ᠣᠰᠤ ᠪᠠᠨ ᠲᠡᠭᠡᠳᠦᠯᠡᠬᠦ ᠮᠤᠩᠭᠤᠯ ᠣᠬᠠᠭᠠᠨ ︵ᠨᠢᠬᠡ︶
ᠨᠡᠶᠢᠲᠡᠯᠡᠭᠰᠡᠨ ᠴᠠᠭ᠄
2014/11/7
       ᠮᠤᠩᠭᠤᠯᠴᠤᠳ ᠦᠨᠢ ᠡᠷᠳᠡᠨ ᠠᠴᠠ ᠢᠳᠡᠬᠡᠰᠢᠨ ᠰᠠᠭᠤᠭ᠎ᠠ ᠨᠣᠲᠤᠭ ᠣᠰᠤ ᠪᠠᠨ ᠬᠠᠶᠢᠷᠠᠯᠠᠨ ᠲᠡᠭᠡᠳᠦᠯᠡᠵᠤ᠂ ᠦᠷ᠎ᠡ ᠰᠢᠮ᠎ᠡ ᠶᠢ ᠨᠢ ᠬᠦᠷᠲᠡᠬᠦ ᠳᠡᠭᠡᠨ ᠪᠠᠶᠢᠭᠠᠯᠢ ᠣᠷᠴᠢᠨ ᠳᠠᠭᠠᠨ ᠬᠤᠣᠷ᠎ᠠ ᠬᠤᠬᠢᠷᠠᠯ ᠣᠴᠠᠷᠠᠭᠤᠯᠬᠤ ᠶᠢ ᠲᠤᠶᠢᠯ ᠢᠶᠠᠷ ᠴᠡᠬᠡᠷᠯᠡᠨ᠂ ᠠᠭᠤᠯᠨ ᠣᠰᠤ ᠪᠠᠨ ᠲᠠᠬᠢᠨ ᠣᠩᠭᠤᠯᠠᠨ ᠲᠠᠷᠬᠠᠯᠠᠵᠤ᠂ ︽ᠬᠦᠬᠡ ᠲᠡᠭᠷᠢ ᠡᠴᠢᠬᠡ ᠲᠠᠢ᠂ ᠬᠦᠪᠴᠢᠨ ᠲᠡᠯᠡᠬᠡᠢ ᠡᠵᠢ ᠲᠠᠢ︾ ᠬᠡᠮᠡᠨ ᠪᠠᠶᠢᠭᠠᠯᠢ ᠲᠡᠯᠡᠬᠡᠢ ᠪᠠᠨ ᠡᠴᠢᠬᠡ ᠡᠬᠡ ᠲᠠᠢ ᠪᠠᠨ ᠠᠳᠠᠯᠢ ᠲᠡᠬᠡᠳᠦᠯᠡᠨ ᠢᠷᠡᠭᠰᠡᠨ ᠰᠠᠶᠢᠬᠠᠨ ᠣᠯᠠᠮᠵᠢᠯᠠᠯᠳᠠᠢ ᠠᠷᠠᠳ ᠲᠦᠮᠡᠨ ᠪᠢᠯᠨ᠃ ᠪᠢᠳᠡᠨ ᠤ ᠡᠪᠦᠭᠡ ᠲᠡᠭᠡᠳᠦᠰ ᠬᠤᠶᠢᠴᠢ ᠦᠶ᠎ᠡ ᠶᠢᠨ ᠬᠢᠨ ᠳᠡᠭᠡᠨ ᠬᠠᠷᠢᠴᠠᠩᠭᠤᠢ ᠣᠩᠭᠤᠨ ᠲᠠᠩᠰᠤᠭ ᠪᠠᠶᠢᠭᠠᠯᠢ ᠶᠢ ᠦᠪᠯᠡᠬᠦᠯᠤᠨ ᠦᠯᠡᠳᠡᠭᠡᠭᠰᠡᠨ  ᠨᠢ ᠣᠨᠠᠭᠠᠨ ᠪᠠᠶᠢᠭᠠᠯᠢ᠂ ᠠᠭᠤᠯᠨ ᠣᠰᠤ ᠪᠠᠨ ᠬᠠᠶᠢᠷᠠᠯᠠᠨ ᠬᠠᠮᠠᠭᠠᠯᠠᠨ ᠢᠷᠡᠭᠰᠡᠨ ᠮᠠᠨ ᠤ ᠠᠷᠠᠳ ᠤᠨ ᠡᠨᠡᠬᠦ ᠣᠯᠠᠮᠵᠢᠯᠠᠯ ᠲᠠᠢ ᠬᠤᠯᠪᠣᠭ᠎ᠠ ᠲᠠᠢ ᠶᠤᠮ᠃       ᠮᠤᠩᠭᠤᠯᠴᠤᠳ ᠠᠯᠢᠪᠠ ᠷᠠᠰᠢᠶᠠᠨ ᠣᠰᠤ᠂ ᠪᠤᠯᠠᠭ ᠱᠠᠩᠳᠠ᠂ ᠭᠤᠣᠯ ᠮᠦᠷᠡᠨ ᠢᠶᠠᠨ ᠦᠪᠡᠷ ᠤᠨ ᠬᠡᠰᠡᠨ ᠡᠵᠡᠨ ᠰᠠᠬᠢᠭᠤᠰᠤ ᠲᠠᠢ ᠬᠡᠮᠡᠨ ᠰᠢᠳᠤᠨ ᠪᠢᠰᠢᠷᠡᠬᠦ ᠶᠢᠨ ᠵᠡᠷᠭᠡᠴᠡᠭᠡ ᠭᠠᠵᠠᠷ ᠣᠰᠤᠨ ᠤ ᠰᠠᠪᠳᠠᠭ᠂ ᠯᠤᠣᠰ  ᠤᠨ ᠡᠵᠡᠨ᠂ ᠣᠰᠤ ᠬᠤᠷ᠎ᠠ ᠶᠢᠨ ᠡᠵᠡᠨ᠂ ᠭᠠᠩ ᠵᠤᠳ ᠤᠨ ᠡᠵᠡᠨ ᠲᠡᠭᠷᠢ ᠪᠦᠬᠦᠳᠡ ᠣᠰᠤᠨ ᠳᠤᠳᠤᠷ᠎ᠠ ᠣᠷᠤᠰᠢᠳᠠᠭ ᠬᠡᠵᠤ ᠶᠡᠬᠡᠳᠡ ᠰᠦᠰᠦᠭᠯᠡᠨ ᠲᠡᠬᠡᠳᠦᠯᠡᠳᠡᠭ ᠠᠵᠠᠢ᠃ ᠣᠰᠤ ᠶᠢ ᠠᠮᠢ ᠶᠢᠨ ᠡᠬᠡ ᠦᠨᠳᠦᠰᠦ ᠭᠡᠵᠤ ᠦᠵᠡᠨ᠂ ᠡᠯᠳᠡᠪ ᠵᠤᠶᠢᠯ ᠢᠶᠠᠷ ᠪᠤᠬᠢᠷᠳᠠᠭᠤᠯᠬᠤ ᠶᠢ ᠴᠡᠬᠡᠷᠯᠡᠨ᠂ ᠦᠷᠬᠦᠯᠵᠢᠯᠡᠨ ᠠᠷᠢᠭᠤᠨ ᠲᠤᠩᠭᠠᠯᠠᠭ ᠪᠠᠶᠢᠯᠭᠠᠬᠤ  ᠶᠢᠨ ᠲᠤᠯᠠᠳᠠ ᠭᠤᠣᠯ ᠭᠤᠷᠤᠭ᠎ᠠ᠂ ᠪᠤᠯᠠᠭ ᠱᠠᠩᠳᠠ᠂ ᠨᠠᠭᠤᠷ ᠴᠦᠬᠦᠷᠤᠮ ᠢ ᠶᠡᠬᠡᠳᠡ ᠬᠦᠨᠳᠦᠳᠬᠡᠯ ᠲᠠᠢ ᠪᠠᠷ ᠪᠡᠯᠬᠡᠰᠢᠶᠡᠨ ᠨᠡᠷᠡᠯᠡᠵᠤ᠂ ᠣᠷᠬᠤᠨ ᠭᠤᠣᠯ ᠳᠤ ︽ᠲᠦᠰᠢᠶ᠎ᠡ ᠬᠦᠩ︾᠂ ᠲᠤᠣᠯᠨ ᠭᠤᠣᠯ ᠳᠤ ︽ᠬᠠᠳᠤᠨ ᠲᠤᠣᠯᠨ ︾ ᠴᠤᠯᠨ ᠣᠯᠭᠤᠨ ᠡᠷᠬᠦᠮᠵᠢᠯᠡᠵᠤ ᠪᠠᠶᠢᠬᠰᠡᠨ ᠪᠠᠷᠢᠮᠳᠠ᠂ ᠲᠡᠣᠬᠡ ᠶᠢᠨ ᠡᠬᠡ ᠰᠤᠷᠪᠣᠯᠵᠢ ᠳᠤ ᠲᠡᠮᠳᠡᠭᠯᠡᠭᠳᠡᠨ ᠦᠯᠡᠳᠡᠭᠰᠡᠨ ᠪᠠᠶᠢᠳᠠᠭ᠃       ᠨᠡᠬᠦᠵᠤ ᠪᠠᠭᠤᠬᠤ ᠳᠠᠭᠠᠨ ᠷᠠᠰᠢᠶᠠᠨ ᠪᠤᠯᠠᠭ ᠤᠨ ᠡᠬᠢᠨ ᠳᠤ ᠪᠠᠭᠤᠳᠠᠭ ᠦᠬᠡᠢ᠂ ᠪᠠᠭᠤᠬᠰᠡᠨ ᠴᠦ ᠰᠠᠭᠠᠬᠠᠯᠳᠠ ᠶᠢᠨ ᠣᠷᠴᠢᠮ ᠬᠡᠷ ᠢᠶᠠᠨ ᠪᠠᠷᠢᠵᠤ᠂ ᠦᠨᠡᠰᠦ ᠬᠤᠭ ᠢᠶᠠᠨ ᠣᠰᠤᠨ ᠤ ᠡᠬᠢ ᠠᠴᠠ ᠬᠤᠯᠨ ᠠᠰᠬᠠᠵᠤ᠂ ᠨᠡᠬᠦᠬᠦ ᠳᠡᠭᠡᠨ ᠪᠠᠭᠤᠷᠢ ᠪᠠᠨ ᠴᠡᠪᠡᠷᠯᠡᠵᠤ᠂ ᠭᠠᠳᠠᠰᠤ ᠱᠤᠩ ᠤᠨ ᠨᠦᠬᠡ ᠪᠠᠨ ᠬᠦᠷᠲᠡᠯ᠎ᠡ ᠪᠤᠯᠠᠳᠠᠭ ᠣᠯᠠᠮᠵᠢᠯᠠᠯ ᠲᠠᠢ᠂ ᠮᠦᠨ ᠭᠤᠣᠯ ᠤᠨ ᠣᠰᠤᠨ ᠤ ᠣᠶᠢᠷᠠᠯᠴᠠᠭ᠎ᠠ ᠮᠠᠯ ᠤᠨ ᠰᠡᠭ ᠬᠠᠶᠠᠬᠤ᠂ ᠲᠠᠯᠠᠶᠢᠴᠢ ᠶᠢ ᠬᠦᠳᠡᠭᠡᠯᠡᠬᠦ᠂ ᠭᠤᠣᠯ ᠭᠤᠷᠤᠭ᠎ᠠ ᠣᠷᠤᠭᠤ ᠠᠯᠢᠪᠠ ᠣᠯᠠᠢ᠂ ᠴᠠᠭ᠎ᠠ ᠲᠤᠰᠤᠭᠠᠬᠤ ᠶᠢ ᠬᠠᠳᠠᠭᠤ ᠴᠡᠭᠡᠷᠯᠡᠳᠡᠭ᠃ ᠪᠢᠳᠡ ᠬᠤᠳᠳᠤᠭ ᠣᠰᠤ᠂ ᠭᠤᠣᠯ ᠮᠦᠷᠡᠨ᠂ ᠪᠤᠯᠠᠭ ᠱᠠᠩᠳᠤ᠂ ᠨᠠᠭᠤᠷ ᠴᠦᠬᠦᠷᠤᠮ ᠢ ᠣᠬᠤᠵᠤ ᠲᠦᠩᠬᠡᠶᠢᠬᠦ᠂ ᠲᠡᠷᠨ ᠴᠦ ᠪᠠᠶᠢᠳᠤᠭᠠᠢ ᠬᠤᠳᠳᠤᠭ ᠣᠰᠤᠨ ᠤ ᠲᠡᠷᠬᠡᠳᠡ ᠬᠡᠷᠡᠬᠦᠯ ᠮᠠᠷᠭᠤᠭᠠᠨ᠂ ᠵᠤᠳᠤᠭᠠᠨ ᠨᠦᠳᠦᠬᠡᠨ ᠰᠡᠳᠦᠬᠦ ᠵᠡᠷᠭᠡ ᠡᠯᠳᠡᠪ ᠵᠤᠬᠢᠰ ᠦᠬᠡᠢ ᠠᠭᠠᠰᠢ ᠠᠪᠢᠷ ᠭᠠᠷᠭᠠᠬᠤ ᠶᠢ ᠴᠡᠬᠡᠷᠯᠡᠨ᠂ ᠴᠡᠪᠡᠷ ᠲᠤᠩᠭᠠᠯᠠᠭ᠂ ᠠᠷᠢᠭᠤᠨ ᠣᠰᠤ ᠪᠠᠨ ᠬᠠᠷᠠᠮ ᠦᠬᠡᠢ ᠲᠠᠬᠢᠯ ᠤᠨ ᠲᠡᠭᠡᠳᠦ ᠬᠡᠮᠡᠨ ᠣᠰᠤᠨ ᠳᠤ ᠶᠡᠬᠡᠬᠡᠨ ᠬᠦᠨᠳᠦᠳᠬᠡᠯ ᠲᠠᠢ ᠬᠠᠨᠳᠤᠵᠤ ᠢᠷᠡᠭᠰᠡᠨ ᠪᠠᠶᠠᠯᠢᠭ ᠣᠯᠠᠮᠵᠢᠯᠠᠯ  ᠲᠠᠢ᠃       ᠭᠤᠣᠯ ᠤᠨ ᠣᠰᠤ ᠶᠢ ᠭᠠᠷ ᠢᠶᠠᠷ ᠢᠶᠠᠨ ᠰᠠᠮᠤᠷᠴᠦ᠂ ᠠᠯᠠᠭ᠎ᠠ ᠪᠠᠷ ᠬᠤᠳᠬᠤᠵᠤ ᠣᠣᠭᠤᠵᠤ ᠪᠤᠯᠬᠤ ᠦᠬᠡᠢ᠂ ᠵᠠᠪᠠᠯ ᠠᠶᠠᠭ᠎ᠠ ᠰᠠᠪᠠ ᠪᠠᠷ ᠣᠷᠤᠰᠬᠠᠯ ᠢ ᠨᠢ ᠲᠠᠭᠠᠭᠤᠯᠤᠨ ᠬᠤᠳᠬᠤᠵᠤ ᠣᠣᠭᠤ ᠬᠡᠵᠤ ᠦᠷ᠎ᠡ ᠬᠡᠣᠬᠡᠳ ᠤᠳ ᠢᠶᠠᠨ ᠵᠠᠬᠢᠵᠤ ᠰᠤᠷᠭᠠᠳᠠᠭ᠃ ᠪᠤᠯᠠᠭ ᠤᠨ ᠡᠬᠢᠨ ᠳᠤ᠂᠂ ᠭᠤᠣᠯ ᠤᠨ ᠣᠰᠤᠨ ᠳᠤ ᠭᠬᠢᠷ ᠲᠠᠢ ᠬᠤᠪᠴᠠᠰᠤ ᠬᠡᠷᠡᠭᠯᠡᠯ ᠢᠶᠠᠨ ᠪᠤᠣ ᠣᠬᠢᠶ᠋ᠨ᠂ ᠯᠤᠣᠰ ᠰᠠᠪᠳᠠᠭ ᠤᠨ ᠬᠤᠣᠷᠯᠠᠯ ᠪᠤᠯᠤᠨ᠎ᠠ᠃ ᠲᠤᠰᠬᠠᠢ ᠰᠠᠪᠠᠨ ᠳᠤ ᠭᠤᠣᠯ ᠭᠤᠷᠤᠭ᠎ᠠ ᠠᠴᠠ ᠬᠤᠯᠨ ᠣᠬᠢᠶᠠᠵᠤ ᠪᠠᠢ ᠭᠡᠵᠤ ᠬᠤᠶᠢᠴᠢ ᠦᠶ᠎ᠡ᠂ ᠦᠷ᠎ᠡ ᠬᠡᠣᠬᠡᠳ ᠤᠳ ᠲᠡᠭᠡᠨ ᠪᠠᠭ᠎ᠠ ᠪᠠᠯᠴᠢᠷ ᠠᠴᠠ ᠨᠢ ᠦᠷᠬᠦᠯᠵᠢ ᠵᠠᠬᠢᠵᠤ ᠣᠶᠢᠯᠠᠭᠠᠭᠤᠯᠵᠤ᠂ ᠬᠠᠳᠠᠭᠤ ᠴᠢᠩᠭ᠎ᠠ ᠰᠠᠬᠢᠭᠤᠯᠵᠤ ᠪᠠᠶᠢᠬᠰᠡᠨ᠃ ᠭᠤᠣᠯ  ᠤᠨ ᠡᠬᠢ᠂ ᠲᠡᠬᠦᠨ ᠤ ᠠᠢ ᠰᠠᠪᠠ ᠠᠴᠠ ᠮᠤᠳᠤ ᠣᠬᠳᠤᠯᠵᠤ᠂ ᠬᠠᠳᠠ ᠴᠢᠯᠠᠭᠤ ᠶᠢ ᠬᠤᠪᠬᠤᠯᠠᠵᠤ ᠪᠤᠯᠬᠤ ᠦᠬᠡᠢ᠃ ᠬᠡᠷᠪᠡ ᠢᠩᠬᠢᠪᠡᠯ ᠯᠤᠣᠰ ᠬᠢᠯᠢᠩᠨᠡᠵᠤ᠂ ᠣᠰᠤ ᠰᠢᠷᠬᠢᠨ᠎ᠡ᠃ ᠵᠠᠶᠢᠯᠠᠰᠢᠬᠦᠢ ᠱᠠᠭᠠᠷᠳᠠᠯᠭ᠎ᠠ ᠭᠠᠷᠪᠠᠯ ᠬᠤᠪᠬᠤᠯᠠᠬᠰᠡᠨ ᠴᠢᠯᠠᠭᠤᠨ ᠤ ᠪᠠᠨ ᠬᠤᠵᠤᠣᠯ᠎ᠠ ᠶᠢ ᠨᠣᠶᠢᠳᠠᠨ ᠰᠢᠪᠠᠷ ᠢᠶᠠᠷ ᠬᠤᠴᠢᠵᠤ ᠪᠠᠢ ᠬᠡᠵᠦ ᠰᠤᠷᠭᠠᠵᠤ᠂ ᠲᠡᠭᠡᠭᠡᠳ ᠴᠦ ᠮᠦᠷᠲᠡᠭᠰᠡᠬᠡᠷ ᠢᠷᠡᠵᠠᠢ᠃ ᠲᠡᠬᠦᠨᠴᠢᠯᠡᠨ ᠷᠠᠰᠢᠶᠠᠨ ᠣᠰᠤᠨ ᠤ ᠡᠯᠳᠡᠪ ᠮᠤᠭᠠᠢ᠂ ᠬᠦᠷᠪᠡᠯ᠂ ᠮᠡᠯᠡᠬᠡᠢ᠂ ᠵᠢᠭᠠᠰᠤ ᠵᠢᠷᠠᠭᠠᠬᠠᠢ᠂ ᠰᠢᠪᠠᠭᠤ ᠶᠢ ᠶᠡᠬᠦᠳᠬᠡᠵᠤ ᠣᠰᠠᠳᠬᠠᠬᠤ ᠶᠢ ᠴᠡᠭᠡᠷᠯᠡᠵᠤ᠂ ᠡᠳᠡᠬᠡᠷ ᠠᠮᠢᠳᠠᠳ ᠨᠢ ᠷᠠᠰᠢᠶᠠᠨ ᠣᠰᠤᠨ ᠤ ᠡᠵᠡᠳ ᠠᠯᠪᠠᠳᠤ ᠲᠡᠳᠦᠢ ᠦᠬᠡᠢ᠂ ᠣᠰᠤᠨ ᠤ ᠰᠢᠮ᠎ᠡ ᠶᠢ ᠲᠡᠳᠬᠦᠭᠴᠢ ᠣᠯᠤᠰ ᠤᠨ ᠬᠠᠭᠠᠨ ᠴᠦ ᠬᠡᠮᠡᠨ ᠦᠵᠡᠳᠡᠭ ᠪᠠᠶᠢᠵᠠᠢ᠃ ᠡᠳᠡᠬᠡᠷ ᠨᠢ ᠡᠬᠡ ᠪᠤᠯᠤᠬᠰᠡᠨ ᠪᠠᠶᠢᠭᠠᠯᠢ ᠲᠡᠯᠡᠬᠡᠢ᠂ ᠨᠣᠲᠤᠭ ᠣᠰᠤ ᠪᠠᠨ ᠬᠠᠮᠠᠭᠠᠯᠠᠬᠤ ᠲᠠᠢ ᠬᠤᠯᠪᠣᠭ᠎ᠠ  ᠲᠠᠢ ᠪᠢᠴᠢᠭᠳᠡᠭᠡ ᠦᠬᠡᠢ ᠬᠠᠤᠯᠢ ᠪᠤᠯᠤᠨ ᠦᠶ᠎ᠡ ᠶᠢᠨ ᠦᠶ᠎ᠡ ᠣᠯᠠᠮᠵᠢᠯᠠᠬᠳᠠᠨ ᠢᠷᠡᠭᠰᠡᠨ ᠪᠦᠬᠡᠳ ᠪᠠᠶᠢᠭᠠᠯᠢ ᠣᠷᠴᠢᠨ  ᠤ ᠲᠡᠩᠴᠡᠯ ᠠᠯᠳᠠᠬᠳᠠᠵᠤ ᠪᠠᠶᠢᠭ᠎ᠠ ᠦᠨᠤ ᠦᠶ᠎ᠡ ᠳᠤ ᠴᠦᠮ ᠠᠴᠢ ᠬᠤᠯᠪᠣᠬᠳᠠᠯ ᠲᠠᠢ ᠪᠤᠯᠵᠤ ᠪᠠᠶᠢᠨ᠎ᠠ᠃ ︵ᠬᠤᠯᠪᠤᠭ᠎ᠠ ᠰᠦᠯᠵᠢᠶ᠎ᠡ︶ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号