ᠬᠤᠷᠸ᠎ᠠ ᠶᠢᠨ ᠬᠤᠤᠷᠯᠠᠩᠳᠠᠢ ᠲᠤᠭᠯᠠᠭᠠᠮ
ᠨᠡᠶᠢᠲᠡᠯᠡᠭᠰᠡᠨ ᠴᠠᠭ᠄
2014/12/22
           ᠡᠯᠡᠩᠭᠡᠢ ᠬᠠᠭᠤᠴᠢᠨ ᠡᠬᠦᠷᠦᠪᠴᠢ ᠮᠦᠷᠦᠨ ᠠᠴᠠ ᠪᠠᠨ ᠵᠡᠬᠦᠵᠤ᠂ ᠮᠥᠨ ᠲᠡᠶᠢᠮᠦᠷᠬᠦ ᠨᠤᠭᠤᠭᠠᠨ ᠴᠤᠪᠠ ᠡᠬᠡᠯᠳᠦᠷᠬᠢᠯᠡᠭᠰᠡᠨ ᠨᠢᠭᠡᠨ ᠡᠷ᠎ᠠ ᠲᠡᠯᠭᠡᠬᠦᠷ ᠤᠨ ᠡᠬᠦᠳᠡᠨ ᠲᠡᠭᠡᠷ᠎ᠠ ᠵᠤᠭᠰᠤᠵᠤ ᠪᠠᠶᠢᠭ᠎ᠠ ᠶᠢ ᠬᠠᠷᠠᠭᠠᠳ ᠬᠡᠰᠢᠭ ᠎ ᠤᠨ ᠨᠢᠳᠤ ᠲᠤᠮᠤᠷᠠᠨ ᠬᠦᠯᠢᠷᠡᠴᠢᠭᠡᠪᠡ᠃ ᠮᠠᠰᠢᠨ ᠤ ᠪᠠᠨ ᠬᠠᠭᠠᠯᠭᠠᠨ ᠤ ᠪᠠᠷᠢᠭᠤᠯ ᠲᠡᠭᠡᠷ᠎ᠠ᠂ ᠤᠴᠢᠭᠰᠠᠨ ᠭᠠᠷ ᠨᠢ ᠬᠦᠷᠳᠡᠯ᠎ᠠ ᠲᠡᠨᠳᠠ ᠪᠠᠨ ᠬᠦᠰᠢᠴᠢᠭᠡᠬᠦ‍ ᠰᠢᠭ ᠪᠤᠯᠤᠯ᠎ᠠ᠃      ᠲᠡᠷᠨ ᠭᠠᠷᠬᠤ ᠬᠡᠵᠤ ᠪᠠᠶᠢᠭᠰᠠᠨ ᠢᠶᠠᠨ ᠮᠠᠷᠳᠠᠴᠢᠬᠠᠭᠰᠠᠨ ᠮᠡᠳᠤ ᠦᠨᠦᠭᠢ ᠡᠯᠡᠩᠭᠡᠢ ᠬᠤᠪᠴᠠᠰᠤᠳᠤ ᠶᠢ ᠰᠢᠷᠳᠡᠨ ︽ᠮᠥᠨ ᠪᠠᠶᠢᠨ᠎ᠠ᠂ ᠵᠤᠷᠢᠭᠳᠤ ᠮᠥᠨ ᠪᠠᠶᠢᠨ᠎ᠠ︾ ᠬᠡᠵᠤ ᠰᠡᠳᠬᠢᠯ ᠵᠢᠷᠦᠭᠡᠨ ᠳᠡᠭᠡᠨ ᠲᠠᠭᠤ ᠠᠯᠳᠠᠪᠠ᠃ ᠲᠡᠭᠡᠵᠤ ᠪᠠᠶᠢᠳᠠᠯ᠎ᠠ ᠪᠠᠰᠠ ᠨᠢᠭᠡᠨ ᠰᠠᠯᠪᠠᠷᠬᠠᠢ ᠴᠤᠪᠠ᠂ ᠮᠠᠶᠢᠵᠢᠬᠢ ᠱᠠᠬᠠᠢ ᠤᠭᠯᠠᠭᠰᠠᠨ ᠬᠠᠷ᠎ᠠ ᠴᠢᠷᠠᠢ ᠲᠠᠢ ᠡᠷ᠎ᠠ ᠵᠤᠷᠢᠭᠳᠤ ᠲᠠᠢ ᠠᠭᠤᠯᠵᠠᠨ ᠭᠠᠷ ᠪᠠᠷᠢᠭᠠᠳ ᠶᠠᠭᠤ ᠴᠤ ᠶᠤᠮ ᠶᠠᠷᠢᠵᠤ ᠪᠠᠶᠢᠨ᠎ᠠ᠃ ᠵᠤᠷᠢᠭᠳᠤ ᠨᠢᠭᠤᠷ ᠤᠨ ᠢᠶᠠᠨ ᠡᠮᠦᠨ᠎ᠠ ᠭᠠᠷ ᠢᠶᠠᠨ ᠡᠷᠬᠦᠭᠡᠳ ᠵᠢᠭᠳᠡᠶᠢᠬᠡᠨ ᠢᠷᠪᠠᠶᠢᠨ ᠲᠤᠯᠤᠭᠠᠢ ᠰᠡᠭᠰᠦᠷᠴᠤ ᠪᠠᠶᠢᠭ᠎ᠠ ᠨᠢ ᠲᠤᠩ ᠴᠤ ᠠᠷᠴᠠᠭ᠎ᠠ ᠦᠭᠡᠢ ᠪᠠᠰᠠ ᠦᠷᠦᠪᠳᠦᠮᠡᠷ ᠬᠠᠷᠠᠭᠳᠠᠨ᠎ᠠ᠃ ︽ᠰᠢᠷᠠᠳᠠᠭᠠᠳ ᠦᠬᠦᠬᠦ ᠬᠡᠵᠤ ᠪᠠᠶᠢᠭ᠎ᠠ ᠶᠤᠮ ᠪᠠᠶᠢᠨ᠎ᠠ ︾ ᠬᠡᠵᠤ ᠬᠡᠰᠢᠭ ᠪᠤᠳᠤᠭᠠᠳ ᠦᠪᠡᠷ ᠢᠶᠠᠨ ᠮᠡᠳᠡᠯ ᠦᠭᠡᠢ ᠲᠤᠯᠤᠭᠠᠢ ᠰᠡᠭᠰᠦᠷᠴᠤ ᠰᠠᠭᠤᠯ᠎ᠠ᠃ ᠵᠤᠷᠢᠭᠳᠤ ᠴᠠᠭᠠᠳᠤ ᠬᠦᠮᠦᠨ ᠳᠡᠭᠡᠨ ᠨᠢᠭᠡ ᠶᠠᠭᠤᠮ᠎ᠠ ᠬᠡᠯᠡᠵᠤ᠂ ᠮᠠᠭᠤᠬᠠᠨ ᠢᠨᠢᠶᠡᠬᠦ ᠳᠤ ᠡᠬᠦᠳᠡᠨ ᠰᠢᠳᠤ ᠦᠭᠡᠢ ᠤᠩᠭᠤᠷᠬᠠᠢ ᠬᠠᠷ᠎ᠠ ᠠᠮᠠ ᠬᠠᠷᠠᠭᠳᠠᠯ᠎ᠠ ᠁      ᠬᠡᠰᠢᠭ ᠰᠦᠷᠡᠭᠡᠢ ᠰᠠᠨᠠᠭ᠎ᠠ ᠠᠯᠳᠠᠭᠠᠳ ᠮᠠᠰᠢᠨ ᠢᠶᠠᠨ ᠠᠰᠠᠭᠠᠨ ᠠᠶᠠᠷᠬᠠᠨ ᠬᠤᠯᠠᠳᠠᠭᠠᠳ ᠬᠤᠷᠳᠤ ᠨᠡᠮᠡᠯ᠎ᠠ᠃ ᠲᠡᠬᠦᠨ ᠤ ᠭᠤᠤᠯ ᠬᠠᠷᠠᠯᠠᠨ ᠨᠢᠳᠦᠨ ᠳᠤᠨᠢ ᠨᠢᠯᠪᠤᠰᠤ ᠴᠢᠢᠯᠡᠵᠤ ᠢᠷᠡᠯ᠎ᠠ᠃ ᠰᠡᠳᠬᠢᠯ ᠳᠤᠨᠢ ᠠᠷᠪᠠᠨ ᠭᠤᠷᠪᠠᠨ ᠵᠢᠯ ᠤᠨ ᠡᠮᠦᠨᠡᠬᠢ ᠵᠤᠷᠢᠭᠳᠤ ᠬᠠᠷᠠᠭᠳᠠᠨ᠂ ᠵᠢᠷᠦᠭᠡ ᠨᠢ ᠬᠦᠴᠦᠳᠠᠢ ᠲᠡᠯᠡᠰᠬᠦ ᠲᠤᠯᠨ ᠵᠠᠮ ᠤᠨ ᠬᠠᠵᠠᠭᠤ ᠤᠷᠤᠭᠤ ᠰᠢᠬᠠᠨ ᠮᠠᠰᠢᠨ ᠢᠶᠠᠨ ᠵᠤᠭᠰᠤᠭᠠᠭᠠᠳ᠂ ᠵᠠᠯᠠᠭᠤᠷ ᠢᠶᠠᠨ ᠲᠡᠷᠡᠯᠡᠨ ᠬᠤᠯᠨ ᠶᠢᠨ ᠲᠤᠷᠠᠳᠬᠠᠯ ᠳᠠᠭᠠᠨ ᠠᠪᠳᠠᠪᠠ ᠁      ᠠᠶᠢᠮᠠᠭ ᠤᠨ ᠲᠢᠶᠠᠲᠷ ᠤᠨ ᠵᠢᠷᠤᠭᠠᠴᠢ ᠪᠠᠶᠢᠬᠤ ᠳᠠᠭᠠᠨ ᠵᠤᠷᠢᠭᠳᠤ ᠦᠨᠡᠭᠡᠷ ᠬᠡᠶᠢᠮᠤᠷᠢ ᠲᠠᠢ ᠰᠠᠶᠢᠬᠠᠨ ᠵᠠᠯᠠᠭᠤ ᠶᠠᠪᠤᠵᠠᠢ᠃ ᠲᠤᠯᠬᠢᠶᠠᠳᠤᠭᠰᠠᠨ ᠦᠳᠭᠡᠨ ᠬᠠᠷ᠎ᠠ ᠦᠰᠤ ᠦᠷᠭᠡᠨ ᠴᠠᠭᠠᠨ ᠲᠤᠬᠤ ᠶᠢ ᠡᠮᠵᠢᠵᠤ᠂ ᠢᠨᠢᠶᠡᠮᠰᠦᠭᠯᠡᠯ ᠲᠤᠳᠤᠷᠠᠬᠤ ᠴᠡᠪᠡᠷᠭᠡᠨ ᠨᠢᠮᠭᠡᠨ ᠤᠷᠤᠭᠤᠯ ᠤᠨ ᠴᠠᠭᠠᠨ᠎ᠠ ᠠᠴᠠ ᠲᠡᠭᠰᠢᠭᠡᠨ ᠴᠠᠭᠠᠨ ᠰᠢᠳᠤ ᠢᠷᠠᠰᠬᠢᠳᠡᠭ ᠰᠡᠨ᠃      ᠲᠡᠷᠨ ᠴᠠᠭ ᠲᠤ ᠬᠡᠰᠢᠭ ᠨᠡᠶᠢᠳᠠ ᠶᠢᠨ ᠬᠤᠭᠤᠯᠠᠨ ᠤ TMC ᠲᠡᠬᠦᠰᠭᠡᠭᠡᠳ ᠠᠶᠢᠮᠠᠭ ᠤᠨ ᠲᠦᠪ ᠤᠨ ᠲᠤᠮᠤ ᠭᠤᠸᠠᠨᠵᠠᠨ ᠳᠤ ᠬᠤᠭᠤᠯᠨ ᠵᠦᠭᠡᠭᠴᠢ ᠬᠢᠳᠡᠭ ᠪᠠᠶᠢᠭᠰᠠᠨ ᠶᠤᠮ᠃ ᠠᠷᠪᠠᠨ ᠨᠠᠢᠮᠠᠬᠠᠨ ᠨᠠᠰᠤᠳᠠᠢ ᠤᠷᠠᠨ ᠭᠤᠤᠯ ᠰᠢᠭ᠋ ᠪᠦᠰᠡᠬᠦᠢ ᠶᠢ ᠤᠷᠤᠯᠳᠤᠬᠤ ᠵᠠᠯᠠᠭᠤᠰ ᠴᠦᠭᠡᠨ ᠦᠭᠡᠢ᠃ ᠠᠶᠢᠮᠠᠭ ᠤᠨ ᠲᠦᠪ ᠤᠨ ᠵᠠᠯᠠᠭᠤᠰ ᠲᠡᠷᠨ ᠭᠤᠸᠠᠨᠵᠠ ᠶᠢ ︽ᠷᠧᠰᠲ᠋ᠤᠷᠠᠨ︾ ① ᠬᠡᠵᠤ ᠡᠷᠬᠦᠮᠵᠢᠯᠡᠭᠡᠳ ᠤᠷᠤᠢ ᠦᠳᠡᠰᠢ ᠬᠡᠳᠤ ᠬᠡᠳᠤ ᠪᠠᠷ ᠢᠶᠠᠨ ᠨᠡᠶᠢᠯᠡᠨ ᠤᠷᠤᠵᠤ ᠰᠠᠭᠤᠵᠠᠭᠠᠨ᠎ᠠ᠃      ᠲᠡᠳᠠ ᠬᠤᠳᠠ ᠠᠴᠠ ᠲᠡᠭᠡᠭᠡᠵᠤ ᠠᠪᠴᠢᠷᠠᠳᠠᠭ ᠰᠤᠯᠠᠬᠠᠨ ᠰᠢᠷ᠎ᠠ ᠠᠶᠢᠷᠠᠭ  ᠤᠤᠭᠤᠵᠠᠭᠠᠭᠠᠳ ᠲᠠᠭᠤ ᠱᠤᠤ ᠪᠤᠯᠤᠨ ᠱᠤᠤᠬᠢᠯᠳᠤᠵᠤ᠂ ᠤᠪᠤᠭ᠎ᠠ ᠮᠦᠩᠬᠦ ᠲᠠᠢ ᠵᠠᠷᠢᠮ ᠨᠢ ᠪᠤᠹᠢᠲ ②᠎ ᠠᠴᠠ ᠨᠡᠮᠡᠭᠳᠡᠯ ᠦᠨ᠎ᠠ ᠲᠠᠢ ᠠᠷᠢᠬᠢ ᠬᠤᠳᠠᠯᠳᠤᠨ ᠠᠪᠴᠤ ᠦᠨᠦᠬᠢ ᠰᠢᠩᠭᠡᠨ ᠰᠢᠷ᠎ᠠ ᠪᠠᠷ ᠢᠶᠠᠨ ᠲᠠᠷᠤᠭᠤᠯᠤᠨ ᠶᠡᠭᠡᠳᠠ ᠰᠤᠭᠳᠤᠨ ᠮᠤᠨᠳᠠᠷ ᠢᠶᠠᠨ ᠬᠤᠳᠬᠤᠬᠤ ᠨᠢ ᠴᠤ ᠪᠤᠢ᠃      ᠲᠡᠳᠡᠭᠡᠷ ᠵᠠᠯᠠᠭᠤᠰ ᠤᠨ ᠨᠢᠭᠡ ᠨᠢ ᠵᠤᠷᠢᠭᠳᠤ ᠪᠠᠶᠢᠪᠠ᠃ ᠲᠡᠷᠨ ᠬᠡᠳᠦᠨ ᠨᠠᠶᠢᠵᠠ ᠲᠠᠢ ᠪᠠᠨ ᠪᠠᠶᠢᠰᠬᠢᠭᠡᠳ ︽ᠷᠧᠰᠲᠷᠤᠨᠳᠠᠨ᠎ᠠ︾᠃ ᠵᠤᠷᠢᠭᠳᠤ ᠶᠢᠨ ᠡᠯᠪᠡᠭ ᠴᠠᠭᠠᠨ ᠢᠨᠢᠶᠡᠳᠤ᠂ ᠠᠯᠢᠶ᠎ᠠ ᠬᠤᠱᠤᠩ ᠶᠠᠷᠢᠶ᠎ᠠ᠂ ᠪᠡᠶ᠎ᠠ ᠎ ᠳᠤᠨᠢ ᠶᠠᠪ ᠴᠠᠪ ᠲᠠᠭᠠᠷᠠᠭᠰᠠᠨ ᠲᠡᠭᠵᠢᠨ ᠬᠤᠪᠴᠠᠰᠤ᠂ ᠬᠦᠵᠦᠬᠦᠤ ᠪᠠᠨ ᠤᠷᠢᠶᠠᠨ ᠡᠩᠭᠡᠷ ᠤᠷᠤᠭᠤ ᠪᠠᠨ ᠤᠨᠵᠢᠭᠤᠯᠤᠭᠰᠠᠨ ᠬᠢᠯᠪᠠᠮ᠎ᠠ ᠲᠤᠷᠭᠠᠨ ᠤᠷᠢᠶᠠᠯᠳᠠ ᠨᠢ ᠬᠦᠷᠳᠡᠯ᠎ᠠ ᠰᠤᠳᠤᠨ᠃      ᠨᠢᠭᠡᠨᠳᠠ ᠲᠡᠷᠨ ᠬᠡᠰᠢᠭ ᠢ ᠵᠢᠷᠤᠵᠤ ᠦᠪᠡᠷ ᠲᠤᠨᠢ ᠦᠭᠬᠦᠭᠰᠡᠨ ᠶᠤᠮ᠃ ᠲᠡᠳᠡᠨ ᠤ ᠬᠤᠭᠤᠯᠨ ᠤᠮᠳᠠ ᠶᠢᠨ ᠵᠠᠬᠢᠶᠠᠯᠠᠭ᠎ᠠ ᠶᠢ ᠠᠪᠴᠤ ᠪᠠᠶᠢᠳᠠᠯ᠎ᠠ ᠵᠤᠷᠢᠭᠳᠤ ᠰᠤᠭᠤᠪᠴᠢᠯᠠᠵᠤ ᠶᠠᠪᠤᠳᠠᠭ ᠬᠠᠪᠳᠠᠰᠤᠨ ᠠᠴᠠ ᠪᠠᠨ ᠨᠢᠭᠡ ᠬᠠᠭᠤᠳᠠᠰᠤ ᠴᠠᠭᠠᠰᠤ ᠰᠤᠭᠤ ᠲᠠᠳᠠᠨ ᠠᠪᠴᠤ ︽ᠵᠠ ᠴᠢ ᠵᠢᠭᠠᠬᠠᠨ ᠬᠦᠯᠢᠶᠡᠭᠡᠷᠡᠢ︾ ᠬᠡᠰᠡᠨ ᠢᠶᠠᠨ ᠨᠢᠭᠤᠷ ᠤᠷᠤᠭᠤ ᠨᠢ ᠦᠶ᠎ᠠ ᠦᠶ᠎ᠠ ᠬᠠᠷᠠᠨ᠂ ᠪᠠᠷᠢᠭᠰᠠᠨ ᠬᠠᠷᠠᠨᠳᠠ ᠪᠠᠨ ᠲᠦᠷᠭᠡᠨ ᠲᠦᠷᠭᠡᠨ ᠬᠦᠶᠦᠯᠭᠡᠵᠤ᠂ ᠬᠤᠷᠤᠮᠬᠠᠨ ᠵᠠᠭᠤᠷ᠎ᠠ ᠲᠠᠳᠠᠯᠠᠨ ᠵᠢᠷᠤᠭᠠᠳ ︽ᠠᠳᠠᠯᠢᠬᠠᠨ ᠪᠤᠯᠤᠭᠰᠠᠨ ᠪᠤᠯ ᠲᠤᠷᠠᠰᠬᠠᠯ ᠪᠤᠯᠭᠠᠵᠤ ᠬᠠᠳᠠᠭᠠᠯᠠᠭᠠᠷᠠᠢ︾ ᠬᠡᠳ ᠦᠭᠭᠦᠭᠰᠡᠨ ᠪᠢᠯᠨ᠃ ᠵᠦᠭᠡᠭᠴᠢ ᠶᠢᠨ ᠲᠡᠷᠪᠡᠭᠡᠷ ᠮᠠᠯᠠᠭᠠᠢ ᠡᠮᠦᠰᠴᠤ᠂ ᠬᠤᠷᠮᠤᠶᠢᠪᠴᠢ ᠵᠡᠬᠦᠭᠰᠡᠨ ᠲᠡᠬᠦᠨ ᠤ ᠨᠢᠭᠤᠷ ᠴᠢᠷᠠᠢ ᠶᠢ ᠦᠨᠡᠭᠡᠷ ᠠᠳᠠᠯᠢᠬᠠᠨ ᠲᠦᠷᠰᠦᠯᠡᠭᠰᠡᠨ ᠪᠠᠶᠢᠨ᠎ᠠ᠃      ᠵᠤᠷᠢᠭᠳᠤ ᠶᠢᠨ ᠲᠤᠬᠠᠢ ᠳᠤ ᠬᠡᠰᠢᠭ ︽ᠮᠠᠨ ᠤ ᠠᠳᠠ ᠡᠨᠡ ᠰᠢᠭ ᠠᠪᠢᠶᠠᠰ ᠲᠠᠢ᠂ ᠲᠡᠭᠵᠢᠨ ᠱᠠᠪᠠᠢ ᠵᠠᠯᠠᠭᠤ ᠪᠠᠶᠢᠬᠤ ᠦᠭᠡᠢ ᠡ︾ ᠬᠡᠵᠤ ᠪᠤᠳᠤᠭᠰᠠᠨ ᠪᠢᠯᠨ᠃ ᠵᠠᠬᠢᠶᠠᠯᠠᠭ᠎ᠠ ᠠᠪᠬᠤ᠂ ᠵᠠᠬᠢᠭᠰᠠᠨ ᠬᠤᠭᠤᠯᠨ ᠤᠮᠳᠠᠭ᠎ᠠ ᠶᠢ ᠨᠢ ᠠᠪᠠᠴᠢᠵᠤ ᠦᠭᠬᠦ ᠪᠤᠯᠭᠠᠨ ᠳᠤ ᠬᠠᠮᠳᠤ ᠶᠠᠪᠤᠳᠠᠭ ᠬᠡᠳᠦ ᠲᠠᠢ ᠪᠠᠨ ᠤᠷᠠᠨ ᠵᠢᠷᠤᠭ᠂ ᠨᠤᠮ ᠵᠤᠬᠢᠶᠠᠯ᠂ ᠵᠠᠷᠢᠮ ᠳᠠᠭᠠᠨ ᠢᠨᠢᠶᠡᠳᠤ ᠲᠠᠢ ᠬᠤᠱᠤᠩ ᠤᠨᠢᠭ᠎ᠠ ᠶᠠᠷᠢᠵᠤ ᠰᠠᠭᠤᠬᠤ ᠨᠢ ᠬᠦᠷᠳᠡᠯ᠎ᠠ ᠭᠤᠳᠤᠮᠵᠢᠨ ᠤ ᠶᠠᠪᠤᠳᠠᠯ᠂ ᠬᠤᠪ ᠵᠢᠪ᠂ ᠤᠷᠤ ᠲᠡᠷ᠎ᠡ ᠶᠢᠨ ᠪᠠᠯᠢᠶᠠᠷ ᠬᠦᠭ ᠶᠠᠷᠢᠵᠠᠭᠠᠵᠤ᠂ ᠲᠡᠬᠦᠨ ᠠᠴᠠ ᠪᠠᠨ ᠰᠤᠨᠤᠰᠬᠠᠬᠤ ᠬᠡᠵᠤ ᠬᠠᠨᠴᠤᠢ ᠬᠤᠷᠮᠤᠢ ᠠᠴᠠ ᠨᠢ ᠲᠠᠳᠠᠵᠤ ᠴᠢᠩᠭᠠᠭᠠᠳᠠᠭ ᠲᠢᠭ ᠦᠭᠡᠢ ᠬᠠᠷᠠᠴᠤᠤᠯ ᠠᠴᠠ ᠱᠠᠯ ᠤᠨᠳᠤᠤ᠃      ᠬᠡᠰᠢᠭ ᠤᠨ ᠬᠤᠪᠢ ᠳᠤ ᠴᠤᠬᠤᠮ ᠯᠡ ︽ᠠᠩᠬᠠᠨ ᠤ ᠪᠠᠨ ᠬᠠᠷᠠᠴᠨ ᠪᠠᠷ ᠲᠤᠷᠠᠯᠠᠪᠠ︾ ᠬᠡᠭᠴᠢ ᠪᠤᠯᠤᠭᠰᠠᠨ ᠬᠡᠷᠡᠭ᠃ ᠬᠡᠪᠡᠴᠤ ᠬᠦᠳᠡᠭᠡ ᠶᠢᠨ ᠡᠬᠡᠯ ᠲᠠᠷᠤᠤ ᠠᠬᠤᠢ ᠳᠤ ᠦᠰᠦᠭᠰᠡᠨ᠂ ᠤᠭ ᠤᠨ ᠨᠤᠮᠤᠬᠠᠨ ᠲᠦᠯᠦᠪ ᠵᠠᠩ ᠲᠠᠢ ᠪᠦᠰᠡᠬᠦᠢ ᠳᠤ ᠬᠠᠶᠢᠷ᠎ᠠ ᠰᠡᠳᠬᠢᠯᠭᠡ ᠪᠠᠨ ᠢᠯᠡᠴᠢᠯᠡᠬᠦ ᠠᠷᠭ᠎ᠠ ᠤᠬᠠᠭᠠᠨ ᠲᠠᠩᠴᠢ ᠤᠯᠳᠠᠭᠰᠠᠨ ᠦᠭᠡᠢ᠃ ᠲᠡᠮᠡᠢ ᠯᠡ ᠭᠤᠸᠠᠨᠵᠠᠨ ᠤ ᠬᠢ ᠪᠠᠨ ᠡᠬᠦᠳᠠ ᠶᠢ ᠦᠶ᠎ᠠ ᠦᠶ᠎ᠠ ᠬᠠᠷᠠᠭᠤᠯᠳᠠᠨ᠂ ᠬᠡᠵᠢᠶ᠎ᠠ ᠤᠷᠤᠭᠠᠳ ᠢᠷᠡᠬᠦ ᠪᠤᠯ ᠬᠡᠮᠡᠨ ᠬᠦᠯᠢᠶᠡᠨ᠎ᠠ᠃      ᠨᠢᠭᠡᠨ ᠤᠳᠠᠭ᠎ᠠ ᠲᠡᠷᠨ ᠦᠨᠦᠬᠢ ᠯᠡ ᠭᠤᠷᠪᠠᠨ ᠨᠠᠶᠢᠵᠠ ᠲᠠᠢ ᠪᠠᠨ ᠤᠷᠤᠵᠤ ᠢᠷᠡᠪᠡ᠃ ᠰᠤᠯᠨ ᠰᠢᠷᠡᠭᠡ ᠡᠵᠡᠯᠡᠩᠬᠦᠳᠠ ᠨᠢ ᠬᠡᠰᠢᠭ ᠶᠠᠭᠠᠷᠠᠨ ᠤᠴᠢᠯ᠎ᠠ᠃ ᠤᠳᠠᠪᠠᠯ ᠦᠭᠡᠷ᠎ᠠ ᠵᠦᠭᠡᠭᠴᠢ ᠤᠴᠢᠭᠠᠳ ᠦᠢᠯᠡᠴᠢᠯᠡᠴᠢᠭᠡᠨ᠎ᠠ ᠬᠡᠵᠤ ᠪᠤᠳᠤᠭᠠᠳ ᠲᠡᠭᠡᠵᠤ ᠶᠠᠭᠠᠷᠠᠭᠰᠠᠨ ᠬᠡᠷᠡᠭ᠃ ᠵᠤᠷᠢᠭᠳᠤ ᠦᠨᠦᠭᠢ ᠯᠡ ᠬᠠᠭᠤᠴᠢᠨ ᠰᠢᠭ ᠎ ᠢᠶᠠᠨ ᠢᠨᠢᠶᠡᠮᠰᠦᠭᠯᠡᠨ᠄ ︽ᠵᠠ ᠬᠡᠰᠢᠭ ᠤᠨ ᠢᠶᠠᠨ ᠬᠡᠰᠢᠭ ᠢ ᠰᠡᠬᠦᠯᠴᠢ ᠶᠢᠨ ᠤᠳᠠᠭ᠎ᠠ ᠬᠦᠷᠳᠡᠶ᠎ᠠ ᠳ᠋ᠧ︾ ᠬᠡᠬᠦ ᠳᠤ ᠵᠦᠭᠡᠭᠴᠢ ᠶᠢᠨ ᠨᠢᠳᠤ ᠲᠦᠷᠡᠯᠵᠡᠰᠬᠢᠨ ︽ᠶᠠᠭᠤ ᠬᠡᠨᠡᠪ ᠳ᠋ᠧ︾ ᠬᠡᠵᠤ ᠪᠤᠳᠤᠭᠠᠳ ᠲᠡᠪᠳᠡᠷ ᠢᠶᠠᠨ ᠪᠠᠷᠢᠨ ᠤᠶᠢᠷᠠᠳᠤᠪᠠ᠃      ︽ᠡᠨᠡ ᠮᠠᠨᠢ ᠮᠠᠷᠭᠠᠰᠢ ᠨᠡᠶᠢᠰᠯᠡᠯ ᠤᠷᠤᠭᠤ ᠪᠠᠨ ᠪᠤᠴᠠᠬᠤ ᠬᠡᠨ᠎ᠠ︾ ᠬᠡᠮᠡᠨ ᠬᠠᠵᠠᠭᠤᠳᠠ ᠨᠢ ᠰᠠᠭᠤᠭ᠎ᠠ ᠠᠶᠢᠮᠠᠭ ᠤᠨ ᠰᠤᠨᠢᠨ ᠤ ᠰᠤᠷᠪᠤᠯᠵᠢᠯᠠᠭᠴᠢ ᠢᠳᠡᠷ ᠬᠡᠮᠡᠬᠦ ᠵᠠᠯᠠᠭᠤ ᠢᠨᠢᠶᠡᠭᠡᠳ᠄ ︽ᠮᠠᠨ ᠤ ᠠᠶᠢᠮᠠᠭ ᠤᠨ ᠲᠦᠪ ᠪᠠᠭᠠᠳᠠᠭᠠᠳ ᠪᠠᠶᠢᠭ᠎ᠠ ᠶᠤᠮ ᠪᠠᠶᠢᠬ᠎ᠠ︾ ᠬᠡᠵᠤ ᠨᠡᠮᠡᠪᠡ᠃ ᠪᠠᠰᠠ ᠨᠢᠭᠡ ᠨᠢ᠄ ︽ᠬᠤᠶᠠᠷ ᠯᠢᠲᠷ ᠫᠢᠸᠤ᠋᠂ ᠨᠢᠭᠡ ᠰᠢᠯ ᠠᠷᠢᠬᠢ ᠠᠪᠤᠭᠠᠳ ᠢᠷ᠎ᠡ︾ ᠬᠡᠪᠡ᠃ ᠲᠡᠭᠡᠳᠡᠯ᠎ᠠ ᠵᠤᠷᠢᠭᠳᠤ᠄ ︽ᠪᠠᠰᠠ ᠬᠤᠭᠤᠯᠨ︾ ᠬᠡᠯ᠎ᠠ᠃      ︽ᠠ ᠲᠡᠶᠢᠮᠤ ᠭᠤᠯᠢᠶᠠᠰᠢ ᠯᠡ ᠪᠠᠶᠢᠭ᠎ᠠ ᠪᠢᠵᠠ ᠳ᠋ᠧ᠃ ᠲᠦᠷᠪᠡ ᠶᠢ︾ ᠬᠡᠵᠤ ᠨᠢᠭᠡ ᠨᠢ ᠬᠡᠯᠡᠯ᠎ᠠ       ︽ᠬᠦᠭᠡᠮᠡᠯ ᠪᠤᠤᠵᠠ ᠭᠠᠷᠤᠭᠰᠨ︾ ᠬᠡᠪᠡᠯ ᠢᠳᠡᠷ᠄ ︽  ᠨᠠᠢᠮᠠ ᠶᠢ︾ ᠬᠡᠵᠤ ᠭᠠᠭᠴᠨ ᠦᠭᠡ ᠎ ᠪᠠᠷ ᠵᠠᠬᠢᠶᠠᠯᠠᠪᠠ᠃      ︽ᠬᠤᠶᠠᠷ ᠬᠠᠶᠢᠷᠴᠠᠭ ᠶᠠᠩᠵᠤᠤᠷ︾ ᠬᠡᠵᠤ ᠭᠤᠯᠢᠶᠠᠰᠢ ᠵᠠᠬᠢᠶᠠᠯᠠᠭᠴᠢ ᠨᠡᠮᠡᠯ᠎ᠠ᠃      ᠵᠠᠬᠢᠶᠠᠯᠠᠭᠰᠠᠨ ᠪᠦᠬᠦᠳᠠ ᠶᠢ ᠨᠢ ᠴᠤᠭᠯᠠᠭᠤᠯᠵᠤ ᠵᠦᠭᠡᠵᠤ ᠶᠠᠪᠤᠬᠤ ᠳᠠᠭᠠᠨ ︽ᠵᠤᠷᠢᠭᠳᠤ ᠮᠠᠨᠢ ᠶᠠᠪᠤᠴᠢᠬᠠᠬᠤ ᠬᠡᠵᠤ ᠪᠠᠶᠢᠭ᠎ᠠ ᠶᠤᠮ ᠪᠠᠶᠢᠵᠠᠢ᠃ ᠡᠳᠡᠨᠠᠷ ᠨᠢ ᠦᠳᠡᠵᠤ ᠶᠠᠪᠤᠭ᠎ᠠ ᠬᠡᠷᠡᠭ᠃ ᠤᠳᠤ ᠶᠠᠭᠠᠬᠢᠬᠤᠪ︾ ᠬᠡᠵᠤ ᠵᠢᠷᠦᠭᠡ ᠨᠢ ᠭᠠᠰᠠᠯᠠᠬᠤ ᠠᠳᠠᠯᠢ ᠲᠦᠭᠰᠢᠨ ᠪᠠᠶᠢᠪᠠ᠃      ᠲᠡᠳᠡᠨ ᠢ ᠢᠳᠡᠵᠤ ᠤᠤᠭᠤᠵᠤ᠂ ᠬᠦᠭᠵᠢᠯᠳᠤᠨ ᠪᠠᠶᠢᠬᠤ ᠳᠤ ᠬᠡᠰᠢᠭ ᠡᠯᠡᠢ ᠪᠠᠯᠠᠢ ᠶᠤᠮ ᠰᠢᠭ᠋ ᠯᠡ ᠶᠠᠪᠤᠭᠰᠠᠨ ᠰᠠᠨ᠃ ᠬᠡᠳᠦᠨ ᠬᠦᠮᠦᠨ ᠠᠴᠠ ᠵᠠᠬᠢᠶᠠᠯᠠᠭ᠎ᠠ ᠠᠪᠴᠤ ᠶᠠᠭᠠᠬᠢᠵᠤ ᠦᠢᠯᠡᠴᠢᠯᠡᠭᠰᠡᠨ ᠢᠶᠠᠨ ᠴᠤ ᠰᠡᠬᠦᠯ ᠎ ᠳᠤ ᠰᠠᠨᠠᠬᠤ ᠦᠭᠡᠢ ᠪᠠᠶᠢᠵᠠᠢ᠃ ᠬᠠᠷᠢᠨ ᠨᠢᠭᠡ ᠵᠠᠪ ᠲᠠᠭᠠᠨ ᠪᠤᠹᠢᠲ ᠠᠴᠠ ᠨᠢᠭᠡ ᠰᠢᠯ ᠠᠷᠢᠬᠢ ᠠᠪᠴᠤ ᠱᠦᠬᠦᠢ ᠎ ᠳᠡᠭᠡᠨ ᠬᠢᠬᠦ ᠤᠬᠠᠭᠠᠨ ᠤᠷᠤᠭᠰᠠᠨ ᠪᠢᠯᠨ᠃      ᠬᠠᠯᠠᠮᠴᠠᠭᠰᠠᠨ ᠨᠠᠶᠢᠵᠠ ᠤᠳ ᠢ ᠶᠠᠪᠤᠬᠤ ᠪᠠᠷ ᠡᠯᠬᠦᠬᠦᠷ ᠤᠨ ᠲᠡᠷᠭᠡᠳᠠ ᠱᠤᠤᠬᠢᠯᠳᠤᠵᠤ ᠪᠠᠶᠢᠬᠤ ᠎ ᠳᠤᠨᠢ ᠰᠢᠯ ᠠᠷᠢᠬᠢ ᠪᠠᠨ ᠪᠠᠷᠢᠨ ᠤᠴᠢᠵᠤ ᠵᠤᠷᠢᠭᠳᠤ ᠳᠤ  ᠦᠭᠬᠦ ᠳᠤ᠄ ︽ᠡᠨᠡ ᠴᠢᠨᠢ ᠶᠠᠭᠤ ᠪᠤᠢ︾ ᠬᠡᠵᠤ ᠴᠠᠭᠠᠳᠤᠬᠢ ᠨᠢ ᠭᠠᠶᠢᠬᠠᠯ᠎ᠠ᠃      ︽ᠪᠢᠳᠡᠨ ᠳᠤ ᠴᠢᠨᠢ ᠮᠦᠩᠬᠦ ᠪᠠᠨ ᠁︾ ᠬᠡᠵᠤ ᠨᠢᠭᠡ ᠨᠢ ᠬᠠᠯᠠᠭᠠᠰᠤ ᠪᠠᠨ ᠲᠡᠮᠳᠡᠷᠢᠪᠡ᠃ ᠬᠡᠰᠢᠭ᠄ ︽ᠲᠠ ᠨᠠᠷ ᠲᠤ ᠬᠦᠮᠦᠨ ᠦᠭᠬᠦᠬᠦᠯᠦᠭᠰᠡᠨ ᠶᠤᠮ︾ ᠬᠡᠵᠤ ᠡᠭᠡᠷᠡᠨ ᠲᠦᠭᠳᠡᠷᠡᠨ ᠬᠡᠯᠡᠭᠡᠳ᠂ ᠤᠯᠠᠶᠢᠵᠤ ᠴᠢᠨᠦᠷᠡᠭᠰᠡᠨ ᠨᠢᠭᠤᠷ ᠢᠶᠠᠨ ᠨᠢᠭᠤᠬᠤ ᠬᠡᠰᠡᠨ ᠮᠡᠳᠤ ᠶᠠᠭᠠᠷᠠᠨ ᠡᠷᠬᠢᠵᠤ ᠪᠢᠯᠨ᠃ ᠲᠡᠭᠡᠭᠡᠳ ᠲᠡᠳᠡᠨ ᠤ ᠰᠢᠷᠡᠭᠡ ᠶᠢ ᠴᠡᠪᠡᠷᠯᠡᠬᠦ ᠳᠡᠭᠡᠨ ᠵᠤᠷᠢᠭᠳᠤ ᠶᠢᠨ ᠤᠤᠭᠤᠵᠤ ᠪᠠᠶᠢᠭᠰᠠᠨ ᠬᠤᠨᠳᠠᠭ᠎ᠠ᠂ ᠲᠠᠳᠠᠵᠤ ᠪᠠᠶᠢᠭᠰᠠᠨ ᠲᠠᠮᠠᠬᠢᠨ ᠤ ᠬᠢᠨᠢ ᠡᠰᠢ ᠎ ᠶᠢ ᠦᠪᠡᠷ ᠢᠶᠠᠨ ᠪᠠᠷᠤᠭ ᠮᠡᠳᠡᠯ ᠦᠭᠡᠢ ᠠᠪᠤᠭᠠᠳ ᠱᠦᠬᠦᠢ ᠳᠡᠭᠡᠨ ᠬᠢᠭᠰᠡᠨ ᠰᠡᠨ᠃ ᠤᠳᠤ ᠬᠦᠷᠳᠡᠯ᠎ᠠ ᠪᠦᠳᠡᠬᠢᠷᠡᠭᠰᠡᠨ ᠲᠠᠳᠠᠯᠠᠪᠤᠷᠢ᠂ ᠬᠠᠳᠠᠵᠤ ᠦᠷᠴᠡᠶᠢᠭᠰᠡᠨ ᠲᠠᠮᠠᠬᠢᠨ ᠤ ᠡᠰᠢ᠂ ᠨᠢᠭᠡ ᠰᠢᠯᠦᠨ ᠬᠤᠨᠳᠠᠭ᠎ᠠ ᠲᠡᠬᠦᠨ ᠳᠤ ᠬᠠᠳᠠᠭᠠᠯᠠᠰᠤᠳᠠᠢ ᠪᠠᠶᠢᠭ᠎ᠠ᠃      ᠬᠠᠶᠠ  ᠨᠢᠭᠡ ᠲᠡᠳᠡᠭᠡᠷ ᠢ ᠦᠵᠡᠬᠦ ᠳᠤ ︽ᠶᠠᠭ ᠯᠡ ᠲᠡᠷᠨ ᠴᠠᠭ ᠤᠨ ᠢᠶᠠᠷ ᠨᠢ ᠵᠤᠷᠢᠭᠳᠤ ᠎ ᠶᠢᠨ ᠵᠢᠰᠤ ᠶᠢ ᠰᠡᠳᠬᠢᠯ ᠳᠡᠭᠡᠨ ᠬᠠᠷᠠᠵᠤ᠂ ᠤᠳᠤ ᠬᠠᠮᠢᠭ᠎ᠠ᠂ ᠶᠠᠭᠠᠬᠢᠰᠬᠢᠵᠤ ᠶᠠᠪᠤᠳᠠᠭ ᠪᠤᠯ︾ ᠬᠡᠵᠤ  ᠪᠤᠳᠤᠳᠠᠭ ᠪᠠᠶᠢᠯ᠎ᠠ᠃      ᠶᠠᠪᠤᠭᠠᠨ ᠳᠠᠭᠠᠨ ᠡᠬᠢᠨ ᠤ ᠦᠶ᠎ᠠ ᠶᠢᠨ ᠬᠢ ᠰᠢᠭ ᠦᠷᠬᠦᠯᠵᠢ ᠪᠤᠳᠤᠨ ᠵᠢᠷᠦᠭᠡ ᠨᠢ ᠰᠢᠮᠰᠢᠷᠡᠬᠦ ᠎ ᠪᠠᠨ ᠪᠤᠯᠢᠵᠠᠢ᠃ ᠬᠡᠳᠡᠯ᠎ᠠ ᠦᠨᠦᠳᠦᠷ ᠪᠠᠷ᠎ᠠ ᠶᠢ ᠨᠢ ᠬᠠᠷᠠᠭᠠᠳ ᠳ᠋ᠠᠬᠢᠨ ᠡᠯᠢᠭᠡ ᠡᠮᠳᠡᠷᠡᠵᠤ᠂ ᠰᠡᠳᠬᠢᠯ ᠨᠢ ᠱᠠᠷᠬᠢᠷᠠᠬᠤ ᠰᠢᠭ᠋ ᠪᠤᠯᠪᠠ᠃ ︽ᠡᠶᠢᠮᠤ ᠪᠤᠯᠴᠢᠬᠠᠭᠰᠠᠨ ᠶᠠᠪᠤᠬᠤ ᠬᠡᠵᠤ᠃ ᠬᠤᠷᠸ᠎ᠠ  ᠲᠡᠬᠦᠨ ᠢᠶᠠᠷ ᠶᠠᠭᠠᠬᠢᠭᠰᠠᠨ ᠬᠠᠳᠠᠭᠤ ᠲᠤᠭᠯᠠᠭ᠎ᠠ ᠪᠤᠢ︾ ᠬᠡᠵᠤ ᠪᠤᠳᠤᠬᠤ ᠳᠤ ᠬᠡᠨ ᠳᠤ ᠴᠤ᠂ ᠶᠠᠭᠤᠨ ᠳᠤ ᠴᠤ ᠶᠤᠮ ᠪᠤᠢ ᠭᠤᠮᠤᠳᠠᠨ ᠭᠤᠤᠯ ᠨᠢ ᠬᠠᠷᠠᠯᠠᠵᠤ ᠪᠠᠶᠢᠪᠠ᠃      ᠵᠤᠷᠢᠭᠳᠤ ᠶᠢ ᠶᠠᠪᠤᠭᠠᠳ ᠵᠢᠯ ᠭᠠᠷᠤᠢ ᠪᠤᠯᠤᠭᠰᠠᠨ ᠤ ᠲᠠᠷᠠᠭ᠎ᠠ ᠢᠳᠡᠷ ᠠᠴᠠ ᠨᠢᠭᠡ ᠤᠳᠠᠭ᠎ᠠ ᠰᠤᠷᠠᠭᠯᠠᠪᠠᠯ ︽ᠰᠠᠶᠢᠨ ᠶᠠᠪᠤᠨ᠎ᠠ᠃ ᠵᠢᠷᠤᠭ ᠨᠢ ᠦᠵᠡᠰᠬᠦᠯᠡᠩ ᠳᠤ ᠲᠠᠯᠪᠢᠭᠳᠠᠭᠰᠠᠨ ᠮᠡᠳᠡᠭᠡ ᠰᠤᠨᠢᠨ ᠲᠡᠭᠡᠷ᠎ᠠ ᠭᠠᠷᠤᠭᠰᠠᠨ ᠪᠠᠶᠢᠨ᠎ᠠ ᠯᠠᠢ︾ ᠬᠡᠰᠡᠨ ᠰᠡᠨ᠃ ᠰᠠᠶ᠋ᠢᠬᠠᠨ ᠪᠠᠰᠠ ᠨᠢᠭᠡ ᠨᠠᠶᠢᠵᠠ ᠨᠢ ᠬᠡᠰᠢᠭ ᠤᠨ ᠭᠤᠸᠠᠨᠵᠠᠨ ᠳᠤ ᠬᠤᠭᠤᠯᠠᠯᠠᠬᠤ ᠵᠠᠭᠤᠷ᠎ᠠ ᠪᠠᠨ ︽ᠪᠢ ᠰᠠᠶ᠋ᠢᠬᠠᠨ ᠬᠤᠳᠠ ᠤᠷᠤᠭᠠᠳ ᠢᠷᠡᠯ᠎ᠠ᠃ ᠮᠠᠨ ᠤ ᠠᠳᠠ ᠪᠠᠶᠢᠭᠰᠠᠨ ᠳ᠋ᠠ᠂ ᠶᠠᠭᠠᠬᠢᠪᠠ ᠪᠢᠳᠠᠨ ᠤ ᠨᠠᠶᠢᠵᠠ ᠵᠤᠷᠢᠭᠳᠤ ᠠᠷᠢᠬᠢᠨ ᠳᠤ ᠪᠦᠷ ᠤᠷᠤᠴᠢᠬᠠᠵᠠᠢ᠃ ᠡᠪᠦᠭᠡᠨᠳᠤ ᠶᠢᠨ ᠬᠢᠨ ᠤ ᠨᠢᠭᠡ ᠪᠤᠯᠴᠢᠬᠠᠵᠤ᠃ ᠪᠢ ᠲᠠᠭᠠᠷᠢᠯᠳᠤᠴᠢᠬᠠᠭᠠᠳ ᠬᠡᠳᠦᠨ ᠴᠠᠭᠠᠰᠤ ᠦᠭᠴᠤ ᠠᠷᠠᠢ ᠬᠡᠵᠤ ᠰᠠᠯᠤᠯ᠎ᠠ︾ ᠬᠡᠮᠡᠨ ᠰᠤᠨᠢᠨ ᠪᠤᠯᠭᠠᠬᠤ ᠳᠤ ᠬᠡᠰᠢᠭ ᠶᠠᠭᠤ ᠬᠡᠬᠦ ᠪᠠᠨ ᠮᠡᠳᠡᠬᠦ ᠦᠭᠡᠢ ᠬᠡᠰᠡᠭ ᠵᠤᠭᠰᠤᠭᠠᠳ ︽ᠬᠦᠭᠡᠷᠦᠬᠦᠢ ᠳ᠋ᠧ︾ ᠬᠡᠮᠡᠨ ᠰᠠᠨᠠᠭ᠎ᠠ ᠠᠯᠳᠠᠭᠰᠠᠨ ᠪᠤᠯᠪᠠᠴᠤ ᠯᠠᠪᠳᠠᠢ ᠢᠳᠡᠭᠡᠭᠰᠡᠨ ᠦᠭᠡᠢ ᠪᠢᠯᠨ᠃      ᠰᠠᠬᠦᠯ ᠤᠨ ᠠᠷᠪᠠᠨ ᠵᠢᠯ ᠵᠤᠷᠢᠭᠳᠤ ᠶᠢ ᠪᠤᠳᠤᠭᠰᠠᠨ ᠨᠢ ᠲᠠᠩᠴᠢ ᠴᠦᠭᠡᠨ᠂ ᠬᠠᠶᠠᠬᠠᠨ ᠨᠢᠭᠡ ᠪᠤᠳᠤᠬᠤ ᠳᠠᠭᠠᠨ ᠦᠪᠡᠷ ᠤᠨ ᠢᠶᠠᠨ ᠬᠡᠨᠡᠨ ᠬᠤᠩᠭᠤᠷ ᠶᠠᠪᠤᠭᠰᠠᠨ ᠴᠠᠭ ᠢᠶᠠᠨ ᠦᠷᠦᠪᠳᠦᠯᠳᠠᠶᠢᠬᠡᠨ ᠲᠤᠷᠠᠰᠤᠳᠠᠭ ᠪᠠᠶᠢᠨ᠎ᠠ᠃ ᠦᠨᠡᠨᠳᠡᠭᠡᠨ ᠲᠡᠬᠦᠨ ᠢ ᠪᠤᠳᠤᠭᠠᠳ ᠪᠠᠶᠢᠬᠤ ᠴᠠᠭ ᠵᠠᠪ ᠪᠠᠭ᠎ᠠ ᠪᠠᠶᠢᠭᠰᠠᠨ ᠪᠠᠶᠢᠬᠤ᠃ ᠬᠤᠪᠢ ᠵᠠᠶᠠᠭᠠᠨ ᠤ ᠱᠠᠩᠨᠠᠯ ᠮᠡᠳᠤ ᠰᠠᠶᠢᠨ ᠬᠦᠮᠦᠨ ᠲᠠᠢ ᠤᠴᠠᠷᠠᠵᠤ᠂ ᠦᠶ᠎ᠠ ᠴᠠᠭ ᠤᠨ ᠢᠶᠠᠨ ᠠᠶᠠᠰ ᠢ ᠲᠠᠭᠠᠨ ᠨᠤᠶᠢᠷ᠂ ᠪᠡᠶ᠎ᠠ ᠬᠠᠶᠢᠷᠠᠯᠠᠯ ᠦᠭᠡᠢ ᠵᠢᠳᠬᠦᠭᠰᠡᠨ ᠤ ᠬᠦᠴᠦᠨ ᠳᠤ ᠪᠤᠰᠤᠳ ᠤᠨ ᠭᠠᠷ ᠬᠠᠷᠠᠯ ᠦᠭᠡᠢ ᠪᠤᠯᠤᠭᠰᠠᠨ᠃ ᠰᠠᠶᠢᠨ ᠬᠠᠨᠢ ᠎ ᠶᠢᠨ ᠤᠬᠠᠭᠠᠨ᠂ ᠬᠤᠪᠢ ᠶᠢᠨ ᠵᠢᠳᠬᠦᠯ ᠢᠶᠠᠷ ᠤᠳᠤ ᠪᠤᠯ ᠦᠪᠡᠷ ᠤᠨ ᠭᠤᠸᠠᠨᠵᠠ᠂ ᠬᠦᠨᠡᠰᠦᠨ ᠤ ᠦᠢᠯᠡᠳᠪᠤᠷᠢ᠂ ᠲᠡᠯᠭᠡᠬᠦᠷ ᠲᠠᠢ ᠪᠤᠯᠵᠤ᠂ ᠨᠤᠳᠤᠭ ᠤᠨ ᠢᠶᠠᠨ ︽ᠶᠡᠭᠡᠴᠦᠳ︾᠎ ᠤᠨ ᠲᠤᠭᠠᠨ ᠳᠤ ᠤᠷᠤᠬᠤ ᠪᠤᠯᠤᠭᠰᠠᠨ ᠪᠠᠶᠢᠯ᠎ᠠ᠃      ᠰᠠᠶ᠋ᠢ ᠠᠵᠢᠯ ᠬᠦᠭᠡᠭᠡᠴᠡᠯᠳᠦᠬᠦ ᠲᠠᠯᠢᠮ ᠳᠠᠭᠠᠨ ᠠᠮᠠᠷᠠᠵᠤ ᠪᠠᠶᠢᠭ᠎ᠠ ᠲᠤᠮᠤ ᠬᠦᠤ ᠳᠡᠭᠡᠨ ᠬᠤᠳᠠ ᠦᠵᠡᠬᠦᠯᠬᠦ ᠪᠠᠷ ᠨᠡᠶᠢᠰᠯᠡᠯ ᠳᠤ ᠢᠷᠡᠬᠦ ᠳᠡᠭᠡᠨ ᠵᠤᠷᠢᠭᠳᠤ ᠲᠠᠢ ᠲᠠᠭᠠᠷᠢᠯᠳᠤᠨ᠎ᠠ ᠴᠢᠨᠡᠭᠡ ᠤᠭᠳᠤ ᠪᠤᠳᠤᠭᠰᠠᠨ ᠦᠭᠡᠢ᠃ ᠲᠡᠭᠡᠳᠡᠯ᠎ᠠ ᠰᠠᠶ᠋ᠢ ᠪᠠᠷ᠎ᠠ ᠶᠢ ᠨᠢ ᠬᠠᠷᠠᠵᠤ᠂ ᠡᠷᠳᠠ ᠵᠠᠯᠠᠭᠤ ᠶᠢᠨ ᠲᠤᠷᠠᠳᠬᠠᠯ ᠵᠢᠷᠦᠭᠡ ᠶᠢ ᠨᠢ ᠰᠢᠮᠰᠢᠷᠡᠬᠦᠯᠬᠦ ᠨᠢ ᠡᠨᠡ᠃ ︽ᠨᠠᠳᠠᠳᠤ ᠬᠡᠮ ᠬᠢᠭᠰᠡᠨ ᠪᠢᠰᠢ ᠳ᠋ᠧ᠃ ᠵᠢᠭᠠᠬᠠᠨ ᠲᠤᠰᠠ ᠪᠤᠯᠬᠤ ᠰᠠᠨ᠃ ᠵᠠ ᠪᠠᠶᠢᠵᠠ ᠁  ᠶᠠᠭᠠᠬᠢᠬᠤᠪ︾ ᠬᠡᠵᠤ ᠪᠤᠳᠤᠭᠠᠳ ᠮᠠᠰᠢᠨ ᠢᠶᠠᠨ ᠠᠰᠠᠭᠠᠨ᠂ ᠪᠠᠭᠤᠳᠠᠯ ᠳᠤ ᠬᠦᠯᠢᠶᠡᠵᠤ ᠪᠠᠶᠢᠭ᠎ᠠ ᠬᠦᠤ ᠤᠷᠤᠭᠤ ᠪᠠᠨ ᠶᠠᠪᠤᠯ᠎ᠠ᠃      ᠁ ᠬᠤᠶᠠᠷ ᠬᠤᠨᠤᠭ ᠤᠨ ᠲᠠᠷᠠᠭ᠎ᠠ᠃ ᠦᠨᠦᠭᠢ ᠲᠡᠯᠭᠡᠬᠦᠷ ᠠᠴᠠ ᠨᠡᠯᠢᠶᠡᠳ ᠵᠠᠶᠢᠳᠠᠢ ᠵᠤᠭᠰᠤᠭᠠᠯ ᠲᠡᠭᠡᠷ᠎ᠠ ᠬᠡᠰᠢᠭ ᠵᠤᠷᠢᠭᠳᠤ ᠶᠢ ᠬᠦᠯᠢᠶᠡᠵᠤ᠂ ᠮᠠᠰᠢᠨ ᠲᠤᠳᠤᠷ᠎ᠠ ᠪᠠᠨ ᠰᠠᠭᠤᠵᠤ ᠪᠠᠶᠢᠯ᠎ᠠ᠃ ︽ᠲᠡᠷᠨ ᠬᠦᠮᠦᠨ ᠴᠢᠨᠢ ᠢᠷᠡᠬᠦ ᠦᠭᠡᠢ ᠪᠤᠯ ᠶᠠᠭᠠᠬᠢᠬᠤ ᠶᠤᠮ ᠪᠤᠢ︾ ᠬᠡᠵᠤ ᠶᠢᠰᠦᠨ ᠨᠠᠰᠤᠳᠠᠢ ᠬᠦᠤ ᠨᠢ ᠦᠢᠳᠠᠭᠰᠠᠨ ᠶᠠᠩᠵᠤ ᠲᠠᠢ ᠠᠰᠠᠭᠤᠪᠠ᠃ ︽ᠢᠷᠡᠬᠦ ᠪᠠᠶᠢᠬ᠎ᠠ︾ ᠬᠡᠵᠤ ᠬᠡᠰᠢᠭ ᠲᠤᠩ ᠢᠳᠡᠭᠡᠯ ᠦᠭᠡᠢ ᠶᠠᠩᠵᠤᠳᠠᠢ ᠬᠡᠯᠡᠭᠡᠳ ᠤᠷᠢᠳᠤᠬᠢ ᠬᠠᠶᠢᠷᠴᠠᠭ ᠢᠶᠠᠨ ᠨᠡᠭᠡᠭᠡᠵᠤ᠂ ᠪᠠᠨᠳᠠᠭᠠᠷ ᠲᠤᠭᠳᠤᠢ ᠶᠢ ᠬᠠᠷᠠᠪᠠ᠃ ᠲᠡᠬᠦᠨ ᠲᠤᠳᠤᠷ᠎ᠠ ︽ᠰᠠᠶᠢᠨ ᠪᠠᠶᠢᠨᠤ ᠂ ᠵᠤᠷᠢᠭᠳᠤ ᠡ︕ ᠡᠨᠡ ᠬᠡᠳᠦᠨ ᠴᠠᠭᠠᠰᠤ ᠪᠠᠷ ᠬᠤᠪᠴᠠᠰᠤ ᠠᠪᠤᠭᠠᠷᠠᠢ᠃ ᠠᠭᠤᠯᠵᠠᠬᠤ ᠪᠤᠯᠤᠮᠵᠢ ᠭᠠᠷᠤᠭᠰᠠᠨ ᠦᠭᠡᠢ᠃ ᠴᠢᠮ᠎ᠠ ᠶᠢ ᠬᠦᠨᠳᠦᠳᠭᠡᠭᠴᠢ︾ ᠬᠡᠰᠡᠨ ᠵᠤᠷᠪᠤᠰ᠂ ᠬᠤᠶᠠᠷ ᠵᠠᠭᠤᠨ ᠮᠢᠩᠭᠠᠨ ᠲᠦᠬᠦᠷᠢᠭ ᠬᠢᠭᠰᠡᠨ ᠶᠤᠮ ᠪᠠᠶᠢᠵᠠᠢ᠃      ᠲᠡᠭᠡᠵᠤ ᠪᠠᠶᠢᠳᠠᠯ᠎ᠠ ᠵᠤᠷᠢᠭᠳᠤ ᠦᠪᠡᠷ ᠰᠢᠭ ᠢᠶᠠᠨ ᠨᠢᠭᠡ ᠬᠦᠮᠦᠨ ᠲᠠᠢ ᠬᠠᠮᠳᠤ ᠲᠡᠯᠭᠡᠬᠦᠷ ᠤᠷᠤᠭᠤ ᠢᠷᠡᠪᠡ᠃ ᠶᠠᠭ ᠯᠡ ᠬᠤᠶᠠᠷ ᠬᠤᠨᠤᠭ ᠤᠨ ᠡᠮᠦᠨᠡᠬᠢ ᠶᠠᠩᠵᠤ ᠪᠠᠷ ᠢᠶᠠᠨ ᠶᠠᠪᠤᠨ᠎ᠠ᠃ ᠴᠤᠭ ᠶᠠᠪᠤᠭ᠎ᠠ ᠬᠦᠮᠦᠨ ᠨᠢ ᠴᠠᠮᠴᠨ ᠪᠤᠯᠤᠯᠳᠠᠢ ᠨᠢᠭᠡ ᠶᠠᠭᠤᠮ᠎ᠠ ᠭᠠᠷ ᠲᠡᠭᠡᠷ᠎ᠠ ᠪᠠᠨ ᠲᠤᠬᠤᠵᠠᠢ᠃ ᠲᠡᠳᠠ ᠦᠨᠦᠬᠢ ᠶᠠᠭᠤᠮ᠎ᠠ ᠪᠠᠨ ᠲᠡᠯᠭᠡᠬᠦᠷ ᠠᠴᠠ ᠭᠠᠷᠴᠤ ᠢᠷᠡᠭᠰᠡᠨ ᠬᠤᠶᠠᠷ ᠴᠤ ᠪᠦᠰᠡᠬᠦᠢ ᠳᠤ ᠦᠵᠡᠬᠦᠯᠪᠡ᠃ ᠡᠮᠡᠭᠳᠠᠢ ᠬᠦᠮᠦᠨ ᠤ ᠯᠡ ᠬᠤᠪᠴᠠᠰᠤ ᠪᠠᠶᠢᠵᠤ ᠲᠠᠭᠠᠷᠠᠨ᠎ᠠ᠃ ᠨᠠᠶᠢᠵᠠ ᠨᠢ ᠭᠠᠷ ᠰᠤᠩᠭᠠᠨ ᠦᠨᠦᠬᠢ ᠪᠠᠨ ᠦᠵᠡᠬᠦᠯᠵᠤ᠂ ᠵᠤᠷᠢᠭᠳᠤ ᠭᠠᠷ ᠬᠤᠷᠤᠭᠤ ᠪᠠᠨ ᠭᠤᠵᠤᠭᠤᠨᠠᠭᠤᠯᠤᠨ ᠶᠠᠭᠤᠮ᠎ᠠ ᠶᠠᠷᠢᠬᠤ ᠨᠢ ︽ᠷᠢᠺᠯᠠᠮᠳᠠᠵᠤ︾ ③ ᠪᠠᠶᠢᠭ᠎ᠠ ᠬᠡᠷᠡᠭ᠃      ᠬᠡᠰᠢᠭ ᠲᠤᠭᠳᠤᠢ ᠪᠠᠨ ᠠᠪᠴᠤ ᠬᠦᠤ ᠳᠡᠭᠡᠨ ᠦᠭᠬᠦᠭᠡᠳ᠄ ︽ᠰᠠᠶᠢᠨ ᠬᠠᠷᠠᠵᠤ ᠠᠪ᠃ ᠲᠡᠷᠨ ᠨᠤᠭᠤᠭᠠᠨ ᠴᠤᠪ ᠲᠠᠢ᠂ ᠡᠬᠦᠷᠦᠪᠴᠢ ᠲᠠᠢ ᠬᠦᠮᠦᠨ ᠳᠤ ᠦᠭᠬᠦ  ᠶᠠᠭᠤᠮ᠎ᠠ︾ ᠬᠡᠪᠡ᠃      ︽ᠡᠨᠡ ᠴᠢᠨᠢ ᠶᠠᠭᠤ ᠶᠤᠮ ᠪᠤᠢ︖ ᠴᠢ ᠬᠡᠨ ᠤ ᠬᠦᠤ ᠪᠤᠢ ᠬᠡᠪᠡᠯ ᠶᠠᠭᠠᠬᠢᠬᠤ ᠶᠤᠮ ᠪᠤᠢ︖︾      ︽ᠲᠠᠨ ᠳᠤ ᠬᠦᠮᠦᠨ ᠦᠭᠬᠦᠬᠦᠯᠦᠭᠰᠡᠨ ᠶᠤᠮ ᠬᠡᠵᠤ ᠬᠡᠯᠡᠭᠡᠷᠡᠢ ᠬᠡᠵᠤ ᠴᠢᠮᠠᠳᠤ ᠬᠡᠯᠡᠭᠰᠡᠨ ᠬᠡᠯᠡᠭᠰᠡᠨ ᠰᠢᠤ ᠳ᠋ᠧ᠃ ᠲᠡᠭᠡᠵᠤ ᠬᠡᠯᠡᠩᠬᠦᠳᠠ ᠭᠠᠷ ᠲᠤᠨᠢ ᠪᠠᠷᠢᠭᠤᠯᠴᠢᠬᠠᠭᠠᠳ ᠱᠠᠯᠠᠪᠬᠠᠨ ᠲᠡᠯᠭᠡᠬᠦᠷ ᠤᠨ ᠴᠠᠭᠠᠭᠤᠷ ᠲᠤᠭᠤᠷᠢᠭᠠᠳ ᠬᠦᠷᠦᠭᠡᠳ ᠢᠷ᠎ᠡ︾ ᠬᠡᠪᠡ᠃ ᠦᠢᠯᠨ ᠶᠠᠪᠤᠳᠠᠯ ᠬᠤᠷᠤᠮᠬᠠᠨ ᠵᠠᠭᠤᠷ᠎ᠠ ᠳᠤ ᠪᠤᠯᠪᠠ᠃ ᠬᠦᠤ ᠶᠢ ᠲᠡᠯᠭᠡᠬᠦᠷ ᠲᠤᠭᠤᠷᠢᠨ ᠠᠯᠠᠭ᠎ᠠ ᠪᠤᠯᠬᠤ ᠳᠤ ᠭᠠᠶᠢᠬᠠᠵᠤ ᠠᠯᠮᠠᠶᠢᠷᠠᠭᠰᠠᠨ ᠵᠤᠷᠢᠭᠳᠤ ᠡᠷᠬᠢᠨ ᠲᠤᠭᠤᠷᠢᠨ ᠢᠶᠠᠨ ᠨᠢᠭᠡ ᠬᠠᠷᠠᠭᠠᠳ ᠲᠤᠭᠳᠤᠢ ᠶᠢ ᠵᠠᠳᠠᠯᠪᠠ᠃ ᠲᠡᠬᠦᠨ ᠢ ᠵᠤᠷᠪᠤᠰ ᠤᠩᠰᠢᠵᠤ ᠪᠠᠶᠢᠬᠤ ᠳᠤ ᠮᠦᠩᠬᠦ ᠬᠠᠷᠠᠭᠰᠠᠨ ᠨᠠᠶᠢᠵᠠ ᠨᠢ ᠢᠨᠢᠶᠡᠳᠤ ᠠᠯᠳᠠᠨ ᠦᠨᠦᠬᠢ ᠴᠠᠮᠴᠠ ᠪᠠᠷ ᠢᠶᠠᠨ ᠲᠠᠯᠠᠯᠤᠨ ᠲᠡᠪᠬᠡᠴᠡᠬᠦ ᠲᠦᠬᠦᠵᠤ ᠪᠠᠶᠢᠨ᠎ᠠ᠃ ᠵᠤᠷᠢᠭᠳᠤ ᠬᠡᠪ ᠬᠡᠨᠡᠳᠳᠠ ᠪᠤᠷᠬᠠᠨ ᠳᠤ ᠲᠡᠪᠡᠷᠢᠬᠦᠯᠦᠭᠰᠡᠨ ᠮᠡᠳᠤ ᠭᠠᠶᠢᠬᠠᠭᠰᠠᠨ ᠮᠦᠷᠳᠡᠯ᠎ᠠ ᠪᠠᠨ ᠪᠠᠶᠠᠷ ᠬᠡᠷᠡᠯᠳᠦᠭᠰᠡᠨ ᠨᠢᠳᠤ ᠪᠠᠷ ᠬᠦᠯᠢᠷᠡᠨ ᠵᠤᠭᠰᠤᠪᠠ᠃      ᠬᠡᠰᠢᠭ ᠮᠠᠰᠢᠨ ᠢᠶᠠᠨ ᠠᠰᠠᠭᠠᠨ ᠬᠦᠳᠡᠯᠦᠯ᠎ᠠ᠃ ᠲᠤᠯᠢᠨ ᠳᠠᠭᠠᠨ ᠬᠠᠷᠠᠪᠠᠯ ᠵᠤᠷᠢᠭᠳᠤ ᠬᠤᠶᠢᠨ᠎ᠠ ᠎ ᠠᠴᠠ ᠨᠢ ᠠᠵᠢᠭᠯᠠᠵᠤ ᠪᠠᠶᠢᠬᠤ ᠰᠢᠭ᠋ ᠰᠠᠨᠠᠭᠳᠠᠵᠠᠢ᠃      ︽ᠡᠵᠢ ᠡ᠂ ᠡᠨᠡ ᠬᠡᠨ ᠬᠡᠳᠡᠭ ᠬᠦᠮᠦᠨ ᠪᠤᠢ︖︾      ︽ᠡᠵᠢ ᠨᠢ ᠲᠠᠨᠢᠬᠤ ᠦᠭᠡᠢ ᠶᠤᠮ ᠪᠢᠯᠠ᠃︾      ︽ᠲᠡᠭᠡᠪᠡᠯ ᠲᠠ ᠶᠠᠭᠠᠬᠢᠭᠠᠳ ᠶᠠᠭᠤᠮ᠎ᠠ ᠦᠭᠴᠤ ᠪᠠᠶᠢᠭ᠎ᠠ ᠶᠤᠮ ᠪᠤᠢ︖︾      ︽ᠶᠠᠳᠠᠷᠠᠭᠰᠠᠨ ᠠᠮᠢᠳᠠᠨ ᠳᠤ ᠪᠤᠶᠠᠨ ᠪᠤᠯᠤᠭ ᠬᠡᠳ ᠁︾ ᠬᠡᠰᠡᠨ ᠳᠤ ᠬᠦᠤ ᠲᠠᠬᠢᠭᠠᠳ ᠶᠠᠭᠤᠮ᠎ᠠ ᠠᠰᠠᠭᠤᠭᠰᠠᠨ ᠦᠭᠡᠢ᠃ ᠬᠡᠰᠢᠭ ︽ᠠᠮᠢᠳᠤᠷᠠᠯ ᠤᠨ ᠬᠤᠤᠷᠯᠠᠩᠳᠠᠢ ᠲᠤᠭᠯᠠᠭᠠᠮ ᠢ   ᠲᠠᠭᠠᠭᠠᠭ᠎ᠠ ᠦᠭᠡᠢ ᠬᠦᠭᠡᠷᠦᠬᠦᠢ ᠮᠢᠨᠢ︕ ᠵᠠ ᠪᠤᠶᠠᠨ ᠢᠶᠠᠷ ᠢᠶᠠᠨ ᠪᠤᠯᠤᠭ ᠳ᠋ᠧ︾ ᠬᠡᠵᠤ ᠪᠤᠳᠤᠭᠠᠳ ᠬᠤᠷᠳᠤ ᠪᠠᠨ ᠨᠡᠮᠡᠯ᠎ᠠ᠃ ᠲᠡᠬᠦᠨ ᠤ ᠲᠤᠤᠭᠤᠷ ᠲᠤᠯᠢᠭᠠᠷ ᠬᠠᠷ᠎ᠠ ᠵᠠᠮ ᠤᠷᠤᠰᠴᠤ᠂ ᠤᠯᠠᠨ ᠮᠠᠰᠢᠨ ᠦᠩᠭᠡᠷᠡᠵᠤ ᠪᠠᠶᠢᠳᠠᠭ ᠡᠳᠦᠷ ᠤᠳ ᠰᠢᠭ᠋ ᠵᠦᠷᠢᠵᠤ ᠪᠠᠶᠢᠪᠠ᠃  ᠲᠠᠶᠢᠯᠪᠤᠷᠢ᠄      ① ᠷᠧᠰᠲ᠋ᠤᠷᠠᠨ — ᠬᠤᠭᠤᠯᠠᠨ ᠬᠡᠷ᠃      ② ᠪᠤᠹᠢᠲ — ᠦᠪᠡᠷ ᠢᠶᠠᠨ ᠦᠢᠯᠡᠴᠢᠯᠡᠳᠡᠭ ᠬᠤᠭᠤᠯᠨ᠃      ③ ᠷᠢᠺᠯᠠᠮ — ᠵᠠᠷ᠃        ︵www.biirbeh.mn᠎ ᠠᠴᠠ ᠬᠦᠷᠪᠡᠬᠦᠯᠪᠡ︶ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号