| ᠴᠤᠯ ᠬᠤᠨᠢᠨ ᠨᠤᠤᠰᠤᠨ ᠬᠥᠷᠮᠠ ᠶᠢ ᠡᠮᠤᠰᠬᠦ ᠳᠤ ᠬᠡᠳᠦ᠋ᠢᠪᠡᠷ ᠳᠠᠭᠠᠯᠠᠮᠵᠢᠳᠡᠢ ᠪᠤᠯᠪᠠᠴᠤ | ᠤᠬᠢᠶᠠᠭᠰᠠᠨ ᠤ ᠰᠡᠭᠦᠯᠡᠷ ᠠᠮᠠᠷᠬᠠᠨ ᠶᠠᠩᠵᠤ ᠨᠢ ᠬᠤᠪᠢᠷᠠᠵᠤ ᠠᠪᠴᠢᠳᠠᠭ᠃ ᠠᠳᠡ ᠳᠠᠨ ᠳᠤ ᠨᠤᠤᠰᠤᠨ ᠬᠥᠷᠮᠠ ᠶᠢ | ᠤᠰᠤᠨ ᠳᠤ ᠤᠬᠢᠶᠠᠬᠤ ᠳᠤ ᠠᠪᠴᠢᠬᠤ ᠥᠭᠡᠢ ᠨᠢᠭᠡᠨ ᠠᠷᠭ᠎ᠠ ᠠᠴᠠ ᠳᠠᠨᠢᠯᠴᠠᠭᠤᠯᠤᠶ᠎ᠠ᠃ ᠬᠤᠨᠢᠨ ᠨᠤᠤᠰᠤᠨ | ᠨᠡᠬᠡᠮᠡᠯ ᠢ ᠤᠰᠤᠨ ᠳᠤᠳᠤᠷ᠎ᠠ ᠨᠤᠬᠤᠯᠠᠨ ᠤᠬᠢᠶᠠᠭᠰᠠᠨ ᠤ ᠰᠡᠭᠦᠯᠡᠷ᠂ ᠬᠤᠨᠢᠨ ᠨᠤᠤᠰᠤ ᠶᠢᠨ ᠴᠤᠭᠯᠠᠷᠠᠯ ᠪᠡᠶ᠎ᠠ ᠨᠢ | ᠳᠤᠩ ᠠᠮᠠᠷᠬᠠᠨ ᠬᠤᠮᠢᠨ ᠠᠪᠴᠢᠳᠠᠭ᠃ ᠬᠤᠨᠢᠨ ᠨᠤᠤᠰᠤᠨ ᠰᠢᠷᠬᠡᠭᠯᠢᠭ ᠤᠨ ᠤᠨᠴᠠᠯᠢᠭ ᠨᠢ ᠴᠢᠬᠢᠭ ᠢ ᠰᠤᠷᠤᠬᠤ | ᠴᠢᠨᠠᠷ ᠢᠶᠠᠷ ᠨᠡᠯᠢᠶᠡᠳ ᠰᠠᠶᠢᠨ ᠪᠠᠶᠢᠵᠤ᠂ ᠬᠥᠴᠢᠯ ᠡᠰᠡᠷᠭᠦᠴᠡᠬᠦ ᠬᠥᠴᠤᠨ ᠨᠢ ᠬᠥᠪᠤᠩ ᠤᠨ ᠰᠢᠷᠭᠡᠭᠯᠢᠭ ᠠᠴᠠ | ᠴᠢᠩᠭ᠎ᠠ ᠪᠠᠶᠢᠵᠤ᠂ ᠱᠥᠯᠳᠤ ᠶᠢ ᠡᠰᠡᠷᠭᠦᠴᠡᠬᠦ ᠬᠥᠴᠤᠨ ᠨᠢ ᠬᠠᠷᠢᠨ ᠨᠡᠯᠢᠶᠡᠳ ᠳᠤᠷᠤᠢ ᠪᠠᠶᠢᠳᠠᠭ᠃ ᠡᠶᠢᠮᠤ ᠠᠴᠠ | ᠴᠤᠯ ᠨᠤᠤᠰᠤᠨ ᠬᠥᠷᠮᠠ ᠶᠢ ᠤᠬᠢᠶᠠᠬᠤ ᠳᠤ ᠬᠤᠪᠴᠠᠰᠤ ᠤᠬᠢᠶᠠᠬᠤ ᠮᠠᠰᠢᠨ ᠢ ᠬᠡᠷᠡᠭᠯᠡᠬᠦ ᠠᠴᠠ ᠠᠯᠢ ᠪᠤᠯᠬᠤ ᠪᠠᠷ | ᠵᠠᠶᠢᠯᠠᠰᠬᠢᠵᠤ᠂ ᠬᠠᠷᠢᠨ ᠭᠠᠷ ᠢᠶᠠᠷ ᠬᠥᠩᠭᠡᠨ ᠢᠶᠠᠷ ᠳᠠᠷᠤᠵᠤ ᠤᠬᠢᠶᠠᠬᠤ ᠠᠷᠭ᠎ᠠ ᠶᠢ ᠬᠡᠷᠡᠭᠯᠡᠨ᠎ᠠ᠂ ᠵᠢᠭᠤᠳᠠᠩᠭᠤᠢ | ᠰᠢᠪᠬᠠᠭᠤᠷ ᠢᠶᠠᠷ ᠰᠢᠪᠬᠠᠵᠤ ᠬᠠᠳᠠᠭᠠᠵᠤ ᠪᠤᠯᠬᠤ ᠥᠭᠡᠢ᠂ ᠰᠡᠭᠦᠳᠡᠷ ᠭᠠᠵᠠᠷ ᠳᠡᠭᠰᠢᠬᠡᠨ ᠳᠡᠯᠭᠡᠵᠤ ᠬᠠᠳᠠᠭᠠᠨ᠎ᠠ᠃ | | ᠰᠠᠭᠠᠷᠮᠠᠭ ᠴᠢᠨᠠᠷᠳᠡᠢ ᠪᠤᠶᠤ ᠰᠤᠯᠠ ᠬᠥᠴᠢᠯᠯᠢᠭ ᠴᠢᠨᠠᠷᠳᠡᠢ ᠤᠬᠢᠶᠠᠯᠭ᠎ᠠ ᠶᠢᠨ ᠡᠳ᠋ ᠢ ᠰᠤᠩᠭᠤᠬᠤ | ᠪᠤᠶᠤ ᠡᠰᠡᠬᠦᠯ᠎ᠠ ᠵᠢᠭᠠᠬᠠᠨ ᠼᠤ᠋ ᠳᠤᠰᠤᠭᠠᠵᠤ ᠤᠬᠢᠶᠠᠨ᠎ᠠ᠃ ᠳᠡᠪᠳᠤᠭᠡᠬᠦ ᠴᠠᠭ ᠢ ᠳᠡᠩᠳᠡᠭᠦᠥ ᠤᠷᠳᠤ ᠪᠠᠶᠢᠯᠭᠠᠵᠤ | ᠪᠤᠯᠬᠤ ᠥᠭᠡᠢ᠂ ᠶᠡᠷᠤ ᠳᠤ ᠪᠠᠨ 10 ᠮᠢᠨᠦ᠋ᠲ ᠠᠴᠠ ᠬᠡᠳᠤᠷᠡᠭᠦᠯᠵᠤ ᠪᠤᠯᠬᠤ ᠥᠭᠡᠢ᠂ ᠤᠰᠤᠨ ᠤ ᠬᠠᠯᠠᠭᠤᠨ ᠢ | 30 ᠭᠷᠠᠳᠦ᠋ᠰ ᠠᠴᠠ ᠭᠡᠳᠤᠷᠡᠭᠦᠯᠵᠤ ᠪᠤᠯᠬᠤ ᠥᠭᠡᠢ᠃ ᠡᠭᠦᠨ ᠠᠴᠠ ᠭᠠᠳᠠᠨ᠎ᠠ ᠤᠰᠤᠨ ᠳᠤᠳᠤᠷ᠎ᠠ ᠵᠢᠭᠠᠬᠠᠨ ᠴᠠᠭᠠᠨ | ᠼᠤ᠋ ᠳᠤᠰᠤᠭᠠᠵᠤ ᠤᠬᠢᠶᠠᠪᠠᠯ ᠨᠤᠤᠰᠤᠨ ᠬᠥᠷᠮᠠ ᠶᠢᠨ ᠥᠩᠬᠡ ᠨᠢ ᠨᠡᠩ ᠰᠤᠷᠭᠤᠭ ᠭᠡᠭᠡᠨ ᠬᠠᠷᠠᠭᠳᠠᠨ᠎ᠠ᠃ | |