲᠠᠯ᠎ᠠ ᠳᠤ ᠨᠢ ᠪᠠᠶᠢᠭ᠎ᠠ ᠪᠠᠭᠴᠠᠯᠠᠵᠦ ᠤᠶᠠᠭᠰᠠᠨ ᠤᠭᠤᠲᠠ ᠲᠠᠢ ᠠᠮᠣ ᠶᠢᠨ ᠲᠠᠷᠤᠭᠤᠯᠭ᠎ᠠ ᠠᠴᠠ ᠨᠢᠭᠡᠨᠲᠡ | ᠲᠣᠭᠳᠣᠷᠠᠨᠲ᠋ᠠᠳᠠᠭᠰᠠᠨ ᠳᠤ ᠲᠦᠷᠪᠡᠯᠵᠡᠯᠡᠨᠣᠶᠠᠭᠰᠠᠨ ᠣᠭᠤᠳᠠ ᠲᠠᠢ ᠠᠮᠣ ᠨᠢ ᠬᠤᠪᠬᠤ ᠡᠷᠭᠦᠭᠳᠡᠨ ᠬᠤᠶᠠᠷ ᠲᠠᠯ᠎ᠠ | ᠪᠤᠭᠤᠳᠠᠯ ᠨᠢ ᠲᠡᠮᠡᠭᠡᠨ ᠳᠤ ᠴᠢᠪᠬᠢᠳᠡᠯᠡ ᠰᠠᠶᠢᠬᠠᠨ ᠠᠴᠢᠭᠳᠠᠪᠠ᠃ ᠬᠢᠲᠠᠳ ᠲᠠᠷᠢᠶᠠᠴᠢᠤᠨ ᠤᠨ ︽ᠠᠶ᠎ᠠ᠂ ᠮᠠᠶᠠ︾ | ᠬᠡᠵᠦ ᠳᠠᠭᠤ ᠠᠯᠳᠠᠨ ᠠᠶᠤᠵᠦ ᠭᠠᠶᠢᠬᠠᠬᠠᠤ᠂ ᠬᠠᠷᠠᠮᠰᠠᠵᠣ ᠭᠠᠰᠢᠭᠤᠳᠠᠬᠤ ᠳᠠᠭᠤᠨ ᠠᠭᠤᠯᠠ ᠨᠣᠷᠠᠵᠣ ᠲᠠᠯᠠᠢ | ᠴᠠᠯᠬᠢᠯᠠᠬᠤ ᠮᠡᠳᠣ᠃ ᠬᠠᠷ᠎ᠠ ᠪᠤᠤᠷ᠎ᠠ ᠬᠢᠯᠢᠩᠯᠡᠨ ᠠᠭᠤᠷᠰᠠᠵᠦ ᠪᠡᠶ᠎ᠡ ᠪᠠᠨ ᠰᠢᠯᠭᠡᠭᠡᠨ ᠲᠤᠯᠤᠭᠠᠢ ᠪᠠᠨ ᠲᠠᠮᠠᠷᠣᠳᠠᠬᠤ | ᠳᠤ ᠴᠠᠭᠠᠨ ᠬᠦᠭᠡᠰᠦ ᠬᠦᠪᠦᠩ ᠴᠠᠰᠤᠨ ᠮᠡᠲᠤ ᠪᠤᠲᠠᠷᠠᠵᠦ ᠪᠠᠶᠢᠪᠠ᠃ ᠡᠪᠦᠯ ᠤᠨ ᠬᠦᠢᠲᠡᠨ ᠠᠲᠠᠯ᠎ᠠ ᠬᠦᠷᠠᠩ ᠴᠢᠷᠠᠢ | ᠳᠤ ᠨᠢ ᠬᠦᠯᠦᠰᠦ ᠲᠠᠭᠠᠪᠣᠷᠢᠯᠠᠵᠣ ᠡᠩᠭᠡᠷ ᠵᠠᠭᠠᠮ᠎ᠠ ᠠᠴᠠ ᠨᠢ ᠠᠭᠤᠷ ᠪᠠᠭᠠᠬᠢᠬᠤ ᠬᠦᠳᠡᠷ ᠴᠢᠬᠢᠷᠠᠭ ᠢᠳᠡᠷ ᠡᠷ᠎ᠡ ᠶᠢ | ᠬᠠᠷᠠᠭᠰᠠᠨ ᠬᠢᠲᠠᠳ ᠡᠮᠡᠰ ᠦᠬᠢᠳ ᠠᠶᠤᠨ ᠰᠦᠷᠳᠡᠵᠦ ᠪᠠᠭ᠋ᠠᠷᠬᠠᠨ ᠪᠢᠰᠢᠷᠡᠵᠦ ᠪᠠᠶᠢᠯ᠎ᠠ᠃ ᠨᠢᠭᠡᠨᠲᠡ ᠮᠡᠯᠵᠢᠶ᠎ᠡ | ᠠᠪᠲᠠᠵᠦ ᠠᠮᠤ ᠪᠤᠳᠠᠭ᠎ᠠ ᠪᠠᠨ ᠠᠯᠳᠠᠬᠤ ᠪᠤᠯᠤᠭᠰᠠ ᠬᠢᠳᠠᠳ ᠡᠷᠡᠴᠤᠤᠯ ᠤᠨ ᠴᠢᠷᠠᠢ ᠰᠢᠷᠤᠢ ᠮᠡᠲᠦ ᠬᠤᠵᠢᠢᠵᠦ | ᠠᠶᠤᠵᠦ ᠬᠤᠷᠤᠰᠬᠤ ᠬᠤᠤᠰᠯᠠᠨ ᠱᠣᠣᠬᠢᠯᠳᠣᠨ ᠦᠢᠮᠡᠬᠦ ᠠᠴᠠ ᠴᠠᠭᠠᠰᠢ ᠦᠬᠡᠢ᠃ | ᠪᠡᠨ᠎ᠡ ᠪᠡᠨᠠᠯᠳᠠᠭᠰᠠᠨ ᠬᠢᠳᠠᠳ ᠬᠦᠮᠦᠨ ᠬᠡᠢ ᠨᠢ ᠭᠠᠷᠣᠭᠰᠠᠨ ᠪᠦᠮᠪᠦᠭᠡ ᠰᠢᠭ ᠪᠣᠯᠳᠠᠭ ᠬᠡᠳᠡᠭ ᠨᠢ | ᠦᠨᠡᠨ ᠠᠵᠠᠢ᠃ ᠣᠷᠣᠭᠤ ᠴᠢᠷᠠᠶᠢᠯᠠᠵᠣ ᠣᠴᠠᠭᠠᠷᠯᠠᠵᠣ ᠪᠣᠬᠢᠮᠳᠣᠭᠰᠠᠨ ᠬᠢᠳᠡᠳ ᠢᠷᠬᠡᠨ ᠬᠤᠭᠤᠷᠣᠨᠳᠣ ᠪᠠᠨ | ᠬᠡᠷᠡᠬᠦᠯ ᠬᠡᠯᠡᠯᠴᠡᠬᠡᠨ ᠪᠣᠯᠵᠣ ᠡᠨᠡ ᠣᠴᠢᠷ ᠢ ᠡᠬᠦᠰᠬᠡᠭᠰᠡᠨ ᠨᠢᠬᠡ ᠳᠤ ᠪᠠᠨ ᠲᠡᠭᠷᠢ ᠪᠠᠭᠤᠵᠣ ᠦᠳᠦᠬᠡᠭᠰᠡᠨ ᠨᠢᠬᠡ | ᠪᠠᠨ ᠴᠢᠷᠦᠨ ᠭᠠᠷᠭᠠᠵᠣ ᠡᠷ᠎ᠡ ᠡᠮ᠎ᠡ ᠬᠠᠷᠢᠶᠠᠯᠳᠣᠨ ᠬᠠᠰᠬᠢᠷᠴᠦ ᠶᠢᠷᠲᠢᠨᠴᠤ ᠶᠢᠨ ᠪᠦᠬᠦ ᠱᠣᠣᠬᠢᠶᠠᠨ ᠠᠳᠡ | ᠬᠤᠷᠠᠭᠰᠠᠨ ᠮᠡᠲᠤ ᠪᠤᠯᠪᠠ᠃ ᠦᠢᠮᠡᠬᠡᠨ ᠱᠣᠣᠬᠢᠶᠠᠨ ᠲᠣᠮᠳᠠᠭᠤᠷ ᠨᠦᠬᠦᠬᠡᠬᠢ ᠬᠢᠳᠠᠳ ᠢᠷᠡᠵᠦ ᠢᠳᠡᠷ ᠲᠤ | ᠦᠬᠦᠯᠡᠷᠦᠨ᠄ ︽ᠮᠡᠯᠵᠢᠶ᠎ᠡ ᠶᠣᠮ ᠴᠢᠨᠢ ᠦᠬᠡᠨ ᠳᠤ ᠪᠠᠨ ᠰᠠᠭᠤᠶ᠎ᠠ᠂ ᠲᠦᠴᠢᠨ ᠳ᠋ᠸᠦ ᠠᠮᠣ ᠪᠠᠨ ᠦᠭᠬᠦᠶ᠎ᠡ᠂ ᠲᠠ | ᠠᠳᠡ ᠬᠤᠨᠣᠴᠢᠬᠠ᠂ ᠪᠢᠳᠠ ᠠᠬ᠎ᠠ ᠲᠡᠬᠦᠦ ᠪᠣᠯᠣᠶ᠎ᠠ︾ ᠬᠡᠰᠡᠨ ᠳᠤ ᠢᠳᠡᠷ ᠨᠠᠷᠠ ᠣᠷᠣᠢ ᠪᠣᠯᠣᠭᠰᠠᠨ ᠪᠦᠬᠡᠳ ᠵᠠᠮ | ᠬᠤᠯᠠ ᠦᠯᠣᠰᠴᠦ ᠣᠮᠳᠠᠭᠠᠰᠬᠤ ᠪᠠᠰᠠᠴᠣ ᠬᠡᠴᠡᠬᠦᠦ ᠲᠣᠯᠠ ᠲᠠᠷᠣᠶᠢᠬᠠᠨ ᠵᠦᠪᠰᠢᠶᠠᠷᠠᠵᠣ ᠠᠴᠢᠶ᠎ᠠ ᠪᠠᠨ ᠪᠠᠭᠤᠯᠭᠠᠪᠠ | ᠃ ᠲᠠᠷᠠ ᠬᠢᠳᠠᠳ ᠡᠷ᠎ᠡ ᠶᠡᠬᠡᠳᠡ ᠰᠠᠶᠢᠮᠰᠣᠷᠠᠨ ᠠᠭᠠᠰᠢᠯᠠᠵᠣ ᠪᠠᠭᠤᠳᠠᠯ ᠤᠨ ᠭᠠᠵᠠᠷ ᠣᠯᠵᠣ ᠪᠣᠣᠷ᠎ᠠ ᠳᠤ ᠨᠢ ᠰᠠᠶᠢᠨ | ᠣᠶᠠᠭ᠎ᠠ ᠡᠷᠢᠵᠦ ᠦᠭᠪᠡ᠃ | ᠣᠷᠣᠢ ᠶᠢᠨ ᠬᠤᠭᠤᠯᠠᠨ ᠳᠤ ᠲᠣᠯᠣᠭᠠᠨ ᠬᠢᠳᠡᠳ ᠡᠷ᠎ᠡ ᠢᠷᠡᠵᠦ ᠳ᠋ᠧᠹᠦ᠋᠂ ᠭᠠᠭ᠋ᠠᠢ ᠮᠢᠬ᠎ᠠ᠂ ᠮᠠᠨᠵᠢᠨ | ᠯᠣᠣᠪᠠᠩ ᠮᠡᠳᠣ ᠶᠢᠨ ᠬᠢᠳᠠᠳ ᠨᠣᠭᠤᠭ᠎ᠠ ᠣᠷᠣᠭᠤᠯᠵᠣ ᠲᠣᠭᠰᠢᠨ ᠬᠠᠷ᠎ᠠ ᠭᠠᠷᠭᠠᠵᠣ ᠢᠳᠡᠷ ᠢ ᠵᠣᠴᠢᠯᠠᠪᠠ᠃ ᠢᠳᠡᠷ | ᠴᠣ᠋ ᠡᠷᠢᠶᠡᠯᠡᠵᠦ ᠨᠠᠷᠢᠯᠠᠯ ᠦᠬᠡᠢ ᠢᠳᠡᠵᠦ ᠣᠣᠭᠤᠨ ᠬᠢᠳᠠᠳ ᠬᠦᠮᠦᠨ ᠤ ᠣᠷᠠᠨ ᠰᠠᠶᠢᠬᠠᠨ ᠦᠬᠡᠨ ᠳᠤ ᠴᠢᠬᠢ | ᠪᠠᠶᠠᠰᠬᠠᠨ᠂ ᠲᠡᠮᠡᠭᠡ ᠪᠦᠬᠡ ᠶᠢᠨ ᠲᠣᠬᠠᠢ ᠦᠪᠡᠷ ᠤᠨ ᠮᠡᠳᠡᠳᠡᠭ ᠢᠶᠠᠨ ᠮᠠᠭᠤᠬᠠᠨ ᠬᠢᠳᠠᠳ ᠬᠡᠯᠡ ᠪᠠᠷ ᠶᠠᠷᠢᠵᠦ | ᠪᠠᠶᠢᠪᠠ᠃ ᠬᠢᠳᠠᠳ ᠡᠷᠡᠴᠣᠣᠯ ᠤᠨ ᠡᠷᠬᠦᠯ ᠮᠠᠭᠳᠠᠭᠠᠯ᠂ ᠬᠠᠭᠤᠷᠮᠠᠭᠴᠢ ᠢᠨᠢᠶᠡᠳᠣ ᠪᠡ ᠨᠢᠳᠣ ᠴᠢᠬᠢ ᠰᠡᠮ | ᠲᠣᠬᠢᠯᠴᠠᠨ ᠠᠭᠠᠰᠢᠯᠠᠬᠤ ᠶᠢ ᠠᠵᠢᠨ ᠰᠠᠭᠤᠭᠰᠠᠨ ᠢᠳᠡᠷ ᠲᠡᠳᠦᠶᠢᠯᠡ ᠰᠣᠭᠳᠣᠳᠠᠯ᠎ᠠ ᠣᠣᠭᠤᠵᠣ ᠪᠣᠯᠬᠤ ᠦᠬᠡᠢ ᠶᠢ | ᠰᠡᠷᠡᠪᠡ᠃ ᠠᠷᠢᠬᠢᠨ ᠳᠤ ᠲᠠᠭᠠᠭᠠᠴᠠ ᠪᠠᠷ ᠠᠨᠠᠢ ᠬᠢᠳᠠᠳ ᠡᠷᠡᠰ ᠴᠣ᠋ ᠢᠳᠡᠷ ᠢ ᠣᠨᠠᠭᠠᠵᠣ ᠲᠡᠶᠢᠯᠦᠯ ᠦᠬᠡᠢ ᠪᠠᠨ | ᠮᠡᠳᠡᠵᠦ ᠨᠢᠬᠡ ᠬᠤᠶᠠᠷ ᠢᠶᠠᠷ ᠭᠤᠯᠭᠤᠨ ᠠᠷᠢᠯᠪᠠ᠃ ᠨᠡᠯᠢᠶᠡᠳ ᠬᠠᠯᠠᠰᠠᠭᠤ ᠪᠣᠯᠣᠭᠰᠠᠨ ᠢᠳᠡᠷ ᠮᠣᠷᠢ ᠬᠠᠷᠠᠵᠣ | ᠪᠣᠣᠷᠠᠨ ᠲᠡᠮᠡᠭᠡ ᠪᠠᠨ ᠦᠵᠡᠬᠡᠳ ᠪᠠᠭᠤᠳᠠᠯ ᠤᠨ ᠦᠷᠦᠬᠡ ᠳᠤ ᠪᠠᠨ ᠣᠷᠣᠬᠤ ᠳᠤ ᠬᠡᠷ ᠲᠤᠨᠢ ᠲᠣᠶᠠᠬᠠᠨ ᠨᠢᠷᠣᠭᠤ | ᠲᠠᠢ᠂ ᠠᠷᠢᠯᠭᠠᠭᠰᠠᠨ ᠰᠣᠩᠬᠢᠨ᠎ᠠ ᠮᠡᠳᠣ ᠴᠡᠪᠡᠷᠬᠡᠨ ᠲᠦᠷᠦᠭᠰᠡᠨ ᠣᠷᠠᠨ ᠬᠦᠮᠦᠰᠬᠡ ᠲᠠᠢ ᠣᠶᠠᠬᠠᠨ ᠨᠢᠳᠦ ᠲᠠᠢ | ᠬᠡᠬᠡᠨᠴᠡᠷ ᠦᠬᠢᠨ ᠰᠠᠭᠤᠵᠣ ᠪᠠᠶᠢᠯ᠎ᠠ᠃ ᠲᠡᠷᠡ ᠦᠬᠢᠨ ᠢᠳᠡᠷ ᠢ ᠦᠵᠡᠮᠡᠭᠴᠡ ᠣᠯᠠᠪᠣᠷ ᠴᠢᠷᠠᠢ ᠪᠠᠨ | ᠢᠰᠪᠡᠯᠵᠡᠬᠦᠯᠦᠨ ᠣᠳᠠᠪᠠᠯ᠎ᠠ ᠶᠢᠨ ᠣᠷᠣᠭᠤᠯ ᠢᠶᠠᠨ ᠵᠢᠮᠡᠶᠢᠯᠬᠡᠵᠦ᠄ ︽ᠰᠠᠶᠢᠨ ᠦᠦ︖ ᠠᠬ᠎ᠠ ᠡ︾ ᠬᠡᠮᠡᠨ | ᠨᠠᠭᠠᠯᠢᠩᠬᠠᠢ ᠵᠦᠬᠡᠯᠡᠨ ᠲᠣᠣᠭᠠᠷᠣᠯᠠ᠃ ᠢᠳᠡᠷ ᠶᠡᠬᠡᠯ᠎ᠡ ᠭᠠᠶᠢᠬᠠᠵᠣ ︽ᠰᠠᠶᠢᠨ︾ ᠬᠡᠵᠦ ᠬᠠᠷᠢᠭᠤ ᠦᠴᠢᠨ | ᠲᠦᠳᠡᠬᠡᠯᠵᠡᠨ ᠵᠣᠭᠰᠣᠯ᠎ᠠ᠃ ᠢᠳᠡᠷ ᠤᠨ ᠭᠠᠶᠢᠬᠠᠨ ᠬᠠᠷᠠᠬᠤ ᠳᠤ ᠢᠴᠢᠨ ᠰᠢᠷᠪᠡᠳᠦᠭᠰᠡᠨ ᠦᠬᠢᠨ ᠲᠡᠪᠢᠨ ᠲᠡᠪᠢᠬᠦ | ᠣᠷᠳᠣ ᠬᠠᠷ᠎ᠠ ᠰᠣᠷᠮᠣᠣᠰᠣ ᠪᠠᠨ ᠲᠣᠷᠣᠭᠰᠢ ᠪᠠᠭᠤᠯᠭᠠᠵᠣ ᠦᠯᠮᠡᠢ ᠪᠠᠨ ᠰᠢᠷᠳᠡᠨ ᠠᠪᠠᠢ᠃ ︽ᠡᠶᠢᠮᠦ ᠰᠠᠶᠢᠬᠠᠨ | ᠬᠢᠳᠠᠳ ᠦᠬᠢᠨ ᠢ ᠣᠷᠢᠳᠣ ᠨᠢ ᠯᠠᠪ ᠦᠵᠡᠭᠰᠡᠨ ᠦᠬᠡᠢ ᠳ᠋ᠡ︾ ᠬᠡᠵᠦ ᠰᠡᠳᠬᠢᠯ ᠳᠤ ᠪᠠᠨ ᠰᠢᠪᠡᠨᠡᠭᠰᠡᠨ ᠢᠳᠡᠷ | ᠭᠤᠸᠠᠢ ᠠᠷᠢᠬᠢᠨ ᠤ ᠬᠦᠴᠦᠨ ᠳᠤ ᠰᠡᠳᠬᠢᠯ ᠬᠦᠪᠰᠡᠬᠦ ᠮᠡᠳᠣ ᠲᠣᠭᠳᠣᠯᠵᠦ ᠭᠠᠷᠪᠠ᠃ ᠬᠠᠩᠬᠠᠭᠠᠷ ᠴᠡᠬᠡᠵᠢ ᠲᠠᠢ᠂ | ᠬᠠᠳᠠᠭᠤ ᠰᠢᠷᠪᠦᠰᠦ ᠲᠠᠢ ᠮᠣᠩᠭᠤᠯ ᠡᠷ᠎ᠡ ᠶᠢᠨ ᠢᠳᠡ ᠴᠢᠳᠠᠯ ᠣᠮᠤᠭ ᠰᠦᠷ ᠢ ᠡᠳᠦᠷ ᠬᠠᠷᠠᠭᠰᠠᠨ ᠡᠨᠡ ᠦᠬᠢᠨ | ᠠᠭᠤᠯᠵᠠᠨ ᠣᠴᠠᠷᠠᠬᠤ ᠶᠢᠨ ᠬᠦᠰᠡᠯ ᠮᠦᠷᠦᠬᠡᠳᠦᠯ ᠪᠣᠯᠵᠣ ᠪᠠᠶᠢᠬᠤ ᠳᠤ ᠲᠣᠮᠣᠴᠣᠣᠯ ᠨᠢ ᠦᠬᠢᠨ ᠤ ᠰᠠᠨᠠᠭ᠎ᠠ ᠶᠢ | ᠮᠡᠳᠡᠭᠰᠡᠨ ᠶᠣᠮ ᠰᠢᠭ ᠲᠣᠰᠬᠠᠶᠢᠯᠠᠨᠠᠳᠡ ᠢᠷᠡᠬᠦᠯᠦᠭᠰᠡᠨ ᠪᠦᠯᠦᠬᠡ᠃ ︽ᠠᠬ᠎ᠠ ᠡ᠂ ᠬᠠᠮᠵᠢᠭᠤᠯᠬᠤ ᠣᠴᠢᠷ ᠪᠣᠢ | ᠦᠦ︖︾ ᠬᠡᠮᠡᠬᠦ ᠣᠶᠠᠬᠠᠨ ᠵᠦᠬᠡᠯᠡᠨ ᠦᠬᠡ᠂ ᠣᠷᠠᠨ ᠨᠠᠭᠠᠯᠢᠩᠬᠠᠢ ᠠᠭᠠᠰᠢ ᠨᠢ ᠡᠷ᠎ᠡ ᠬᠦᠮᠦᠨ ᠤ ᠰᠦᠨᠡᠰᠦ ᠶᠢ | ᠲᠠᠯᠠᠯᠦᠨ ᠲᠠᠭᠤᠳᠠᠬᠤ ᠠᠵᠣᠭᠤ᠃ ᠢᠳᠡᠷ ᠵᠡᠬᠦᠳᠣ ᠵᠡᠷᠬᠡᠯᠬᠡᠨ ᠳᠤ ᠪᠠᠨ ᠪᠠᠶᠢᠬᠤ ᠮᠡᠳᠣ ᠮᠡᠯᠡᠷᠡᠵᠦ ᠦᠬᠢᠨ ᠢ ᠯᠠᠪᠯᠠᠨ | ᠰᠢᠷᠳᠡᠳᠡᠯᠡ ᠰᠡᠳᠬᠢᠯ ᠳᠤ ᠨᠢ ᠲᠦᠷᠯᠡᠬᠡᠷ ᠬᠠᠷ᠎ᠠ ᠨᠢᠳᠣ ᠪᠠᠷ ᠢᠶᠠᠨ ᠲᠣᠭᠤᠬᠢ ᠲᠠᠢ ᠢᠨᠢᠶᠡᠬᠦ ᠣᠶᠣᠨ᠎ᠠ ᠶᠢᠨ | ᠦᠵᠡᠰᠬᠦᠯᠡᠩᠳᠣ ᠲᠦᠷᠢ ᠴᠢᠬᠢᠷᠠᠭ ᠮᠠᠬᠠᠪᠣᠳ ᠣᠷᠭᠤᠨ ᠢᠷᠡᠬᠦ ᠳᠤ ᠢᠳᠡᠷ ᠪᠣᠳᠣᠯ ᠠᠴᠠ ᠪᠠᠨ ᠰᠣᠴᠢᠨ ᠬᠠᠴᠠᠷ | ᠭᠤᠸ᠎ᠠ ᠦᠬᠢᠨ ᠠᠴᠠ ᠵᠠᠶᠢᠯᠠᠰᠬᠢᠨ ᠵᠣᠭᠰᠣᠵᠣ ︽ᠣᠴᠢᠷ ᠦᠬᠡᠢ ᠡ᠂ ᠲᠠ ᠶᠠᠪᠣᠴᠢᠬᠠ︾ ᠬᠡᠵᠦ ᠡᠷᠡᠰ ᠬᠡᠯᠡᠯ᠎ᠡ᠃ | ᠬᠢᠳᠠᠳ ᠦᠬᠢᠨ ᠤ ᠴᠢᠷᠠᠢ ᠣᠯᠠᠰᠬᠢᠨ ᠮᠢᠰᠢᠶᠡᠵᠦ᠂ ᠨᠢᠳᠣᠨ ᠳᠤ ᠨᠢ ᠭᠤᠮᠣᠳᠠᠯ ᠤᠨ ᠬᠡᠬᠡ᠂ ᠭᠤᠷᠢ ᠲᠠᠰᠣᠷᠠᠯ ᠤᠨ | ᠮᠠᠨᠠᠨ ᠪᠦᠷᠳᠦᠯᠵᠡᠭᠰᠡᠨ ᠢᠶᠠᠨ ︽ᠡᠩ︾ ᠬᠡᠵᠦ ᠰᠣᠯᠠᠬᠠᠨ ᠲᠣᠣᠭᠠᠷᠴᠣ ᠨᠠᠬᠢᠯᠣᠨ ᠨᠣᠬᠤᠯᠣᠨ ᠠᠯᠬᠤᠨᠭᠠᠷᠬᠤ ᠳᠤ | ᠪᠠᠨ ᠮᠡᠯᠡᠰᠬᠢᠳᠡᠯᠡ ᠬᠠᠷᠠᠵᠣ ᠵᠣᠮᠠᠰᠬᠢᠳᠠᠯᠠ ᠢᠨᠢᠶᠡᠬᠦ ᠨᠢ ᠦᠨᠡᠬᠡᠷ ᠲᠣᠷ᠎ᠠ ᠶᠢ ᠪᠣᠯᠢᠶᠠᠨᠠᠮ᠃ ᠣᠯᠠᠨ ᠣᠯᠠᠨ | ᠪᠦᠬᠡᠴᠦᠦᠯ ᠲᠠᠢ ᠪᠠᠷᠢᠴᠠ ᠠᠯᠳᠠᠯ ᠦᠬᠡᠢ ᠪᠣᠰᠤᠭ᠎ᠠ ᠵᠣᠭᠰᠤᠭ᠎ᠠ ᠶᠠᠪᠣᠭᠰᠠᠨ ᠰᠠᠶᠢᠨ ᠪᠦᠬᠡ ᠢᠳᠡᠷ ᠣᠷᠠᠨ ᠭᠤᠪᠠᠢ | ᠬᠢᠳᠠᠳ ᠦᠬᠢᠨ ᠤ ᠲᠡᠷᠬᠡᠳᠡ ᠠᠷᠠᠢ ᠯᠡ ᠬᠦᠯ ᠠᠯᠳᠠᠵᠣ ᠪᠠᠷᠢᠴᠠ ᠲᠠᠯᠪᠢᠭᠰᠠᠨ ᠦᠬᠡᠢ ᠳᠤ ᠪᠠᠨ ᠪᠠᠶᠠᠰᠣᠨ ᠡᠨᠡ | ᠪᠦᠬᠦᠨ ᠢ ᠣᠶᠣᠨ᠎ᠠ ᠳᠤ ᠪᠠᠨ ᠬᠡᠯᠡᠬᠦ ᠰᠣᠨᠢᠨ ᠲᠠᠢ ᠪᠣᠯᠪᠠ ᠬᠡᠵᠦ ᠣᠯᠵᠠᠭᠤᠷᠬᠠᠨ ᠪᠣᠳᠣᠵᠣ ᠡᠬᠦᠳᠡ ᠪᠠᠨ ᠴᠦᠯᠡᠵᠦ | ︽ᠶᠠᠭᠤ ᠴᠣ᠋ ᠪᠣᠯᠵᠣ ᠮᠠᠭᠠᠳ︾ ᠬᠡᠮᠡᠨ ᠬᠤᠪᠴᠠᠰᠣ ᠪᠠᠨ ᠲᠠᠶᠢᠯᠦᠯ ᠦᠬᠡᠢ ᠪᠦᠬᠦᠯᠡᠢ ᠪᠠᠷ ᠣᠨᠳᠠᠬᠤ ᠬᠡᠮᠡᠨ | ᠬᠠᠵᠠᠭᠤᠯᠪᠠ᠃ ᠭᠠᠳᠠᠨ᠎ᠠ ᠶᠢᠰᠦ ᠶᠢᠨ ᠭᠤᠣᠯ ᠤᠨ ᠬᠦᠢᠳᠡᠨ ᠵᠢᠪᠡᠷ ᠬᠠᠣᠬᠢᠵᠦ᠂ ᠬᠤᠷᠢᠳ ᠤᠨ ᠰᠠᠷ᠎ᠠ ᠮᠡᠯᠳᠡᠶᠢᠨ᠂ | ᠭᠠᠭᠴᠠ ᠬᠦ ᠬᠠᠷ᠎ᠠ ᠪᠣᠣᠷ᠎ᠠ ᠶᠢᠨ ᠬᠢᠨᠢ ᠬᠢᠬᠤᠨᠠᠨ ᠬᠦᠷᠬᠢᠷᠡᠬᠦ ᠴᠢᠮᠡᠭᠡ ᠨᠠᠮ ᠵᠢᠮ ᠢ ᠡᠪᠳᠡᠵᠦ ᠪᠠᠶᠢᠪᠠ᠃ | ᠰᠦᠨᠢ ᠲᠣᠮᠳᠠ ᠶᠢᠨ ᠦᠶ᠎ᠡ ᠪᠠᠷ ᠬᠡᠨᠡᠳᠳᠡ ᠡᠬᠦᠳᠡ ᠲᠣᠭᠰᠢᠬᠤ ᠪᠠᠴᠢᠮ ᠴᠢᠮᠡᠭᠡ ᠪᠠᠷ ᠢᠳᠡᠷ ᠰᠡᠷᠢᠪᠡ᠃ | ᠡᠬᠦᠳᠡ ᠪᠠᠨ ᠠᠶᠠᠷᠬᠠᠨ ᠨᠡᠬᠡᠬᠡᠬᠦ ᠳᠤ ᠦᠨᠦᠬᠢ ᠦᠬᠢᠨ ᠴᠡᠴᠡᠷᠡᠩᠬᠡᠨ ᠵᠣᠭᠰᠣᠵᠣ᠄ ︽ᠠᠬ᠎ᠠ ᠡ᠂ ᠪᠢ ᠲᠠᠨ ᠳᠤ | ᠴᠢᠮᠡᠭᠡ ᠦᠭᠬᠦ ᠪᠠᠷ ᠢᠷᠡᠭᠰᠡᠨ᠂ ᠣᠯᠠᠨ ᠬᠦᠮᠦᠨ ᠪᠣᠴᠠᠬᠤ ᠵᠠᠮ ᠢ ᠴᠢᠨᠢ ᠲᠣᠰᠬᠤ ᠬᠡᠵᠦ ᠪᠣᠢ᠂ ᠬᠡᠴᠢᠶᠡᠭᠳᠣᠨ᠃ | ᠨᠠᠮ᠎ᠠ ᠶᠢ ᠢᠳᠡᠬᠡᠷᠡᠢ︾ ᠬᠡᠵᠦ ᠰᠡᠮᠬᠡᠨ ᠬᠡᠯᠡᠬᠡᠳ ᠢᠳᠡᠷ ᠤᠨ ᠬᠠᠷᠢᠭᠤ ᠶᠢ ᠬᠦᠯᠢᠶᠡᠯ ᠦᠬᠡᠢ ᠶᠠᠭᠠᠷᠠᠯᠳᠠᠢ ᠶᠠᠪᠣᠵᠣ | ᠣᠳᠣᠯ᠎ᠠ᠃ ᠬᠢᠳᠡᠳ ᠤᠨ ᠰᠠᠶᠢᠬᠠᠨ ᠦᠬᠢᠨ ᠤ ᠣ ᠡᠩᠰᠡᠭᠡ᠂ ᠡᠮᠡᠭᠳᠡᠢ ᠬᠦᠮᠦᠨ ᠤ ᠰᠣᠳᠣᠨ ᠬᠤᠷᠴᠠ ᠦᠨᠦᠷ | ᠬᠠᠮᠠᠷ ᠢ ᠨᠢ ᠴᠣᠷᠬᠢᠭᠰᠠᠨ ᠢᠶᠠᠨ ᠵᠠᠮᠬᠠᠷᠠᠨ ᠬᠤᠯᠠᠳᠠᠬᠤ ᠳᠤ ᠰᠠᠶ᠋ᠢ ᠶᠠᠭᠤ ᠪᠣᠯᠬᠤ ᠬᠡᠵᠦ ᠪᠠᠶᠢᠭ᠎ᠠ ᠶᠢ ᠣᠬᠠᠭᠰᠠᠨ | ᠢᠳᠡᠷ ᠠᠶᠣᠨ ᠴᠣᠴᠢᠷᠳᠠᠪᠠ᠃ ᠬᠢᠳᠠᠳ ᠬᠦᠮᠦᠨ ᠣᠯᠠᠨ᠂ ᠪᠢ ᠭᠠᠭᠴᠠ᠃ ᠠᠮᠣ ᠪᠣᠳᠠᠭ᠎ᠠ ᠪᠠᠨ ᠠᠯᠳᠠᠬᠤ | ᠪᠣᠯᠣᠭᠰᠠᠨ ᠬᠢᠳᠠᠳ ᠲᠠᠷᠢᠶᠠᠴᠢᠨ ᠠᠮᠢ ᠲᠡᠮᠡᠴᠡᠨ ᠦᠵᠡᠯᠴᠡᠬᠦ ᠨᠢ ᠯᠠᠪᠳᠠᠢ᠃ ᠲᠡᠳᠡᠨ ᠤ ᠬᠠᠭᠤᠷᠮᠠᠭ ᠢᠨᠢᠶᠡᠳᠣ | ᠬᠤᠷᠣᠰᠣᠯᠳᠣ ᠬᠠᠷᠠᠴᠠ ᠨᠢ ᠡᠷᠳᠡ ᠬᠡᠯᠡᠵᠦ ᠪᠠᠶᠢᠭᠰᠠᠨ ᠯᠡ ᠳ᠋ᠡ᠃ ᠢᠳᠡᠷ ᠣᠨᠳᠠᠵᠣ ᠣᠷᠣᠬᠤ ᠪᠠᠨ ᠪᠣᠯᠢᠵᠣ | ᠬᠤᠪᠴᠠᠰᠣ ᠪᠠᠨ ᠲᠡᠭᠰᠢᠯᠡᠨ ᠭᠠᠳᠠᠨ᠎ᠠ ᠭᠠᠷᠪᠠ᠃ ᠬᠢᠳᠠᠳ ᠠᠶᠢᠯ ᠤᠨ ᠬᠢᠨ ᠲᠤᠭ ᠨᠣᠶᠢᠷ ᠲᠤ ᠠᠪᠳᠠᠵᠣ᠂ ᠬᠠᠷ᠎ᠠ | ᠪᠣᠣᠷ᠎ᠠ ᠶᠢᠨ ᠬᠦᠷᠴᠢᠬᠢᠨᠡᠬᠦ ᠴᠢᠮᠡᠭᠡ ᠪᠠᠷ ᠨᠣᠬᠠᠳ ᠪᠣᠷᠠᠯᠠᠯᠳᠣᠨ ᠪᠠᠶᠢᠪᠠ᠃ ᠰᠠᠯᠬᠢ ᠨᠠᠮ ᠪᠣᠯᠵᠣ ᠰᠠᠷᠠᠨ ᠤ ᠬᠡᠬᠡ | ᠰᠦ ᠠᠰᠬᠠᠭᠰᠠᠨ ᠮᠳᠣ ᠣᠷᠴᠢᠨ ᠲᠣᠭᠤᠷᠢᠨ ᠢ ᠴᠠᠶᠢᠷᠠᠭᠤᠯᠣᠨ᠎ᠠ᠃ ︽ᠲᠣᠳᠠᠭᠠᠵᠣ ᠶᠠᠪᠣᠪᠠᠯ ᠨᠡᠷ᠎ᠡ ᠪᠠᠨ | ᠬᠤᠭᠤᠯᠣᠨᠠ᠂ ᠲᠣᠰᠴᠦ ᠪᠠᠶᠢᠯᠳᠣᠪᠠᠯ ᠶᠠᠰᠣ ᠪᠠᠨ ᠬᠤᠭᠤᠯᠣᠨᠠ᠂ ᠶᠠᠭᠠᠬᠢᠯᠳᠠᠢ ᠪᠢᠯᠡ︖︾ ᠬᠡᠵᠦ ᠪᠦᠬᠡᠴᠢᠨ | ᠢᠳᠡᠷ ᠠᠷᠭ᠎ᠠ ᠮᠣᠬᠤᠷᠳᠠᠨ ᠡᠷᠬᠢᠴᠡᠵᠦ ᠶᠠᠪᠣᠳᠠᠯ᠎ᠠ ᠬᠢᠳᠠᠳ ᠠᠶᠢᠯ ᠤᠨ ᠬᠠᠰᠢᠶᠠᠨ ᠤ ᠭᠠᠳᠠᠨ᠎ᠠ ᠲᠣᠮᠣ ᠲᠡᠬᠡᠷᠡᠮᠡ | ᠬᠠᠷᠠᠭᠳᠠᠯ᠎ᠠ᠃ ᠢᠳᠡᠷ ᠤᠨ ᠣᠢ ᠣᠬᠠᠭᠠᠨ ᠳᠤ ᠨᠢᠬᠡᠨ ᠪᠣᠳᠣᠯ ᠬᠢᠯᠠᠰᠬᠢᠨ ᠪᠠᠭᠤᠵᠣ ︽ᠣᠣᠬᠠᠢ᠂ ᠲᠡᠬᠡᠷᠡᠮᠡ ᠶᠢᠨ | ᠪᠣᠯᠣ ᠶᠢ ᠨᠢ ᠣᠨᠠᠭᠠᠵᠣ ᠣᠷᠬᠢᠶ᠎ᠠ᠂ ᠲᠡᠬᠡᠪᠡᠯ ᠨᠢᠬᠡ ᠠᠷᠭ᠎ᠠ ᠭᠠᠷᠬᠤ ᠪᠣᠢ︾ ᠬᠡᠵᠦ ᠠᠮᠠᠨ ᠳᠤ ᠪᠠᠨ ᠦᠬᠦᠯᠡᠵᠦ | ᠰᠢᠭᠤᠳ ᠲᠡᠬᠡᠷᠡᠮᠡ ᠶᠢᠨ ᠲᠡᠷᠬᠡᠳᠡ ᠬᠦᠷᠴᠦ ᠲᠡᠬᠡᠷᠡᠮᠡ ᠶᠢᠨ ᠪᠣᠯᠣ ᠶᠢ ᠠᠷᠠᠯ ᠠᠴᠠ ᠨᠢ ᠰᠠᠯᠭᠠᠵᠣ ᠲᠣᠮᠣ ᠪᠣᠯᠣ ᠶᠢ | ︽ᠲᠦᠰ︾ ᠬᠢᠳᠡᠯ᠎ᠡ ᠲᠦᠯᠬᠢᠨ ᠣᠨᠠᠭᠠᠪᠠ᠃ ᠲᠡᠬᠡᠬᠡᠳ ᠰᠡᠮᠬᠡᠨ ᠢᠨᠢᠶᠡᠭᠰᠡᠬᠡᠷ ᠪᠠᠭᠤᠳᠠᠯ ᠳᠤ ᠪᠠᠨ ᠣᠷᠣᠵᠣ ᠨᠠᠮ | ᠣᠨᠳᠠᠵᠣ ᠪᠢᠯᠡ᠃ | ᠭᠤᠷᠪᠠᠨ ᠨᠣᠬᠠᠢ ᠭᠤᠳᠣᠶᠢᠵᠣ ᠲᠠᠬᠢᠶ᠎ᠠ ᠲᠣᠣᠭᠠᠷᠬᠤ ᠦᠶ᠎ᠡ ᠪᠠᠷ ᠬᠢᠳᠠᠳ ᠠᠶᠢᠯ ᠳᠤ ᠦᠢᠮᠡᠬᠡᠨ ᠲᠡᠭᠳᠡᠪᠡ᠃ | ᠦᠷᠯᠦᠬᠡ ᠪᠦᠷᠢ ᠦᠷᠢᠰᠦᠯᠳᠣᠨ ᠪᠣᠰᠴᠦ ᠪᠣᠳᠠᠭ᠎ᠠ ᠴᠠᠶᠢᠯᠭᠠᠵᠣ ᠲᠣᠭᠤᠭ᠎ᠠ ᠬᠦᠳᠡᠯᠬᠡᠳᠡᠭ ᠬᠢᠳᠠᠳ ᠡᠮᠡᠰ ᠡᠨᠡ | ᠠᠶᠢᠯ ᠤᠨ ᠭᠠᠭᠴᠠ ᠲᠡᠬᠡᠷᠡᠮᠡ ᠳᠤ ᠰᠢᠪᠠᠭᠠᠷᠠᠯᠳᠣᠨ ᠪᠦᠳᠡᠳᠡᠭ ᠠᠪᠠᠢ᠃ ᠡᠨᠡ ᠦᠷᠯᠦᠬᠡ ᠭᠠᠢ ᠪᠣᠯᠵᠣ ᠲᠡᠬᠡᠷᠡᠮᠡ | ᠶᠢᠨ ᠪᠣᠯᠣ ᠭᠠᠵᠠᠷ ᠣᠨᠠᠭᠰᠠᠨ ᠶᠡᠭᠡ ᠬᠡᠷᠡᠭ ᠭᠠᠷᠣᠭᠰᠠᠨ ᠳᠤ ᠬᠢᠳᠠᠳ ᠡᠮᠡᠰ ᠬᠤᠭᠤᠯᠠᠢ ᠰᠢᠬᠠᠨ ᠣᠷᠢᠯᠠᠯᠳᠣᠵᠣ | ᠦᠢᠮᠡᠨ ᠱᠣᠣᠬᠢᠯᠳᠣᠨ ᠡᠬᠦᠰᠬᠡᠪᠡ᠃ ᠡᠨᠡ ᠴᠢᠮᠡᠭᠡ ᠠᠶᠢᠯ ᠠᠴᠠ ᠠᠶᠢᠯ ᠲᠠᠮᠵᠢᠨ ᠣᠯᠠᠨ ᠡᠬᠡᠨᠡᠷ ᠬᠡᠣᠬᠡᠳ | ᠴᠣᠭᠯᠠᠷᠠᠨ ᠡᠳᠣᠷ ᠤᠨ ᠦᠢᠮᠡᠬᠡᠨ ᠠᠴᠠ ᠲᠣᠣᠷ᠎ᠠ ᠦᠬᠡᠢ ᠪᠣᠯᠪᠠ᠃ ᠬᠦᠮᠦᠨ ᠣᠯᠠᠨ ᠴᠣ᠋ ᠲᠦᠩᠬᠡᠯᠴᠡᠭ ᠪᠦᠳᠦᠬᠦᠨ | ᠪᠣᠯᠣ ᠶᠢ ᠠᠪᠴᠦ ᠲᠠᠯᠪᠢᠬᠤ ᠠᠷᠭ᠎ᠠ ᠣᠬᠠᠭᠠᠨ ᠬᠦᠴᠦ ᠴᠢᠳᠠᠯ ᠪᠠᠶᠢᠭᠰᠠᠨ ᠦᠬᠡᠢ᠃ ᠠᠳᠡ ᠲᠡᠨᠳᠡ ᠠᠴᠠ ᠬᠡᠳᠣᠨ | ᠡᠷ᠎ᠡ ᠢᠷᠡᠭᠰᠡᠨ ᠴᠣ᠋ ᠪᠠᠷᠢᠳᠠᠯ ᠦᠬᠡᠢ ᠪᠣᠯᠣ ᠴᠢᠯᠠᠭᠤ ᠶᠢ ᠡᠷᠬᠦᠵᠦ ᠲᠠᠮᠨᠠᠬᠤ ᠣᠬᠠᠭᠠᠨ ᠲᠠᠩᠴᠣ ᠣᠯᠳᠠᠭᠰᠠᠨ ᠦᠬᠡᠢ | ᠃ ᠲᠡᠬᠡᠷᠡᠮᠡ ᠵᠠᠰᠠᠨ ᠪᠣᠳᠠᠭ᠎ᠠ ᠴᠠᠶᠢᠯᠭᠠᠬᠤ ᠳᠤ ᠡᠳᠦᠷ ᠪᠣᠯᠬᠤ ᠶᠢ ᠬᠦᠯᠢᠶᠡᠬᠦ ᠴᠢᠬᠤᠯᠠ ᠲᠠᠢ ᠪᠣᠯᠣᠯ᠎ᠠ ᠬᠡᠰᠡᠨ ᠢ | ᠮᠡᠳᠡᠭᠰᠡᠨ ᠡᠬᠡᠨᠡᠷ ᠬᠡᠣᠬᠡᠳ ᠦᠷᠯᠦᠬᠡ ᠬᠤᠭᠤᠯᠠ ᠦᠬᠡᠢ ᠬᠤᠭᠤᠰᠣᠨ ᠰᠠᠭᠤᠬᠤ ᠶᠢ ᠰᠠᠨᠠᠵᠣ ᠨᠡᠩᠳᠡ ᠣᠷᠢᠯᠠᠯᠳᠣᠨ | ᠦᠢᠮᠡᠪᠡ᠃ ᠡᠨᠡ ᠦᠶ᠎ᠡ ᠳᠤ ᠬᠡᠮ ᠢᠶᠠᠨ ᠬᠢᠭᠰᠡᠨ ᠪᠦᠬᠡᠴᠢᠨ ᠢᠳᠡᠷ ᠦᠢᠮᠡᠬᠡᠨ ᠤ ᠲᠣᠮᠳᠠ ᠠᠯᠭᠤᠷ ᠢᠷᠡᠵᠦ | ᠬᠢᠳᠠᠳ ᠡᠷᠡᠰ ᠢ ᠲᠦᠯᠬᠢᠨ ᠵᠠᠶᠢᠯᠠᠭᠤᠯᠵᠣ᠂ ᠲᠡᠬᠡᠷᠡᠮᠡ ᠶᠢᠨ ᠪᠣᠯᠣ ᠶᠢ ᠣᠷᠳᠣ ᠬᠤᠶᠠᠷ ᠭᠠᠷ ᠢᠶᠠᠷ | ᠯᠠᠪᠳᠠᠭᠤᠬᠠᠨᠲ᠋ᠠᠪᠡᠷᠢᠨ ᠠᠪᠴᠣ ︽ᠬᠡᠩ︾ ᠬᠡᠵᠦ ᠢᠳᠡᠯᠡᠮᠡᠭᠴᠡ ᠭᠠᠵᠠᠷ ᠠᠴᠠ ᠰᠠᠯᠭᠠᠨ ᠡᠪᠦᠳᠦᠭ ᠲᠡᠬᠡᠷ᠎ᠡ ᠪᠠᠨ | ᠲᠣᠯᠭᠠᠭᠤᠷᠢᠯᠠᠨ ᠲᠡᠬᠡᠷᠡᠮᠡ ᠶᠢᠨ ᠨᠢᠭᠤᠷ ᠲᠤ ︽ᠰᠢᠷ︾ ᠬᠢᠳᠡᠯ᠎ᠡ ᠲᠠᠯᠪᠢᠪᠠ᠃ ︽ᠠᠶ᠎ᠠ᠂ ᠮᠠᠶᠠ︾ ᠬᠡᠵᠦ ᠬᠢᠳᠠᠳ | ᠡᠷ᠎ᠡ ᠡᠮ᠎ᠡ ᠦᠬᠡᠢ ᠭᠠᠶᠢᠬᠠᠨ ᠬᠠᠰᠬᠢᠷᠣᠯᠳᠣᠬᠤ ᠨᠢ ᠡᠷᠳᠡ ᠶᠢᠨ ᠴᠣᠣᠷᠢ ᠪᠣᠯᠵᠣ ᠠᠯᠣᠰ ᠲᠤ ᠲᠠᠮᠵᠢᠭᠳᠠᠨᠠ᠃ | ᠢᠳᠡᠷ ᠶᠠᠭᠤ ᠴᠣ᠋ ᠪᠣᠯᠤᠭ᠎ᠠ ᠦᠬᠡᠢ ᠶᠣᠮ ᠰᠢᠭ ᠬᠡᠩᠬᠦᠯᠵᠡᠨ ᠠᠯᠬᠤᠯᠠᠰᠠᠭᠠᠷ ᠶᠠᠪᠣᠵᠣ ᠣᠳᠬᠤ ᠳᠤ ᠬᠢᠳᠠᠳ ᠡᠮᠡᠰ | ᠠᠮᠠ ᠠᠮᠠᠨ ᠳᠤ ᠪᠠᠨ ︽ᠬᠡᠴᠡᠬᠦᠦ ᠬᠡᠴᠡᠬᠦᠦ︾ ᠬᠡᠮᠡᠯᠴᠡᠨ ᠪᠣᠳᠠᠭ᠎ᠠ ᠴᠠᠶᠢᠯᠭᠠᠬᠤ ᠪᠣᠯᠣᠭᠰᠠᠨ ᠳᠤ ᠪᠠᠨ ᠪᠠᠶᠠᠷᠳᠠᠢ ᠨᠢ | ᠠᠷᠭ᠎ᠠ ᠦᠬᠡᠢ ᠱᠣᠣᠬᠢᠯᠳᠣᠨᠠ᠃ ᠲᠡᠮᠡᠬᠡᠨ ᠠᠴᠢᠶ᠎ᠠ ᠶᠢ ᠭᠠᠭᠴᠠᠭᠠᠷ ᠠᠴᠢᠵᠣ ᠲᠡᠬᠡᠷᠡᠮᠡ ᠶᠢᠨ ᠪᠣᠯᠣ ᠶᠢ ᠨᠢᠬᠡᠯᠡ | ᠡᠷᠬᠦᠭᠰᠡᠨ ᠪᠦᠬᠡᠴᠢᠨ ᠡᠷ᠎ᠡ ᠶᠢᠨ ᠪᠢᠷ᠎ᠠ ᠴᠢᠳᠠᠯ ᠬᠢᠵᠠᠭᠠᠯᠠᠰᠢ ᠦᠬᠡᠢ ᠶᠢ ᠮᠡᠳᠡᠭᠰᠡᠨ ᠬᠢᠳᠠᠳ ᠡᠷᠡᠰ ᠪᠠᠭᠠᠰᠣ | ᠠᠯᠳᠠᠳᠠᠯ᠎ᠠ ᠠᠶᠣᠵᠣ ᠡᠷᠡᠦ ᠠᠮᠠ ᠪᠠᠨ ᠲᠣᠬᠢᠯᠴᠠᠨ ᠨᠢᠳᠣ ᠴᠢᠬᠢ ᠪᠠᠨ ᠣᠶᠢᠷᠠᠳᠣᠭᠤᠯᠣᠨ ︽ᠬᠤᠷᠳᠣᠨ ᠪᠣᠴᠠᠭ᠎ᠠ᠂ | ᠬᠤᠷᠳᠣᠨ ᠪᠣᠴᠠᠭ᠎ᠠ︾ ᠬᠡᠮᠡᠨ ᠶᠠᠭᠠᠷᠠᠯᠳᠣᠨ ᠬᠦᠶᠦᠯᠳᠦᠪᠡ᠃ ᠣᠣᠯ ᠨᠢ ᠮᠡᠯᠵᠢᠶ᠎ᠡ ᠠᠯᠳᠠᠭᠰᠠᠨ ᠳᠤ ᠪᠠᠨ | ᠬᠠᠷᠠᠰᠠᠭᠰᠠᠨ ᠬᠢᠳᠠᠳ ᠲᠠᠷᠢᠶᠠᠴᠢᠳ ᠢᠳᠡᠷ ᠤᠨ ᠵᠠᠮ ᠢ ᠲᠣᠰᠣᠨ ᠵᠣᠳᠣᠨ ᠰᠢᠷᠬᠠᠳᠣᠭᠤᠯᠵᠣ ᠪᠣᠯᠢᠶᠠᠨ ᠲᠡᠬᠡᠷᠡᠮᠳᠡᠬᠦ | ᠪᠠᠷ ᠠᠷᠪᠠᠭᠠᠳ ᠡᠷ᠎ᠡ ᠶᠢ ᠪᠦᠭᠬᠦᠨ ᠬᠦᠯᠢᠶᠡᠯᠬᠡᠭᠰᠡᠨ ᠢᠶᠠᠨ ᠡᠳᠦᠬᠡ ᠠᠪᠣᠷᠭᠤ ᠬᠦᠴᠦᠳᠡᠨ ᠲᠠᠢ ᠬᠠᠯᠳᠠᠪᠠᠯ ︽ᠠᠮᠢ | ᠪᠠᠨ ᠠᠯᠳᠠᠬᠤ ᠠᠶᠣᠯᠳᠠᠢ᠂ ᠬᠤᠷᠳᠣᠨ ᠪᠣᠴᠠ︾ ᠬᠡᠮᠡᠨ ᠬᠡᠯᠡ ᠢᠯᠡᠬᠡᠵᠦ ᠪᠠᠶᠢᠭ᠎ᠠ ᠨᠢ ᠡᠨᠡ ᠠᠵᠣᠭᠤ᠃ | ᠦᠴᠦᠭᠡᠳᠦᠷ ᠤᠨ ᠬᠢᠲᠠᠳ ᠡᠷᠡᠴᠤᠤᠯ ᠦᠷᠯᠦᠭᠡ ᠮᠦᠨ ᠢᠳᠡᠷ ᠤᠨ ᠲᠡᠷᠬᠡᠳᠡ ᠢᠷᠡᠵᠦ ᠪᠦᠬᠦᠯᠵᠡᠨ | ᠨᠠᠬᠢᠯᠵᠠᠨ ᠡᠷᠲᠡ ᠶᠢᠨ ᠬᠤᠭᠤᠯᠠ ᠢᠳᠡᠭᠦᠯᠦᠭᠰᠡᠨ ᠪᠦᠭᠡᠳ ᠮᠤᠩᠭᠤᠯ ᠬᠦᠮᠦᠨ ᠤ ᠬᠦᠴᠤ ᠴᠢᠳᠠᠯ᠂ ᠲᠡᠮᠡᠭᠡ ᠮᠤᠷᠢᠨ | ᠤ ᠢᠳᠡ ᠪᠢᠷ᠎ᠠ ᠶᠢ ᠮᠠᠭᠳᠠᠨ ᠰᠠᠶᠢᠰᠢᠶᠠᠵᠦ ᠦᠨᠡᠨ ᠰᠡᠳᠬᠢᠯ ᠠᠴᠠ ᠪᠠᠨ ᠪᠢᠰᠢᠷᠡᠵᠦ ᠪᠠᠶᠢᠯ᠎ᠠ᠃ ᠬᠢᠲᠠᠳ ᠬᠦᠮᠦᠨ | ᠠᠶᠤᠪᠠᠯ ᠨᠢᠭᠡᠮᠦᠰᠦᠨᠠᠶᠤᠵᠦ ᠪᠢᠰᠢᠷᠡᠪᠡᠯ ᠦᠬᠦᠨ ᠪᠢᠰᠢᠷᠡᠳᠡᠭ ᠪᠠᠶᠢᠵᠠᠢ ᠳ᠋ᠡ᠃ ᠢᠳᠡᠷ ᠴᠠᠳᠲᠠᠯ᠎ᠠ ᠪᠠᠨ ᠢᠳᠡᠵᠦ | ᠪᠤᠤᠷ᠎ᠠ ᠪᠠᠨ ᠠᠪᠴᠤ ᠦᠴᠦᠭᠡᠳᠦᠷ ᠤᠨ ᠮᠠᠶ᠋ᠢᠭ ᠢᠶᠠᠷ ᠪᠤᠳᠠᠭ᠎ᠠ ᠪᠠᠨ ᠠᠴᠢᠶᠠᠯᠠᠵᠦ ᠲᠡᠮᠡᠭᠡ ᠶᠢ ᠪᠤᠭᠤᠵᠦ ᠤᠶᠠᠭᠰᠠᠨ | ᠣᠶᠠᠳᠠᠯ ᠢᠶᠠᠨ ᠲᠠᠶᠢᠯᠵᠦ ᠮᠤᠷᠢᠨ ᠡᠷᠳᠡᠨᠢ ᠶᠢᠨ ᠬᠤᠨᠳᠤᠯᠠᠢ ᠳᠤ ᠨᠢ ᠬᠦᠴᠦᠳᠡᠶᠢᠬᠡᠨ ᠳᠠᠪᠰᠢᠵᠦ ︽ᠴᠦᠬᠦ︾ ᠭᠡᠬᠦ | ᠳᠤ ᠬᠠᠷ᠎ᠠ ᠪᠤᠤᠷ᠎ᠠ ︽ᠬᠦᠷ︾ ᠭᠢᠲᠡᠯ᠎ᠡ ᠲᠤᠭᠤᠰᠤ ᠮᠠᠨᠠᠷᠠᠭᠤᠯᠤᠨ ᠪᠤᠰᠬᠤ ᠳᠤ ᠲᠦᠴᠢᠨ ᠳ᠋ᠸᠦ ᠪᠤᠳᠠᠭ᠎ᠠ ᠨᠢ ᠰᠢᠷ | ᠬᠢᠲᠡᠯ᠎ᠡ ᠲᠠᠷᠣᠰᠢᠨ ᠰᠠᠭᠤᠵᠦ ᠪᠠᠶᠢᠪᠠ᠃ ︽ᠲᠡᠮᠡᠭᠡ ᠨᠢ ᠪᠤᠰᠴᠤ ᠲᠡᠶᠢᠯᠬᠦ ᠦᠬᠡᠢ ᠪᠠᠶᠢᠭᠠᠰᠠᠢ︾ ᠬᠡᠵᠦ ᠡᠴᠤᠰ ᠤᠨ | ᠡᠷᠮᠡᠯᠵᠡᠯᠡᠯ ᠬᠦᠯᠢᠶᠡᠭᠰᠡᠨ ᠬᠢᠳᠠᠳ ᠡᠷᠡᠴᠤᠤᠯ ︽ᠸᠠ᠂ ᠶᠠ︾ ︽ᠠᠶ᠎ᠠ ᠮᠠᠶᠠ︾ ᠭᠡᠵᠦ ᠭᠠᠶᠢᠬᠠᠨ ᠰᠣᠴᠢᠨ᠂ | ᠭᠤᠷᠢ ᠲᠠᠰᠣᠷᠠᠯ ᠤᠨ ᠳᠠᠭᠤ ᠪᠠᠨ ᠲᠠᠳᠠᠨ ᠦᠢᠮᠡᠯᠳᠦᠭᠰᠡᠬᠡᠷ᠃ ᠢᠳᠡᠷ᠂ ᠲᠤᠭᠰᠢᠨ ᠬᠠᠷ᠎ᠠ ᠪᠤᠤᠷ᠎ᠠ ᠪᠠᠨ ᠬᠦᠳᠦᠯᠵᠦ | ᠳ᠋ᠦᠮᠡᠨ ᠳ᠋ᠦᠮᠡᠨ ᠠᠯᠬᠤᠭᠤᠯᠣᠭᠰᠠᠭᠠᠷ ᠠᠷᠴᠠᠨ ᠪᠡᠷᠬᠡ ᠠᠷᠤ ᠭᠡᠷ ᠠᠮᠠᠷᠠᠭ ᠪᠦᠰᠡᠭᠦᠢ ᠪᠠᠨ ᠵᠣᠷᠢᠪᠠ᠃ ᠬᠢᠲᠠᠳ | ᠲᠠᠷᠢᠶᠠᠴᠢᠳ ᠬᠤᠶᠢᠨ᠎ᠠ ᠠᠴᠠ ᠨᠢ ᠡᠯᠢᠬᠡ ᠪᠠᠨ ᠲᠡᠪᠡᠷᠢᠵᠦ᠂ ᠬᠦᠯ ᠢᠶᠠᠨ ᠳᠡᠪᠢᠰᠦᠭᠰᠡᠭᠡᠷ ᠬᠤᠴᠤᠷᠪᠠ᠃ ᠠᠮᠠ | ᠶᠡᠬᠡᠲᠦ ᠠᠩᠭᠠᠶᠢᠬᠤ ᠳᠤ ᠪᠤᠶᠠᠨ ᠶᠡᠬᠡᠲᠦ ᠪᠤᠯᠢᠶᠠᠨ᠎ᠠ ᠭᠡᠭᠴᠢ ᠡᠨᠡ ᠤᠤ ᠳ᠋ᠠ᠂ ᠨᠢᠬᠡ ᠪᠦᠯᠦᠭ ᠬᠡᠤᠬᠡᠳ ᠰᠢᠤᠬᠠᠳ | ᠦᠬᠢᠳ ᠪᠡᠷᠢᠶᠡᠳ ᠬᠤᠰᠢᠭᠤᠷᠠᠨ ᠳᠠᠭᠠᠭᠰᠠᠨ ᠤ ᠲᠣᠲᠣᠷ᠎ᠠ ᠦᠴᠦᠭᠡᠳᠦᠷ ᠦᠳᠡᠰᠢ ᠶᠢᠨ ᠤᠶᠠᠬᠠᠨ ᠨᠢᠳᠦ ᠲᠠᠢ | ᠲᠤᠶᠠᠬᠠᠨ ᠨᠢᠷᠤᠭᠤ ᠲᠠᠢ ᠦᠬᠢᠨ ᠬᠠᠷᠠᠭᠳᠠᠭᠰᠠᠨ ᠳᠤ ᠢᠳᠡᠷ ᠦᠪᠡᠷ ᠤᠨ ᠡᠷᠬᠡ ᠦᠭᠡᠢ ᠲᠡᠭᠰᠢ ᠴᠠᠭᠠᠨ ᠰᠢᠳᠦ ᠪᠠᠨ | ᠢᠷᠠᠯᠵᠠᠭᠤᠯᠤᠨ ᠢᠨᠢᠶᠡᠵᠦ ᠲᠡᠭᠦᠨ ᠳᠤ ᠵᠤᠷᠢᠭᠤᠯᠵᠦ ᠲᠤᠯᠤᠭᠠᠢ ᠳᠣᠬᠢᠭᠰᠠᠨ ᠢ ᠦᠬᠢᠨ ᠮᠡᠳᠡᠭᠰᠡᠨ ᠴᠤ ᠪᠣᠯᠪᠠ ᠤᠤ | ᠳ᠋ᠠ ᠁ ᠦᠢᠮᠡᠭᠡᠨ ᠢ ᠲᠠᠷᠣᠬᠤ ᠭᠡᠰᠡᠨ ᠮᠡᠲᠦ ᠬᠠᠷ᠎ᠠ ᠪᠤᠤᠷ᠎ᠠ ᠮᠦᠨ ᠯᠡ ᠬᠦᠷᠴᠢᠬᠢᠨᠡᠨ ᠬᠦᠷᠴᠢᠭᠢᠨᠡᠨ | ᠲᠤᠭᠰᠢᠷᠠᠵᠦ ᠪᠠᠶᠢᠭᠰᠠᠨ ᠠᠵᠠᠢ᠃ | ᠢᠳᠡᠷ ᠲᠤᠭᠰᠢᠨ ᠬᠠᠷ᠎ᠠ ᠪᠤᠤᠷ᠎ᠠ ᠪᠠᠨ ᠬᠦᠲᠦᠯᠵᠦ ᠰᠠᠯᠬᠢ ᠰᠦᠷᠦᠨ ᠠᠯᠬᠤᠯᠠᠬᠤ ᠳᠤ ᠪᠠᠨ ᠬᠠᠷ᠎ᠠ ᠪᠣᠣᠷ᠎ᠠ | ᠳᠤ ᠪᠠᠨ ᠬᠠᠨᠳᠤᠨ ︽ᠤᠳᠤ ᠴᠢ ᠲᠤᠭᠰᠢᠷᠠᠵᠦ ᠦᠵᠡ ᠳ᠋ᠠ᠂ ᠬᠤᠶᠠᠷ ᠮᠢᠩᠭᠠᠨ ᠵᠢᠩ ᠢ ᠠᠴᠢᠭᠠᠳ ᠠᠵᠢᠭ ᠦᠭᠡᠢ | ᠶᠠᠪᠣᠨ᠎ᠠ ᠭᠡᠭᠴᠢ︾ ᠬᠡᠵᠦ ᠪᠤᠤᠷ᠎ᠠ ᠪᠠᠨ ᠪᠠᠭ᠋ᠠᠷᠬᠠᠨ ᠰᠡᠳᠬᠢᠯ ᠲᠦᠭᠦᠷᠡᠩ ᠶᠠᠪᠤᠪᠠ᠃ ᠵᠠᠭᠤᠨ ᠭᠠᠵᠠᠷ ᠤᠨ ᠲᠡᠷᠲᠡᠭᠡ | ᠵᠢᠷᠭᠠᠯᠲᠤ ᠪᠦᠰᠡᠭᠦᠢ ᠨᠢ ᠰᠠᠷᠠᠪᠴᠢᠯᠠᠨ ᠬᠦᠯᠢᠶᠡᠵᠦ ᠪᠠᠶᠢᠭ᠎ᠠ ᠰᠢᠤ ᠳ᠋ᠠ᠃ | ᠢᠩᠬᠢᠵᠦ ᠳᠦᠴᠢᠭᠡᠳ ᠭᠠᠵᠠᠷ ᠶᠠᠪᠤᠲᠠᠯ᠎ᠠ ᠡᠷ᠎ᠡ ᠶᠠᠳᠠᠷᠠᠵᠦ ᠪᠤᠤᠷ᠎ᠠ ᠰᠤᠯᠠᠳᠠᠪᠠ᠃ ᠠᠷᠭ᠎ᠠ ᠦᠭᠡᠢ ᠳ᠋ᠠ᠃ | ᠲᠤᠭᠰᠢᠨ ᠬᠠᠷ᠎ᠠ ᠪᠣᠣᠷ᠎ᠠ ᠶᠢᠨ ᠠᠯᠬᠤᠭ᠎ᠠ ᠨᠢ ᠰᠭᠠᠷᠠᠵᠦ᠂ ᠰᠢᠳᠦ ᠬᠠᠪᠢᠷᠤᠨ ᠬᠦᠷᠴᠢᠬᠢᠨᠡᠬᠦ ᠲᠠᠭᠤ ᠨᠢ ᠲᠠᠰᠤᠯᠳᠠᠵᠦ | ᠲᠦᠢᠯᠳᠠᠬᠤ ᠮᠡᠳᠦ ᠪᠤᠯᠤᠯ᠎ᠠ᠃ ᠬᠡᠴᠡᠬᠦᠤ ᠶᠠᠪᠤᠳᠠᠯ ᠪᠤᠯᠬᠤ ᠨᠢ ᠡ᠂ ᠬᠦᠴᠤ ᠲᠤᠷᠪᠢ ᠪᠠᠷ ᠬᠡᠵᠢᠶᠡᠳᠡ ᠢᠯᠠᠭᠳᠠᠰᠢ | ᠦᠭᠡᠢ ᠵᠢᠳᠬᠦᠳᠡᠭ ᠲᠤᠭᠰᠢᠨ ᠬᠠᠷ᠎ᠠ ᠪᠣᠣᠷ᠎ᠠ ᠨᠢ ᠠᠮᠢᠰᠬᠤᠭ᠎ᠠ ᠲᠠᠪᠬᠤᠴᠠᠨ᠂ ᠠᠯᠬᠤᠬᠤ ᠲᠤᠷ᠎ᠠ ᠦᠭᠡᠢ ᠪᠤᠯᠵᠦ | ᠵᠣᠭᠰᠣᠬᠤ ᠮᠡᠲᠦ ᠬᠡᠪᠲᠡᠬᠦ ᠮᠡᠳᠦ ᠠᠪᠣᠷᠢᠯᠠᠬᠤ ᠪᠣᠯᠪᠠ᠃ ᠢᠳᠡᠷ ᠶᠡᠬᠡᠳᠡ ᠰᠠᠨᠳᠣᠷᠣᠨ ᠪᠤᠷᠠᠨᠲᠠᠭ ᠢ ᠨᠢ ᠲᠤᠭᠳᠣᠷᠴᠤ | ᠴᠢᠩᠭ᠎ᠠ ᠴᠢᠩᠭ᠎ᠠ ᠵᠠᠩᠳᠣᠷᠤᠨ ᠬᠦᠴᠤ ᠵᠤᠷᠢᠭ ᠦᠭᠴᠤ ᠠᠷᠠᠢ ᠶᠠᠳᠠᠨ ᠡᠮᠦᠨᠡᠰᠢ ᠵᠢᠳᠭᠦᠬᠦᠯᠵᠦ ᠪᠠᠶᠢᠪᠠ᠃ ᠤᠳᠤ | ᠤᠳᠠᠯ ᠦᠭᠡᠢ ᠨᠤᠲᠤᠭ ᠤᠨ ᠵᠠᠬ᠎ᠠ ᠪᠠᠷᠠᠳᠠᠨᠠ᠂ ᠨᠤᠲᠤᠭ ᠲᠤ ᠪᠠᠨ ᠤᠷᠤᠪᠠᠯ ᠠᠴᠢᠶ᠎ᠠ ᠶᠢ ᠨᠢ ᠬᠦᠩᠬᠡᠯᠡᠵᠦ ᠪᠣᠴᠠᠨ | ᠢᠷᠡᠵᠦ ᠠᠪᠠᠴᠢᠬᠤ ᠳᠤ ᠶᠠᠮᠠᠷ ᠬᠠᠮᠢᠶ᠎ᠠ ᠲᠠᠢ ᠪᠣᠢ᠃ ᠡᠮᠦᠨ᠎ᠡ ᠨᠢ ᠬᠤᠶᠠᠷ ᠨᠤᠲᠤᠭ ᠤᠨ ᠵᠠᠭᠠᠭ ᠪᠤᠯᠤᠭᠰᠠᠨ ᠦᠨᠳᠦᠷ | ᠳᠠᠪᠠᠭ᠎ᠠ — ᠪᠣᠷᠭᠠᠰᠣᠳᠣ ᠵᠢᠯᠠᠭ᠎ᠠ ᠰᠡᠬᠦᠶᠢᠨ ᠬᠠᠷᠠᠭᠳᠠᠪᠠ᠃ ᠡᠨᠡ ᠲᠠᠪᠠᠭ᠎ᠠ ᠶᠢ ᠲᠠᠪᠠᠭᠠᠳ ᠯᠡ ᠭᠠᠷᠪᠠᠯ | ᠠᠷᠢᠭᠤᠨ ᠲᠠᠭᠰᠢᠨ ᠠᠷᠴᠠᠨ ᠪᠡᠷᠬᠡ ᠶᠢᠨ ᠬᠦᠨ ᠲᠠᠢ ᠪᠠᠨ ᠵᠣᠯᠭᠠᠴᠢᠬᠠᠬᠤ ᠶᠣᠮ ᠰᠢᠦ ᠃ ᠪᠤᠷᠭᠠᠰᠤᠲᠤ ᠵᠢᠯᠠᠭ᠎ᠠ | ᠬᠡᠵᠦ ᠡᠨᠡ ᠨᠤᠲᠤᠭ ᠲᠤ ᠪᠠᠷᠲᠠᠭ᠎ᠠ ᠰᠦᠷᠯᠢᠭ ᠢᠶᠠᠷ ᠢᠶᠠᠨ ᠠᠯᠳᠠᠷᠰᠢᠭᠰᠠᠨ ᠭᠠᠵᠠᠷ᠃ ᠤᠷᠲᠤᠯᠵᠠᠨ ᠰᠤᠨᠤᠯᠵᠠᠭᠰᠠᠨ | ᠬᠤᠷᠮᠤᠢ ᠠᠴᠠ ᠨᠢ ᠳᠡᠭᠡᠭᠰᠢ ᠬᠠᠷᠠᠬᠤ ᠳᠤ ᠠᠭᠤᠯᠠ ᠵᠢᠯᠠᠭ᠎ᠠ ᠬᠡᠮᠡᠷ ᠦᠨᠳᠦᠷ᠂ ᠬᠤᠶᠢᠰᠢ ᠤᠷᠤᠭᠰᠢ ᠪᠠᠨ | ᠰᠤᠨᠤᠯᠵᠠᠭᠰᠠᠨ ᠡᠨᠡ ᠮᠠᠩᠬᠠᠨ ᠵᠢᠯᠠᠭ᠎ᠠ ᠶᠢᠨ ᠬᠦᠪᠡᠭᠡ ᠵᠠᠬ᠎ᠠ ᠪᠠᠷ ᠲᠤᠭᠤᠷᠢᠵᠦ ᠭᠠᠷᠬᠤ ᠳᠤ ᠴᠤ ᠪᠠᠷᠤᠭ ᠠᠷᠪᠠᠨ | ᠲᠠᠪᠠᠭ᠎ᠠ ᠲᠠᠪᠠᠭ᠋ᠤ ᠲᠠᠢ ᠲᠩᠴᠡᠳᠡᠭ ᠠᠪᠠᠢ᠃ ᠶᠠᠳᠠᠷᠠᠭᠰᠠᠨ ᠡᠷ᠎ᠡ ᠮᠠᠭᠤᠲᠠᠭᠰᠠᠨ ᠪᠤᠤᠷ᠎ᠠ ᠶᠢᠨ ᠡᠮᠦᠨ᠎ᠡ ᠡᠶᠢᠮᠦᠷᠬᠦ | ᠳᠠᠪᠠᠭ᠎ᠠ ᠬᠦᠨᠳᠡᠯᠢᠳᠤᠨ ᠪᠠᠶᠢᠪᠠ᠃ ᠢᠳᠡᠷ ᠪᠠᠷᠲᠠᠭᠠᠲᠤ ᠵᠢᠯᠠᠭ᠎ᠠ ᠶᠢ ᠰᠦᠷᠳᠡᠨ ᠬᠠᠷᠠᠵᠦ ︽ᠨᠤᠲᠤᠭ ᠤᠨ ᠪᠠᠷ᠎ᠠ | ᠬᠠᠷᠠᠯ᠎ᠠ᠂ ᠪᠤᠷᠬᠠᠨ ᠮᠢᠨᠢ᠂ ᠲᠡᠭᠷᠢ ᠮᠢᠨᠢ ᠦᠷᠦᠰᠢᠶᠡ︾ ᠭᠡᠵᠦ ᠪᠠᠴᠢᠮᠳᠠᠨ ᠵᠠᠯᠪᠠᠷᠢᠭᠰᠠᠨ ᠢᠶᠠᠨ ᠬᠦᠭᠡᠷᠦᠬᠦᠢ ᠪᠤᠤᠷ᠎ᠠ | ᠪᠠᠨ ᠡᠷᠭᠢᠨ ᠬᠠᠷᠠᠵᠦ ︽ᠪᠤᠤᠷ᠎ᠠ ᠮᠢᠨᠢ ᠲᠡᠰᠪᠦᠷᠢᠯᠡ᠂ ᠡᠨᠡ ᠲᠠᠪᠠᠭ᠎ᠠ ᠶᠢ ᠲᠠᠪᠠᠭᠰᠠᠭᠠᠷ ᠯᠡ ᠪᠣᠯᠣᠯ᠎ᠠ︾ ᠭᠡᠵᠦ ᠦᠭᠡ | ᠲᠦᠬᠦᠬᠡᠷᠡᠭᠦᠯᠬᠦ ᠪᠠᠷ ᠤᠷᠤᠯᠳᠤᠨ᠎ᠠ᠃ ᠢᠳᠡᠷ ᠲᠡᠮᠡᠭᠡ ᠪᠠᠨ ᠬᠦᠳᠦᠯᠵᠦ ᠳᠠᠪᠠᠭ᠎ᠠ ᠶᠢ ᠠᠯᠬᠤᠮ ᠠᠯᠬᠤᠮ ᠢᠶᠠᠷ | ᠲᠠᠪᠠᠵᠣ ᠪᠠᠶᠢᠯ᠎ᠠ᠂ ᠪᠤᠤᠷᠠᠨ ᠲᠡᠮᠡᠭᠡ ᠨᠢ ᠨᠤᠬᠠᠢ ᠡᠷᠳᠡᠨᠢ ᠶᠢᠨ ᠪᠤᠷᠪᠢ ᠪᠠᠨ ᠠᠷᠠᠶᠢᠬᠠᠨ ᠡᠷᠭᠦᠵᠦ ᠪᠠᠷᠰ ᠡᠷᠳᠡᠨᠢ ᠶᠢᠨ | ᠬᠢᠮᠤᠰᠤ ᠲᠠᠢ ᠲᠤᠮᠤ ᠲᠠᠪᠠᠭ᠋ᠠᠢ ᠪᠠᠨ ᠳᠠᠭᠠᠭᠠᠵᠦ ᠶᠠᠳᠠᠨ ᠵᠦᠬᠡᠬᠡᠵᠦ ᠤᠯᠠᠮ ᠤᠶᠢᠷ᠎ᠠ ᠤᠶᠢᠷᠠᠬᠠᠨ ᠠᠯᠬᠤᠯᠠᠵᠦ | ᠤᠷᠤᠭᠰᠢ ᠵᠢᠳᠬᠦᠵᠦ ᠪᠠᠶᠢᠪᠠ᠃ ᠶᠠᠪᠤᠬᠤ ᠲᠤᠲᠤᠮ ᠦᠭᠰᠦᠵᠦ᠂ ᠨᠤᠷ᠎ᠠ ᠡᠯᠡᠰᠦ ᠲᠡᠮᠡᠭᠡᠨ ᠲᠠᠪᠠᠭ ᠢ ᠴᠤ | ᠭᠤᠳᠤᠷᠤᠭᠤᠯᠤᠮᠠᠷ ᠠᠵᠠᠢ᠃ ᠬᠠᠷ᠎ᠠ ᠪᠣᠣᠷ᠎ᠠ ᠪᠦᠷ ᠴᠤ ᠲᠡᠰᠴᠤ ᠶᠠᠳᠠᠮ᠎ᠠ ᠪᠤᠯᠵᠦ ᠯᠤᠤ ᠡᠷᠳᠡᠨᠢ ᠶᠢᠨ ᠬᠦᠵᠦᠬᠦᠤ | ᠪᠠᠨ ᠰᠤᠩᠭᠠᠨ ᠬᠦᠴᠦᠯᠡᠨ ᠬᠦᠴᠦᠯᠡᠨ ᠵᠢᠳᠬᠦᠬᠦ ᠳᠤ ᠲᠠᠥᠯᠠᠢ ᠡᠷᠳᠡᠨᠢ ᠶᠢᠨ ᠬᠠᠮᠠᠷ ᠠᠴᠠ ᠨᠢ ᠴᠠᠭᠠᠨ ᠠᠭᠤᠷ | ᠪᠠᠭᠠᠬᠢᠨᠠ᠃ ᠠᠶ᠎ᠠ ᠬᠦᠭᠡᠷᠦᠬᠦᠢ ᠬᠦᠴᠦᠲᠦ ᠲᠣᠭᠰᠢᠨ ᠪᠤᠤᠷ᠎ᠠ ᠮᠢᠨᠤ᠃ ᠪᠦᠬᠡᠴᠢᠨ ᠡᠷ᠎ᠡ ᠢᠳᠡᠷ ᠲᠡᠮᠡᠭᠡ ᠪᠠᠨ | ᠵᠠᠩᠳᠤᠴᠢᠨ ᠵᠤᠷᠢᠭᠵᠢᠭᠤᠯᠵᠦ ᠬᠡᠪᠳᠡᠬᠦ ᠠᠴᠠ ᠪᠤᠯᠭᠤᠮᠵᠢᠯᠠᠨ ᠲᠡᠮᠡᠭᠡᠨ ᠤ ᠪᠤᠶᠢᠯᠠ ᠤᠷᠴᠢᠮ ᠠᠴᠠ ᠠᠳᠬᠤᠵᠦ | ᠰᠣᠨᠣᠨ ᠲᠣᠷᠣᠭᠰᠢᠯᠠᠭᠰᠠᠨ ᠲᠤᠯᠤᠭᠠᠢ ᠶᠢ ᠨᠢ ᠲᠡᠭᠡᠭᠰᠢ ᠡᠷᠭᠦᠨ ᠲᠠᠳᠠᠵᠣ ᠦᠨᠳᠦᠷ ᠳᠠᠪᠠᠭ᠎ᠠ ᠵᠦᠭ ᠲᠡᠮᠡᠣᠯᠦᠭᠰᠡᠬᠡᠷ ᠁ | ᠵᠣᠭᠰᠣᠵᠣ ᠪᠠᠶᠢᠭ᠎ᠠ ᠳᠠᠪᠠᠭ᠎ᠠ ᠶᠢᠨ ᠤᠷᠤᠢ ᠳᠤ ᠶᠠᠪᠤᠵᠦ ᠪᠠᠶᠢᠭ᠎ᠠ ᠬᠤᠶᠠᠷ ᠮᠠᠨᠢ ᠠᠯᠬᠤᠮ ᠠᠯᠬᠤᠮ ᠢᠶᠠᠷ | ᠤᠶᠢᠷᠠᠲᠤᠭᠰᠠᠭᠠᠷ ᠪᠠᠶᠢᠪᠠ᠃ ᠶᠠᠳᠠᠵᠦ ᠵᠦᠳᠡᠷᠡᠭᠰᠡᠨ ᠬᠤᠶᠠᠷ ᠲᠤ ᠠᠷᠪᠠ ᠠᠯᠬᠤᠮ ᠴᠤ ᠠᠷᠪᠠᠨ ᠳᠠᠪᠠᠭ᠎ᠠ ᠮᠡᠲᠤ᠃ | ᠬᠠᠷ᠎ᠠ ᠪᠤᠤᠷ᠎ᠠ ᠨᠢ ᠨᠢᠭᠡᠮᠦᠰᠦᠨ ᠲᠦᠢᠯᠳᠠᠵᠦ ᠬᠡᠳᠦᠨᠲᠡ ᠬᠡᠪᠲᠡᠬᠦ ᠠᠯᠳᠠᠯ᠎ᠠ᠃ ᠢᠳᠡᠷ ᠵᠠᠩᠳᠣᠴᠢᠨ ᠬᠠᠰᠬᠢᠴᠠᠵᠦ | ᠪᠤᠯᠢᠭᠤᠯᠬᠤ ᠳᠤ ᠬᠠᠷ᠎ᠠ ᠪᠤᠤᠷ᠎ᠠ ᠦᠴᠦᠬᠡᠨ ᠪᠤᠶᠢᠯᠠᠵᠦ ᠰᠦᠢᠯᠬᠢᠯᠠᠨ᠂ ᠤᠷᠤᠭᠰᠢ ᠶᠠᠭᠠᠬᠢᠭᠰᠠᠨ ᠴᠤ ᠠᠯᠬᠤᠬᠤ ᠪᠠᠨ | ᠪᠤᠯᠢᠪᠠ᠃ ᠣᠳᠣ ᠬᠡᠳᠦᠬᠡᠨ ᠠᠯᠬᠤᠮ ᠲᠠᠢ ᠪᠣᠯ ᠲᠠᠪᠠᠭᠠᠨ ᠤ ᠣᠷᠣᠢ ᠳᠤ ᠭᠠᠷᠴᠢᠬᠠᠬᠤ ᠪᠠᠶᠢᠪᠠ᠃ ᠲᠠᠪᠠᠭᠠᠨ ᠤ | ᠴᠠᠭᠠᠨ᠎ᠠ ᠠᠴᠠ ᠲᠠᠨᠢᠯ ᠲᠠᠰᠣᠯ ᠪᠣᠯᠣᠭᠰᠠᠨ ᠠᠷᠢᠭᠤᠨ ᠠᠷᠴᠠ ᠶᠢᠨ ᠠᠩᠬᠢᠯᠣᠮ᠎ᠠ ᠦᠨᠦᠷ ᠨᠢ ᠡᠪᠦᠯ ᠤᠨ ᠬᠦᠢᠳᠡᠨ | ᠰᠠᠯᠬᠢ ᠲᠠᠢ ᠵᠣᠴᠢᠯᠠᠨ ᠢᠷᠡᠵᠦ ᠢᠳᠡᠷ ᠲᠡᠮᠡᠭᠡ ᠬᠤᠶᠠᠷ ᠤᠨ ᠬᠠᠮᠠᠷ ᠲᠤ ᠦᠨᠦᠰᠦᠭᠳᠡᠨ ᠠᠭᠤᠰᠬᠢ ᠴᠡᠬᠡᠵᠢ ᠣᠷᠣᠭᠤ | ᠨᠢ ᠰᠡᠩᠬᠢᠨᠡᠨ ᠣᠷᠣᠬᠤ ᠳᠤ ᠲᠡᠷᠡ ᠬᠤᠶᠠᠭᠤᠯᠠ ᠲᠠᠭᠠᠳᠠᠶᠢᠶᠠ ᠬᠦᠨ ᠠᠮᠢᠰᠬᠤᠯᠠᠯᠵᠦ ᠪᠠᠶᠢᠪᠠ᠃ ᠶᠠᠭᠤ ᠴᠣ᠋ ᠬᠡᠰᠡᠨ | ᠨᠣᠳᠤᠭ ᠤᠨ ᠪᠠᠷ᠎ᠠ ᠬᠠᠷᠠᠯ᠎ᠠ ᠳ᠋ᠡ᠂ ᠣᠨᠠᠭᠰᠠᠨ ᠰᠢᠷᠦᠢ ᠣᠣᠭᠤᠭᠰᠠᠨ ᠣᠰᠣ ᠮᠢᠨᠢ ᠳ᠋ᠡ᠃ ᠬᠦᠮᠦᠨ ᠮᠠᠯ ᠠᠯᠢ ᠨᠢ | ᠴᠣ᠋ ᠬᠡᠰᠡᠨ ᠲᠠᠨ ᠠᠴᠠ ᠪᠡᠨᠠᠮᠢ ᠨᠠᠰᠣ ᠬᠦᠴᠦ ᠰᠢᠮ᠎ᠠ ᠣᠯᠳᠠᠭ ᠰᠢᠦ ᠳ᠋ᠠ ᠁ ᠬᠡᠪᠡᠴᠦ ᠬᠠᠷ᠎ᠠ ᠪᠣᠣᠷ᠎ᠠ ᠨᠢ | ᠰᠦᠬᠦᠮ ᠠᠯᠬᠤᠬᠤ ᠲᠡᠩᠬᠡᠯ ᠦᠬᠡᠢ ᠪᠣᠯᠵᠠᠢ᠃ ᠤᠯᠠᠨ ᠤᠯᠠᠨ ᠠᠳᠠ ᠪᠤᠤᠷ᠎ᠠ ᠶᠢ ᠲᠤᠭᠰᠢᠨ ᠰᠦᠷ ᠢᠶᠠᠷ | ᠠᠶᠤᠯᠭᠠᠵᠦ ᠤᠯᠠᠨ ᠤᠯᠠᠨ ᠢᠩᠭᠡᠨ ᠲᠡᠮᠡᠭᠡᠳ ᠢ ᠢᠳᠡ ᠬᠦᠴᠤ ᠪᠠᠷ ᠢᠶᠠᠨ ᠲᠠᠶᠢᠯᠠᠨ ᠳᠠᠭᠠᠭᠤᠯᠵᠦ ᠶᠠᠪᠤᠭᠰᠠᠨ ︽ | ᠨᠤᠲᠤᠭ ᠤᠨ ᠵᠠᠭᠠᠨ︾ ᠠᠪᠤᠷᠭᠤ ᠪᠤᠤᠷ᠎ᠠ ᠶᠢᠨ ᠬᠦᠴᠤ ᠰᠣᠯᠠᠷᠠᠵᠦ ᠣᠨᠠᠮᠠ ᠣᠨᠠᠮᠠ ᠪᠤᠯᠪᠠ᠃ ᠪᠦᠬᠡᠴᠢᠨ ᠡᠷ᠎ᠡ | ᠲᠡᠮᠡᠭᠡ ᠪᠠᠨ ᠬᠡᠪᠲᠡᠴᠢᠬᠡᠬᠦ ᠠᠴᠠ ᠦᠬᠦᠲᠡᠯ᠎ᠡ ᠠᠶᠤᠵᠦ ᠪᠢᠷ᠎ᠠ ᠬᠦᠴᠤ ᠪᠠᠨ ᠭᠠᠷᠭᠠᠨ ᠲᠡᠮᠡᠭᠡᠨ ᠤ ᠪᠤᠶᠢᠯᠠ ᠠᠴᠠ | ᠳᠡᠭᠡᠭᠰᠢ ᠡᠷᠭᠦᠨ ᠲᠠᠳᠠᠵᠣ ᠡᠷ᠎ᠡ ᠬᠠᠷ᠎ᠠ ᠳᠠᠭᠤ ᠪᠠᠷ ︽ᠴᠦᠬᠦ︾ ᠬᠡᠮᠡᠨ ᠵᠠᠩᠳᠣᠷᠬᠤ ᠶᠢᠨ ᠬᠠᠮᠲᠤ ᠰᠣᠷ ᠲᠠᠰᠢᠭᠤᠷ | ᠢᠶᠠᠨ ᠡᠷᠬᠢᠯᠳᠦᠬᠦᠯᠦᠨ ᠪᠣᠣᠷᠠᠨ ᠲᠡᠮᠡᠬᠡᠨ ᠤ ᠪᠡᠴᠢᠨ ᠡᠷᠳᠡᠨᠢ ᠶᠢᠨ ᠭᠤᠶ᠎ᠠ ᠶᠢ ᠨᠢᠬᠡᠨᠳᠡ ᠣᠷᠢᠶᠠᠯᠭᠠᠭᠰᠠᠨ ᠳᠤ ᠬᠠᠷ᠎ᠠ | ᠪᠣᠣᠷ᠎ᠠ ᠡᠴᠦᠰ ᠤᠨ ᠬᠦᠴᠦ ᠪᠠᠨ ᠰᠢᠪᠬᠠᠨ ︽ᠸᠠᠭ︾ ᠬᠡᠮᠡᠨ ᠴᠢᠩᠭ᠎ᠠ ᠲᠣᠣᠭᠠᠷᠣᠨ ᠨᠢᠬᠡᠨᠳᠡ ᠲᠡᠪᠬᠡᠷᠦᠨ ᠲᠠᠪᠠᠭ᠎ᠠ | ᠶᠢᠨ ᠣᠷᠣᠢ ᠳᠤ ᠡᠯᠡᠰᠦ ᠮᠠᠨᠠᠷᠠᠭᠤᠯᠣᠨ ᠭᠠᠷᠪᠠ᠃ ᠢᠳᠡᠷ ᠤᠨ ᠭᠠᠷ ᠲᠤ ᠲᠡᠮᠦᠷ ᠭᠠᠷᠠᠬ᠎ᠠ ᠪᠠᠷ ᠣᠭᠤᠰᠣᠷᠯᠠᠨ | ᠬᠢᠭᠰᠡᠨ ᠪᠣᠷᠠᠨᠳᠠᠭ ᠬᠤᠯᠣᠰᠣᠨ ᠪᠦᠢᠯᠠ ᠶᠢᠨ ᠬᠠᠮᠳᠣ ᠰᠣᠭᠤᠷᠠᠨ ᠬᠤᠴᠣᠷᠴᠦ ᠰᠢᠷᠪᠦᠰᠦᠨ ᠲᠡᠪ ᠰᠡᠳᠡ ᠦᠰᠦᠷᠦᠨ | ᠨᠢᠰᠦᠨ ᠣᠳᠪᠠ᠃ ᠪᠠᠯᠢᠳᠣᠨ ᠰᠠᠨᠳᠣᠷᠣᠭᠰᠠᠨ ᠢᠳᠡᠷ ᠨᠢᠳᠦ ᠬᠠᠮᠠᠷ ᠲᠤ ᠣᠷᠣᠭᠰᠠᠨ ᠬᠤᠮᠠᠭ ᠰᠢᠷᠣᠢ ᠶᠢ ᠠᠷᠴᠢᠨ | ᠪᠣᠣᠷᠠᠨ ᠤ ᠬᠤᠶᠢᠨ᠎ᠠ ᠠᠴᠠ ᠨᠢ ᠲᠡᠮᠡᠣᠯᠣᠨ ᠭᠠᠷᠳᠠᠯ᠎ᠠ ᠬᠠᠷ᠎ᠠ ᠪᠣᠣᠷ᠎ᠠ ᠲᠡᠰᠬᠡᠯ ᠦᠬᠡᠢ ︽ᠬᠦᠰ︾ ᠬᠡᠮᠡᠳᠡᠯ᠎ᠡ | ᠬᠦᠯᠳᠡᠬᠦᠦ ᠭᠠᠵᠠᠷ ᠲᠤ ᠰᠦᠬᠦᠳᠦᠨ ᠣᠨᠠᠬᠤ ᠳᠤ ᠪᠠᠨ ︽ᠸᠠᠭ︾ ᠬᠢᠳᠡᠯ᠎ᠡ ᠭᠤᠣᠯ ᠤᠨ ᠲᠠᠭᠤᠨ ᠢᠶᠠᠷ ᠡᠮᠬᠡᠨᠢᠯᠳᠡᠢ | ᠪᠣᠶᠢᠯᠠᠯᠠ᠃ ᠬᠦᠨᠳᠣ ᠠᠴᠢᠶ᠎ᠠ ᠪᠠᠷ ᠬᠡᠨᠡᠳᠳᠡ ᠲᠠᠷᠣᠭᠤᠯᠵᠣ ᠲᠠᠪ ᠬᠢᠨ ᠬᠡᠪᠳᠡᠬᠦ ᠳᠤ ᠶᠠᠰᠣ ᠬᠤᠭᠤᠷᠠᠵᠣ ᠰᠢᠷᠪᠦᠰᠦ | ᠲᠠᠰᠣᠷᠠᠬᠤ ᠪᠢᠳᠡᠬᠦᠬᠡᠨ ᠴᠢᠮᠡᠭᠡ ᠭᠠᠷᠬᠤ ᠶᠢ ᠢᠳᠡᠷ ᠵᠦᠩ ᠢᠶᠠᠷ ᠢᠶᠠᠨ ᠰᠣᠨᠣᠰᠪᠠ᠃ ᠪᠠᠷᠠᠵᠠᠢ︕ ᠬᠠᠷ᠎ᠠ ᠪᠣᠣᠷ᠎ᠠ | ᠰᠦᠬᠦᠳᠦᠨ ᠣᠨᠠᠬᠤ ᠳᠤ ᠲᠠᠯᠣ ᠰᠡᠬᠦᠵᠢ ᠨᠢ ᠮᠦᠯᠳᠦᠷᠡᠨ ᠪᠡᠷᠳᠡᠭᠰᠡᠨ ᠨᠢ ᠵᠠᠶᠢᠯᠠᠰᠢ ᠦᠬᠡᠢ ᠡ᠃ ᠡᠮᠬᠡᠨᠢᠨ | ᠭᠠᠰᠢᠭᠤᠳᠠᠭᠰᠠᠨ ᠢᠳᠡᠷ ᠶᠠᠭᠠᠷᠠᠯᠳᠠᠢ ᠪᠠᠷ ᠠᠴᠢᠶ᠎ᠠ ᠶᠢ ᠨᠢ ᠬᠤᠪᠬᠤ ᠲᠠᠳᠠᠨ ᠪᠠᠭᠤᠯᠭᠠᠵᠣ ᠬᠠᠶᠢᠷᠠᠳᠣ ᠪᠣᠣᠷ᠎ᠠ ᠪᠠᠨ | ᠠᠪᠣᠷᠠᠬᠤ ᠶᠢ ᠣᠷᠣᠯᠳᠣᠪᠠ᠃ ᠲᠣᠭᠰᠢᠨ ᠬᠠᠷ᠎ᠠ ᠪᠣᠣᠷ᠎ᠠ ᠨᠢ ᠰᠢᠳᠣ ᠪᠠᠨ ᠠᠷᠠᠶᠢᠬᠠᠨ ᠬᠠᠪᠢᠷᠣᠭᠰᠠᠨ ᠢᠶᠠᠨ ᠪᠣᠰᠬᠤ | ᠶᠢ ᠰᠠᠨᠠᠵᠣ ᠲᠣᠯᠣᠭᠠᠢ ᠴᠡᠬᠡᠵᠢ ᠪᠠᠨ ᠡᠷᠬᠦᠬᠦ ᠮᠡᠳᠣ ᠪᠣᠯᠣᠭᠰᠠᠨ ᠴᠣ᠋ ᠲᠦᠷᠪᠡᠨ ᠮᠦᠴᠢ ᠨᠢ ᠬᠦᠮᠦᠨ ᠤ ᠣᠷᠮ᠎ᠠ ᠳᠤ | ᠦᠴᠦᠬᠡᠨ ᠴᠣ᠋ ᠬᠦᠳᠡᠯᠦᠭᠰᠡᠨᠦᠬᠡᠢ ᠪᠢᠯᠡ᠃ ᠢᠳᠡᠷ ᠲᠡᠮᠡᠭᠡ ᠪᠠᠨ ᠶᠠᠭᠠᠬᠢᠵᠦ ᠣᠷᠣᠯᠳᠣᠵᠦ ᠨᠣᠴᠣᠯᠳᠣᠭᠰᠠᠨᠴᠣ | ᠮᠦᠴᠢ ᠮᠦᠯᠳᠦᠷᠴᠣ ᠶᠠᠰᠣ ᠪᠡᠷᠳᠡᠭᠰᠡᠨ ᠬᠠᠷ᠎ᠠ ᠪᠣᠣᠷ᠎ᠠ ᠨᠢ ᠨᠢᠬᠡᠨᠳᠡ ᠪᠣᠰᠬᠤ ᠠᠴᠠ ᠦᠩᠬᠡᠷᠡᠵᠡᠢ᠃ ᠢᠳᠡᠷ | ᠲᠣᠭᠰᠢᠨ ᠪᠣᠣᠷ᠎ᠠ ᠶᠢᠨ ᠯᠣᠣ ᠡᠷᠳᠡᠨᠢ ᠶᠢᠨ ᠬᠦᠵᠦᠬᠦᠦ ᠠᠴᠠ ᠲᠡᠪᠡᠷᠢᠵᠦ ᠬᠡᠣᠬᠡᠳ ᠰᠢᠭ ᠱᠣᠷᠬᠢᠷᠠᠨ ᠣᠬᠢᠯᠠᠪᠠ᠃ | ᠶᠠᠭᠤᠨ ᠳᠤ ᠣᠯᠵᠠᠨ ᠳᠤ ᠲᠣᠷᠠᠯᠠᠵᠣ ᠣᠯᠢᠭ ᠦᠬᠡᠢ ᠬᠢᠳᠡᠳ ᠲᠠᠢ ᠮᠡᠯᠵᠢᠶ᠎ᠡ ᠲᠠᠯᠪᠢᠵᠦ ᠬᠠᠶᠢᠷᠠᠨ ᠲᠡᠮᠡᠭᠡ ᠪᠠᠨ | ᠡᠶᠢᠮᠦ ᠪᠣᠯᠭᠠᠪᠠ ᠳ᠋ᠠ᠂ ︽ᠬᠠᠷ᠎ᠠ ᠪᠣᠣᠷ᠎ᠠ ᠮᠢᠨᠢ᠂ ᠲᠡᠰᠴᠦ ᠦᠵᠡ᠂ ᠪᠣᠰᠴᠦ ᠦᠵᠡ ᠁︾ ᠬᠡᠮᠡᠨ ᠲᠦᠮᠡᠨ | ᠪᠣᠷᠣᠭᠤ ᠪᠠᠨ ᠲᠠᠭᠤᠳᠠᠨ ᠡᠬᠡᠷ ᠲᠠᠳᠠᠬᠤ ᠳᠤ ᠬᠠᠷ᠎ᠠ ᠪᠣᠣᠷ᠎ᠠ ᠨᠢ ᠪᠣᠳᠣᠭᠤᠨ ᠪᠣᠷᠣ ᠨᠢᠳᠦᠨ ᠠᠴᠠ ᠪᠠᠨ ᠪᠦᠯᠢᠶᠡᠨ | ᠨᠢᠯᠪᠣᠰᠣ ᠪᠠᠨ ᠴᠣᠪᠣᠷᠠᠭᠤᠯᠣᠨ ᠵᠦᠬᠡᠯᠡᠨ ᠵᠦᠬᠡᠯᠡᠨ ᠪᠣᠶᠢᠯᠠᠬᠤ ᠠᠴᠠ ᠴᠠᠭᠠᠰᠢ ᠦᠬᠡᠢ᠃ ᠭᠠᠰᠠᠯᠠᠩ ᠵᠣᠪᠠᠯ ᠢ ᠲᠡᠭᠷᠢ | ᠳᠤ ᠬᠡᠯᠡᠶ᠎ᠡ ᠬᠡᠬᠦ ᠳᠤ ᠲᠡᠭᠷᠢ ᠬᠤᠯᠠ᠂ ᠭᠠᠵᠠᠷ ᠲᠤ ᠬᠡᠯᠡᠶ᠎ᠡ ᠬᠡᠬᠦ ᠳᠤ ᠭᠠᠵᠠᠷ ᠬᠠᠳᠠᠭᠤ ᠬᠡᠭᠴᠢ ᠡᠨᠡᠠᠵᠠᠢ᠃ | ᠲᠣᠭᠰᠢᠨ ᠰᠦᠷ ᠢᠶᠠᠷ ᠢᠶᠠᠨ ᠨᠣᠳᠤᠭ ᠣᠰᠣᠨ ᠳᠤ ᠪᠠᠨ ᠲᠣᠮᠤᠭ ᠮᠡᠳᠣ ᠠᠯᠳᠠᠷᠰᠢᠨ ᠶᠠᠪᠣᠭᠰᠠᠨ ᠬᠠᠷ᠎ᠠ | ᠪᠣᠣᠷ᠎ᠠ ᠡᠶᠢᠨᠬᠦ ᠲᠦᠷᠦᠭᠰᠡᠨ ᠨᠣᠳᠤᠭ ᠤᠨ ᠢᠶᠠᠨ ᠵᠦᠭ ᠠᠶᠣᠮᠰᠢᠭᠳᠣ ᠲᠣᠮᠣ ᠲᠣᠯᠣᠭᠠᠢ ᠪᠠᠨ ᠬᠠᠨᠳᠣᠭᠤᠯᠵᠣ | ᠪᠣᠳᠣᠭᠤᠨ ᠪᠣᠷᠣ ᠨᠢᠳᠦᠨ ᠠᠴᠠ ᠪᠠᠨ ᠪᠦᠯᠢᠶᠡᠨ ᠨᠢᠯᠪᠣᠰᠣ ᠪᠠᠨ ᠴᠣᠪᠣᠷᠠᠭᠤᠯᠣᠭᠰᠠᠭᠠᠷ ᠬᠡᠪᠳᠡᠭᠡ ᠶᠠᠩᠵᠣ ᠪᠠᠷ ᠢᠶᠠᠨ | ᠠᠮᠢᠰᠬᠤᠯ ᠬᠤᠷᠢᠶᠠᠪᠠ᠃ ᠡᠷ᠎ᠡ ᠵᠣᠷᠢᠭ ᠢᠶᠠᠷ ᠢᠶᠠᠨ ᠨᠠᠶᠢᠷ ᠨᠠᠭᠠᠳᠣᠮ ᠳᠤ ᠭᠠᠶᠢᠬᠠᠭᠤᠯᠵᠣ ᠶᠠᠪᠣᠭᠰᠠᠨ ᠪᠦᠬᠡᠴᠢᠨ | ᠢᠳᠡᠷ ᠡᠮᠬᠡᠨᠢᠨ ᠭᠠᠰᠢᠭᠤᠳᠠᠵᠣ ᠨᠢᠯᠪᠣᠰᠣ ᠪᠠᠨ ᠠᠷᠴᠢᠨ ᠠᠷᠴᠢᠨ ᠣᠬᠢᠯᠠᠬᠤ ᠳᠤ ᠪᠠᠨ ᠶᠠᠭᠠᠷᠠᠯᠳᠠᠢ ᠬᠦᠳᠡᠯᠦᠨ | ᠰᠣᠨᠵᠣ ᠣᠨᠠᠭᠰᠠᠨ ᠪᠣᠣᠷ᠎ᠠ ᠶᠢᠨ ᠲᠣᠯᠣᠭᠠᠢ ᠶᠢ ᠲᠡᠭᠰᠢᠯᠡᠨ ᠵᠠᠰᠠᠵᠣ ᠦᠪᠦᠩ ᠳᠤ ᠨᠢ ᠣᠶᠠᠭᠰᠠᠨ ᠣᠯᠠᠭᠠᠨ ᠪᠦᠰ ᠢ | ᠨᠢ ᠲᠠᠶᠢᠯᠣᠨ ᠠᠪᠴᠣ ᠲᠣᠬᠤᠮ ᠲᠦᠷᠦᠬᠡ ᠪᠠᠨ ᠵᠠᠶᠢᠯᠠᠭᠤᠯᠵᠣ ᠬᠤᠶᠢᠳᠣ ᠪᠦᠬᠦ ᠠᠴᠠ ᠨᠢ ᠲᠠᠳᠠᠨ ᠣᠶᠠᠭᠰᠠᠨᠰᠡᠬᠦᠯ | ᠤᠨ ᠣᠭᠤᠰᠣᠷ ᠢᠶᠠᠨ ᠮᠣᠯᠳᠣᠯᠣᠨ ᠠᠪᠣᠪᠠ ᠁ | ᠪᠣᠷᠭᠠᠰᠣᠳᠣ ᠵᠢᠯᠠᠭᠠᠨ ᠳᠤ ᠶᠢᠰᠦ ᠶᠢᠨ ᠵᠢᠪᠡᠷ ᠰᠡᠶᠢᠬᠢᠵᠦ ᠡᠪᠦᠯ ᠤᠨ ᠴᠠᠶᠢᠪᠠᠭᠠᠷ ᠨᠠᠷᠠ ᠬᠡᠷᠡᠯ ᠢᠶᠠᠨ | ᠦᠭᠴᠦ ᠪᠠᠶᠢᠪᠠᠴᠦ ᠪᠦᠬᠡᠴᠢᠨ ᠢᠳᠡᠷ ᠤᠨ ᠭᠤᠨᠢᠭ ᠬᠠᠷᠠᠮᠰᠠᠯ ᠢ ᠨᠢᠮᠬᠡᠯᠡᠵᠦ ᠴᠢᠳᠠᠭ᠎ᠠ ᠦᠬᠡᠢ᠃ ᠢᠳᠡᠷ ᠬᠠᠷ᠎ᠠ | ᠪᠣᠣᠷ᠎ᠠ ᠠᠴᠠ ᠪᠠᠨ ᠰᠠᠯᠵᠣ ᠲᠦᠪᠳᠡᠬᠦ ᠦᠬᠡᠢ ᠲᠣᠮᠣ ᠲᠣᠯᠣᠭᠠᠢ ᠶᠢ ᠨᠢ ᠡᠪᠦᠳᠦᠭ ᠲᠡᠬᠡᠷ᠎ᠡ ᠪᠠᠨ ᠲᠠᠯᠪᠢᠵᠦ ᠡᠬᠡᠷ | ᠲᠠᠳᠠᠬᠤ ᠳᠤ ᠪᠠᠨ ᠨᠣᠮ ᠤᠨ ᠶᠣᠰᠣᠭᠠᠷ ᠰᠦᠨᠡᠰᠦ ᠮᠦᠷ ᠢ ᠨᠢ ᠵᠢᠭᠠᠵᠣ ᠡᠬᠡ ᠨᠣᠳᠤᠭ ᠢᠵᠢᠯᠢ ᠰᠦᠷᠦᠭ ᠲᠤ | ᠲᠠᠬᠢᠨ ᠲᠦᠷᠦᠯ ᠣᠯᠬᠤ ᠶᠢ ᠰᠢᠪᠰᠢᠨ ᠲᠠᠭᠠᠳᠬᠠᠵᠣ ᠭᠠᠷᠪᠠ᠃ ᠬᠠᠷ᠎ᠠ ᠪᠣᠣᠷ᠎ᠠ ᠶᠢᠨ ᠪᠣᠳᠣᠭᠤᠨ ᠪᠣᠷᠣ ᠨᠢᠳᠣ | ᠬᠡᠵᠢᠶ᠎ᠡ ᠴᠣ᠋ ᠲᠣᠷᠮᠣᠯᠵᠠᠨ ᠬᠠᠷᠠᠬᠤ ᠪᠠᠷ ᠦᠬᠡᠢ ᠮᠦᠩᠬᠡ ᠠᠨᠢᠵᠦ ᠡᠴᠦᠰ ᠤᠨ ᠲᠣᠰᠣᠯ ᠨᠢᠯᠪᠣᠰᠣ ᠨᠢ ᠵᠢᠷᠤᠭ᠎ᠠ | ᠲᠠᠳᠠᠭᠤᠯᠣᠭᠰᠠᠭᠠᠷ ᠬᠤᠨᠢᠨ ᠡᠷᠳᠡᠨᠢ ᠶᠢᠨ ᠨᠣᠣᠰᠣ ᠲᠠᠢ ᠨᠢ ᠪᠠᠷᠢᠯᠳᠣᠨ ᠬᠦᠯᠳᠡᠵᠡᠢ᠃ ᠭᠠᠯᠵᠠᠭᠤ ᠬᠦᠷᠡᠩ ᠡᠴᠢᠬᠡ | ᠲᠠᠢ ᠭᠠᠩᠭᠠᠩ ᠣᠯᠠᠭᠠᠨ ᠡᠬᠡ ᠲᠠᠢ ᠨᠢᠬᠡᠨ ᠦᠶ᠎ᠡ ᠱᠣᠣᠬᠢᠭᠤᠯᠵᠣ ᠶᠠᠪᠣᠭᠰᠠᠨ ᠲᠣᠭᠰᠢᠨ ᠬᠠᠷ᠎ᠠ ᠪᠣᠣᠷ᠎ᠠ ᠢᠩᠬᠢᠵᠦ | ᠨᠣᠳᠤᠭ ᠤᠨ ᠰᠢᠷᠣᠢ ᠲᠡᠷᠡᠯᠡᠩᠬᠡᠨ ᠮᠦᠩᠬᠡ ᠠᠷᠴᠠ ᠶᠢᠨ ᠢᠶᠠᠨ ᠠᠩᠬᠢᠯᠣᠮ᠎ᠠ ᠦᠨᠦᠷ ᠢ ᠦᠨᠦᠰᠦᠨ ᠡᠴᠦᠰ | ᠪᠣᠯᠣᠭᠰᠠᠨ ᠪᠦᠯᠦᠬᠡ᠃ | ᠬᠠᠷ᠎ᠠ ᠪᠣᠣᠷ᠎ᠠ ᠶᠢᠨ ᠠᠳᠡᠭᠰᠡᠨ ᠡᠨᠡ ᠭᠦ ᠵᠢᠯᠠᠭ᠎ᠠ ᠶᠢ ᠬᠤᠵᠢᠮ ᠤᠨ ᠬᠦᠮᠦᠰ ︽ᠬᠠᠷ᠎ᠠ ᠲᠡᠮᠡᠬᠡᠨ ᠵᠢᠯᠠᠭ᠎ᠠ︾ | ᠬᠡᠮᠡᠨ ᠲᠠᠭᠤᠳᠠᠵᠣ ᠨᠣᠳᠤᠭ ᠤᠨ ᠨᠡᠷ᠎ᠡ ᠪᠣᠯᠭᠠᠨ ᠮᠦᠩᠬᠡᠯᠡᠨ ᠲᠣᠮᠤᠭ ᠲᠣᠣᠯᠢᠰ ᠮᠡᠳᠣ ᠵᠣᠭᠤᠭᠯᠠᠳᠠᠭ ᠠᠪᠠᠢ᠃ | | | ᠵᠣᠬᠢᠶᠠᠭᠴᠢ ᠶᠢᠨ ᠬᠠᠶ᠋ᠢᠭ᠄ ᠪᠣᠷᠣᠬᠤᠳᠠ ᠮᠣᠩᠭᠤᠯ ᠲᠣᠮᠳᠠᠳᠣ ᠰᠣᠷᠭᠠᠭᠤᠯᠢ | | | | |