ᠬᠡᠦᠬᠡᠳ ᠢᠶᠠᠨ ᠠᠮᠢᠳᠤᠷᠠᠯ ᠤᠨ ᠵᠥᠪ ᠬᠡᠪᠰᠢᠯ ᠳᠤ ᠰᠤᠷᠭᠠᠬᠤ ᠨᠢ
ᠨᠡᠶᠢᠲᠡᠯᠡᠭᠰᠡᠨ ᠴᠠᠭ᠄
2014/12/16
       ᠬᠡᠦᠬᠡᠳ ᠢᠶᠠᠨ ᠵᠥᠪ ᠬᠡᠪᠰᠢᠯ ᠳᠤ ᠰᠤᠷᠭᠠᠬᠤ ᠨᠢ ᠲᠡᠭᠦᠨ ᠤ ᠠᠮᠢᠳᠤᠷᠠᠯ ᠳᠤ ᠡᠴᠢᠭᠡ ᠡᠬᠡ ᠶᠢᠨ ᠬᠢᠨᠢ ᠣᠷᠣᠭᠤᠯᠵᠤ ᠪᠠᠶᠢᠭ᠎ᠠ ᠮᠠᠰᠢ ᠲᠣᠮᠣ ᠬᠥᠷᠥᠩᠭᠡ ᠪᠢᠯᠡ᠃ 1-5 ᠨᠠᠰᠤᠨ ᠤ ᠮᠠᠭᠤ ᠵᠤᠷᠰᠢᠯ᠂ ᠡᠪᠡᠳᠴᠢᠯᠡᠯ᠂ ᠪᠡᠷᠲᠡᠯ ᠤᠨ 90 ᠬᠤᠪᠢ ᠨᠢ ᠡᠴᠢᠭᠡ ᠡᠬᠡ ᠶᠢᠨ ᠡᠭᠦᠷᠭᠡ ᠪᠠᠨ ᠬᠡᠷᠬᠢᠨ ᠪᠡᠶᠡᠯᠡᠭᠦᠯᠦᠭᠰᠡᠨ ᠠᠴᠠ ᠬᠠᠮᠢᠶᠠᠷᠳᠠᠭ᠃ ᠡᠶᠢᠮᠦ ᠳᠤ ᠲᠤᠮᠤ ᠵᠢᠵᠢᠭ ᠦᠭᠡᠢ ᠪᠦᠬᠦ ᠵᠦᠢᠯ ᠳᠡᠭᠡᠷ᠎ᠡ ᠬᠡᠦᠬᠡᠳ ᠲᠡᠭᠡᠨ ᠦᠯᠢᠭᠡᠷᠯᠡᠵᠦ᠂ ᠰᠠᠶᠢᠨ ᠵᠦᠢᠯ ᠳᠤ ᠰᠤᠷᠭᠠᠵᠤ ᠪᠠᠶᠢᠬᠤ ᠬᠡᠷᠡᠭᠲᠡᠢ᠃ ᠡᠭᠦᠨ ᠢ ᠬᠡᠷᠡᠭᠵᠢᠭᠦᠯᠬᠦ ᠳᠤ ᠳᠥᠬᠦᠮ ᠪᠣᠯᠬᠤ ᠡᠭᠦᠳᠡᠨ ᠠᠴᠠ ᠳᠠᠷᠠᠭᠠᠬᠢ ᠵᠢᠱᠢᠶ᠎ᠡ ᠨᠦᠭᠦᠳ ᠢ ᠣᠷᠣᠭᠤᠯᠤᠯ᠎ᠠ᠃ ᠬᠡᠦᠬᠡᠳ ᠢᠶᠠᠨ ᠡᠳᠡᠭᠡᠷ ᠲᠤ ᠰᠤᠷᠭᠠᠬᠤ ᠶᠢᠨ ᠲᠤᠯᠠᠳᠠ ᠴᠢ ᠥᠪᠡᠷ ᠢᠶᠠᠨ ᠳᠣᠣᠷᠠᠬᠢ ᠤᠶᠢᠯᠡ ᠤᠳ ᠢ ᠲᠣᠭᠲᠠᠮᠠᠯ ᠬᠠᠮᠲᠤ ᠬᠢᠭᠡᠷᠡᠢ᠃       1. ᠣᠷᠣᠢ ᠤᠨᠲᠠᠬᠤ᠂ ᠬᠤᠭᠤᠯᠠ ᠢᠳᠡᠬᠦ ᠶᠢᠨ ᠡᠮᠦᠨ᠎ᠡ ᠬᠡᠦᠬᠡᠳ ᠢᠶᠠᠨ ᠰᠡᠳᠬᠢᠯ ᠢᠶᠠᠷ ᠤᠨᠠᠭᠠᠵᠤ᠂ ᠪᠤᠬᠢᠨᠢᠳᠤᠭᠤᠯᠵᠤ ᠪᠣᠯᠬᠤ ᠦᠭᠡᠢ᠃ ᠲᠡᠶᠢᠮᠦ ᠪᠣᠯᠬᠤᠷ ᠬᠡᠴᠢᠨᠡᠨ ᠪᠤᠷᠤᠭᠤ ᠵᠦᠢᠯ ᠬᠢᠭᠰᠡᠨ ᠴᠤ ᠬᠤᠭᠤᠯᠠ ᠪᠠᠨ ᠢᠳᠡᠵᠦ ᠳᠠᠭᠤᠰᠲᠠᠯ᠎ᠠ ᠨᠢ ᠶᠠᠷᠢᠯᠴᠠᠬᠤ ᠪᠠᠨ ᠬᠤᠶᠢᠰᠢᠯᠠᠭᠤᠯᠤᠭᠠᠷᠠᠢ᠃ ᠠᠭᠤᠷ ᠲᠠᠢ ᠦᠶ᠎ᠡ ᠳᠤ ᠬᠤᠭᠤᠯᠠ ᠢᠳᠡᠪᠡᠯ ᠡᠪᠡᠳᠬᠦ ᠮᠠᠭᠠᠳᠯᠠᠯ ᠶᠡᠬᠡᠰᠡᠨ᠎ᠡ᠃       2. ᠣᠷᠣᠢ ᠪᠦᠷᠢ ᠦᠯᠢᠭᠡᠷ᠂ ᠪᠦᠪᠡᠢ ᠶᠢᠨ ᠳᠠᠭᠤ ᠪᠠᠷ ᠤᠨᠲᠠᠭᠤᠯᠵᠤ ᠪᠠᠶᠢᠭᠠᠷᠠᠢ᠃ ᠪᠦᠲᠦᠨ ᠦᠯᠢᠭᠡᠷ ᠢ ᠳᠠᠭᠤᠰᠲᠠᠯ᠎ᠠ ᠨᠢ ᠤᠩᠰᠢᠬᠤ ᠠᠯᠪᠠ ᠦᠭᠡᠢ ᠪᠣᠯᠬᠤᠷ ᠴᠢᠮ᠎ᠠ ᠳᠤ ᠨᠢᠭᠡ ᠶᠡᠭᠡ ᠴᠠᠭ ᠱᠠᠭᠠᠷᠳᠠᠯᠭ᠎ᠠ ᠦᠭᠡᠢ ᠃ ᠨᠢᠭᠡ ᠬᠡᠰᠡᠭ ᠦᠢᠯᠡ ᠶᠠᠪᠤᠳᠠᠯ ᠢ ᠳᠠᠭᠤᠰᠬᠠᠭᠠᠳ ︽ᠳᠠᠷᠠᠭ᠎ᠠ ᠨᠢ ᠶᠠᠭᠤ ᠪᠣᠯᠬᠤ ᠪᠣᠯ︖ ᠮᠠᠷᠭᠠᠰᠢ ᠦᠷᠭᠦᠯᠵᠢᠯᠡᠯ ᠢ ᠨᠢ ᠤᠩᠰᠢᠵᠠᠭᠠᠶ᠎ᠠ︾ ᠭᠡᠬᠦ ᠮᠡᠲᠦ ᠬᠡᠦᠬᠡᠳ ᠲᠤ ᠬᠦᠯᠢᠶᠡᠯᠲᠡ ᠡᠭᠦᠰᠬᠡᠵᠦ ᠪᠣᠯᠤᠨ᠎ᠠ᠃ ᠡᠨᠡ ᠨᠢ ᠲᠥᠰᠥᠭᠡᠯᠡᠨ ᠪᠣᠳᠣᠬᠤ ᠴᠢᠳᠠᠪᠤᠷᠢ ᠨᠢ ᠬᠥᠭᠵᠢᠬᠦ ᠳᠤ ᠲᠤᠰᠠᠲᠠᠢ᠃ ᠮᠥᠨ ᠤᠨᠲᠠᠬᠤ ᠶᠢᠨ ᠡᠮᠦᠨ᠎ᠡ ᠶᠠᠮᠠᠷ ᠨᠢᠭᠡ ᠰᠢᠯᠲᠠᠭᠠᠨ ᠢᠶᠠᠷ ᠤᠬᠢᠯᠠᠭᠰᠠᠨ ᠪᠣᠯ ᠵᠠᠪᠠᠯ ᠲᠠᠶᠢᠪᠤᠰᠢᠷᠠᠭᠤᠯᠵᠤ ᠪᠠᠶᠢᠭᠠᠳ ᠤᠨᠲᠠᠭᠤᠯᠵᠤ ᠪᠠᠶᠢᠭᠠᠷᠠᠢ ᠡᠰᠡ ᠪᠥᠭᠡᠰᠦ ᠦᠰᠦᠯᠲᠡ ᠳᠤ ᠨᠢ ᠨᠥᠯᠦᠭᠡᠯᠡᠨ᠎ᠡ᠃       3. ᠥᠷᠯᠥᠭᠡ ᠪᠦᠷᠢ ᠬᠠᠮᠲᠤᠳᠠ ᠪᠠᠨ ᠠᠮᠠ ᠪᠠᠨ ᠵᠠᠶᠢᠯᠵᠤ ᠪᠠᠢ᠃ 7 ᠬᠤᠨᠤᠭ ᠤᠨ 3 ᠡᠳᠦᠷ ᠰᠣᠳᠠ ᠲᠠᠢ᠂ 3 ᠡᠳᠦᠷ ᠳᠠᠪᠤᠰᠤᠲᠠᠢ᠂ 1 ᠡᠳᠦᠷ ᠴᠡᠪᠡᠷ ᠤᠰᠤ ᠪᠠᠷ ᠭᠡᠬᠦ ᠮᠡᠲᠦ ᠡᠭᠡᠯᠵᠢᠯᠡᠨ ᠵᠠᠶᠢᠯᠠᠭᠠᠷᠠᠢ᠃ ᠤᠴᠢᠷ ᠨᠢ ᠨᠢᠭᠡ ᠲᠥᠷᠥᠯ ᠤᠨ ᠠᠭᠤᠰᠤᠮᠠᠯ ᠢᠶᠠᠷ ᠪᠠᠶᠢᠩᠭᠤ ᠵᠠᠶᠢᠯᠠᠬᠤ ᠨᠢ ᠦᠢᠯᠡᠴᠢᠯᠡᠭᠡ ᠶᠢ ᠪᠠᠭᠠᠰᠬᠠᠳᠠᠭ᠃       4. ᠪᠡᠶ᠎ᠡ ᠵᠠᠰᠠᠭᠰᠠᠨ ᠤ ᠳᠠᠷᠠᠭ᠎ᠠ ᠤᠰᠤ ᠪᠠᠨ ᠲᠠᠷᠤᠬᠤ᠂ ᠭᠠᠷ ᠢᠶᠠᠨ ᠤᠬᠢᠶᠠᠬᠤ᠃ 5. ᠬᠤᠭ ᠤᠨ ᠰᠠᠪᠠᠨ ᠳᠤ ᠭᠠᠷ ᠢᠶᠠᠨ ᠬᠦᠷᠭᠡᠯ ᠦᠭᠡᠢ ᠬᠤᠭ ᠬᠠᠶᠠᠬᠤ᠃       6. ᠰᠢᠳᠦ ᠪᠠᠨ ᠪᠦᠷᠢᠨ ᠵᠥᠪ ᠤᠬᠢᠶᠠᠬᠤ᠃       7. ᠠᠮᠠ ᠣᠷᠣᠭᠤ ᠵᠥᠪᠬᠡᠨ ᠢᠳᠡᠬᠦ᠂ ᠣᠣᠭᠤᠬᠤ ᠵᠦᠢᠯ ᠣᠷᠣᠳᠠᠭ ᠪᠣᠯᠬᠤ ᠶᠢ ᠲᠠᠶᠢᠯᠪᠤᠷᠢᠯᠠᠵᠤ ᠥᠭᠭᠦᠭᠡᠷᠡᠢ᠃       8. ᠭᠠᠷ ᠢᠶᠠᠨ ᠪᠣᠬᠢᠷᠳᠠᠬᠤ ᠪᠦᠷᠢ ᠳᠤ ᠣᠭᠢᠶᠠᠬᠤ ᠦᠭᠡᠢ ᠪᠣᠯ ᠭᠠᠷ ᠨᠢ ᠡᠵᠡᠨ ᠳᠤ ᠪᠠᠨ ᠭᠤᠮᠣᠳᠠᠭᠠᠳ ᠤᠬᠢᠯᠠᠨ᠎ᠠ ᠭᠡᠵᠦ ᠣᠶᠢᠯᠠᠭᠠᠭᠤᠯᠪᠠᠯ ᠥᠪᠡᠷᠰᠡᠳ ᠢᠶᠠᠨ ᠤᠭᠢᠶᠠᠳᠠᠭ ᠪᠣᠯᠤᠨ᠎ᠠ᠃       9. ᠨᠢᠰᠤ ᠪᠠᠨ ᠨᠢᠭᠢᠬᠦ ᠶᠢ ᠰᠣᠷᠤᠭ᠎ᠠ ᠦᠭᠡᠢ ᠬᠡᠦᠬᠡᠳ ᠲᠤ ᠰᠢᠷᠡᠭᠡᠨ ᠳᠡᠭᠡᠷ᠎ᠡ ᠬᠡᠶᠢᠳᠣ ᠪᠦᠮᠪᠦᠭᠡ ᠨᠦᠭᠦᠳ ᠲᠠᠯᠪᠢᠭᠠᠳ᠂ ᠰᠢᠷᠡᠭᠡᠨ ᠤ ᠲᠠᠪᠴᠠᠩ ᠠᠴᠠ ᠬᠠᠮᠠᠷ ᠠᠴᠠ ᠳᠡᠭᠡᠭᠰᠢ ᠬᠡᠰᠡᠭ ᠨᠢ ᠴᠤᠬᠤᠶᠢᠭᠰᠠᠨ ᠪᠠᠶᠢᠬᠤ ᠪᠠᠷ ᠰᠠᠭᠤᠯᠭᠠᠭᠠᠳ ᠬᠠᠮᠠᠷ ᠢᠶᠠᠷ ᠨᠢ ᠪᠦᠮᠪᠦᠭᠡ ᠨᠦᠭᠦᠳ ᠢ ᠦᠯᠢᠶᠡᠯᠭᠡᠵᠦ ᠰᠤᠷᠭᠠᠭᠠᠷᠠᠢ᠃       10. ᠬᠡᠦᠬᠡᠳ ᠴᠤ ᠪᠠᠰᠠ ᠬᠦᠮᠦᠨ ᠤᠴᠢᠷ ᠠᠴᠠ᠂ ᠠᠭᠤᠷᠯᠠᠮᠠᠷ᠂ ᠤᠬᠢᠯᠠᠮᠠᠷ᠂ ᠵᠥᠷᠢᠭᠦᠳᠯᠡᠮᠡᠷ ᠮᠦᠴᠡ ᠳᠤ ᠲᠣᠬᠢᠶᠠᠯᠳᠤᠵᠤ ᠪᠠᠶᠢᠭ᠎ᠠ᠃ ᠲᠡᠷᠡ ᠦᠶ᠎ᠡ ᠳᠤ ᠤᠷᠲᠤ ᠠᠮᠢᠰᠬᠤᠭ᠎ᠠ ᠠᠪᠤᠭᠠᠳ᠂ ᠠᠮᠠ ᠪᠠᠷ ᠢᠶᠠᠨ ᠠᠮᠢᠰᠬᠤᠯ ᠢᠶᠠᠨ ᠭᠠᠷᠭᠠᠬᠤ ᠳᠠᠰᠬᠠᠯ ᠢ ᠭᠠᠭᠴᠠᠭᠠᠷ ᠢᠶᠠᠨ ᠥᠷᠥᠭᠡᠨ ᠳᠤ ᠪᠠᠨ ᠣᠷᠣᠭᠠᠳ ᠨᠢᠭᠡ ᠪᠤᠯᠤᠩ ᠳᠤ ᠭᠠᠭᠴᠠᠭᠠᠷ ᠢᠶᠠᠨ ᠰᠠᠭᠤᠭᠠᠳ ᠣᠯᠠᠨ ᠤᠳᠠᠭ᠎ᠠ ᠬᠢ ᠭᠡᠵᠦ ᠬᠡᠯᠡᠵᠦ ᠪᠣᠯᠤᠨ᠎ᠠ᠃ ᠪᠢᠳᠡ ᠬᠡᠦᠬᠡᠳ ᠢᠶᠠᠨ ᠨᠢᠯᠬ᠎ᠠ ᠪᠠᠭ᠎ᠠ ᠤᠴᠢᠷ ᠠᠴᠠ ᠴᠢᠳᠠᠬᠤ ᠦᠭᠡᠢ ᠭᠡᠵᠦ ᠮᠠᠰᠢ ᠣᠯᠠᠨ ᠵᠦᠢᠯ ᠳᠡᠭᠡᠷ᠎ᠡ ᠳᠤᠲᠠᠭᠤ ᠦᠨᠡᠯᠡᠳᠡᠭ᠃ ᠭᠡᠪᠡᠴᠦ ᠲᠡᠳᠡ ᠪᠢᠳᠡᠨ ᠤ ᠪᠣᠳᠣᠳᠠᠭ ᠠᠴᠠ ᠢᠯᠡᠭᠦᠦ ᠴᠢᠳᠠᠪᠤᠷᠢᠲᠠᠢ᠃ ᠮᠢᠨᠦ ᠬᠦᠦ / ᠥᠬᠢᠨ ᠰᠠᠶᠢᠨ ᠬᠦᠮᠦᠨ ᠪᠣᠯᠬᠤ ᠤᠴᠢᠷ ᠠᠴᠠ ᠠᠭᠤᠷᠯᠠᠬᠤ ᠮᠠᠭᠤᠬᠠᠢ᠃ ᠠᠭᠤᠷᠯᠠᠮᠠᠷ ᠦᠶ᠎ᠡ ᠳᠤ ᠪᠠᠨ ᠠᠮᠢᠰᠬᠤᠯ ᠤᠨ ᠳᠠᠰᠬᠠᠯ ᠢᠶᠠᠨ ᠬᠢᠭᠡᠳ ᠲᠠᠶᠢᠪᠤᠰᠢᠷᠠᠭᠠᠷᠠᠢ᠃ ᠮᠠᠭᠤᠬᠠᠢ ᠠᠭᠠᠰᠢᠯᠠᠭᠠᠳ ᠪᠠᠶᠢᠭ᠎ᠠ ᠨᠠᠶᠢᠵᠠ ᠳᠤ ᠪᠠᠨ ᠴᠤ ᠪᠠᠰᠠ ᠳᠠᠰᠬᠠᠯ ᠢᠶᠠᠨ ᠵᠢᠭᠠᠵᠤ ᠥᠭᠬᠦ ᠶᠢ ᠵᠥᠪᠯᠡᠭᠡᠷᠡᠢ᠃       11. ᠬᠡᠦᠬᠡᠳ ᠢᠶᠠᠨ ᠬᠠᠩᠭᠠᠯᠲᠠᠲᠠᠢ ᠤᠨᠲᠠᠭᠤᠯᠵᠤ ᠠᠮᠠᠷᠠᠭᠠᠬᠤ ᠬᠡᠷᠡᠭᠲᠡᠢ᠃ ᠣᠷᠣᠢ 9 ᠴᠠᠭ ᠠᠴᠠ ᠬᠡᠲᠦᠷᠡᠭᠦᠯᠬᠦ ᠦᠭᠡᠢ ᠣᠷᠣᠨ ᠳᠤ ᠨᠢ ᠣᠷᠣᠭᠤᠯᠳᠠᠭ ᠪᠠᠶᠢᠪᠠᠯ ᠰᠠᠶᠢᠨ᠃ ᠮᠡᠳᠡᠭᠡᠵᠢ ᠴᠢ ᠥᠪᠡᠷ ᠢᠶᠠᠨ ᠤᠨᠲᠠᠬᠤ ᠦᠭᠡᠢ ᠪᠠᠶᠢᠭᠠᠳ ᠬᠡᠦᠬᠡᠳ ᠢᠶᠠᠨ ᠣᠨᠳᠠ ᠣᠨᠳᠠ ᠭᠡᠪᠡᠯ ᠲᠡᠷᠡ ᠴᠤ ᠪᠠᠰᠠ ᠺᠢᠨᠣ᠋ ᠦᠵᠡᠨ᠎ᠡ ᠭᠡᠳ ᠰᠠᠭᠤᠴᠢᠬᠠᠨ᠎ᠠ᠃ ᠲᠡᠶᠢᠮᠦ ᠠᠴᠠ ᠥᠪᠡᠷ ᠢᠶᠠᠨ ᠣᠷᠣᠢ ᠤᠨᠲᠠᠳᠠᠭ ᠪᠠᠶᠢᠭᠰᠠᠨ ᠴᠤ ᠬᠡᠦᠬᠡᠳ ᠲᠤ ᠪᠠᠨ 20 ᠮᠢᠨᠦ᠋ᠲ ᠵᠠᠷᠤᠴᠠᠭᠤᠯᠤᠭᠠᠳ ᠬᠠᠮᠲᠤ ᠬᠡᠪᠲᠡᠵᠦ ᠤᠨᠲᠠᠭᠤᠯᠴᠢᠬᠠᠭᠠᠳ ᠡᠷᠭᠢᠵᠦ ᠪᠤᠰᠴᠣ ᠪᠣᠯᠤᠨ᠎ᠠ᠃ ᠭᠡᠬᠦ ᠳᠤ ᠪᠠᠨ ᠡᠷᠲᠡ ᠤᠨᠲᠠᠵᠤ᠂ ᠡᠷᠲᠡ ᠪᠣᠰᠬᠤ ᠨᠢ ᠬᠡᠨ ᠬᠡᠨ ᠳᠤ ᠨᠢ ᠰᠠᠶᠢᠨ ᠰᠢᠦ᠃       12. ᠰᠠᠶᠢᠨ ᠭᠡᠰᠡᠨ ᠸᠢᠲ᠋ᠠᠮᠢᠨ ᠪᠣᠯᠭᠠᠨ ᠤ ᠨᠠᠶᠢᠷᠠᠯᠭ᠎ᠠ ᠶᠢ᠂ ᠪᠠᠲᠤᠯᠠᠭᠠᠲᠤ ᠪᠠᠶᠢᠳᠠᠯ ᠢ ᠨᠢ ᠰᠢᠯᠭᠠᠯ ᠦᠭᠡᠢ ᠪᠠᠷ ᠬᠡᠦᠬᠡᠳ ᠲᠤ ᠪᠠᠨ ᠥᠭᠬᠦ ᠨᠢ ᠬᠤᠣᠷᠯᠠᠵᠤ ᠪᠤᠢ ᠠᠴᠠ ᠢᠯᠭᠠᠭ᠎ᠠ ᠦᠭᠡᠢ᠃ ᠬᠡᠦᠬᠡᠳ ᠲᠤ ᠦᠨᠡᠬᠡᠷ ᠳᠤᠲᠠᠭᠳᠠᠵᠤ ᠪᠠᠶᠢᠭ᠎ᠠ ᠸᠢᠲ᠋ᠠᠮᠢᠨ ᠢ ᠨᠢ ᠡᠮᠴᠢ ᠶᠢᠨ ᠵᠢᠭᠠᠪᠤᠷᠢᠯᠠᠭᠰᠠᠨ ᠬᠡᠮᠵᠢᠶ᠎ᠡ ᠪᠠᠷ ᠥᠭᠬᠦ ᠠᠴᠠ ᠪᠤᠰᠤ ᠬᠡᠦᠬᠡᠳ ᠪᠠᠶᠢᠩᠭᠤ ᠸᠢᠲ᠋ᠠᠮᠢᠨ ᠤᠤᠭᠤᠵᠤ ᠪᠠᠶᠢᠵᠤ ᠡᠷᠡᠭᠦᠯ ᠥᠰᠦᠨ᠎ᠡ ᠭᠡᠰᠡᠨ ᠣᠨᠣᠯ ᠪᠠᠶᠢᠬᠤ ᠦᠭᠡᠢ᠃ ᠬᠡᠲᠦ ᠶᠡᠭᠡ ᠸᠢᠲ᠋ᠠᠮᠢᠨ᠂ ᠨᠡᠮᠡᠯᠲᠡ ᠪᠣᠳᠠᠰ ᠤᠨ ᠨᠥᠯᠥᠭᠡ ᠪᠠᠷ ᠣᠳᠣ ᠶᠢᠨ ᠬᠡᠦᠬᠡᠳ ᠤᠳ ᠤᠨ ᠬᠥᠭᠵᠢᠯ ᠨᠠᠰᠤᠨ ᠠᠴᠠ ᠪᠠᠨ ᠡᠷᠲᠡ ᠶᠠᠪᠤᠭᠳᠠᠬᠤ ᠬᠠᠨᠳᠤᠯᠭ᠎ᠠ ᠲᠦᠭᠡᠮᠡᠯ ᠪᠠᠶᠢᠨ᠎ᠠ᠃ ᠭᠡᠲᠡᠯ᠎ᠡ ᠬᠡᠦᠬᠡᠳ ᠪᠠᠶᠢᠭᠠᠯᠢ ᠶᠢᠨ ᠢᠶᠠᠨ ᠵᠢᠮ᠎ᠠ ᠪᠠᠷ ᠥᠰᠬᠦ ᠡᠷᠬᠡ ᠲᠠᠢ᠃       13. ᠪᠦᠲᠦᠭᠡᠭᠳᠡᠬᠦᠨ ᠰᠤᠩᠭᠤᠬᠤ ᠥᠪᠡᠷ ᠤᠨ ᠴᠢᠳᠠᠪᠤᠷᠢ ᠪᠠᠨ ᠨᠡᠮᠡᠭᠳᠡᠭᠦᠯᠬᠦ ᠬᠡᠷᠡᠭᠲᠡᠢ ᠰᠢᠦ᠃ ᠳᠡᠯᠭᠡᠭᠦᠷ ᠲᠤ ᠬᠦᠨᠡᠰᠦ ᠪᠠᠨ ᠴᠤᠭᠯᠠᠭᠤᠯᠬᠤ ᠳᠤ ᠪᠠᠨ ᠦᠢᠯᠡᠳᠪᠦᠷᠢᠯᠡᠭᠰᠡᠨ ᠬᠤᠭᠤᠴᠠᠭ᠎ᠠ᠂ ᠳᠠᠭᠤᠰᠬᠤ ᠬᠤᠭᠤᠴᠠᠭ᠎ᠠ ᠶᠢ ᠰᠢᠯᠭᠠᠳᠠᠭ ᠰᠢᠭ᠋ ᠡᠮ ᠤᠨ ᠪᠦᠲᠦᠭᠡᠭᠳᠡᠬᠦᠨ ᠤ ᠨᠠᠶᠢᠷᠠᠯᠭ᠎ᠠ᠂ ᠬᠤᠪᠴᠠᠰᠤᠨ ᠤ ᠳᠠᠪᠤᠤ᠂ ᠨᠡᠶᠢᠯᠢᠭ ᠤᠨ ᠬᠡᠮᠵᠢᠶ᠎ᠡ ᠵᠡᠷᠭᠡ ᠶᠢ ᠪᠣᠳᠣᠯᠴᠠᠵᠤ ᠰᠣᠩᠭᠤᠵᠤ ᠪᠠᠶᠢᠭᠠᠷᠠᠢ᠃ ᠲᠡᠷᠡ ᠪᠦᠬᠦ ᠫᠷᠣᠼᠧᠰᠰ ᠢᠶᠠᠨ ᠬᠡᠦᠬᠡᠳ ᠲᠠᠢ ᠪᠠᠨ ᠶᠠᠷᠢᠯᠴᠠᠵᠤ ᠪᠠᠶᠢᠪᠠᠯ ᠣᠳᠣᠬᠠᠨ ᠳᠤ ᠪᠠᠨ ᠪᠦᠷᠢᠨ ᠣᠶᠢᠯᠠᠭᠠᠬᠤ ᠦᠭᠡᠢ ᠴᠤ ᠬᠠᠷᠠᠭᠰᠠᠨ ᠪᠦᠬᠦᠨ ᠢᠶᠠᠨ ᠠᠪᠴᠤ ᠪᠣᠯᠬᠤ ᠦᠭᠡᠢ ᠶᠤᠮ ᠪᠠᠶᠢᠨ᠎ᠠ ᠭᠡᠳᠡᠭ ᠢ ᠣᠶᠢᠯᠠᠭᠠᠵᠤ ᠠᠪᠤᠨ᠎ᠠ᠃       14. ᠬᠡᠦᠬᠡᠳ ᠥᠪᠡᠷ ᠢ ᠪᠠᠨ ᠪᠡᠷᠲᠡᠯ᠂ ᠭᠡᠮᠲᠦᠯ ᠠᠴᠠ ᠬᠠᠮᠠᠭᠠᠯᠠᠬᠤ ᠶᠢᠨ ᠲᠤᠯᠠᠳᠠ ᠮᠠᠰᠢ ᠣᠯᠠᠨ ᠵᠦᠢᠯ ᠢ ᠥᠪᠡᠷ ᠢᠶᠠᠨ ᠬᠢᠵᠦ ᠴᠢᠳᠠᠨ᠎ᠠ᠃ ᠪᠦᠬᠦᠨ ᠢ ᠴᠢ ᠴᠢᠳᠠᠬᠤ ᠦᠭᠡᠢ᠂ ᠮᠡᠳᠡᠬᠦ ᠦᠭᠡᠢ ᠭᠡᠬᠦ ᠶᠢᠨ ᠣᠷᠣᠨ ᠳᠤ ᠭᠤᠳᠤᠮᠵᠢᠨ ᠳᠤ ᠲᠠᠭᠠᠷᠠᠯᠳᠤᠭᠰᠠᠨ ᠨᠦᠬᠡ ᠶᠢ ᠲᠣᠭᠤᠷᠢᠭᠠᠳ ᠭᠠᠷᠬᠤ ᠳᠤ ᠨᠢ᠂ ᠥᠨᠳᠥᠷ ᠠᠴᠠ ᠦᠰᠦᠷᠬᠦ ᠠᠶᠤᠯᠲᠠᠢ ᠭᠡᠵᠦ ᠨᠠᠶᠢᠵᠠ ᠳᠤ ᠪᠠᠨ ᠬᠡᠯᠡᠬᠦ ᠳᠤ ᠨᠢ ᠤᠷᠮᠠᠰᠢᠭᠤᠯᠵᠤ᠂ ᠲᠡᠷᠡ ᠲᠠᠯ᠎ᠠ ᠪᠠᠷ ᠢᠯᠡᠭᠦᠦ ᠳᠡᠯᠭᠡᠷᠡᠩᠭᠦᠢ ᠶᠠᠷᠢᠯᠴᠠᠵᠤ ᠪᠠᠶᠢᠭᠠᠷᠠᠢ᠃       15. ᠰᠠᠷ᠎ᠠ ᠳᠤ ᠨᠢᠭᠡ ᠤᠳᠠᠭ᠎ᠠ ᠬᠦᠰᠡᠭᠰᠡᠨ ᠠᠮᠳᠠᠳᠠᠢ ᠶᠠᠭᠤᠮ᠎ᠠ ᠶᠢ ᠨᠢ ᠬᠡᠮᠵᠢᠶ᠎ᠡ ᠬᠢᠵᠠᠭᠠᠷᠯᠠᠬᠤ ᠦᠭᠡᠢ ᠪᠠᠷ ᠠᠪᠴᠤ ᠥᠭᠴᠦ ᠪᠠᠶᠢᠭᠠᠷᠠᠢ᠃ ᠬᠡᠴᠢᠨᠡᠨ ᠪᠡᠶ᠎ᠡ ᠳᠤ ᠮᠠᠭᠤ ᠭᠡᠭᠳᠡᠳᠡᠭ ᠴᠤ ᠪᠠᠶᠢᠩᠭᠤ ᠢᠳᠡᠬᠦ ᠳᠤᠷᠠᠲᠠᠢ ᠵᠦᠢᠯ ᠢ ᠨᠢ ᠬᠤᠷᠢᠬᠤ ᠨᠢ ᠲᠤᠬᠠᠢ ᠶᠢᠨ ᠵᠦᠢᠯ ᠳᠤ ᠢᠯᠡᠭᠦᠦ ᠶᠡᠭᠡ ᠰᠢᠨᠤᠬᠤ ᠬᠠᠭᠤᠷᠮᠠᠴᠢ ᠬᠡᠷᠡᠭᠴᠡᠭᠡ ᠶᠢ ᠪᠤᠢ ᠪᠣᠯᠭᠠᠵᠤ᠂ ᠰᠥᠰᠥ ᠬᠤᠳᠣᠭᠤᠳᠣᠨ ᠤ ᠦᠢᠯᠡ ᠠᠵᠢᠯᠯᠠᠭᠠᠨ ᠳᠤ ᠮᠠᠭᠤ ᠪᠠᠷ ᠨᠥᠯᠦᠭᠡᠯᠡᠳᠡᠭ᠃       16. ᠥᠷᠯᠥᠭᠡ ᠪᠣᠯᠤᠨ ᠡᠳᠦᠷ ᠤᠨ ᠲᠤᠷᠰᠢ ᠤᠰᠤ ᠰᠠᠶᠢᠨ ᠤᠤᠭᠤᠯᠭᠠᠵᠤ ᠰᠤᠷᠭᠠᠭᠠᠷᠠᠢ᠃ ᠵᠦᠭᠡᠷ ᠯᠠ ᠤᠰᠤ ᠪᠠᠨ ᠤᠤᠭᠤ᠂ ᠳᠠᠬᠢᠭᠠᠳ ᠣᠣᠭᠤ ᠭᠡᠬᠦ ᠶᠢᠨ ᠣᠷᠣᠨ ᠳᠤ ᠤᠰᠤ ᠰᠠᠶᠢᠨ ᠤᠤᠭᠤᠪᠠᠯ ᠬᠥᠭᠡᠷᠦᠬᠦᠨ ᠨᠢᠭᠤᠷᠲᠠᠢ᠂ ᠭᠢᠯᠠᠯᠵᠠᠭᠰᠠᠨ ᠦᠰᠦ ᠲᠠᠢ᠂ ᠥᠨᠳᠥᠷ ᠪᠣᠯᠳᠠᠭ ᠭᠡᠬᠢ ᠮᠡᠲᠦ ᠰᠠᠶᠢᠨ ᠲᠠᠯ᠎ᠠ ᠤᠳ ᠢ ᠥᠪᠡᠷ ᠲᠤ ᠨᠢ ᠣᠶᠢᠯᠠᠭᠠᠭᠳᠠᠬᠤ ᠬᠡᠯᠡᠯᠭᠡ ᠪᠠᠷ ᠬᠡᠯᠡᠭᠡᠳ ᠪᠠᠶᠢᠪᠠᠯ ᠠᠶᠠᠨᠳᠠᠭᠠᠨ ᠵᠤᠷᠰᠢᠯ ᠪᠣᠯᠤᠨ᠎ᠠ᠃ 
 
ᠢᠷᠡᠯᠲᠡ᠄ ᠬᠡᠰᠢᠭᠳᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号