ᠴᠡᠭᠡᠵᠢᠨ ᠤ ᠪᠡᠯᠳᠡᠷᠭᠡ
ᠨᠡᠶᠢᠲᠡᠯᠡᠭᠰᠡᠨ ᠴᠠᠭ᠄
2014/12/18
       ᠬᠤᠶᠠᠷ ᠮᠤᠷᠢ ᠬᠦᠳᠦᠯᠦᠭᠰᠡᠨ ᠬᠦᠮᠦᠨ ᠱᠠᠩᠳᠠ ᠶᠢᠨ ᠭᠤᠪᠢ ᠶᠢᠨ ᠵᠠᠭ ᠤᠨ ᠰᠢᠭᠤᠢ ᠲᠤᠮᠳᠠᠭᠤᠷ ᠨᠢᠰᠬᠦ ᠮᠡᠳᠤ ᠬᠤᠷᠳᠤᠯᠠᠭᠰᠠᠭᠠᠷ ᠲᠠᠯᠳᠠ ᠤᠷᠤᠪᠠ᠃ ᠬᠤᠶᠢᠨ᠎ᠠ ᠠᠴᠠ ᠨᠢ ᠬᠠᠷᠠᠭ᠎ᠠ ᠪᠠᠷ᠎ᠠ ᠶᠢᠨ ᠭᠠᠵᠠᠷ ᠭᠤᠷᠪᠠᠨ ᠮᠤᠷᠢᠳᠠᠢ ᠵᠠᠯᠠᠭᠤ ᠡᠴᠡᠵᠤ ᠵᠤᠭᠰᠤᠬᠤ ᠰᠢᠬᠠᠭᠰᠠᠨ ᠮᠤᠷᠢᠳ ᠢᠶᠠᠨ ᠲᠠᠰᠢᠭᠤᠷᠳᠠᠨ ᠬᠦᠭᠡᠭᠡᠵᠤ ᠶᠠᠪᠤᠯ᠎ᠠ᠃ ᠡᠷ᠎ᠠ ᠬᠦᠮᠦᠨ ᠰᠢᠭ ᠤᠯᠠᠭ᠎ᠠ ᠪᠤᠳᠠᠷᠠᠭᠰᠠᠨ ᠴᠢᠷᠠᠢ ᠲᠠᠢ᠂ ᠪᠡᠶᠡᠷᠬᠡᠦ ᠲᠤᠮᠤ ᠭᠤᠪᠢ ᠶᠢᠨ ᠪᠤᠷᠤ ᠬᠡᠦᠭᠡᠨ ᠲᠦᠴᠢᠭᠡᠳ ᠨᠠᠰᠤᠨ ᠤ ᠪᠠᠨ ᠠᠭᠠᠭ ᠢ ᠭᠠᠷᠭᠠᠬᠤ ᠮᠡᠳᠤ᠂ ᠡᠮᠡᠭᠡᠯ ᠲᠡᠭᠡᠷ᠎ᠠ ᠲᠠᠷᠴᠤᠭᠯᠠᠨ ᠲᠠᠪᠬᠢᠭᠰᠠᠭᠠᠷ ᠪᠠᠶᠢᠪᠠ᠃ ᠬᠡᠷ ᠠᠴᠠ ᠎ ᠪᠠᠨ ᠤᠯᠠᠨ ᠰᠠᠭᠠᠬᠠᠯᠳᠠ ᠬᠤᠯᠠᠳᠠᠵᠠᠢ᠃ ᠳ᠋ᠤᠭᠤ ᠮᠤᠷᠢᠨ ᠤ ᠪᠠᠨ ᠠᠮᠠ ᠶᠢ ᠲᠠᠳᠠᠰᠬᠢᠨ᠂ ᠰᠠᠶ᠋ᠢ ᠰᠠᠨᠠᠭ᠎ᠠ ᠠᠮᠠᠷᠠᠭᠰᠠᠨ ᠮᠡᠳᠤ ᠬᠠᠩᠬᠢᠨᠠᠳᠠᠯ᠎ᠠ ᠢᠰᠭᠡᠷᠪᠡ᠃      ᠱᠠᠩᠳᠠ ᠶᠢᠨ ᠭᠤᠪᠢ ᠶᠢᠨ ᠦᠯᠦᠭᠴᠢᠨ ᠴᠢᠨ᠋ᠸ᠎ᠠ ᠡᠬᠦᠷ ᠠᠴᠠ ᠪᠠᠨ ᠠᠩᠴᠢᠨ ᠢ ᠬᠤᠯᠠᠳᠠᠭᠤᠯᠤᠨ ᠲᠦᠭᠡᠷᠢᠬᠦᠯᠬᠦ ᠬᠡᠵᠤ ᠬᠦᠵᠡᠭᠡ ᠵᠠᠭᠤᠨ ᠬᠦᠪᠡᠭᠡ ᠲᠠᠪᠠᠵᠤ ᠵᠢᠭᠤᠳᠠᠳᠠᠭ ᠶᠤᠮ ᠬᠡᠨ᠎ᠠ ᠪᠢᠯᠨ᠃ ᠴᠢᠩᠬᠢᠭᠰᠡᠨ ᠢᠶᠠᠷ ᠪᠡᠯᠳᠡᠷᠭᠡ ᠨᠢ ᠠᠮᠢᠳᠤ ᠦᠯᠡᠳᠡᠵᠤ᠂ ᠬᠠᠷᠢᠨ ᠦᠪᠡᠷ ᠢᠶᠠᠨ ᠠᠩᠴᠢᠨ ᠤ ᠰᠤᠮᠤᠨ ᠳᠤ ᠤᠨᠤᠭᠳᠠᠨ ᠠᠷᠠᠰᠤ ᠪᠠᠨ ᠬᠠᠭᠤᠯᠤᠭᠤᠯᠬᠤ ᠨᠢ ᠴᠤ ᠪᠤᠢ᠃ ᠪᠢ ᠲᠡᠷᠨ ᠦᠯᠦᠭᠴᠢᠨ ᠴᠢᠨ᠋ᠸ᠎ᠠ ᠯᠤᠭ᠎ᠠ ᠠᠳᠠᠯᠢ ᠡᠳᠡᠨ ᠢ ᠡᠬᠦᠷ ᠠᠴᠠ ᠪᠠᠨ ᠲᠦᠭᠡᠷᠢᠬᠦᠯᠪᠡ᠃ ᠠᠯᠠᠭ ᠦᠷ᠎ᠠ ᠮᠢᠨᠢ ᠵᠦᠭᠡᠷ ᠦᠩᠭᠡᠷᠡᠪᠡᠯ᠂ ᠨᠠᠮᠠᠢᠢ ᠶᠠᠭᠠᠬᠢᠭᠰᠠᠨ ᠴᠤ ᠶᠠᠭᠠᠬᠢᠬᠤ ᠪᠤᠢ ᠬᠡᠮᠡᠨ ᠳ᠋ᠤᠭᠤ ᠪᠤᠳᠤᠯ᠎ᠠ᠃      ᠴᠠᠭᠠᠳᠤ ᠰᠦᠨᠢ ᠨᠤᠳᠤᠭ ᠤᠨ ᠬᠡᠳᠦᠨ ᠰᠠᠭᠰᠠᠭᠤ ᠵᠠᠯᠠᠭᠤ ᠲᠡᠳᠡᠨ ᠤ ᠳᠤ ᠬᠤᠨᠤᠭ ᠲᠠᠭᠠᠷᠠᠭᠤᠯᠤᠨ ᠪᠠᠭᠤᠵᠠᠢ᠃      ᠫᠤᠤ ᠰᠢᠳᠡᠮ ᠢᠶᠠᠨ ᠭᠡᠷ ᠲᠡᠭᠡᠷ᠎ᠠ ᠲᠠᠯᠪᠢᠵᠤ᠂ ᠴᠢᠮᠠᠬᠦᠢ ᠪᠠᠯᠭᠤᠵᠤ ᠲᠠᠭᠤ ᠱᠤᠤ ᠤᠷᠤᠭᠰᠠᠨ ᠲᠡᠳᠠ ᠰᠢᠭᠤᠳᠠᠢ ᠲᠠᠢ ᠶᠠᠭᠤᠮ᠎ᠠ ᠪᠠᠷᠢᠨ ᠤᠷᠤᠵᠤ ᠢᠷᠡᠬᠦ ᠳᠡᠭᠡᠨ᠄ ︽  ᠬᠠᠶᠢᠷᠬᠠᠨ ᠤ ᠡᠪᠤᠷ ᠨᠡᠩᠵᠢᠵᠤ᠂ ᠬᠡᠳᠦᠨ ᠪᠡᠯᠳᠡᠷᠭᠡ ᠰᠤᠶᠢᠯᠠᠭᠠᠳ ᠤᠯᠵᠠ ᠲᠠᠢ ᠤᠮᠤᠭ ᠲᠠᠢ ᠶᠠᠪᠤᠨ᠎ᠠ᠂ ᠪᠤᠷᠴᠨ ᠨᠦᠳᠦᠵᠤ ᠬᠤᠭᠤᠯᠨ ᠬᠢᠵᠤ ᠦᠭ︕ ᠦᠯᠦᠰᠴᠤ ᠦᠬᠦᠯ᠎ᠠ︕︾ ᠬᠡᠮᠡᠨ ᠠᠬᠠᠮᠠᠳ ᠨᠢᠭᠡ ᠨᠢ ᠬᠡᠯᠡᠵᠠᠢ᠃ ᠰᠢᠭᠤᠳᠠᠢ ᠠᠴᠠ ᠨᠢᠯᠬ᠎ᠠ ᠪᠡᠯᠳᠡᠷᠭᠡ ᠶᠢᠨ ᠬᠡᠶᠢᠨᠡᠬᠦ ᠲᠠᠭᠤᠨ ᠵᠢᠷᠦᠭᠡ ᠵᠦᠰᠦᠨ ᠰᠤᠨᠤᠰᠤᠭᠳᠠᠯ᠎ᠠ᠃ ᠳ᠋ᠤᠭᠤ ᠨᠤᠳᠤᠭ ᠤᠨ ᠵᠠᠯᠠᠭᠤᠰ ᠲᠤ ᠶᠠᠭᠤᠮ᠎ᠠ ᠬᠡᠯᠡᠭᠰᠡᠨ ᠦᠭᠡᠢ᠂ ᠭᠤᠯᠢᠷ ᠡᠯᠳᠡᠵᠤ ᠪᠤᠷᠴᠠᠳᠠᠢ ᠬᠤᠭᠤᠯᠨ ᠭᠤᠭᠤᠳ ᠦᠨᠦᠷᠳᠡᠬᠦᠯᠦᠨ ᠬᠢᠪᠡ᠃      ︽ᠠᠪᠳᠠᠷ᠎ᠠ ᠪᠠᠨ ᠠᠭᠤᠳᠠᠯᠠᠭᠠᠴᠢ︕ ᠴᠠᠭᠠᠨ ᠰᠠᠷ᠎ᠠ ᠶᠢᠨ ᠰᠢᠪᠬᠠᠷᠤᠤ ᠪᠠᠶᠢᠵᠤ ᠶᠠᠭᠤᠨ ᠮᠠᠭᠠᠳ ︕︾ ᠬᠡᠮᠡᠨ ᠨᠠᠯᠵᠢᠷ ᠬᠡᠮᠡᠬᠦ ᠭᠤᠴᠢᠭᠠᠳ ᠨᠠᠰᠤᠨ ᠤ ᠬᠦᠯᠴᠦᠬᠦᠤ ᠡᠷ᠎ᠠ ᠵᠠᠬᠢᠷᠤᠯ᠎ᠠ᠃ ᠤᠤᠭᠤᠵᠤ ᠰᠤᠭᠳᠤᠬᠤ ᠪᠠᠷ ᠎ ᠢᠶᠠᠨ ᠶᠠᠭᠠᠬᠢᠬᠤ ᠠᠴᠠ ᠴᠤ ᠪᠤᠴᠠᠳᠠᠭ ᠦᠭᠡᠢ ᠶᠢ ᠨᠢ ᠳ᠋ᠤᠭᠤ ᠮᠡᠳᠡᠬᠦ ᠲᠤᠯᠨ ᠤᠷᠤᠨ ᠤ ᠰᠢᠷᠭᠤᠤᠯ ᠠᠴᠠ ᠬᠤᠶᠠᠷ ᠎ ᠤᠨ ᠪᠢᠳᠤᠨ ① ᠰᠠᠪᠠ ᠲᠠᠢ ᠢᠩᠭᠡᠨ ᠤ ᠨᠡᠷᠡᠮᠡᠯ ᠭᠠᠷᠭᠠᠵᠤ ᠢᠷᠡᠪᠡ᠃      ︽ᠪᠤᠯᠵᠤ ᠪᠠᠶᠢᠨ᠎ᠠ᠂ ᠵᠦᠢᠳᠠᠢ ᠰᠢᠤ︕︾      ᠨᠠᠯᠵᠢᠷ ᠠᠶᠠᠭ᠎ᠠ ᠪᠠᠨ ᠪᠠᠷᠢᠨ ᠤᠬᠤᠰᠬᠢᠪᠠ᠃ ᠬᠤᠭᠤᠯᠨ ᠢᠳᠡᠨ ᠬᠡᠳᠡᠰᠤ ᠭᠠᠷᠴᠤ᠂ ᠢᠩᠭᠡᠨ ᠤ ᠬᠠᠳᠠᠭᠤ ᠨᠡᠷᠡᠮᠡᠯ ᠠᠶᠠᠭ᠎ᠠ ᠪᠠᠷ ᠤᠤᠭᠤᠵᠤ ᠲᠤᠤᠷᠬᠠᠨ ᠢᠶᠠᠨ ᠰᠤᠭᠳᠤᠭᠠᠳ ᠴᠠᠭᠠᠳᠤ ᠬᠤᠶᠠᠷ ᠨᠢ ᠤᠨᠳᠤᠢ ᠰᠤᠨᠳᠤᠢ ᠤᠨᠠᠵᠠᠭᠠᠪᠠ᠃ ᠳ᠋ᠤᠭᠤ ᠬᠡᠶᠢᠨᠡᠨ ᠪᠤᠢ ᠰᠢᠭᠤᠳᠠᠢ ᠲᠠᠢ ᠪᠡᠯᠳᠡᠷᠭᠡ ᠨᠦᠭᠦᠳ ᠢ ᠦᠷᠦᠪᠳᠦᠨ ᠪᠠᠶᠢᠵᠤ᠂ ᠤᠷᠤ ᠵᠠᠰᠠᠪᠠ᠃      ︽ᠤᠨᠳᠠᠵᠤ ᠠᠮᠠᠷᠠ ᠳ᠋ᠠ ᠨᠠᠯᠵᠢᠷ ᠡ︕︾      ᠨᠠᠯᠵᠢᠷ ᠰᠤᠭᠤᠨ ᠤ ᠪᠠᠨ ᠲᠤᠪᠴᠢ ᠶᠢ ᠤᠯᠬᠤ ᠦᠭᠡᠢ ᠭᠠᠷ ᠨᠢ ᠰᠠᠯᠭᠠᠯᠠᠨ ᠲᠡᠮᠳᠡᠷᠢᠵᠤ ᠪᠠᠶᠢᠬᠤ ᠬᠢᠷᠢ ᠨᠢ᠂ ᠪᠠᠰᠠ ᠬᠡᠦᠭᠡᠮᠰᠡᠵᠤ᠂ ᠳ᠋ᠤᠭᠤ ᠶᠢ ᠯᠠ ᠶᠢᠨ ᠪᠦᠳᠡᠭᠢ ᠬᠡᠷᠡᠯ ᠳᠤ ᠦᠯᠦᠨ ᠨᠢᠳᠤ ᠪᠠᠷ ᠢᠷᠮᠡᠵᠤ  ᠠᠭᠠᠯᠢᠬᠦᠶᠢᠳᠡᠪᠡ᠃ ᠡᠨᠡ ᠰᠤᠭᠳᠤᠭᠤ ᠤᠨᠳᠠᠭᠠᠳ ᠤᠷᠬᠢᠪᠠᠯ ᠬᠡᠳᠦᠨ ᠪᠡᠯᠳᠡᠷᠭᠡ ᠶᠢ ᠭᠠᠳᠠᠭ᠎ᠠ ᠭᠠᠷᠭᠠᠮᠠᠷ ᠪᠠᠶᠢᠪᠠ᠃ ᠡᠬᠡ ᠨᠢ ᠰᠦᠢᠳ ᠪᠤᠯᠵᠤ ᠪᠠᠶᠢᠭ᠎ᠠ ᠳ᠋ᠠ᠃ ᠨᠠᠯᠵᠢᠷ ᠬᠡᠨᠡᠳᠳᠠ ᠯᠠ ᠶᠢ ᠦᠯᠢᠶᠡᠨ ᠤᠨᠳᠠᠷᠠᠭᠠᠵᠤ᠂ ᠳ᠋ᠤᠭᠤ ᠶᠢ ᠪᠠᠷᠢᠭᠠᠳ ᠠᠪᠤᠯ᠎ᠠ᠃ ᠳ᠋ᠤᠭᠤ ᠡᠰᠡᠷᠬᠦᠴᠡᠨ ᠲᠡᠶᠢᠴᠢᠯᠡᠵᠠᠢ᠃      ᠴᠢᠳᠠᠯ ᠢᠳᠠ ᠠᠬᠠᠳᠠᠭᠰᠠᠨ  ᠡᠷ᠎ᠠ ᠬᠦᠮᠦᠨ ᠤ ᠪᠠᠬᠢ ② ᠰᠢᠭ᠋ ᠭᠠᠷ ᠠᠴᠠ ᠮᠤᠯᠳᠤᠷᠠᠵᠤ ᠴᠢᠳᠠᠮᠠᠷ ᠪᠠᠶᠢᠭᠰᠠᠨ ᠴᠤ᠂ ᠳ᠋ᠤᠭᠤ ᠪᠢᠷ᠎ᠠ ᠵᠢᠭᠠᠨ ᠰᠤᠭᠳᠤᠭᠤ ᠡᠷ᠎ᠠ ᠶᠢ ᠡᠷᠬᠦᠪᠡ᠃      ︽ᠵᠠ᠂ ᠪᠢᠳᠡᠭᠡᠢ ᠮᠠᠶ᠋ᠢᠭᠯᠨ︕ ᠡᠵᠡᠨ ᠦᠭᠡᠢ ᠬᠤᠯᠨ ᠶᠢᠨ ᠭᠤᠪᠢ ᠳᠤ ᠡᠷ᠎ᠠ ᠬᠦᠮᠦᠨ ᠤ ᠪᠠᠷ᠎ᠠ ᠬᠠᠷᠠᠯ ᠦᠭᠡᠢ ᠬᠠᠭᠰᠠᠭᠰᠠᠨ ᠬᠤᠪᠢᠩ ᠰᠢᠭ᠋ ᠪᠤᠯᠤᠭᠰᠠᠨ ᠪᠠᠶᠢᠵᠤ ᠁︾ ᠬᠡᠮᠡᠨ ᠨᠠᠯᠵᠢᠷ ᠮᠤᠭᠠᠢ ᠶᠢᠨ ᠲᠤᠯᠤᠭᠠᠢ ᠰᠢᠭ᠋ ᠬᠦᠢᠳᠡᠨ ᠬᠤᠷᠤᠭᠤ ᠪᠠᠷ ᠢᠶᠠᠨ ᠡᠮᠵᠡᠭ ᠪᠦᠬᠦᠨ ᠢ ᠨᠢ ᠲᠡᠮᠳᠡᠷᠢᠨ ᠠᠷᠢᠬᠢ ᠬᠠᠩᠬᠤᠯᠤᠭᠤᠯᠤᠨ ᠰᠢᠪᠡᠨᠡᠪᠡ᠃      ᠭᠡᠪᠡᠴᠤ ᠲᠡᠷᠨ ᠰᠠᠨᠠᠭᠰᠠᠨ ᠳᠠᠭᠠᠨ ᠬᠦᠷᠴᠤ ᠴᠢᠳᠠᠭᠰᠠᠨ ᠦᠭᠡᠢ ᠳ᠋ᠤᠭᠤ ᠳᠤ ᠡᠷᠬᠦᠬᠦᠯᠦᠨ ᠵᠡᠬᠦᠨ ᠤᠷᠤ᠂ ᠠᠪᠳᠠᠷ᠎ᠠ ᠶᠢᠨ ᠲᠤᠮᠳᠠᠬᠢ ᠬᠦᠨᠳᠡᠢ ᠳᠤ ᠲᠤᠯᠤᠭᠠᠢ ᠪᠠᠷ ᠢᠶᠠᠨ ᠴᠢᠬᠢᠬᠦᠯᠪᠡ᠃ ᠳ᠋ᠤᠭᠤ ᠵᠢᠭᠤᠳᠠᠨ ᠭᠠᠷᠴᠤ᠂ ᠠᠮᠢᠰᠬᠤᠭ᠎ᠠ ᠲᠠᠪᠴᠢᠳᠠᠭᠰᠠᠨ ᠨᠠᠯᠵᠢᠷ ᠶᠤᠤᠯᠠᠨ ᠲᠠᠭᠤ ᠠᠯᠳᠠᠬᠤ ᠦᠶ᠎ᠠ ᠳᠤ ᠬᠡᠨᠡᠳᠳᠠ ᠭᠠᠳᠠᠭ᠎ᠠ ᠨᠢ ᠴᠢᠨ᠋ᠸ᠎ᠠ ᠤᠯᠢᠪᠠ᠃ ᠦᠷ᠎ᠠ ᠪᠠᠨ ᠠᠯᠳᠠᠭᠰᠠᠨ ᠦᠯᠦᠭᠴᠢᠨ ᠤ ᠬᠦᠮᠦᠨ ᠰᠢᠭ ᠤᠬᠢᠯᠠᠨ ᠬᠢᠩᠰᠢᠬᠦ ᠤᠯᠢᠬᠤ ᠨᠢ ᠦᠷᠦᠪᠳᠦᠮᠡᠷ ᠪᠠᠶᠢᠪᠠ᠃      ᠨᠠᠯᠵᠢᠷ ᠠᠷᠠᠶᠢᠬᠢᠨ ᠪᠤᠰᠴᠤ ᠵᠠᠰᠠᠭᠰᠠᠨ ᠤᠷᠤᠨ ᠲᠡᠭᠡᠷ᠎ᠠ ᠭᠠᠷᠴᠤ ᠲᠡᠷᠨ ᠲᠤᠤᠷ᠎ᠠ ᠪᠠᠨ ᠬᠤᠷᠬᠢᠷᠠᠭᠠᠳ ᠤᠨᠠᠪᠠ᠃ ᠳ᠋ᠤᠭᠤ ᠭᠡᠷ ᠠᠴᠠ ᠰᠠᠭᠠᠬᠠᠯᠳᠠ ᠬᠢᠷᠢ ᠭᠠᠵᠠᠷ ᠲᠤ ᠤᠶᠢᠷᠠᠬᠠᠨ ᠡᠷᠬᠢᠵᠤ ᠤᠯᠢᠬᠤ ᠦᠯᠦᠭᠴᠢᠨ ᠡᠬᠡ ᠶᠢᠨ ᠲᠠᠭᠤ ᠶᠢ ᠰᠤᠨᠤᠰᠤᠨ ᠨᠢᠷᠤᠭᠤ ᠨᠢ ᠬᠦᠢᠳᠠ ᠤᠷᠬᠢᠨ ᠭᠠᠳᠠᠭ᠎ᠠ ᠰᠠᠭᠤᠪᠠ᠃ ᠦᠦᠷ ᠬᠠᠶᠠᠭᠠᠷᠠᠬᠤ ᠦᠶ᠎ᠠ ᠪᠠᠷ ᠲᠡᠷᠨ ᠪᠤᠰᠤᠯ᠎ᠠ᠃ ᠰᠡᠭᠰᠡᠶᠢᠨ ᠠᠷᠵᠠᠶᠢᠭᠰᠠᠨ ᠦᠰᠤ ᠪᠠᠨ ᠢᠯᠢᠵᠤ ᠳ᠋ᠤᠭᠤ ᠮᠦᠨᠦᠬᠢ ᠰᠢᠭᠤᠳᠠᠢ ᠲᠠᠢ ᠪᠡᠯᠳᠡᠷᠭᠡ ᠨᠦᠭᠦᠳ ᠢ ᠭᠡᠷ ᠠᠴᠠ ᠠᠪᠴᠣ ᠭᠠᠷᠤᠭᠠᠳ᠂ ᠬᠡᠷ ᠠᠴᠠ ᠬᠤᠯᠠᠳᠠᠭᠤᠯᠤᠨ ᠲᠠᠯᠪᠢᠪᠠ᠃ ᠨᠢᠳᠤ ᠪᠠᠨ ᠨᠡᠭᠡᠭᠡ ᠦᠭᠡᠢ ᠰᠢᠬᠠᠮ ᠨᠢᠯᠬ᠎ᠠ ᠠᠮᠢᠳᠠᠰ ᠡᠯᠡᠰᠦᠨ ᠲᠡᠭᠡᠬᠦᠷ ᠪᠤᠳᠠᠷᠭᠠᠨ᠎ᠠ ᠶᠢᠨ ᠢᠷᠤᠭᠠᠯ ᠢᠶᠠᠷ ᠲᠠᠷᠬᠠᠵᠤ ᠶᠠᠪᠤᠯ᠎ᠠ᠃ ᠬᠡᠨᠡᠳᠳᠠ ᠰᠦᠷ ᠰᠠᠷ ᠬᠢᠨ᠂ ᠬᠠᠮᠢᠭ᠎ᠠ ᠠᠴᠠ ᠴᠤ ᠶᠤᠮ᠂ ᠰᠡᠷᠪᠡᠭᠡ ᠦᠨᠳᠦᠷ ᠲᠠᠢ ᠲᠤᠮᠤ ᠦᠯᠦᠭᠴᠢᠨ ᠴᠢᠨ᠋ᠸ᠎ᠠ ᠲᠡᠬᠦᠨ ᠤ ᠲᠡᠭᠡᠬᠦᠷ ᠬᠠᠷᠠᠶᠢᠬᠤ ᠰᠢᠬᠠᠮ ᠲᠡᠬᠦᠯᠢᠪᠡ᠃ ᠦᠯᠦᠭᠴᠢᠨ ᠡᠬᠡ ᠬᠡᠳᠦᠨ ᠪᠡᠯᠳᠡᠷᠭᠡ ᠶᠢᠨ ᠲᠤᠮᠳᠠ ᠎ ᠠᠴᠠ ᠨᠢᠭᠡ ᠶᠢ ᠰᠢᠬᠦᠷᠦᠨ ᠵᠠᠭᠤᠵᠤ᠂ ᠠᠯᠳᠠᠨ ᠬᠠᠷᠭᠠᠨ᠎ᠠ ᠶᠢᠨ ᠪᠤᠳᠠᠨ ᠲᠤᠮᠳᠠᠭᠤᠷ ᠬᠢᠯᠠᠰᠬᠢᠨ ᠠᠯᠠᠭ᠎ᠠ ᠪᠤᠯᠤᠯ᠎ᠠ᠃ ᠡᠨᠡ ᠰᠠᠴᠠᠭᠤ ᠴᠤ ᠫᠤᠤ ᠶᠢᠨ ᠲᠠᠭᠤᠨ ᠭᠠᠷᠪᠠ᠃      ︽ᠡᠨᠡ ᠮᠠᠭᠤ ᠬᠢᠴᠢᠢ︕ ᠠ ᠮᠠᠭᠤ ᠦᠯᠦᠭᠴᠢᠨ︕ ᠵᠠᠬ᠎ᠠ ᠲᠡᠭᠡᠷ᠎ᠠ ᠶᠡᠭᠡ ᠦᠨ᠎ᠠ ᠬᠦᠷᠭᠡᠵᠤ ᠠᠮᠢᠳᠤ ᠪᠠᠷ ᠨᠢ ᠵᠠᠷᠤᠬᠤ ᠬᠡᠰᠡᠨ ᠬᠠᠶᠢᠷᠠᠨ ᠤᠯᠵᠠ ᠶᠢ ᠮᠢᠨᠢ ᠲᠠᠯᠪᠢᠭᠠᠳ ᠲᠠᠭᠤᠴᠢᠬᠠᠯ᠎ᠠ︕︾ ᠬᠡᠮᠡᠨ ᠬᠤᠷᠸ᠎ᠠ ᠎ ᠶᠢᠨ ᠬᠠᠮᠤᠭ ᠬᠠᠷᠢᠶᠠᠯ ᠢ ᠬᠠᠮᠤᠨ ᠶᠠᠩᠰᠢᠭᠰᠠᠭᠠᠷ ᠰᠤᠭᠳᠤᠭᠤ ᠨᠠᠯᠵᠢᠷ ᠵᠤᠭᠰᠤᠵᠤ ᠪᠠᠶᠢᠯ᠎ᠠ ᠁      ᠪᠠᠶᠢᠭᠠᠯᠢ ᠶᠢᠷᠳᠢᠨᠴᠤ ᠶᠢᠨ ᠵᠠᠮ ᠬᠠᠳᠠᠭᠤ ᠳᠠᠭᠠᠨ ᠬᠠᠳᠠᠭᠤ᠂ ᠵᠦᠭᠡᠯᠡᠨ ᠳᠡᠭᠡᠨ ᠵᠦᠭᠡᠯᠡᠨ᠃ ᠪᠤᠶᠠᠨ ᠬᠢᠭᠰᠡᠨ ᠢ ᠨᠢ ᠪᠤᠷᠬᠠᠨ ᠲᠠᠭᠠᠯᠠᠪᠠ ᠦᠦ᠂ ᠴᠢᠨ᠋ᠸ᠎ᠠ ᠬᠡᠭᠴᠢ ᠤᠬᠠᠭᠠᠨ ᠲᠠᠢ ᠠᠮᠢᠳᠠᠨ ᠪᠤᠯᠬᠤᠷ ᠪᠦᠬᠦᠳᠠ ᠶᠢ ᠡᠰᠨ ᠬᠡᠬᠦᠨ᠎ᠠ᠂ ᠭᠠᠭᠴᠨ ᠬᠠᠶᠢᠷᠠᠳᠠᠢ ᠪᠡᠯᠳᠡᠷᠭᠡ ᠪᠠᠨ ᠰᠢᠬᠦᠷᠦᠨ ᠠᠪᠬᠤ ᠳᠤ ᠨᠠᠶᠢᠷ ᠲᠠᠯᠪᠢᠵᠤ ᠦᠭᠬᠦᠭᠰᠡᠨ ᠳ᠋ᠤᠭᠤ ᠎ ᠶᠢ ᠬᠠᠶᠢᠷᠠᠯᠠᠪᠠ ᠦᠦ᠂ ᠴᠢᠩᠬᠢᠳᠡᠭ ᠢᠶᠠᠷ ᠢᠶᠠᠨ ᠳ᠋ᠤᠭᠤ ᠶᠢ ᠤᠷᠬᠢᠪᠠ᠃ ᠲᠡᠷᠨ ᠬᠦᠤ ᠶᠢᠨ ᠢᠶᠠᠨ ᠡᠴᠢᠭᠡ ᠶᠢ ᠰᠠᠨᠠᠬᠤ ᠲᠤᠷ᠎ᠠ ᠦᠭᠡᠢ ᠪᠢᠯᠨ᠃ ᠲᠦᠷ ᠵᠠᠭᠤᠷ᠎ᠠ ᠶᠢᠨ ᠠᠮᠠᠷᠠᠭ ᠴᠤ ᠪᠠᠢ᠂ ᠬᠤᠨᠤᠴᠨ ᠶᠢᠨ ᠲᠡᠳᠦᠢ ᠠᠮᠢᠳᠠᠨ ᠴᠤ ᠪᠠᠢ᠂ ᠶᠠᠮᠠᠷᠴᠤ ᠯᠡ ᠬᠡᠰᠡᠨ ᠲᠡᠬᠦᠨ ᠢ ᠡᠬᠡ ᠬᠦᠮᠦᠨ ᠪᠤᠯᠭᠠᠵᠤ ᠠᠯᠠᠭ ᠰᠠᠶᠢᠬᠠᠨ ᠦᠷ᠎ᠠ ᠪᠠᠨ ᠤᠷᠬᠢᠭᠰᠠᠨ ᠨᠢ ᠯᠡ ᠦᠨᠡᠨ ᠶᠤᠮ᠃ ᠴᠠᠭᠠᠨ᠎ᠠ ᠪᠠᠨ ᠬᠠᠨᠢ ᠢᠵᠢᠯᠢ ᠲᠠᠢ ᠶᠢ ᠨᠢ ᠮᠡᠳᠡᠭᠰᠡᠭᠡᠷ ᠪᠠᠶᠢᠵᠤ᠂ ᠵᠤᠨ ᠤ ᠰᠦᠨᠢ ᠬᠡᠷ ᠤᠨ ᠢᠶᠠᠨ ᠡᠬᠦᠳᠠ ᠎ ᠶᠢ᠂ ᠬᠦᠨᠵᠢᠯᠨ ᠶᠢᠨ ᠢᠶᠠᠨ ᠰᠡᠵᠢᠬᠦᠷ ᠢ ᠳ᠋ᠤᠭᠤ ᠨᠡᠭᠡᠭᠡᠭᠰᠡᠨ᠃ ᠡᠮ᠎ᠡ ᠬᠦᠮᠦᠨ ᠤ ᠬᠤᠪᠢ ᠳᠤ ᠶᠠᠭᠠᠬᠢᠵᠤ ᠴᠤ ᠪᠤᠯᠳᠠᠭ ᠦᠭᠡᠢ ᠵᠠᠮ ᠢᠶᠠᠷ ᠡᠷ᠎ᠠ ᠶᠢ ᠬᠦᠰᠡᠵᠤ᠂ ᠲᠡᠬᠦᠨ ᠲᠠᠢ ᠡᠩᠭᠡᠷ ᠵᠦᠷᠢᠬᠦᠯᠦᠭᠡᠳ ᠬᠤᠵᠢᠮ ᠢᠶᠠᠨ ᠬᠦᠯ ᠬᠦᠨᠳᠦᠳᠠᠢ ᠪᠤᠯᠤᠭᠰᠠᠨ ᠢᠶᠠᠨ ᠮᠡᠳᠡᠭᠡᠳ ᠪᠠᠶᠠᠷᠯᠠᠭᠰᠠᠨ ᠁ ᠬᠦᠤ ᠪᠠᠨ ᠳ᠋ᠤᠭᠤ ᠪᠦᠬᠦᠨ ᠠᠴᠠ ᠬᠠᠷᠠᠮᠨᠠᠬᠤ ᠲᠤᠯᠨ ᠂ ᠡᠴᠢᠭᠡ ᠨᠢ ᠢᠷᠡᠭᠡᠳ ᠠᠪᠤᠭᠠᠳ ᠶᠠᠪᠤᠨ᠎ᠠ ᠬᠡᠪᠡᠯ ᠶᠠᠭᠠᠬᠢᠬᠤ ᠪᠢᠯᠨ᠃      ᠴᠤᠯᠮᠤᠨ ᠬᠦᠪᠡᠬᠦᠨ ᠨᠢ ᠰᠤᠷᠭᠠᠭᠤᠯᠢ ᠳᠤ ᠤᠷᠤᠯ᠎ᠠ᠃ ᠰᠤᠮᠤ ᠶᠢᠨ ᠲᠦᠪ ᠠᠴᠠ ᠭᠤᠷᠪᠠᠨ ᠦᠷᠳᠡᠭᠡᠴᠢ ᠶᠢᠨ ᠭᠠᠵᠠᠷ ᠪᠠᠶᠢᠬᠤ ᠱᠠᠩᠳᠠ ᠶᠢᠨ ᠭᠤᠪᠢ ᠠᠴᠠ ᠪᠠᠨ᠂ ᠬᠠᠮᠤᠭ ᠭᠡᠷ ᠪᠠᠷᠠᠭ᠎ᠠ ᠪᠠᠨ ᠡᠵᠡᠨ ᠦᠭᠡᠢ ᠤᠷᠬᠢᠨ ᠬᠦᠤ ᠪᠠᠨ ᠰᠤᠷᠭᠠᠭᠤᠯᠢ ᠳᠤ ᠬᠦᠷᠭᠡᠵᠤ ᠦᠭᠬᠦᠬᠦ ᠳᠡᠭᠡᠨ ᠰᠡᠬᠦᠯᠴᠢ ᠶᠢᠨ ᠪᠡᠯᠳᠡᠷᠭᠡ ᠪᠠᠨ ᠰᠤᠶᠢᠯᠠᠭᠤᠯᠤᠭᠰᠠᠨ ᠦᠯᠦᠭᠴᠢᠨ ᠴᠢᠨ᠋ᠸ᠎ᠠ ᠠᠳᠠᠯᠢ ᠰᠡᠳᠬᠢᠯ ᠲᠤᠳᠤᠷ᠎ᠠ ᠪᠠᠨ ᠳ᠋ᠤᠭᠤ ᠤᠬᠢᠯᠠᠵᠤ ᠶᠠᠪᠤᠯ᠎ᠠ᠃ ᠲᠤᠳᠤᠭᠤᠷ ᠪᠠᠶᠢᠷᠢ ᠶᠢᠨ ᠰᠢᠪᠠᠷ ᠪᠠᠶᠢᠰᠢᠩ ᠤᠨ ᠭᠠᠳᠠᠭ᠎ᠠ ᠪᠦᠷᠳᠦᠶᠢᠳᠡᠯ᠎ᠠ ᠵᠤᠭᠰᠤᠭᠠᠳ ᠤᠬᠢᠯᠠᠵᠤ ᠦᠯᠡᠳᠡᠭᠰᠡᠨ ᠠᠯᠠᠭ ᠦᠷ᠎ᠠ ᠪᠠᠨ ᠲᠡᠷᠡᠪᠡᠷ ᠪᠤᠳᠤᠬᠤ ᠠᠴᠠ ᠯᠡ ᠪᠠᠶᠢᠵᠤ ᠰᠠᠭᠤᠵᠤ ᠴᠢᠳᠠᠬᠤ ᠦᠭᠡᠢ ᠪᠠᠶᠢᠯ᠎ᠠ᠃ ᠦᠰᠦᠭᠯᠡᠯ ᠦᠵᠡᠵᠤ ᠤᠪᠤᠭ᠎ᠠ ᠨᠢᠭᠡ ᠶᠠᠭᠤᠮ᠎ᠠ ᠤᠩᠰᠢᠵᠤ᠂ ᠲᠤᠭ᠎ᠠ ᠪᠤᠳᠤᠬᠤ ᠲᠠᠢ ᠪᠤᠯᠤᠮᠠᠭᠴᠨ ᠨᠢ ᠳ᠋ᠤᠭᠤ ᠬᠦᠤ ᠪᠠᠨ ᠰᠤᠷᠭᠠᠭᠤᠯᠢ ᠠᠴᠠ ᠨᠢ ᠪᠤᠯᠢᠶᠠᠨ ᠤᠳᠤᠪᠠ᠃ ᠬᠦᠤ ᠦᠭᠡᠢ ᠪᠠᠷ ᠠᠮᠢᠳᠤᠷᠠᠵᠤ ᠡᠰᠨ ᠴᠢᠳᠠᠵᠠᠢ᠃      ᠲᠡᠷᠨ ᠴᠠᠭ ᠠᠴᠠ ᠬᠤᠶᠢᠰᠢ ᠠᠷᠪᠠᠨ ᠵᠢᠯ ᠦᠩᠭᠡᠷᠡᠪᠡ᠃ ᠬᠦᠤ ᠨᠢ ᠦᠰᠴᠤ᠂ ᠬᠠᠶᠢᠷᠠᠬᠠᠨ ᠠᠭᠤᠯᠨ ᠶᠢᠨ ᠬᠦᠷᠡᠩ ᠪᠦᠷᠬᠦᠳ ᠰᠢᠭ ᠡᠷ᠎ᠠ ᠪᠤᠯᠪᠠ᠃ ᠳ᠋ᠤᠭᠤ ᠱᠠᠩᠳᠠ ᠶᠢᠨ ᠭᠤᠪᠢ ᠠᠴᠠ ᠪᠠᠨ ᠶᠠᠪᠤᠭᠠᠳ ᠦᠭᠴᠤ ᠪᠤᠯᠬᠤ ᠯᠡ ᠪᠠᠶᠢᠭᠰᠠᠨ᠃ ᠬᠡᠪᠡᠴᠤ ᠲᠡᠷᠡᠪᠡᠷ ᠬᠦᠤ ᠪᠠᠨ ᠠᠯᠳᠠᠬᠤ ᠠᠴᠠ ᠠᠶᠤᠵᠤ ᠪᠠᠶᠢᠯ᠎ᠠ᠃ ᠡᠷ᠎ᠠ ᠬᠦᠮᠦᠨ ᠶᠤᠮ ᠴᠢᠨᠢ ᠦᠶ᠎ᠠ ᠲᠠᠩ ᠤᠨ ᠪᠦᠰᠡᠬᠦᠢ ᠳᠤ ᠰᠡᠳᠬᠢᠯ ᠲᠠᠳᠠᠭᠳᠠᠪᠠᠯ ᠶᠠᠭᠠᠬᠢᠨ᠎ᠠ︖      ᠬᠦᠭᠰᠢᠨ ᠡᠬᠡ ᠶᠢ ᠤᠷᠬᠢᠭᠠᠳ ᠬᠡᠦᠭᠡᠨ ᠲᠠᠭᠠᠭᠠᠳ ᠶᠠᠪᠤᠴᠢᠬᠠᠪᠠᠯ ᠳ᠋ᠤᠭᠤ ᠶᠢᠨ ᠲᠡᠭᠷᠢ ᠬᠦᠮᠦᠷᠢᠬᠦ ᠪᠠᠶᠢᠯᠬᠦᠢ᠃      ᠬᠦᠤ ᠨᠢ ᠬᠤᠶᠠᠷ ᠬᠤᠨᠤᠭ ᠬᠡᠷ ᠲᠡᠭᠡᠨ ᠢᠷᠡᠭᠰᠡᠨ ᠦᠭᠡᠢ᠂ ᠨᠡᠭᠡᠷᠡᠨ ᠶᠠᠮᠠᠷ ᠨᠢᠭᠡᠨ ᠰᠡᠭᠰᠡᠭᠡᠷ ᠦᠰᠦᠳᠤ ᠡᠮ᠎ᠡ ᠴᠤᠯᠮᠤᠨ ᠢ ᠨᠢ ᠪᠤᠯᠢᠶᠠᠵᠤ ᠪᠠᠶᠢᠭ᠎ᠠ ᠶᠤᠮ ᠪᠢᠰᠢ ᠪᠠᠶᠢᠭ᠎ᠠ︖ ᠁ ᠦᠭᠡᠢ᠂ ᠦᠷ᠎ᠠ ᠨᠢ ᠬᠦᠷᠦᠭᠡᠳ ᠯᠡ ᠢᠷᠡᠬᠦ ᠶᠤᠰᠤᠳᠠᠢ᠃ ᠲᠡᠷᠨ ᠡᠬᠡ ᠠᠴᠠ ᠪᠠᠨ ᠶᠠᠭᠤ ᠪᠠᠨ ᠴᠤ ᠨᠢᠭᠤᠳᠠᠭ ᠦᠭᠡᠢ ᠰᠢᠤ᠃ ᠬᠡᠷᠪᠡ ᠬᠡᠨ ᠨᠢᠭᠡᠨ ᠪᠦᠰᠡᠬᠦᠢ ᠳᠤ ᠰᠡᠳᠬᠢᠯ ᠠᠯᠳᠠᠭᠰᠠᠨ ᠪᠤᠯ ᠡᠬᠡ ᠳᠡᠭᠡᠨ ᠬᠡᠯᠡᠵᠤ ᠯᠡ ᠲᠠᠭᠠᠷᠠᠨ᠎ᠠ᠃      ᠳ᠋ᠤᠭᠤ ᠵᠦᠭᠡᠯᠡᠨ ᠭᠠᠯ ᠢᠶᠠᠷ ᠰᠦ ᠪᠠᠨ ᠲᠠᠬᠢᠭᠠᠳ ᠨᠢᠭᠡᠨᠳᠠ ᠬᠠᠯᠠᠭᠠᠵᠤ᠂ ᠰᠠᠶᠢᠬᠠᠨ ᠦᠷᠦᠮ᠎ᠠ ᠵᠠᠭᠰᠠᠭᠠᠬᠤ ③ ᠬᠡᠵᠤ ᠡᠷᠬᠢᠨᠡᠭ ᠲᠡᠭᠡᠷ᠎ᠠ ᠪᠠᠨ ᠲᠠᠯᠪᠢᠯ᠎ᠠ᠃ ᠬᠦᠤ ᠨᠢ ᠦᠷᠦᠮᠡᠨ ᠳᠤ ᠲᠤᠷᠠᠳᠠᠢ ᠪᠢᠯᠨ᠃ ᠴᠢᠩᠬᠢᠭᠡᠳ ᠬᠡᠳᠦᠢ ᠪᠠᠷ ᠤᠷᠢᠳᠤ ᠰᠦᠨᠢ ᠬᠦᠤ ᠪᠠᠨ ᠢᠷᠡᠨ᠎ᠠ ᠬᠡᠮᠡᠨ ᠬᠤᠭᠤᠯᠨ ᠬᠢᠭᠰᠡᠨ ᠨᠢ ᠬᠡᠪ ᠢᠶᠠᠷ ᠢᠶᠠᠨ ᠪᠠᠶᠢᠭᠰᠠᠨ ᠠᠪᠠᠴᠤ ᠪᠤᠷᠴᠨ ᠨᠦᠳᠦᠨ ᠲᠡᠪᠳᠦᠭᠡᠪᠡ᠃ ᠦᠪᠡᠷ ᠢᠶᠠᠨ ᠬᠦᠢᠳᠡᠨ ᠭᠤᠯᠢᠷ ᠲᠠᠢ ᠬᠤᠭᠤᠯᠠᠨ ᠲᠡᠭᠡᠷ᠎ᠠ ᠴᠠᠢ ᠬᠢᠵᠤ ᠢᠳᠡᠯ᠎ᠠ᠃ ᠰᠡᠳᠬᠢᠯ ᠨᠢ ᠬᠡᠨᠡᠳᠳᠠ ᠵᠤᠪᠠᠵᠤ ᠤᠷᠬᠢᠪᠠ᠃ ᠦᠷ᠎ᠠ ᠨᠢ ᠵᠦᠭᠡᠷ ᠯᠡ ᠶᠠᠪᠤᠭ᠎ᠠ ᠪᠠᠶᠢᠭ᠎ᠠ ᠳ᠋ᠠ ︖ ᠮᠤᠷᠢ ᠬᠠᠷ᠎ᠠ ᠠᠴᠠ ᠪᠠᠨ ᠤᠨᠠᠭᠰᠠᠨ ᠦᠭᠡᠢ ᠪᠠᠶᠢᠭ᠎ᠠ︖ ᠤᠭ ᠨᠢ ᠠᠷᠢᠬᠢ ᠠᠮᠰᠠᠳᠠᠭ ᠦᠭᠡᠢ ᠯᠡ ᠶᠤᠮᠰᠠᠨ᠃ ᠦᠶ᠎ᠠ ᠶᠢᠨ ᠬᠠᠷᠠᠴᠤᠤᠯ ᠲᠠᠭᠠᠷᠢᠯᠳᠤᠵᠤ ᠠᠷᠢᠬᠢ ᠪᠠᠷ ᠰᠢᠬᠠᠭᠤᠯᠤᠭᠠᠳ ᠰᠤᠭᠳᠤᠵᠤ ᠪᠤᠷᠤᠭᠤ ᠬᠠᠵᠠᠭᠠᠢ ᠶᠠᠪᠤᠳᠠᠯ ᠪᠤᠯᠤᠭ᠎ᠠ ᠦᠭᠡᠢ ᠪᠢᠵᠠ ᠳ᠋ᠧ︖      ᠳ᠋ᠤᠭᠤ ᠵᠦᠷᠢᠬᠦᠤ ᠬᠠᠷᠠᠭᠠᠳᠤ ᠲᠤᠷᠠᠨ ᠢᠶᠠᠨ ᠠᠪᠴᠤ ᠭᠠᠳᠠᠭ᠎ᠠ ᠭᠠᠷᠤᠯ᠎ᠠ᠃ ᠲᠡᠷᠡᠪᠡᠷ ᠤᠷᠤᠢ ᠨᠠᠷᠠᠨ ᠳᠤ ᠲᠤᠯᠤᠭᠠᠳ ᠤᠨ ᠰᠡᠬᠦᠳᠡᠷ ᠬᠦᠦᠰᠢᠯᠡᠨ ᠪᠤᠢ ᠶᠡᠭᠡ ᠭᠤᠪᠢ ᠶᠢᠨ ᠠᠭᠤᠵᠢᠮ ᠤᠷᠤᠭᠤ ᠲᠤᠷᠠᠨᠳᠠᠯ᠎ᠠ᠃ ᠶᠠᠭᠤ ᠴᠤ ᠬᠠᠷᠠᠭᠳᠠᠭᠰᠠᠨ ᠦᠭᠡᠢ ᠁      ᠳ᠋ᠤᠭᠤ ᠠᠷᠭᠠᠯ ᠳᠤ ᠶᠠᠪᠤᠯ᠎ᠠ᠂ ᠱᠡᠵᠡᠭᠡᠢ ᠡᠬᠦᠷᠴᠤ᠂ ᠭᠤᠯᠢᠶ᠎ᠠ ᠲᠡᠪᠭᠡᠷᠭᠡ ᠱᠠᠭᠠᠬᠢᠨ ᠪᠠᠶᠢᠬᠤ ᠲᠤᠯᠤᠭᠠᠳ ᠤᠨ ᠡᠩᠭᠡᠷ ᠢᠶᠠᠷ ᠬᠠᠳᠠᠭᠰᠠᠨ ᠬᠦᠭᠡ ᠬᠤᠮᠤᠯ᠂ ᠲᠡᠮᠡᠭᠡᠨ ᠤ ᠬᠤᠷᠭᠤᠯ ᠲᠡᠬᠦᠪᠡ᠃ ᠮᠤᠷᠢᠨ ᠲᠦᠪᠡᠷᠭᠡᠨ ᠰᠤᠨᠤᠰᠳᠠᠬᠤ ᠰᠢᠭ᠋ ᠁ ᠪᠠᠶᠢᠵᠠ ᠁ ᠬᠦᠤ ᠨᠢ ᠬᠦᠳᠦᠯ ᠬᠦᠪᠡᠭᠡ ᠲᠠᠪᠠᠨ ᠶᠡᠭᠡᠳᠠ ᠶᠠᠭᠠᠷᠠᠨ ᠲᠤᠪᠳᠤᠯᠭᠠᠵᠤ ᠢᠷᠡᠪᠡ᠃ ᠬᠤᠯᠪᠤᠭᠠᠳᠠᠢ ᠬᠤᠶᠠᠷ ᠮᠤᠷᠢ ᠬᠦᠳᠦᠯᠵᠠᠢ᠃ ᠦᠨᠳᠦᠷ ᠵᠤ ᠲᠠᠢ ᠲᠡᠯ ᠢ ᠨᠢ ᠵᠠᠰᠠᠭᠰᠠᠨ ᠰᠠᠶᠢᠬᠠᠨ ᠬᠡᠭᠡᠷ ᠮᠤᠷᠢ᠂ ᠰᠠᠶᠢᠪᠤᠷ ᠠᠯᠬᠤᠭ᠎ᠠ ᠲᠠᠢ ᠪᠤᠷᠤᠯᠠᠭ ᠡᠶᠢᠮᠤ ᠬᠤᠶᠠᠷ ᠰᠠᠶᠢᠬᠠᠨ ᠮᠤᠷᠢ ᠡᠷ᠎ᠠ ᠬᠦᠮᠦᠨ ᠤ ᠱᠤᠬᠤᠭᠤᠷᠬᠠᠯ ᠲᠠᠳᠠᠮ᠎ᠠ ᠬᠦᠯᠦᠭ ᠤᠳ ᠪᠠᠶᠢᠯ᠎ᠠ᠃ ᠡᠨᠡ ᠮᠤᠷᠢᠳ ᠢ ᠬᠤᠳᠠᠯᠳᠤᠨ ᠠᠪᠤᠭᠰᠠᠨ ᠶᠤᠮ ᠪᠤᠯᠪᠠᠤ ᠦᠦ︖ ᠶᠠᠭᠤᠨ ᠳᠤ ᠮᠤᠷᠢ ᠪᠠᠨ ᠤᠰᠤᠨ ᠬᠤᠯᠤᠭᠠᠨ᠎ᠠ ᠪᠤᠯᠳᠠᠯ᠎ᠠ ᠲᠠᠪᠬᠢᠨ᠎ᠠ ᠪᠤᠢ︖ ᠬᠦᠮᠦᠨ ᠠᠴᠠ ᠵᠢᠭᠤᠳᠠᠭᠰᠠᠨ ᠶᠤᠮ ᠰᠢᠭ᠋ ᠁      ᠳ᠋ᠤᠭᠤ ᠶᠠᠭᠠᠬᠢᠪᠠ ᠢᠢᠪᠡ ᠬᠡᠵᠤ ᠠᠰᠠᠭᠤᠬᠤ ᠵᠠᠪᠳᠤᠯ ᠦᠭᠡᠢ ᠪᠠᠷ ᠴᠤᠯᠮᠤᠨ ᠬᠦᠯ ᠳᠤᠨᠢ ᠤᠨᠠᠵᠤ ᠄ ︽ᠡᠵᠢ ᠮᠢᠨᠢ ᠬᠦᠮᠦᠰ ᠨᠠᠮᠠᠢᠢ ᠪᠠᠷᠢᠬᠤ ᠬᠡᠵᠤ ᠬᠦᠭᠡᠭᠡᠵᠤ ᠶᠠᠪᠤᠨ᠎ᠠ᠃ ᠪᠢ ᠶᠠᠭᠠᠬᠢᠯᠳᠠ ᠴᠦ ᠦᠭᠡᠢ ᠱᠤᠷᠤᠩ ᠳᠤ ᠤᠷᠤᠬᠤ ᠨᠢ ᠁ ᠡᠨᠡ ᠬᠤᠶᠠᠷ ᠰᠠᠶᠢᠬᠠᠨ ᠮᠤᠷᠢ ᠶᠢ ᠬᠤᠯᠠᠭᠤᠭᠰᠠᠨ ᠮᠢᠨᠢ ᠦᠨᠡᠨ ᠁ ᠡᠵᠢ ᠡ ᠪᠢ ᠤᠳᠤ ᠶᠠᠭᠠᠬᠢᠨ᠎ᠠ ᠠ︖ ᠲᠡᠷᠨ ᠬᠦᠮᠦᠰ ᠤᠳᠤᠬᠠᠨ ᠬᠦᠷᠦᠭᠡᠳ ᠢᠷᠡᠨ᠎ᠠ ᠳ᠋ᠧ︕︾  ᠬᠡᠵᠤ ᠤᠬᠢᠯᠠᠨ ᠲᠡᠪᠬᠡᠴᠡᠪᠡ᠃     ᠳ᠋ᠤᠭᠤ ᠶᠢᠨ ᠨᠢᠳᠤ ᠲᠤᠮᠤ ᠪᠤᠯᠵᠤ᠂ ᠴᠤᠬᠢᠯᠠᠭᠤᠷ ᠲᠠᠭᠠᠨ ᠠᠯᠤᠬ᠎ᠠ ᠬᠦᠷᠭᠡᠭᠰᠡᠨ ᠢᠮᠠᠭ᠎ᠠ ᠰᠢᠭ᠋ ᠨᠢᠭᠡᠨ ᠬᠡᠰᠡᠭ ᠪᠠᠯᠠᠮᠠᠭᠳᠠᠭᠰᠠᠨ ᠢᠶᠠᠨ᠄ ︽ᠦᠭᠡᠢ ᠦᠭᠡᠢ︕ ᠠᠯᠠᠭ ᠦᠷ᠎ᠠ ᠪᠠᠨ ᠲᠡᠳᠡᠨ ᠳᠤ ᠦᠭᠬᠦᠬᠦ ᠬᠡᠵᠤ ᠦᠦ︖ ᠡᠨᠡ ᠮᠠᠭᠤ ᠬᠤᠶᠠᠷ ᠰᠦᠳᠦᠷᠭᠡ ④᠎ ᠠᠴᠠ ᠪᠤᠯᠵᠤ ᠱᠤᠷᠤᠩ ᠳᠤ ᠬᠠᠳᠠᠭᠠᠬᠤ ᠬᠡᠵᠤ ᠦᠦ︖︾ ᠬᠡᠮᠡᠨ ᠪᠠᠴᠢᠮᠳᠠᠨ ᠪᠤᠳᠤᠯ᠎ᠠ᠃ ᠴᠢᠩᠬᠢᠳᠡᠯ᠎ᠠ ᠶᠠᠭ ᠡᠨᠡ ᠦᠶ᠎ᠠ ᠳᠤ ᠱᠠᠩᠳᠠ ᠶᠢᠨ ᠭᠤᠪᠢ ᠶᠢᠨ ᠵᠠᠭ ᠤᠨ ᠰᠢᠭᠤᠢ ᠲᠤᠮᠳᠠᠭᠤᠷ ᠭᠠᠷᠤᠭᠰᠠᠨ ᠬᠦᠰᠭᠡ ᠶᠢᠨ ᠵᠠᠮ ᠢᠶᠠᠷ ᠭᠤᠷᠪᠠᠨ ᠮᠤᠷᠢᠳᠠᠨ ᠲᠠᠪᠬᠢᠨ ᠭᠠᠷᠴᠤ ᠢᠷᠡᠬᠦ ᠨᠢ ᠬᠠᠷᠠᠭᠳᠠᠵᠠᠢ᠃ ᠳ᠋ᠤᠭᠤ ᠬᠦᠤ ᠪᠠᠨ ᠪᠤᠰᠬᠠᠵᠤ᠂ ᠱᠡᠵᠡᠭᠡᠢ ᠲᠠᠢ ᠠᠷᠭᠠᠯ ᠢᠶᠠᠨ ᠡᠬᠦᠷᠦᠬᠦᠯᠦᠭᠡᠳ ᠦᠪᠡᠷ ᠢᠶᠠᠨ ᠬᠦᠯᠦᠰᠤ ᠲᠠᠢ ᠮᠤᠷᠢᠨ ᠳᠤᠨᠢ ᠱᠠᠯᠠᠪᠬᠠᠨ ᠮᠤᠷᠳᠠᠵᠤ᠂ ᠮᠦᠨᠦᠭᠡᠨ ᠬᠤᠯᠪᠤᠭ᠎ᠠ ᠲᠠᠢ ᠬᠤᠶᠠᠷ ᠠᠳᠤᠭᠤ ᠶᠢ ᠬᠦᠳᠦᠯᠦᠨ ᠲᠠᠪᠬᠢᠨ ᠤᠳᠤᠯ᠎ᠠ᠃      ︽ᠦᠭᠡᠢ ᠳ᠋ᠧ᠂ ᠬᠦᠤ ᠪᠠᠨ ᠱᠤᠷᠤᠩ ᠳᠤ ᠤᠷᠤᠭᠤᠯᠬᠤ ᠶᠢ ᠦᠵᠡᠭᠰᠡᠨ ᠠᠴᠠ ᠦᠬᠦᠭᠰᠡᠨ ᠮᠢᠨᠢ ᠲᠡᠭᠡᠷ᠎ᠠ᠂ ᠢᠴᠢᠬᠦ ᠦᠭᠡᠢ ᠪᠤᠯ ᠬᠦᠭᠰᠢᠨ ᠡᠬᠡ ᠨᠠᠮᠠᠢᠢ ᠲᠡᠷᠨ ᠱᠤᠷᠤᠩ ᠳᠤ ᠬᠢᠪᠡᠯ ᠴᠤ ᠬᠢᠭ︕︾ ᠱᠠᠩᠳᠠ ᠶᠢᠨ ᠭᠤᠪᠢ ᠶᠢᠨ ᠪᠦᠷ ᠠᠯᠤᠰ ᠲᠤ᠂ ᠵᠠᠭ ᠤᠨ ᠰᠢᠭᠤᠢ ᠦᠩᠭᠡᠷᠡᠵᠤ ᠪᠠᠶᠢᠮᠠᠨᠵᠢᠨ ᠭᠤᠷᠪᠠᠨ ᠮᠤᠷᠢᠳᠠᠨ ᠳ᠋ᠤᠭᠤ ᠶᠢ ᠬᠦᠢᠴᠡᠨ ᠤᠴᠢᠵᠠᠢ᠃ ᠳ᠋ᠤᠭᠤ ᠶᠠᠭᠠᠷᠠᠯ ᠦᠭᠡᠢ᠂ ᠮᠤᠷᠢᠨ ᠤ ᠰᠡᠬᠦᠯ  ᠬᠦᠳᠡᠯᠬᠦ ᠲᠡᠳᠦᠢ ᠰᠠᠵᠢᠯᠠᠭᠤᠯᠤᠰᠬᠢᠨ ᠲᠡᠳᠡᠨ ᠢ ᠬᠦᠯᠢᠶᠡᠵᠠᠢ᠃ ᠨᠠᠯᠵᠢᠷ ᠴᠤ᠂ ᠬᠠᠮ ᠨᠦᠬᠦᠳ ᠨᠢ ᠴᠤ ᠮᠤᠷᠢ ᠬᠦᠳᠦᠯᠦᠭᠰᠡᠨ ᠬᠤᠯᠠᠭᠠᠶᠢᠴᠢ ᠶᠢ ᠬᠦᠢᠴᠡᠨ ᠤᠴᠢᠭᠠᠳ ᠳ᠋ᠤᠭᠤ ᠶᠢ ᠪᠠᠶᠢᠬᠤ ᠳᠤ ᠤᠴᠢᠷ ᠦᠭᠡᠢ ᠭᠠᠶᠢᠬᠠᠪᠠ᠃      ︽ᠵᠠ᠂ ᠬᠡᠦᠭᠡᠳ ᠤᠳ ᠬᠠᠮᠢᠭ᠎ᠠ ᠬᠦᠷᠬᠦ ᠨᠢ ᠪᠤᠢ︖ ᠦᠴᠦᠭᠡᠳᠦᠷᠭᠡᠨ ᠮᠠᠨᠠᠶᠢᠬᠢ ᠠᠴᠠ ᠮᠤᠷᠳᠠᠭ᠎ᠠ ᠦᠭᠡᠢ ᠪᠢᠯᠨ ᠦᠦ︖︾ ᠬᠡᠮᠡᠨ ᠳ᠋ᠤᠭᠤ ᠠᠵᠢᠭ ᠴᠤ ᠦᠭᠡᠢ ᠠᠰᠠᠭᠤᠪᠠ᠃      ︽ᠬᠡᠷ ᠲᠡᠭᠡᠨ ᠬᠠᠷᠢᠭᠰᠠᠨ ᠴᠢᠨᠢ ᠮᠤᠷᠢᠳ ᠢ ᠮᠢᠨᠢ ᠬᠤᠯᠠᠭᠠᠢ ᠬᠦᠭᠡᠭᠡᠵᠠᠢ︕︾ ᠬᠡᠮᠡᠨ ᠨᠠᠯᠵᠢᠷ ᠶᠠᠳᠠᠷᠠᠭᠰᠠᠨ ᠲᠠᠭᠤ ᠪᠠᠷ ᠬᠡᠯᠡᠵᠤ ︽ᠡᠵᠡᠨ ᠢ ᠨᠢ ᠤᠯᠬᠤ ᠰᠠᠨᠠᠭᠠᠳᠠᠢ ᠶᠠᠪᠤᠨ᠎ᠠ︾ ᠬᠡᠮᠡᠪᠡ᠃      ︽ᠨᠠᠮᠠᠢᠢ ᠯᠡ ᠪᠠᠷᠢᠵᠤ ᠳ᠋ᠧ ᠁︾      ᠳ᠋ᠤᠭᠤ ᠢᠩᠬᠢᠵᠤ ᠬᠡᠯᠡᠬᠦ ᠳᠤ ᠨᠦᠬᠦᠭᠡ ᠭᠤᠷᠪᠠ ᠪᠡᠶ᠎ᠠ ᠪᠡᠶ᠎ᠠ ᠤᠷᠤᠭᠤ ᠪᠠᠨ ᠭᠠᠶᠢᠬᠠᠨ ᠬᠠᠷᠠᠵᠠᠭᠠᠪᠠ᠃      ︽ᠲᠠ ᠬᠤᠯᠠᠭᠠᠶᠢᠯᠠᠭᠰᠠᠨ ᠶᠤᠮ ᠬᠡᠵᠤ ᠦᠦ ᠳ᠋ᠧ︖︾      ︽ᠲᠡᠶᠢᠮᠤ ᠪᠤᠢ︕ ᠰᠠᠶᠢᠬᠠᠨ ᠮᠤᠷᠢᠳ ᠨᠢᠳᠦᠨ ᠳᠤ ᠲᠤᠰᠤᠭᠠᠳ ᠪᠠᠶᠢᠬᠤᠯᠠᠷ ᠨᠢ ᠠᠪᠴᠢᠬᠠᠭᠰᠠᠨ ᠶᠤᠮ᠃︾      ︽ᠠᠷᠠᠢ ᠦᠭᠡᠢ ᠪᠠᠶᠢᠯᠬᠦᠢ ᠳ᠋ᠧ᠃︾      ᠤᠳᠤ ᠦᠵᠡᠪᠡᠯ᠂ ᠮᠦᠨᠦᠬᠡᠨ ᠪᠡᠯᠳᠡᠷᠭᠡ ᠶᠢᠨ ᠠᠩᠴᠢᠨ ᠤᠳ ᠮᠤᠷᠢ ᠪᠠᠨ ᠴᠤ ᠰᠤᠯᠢᠵᠤ ᠠᠮᠵᠢᠭᠰᠠᠨ ᠦᠭᠡᠢ᠂ ᠬᠤᠯᠨ ᠭᠠᠵᠠᠷ ᠠᠴᠠ ᠤᠰᠤᠨ ᠬᠤᠯᠤᠭᠠᠨ᠎ᠠ ᠪᠤᠯᠳᠠᠯ᠎ᠠ ᠨᠢ ᠲᠠᠪᠬᠢᠭᠤᠯᠤᠭᠰᠠᠨ ᠮᠤᠷᠢᠳ ᠤᠨ ᠬᠦᠭᠡ ᠮᠢᠬ᠎ᠠ ᠴᠡᠴᠡᠷᠡᠵᠤ᠂ ᠬᠦᠯᠦᠰᠤ ᠨᠢ ᠴᠢᠮ ᠴᠢᠮ ᠲᠤᠰᠤᠯᠠᠨ ᠰᠢᠷᠤᠶᠢᠨ ᠲᠡᠭᠡᠷ᠎ᠠ ᠤᠨᠠᠵᠤ ᠪᠠᠶᠢᠪᠠ᠃ ᠡᠨᠡ ᠮᠤᠷᠢᠳ ᠵᠤᠭᠰᠤᠬᠤ ᠰᠢᠬᠠᠵᠠᠢ᠃      ᠨᠠᠯᠵᠢᠷ ᠮᠤᠷᠢᠨ ᠠᠴᠠ ᠪᠠᠨ ᠪᠠᠭᠤᠯ᠎ᠠ᠃ ᠨᠦᠬᠦᠭᠡ ᠬᠤᠶᠠᠷ ᠴᠤ ᠲᠠᠭᠤᠷᠢᠶᠠᠵᠠᠢ᠃ ᠨᠠᠷᠠ ᠠᠭᠠᠵᠢᠮ ᠢᠶᠠᠷ ᠪᠠᠷᠠᠭᠤᠨ ᠵᠦᠭ ᠤᠨ ᠲᠤᠯᠤᠭᠠᠳ ᠤᠨ ᠴᠠᠭᠠᠭᠤᠷ ᠰᠢᠩᠭᠡᠵᠤ ᠪᠠᠶᠢᠪᠠ᠃ ᠴᠢᠩᠭᠢᠳᠡᠯ᠎ᠠ ᠬᠡᠨᠡᠳᠳᠠ ᠨᠢᠳᠦᠨ ᠤ ᠪᠤᠯᠤᠩ ᠳᠤ ᠨᠢᠭᠡ ᠶᠠᠭᠤᠮ᠎ᠠ ᠬᠢᠯᠠᠰᠬᠢᠬᠤ ᠰᠢᠭ᠋ ᠪᠤᠯᠪᠠ᠃ ᠠᠯᠳᠠᠨ ᠬᠠᠷᠭᠠᠨ᠎ᠠ᠂ ᠪᠤᠳᠠᠷᠭᠠᠨ᠎ᠠ ᠶᠢᠨ ᠦᠨᠳᠦᠷ ᠪᠤᠳᠠᠨ ᠤ ᠴᠠᠭᠠᠭᠤᠷ ᠴᠢᠨ᠋ᠸ᠎ᠠ ᠶᠢᠨ ᠬᠤᠶᠠᠷ ᠰᠤᠭᠤᠳᠤᠶᠢᠭᠰᠠᠨ ᠴᠢᠬᠢ ᠦᠵᠡᠭᠳᠡᠭᠡᠳ ᠠᠯᠠᠭ᠎ᠠ ᠪᠤᠯᠤᠯ᠎ᠠ᠃ ᠳ᠋ᠤᠭᠤ ᠶᠢᠨ ᠲᠤᠳᠤᠷ᠎ᠠ ᠬᠦᠢᠳᠠ ᠤᠷᠬᠢᠵᠤ ᠢᠷᠡᠯ᠎ᠠ᠃ ᠨᠦᠬᠦᠭᠡ ᠵᠠᠯᠠᠭᠤᠴᠤᠳ ᠴᠢᠨ᠋ᠸ᠎ᠠ ᠶᠢ ᠠᠩᠵᠠᠭᠠᠷᠠᠭᠰᠠᠨ ᠦᠭᠡᠢ ᠃ ᠨᠠᠯᠵᠢᠷ ᠪᠤᠭᠴᠤᠨ ᠠᠴᠠ ᠪᠤᠷᠪᠢ ᠲᠠᠢ ᠠᠶᠢᠷᠠᠭ ᠭᠠᠷᠭᠠᠨ᠂ ᠠᠮᠠ ᠪᠠᠷ ᠢᠶᠠᠨ ᠰᠠᠪᠢᠷᠠᠭᠤᠯᠤᠨ᠂ ᠡᠩᠭᠡᠷ ᠤᠷᠤᠭᠤ ᠎ ᠪᠠᠨ ᠠᠰᠬᠠᠨ ᠪᠠᠶᠢᠵᠤ ᠵᠠᠯᠬᠢᠯᠠᠯ᠎ᠠ᠃      ︽ᠮᠤᠷᠢ ᠵᠤᠭᠰᠤᠴᠢᠬᠠᠵᠠᠢ᠂ ᠬᠡᠨ ᠬᠡᠨ ᠮᠠᠨᠢ ᠶᠠᠳᠠᠷᠠᠵᠤ ᠳ᠋ᠧ᠃ ᠠᠳᠠ ᠪᠠᠨ ᠬᠤᠨᠤᠵᠤ ᠲᠡᠩᠭᠡᠯ ᠠᠪᠬᠤ ᠠᠴᠠ ᠁︾ ᠬᠡᠮᠡᠨ ᠬᠡᠨ ᠳᠤ ᠬᠡᠯᠡᠵᠤ ᠪᠤᠢ ᠶᠢ ᠪᠤᠤ ᠮᠡᠳᠡ᠂ ᠨᠠᠯᠵᠢᠷ ᠲᠤᠳᠤᠬᠠᠨ ᠬᠡᠭᠴᠢ ᠬᠡᠯᠡᠭᠡᠳ ᠪᠤᠷᠪᠢ ᠲᠠᠢ ᠠᠶᠢᠷᠠᠭ ᠢ  ᠴᠠᠭᠠᠳᠤᠭᠤᠯ ᠳᠠᠭᠠᠨ ᠦᠭᠴᠤ᠂ ᠭᠠᠩᠰᠠ ᠪᠠᠨ ᠭᠠᠷᠭᠠᠨ ᠦᠯᠢᠶᠡᠪᠡ᠃      ︽ᠲᠡᠭᠡᠭᠡᠳ ᠲᠠ ᠮᠤᠷᠢᠳ ᠢ ᠠᠪᠤᠭᠰᠠᠨ ᠴᠢᠨᠢ ᠦᠨᠡᠨ ᠶᠤᠮ ᠪᠢᠵᠠ ᠳ᠋ᠧ︖︾      ︽ᠦᠨᠡᠨ ᠁ ᠪᠢ ᠶᠠᠭᠤ ᠬᠡᠵᠤ ᠬᠤᠳᠠᠯ ᠬᠡᠯᠡᠬᠦ ᠪᠢᠯᠨ ᠁︾      ᠵᠠᠯᠠᠭᠤᠴᠤᠳ ᠦᠯᠤ ᠢᠳᠡᠭᠡᠭᠰᠡᠨ ᠬᠠᠷᠠᠴᠨ ᠪᠠᠷ ᠬᠠᠷᠠᠵᠤ᠂ ᠪᠤᠷᠪᠢ ᠲᠠᠢ ᠠᠶᠢᠷᠠᠭ ᠵᠠᠯᠬᠢᠯᠠᠵᠠᠭᠠᠨ ᠶᠠᠳᠠᠷᠠᠭᠰᠠᠨ ᠳᠠᠭᠠᠨ ᠨᠤᠭᠤᠭᠠᠨ ᠲᠡᠭᠡᠷ᠎ᠠ ᠲᠡᠷᠡᠢ ᠬᠠᠳᠠᠨ ᠤᠨᠠᠵᠠᠭᠠᠪᠠ᠃ ᠡᠨᠡ ᠰᠦᠨᠢ ᠨᠠᠯᠵᠢᠷ᠂ ᠨᠠᠶᠢᠵᠠ ᠲᠠᠢ ᠪᠠᠨ ᠡᠯᠪᠡᠨ᠂ ᠳ᠋ᠤᠭᠤ ᠶᠢ ᠬᠡᠳᠦᠶᠢᠨ ᠦᠰᠢᠷᠭᠡᠭᠰᠡᠨ ᠲᠡᠷᠡᠪᠡᠷ ᠡᠮ᠎ᠡ ᠬᠦᠮᠦᠨ ᠤ ᠬᠢᠨᠢ ᠬᠤᠪᠢ ᠳᠤ ᠪᠦᠷᠢᠨ ᠲᠡᠭᠡᠷᠡᠯᠭᠡᠨ ᠡᠵᠡᠮᠳᠡᠪᠡ᠃ ᠬᠠᠷᠢᠨ ᠨᠢᠯᠬ᠎ᠠ ᠪᠠᠷ ᠰᠢᠬᠠᠭᠤ ᠭᠤᠷᠪᠠᠳᠡᠬᠢ ᠵᠠᠯᠠᠭᠤ ᠨᠢ ᠤᠶᠢᠷᠠᠳᠤᠭᠰᠠᠨ ᠴᠤ ᠦᠭᠡᠢ ᠪᠢᠯᠨ᠃ ᠮᠤᠷᠢᠳ ᠬᠤᠯᠠᠭᠤᠭᠰᠠᠨ ᠤ ᠬᠢᠨᠢ ᠲᠦᠯᠦᠭᠡ ᠬᠡᠵᠤ ᠲᠠᠯᠢᠮᠳᠠᠭᠤᠯᠬᠤ ᠮᠡᠳᠤ ᠲᠡᠷᠨ ᠨᠢᠭᠡ ᠰᠦᠨᠢ ᠡᠪᠤᠷ ᠢᠶᠠᠨ ᠨᠡᠭᠡᠭᠡ ᠦᠭᠡᠢ ᠳᠤ ᠬᠤᠷᠤᠰᠴᠤ ᠨᠠᠯᠵᠢᠷ᠂ ᠱᠠᠩᠳᠠ ᠶᠢᠨ ᠭᠤᠪᠢ ᠶᠢᠨ ᠲᠦᠴᠢ ᠭᠠᠷᠤᠭᠰᠠᠨ ᠠᠪᠠᠭᠠᠢ ᠶᠢ ᠲᠤᠬᠤᠭᠤᠷᠬᠠᠨ ᠵᠠᠯᠠᠭᠤ ᠡᠷ᠎ᠠ ᠬᠦᠮᠦᠨ ᠤ ᠪᠠᠨ ᠠᠭᠠᠭ ᠤᠮᠤᠭ ᠢ ᠭᠠᠷᠭᠠᠭᠰᠠᠭᠠᠷ ᠪᠦᠷ ᠶᠠᠳᠠᠷᠠᠵᠤ ᠰᠦᠨᠢ ᠲᠤᠮᠳᠠ ᠰᠤᠭᠳᠤᠭᠤ ᠮᠡᠳᠤ ᠤᠨᠠᠪᠠ ᠁ ᠴᠢᠩᠬᠢᠭᠡᠳ ᠲᠡᠷᠨ ᠴᠢᠭ ᠢᠶᠠᠷ ᠢᠶᠠᠨ ᠬᠤᠷᠬᠢᠷᠠᠵᠤ ᠭᠠᠷᠤᠯ᠎ᠠ᠃ ᠬᠠᠮᠤᠭ ᠪᠡᠶ᠎ᠠ ᠪᠠᠯᠪᠠᠭᠤᠯᠤᠭᠰᠠᠨ ᠮᠡᠳᠤ ᠡᠪᠡᠳᠦᠨ᠂ ᠬᠦᠤ ᠶᠢᠨ ᠬᠢᠭᠰᠡᠨ ᠦᠢᠯᠨ ᠶᠢᠨ ᠦᠷ᠎ᠠ ᠶᠢ ᠦᠪᠡᠷ ᠢ ᠎ ᠪᠠᠨ ᠵᠤᠯᠢᠵᠤ ᠦᠷᠡᠵᠤ ᠪᠠᠷᠠᠭᠰᠠᠨ ᠎ ᠳᠠᠭᠠᠨ ᠳ᠋ᠤᠭᠤ ᠪᠡᠶ᠎ᠠ ᠰᠡᠳᠬᠢᠯ ᠢᠶᠠᠷ ᠰᠢᠨᠠᠯᠠᠨ ᠪᠠᠶᠢᠪᠠᠴᠤ ᠮᠤᠷᠢᠳ ᠦᠷᠬᠦᠨ ᠬᠠᠮᠠᠷ ᠢᠶᠠᠨ ᠲᠤᠤᠭᠠᠷᠭᠠᠵᠤ᠂ ᠭᠠᠵᠠᠷ ᠴᠠᠪᠴᠢᠯᠠᠬᠤ ᠶᠢ ᠴᠢᠬᠢ ᠰᠤᠷᠳᠤᠰᠬᠢᠨ ᠠᠩᠵᠠᠭᠠᠷᠠᠯ᠎ᠠ᠃ ᠲᠡᠷᠡᠪᠡᠷ ᠪᠤᠰᠤᠯ᠎ᠠ᠃ ᠲᠤᠱᠠ ᠲᠠᠢ ᠮᠤᠷᠢᠨ ᠳᠠᠭᠠᠨ ᠤᠴᠢᠵᠤ᠂ ᠤᠯᠤᠮ ᠢᠶᠠᠨ ᠴᠢᠩᠭᠠᠯᠠᠨ ᠠᠶᠠᠷᠬᠠᠨ ᠮᠤᠷᠳᠠᠪᠠ᠃ ᠳ᠋ᠤᠭᠤ ᠬᠦᠮᠦᠰ ᠠᠴᠠ ᠵᠦᠭᠡᠯᠡᠭᠡᠨ ᠠᠯᠬᠤᠭᠤᠯᠤᠨ ᠬᠤᠯᠠᠳᠠᠮᠠᠭᠴᠨ᠂ ᠵᠠᠭ ᠤᠨ ᠰᠢᠭᠤᠢ ᠲᠤᠮᠳᠠᠭᠤᠷ ᠲᠠᠪᠬᠢᠨ ᠤᠳᠤᠯ᠎ᠠ᠃      ᠦᠷᠯᠦᠭᠡ ᠨᠤᠶᠢᠷᠮᠤᠭᠯᠠᠰᠬᠢᠨ ᠪᠤᠰᠤᠭᠠᠳ ᠨᠠᠯᠵᠢᠷ ᠪᠠᠶᠢᠵᠤ ᠪᠤᠯᠤᠰᠢ ᠦᠭᠡᠢ ᠦᠵᠡᠭᠳᠡᠯ ᠢ ᠬᠠᠷᠠᠨ ᠠᠮᠠᠨ ᠳᠠᠭᠠᠨ ᠬᠠᠷᠢᠶᠠᠪᠠ᠃ ᠦᠵᠡᠬᠦᠯ᠎ᠠ᠂ ᠵᠤᠭᠰᠤᠨ ᠰᠢᠬᠠᠭᠰᠠᠨ ᠮᠤᠷᠢᠳ ᠢ ᠴᠤ᠂ ᠬᠤᠯᠠᠭᠠᠢ ᠳᠤ ᠬᠦᠭᠡᠭᠳᠡᠭᠰᠡᠨ ᠬᠤᠯᠪᠤᠭ᠎ᠠ ᠲᠠᠢ ᠬᠤᠶᠠᠷ ᠠᠳᠤᠭᠤ ᠶᠢ ᠴᠤ ᠰᠦᠨᠢ ᠪᠠᠷ ᠴᠢᠨ᠋ᠸ᠎ᠠ ᠬᠡᠳᠦᠶᠢᠨ ᠤᠷᠠᠵᠤ ᠡᠳ᠋ ᠪᠠᠳ ᠬᠢᠭᠰᠡᠨ ᠪᠠᠶᠢᠯ᠎ᠠ᠃ ᠰᠢᠪᠠᠭᠤ ᠡᠷᠬᠢᠵᠤ᠂ ᠴᠢᠰᠤ ᠰᠢᠷᠬᠠᠨ ᠤ ᠦᠨᠦᠷ ᠬᠠᠩᠬᠢ ᠲᠠᠯᠪᠢᠬᠤ ᠠᠵᠠᠢ᠃      ᠨᠠᠯᠵᠢᠷ ᠡᠮᠡᠭᠡᠯ ᠢᠶᠠᠨ ᠡᠬᠦᠷᠦᠭᠡᠳ ᠬᠠᠮ ᠨᠦᠬᠦᠳ ᠲᠠᠢ ᠪᠠᠨ ᠶᠠᠪᠠᠭᠠᠨ ᠪᠤᠴᠠᠬᠤ ᠠᠴᠠ ᠠᠷᠭ᠎ᠠ ᠦᠭᠡᠢ ᠪᠤᠯᠪᠠ᠃      ᠮᠦᠩᠬᠦᠨ ᠪᠠᠭᠠᠪᠤᠷ ᠲᠠᠢ᠂ ᠶᠠᠰᠤᠨ ᠬᠢᠷ᠎ᠠ ᠲᠠᠢ᠂ ᠬᠦᠨᠳᠤ ᠲᠡᠮᠦᠷ ᠲᠦᠷᠦᠭᠡ ᠲᠠᠢ ᠭᠤᠶᠤ ᠡᠮᠡᠭᠡᠯ ᠎ ᠢᠶᠠᠨ ᠡᠬᠦᠷᠦᠭᠡᠳ ᠵᠠᠭ ᠤᠨ ᠰᠢᠭᠤᠢ ᠲᠤᠮᠳᠠᠭᠤᠷ ᠬᠦᠯᠦᠰᠤ ᠪᠠᠨ ᠤᠷᠤᠰᠬᠠᠨ ᠠᠯᠬᠤᠬᠤ ᠨᠠᠯᠵᠢᠷ ᠨᠢᠭᠡ ᠡᠷᠬᠢᠵᠤ ᠬᠠᠷᠠᠬᠤ ᠳᠠᠭᠠᠨ᠂ ᠠᠷᠤ ᠠᠴᠠ ᠨᠢ ᠪᠡᠯᠳᠡᠷᠭᠡ ᠪᠠᠨ ᠲᠡᠳᠡᠨ ᠳᠤ ᠠᠯᠳᠠᠭᠰᠠᠨ ᠦᠯᠦᠭᠴᠢᠨ ᠴᠢᠨ᠋ᠸ᠎ᠠ ᠬᠠᠷᠠᠭ᠎ᠠ ᠪᠠᠷ᠎ᠠ ᠎ ᠶᠢᠨ ᠭᠠᠵᠠᠷ ᠠᠴᠠ ᠰᠡᠮ ᠲᠠᠭᠠᠨ ᠶᠠᠪᠤᠭ᠎ᠠ ᠶᠢ ᠮᠡᠳᠡᠵᠠᠢ᠃ ᠨᠠᠯᠵᠢᠷ ᠤᠨ ᠤᠷᠤᠢ ᠶᠢᠨ ᠦᠰᠤ ᠪᠤᠰᠬᠤ ᠰᠢᠭ᠋ ᠪᠤᠯᠵᠤ᠂ ᠨᠢᠷᠤᠭᠤᠨ ᠲᠡᠭᠡᠬᠦᠷ ᠨᠢ ᠲᠤᠮᠤ ᠲᠤᠮᠤ ᠮᠤᠷᠢᠨ ᠰᠢᠷᠭᠤᠯᠵᠢ ᠬᠦᠶᠦᠯᠳᠦᠬᠦ‍ ᠰᠢᠭ ᠰᠠᠨᠠᠭᠳᠠᠬᠤᠢ᠂ ᠬᠡᠳᠦᠨ ᠬᠤᠨᠤᠭ ᠤᠨ ᠡᠮᠦᠨ᠎ᠠ᠂ ᠴᠢᠨ᠋ᠸ᠎ᠠ ᠶᠢᠨ ᠡᠬᠦᠷ ᠠᠴᠠ ᠪᠡᠯᠳᠡᠷᠭᠡ ᠰᠤᠶᠢᠯᠠᠬᠤ ᠳᠠᠭᠠᠨ ᠲᠤᠨᠢᠶ᠎ᠠ ᠮᠠᠭᠤᠳᠠᠢ ᠬᠤᠶᠠᠷ ᠢ ᠨᠢ ᠬᠠᠳᠠᠨ ᠳᠤ ᠨᠢᠳᠤ ᠶᠢ ᠨᠢ ᠪᠦᠯᠳᠡᠷᠡᠳᠡᠯ᠎ᠠ ᠰᠢᠪᠬᠠᠭᠤᠷᠳᠠᠨ ᠠᠯᠠᠭᠰᠠᠨ ᠢᠶᠠᠨ ᠰᠠᠨᠠᠵᠤ ᠠᠮᠵᠢᠯ᠎ᠠ᠃ ᠪᠤᠰᠤᠳ ᠢ ᠨᠢ ᠰᠢᠭᠤᠳᠠᠶᠢᠯᠠᠵᠤ ᠠᠮᠢᠳᠤ ᠪᠠᠷ ᠨᠢ ᠬᠡᠷ ᠲᠡᠭᠡᠨ ᠠᠪᠠᠴᠢᠭᠰᠠᠨ ᠪᠢᠯᠨ᠃      ᠤᠳᠤ ᠬᠡᠳᠡᠯ᠎ᠠ ᠬᠢᠰᠡᠨ ᠨᠢᠬᠦᠯ ᠤᠨ ᠬᠢᠨᠢ ᠭᠤᠷ ⑤ ᠭᠠᠷᠴᠤ᠂ ᠴᠢᠨ᠋ᠸ᠎ᠠ ᠳᠤ ᠪᠠᠷᠢᠭᠤᠯᠬᠤ ᠴᠠᠭ ᠢᠷᠡᠬᠦ ᠨᠢ ᠡᠨᠡ ᠦᠦ ᠬᠡᠮᠡᠨ ᠵᠢᠷᠦᠭᠡ ᠪᠠᠯᠪᠠᠯᠵᠠᠨ ᠠᠶᠤᠨ ᠴᠡᠴᠡᠷᠡᠵᠤ ᠪᠤᠳᠤᠯ᠎ᠠ᠃ ᠦᠯᠦᠭᠴᠢᠨ ᠡᠬᠡ ᠴᠢᠨ᠋ᠸ᠎ᠠ ᠲᠠᠭᠠᠭᠰᠠᠭᠠᠷ ᠯᠡ ᠪᠠᠶᠢᠪᠠ ᠁ ᠲᠠᠶᠢᠯᠪᠤᠷᠢ᠄① ᠪᠢᠳᠤᠨ — ᠲᠠᠭ ᠲᠠᠢ ᠬᠤᠪᠢᠩ᠃② ᠪᠠᠬᠢ — ᠬᠠᠪᠴᠢᠵᠤ ᠴᠢᠮᠬᠢᠬᠦ ᠦᠷᠦᠯᠪᠢ᠃③ ᠵᠠᠭᠰᠠᠬᠤ — ᠬᠠᠯᠠᠭᠤᠨ ᠶᠠᠭᠤᠮᠠᠨ ᠤ ᠬᠦᠷᠦᠵᠤ ᠴᠠᠷᠴᠠᠩᠬᠢ ᠪᠤᠯᠬᠤ᠄ ᠰᠦ ᠵᠠᠭᠰᠠᠬᠤ᠂ ᠲᠤᠰᠤ ᠵᠠᠭᠰᠠᠬᠤ᠃④ ᠰᠦᠳᠦᠷᠭᠡ — ᠮᠤᠷᠢᠨ ᠤ ᠲᠤᠭᠤᠷᠠᠢ ᠪᠠ ᠪᠠᠷᠪᠡᠭᠡᠢ ᠶᠢᠨ ᠵᠠᠭᠠᠭ ᠲᠤ ᠭᠠᠷᠳᠠᠭ ᠨᠢᠭᠡᠨ ᠵᠦᠢᠯ ᠤᠨ ᠶᠠᠷ᠎ᠠ᠃⑤ ᠭᠤᠷ — ᠠᠳᠠ ᠶᠠᠮᠠᠷ ᠨᠢᠭᠡᠨ ᠵᠦᠢ ᠪᠤᠰᠤ ᠠᠷᠭ᠎ᠠ ᠪᠠᠷ ᠤᠯᠤᠭᠰᠠᠨ ᠡᠳ᠋ ᠢᠳᠡᠭᠡᠨ ᠢ ᠵᠢᠭᠠᠵᠠᠢ᠃            ︵www.biirbeh.mn᠎ ᠠᠴᠠ ᠬᠦᠷᠪᠡᠬᠦᠯᠪᠡ︶ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号