ᠥᠷᠥᠴᠡᠯᠡᠬᠦ ᠶᠣᠰᠣᠨ ᠤ ᠲᠤᠬᠠᠢ
ᠨᠡᠶᠢᠲᠡᠯᠡᠭᠰᠡᠨ ᠴᠠᠭ᠄
2014/12/2
        ᠲᠠᠯ᠎ᠠ ᠨᠤᠲᠤᠭ ᠤᠨ ᠮᠠᠯ ᠤᠨ ᠮᠢᠬ᠎ᠠ ᠰᠣᠷᠭᠤᠭ ᠰᠢᠨᠡᠬᠡᠨ ᠠᠮᠲᠠ ᠰᠠᠶᠢᠲᠠᠢ ᠪᠠᠶᠢᠳᠠᠭ ᠢᠶᠠᠷ ᠢᠶᠠᠨ ᠳᠡᠯᠡᠬᠡᠢ ᠳ᠋ᠠᠬᠢᠨ ᠳᠤ ᠠᠯᠳᠠᠷᠰᠢᠵᠠᠢ᠃ ᠲᠡᠷᠡ ᠨᠢ ᠤᠰᠤᠨ ᠤ ᠲᠤᠩᠭᠠᠯᠠᠭ᠂ ᠡᠪᠡᠰᠦᠨ ᠤ ᠰᠣᠷᠭᠤᠭ ᠲᠤ ᠠᠮᠤᠭᠤᠯᠠᠩ ᠢᠳᠡᠰᠢᠯᠡᠳᠡᠭ ᠬᠥᠮᠥᠨ ᠰᠣᠶᠣᠯ ᠤᠨ ᠪᠠᠶᠢᠭᠠᠯᠢ ᠶᠢᠨ ᠥᠪᠡᠷᠮᠢᠴᠡ ᠠᠮᠢ ᠠᠬᠤᠢ ᠳᠤ ᠰᠢᠯᠲᠠᠭᠠᠯᠠᠭᠳᠠᠬᠤ ᠠᠴᠠ ᠭᠠᠳᠠᠨ᠎ᠠ ᠪᠠᠰᠠ ᠦᠵᠡᠭᠰᠡᠨ ᠰᠣᠨᠣᠰᠤᠭᠰᠠᠨ ᠪᠦᠬᠦᠨ ᠢ ᠭᠠᠶᠢᠬᠠᠰᠢ ᠠᠯᠳᠠᠭᠤᠯᠵᠤ ᠣᠶᠢᠯᠠᠭᠠᠬᠤᠶ᠎ᠠ ᠪᠡᠷᠬᠡ ᠣᠨᠢᠰᠤᠭ᠎ᠠ ᠲᠥᠷᠥᠭᠦᠯᠳᠡᠭ ᠨᠢᠭᠡᠨ ᠨᠢᠭᠤᠴᠠ ᠳᠤ ᠪᠣᠢ᠃ ᠡᠨᠡ ᠨᠢ ᠳᠠᠷᠤᠢ ᠥᠷᠥᠭᠡᠯ ᠪᠤᠰᠤᠳ ᠦᠨᠳᠦᠰᠦᠲᠡᠨ ᠳᠤ ᠪᠠᠶᠢᠭ᠎ᠠ ᠦᠭᠡᠢ ︽ᠥᠷᠥᠴᠡᠯᠡᠬᠦ ᠶᠣᠰᠣᠨ︾ ᠪᠢᠯᠡ᠃       ᠬᠤᠨᠢ ᠶᠢ ᠬᠥᠬᠡ ᠲᠡᠭᠷᠢ ᠬᠠᠷᠠᠭᠤᠯᠤᠨ ᠥᠷᠥᠴᠡᠯᠡᠬᠦ ᠵᠠᠩᠰᠢᠯ ᠪᠣᠯ ᠮᠣᠩᠭᠤᠯᠴᠤᠳ ᠤᠨ ᠮᠠᠰᠢ ᠡᠷᠲᠡᠨ ᠤ ᠤᠯᠠᠮᠵᠢᠯᠠᠯᠲᠤ ᠶᠣᠰᠣᠨ ᠶᠤᠮ᠃ 13 ᠳ᠋ᠤᠭᠠᠷ ᠵᠠᠭᠤᠨ ᠤ ᠦᠶ᠎ᠡ ᠨᠢᠭᠡᠨᠲᠡ ᠪᠦᠬᠦ ᠮᠣᠩᠭᠤᠯ ᠤᠨ ᠮᠠᠯ ᠨᠢᠲᠤᠯᠬᠤ ᠳᠠᠭᠠᠨ ᠡᠷᠬᠡᠪᠰᠢ ᠪᠠᠷᠢᠮᠲᠠᠯᠠᠳᠠᠭ ᠵᠠᠩᠰᠢᠯ ᠬᠠᠤᠯᠢ ᠪᠣᠯᠵᠠᠢ᠃ ᠬᠤᠨᠢ ᠨᠢᠲᠤᠯᠬᠤ ᠳᠤ ᠬᠤᠭᠤᠯᠠᠢ ᠶᠢ ᠨᠢ ᠣᠭᠲᠣᠯᠵᠤ ᠲᠣᠯᠣᠭᠠᠢ ᠶᠢ ᠨᠢ ᠰᠠᠯᠭᠠᠬᠤ ᠶᠢ ᠡᠷᠡᠰ ᠴᠡᠭᠡᠷᠯᠡᠨ᠎ᠡ᠃ ᠬᠤᠶᠢᠲᠤ ᠲᠥᠷᠥᠯ ᠳᠡᠭᠡᠨ ᠮᠠᠭᠤ ᠤᠳᠤᠮ ᠳᠤ ᠵᠠᠶᠠᠭᠠᠨ᠎ᠠ ᠭᠡᠳᠡᠭ᠃ ︽ᠳᠡᠯᠡᠬᠡᠢ ᠶᠢ ᠡᠵᠡᠷᠬᠡᠭᠴᠢᠳ ᠤᠨ ᠲᠡᠦᠬᠡ︾ ᠪᠠ ︽ᠶᠤᠸᠠᠨ ᠤ ᠲᠡᠦᠬᠡ︾ ᠳᠤ ᠪᠢᠴᠢᠭᠰᠡᠨ  ᠢᠶᠠᠷ᠂ ᠴᠢᠩᠭᠢᠰ ᠬᠠᠭᠠᠨ᠂ ᠬᠤᠪᠢᠯᠠᠢ ᠬᠠᠭᠠᠨ ᠴᠥᠮ ᠵᠠᠰᠠᠭ ᠲᠣᠭᠲᠠᠭᠠᠵᠤ ︽ᠬᠤᠶᠢᠰᠢᠳᠠ ᠬᠤᠨᠢ ᠶᠢ ᠪᠠᠭᠠᠯᠵᠠᠭᠤᠷ  ᠢ ᠨᠢ ᠣᠭᠲᠣᠯᠣᠨ ᠬᠤᠷᠣᠭᠠᠵᠤ ᠪᠣᠯᠬᠤ ᠦᠭᠡᠢ᠂ ᠬᠠᠷᠢᠨ ᠮᠣᠩᠭᠤᠯᠴᠤᠳ ᠤᠨ ᠵᠠᠩᠰᠢᠯ ᠶᠣᠰᠣᠭᠠᠷ ᠥᠷᠥᠴᠡᠯᠡᠬᠦ ᠬᠡᠷᠡᠭᠲᠡᠢ᠃ ᠵᠥᠷᠢᠴᠡᠭᠰᠡᠳ ᠢ ᠮᠥᠨ ᠲᠡᠭᠡᠵᠦ ᠠᠯᠠᠨ᠎ᠠ ᠬᠡᠮᠡᠨ ᠬᠠᠤᠯᠢᠵᠢᠭᠤᠯᠵᠠᠢ᠃ ᠥᠷᠥᠴᠡᠯᠡᠨ ᠨᠢᠲᠤᠯᠬᠤ ᠶᠢ ᠡᠷᠬᠢᠮᠯᠡᠳᠡᠭ ᠵᠠᠩᠰᠢᠯ ᠨᠢ ᠮᠠᠯ ᠤᠨ ᠰᠦᠨᠡᠰᠦ ᠶᠢ ᠨᠢ ︽ᠲᠡᠭᠷᠢ ᠳᠤ ᠬᠦᠷᠭᠡᠨ︾᠂ ᠮᠠᠯ ᠳᠤ ᠡᠷᠲᠡᠬᠡᠨ ︽ᠰᠠᠶᠢᠨ ᠲᠥᠷᠥᠯ︾ ᠣᠯᠭᠤᠵᠤ᠂ ᠥᠲᠡᠯᠵᠦ ᠡᠪᠡᠳᠴᠦ ᠰᠢᠨᠠᠯᠬᠤ ᠶᠢᠨ ᠵᠣᠪᠠᠯᠠᠩ ᠠᠴᠠ ᠬᠡᠯᠲᠦᠷᠢᠭᠦᠯᠵᠦ᠂ ᠮᠠᠯ ᠢᠶᠠᠨ ᠡᠩᠬᠦᠷᠡᠶᠢᠯᠡᠨ ᠬᠠᠶᠢᠷᠠᠯᠠᠵᠤ ᠪᠠᠶᠢᠭ᠎ᠠ ᠶᠢᠨ ᠢᠯᠡᠷᠡᠯ ᠮᠥᠨ᠃           ᠨᠢᠭᠡ   ᠥᠷᠥᠴᠡᠯᠡᠬᠦ ᠶᠠᠪᠤᠴᠠ ᠳᠠᠬᠢ ᠡᠷᠬᠢᠮᠰᠦᠭ ᠵᠠᠩ ᠦᠢᠯᠡ        ⒈ ᠡᠳᠦᠷ ᠰᠤᠳᠤᠷ ᠰᠣᠩᠭᠤᠵᠤ᠂ ᠵᠤᠯᠠ ᠡᠷᠭᠦᠵᠦ᠂ ᠰᠠᠩ ᠰᠠᠴᠤᠯᠢ ᠰᠡᠷᠵᠢᠮᠯᠡᠨ᠂ ᠬᠤᠲᠠ ᠬᠦᠷᠢᠶ᠎ᠡ ᠪᠠᠨ ᠠᠷᠢᠭᠤᠳᠬᠠᠳᠠᠭ᠃       ⒉ ᠨᠢᠲᠤᠯᠬᠤ ᠬᠤᠨᠢ ᠶᠢ ᠰᠦᠷᠦᠭ ᠠᠴᠠ ᠬᠥᠲᠥᠯᠵᠦ ᠭᠠᠷᠭᠠᠬᠤ ᠦᠶ᠎ᠡ ᠭᠤᠷᠪᠠ ᠠᠴᠠ ᠳᠡᠭᠡᠭᠰᠢ ᠤᠳᠠᠭ᠎ᠠ ᠰᠥᠬᠦᠷᠡᠨ ᠰᠥᠭᠦᠳᠪᠡᠯ᠂ ᠡᠵᠡᠨ ᠳᠡᠭᠡᠨ ᠮᠥᠷᠭᠦᠵᠦ ᠥᠷᠥᠰᠢᠶᠡᠯ ᠭᠤᠶᠤᠵᠤ ᠪᠠᠶᠢᠨ᠎ᠠ ᠭᠡᠳᠡᠭ᠃ ︽ᠬᠡᠰᠢᠭ ᠪᠤᠶᠠᠨ ᠳᠡᠯᠭᠡᠷᠡᠲᠦᠭᠡᠢ︾ ᠬᠡᠮᠡᠭᠡᠳ ᠲᠤᠰ ᠬᠤᠨᠢ ᠶᠢ ᠰᠥᠷᠦᠭ ᠲᠤ ᠨᠢ ᠪᠤᠴᠠᠭᠠᠵᠤ ᠲᠠᠬᠢᠵᠤ ᠥᠭᠡᠷ᠎ᠡ ᠬᠤᠨᠢ ᠰᠢᠯᠢᠨ ᠰᠣᠩᠭᠤᠳᠠᠭ᠃ ᠢᠩᠭᠢᠪᠡᠯ ᠮᠠᠯ ᠰᠥᠷᠦᠭ ᠥᠨᠢᠷ ᠥᠰᠦᠨ᠎ᠡ ᠭᠡᠳᠡᠭ᠃       ⒊ ᠨᠢᠲᠤᠯᠬᠤ ᠮᠠᠯ ᠢᠶᠠᠨ ᠡᠪᠡᠷᠳᠡᠵᠦ᠂ ᠰᠢᠭᠢᠷᠡᠳᠡᠵᠦ᠂ ᠵᠤᠮᠠᠭᠠᠬᠤ ᠶᠢ ᠴᠡᠭᠡᠷᠯᠡᠨ᠎ᠡ᠃ ᠵᠠᠪᠠᠯ ᠮᠠᠯ  ᠳᠠᠭᠠᠨ ᠡᠶᠡᠪᠡᠷᠭᠦᠦ ᠵᠥᠭᠡᠯᠡᠨ ᠢᠶᠠᠷ ᠬᠠᠨᠳᠤᠵᠤ ᠲᠡᠪᠡᠷᠢᠬᠦ ᠪᠤᠶᠤ ᠬᠥᠲᠥᠯᠬᠦ ᠬᠡᠷᠡᠭᠲᠡᠢ᠃       ⒋ ᠡᠷᠲᠡ ᠳᠡᠭᠡᠷ᠎ᠡ ᠦᠶ᠎ᠡ ᠠᠴᠠ ᠮᠣᠩᠭᠤᠯᠴᠤᠳ ᠶᠡᠷᠦ ᠨᠢ ᠮᠠᠯ ︽ᠠᠯᠠᠬᠤ︾ ᠭᠡᠬᠦ ᠦᠭᠡ ᠶᠢ ᠨᠢᠭᠦᠯ ᠰᠢᠩᠭᠡᠭᠰᠡᠨ ᠪᠡᠯᠭᠡ ᠮᠠᠭᠤ ᠰᠡᠳᠬᠢᠯᠭᠡᠨ ᠤ ᠥᠩᠭᠡ ᠲᠠᠢ ᠬᠡᠮᠡᠨ ᠰᠢᠭᠤᠳ ᠬᠡᠯᠡᠬᠦ ᠶᠢ ᠶᠡᠬᠡᠳᠡ ᠴᠡᠭᠡᠷᠯᠡᠳᠡᠭ᠃ ︽ᠱᠥᠯᠥ ᠤᠤᠭᠤᠬᠤ︾᠂ ︽ᠬᠤᠨᠢ ᠨᠢᠲᠤᠯᠬᠤ︾ ᠭᠡᠬᠦᠴᠢᠯᠡᠨ ᠶᠠᠷᠢᠳᠠᠭ ᠵᠠᠩᠰᠢᠯ ᠬᠠᠤᠯᠢ ᠲᠠᠢ᠃ ᠶᠡᠷᠦᠳᠡ ᠪᠠᠨ ᠮᠠᠯ ᠢ ︽ᠦᠬᠦᠯ᠎ᠡ︾ ᠭᠡᠵᠦ ᠬᠡᠯᠡᠬᠦ ᠶᠢ ᠴᠡᠭᠡᠷᠯᠡᠵᠦ᠂ ᠬᠠᠷᠢᠨ ᠡᠶᠡᠷᠡᠭᠦᠯᠦᠨ ᠵᠥᠭᠡᠯᠡᠷᠡᠭᠦᠯᠵᠦ ︽ᠮᠠᠯ ᠬᠤᠷᠣᠭᠳᠠᠯ᠎ᠠ︾ ᠭᠡᠵᠦ ᠶᠠᠷᠢᠳᠠᠭ ᠵᠠᠩᠰᠢᠯ ᠲᠠᠢ᠃       ⒌ ᠮᠠᠯ ᠭᠠᠷᠭᠠᠬᠤ ᠦᠶ᠎ᠡ ︽ᠬᠥᠭᠡᠷᠦᠬᠦᠢ ᠮᠠᠯ ᠪᠠᠶᠢᠨ᠋ ᠎ᠠ᠂ ᠬᠠᠶᠢᠷᠠᠨ ᠮᠠᠯ ᠪᠠᠶᠢᠨ᠋ ᠎ᠠ︾ ᠭᠡᠬᠦ ᠮᠡᠲᠦ ᠶᠢᠨ ᠦᠭᠡ ᠬᠡᠯᠡᠵᠦ ᠪᠣᠯᠬᠤ ᠦᠭᠡᠢ᠃ ᠲᠡᠭᠡᠪᠡᠯ ᠰᠦᠨᠡᠰᠦ ᠨᠢ ᠲᠡᠭᠷᠢ ᠳᠤ ᠭᠠᠷᠴᠤ ᠳᠡᠶᠢᠯᠬᠦ ᠦᠭᠡᠢ ᠮᠥᠷᠲᠡᠭᠡᠨ ᠳᠠᠬᠢᠨ ᠲᠥᠷᠥᠯ ᠣᠯᠵᠤ ᠴᠢᠳᠠᠬᠤ ᠦᠭᠡᠢ ᠪᠣᠯᠳᠠᠭ ᠭᠡᠨ᠎ᠡ᠃ ︽ᠢᠳᠡᠶ᠎ᠡ᠂ ᠤᠤᠭᠤᠶ᠎ᠠ︾ ᠭᠡᠵᠦ ᠬᠡᠯᠡᠬᠦ  ᠶᠢ ᠴᠦ ᠲᠠᠰᠤ ᠴᠡᠭᠡᠷᠯᠡᠨ᠎ᠡ᠃       ⒍ ᠶᠡᠷᠦ ᠳᠡᠭᠡᠨ ᠬᠡᠭᠡᠯ ᠲᠠᠢ ᠮᠠᠯ᠂ ᠨᠢᠯᠬ᠎ᠠ ᠲᠥᠯ ᠲᠠᠢ ᠡᠬᠡ ᠮᠠᠯ᠂ ᠣᠩᠭᠤᠯᠠᠵᠤ ᠰᠡᠲᠡᠷᠯᠡᠭᠰᠡᠨ ᠮᠠᠯ ᠢ ᠭᠠᠷᠭᠠᠬᠤ ᠶᠢ ᠴᠡᠭᠡᠷᠯᠡᠳᠡᠭ᠃ ᠦᠷᠡᠵᠢᠯ ᠰᠠᠶᠢᠲᠠᠢ ᠬᠥᠭᠰᠢᠨ ᠮᠠᠯ᠂ ᠰᠠᠬ᠎ᠠ ᠮᠠᠯ ᠢ ᠭᠠᠷᠭᠠᠳᠠᠭ ᠦᠭᠡᠢ᠂ ᠬᠠᠷᠢᠨ ᠵᠢᠰᠢᠭᠡᠳᠡᠭ ᠶᠣᠰᠣ ᠲᠠᠢ᠃       ⒎ ᠡᠷᠬᠡᠪᠰᠢ ᠢᠰᠡᠭᠡᠢ ᠳᠡᠭᠡᠷ᠎ᠡ ᠥᠷᠥᠴᠡ ᠶᠢ ᠨᠢ ᠳᠡᠭᠡᠭᠰᠢ ᠬᠠᠨᠳᠤᠭᠤᠯᠬᠤ ᠲᠣᠯᠣᠭᠠᠢ ᠶᠢ ᠨᠢ ᠬᠤᠶᠢᠲᠤ ᠵᠦᠭ ᠲᠤ ᠵᠦᠭᠯᠡᠭᠦᠯᠬᠦ ᠪᠥᠭᠡᠳ ᠮᠢᠯᠢᠶᠠᠬᠤ ᠪᠠ ᠰᠦᠨᠡᠰᠦ ᠶᠢ ᠨᠢ ᠳᠠᠯᠠᠯᠬᠤ ᠶᠣᠰᠣ ᠵᠢᠷᠤᠮ᠂ ᠥᠴᠢᠯ ᠥᠴᠢᠬᠦ ᠪᠠ ᠰᠢᠪᠰᠢᠯᠭᠡ ᠶᠢᠨ ᠳᠣᠮ ᠢ ᠵᠠᠪᠠᠯ ᠭᠦᠢᠴᠡᠳᠬᠡᠭᠰᠡᠨ ᠤ ᠳᠠᠷᠠᠭ᠎ᠠ ᠰᠠᠶ᠋ᠢ ᠥᠷᠥᠴᠡᠯᠡᠬᠦ ᠵᠠᠩᠰᠢᠯ ᠬᠠᠤᠯᠢ ᠶᠢ ᠪᠠᠷᠢᠮᠲᠠᠯᠠᠬᠤ ᠬᠡᠷᠡᠭᠲᠡᠢ᠃           ᠬᠤᠶᠠᠷ   ᠮᠠᠯ ᠥᠷᠥᠴᠡᠯᠡᠬᠦ ᠶᠣᠰᠣ ᠵᠢᠷᠤᠮ        ᠰᠠᠴᠤᠯᠢ ᠰᠠᠴᠤᠵᠤ ᠮᠢᠯᠢᠶᠠᠨ ᠢᠷᠦᠭᠡᠵᠦ ᠰᠦᠨᠡᠰᠦᠨ ᠳᠠᠯᠠᠯᠭ᠎ᠠ ᠥᠴᠢᠭᠯᠡᠭᠰᠡᠨ ᠬᠤᠶᠢᠨ᠎ᠠ ᠭᠡᠷ  ᠤᠨ ᠢᠶᠠᠨ ᠵᠡᠭᠦᠨ ᠲᠠᠯ᠎ᠠ ᠳᠤ ᠬᠤᠨᠢᠨ ᠤ ᠪᠠᠨ ᠪᠤᠷᠤᠭᠤ ᠲᠠᠯ᠎ᠠ ᠶᠢᠨ ᠬᠠ᠂ ᠭᠤᠶ᠎ᠠ ᠬᠤᠶᠠᠷ ᠠᠴᠠ ᠨᠢ ᠡᠷᠭᠦᠰᠬᠢᠨ ᠲᠡᠪᠡᠷᠢᠵᠦ ᠡᠪᠴᠢᠭᠦᠦ ᠴᠡᠭᠡᠵᠢ᠂ ᠳᠦᠷᠪᠡᠨ ᠮᠥᠴᠢ ᠶᠢ ᠨᠢ ᠳᠡᠭᠡᠭᠰᠢ ᠬᠠᠨᠳᠤᠭᠤᠯᠵᠤ᠂ ᠲᠡᠭᠷᠢ ᠬᠠᠷᠠᠭᠤᠯᠤᠨ ᠢᠰᠡᠭᠡᠢ ᠳᠡᠭᠡᠷ᠎ᠡ ᠲᠣᠯᠣᠭᠠᠢ ᠶᠢ ᠨᠢ ᠭᠡᠷ ᠤᠨ ᠡᠭᠦᠳᠡ ᠠᠰᠯᠠᠭᠤᠯᠬᠤ ᠦᠭᠡᠢ ᠪᠠᠷ ᠬᠤᠶᠢᠲᠤ ᠵᠦᠭ ᠢ ᠵᠦᠭᠯᠡᠭᠦᠯᠦᠨ ᠬᠥᠩᠭᠡᠬᠡᠨ ᠳᠠᠷᠤᠵᠤ ᠬᠡᠪᠲᠡᠭᠦᠯᠦᠨ᠎ᠡ᠃ ᠡᠨᠡ ᠦᠶ᠎ᠡ ᠪᠠᠰᠠ ᠬᠤᠨᠢᠨ ᠤ ᠪᠠᠨ ᠴᠢᠬᠢᠨ ᠳᠤ ᠨᠢ ︽ᠡᠵᠡᠨ ᠤ ᠵᠣᠷᠢᠭ ᠢᠶᠠᠷ ᠴᠢᠮᠠᠶᠢ ᠥᠲᠡᠯᠵᠦ ᠵᠣᠪᠠᠭ᠋ᠤ ᠶᠢᠨ ᠦᠢᠯᠡ ᠠᠴᠠ ᠬᠡᠯᠲᠦᠷᠢᠭᠦᠯᠵᠦ᠂ ᠡᠷᠲᠡ ᠨᠢᠭᠡᠨ ᠴᠠᠭ ᠡᠷᠭᠢᠵᠦ ᠲᠥᠷᠥᠯ ᠣᠯᠭᠤᠯᠬᠤ ᠪᠠᠷ ᠪᠠᠶᠢᠨ᠎ᠠ᠃ ᠡᠷᠳᠡᠨᠢ ᠶᠢᠨ ᠴᠠᠭᠠᠨ ᠬᠤᠨᠢ ᠮᠢᠨᠢ ᠡᠵᠡᠨ ᠤ ᠬᠡᠰᠢᠭ ᠲᠤ ᠲᠠᠯᠠᠷᠬᠠᠭᠠᠷᠠᠢ᠃ ᠡᠷᠭᠢᠬᠦ ᠲᠥᠷᠥᠯ ᠢᠵᠢᠯᠢ ᠰᠥᠷᠦᠭ ᠲᠡᠭᠡᠨ ᠡᠷᠭᠢᠵᠦ ᠢᠷᠡᠭᠡᠷᠡᠢ᠃ ᠪᠢ ᠴᠢᠮᠠᠶᠢ ᠶᠢ ᠬᠤᠷᠣᠭᠠᠵᠤ ᠪᠠᠶᠢᠬᠤ ᠪᠢᠰᠢ᠂ ᠡᠵᠡᠨ ᠤ ᠵᠠᠬᠢᠶ᠎ᠠ ᠶᠢ ᠭᠦᠢᠴᠡᠳᠬᠡᠵᠦ ᠪᠠᠶᠢᠨ᠎ᠠ︾ ᠭᠡᠵᠦ ᠰᠢᠪᠰᠢᠭᠡᠳ ᠴᠢᠬᠢᠨ ᠳᠤ ᠨᠢ ᠰᠢᠷᠣᠢ ᠪᠤᠶᠤ ᠬᠠᠷ᠎ᠠ ᠪᠤᠳᠠᠭ᠎ᠠ ᠬᠢᠵᠦ ᠳᠣᠮᠨᠣᠳᠠᠭ᠃ ᠭᠡᠷ ᠤᠨ ᠡᠵᠡᠭᠲᠡᠢ ︵ᠡᠮᠡᠭᠲᠡᠢ︶ ᠨᠢ ᠬᠤᠨᠢᠨ ᠤ ᠰᠡᠭᠦᠯ ᠲᠠᠯ᠎ᠠ ᠠᠴᠠ ᠨᠢ ᠴᠣᠮᠴᠣᠶᠢᠨ ᠢᠰᠬᠦᠯᠵᠦ᠂ ᠬᠤᠶᠢᠲᠤ ᠬᠤᠶᠠᠷ ᠬᠥᠯ ᠠᠴᠠ ᠨᠢ ᠬᠤᠶᠢᠰᠢ ᠪᠠᠨ ᠴᠢᠩᠭ᠎ᠠ ᠭᠡᠭᠴᠢ ᠴᠢᠳᠬᠤᠨ ᠴᠢᠩᠭᠠᠭᠠᠵᠤ ᠬᠠᠷ᠎ᠠ ᠬᠥᠮᠥᠨ ᠨᠢ ᠬᠤᠨᠢᠨ ᠤ ᠡᠮᠦᠨ᠎ᠡ ᠬᠤᠶᠠᠷ ᠬᠥᠯ ᠢ ᠲᠠᠬᠢᠮ ᠳᠠᠭᠠᠨ ᠬᠠᠪᠴᠢᠭᠠᠳ ᠡᠪᠦᠳᠦᠭ ᠢᠶᠠᠷ ᠢᠶᠠᠨ ᠬᠦᠵᠦᠭᠦᠨ ᠤ ᠬᠡᠰᠡᠭ ᠢ ᠨᠢ ᠳᠠᠷᠤᠵᠤ ᠵᠡᠭᠦᠨ ᠭᠠᠷ ᠢᠶᠠᠷ ᠢᠶᠠᠨ ᠬᠤᠨᠢᠨ ᠤ ᠪᠠᠨ ᠠᠮᠠ ᠶᠢ ᠴᠢᠩᠭ᠎ᠠ ᠠᠳᠬᠤᠵᠤ᠂ ᠪᠠᠷᠠᠭᠤᠨ ᠭᠠᠷ ᠢᠶᠠᠷ ᠢᠶᠠᠨ ᠬᠤᠨᠢᠨ ᠤ ᠬᠡᠮᠡᠷᠳᠡᠭ ᠤᠨ ᠨᠣᠣᠰᠣ ᠶᠢ ᠨᠢ ᠠᠶᠠᠷᠬᠠᠨ ᠵᠣᠯᠭᠠᠨ᠎ᠠ᠃ ᠲᠡᠭᠡᠭᠡᠳ ᠵᠤᠮᠠᠭᠠᠭᠰᠠᠨ ᠨᠣᠣᠰᠣ ᠶᠢ ᠪᠠᠷᠠᠭᠤᠨ ᠲᠠᠯ᠎ᠠ ᠶᠢᠨ ᠴᠠᠪᠢᠨ ᠳᠤ ᠨᠢ ᠬᠡᠰᠡᠭ ᠲᠠᠯᠪᠢᠭᠠᠳ᠂ ᠳᠠᠬᠢᠨ ᠬᠤᠨᠢᠨ ᠤ ᠠᠮᠠᠨ ᠳᠤ ᠨᠢ ᠬᠢᠵᠦ᠂ ᠰᠦᠨᠡᠰᠦ ᠮᠥᠷ ᠢ ᠨᠢ ᠵᠢᠭᠠᠵᠤ ᠪᠠᠶᠢᠨ᠎ᠠ ᠭᠡᠳᠡᠭ ᠴᠦ ᠪᠣᠢ᠃ ᠬᠡᠮᠡᠷᠳᠡᠭ ᠤᠨ ᠴᠠᠭᠠᠨ ᠵᠢᠷᠤᠭᠠᠰᠤ ᠳᠠᠭᠠᠭᠤᠯᠤᠨ ᠬᠢᠲᠤᠭ᠎ᠠ ᠶᠢᠨ ᠦᠵᠦᠭᠦᠷ ᠢᠶᠠᠷ ᠬᠤᠶᠠᠷ ᠢᠮᠠᠬᠤ ᠬᠢᠷᠢᠲᠡᠢ ᠡᠰᠬᠡᠬᠦ ᠳᠡᠭᠡᠨ ᠴᠠᠭᠠᠨ ᠡᠪᠡᠰᠦ ᠬᠥᠨᠳᠡᠯᠡᠨ ᠲᠠᠯᠪᠢᠵᠤ ︽ᠪᠢ ᠴᠢᠮᠠᠶᠢ ᠣᠭᠲᠣᠯᠵᠤ ᠪᠠᠶᠢᠬᠤ ᠪᠢᠰᠢ᠂ ᠴᠠᠭᠠᠨ ᠡᠪᠡᠰᠦ ᠶᠢ ᠣᠭᠲᠣᠯᠵᠤ ᠪᠠᠶᠢᠨ᠎ᠠ︾ ᠭᠡᠵᠦ ᠬᠡᠯᠡᠨ᠎ᠡ᠃ ᠲᠡᠭᠡᠭᠡᠳ ᠪᠠᠷᠠᠭᠤᠨ ᠭᠠᠷ ᠢᠶᠠᠨ ᠬᠡᠪᠡᠯᠢ ᠶᠢᠨ ᠬᠥᠨᠳᠡᠢ ᠪᠠᠷ ᠬᠥᠩᠭᠡᠬᠡᠨ ᠰᠢᠷᠭᠤᠭᠤᠯᠵᠤ᠂ ᠴᠣᠷᠣᠢ ᠶᠢᠨ ᠬᠤᠪᠢᠨᠠᠭᠤᠷ ᠢᠶᠠᠷ ᠨᠢ ᠬᠤᠷᠤᠭᠤ ᠪᠠᠨ ᠣᠷᠣᠭᠤᠯᠤᠨ᠎ᠠ᠃ ᠬᠤᠷᠤᠭᠤᠨ ᠬᠢᠮᠤᠰᠤ ᠪᠠᠷ ᠢᠶᠠᠨ ᠴᠣᠷᠣᠢ ᠶᠢ ᠨᠢ ᠴᠣᠭᠤᠯᠳᠠᠭ ᠨᠢ ᠴᠦ ᠪᠣᠢ᠃ ᠴᠡᠭᠡᠵᠢᠨ ᠬᠥᠨᠳᠡᠢ ᠶᠢᠨ ᠰᠡᠭᠡᠷ ᠨᠢᠷᠤᠭᠤ ᠪᠠᠷ ᠨᠢ ᠳᠠᠭᠠᠭᠤᠯᠤᠨ ᠵᠢᠷᠦᠬᠡᠨ ᠠᠴᠠ 5cm ᠬᠢᠷᠢ ᠵᠠᠶᠢᠲᠠᠢ ᠪᠠᠶᠢᠭ᠎ᠠ ᠰᠠᠪᠬᠠᠨ ᠴᠢᠨᠡᠭᠡᠨ ᠪᠦᠳᠦᠭᠦᠨ ᠭᠤᠣᠯ ︵ᠯᠦᠭ ᠯᠦᠭ ᠯᠤᠭᠰᠢᠵᠤ ᠪᠠᠶᠢᠬᠤ ᠪᠠᠷ ᠨᠢ ᠮᠠᠭᠠᠳᠯᠠᠨ᠎ᠠ︶ ᠢ ᠬᠤᠷᠤᠭᠤ ᠪᠠᠷ ᠢᠶᠠᠨ ᠡᠲᠡᠨ ᠲᠠᠰᠤᠯᠤᠨ᠎ᠠ᠃ ᠵᠠᠷᠢᠮ ᠭᠠᠵᠠᠷ ᠲᠤ ᠲᠥᠪᠥᠩᠬᠡᠢ ᠶᠢ ᠨᠢ ᠳᠠᠷᠤᠳᠠᠭ ᠴᠦ ᠪᠣᠢ᠃ ᠵᠢᠷᠦᠬᠡᠨ ᠴᠢᠰᠤ ᠨᠢ ᠬᠠᠰᠢᠯᠭ᠎ᠠ ᠪᠠᠨ ᠰᠡᠲᠡᠯᠦᠭᠰᠡᠨ ᠦᠶᠡᠷ ᠰᠢᠭ ᠴᠡᠭᠡᠵᠢᠨ ᠬᠥᠨᠳᠡᠢ ᠵᠦᠭ ᠤᠷᠤᠰᠤᠨ ᠣᠷᠣᠵᠤ ᠬᠤᠷᠣᠮᠬᠠᠨ ᠵᠠᠭᠤᠷ᠎ᠠ ᠪᠥᠬᠦ ᠪᠡᠶ᠎ᠡ ᠶᠢᠨ ᠡᠯ᠎ᠡ ᠡᠷᠬᠡᠲᠡᠨ ᠡᠰ ᠨᠢ ᠵᠡᠷᠭᠡ ᠪᠠᠷ ᠴᠢᠰᠤ ᠪᠠ ᠬᠦᠴᠢᠯᠲᠦ᠋ᠷᠥᠭᠴᠢ ᠬᠡᠢ ᠳᠤᠲᠠᠭᠳᠠᠨ ᠣᠷᠢᠯᠠᠵᠤ ᠴᠢᠷᠠᠯᠠᠬᠤ ᠶᠢᠨ ᠠᠮᠵᠢᠶ᠎ᠠ ᠴᠦ ᠦᠭᠡᠢ ᠪᠠᠷ ᠬᠡᠦᠬᠡᠨ ᠬᠠᠷᠠᠭ᠎ᠠ ᠨᠢ ᠬᠠᠷ᠎ᠠ ᠠᠴᠠ ᠪᠠᠨ ᠬᠥᠬᠡᠷᠡᠵᠦ᠂ ᠠᠭᠤᠰᠬᠢᠨ ᠳᠠᠬᠢ ᠬᠡᠢ ᠨᠢ ᠲᠦᠷᠢᠨ ᠭᠠᠷᠴᠤ᠂ ᠠᠮᠢᠰᠬᠤᠯ ᠨᠢ ᠵᠣᠭᠰᠣᠨ᠂ ᠲᠠᠷᠢᠬᠢ ᠵᠢᠷᠦᠬᠡ ᠨᠢ ᠵᠡᠷᠭᠡ ᠪᠠᠷ ᠦᠬᠦᠨ᠎ᠡ᠃ ᠳᠠᠷᠠᠭ᠎ᠠ ᠪᠠᠷ ᠪᠠᠷᠠᠭᠤᠨ ᠭᠠᠷ ᠢᠶᠠᠷ ᠬᠤᠨᠢᠨ ᠤ ᠴᠡᠭᠡᠵᠢᠨ ᠪᠡᠶ᠎ᠡ ᠶᠢ ᠬᠤᠶᠠᠷ ᠲᠠᠯ᠎ᠠ ᠠᠴᠠ ᠨᠢ ᠬᠥᠩᠭᠡᠬᠡᠨ ᠳᠡᠯᠡᠳᠴᠦ᠂ ᠬᠤᠶᠢᠲᠤ ᠬᠥᠯ ᠠᠴᠠ ᠨᠢ ᠳᠡᠭᠡᠭᠰᠢ ᠪᠠᠨ ᠬᠥᠩᠭᠡᠬᠡᠨ ᠰᠡᠭᠰᠦᠷᠦᠨ᠎ᠡ᠃ ᠬᠥᠯ ᠢᠶᠠᠷ ᠢᠶᠠᠨ ᠰᠡᠭᠦᠯ ᠤᠨ ᠦᠵᠦᠭᠦᠷ ᠢ ᠨᠢ ᠨᠢᠳᠬᠡᠷᠳᠡᠭ᠃       ᠮᠠᠯ ᠤᠨ ᠭᠤᠣᠯ ᠢ ᠲᠠᠰᠤᠯᠤᠮᠠᠭᠴᠠ ᠡᠪᠴᠢᠭᠦᠨ ᠤ ᠬᠤᠶᠠᠷ ᠬᠠᠪᠢᠷᠭ᠎ᠠ ᠶᠢ ᠬᠦᠴᠦᠲᠡᠢ ᠳᠡᠯᠡᠳᠳᠡᠭ᠃ ᠡᠰᠡ ᠲᠡᠭᠡᠪᠡᠯ ᠮᠠᠯ ᠵᠣᠪᠠᠭᠤᠷᠢᠰᠢᠵᠤ ᠠᠮᠢ ᠲᠠᠰᠤᠷᠠᠬᠤ ᠨᠢ ᠤᠳᠠᠭᠠᠨ ᠪᠣᠯᠳᠠᠭ ᠭᠡᠵᠦ ᠴᠡᠭᠡᠷᠯᠡᠳᠡᠭ᠃ ᠮᠠᠯ ᠤᠨ ᠠᠮᠢ ᠲᠠᠰᠤᠯᠬᠤ ᠲᠡᠷᠡ ᠮᠥᠴᠡ ᠳᠤ ᠬᠢᠲᠤᠭ᠎ᠠ ᠪᠠᠨ ᠵᠠᠪᠠᠯ ᠵᠠᠭᠤᠵᠤ ᠪᠠᠶᠢᠬᠤ ᠬᠡᠷᠡᠭᠲᠡᠢ᠃ ᠡᠰᠡ ᠲᠡᠭᠡᠪᠡᠯ ᠮᠠᠯ ᠤᠨ ᠰᠦᠨᠡᠰᠦ ᠲᠡᠭᠷᠢ ᠳᠤ ᠲᠦᠷᠭᠡᠨ ᠮᠣᠷᠳᠠᠬᠤ ᠦᠭᠡᠢ ᠭᠡᠵᠦ ᠴᠡᠭᠡᠷᠯᠡᠳᠡᠭ᠃ ᠨᠢᠲᠤᠯᠬᠤ ᠮᠠᠯ ᠤᠨ ᠠᠶᠤᠤᠯᠢᠬᠠᠢ  ᠠᠴᠠ ᠵᠤᠮᠠᠭᠠᠭᠰᠠᠨ ᠨᠣᠣᠰᠣ ᠶᠢ ᠥᠷᠥᠴᠡᠯᠡᠬᠦ ᠠᠴᠠ ᠡᠮᠦᠨ᠎ᠡ ᠪᠠᠷᠠᠭᠤᠨ ᠲᠠᠯ᠎ᠠ ᠶᠢᠨ ᠴᠠᠪᠢᠨ ᠳᠡᠭᠡᠷ᠎ᠡ ᠨᠢ ᠲᠠᠯᠪᠢᠬᠤ ᠦᠭᠡᠢ ᠶᠢ ᠴᠡᠭᠡᠷᠯᠡᠳᠡᠭ᠃ ᠡᠷᠬᠡᠪᠰᠢ ᠪᠠᠷᠠᠭᠤᠨ ᠲᠠᠯ᠎ᠠ ᠶᠢᠨ ᠴᠠᠪᠢᠨ ᠳᠡᠭᠡᠷ᠎ᠡ ᠨᠢ ᠲᠠᠯᠪᠢᠬᠤ ᠶᠣᠰᠣ ᠪᠠᠶᠢᠳᠠᠭ᠃ ᠢᠩᠭᠢᠪᠡᠯ ᠮᠠᠯ ᠤᠨ ᠪᠦᠬᠦ ᠡᠷᠬᠡᠲᠡᠨ ᠢ ᠪᠡᠶ᠎ᠡ ᠳᠤ ᠨᠢ ᠣᠷᠣᠰᠢᠭᠤᠯᠵᠤ ᠪᠠᠶᠢᠬᠤ ᠶᠤᠮ ᠭᠡᠨ᠎ᠡ᠃       ᠥᠷᠥᠴᠡᠯᠡᠬᠦ ᠶᠠᠪᠤᠴᠠ ᠳᠤ ᠭᠠᠵᠠᠷ ᠲᠤ ᠴᠢᠰᠤ ᠳᠤᠰᠤᠯᠭᠠᠬᠤ ᠦᠭᠡᠢ᠂ ᠠᠷᠠᠰᠤᠨ ᠳᠤᠨᠢ ᠮᠢᠬ᠎ᠠ ᠦᠯᠡᠳᠡᠭᠡᠯᠭᠡᠬᠦ ᠦᠭᠡᠢ᠂ ᠶᠠᠰᠤᠨ ᠳᠤᠨᠢ ᠬᠢᠲᠤᠭᠠᠨ ᠣᠷᠣᠮ ᠰᠠᠭᠤᠯᠭᠠᠬᠤ ᠦᠭᠡᠢ᠂ ᠮᠢᠬᠠᠨ ᠳᠤᠨᠢ ᠦᠰᠦ ᠨᠣᠣᠰᠣ ᠨᠠᠭᠠᠯᠳᠤᠭᠤᠯᠬᠤ ᠦᠭᠡᠢ᠂ ᠡᠪᠡᠳᠴᠦ ᠵᠣᠪᠠᠭ᠋ᠤ ᠶᠢ ᠰᠡᠷᠡᠯ ᠦᠭᠡᠢ᠂ ᠦᠵᠡᠵᠦ ᠬᠠᠷᠠᠬᠤ ᠶᠢᠨ ᠠᠮᠵᠢᠯ ᠦᠭᠡᠢ᠂ ᠬᠠᠮᠤᠭ ᠡᠷᠬᠡᠲᠡᠨ ᠡᠰ ᠤᠨ ᠴᠢᠰᠤ ᠬᠦᠴᠢᠯᠲᠦ᠋ᠷᠥᠭᠴᠢ ᠵᠡᠷᠭᠡ ᠪᠠᠷ ᠵᠣᠭᠰᠣᠵᠤ᠂ ᠵᠢᠷᠦᠬᠡ ᠲᠠᠷᠢᠬᠢ ᠵᠡᠷᠭᠡ ᠪᠠᠷ ᠦᠬᠦᠬᠦ ᠪᠣᠯᠬᠤᠷ ᠴᠡᠪᠡᠷ᠂ ᠳᠥᠭᠦᠮ᠂ ᠬᠤᠷᠳᠤᠨ᠂ ᠠᠮᠤᠭᠤᠯᠠᠩ ᠢᠶᠠᠷ ᠢᠶᠠᠨ ᠣᠨᠴᠠᠯᠠᠭᠳᠠᠨ᠎ᠠ᠃ ᠥᠷᠥᠴᠡᠯᠡᠪᠡᠯ ᠴᠢᠰᠤ ᠨᠢ ᠵᠣᠬᠢᠬᠤ ᠬᠡᠮᠵᠢᠶ᠎ᠡ ᠪᠠᠷ ᠮᠢᠬᠠᠨ ᠳᠤ ᠨᠢ ᠰᠢᠩᠭᠡᠬᠦ ᠪᠣᠯᠬᠤᠷ ᠦᠵᠡᠬᠦ ᠳᠤ ᠰᠢᠨᠡᠬᠡᠨ᠂ ᠦᠨᠦᠷ ᠨᠢ ᠰᠣᠷᠭᠤᠭ ᠂ ᠵᠠᠵᠢᠯᠬᠤ ᠳᠤ ᠵᠥᠭᠡᠯᠡᠨ᠂ ᠢᠳᠡᠬᠦ ᠳᠤ ᠠᠮᠲᠠᠲᠠᠢ᠂ ᠰᠢᠩᠭᠡᠭᠡᠬᠦ ᠳᠤ ᠬᠢᠯᠪᠠᠷ ᠪᠠᠶᠢᠳᠠᠭ᠃       ᠥᠷᠥᠴᠡᠯᠡᠬᠦ ᠶᠣᠰᠣ ᠪᠣᠯ ᠮᠣᠩᠭᠤᠯᠴᠤᠳ ᠤᠯᠠᠮᠵᠢᠯᠠᠯᠲᠤ ᠢᠳᠡᠭᠡᠨ ᠤ ᠰᠣᠶᠣᠯ ᠤᠨ ᠴᠢᠬᠤᠯᠠ ᠪᠦᠷᠢᠯᠳᠦᠬᠦᠨ ᠤ ᠬᠤᠪᠢ ᠪᠠᠷ ᠳᠡᠯᠡᠬᠡᠢ ᠶᠢᠨ ᠰᠣᠶᠣᠯ ᠤᠨ ᠶᠡᠭᠡ ᠬᠥᠯᠭᠡᠨ ᠰᠤᠳᠤᠷ ᠲᠤ ᠬᠠᠨᠳᠢᠪᠯᠡᠭ᠌ᠰᠠᠨ ᠠᠯᠲᠠᠨ ᠬᠠᠭᠤᠳᠠᠰᠤ ᠪᠣᠯᠣᠨ᠎ᠠ᠃ ᠬᠤᠨᠢ ᠶᠢ ᠬᠤᠭᠤᠯᠠᠶᠢᠯᠠᠨ ᠬᠤᠷᠤᠭᠠᠪᠠᠯ ᠬᠤᠨᠢ ᠨᠢ ᠶᠡᠭᠡ ᠪᠠᠷ ᠡᠪᠡᠳᠴᠦ ᠰᠢᠨᠠᠯᠤᠨ ᠵᠣᠪᠠᠨᠢᠬᠤ ᠶᠢᠨ ᠳᠠᠭᠠᠤ ᠬᠥᠮᠥᠨ ᠤ ᠪᠡᠶ᠎ᠡ ᠮᠠᠬᠠᠪᠤᠳ ᠲᠤ ᠬᠤᠣᠷ ᠲᠠᠢ ᠪᠤᠯᠴᠢᠷᠬᠠᠢ ᠶᠢᠨ ᠰᠢᠩᠭᠡᠨ ᠱᠦᠭᠦᠷᠡᠭᠦᠯᠳᠡᠭ ᠪᠣᠯᠬᠤᠷ ᠮᠣᠩᠭᠤᠯᠴᠤᠳ ᠬᠤᠨᠢ ᠶᠢ ᠬᠤᠭᠤᠯᠠᠶᠢᠯᠠᠬᠤ ᠶᠢ ᠴᠡᠭᠡᠷᠯᠡᠳᠡᠭ᠃ ᠲᠡᠷᠡ ᠮᠥᠷᠲᠡᠭᠡᠨ ᠴᠢᠨ᠋ᠸ᠎ᠠ ᠨᠣᠬᠠᠢ ᠪᠣᠯ ᠬᠤᠨᠢ ᠮᠠᠯ ᠢ ᠬᠤᠭᠤᠯᠠᠶᠢᠯᠠᠨ ᠬᠤᠷᠣᠭᠠᠳᠠᠭ ᠲᠤᠯᠠ ᠡᠷᠬᠢᠮᠰᠦᠭ ᠪᠤᠰᠤ ᠬᠡᠮᠡᠨ ᠡᠷᠡᠰ ᠴᠡᠭᠡᠷᠯᠡᠳᠡᠭ ᠶᠤᠮ᠃ ᠲᠡᠶᠢᠨ ᠬᠦ ᠬᠤᠭᠤᠯᠠᠶᠢᠯᠠᠭᠰᠠᠨ ᠮᠠᠯ ᠢ ᠣᠪᠣᠭ᠎ᠠ ᠣᠩᠭᠤᠨ ᠤ ᠳᠠᠬᠢᠯᠭ᠎ᠠ᠂ ᠬᠤᠷᠢᠮ ᠨᠠᠶᠢᠷ ᠤᠨ ᠳᠠᠶᠢᠯᠠᠯᠭ᠎ᠠ ᠳᠡᠭᠡᠷ᠎ᠡ ᠵᠠᠷᠤᠬᠤ ᠶᠢ ᠡᠷᠡᠰ ᠴᠡᠭᠡᠷᠯᠡᠳᠡᠭ᠃ ᠡᠶᠢᠮᠦ ᠠᠴᠠ ᠡᠨᠡ ᠬᠦ ᠤᠯᠠᠮᠵᠢᠯᠠᠯ ᠢᠶᠠᠨ ᠰᠠᠶᠢᠲᠤᠷ ᠵᠠᠯᠭᠠᠮᠵᠢᠯᠠᠬᠤ ᠦᠭᠡᠢ ᠪᠣᠯ ᠣᠷᠳᠣᠰ ᠬᠤᠷᠢᠮ᠂ ᠣᠷᠳᠣᠰ ᠳᠠᠬᠢᠯᠭ᠎ᠠ ᠶᠢᠨ ᠰᠣᠶᠣᠯ᠂ ᠭᠦᠷᠦ ᠳᠠᠭᠤᠤ ᠮᠡᠲᠦ ᠶᠢᠨ ᠪᠣᠳᠠᠰ ᠤᠨ ᠪᠤᠰᠤ ᠰᠣᠶᠣᠯ ᠤᠨ ᠥᠪ  ᠨᠢ ︽ᠰᠣᠶᠣᠯ ᠤᠨ ᠣᠨᠳᠣᠣᠰᠢᠯ︾ ᠳᠤ ᠲᠤᠯᠭᠠᠷᠠᠬᠤ ᠶᠤᠮ᠃       ᠨᠡᠭᠦᠳᠡᠯ ᠡᠷᠡᠨ ᠳᠠᠬᠢ ᠮᠠᠯᠴᠢᠨ ᠨᠢᠭᠡᠪᠦᠷᠢ ᠶᠢᠨ ᠴᠢᠳᠠᠮᠠᠭᠠᠢ ᠡᠵᠡᠮᠰᠢᠵᠦ ᠪᠠᠶᠢᠭᠰᠠᠨ ᠡᠨᠡ ᠬᠦ ᠦᠨᠳᠦᠰᠦᠨ ᠤᠷ᠎ᠠ ᠮᠡᠷᠭᠡᠰᠢᠯ ᠨᠢ ᠮᠣᠩᠭᠤᠯᠴᠤᠳ ᠤᠨ ᠰᠠᠭᠤᠷᠢᠰᠢᠨ ᠮᠠᠯᠵᠢᠬᠤ᠂ ᠬᠠᠰᠢᠶᠠᠯᠠᠨ ᠮᠠᠯᠵᠢᠬᠤ ᠪᠠ ᠬᠤᠲᠠᠴᠢᠯᠠᠬᠤ ᠵᠡᠷᠭᠡ ᠦᠢᠯᠡᠳᠪᠦᠷᠢᠯᠡᠯ ᠠᠮᠢᠳᠤᠷᠠᠯ ᠤᠨ ᠠᠷᠭ᠎ᠠ ᠮᠠᠶ᠋ᠢᠭ ᠤᠨ ᠤᠯᠠᠷᠢᠯ ᠬᠤᠪᠢᠰᠤᠯ ᠢ ᠳᠠᠭᠠᠯᠳᠤᠨ ᠡᠳᠦᠭᠡ ᠬᠠᠶᠠᠭᠳᠠᠬᠤ ᠬᠡᠮᠵᠢᠶᠡᠨ ᠳᠤ ᠬᠦᠷᠴᠦ ᠳᠠᠷᠤᠢ ᠲᠦᠷᠭᠡᠨ ᠠᠪᠤᠷᠠᠯᠲᠠ ᠬᠢᠬᠦ ᠴᠢᠬᠤᠯᠠ ᠲᠠᠢ ᠪᠣᠯᠵᠠᠢ᠃ ︵ᠬᠤᠯᠪᠤᠭ᠎ᠠ ᠰᠦᠯᠵᠢᠶ᠎ᠡ︶   
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号