ᠦᠭᠡ ᠵᠦᠢ ︵ᠢᠵᠠᠭᠤᠷ ᠦᠨᠳᠤᠰᠤ ᠲᠠᠭᠠᠪᠤᠷᠢ︶
ᠨᠡᠶᠢᠲᠡᠯᠡᠭᠰᠡᠨ ᠴᠠᠭ᠄
2014/11/7
           ᠦᠭᠡ ᠵᠦᠢ ︵ᠦᠭᠡ ᠬᠢᠭᠡᠳ ᠢᠵᠠᠭᠤᠷ︶        ᠦᠭᠡ ᠵᠦᠢ ᠭᠡᠵᠤ ᠶᠠᠭᠤ ᠪᠤᠢ︖ ᠦᠭᠡ ᠵᠦᠢ ᠪᠤᠯ ᠬᠡᠯᠡ ᠵᠦᠢ ᠶᠢᠨ ᠨᠢᠭᠡ ᠰᠠᠯᠪᠤᠷᠢ ᠰᠤᠳᠤᠯᠤᠯ ᠶᠤᠮ᠃ ᠡᠬᠡ ᠬᠡᠯᠡᠨ ᠤ ᠮᠢᠨᠢ ᠡᠨᠡ ᠬᠦ ᠰᠠᠯᠪᠤᠷᠢ ᠰᠤᠳᠤᠯᠤᠯ ᠳᠤ ᠦᠭᠡ ᠶᠢᠨ ᠪᠦᠳᠦᠴᠡ᠂ ᠦᠭᠡᠰ ᠤᠨ ᠠᠶᠢᠮᠠᠭ᠂ ᠦᠭᠡ ᠬᠤᠪᠢᠯᠭᠠᠬᠤ ᠶᠤᠰᠤ᠂ ᠦᠭᠡ ᠪᠦᠳᠦᠭᠡᠬᠦ ᠶᠤᠰᠤ ᠭᠡᠬᠦ ᠵᠡᠷᠭᠡ ᠠᠭᠤᠯᠭ᠎ᠠ ᠪᠠᠶᠢᠨ᠎ᠠ᠃ ᠦᠭᠡ ᠵᠦᠢ ᠎ ᠶᠢ ᠰᠠᠶᠢᠳᠤᠷ ᠰᠤᠷᠴᠤ ᠡᠵᠡᠮᠰᠢᠬᠦ ᠨᠢ ᠦᠭᠦᠯᠡᠪᠦᠷᠢ ᠵᠦᠢ ᠶᠢ ᠰᠤᠷᠤᠯᠴᠠᠬᠤ ᠳᠤ ᠰᠠᠭᠤᠷᠢ ᠪᠤᠯᠬᠤ ᠪᠠᠷ ᠪᠠᠷᠠᠬᠤ ᠦᠭᠡᠢ᠂ ᠴᠠᠭᠠᠰᠢᠳᠠ ᠰᠤᠷᠴᠤ ᠰᠤᠳᠤᠯᠬᠤ ᠳᠤ ᠲᠦᠭᠦᠮ ᠦᠵᠡᠭᠦᠯᠳᠡᠭ ᠶᠤᠮ᠃       1. ᠦᠭᠡ ᠭᠡᠵᠤ ᠶᠠᠭᠤ ᠪᠤᠢ︖       ᠲᠤᠭᠳᠠᠭᠰᠠᠨ ᠤᠳᠬ᠎ᠠ ᠲᠠᠢ ᠪᠦᠭᠡᠳ ᠪᠠᠶ᠎ᠠ ᠪᠠᠨ ᠲᠠᠭᠠᠭᠠᠵᠤ ᠦᠭᠦᠯᠡᠪᠦᠷᠢ ᠳᠤ ᠬᠡᠷᠡᠭᠯᠡᠭᠳᠡᠳᠡᠭ ᠬᠡᠯᠡᠨ ᠤ ᠬᠠᠮᠤᠭ ᠤᠨ ᠦᠨᠳᠦᠰᠦᠨ ᠨᠢᠭᠡᠴᠢ ᠶᠢ ᠦᠭᠡ ᠭᠡᠨ᠎ᠡ᠃ ᠵᠢᠱᠢᠶᠡᠯᠡᠪᠡᠯ᠄ ︽ᠵᠠᠷᠢᠮ ᠰᠤᠷᠤᠭᠴᠢ ᠡᠪᠦᠭᠡ ᠡᠮᠡᠭᠡ ᠳᠤ ᠪᠠᠨ ᠪᠤᠭᠴᠤ ᠪᠠᠨ ᠡᠭᠦᠷᠦᠭᠦᠯᠳᠡᠭ ᠰᠢᠤ︾ ᠭᠡᠬᠦ ᠦᠭᠦᠯᠡᠪᠦᠷᠢ ᠳᠤ ︽ᠵᠠᠷᠢᠮ᠂ ᠰᠤᠷᠤᠭᠴᠢ᠂ ᠡᠪᠦᠭᠡ᠂ ᠡᠮᠡᠭᠡ᠂ ᠪᠤᠭᠴᠤ᠂ ᠡᠭᠦᠷᠦᠭᠦᠯᠳᠡᠭ᠂ ᠰᠢᠤ︾ ᠭᠡᠬᠦ ᠮᠡᠳᠦ ᠲᠠᠩ ᠲᠠᠩ ᠦᠭᠡ ᠪᠠᠶᠢᠳᠠᠭ᠃ ᠡᠳᠡᠭᠡᠷ ᠲᠠᠩ ᠲᠠᠩ ᠦᠭᠡ ᠨᠢ ᠦᠭᠦᠯᠡᠪᠦᠷᠢ ᠳᠤ ᠨᠢᠭᠡ ᠵᠢᠵᠢᠭ ᠨᠢᠭᠡᠴᠢ ᠪᠤᠯᠵᠤ᠂ ᠪᠠᠶ᠎ᠠ ᠪᠠᠨ ᠲᠠᠭᠠᠭᠠᠨ ᠬᠡᠷᠡᠭᠯᠡᠭᠳᠡᠬᠦ ᠶᠢᠨ ᠬᠠᠮᠳᠤ ᠲᠤᠭᠳᠠᠭᠰᠠᠨ ᠤᠳᠬ᠎ᠠ ᠶᠢ ᠢᠯᠡᠳᠭᠡᠵᠤ ᠪᠠᠶᠢᠳᠠᠭ ᠶᠤᠮ᠃       2. ᠦᠭᠡ ᠶᠢᠨ ᠪᠦᠳᠦᠴᠡ       ᠠᠪᠢᠶ᠎ᠠ ᠵᠦᠢ ᠳᠤ ᠦᠭᠡ ᠪᠤᠯ ᠦᠶ᠎ᠡ ᠠᠴᠠ ᠪᠦᠳᠦᠬᠦ᠂ ᠦᠶ᠎ᠡ ᠨᠢ ᠨᠢᠭᠡ ᠪᠤᠶᠤ ᠬᠡᠳᠦ ᠬᠡᠳᠦᠨ ᠠᠪᠢᠶ᠎ᠠ ᠠᠴᠠ ᠪᠦᠳᠦᠬᠦ ᠶᠢ ᠰᠤᠳᠤᠯᠳᠠᠭ᠂ ᠦᠭᠡ ᠵᠦᠢ ᠳᠤ ᠦᠭᠡ ᠶᠢ ᠨᠢᠭᠡ ᠪᠤᠶᠤ ᠬᠡᠳᠦ ᠬᠡᠳᠦᠨ ᠤᠳᠬ᠎ᠠ ᠪᠦᠬᠦᠢ ᠬᠡᠰᠡᠭ ᠠᠴᠠ ᠪᠦᠳᠦᠬᠦ ᠶᠢ ᠰᠤᠳᠤᠯᠳᠠᠭ᠃ ᠡᠮᠦᠨᠡᠬᠢ ᠵᠢᠱᠢᠶᠡᠨ ᠳᠠᠬᠢ ︽ᠵᠠᠷᠢᠮ᠂ ᠡᠪᠦᠭᠡ᠂ ᠡᠮᠡᠭᠡ᠂ ᠪᠤᠭᠴᠤ᠂ ᠰᠢᠤ ︾ ᠪᠤᠯ ᠨᠢᠭᠡ ᠤᠳᠬ᠎ᠠ ᠪᠦᠬᠦᠢ ᠬᠡᠰᠡᠭ ᠠᠴᠠ ᠪᠦᠳᠦᠵᠤ᠂ ︽ᠰᠤᠷᠤᠭᠴᠢ︾ ᠭᠡᠳᠡᠭ ᠦᠭᠡ ᠪᠤᠯ ︽ᠰᠤᠷ᠂ ᠰᠤᠷᠤᠭᠴᠢ︾ ᠭᠡᠰᠡᠨ ᠬᠤᠶᠠᠷ ᠤᠳᠬ᠎ᠠ ᠪᠦᠬᠦᠢ ᠬᠡᠰᠡᠭ ᠠᠴᠠ ᠪᠦᠳᠦᠭᠰᠡᠨ ᠪᠠᠶᠢᠬᠤ ᠳᠤ ︽ᠡᠭᠦᠷᠦᠭᠦᠯᠳᠡᠭ︾ ᠭᠡᠳᠡᠭ ᠦᠭᠡ ︽ᠡᠭᠦᠷ᠂ ᠡᠭᠦᠷᠦᠭᠦᠯ᠂ ᠡᠭᠦᠷᠦᠭᠦᠯᠳᠡᠭ︾ ᠭᠡᠳᠡᠭ ᠭᠤᠷᠪᠠᠨ ᠤᠳᠬ᠎ᠠ ᠪᠦᠬᠦᠢ ᠬᠡᠰᠡᠭ ᠠᠴᠠ ᠪᠦᠳᠦᠭᠰᠡᠨ ᠪᠠᠶᠢᠳᠠᠭ᠃ ᠡᠳᠡᠭᠡᠷ ᠤᠳᠬ᠎ᠠ ᠪᠦᠬᠦᠢ ᠬᠡᠰᠡᠭ ᠨᠢ ᠦᠭᠦᠯᠡᠪᠦᠷᠢ ᠳᠤ ᠪᠡᠶ᠎ᠡ ᠪᠠᠨ ᠲᠠᠭᠠᠭᠠᠨ ᠬᠡᠷᠡᠭᠯᠡᠭᠳᠡᠳᠡᠭ᠃ ᠡᠨᠡ ᠮᠡᠳᠦ ᠪᠠᠷ ᠤᠳᠬ᠎ᠠ ᠪᠦᠬᠦᠢ ᠬᠡᠰᠡᠭ ᠤᠨ ᠬᠢᠨᠢ ᠦᠭᠦᠯᠡᠪᠦᠷᠢ ᠳᠤ ᠬᠡᠷᠡᠭᠯᠡᠭᠳᠡᠬᠦ ᠤᠳᠬ᠎ᠠ ᠦᠢᠯᠡᠳᠦᠯ ᠨᠢ ᠠᠳᠠᠯᠢ ᠦᠭᠡᠢ ᠪᠠᠶᠢᠳᠠᠭ ᠢ ᠦᠨᠳᠦᠰᠦᠯᠡᠨ ᠦᠭᠡ ᠵᠦᠢ ᠳᠤ ᠦᠭᠡ ᠶᠢ ᠪᠦᠳᠦᠴᠡ ᠪᠠᠷ ᠨᠢ ᠢᠵᠠᠭᠤᠷ ᠦᠨᠳᠦᠰᠦ ᠲᠠᠭᠠᠪᠤᠷᠢ ᠭᠡᠵᠤ ᠬᠤᠪᠢᠶᠠᠳᠠᠭ᠃       ︵1︶ ᠢᠵᠠᠭᠤᠷ — ᠦᠭᠡ ᠶᠢᠨ ᠪᠦᠳᠦᠴᠡ ᠳᠠᠬᠢ ᠬᠠᠮᠤᠭ ᠤᠨ ᠵᠢᠵᠢᠭ ᠤᠳᠬ᠎ᠠ ᠪᠦᠬᠦᠢ ᠬᠡᠰᠡᠭ ᠢ ᠬᠡᠯᠡᠨ᠎ᠡ᠃ ︽ᠰᠤᠷᠤᠭᠴᠢ᠂ ᠡᠭᠦᠷᠦᠭᠦᠯᠳᠡᠭ︾ ᠭᠡᠳᠡᠭ ᠬᠤᠶᠠᠷ ᠦᠭᠡ ᠶᠢᠨ ᠢᠵᠠᠭᠤᠷ ᠨᠢ ᠲᠤᠰ ᠲᠤᠰ ︽ᠰᠤᠷ᠂ ᠡᠭᠦᠷ︾ ᠪᠤᠯᠤᠨ᠎ᠠ᠃ ︽ᠰᠤᠷ᠂ ᠡᠭᠦᠷ︾ ᠭᠡᠳᠡᠭ ᠢ ᠴᠠᠭᠠᠰᠢᠳᠠ ᠵᠠᠳᠠᠯᠪᠠᠯ ᠤᠳᠬ᠎ᠠ ᠦᠭᠡᠢ ᠪᠤᠯᠤᠨ᠎ᠠ᠂ ᠡᠶᠢᠮᠦ ᠠᠴᠠ ︽ᠰᠤᠷ᠂ ᠡᠭᠦᠷ︾ ᠪᠤᠯ ᠬᠠᠮᠤᠭ ᠤᠨ ᠵᠢᠵᠢᠭ ᠤᠳᠬ᠎ᠠ ᠪᠦᠬᠦᠢ ᠬᠡᠰᠡᠭ ᠪᠤᠯᠬᠤ ᠤᠴᠢᠷ ᠠᠴᠠ ︽ᠰᠤᠷᠤᠭᠴᠢ᠂ ᠡᠭᠦᠷᠦᠭᠦᠯᠳᠡᠭ︾ ᠭᠡᠬᠦ ᠬᠤᠶᠠᠷ ᠦᠭᠡ ᠶᠢᠨ ᠢᠵᠠᠭᠤᠷ ᠨᠢ ᠪᠤᠯᠤᠨ᠎ᠠ᠃ ᠦᠭᠡ ᠶᠢᠨ ᠢᠵᠠᠭᠤᠷ ᠢ ᠤᠯᠬᠤ ᠳᠤ ᠬᠤᠶᠠᠷ ᠪᠤᠶᠤ ᠬᠤᠶᠠᠷ ᠠᠴᠠ ᠲᠡᠭᠡᠭᠰᠢ ᠦᠭᠡ ᠶᠢ ᠬᠠᠷᠢᠴᠠᠭᠤᠯᠵᠤ ᠪᠠᠶᠢᠭᠠᠳ ᠤᠯᠪᠠᠯ ᠲᠦᠭᠦᠮ ᠪᠠᠶᠢᠳᠠᠭ ᠶᠤᠮ᠃ ᠵᠢᠱᠢᠶᠡᠯᠡᠪᠡᠯ᠄ ︽ᠡᠭᠦᠷᠦᠭᠦᠯᠳᠡᠭ︾ ᠭᠡᠳᠡᠭ ᠦᠭᠡ ᠶᠢ ︽ᠡᠭᠦᠷᠳᠡᠭ᠂ ᠡᠭᠦᠷᠦᠭᠡᠳ︾ ᠭᠡᠬᠦ ᠵᠡᠷᠭᠡ ᠦᠭᠡᠰ ᠲᠠᠢ ᠬᠠᠷᠢᠴᠠᠭᠤᠯᠵᠤ ᠢᠵᠠᠭᠤᠷ ᠢ ᠤᠯᠵᠤ ᠪᠤᠯᠤᠨ᠎ᠠ᠃ ᠡᠭᠦᠨ ᠲᠠᠢ ᠠᠳᠠᠯᠢ ᠪᠠᠷ ︽ᠲᠡᠭᠡᠷ᠎ᠡ᠂ ᠲᠡᠭᠡᠭᠰᠢ︾ ᠭᠡᠬᠦ ᠮᠡᠳᠦ ᠦᠭᠡ ᠶᠢᠨ ᠢᠵᠠᠭᠤᠷ ᠢ ︽ᠲᠡᠭᠡ᠊︾ ᠭᠡᠵᠤ ᠤᠯᠵᠤ ᠪᠤᠯᠤᠨ᠎ᠠ᠃ ᠲᠡᠭᠡᠷᠡᠬᠢ ᠵᠢᠱᠢᠶᠡᠨ ᠳᠠᠬᠢ ︽ᠰᠤᠷ᠂ ᠡᠭᠦᠷ᠂ ᠲᠡᠭᠡ᠊︾᠎ ᠶᠢ ᠨᠢᠭᠳᠠᠯᠠᠵᠤ ᠦᠵᠡᠪᠡᠯ ︽ᠰᠤᠷ᠂ ᠡᠭᠦᠷ︾ ᠭᠡᠳᠡᠭ ᠨᠢ ᠲᠤᠭᠳᠠᠭᠰᠠᠨ ᠵᠢᠵᠢᠭ ᠤᠳᠬ᠎ᠠ ᠶᠢ ᠢᠯᠡᠳᠭᠡᠵᠤ ᠪᠠᠶᠢᠬᠤ ᠳᠤ᠂ ︽ᠲᠡᠭᠡ᠊︾ ᠭᠡᠬᠦ ᠢᠵᠠᠭᠤᠷ ᠪᠤᠯ ᠤᠳᠬ᠎ᠠ ᠦᠭᠡᠢ᠃ ᠡᠶᠢᠮᠦ ᠠᠴᠠ ᠦᠭᠡ ᠶᠢᠨ ᠢᠵᠠᠭᠤᠷ ᠢ ᠠᠮᠢᠳᠤ ᠢᠵᠠᠭᠤᠷ ᠪᠠ ᠮᠦᠬᠦᠭᠰᠡᠨ ᠢᠵᠠᠭᠤᠷ ᠭᠡᠵᠤ ᠬᠤᠪᠢᠶᠠᠳᠠᠭ᠃       ᠠᠮᠢᠳᠤ ᠢᠵᠠᠭᠤᠷ       ᠲᠤᠭᠳᠠᠭᠰᠠᠨ ᠤᠳᠬ᠎ᠠ ᠲᠠᠢ ᠪᠦᠭᠡᠳ ᠪᠡᠶ᠎ᠡ ᠪᠠᠨ ᠲᠠᠭᠠᠭᠠᠵᠤ ᠬᠡᠷᠡᠭᠯᠡᠭᠳᠡᠳᠡᠭ ᠢᠵᠠᠭᠤᠷ ᠢ ᠠᠮᠢᠳᠤ ᠢᠵᠠᠭᠤᠷ ᠭᠡᠨ᠎ᠡ᠃ ᠵᠢᠱᠢᠶᠡᠯᠡᠪᠡᠯ᠄ ︽ᠠᠵᠢᠯᠴᠢᠨ᠂ ᠠᠵᠢᠯᠯᠠᠳᠠᠭ᠂ ᠠᠵᠢᠯᠯᠠᠭᠠᠳ︾ ᠭᠡᠬᠦ ᠦᠭᠡ ᠶᠢᠨ ᠢᠵᠠᠭᠤᠷ ᠨᠢ ︽ᠠᠵᠢᠯ︾᠂ ︽ᠰᠠᠶᠢᠬᠠᠨ᠂ ᠰᠠᠶᠢᠳᠠᠢ᠂ ᠰᠠᠶᠢᠵᠢᠷᠠᠬᠤ︾ ᠭᠡᠬᠦ ᠦᠭᠡ ᠶᠢᠨ ᠢᠵᠠᠭᠤᠷ ᠨᠢ ︽ᠰᠠᠶᠢᠨ ︾᠂ ︽ᠤᠮᠤᠷᠬ᠎ᠠ︾ ᠭᠡᠬᠦ ᠦᠭᠡ ᠶᠢᠨ ᠢᠵᠠᠭᠤᠷ ᠨᠢ ︽ᠤᠮᠤᠭ︾᠂ ︽ᠤᠯᠤᠨ᠎ᠠ᠂ ᠤᠯᠤᠭᠠᠳ᠂ ᠤᠯᠤᠯ᠎ᠠ︾ ᠭᠡᠬᠦ ᠦᠭᠡ ᠶᠢᠨ ᠢᠵᠠᠭᠤᠷ ᠨᠢ ︽ᠤᠯ︾ ᠪᠤᠯᠤᠨ᠎ᠠ᠃ ᠦᠭᠡ ᠶᠢᠨ ᠠᠮᠢᠳᠤ ᠢᠵᠠᠭᠤᠷ ᠢ ᠤᠯᠬᠤ ᠳᠤ ᠤᠤᠯ ᠦᠭᠡᠨ ᠳᠤ ᠨᠡᠮᠡᠭᠳᠡᠭᠡᠳ ᠪᠠᠶᠢᠭᠰᠠᠨ ᠢ ᠨᠢ ᠬᠠᠰᠤᠵᠤ᠂ ᠬᠠᠰᠤᠭᠳᠠᠭᠠᠳ ᠪᠠᠶᠢᠭᠰᠠᠨ ᠢ ᠨᠢ ᠰᠡᠷᠭᠦᠭᠡᠬᠦ ᠶᠢ ᠮᠠᠷᠳᠠᠵᠤ ᠪᠤᠯᠬᠤ ᠦᠭᠡᠢ᠂ ᠲᠠᠷᠤᠢ ᠠᠪᠢᠶᠠᠨ ᠤ ᠬᠤᠪᠢᠷᠠᠯ ᠢ ᠠᠰᠢᠭᠯᠠᠵᠤ ᠵᠠᠳᠠᠯᠬᠤ ᠶᠢ ᠮᠠᠷᠳᠠᠵᠤ ᠪᠤᠯᠬᠤ ᠦᠭᠡᠢ᠃ ᠠᠮᠢᠳᠤ ᠢᠵᠠᠭᠤᠷ ᠢ ᠦᠭᠦᠯᠡᠪᠦᠷᠢ ᠳᠤ ᠬᠡᠷᠡᠭᠯᠡᠭᠳᠡᠬᠦ ᠪᠠᠶᠢᠳᠠᠯ ᠢᠶᠠᠷ ᠨᠢ ᠪᠢᠴᠢᠵᠤ ᠪᠠᠶᠢᠬᠤ ᠬᠡᠷᠡᠭᠳᠡᠢ᠃       ᠮᠦᠬᠦᠭᠰᠡᠨ ᠢᠵᠠᠭᠤᠷ       ᠲᠤᠭᠳᠠᠭᠰᠠᠨ ᠤᠳᠬ᠎ᠠ ᠦᠭᠡᠢ ᠪᠦᠭᠡᠳ ᠪᠡᠶ᠎ᠡ ᠪᠠᠨ ᠲᠠᠭᠠᠭᠠᠵᠤ ᠬᠡᠷᠡᠭᠯᠡᠭᠳᠡᠳᠡᠭ ᠦᠭᠡᠢ ᠢᠵᠠᠭᠤᠷ ᠎ ᠢ ᠮᠦᠬᠦᠭᠰᠡᠨ ᠢᠵᠠᠭᠤᠷ ᠭᠡᠨ᠎ᠡ᠃ ᠵᠢᠱᠢᠶᠡᠯᠡᠪᠡᠯ᠄ ︽ᠬᠤᠶᠢᠨ᠎ᠠ᠂ ᠬᠤᠶᠢᠮᠤᠷ᠂ ᠬᠤᠶᠢᠳᠤ᠂ ᠭᠠᠳᠠᠨ᠎ᠠ᠂ ᠭᠠᠳᠠᠭᠰᠢ᠂ ᠭᠠᠳᠠᠭᠤᠷ︾ ᠭᠡᠬᠦ ᠮᠡᠳᠦ ᠦᠭᠡ ᠶᠢᠨ ᠢᠵᠠᠭᠤᠷ ᠨᠢ ︽ᠬᠤᠶᠢ᠊᠂ ᠭᠠᠳᠠ᠊︾ ᠪᠤᠯ ᠮᠦᠬᠦᠭᠰᠡᠨ ᠢᠵᠠᠭᠤᠷ ᠪᠤᠯᠤᠨ᠎ᠠ᠃ ᠲᠡᠭᠡᠷᠡᠬᠢ ᠮᠡᠳᠦ ᠮᠦᠬᠦᠭᠰᠡᠨ ᠢᠵᠠᠭᠤᠷ ᠢ ︽ᠬᠤᠢ᠂ ᠭᠠᠳᠠ︾ ᠭᠡᠵᠤ ᠪᠢᠴᠢᠬᠦ ᠨᠢ ᠵᠤᠬᠢᠰ ᠦᠭᠡᠢ᠂ ᠠᠳᠡᠭᠦᠷᠡᠯ ᠭᠠᠷᠴᠤ ᠮᠡᠳᠡᠨ᠎ᠡ᠃ ᠨᠡᠶᠢᠯᠡᠮᠡᠯ ᠢᠵᠠᠭᠤᠷᠳᠤ ᠦᠭᠡ ᠬᠤᠶᠠᠷ ᠪᠤᠶᠤ ᠬᠤᠶᠠᠷ ᠠᠴᠠ ᠲᠡᠭᠡᠭᠰᠢ ᠦᠭᠡ ᠨᠡᠶᠢᠯᠡᠵᠤ ᠨᠢᠭᠡ ᠦᠭᠡ ᠪᠤᠯᠤᠭᠰᠠᠨ ᠢ ᠨᠡᠶᠢᠯᠡᠮᠡᠯ ᠢᠵᠠᠭᠤᠷᠳᠤ ᠦᠭᠡ ᠭᠡᠨ᠎ᠡ᠃ ᠵᠢᠱᠢᠶᠡᠯᠡᠪᠡᠯ᠄ ︽ᠲᠤᠤᠭᠠᠷᠬᠤ — ᠲᠠᠭᠤ ᠭᠠᠷᠬᠤ᠂ ᠬᠦᠬᠡᠬᠤᠳᠠ — ᠬᠦᠬᠡ ᠬᠤᠳᠠ᠂ ᠦᠷᠦᠪᠳᠡᠬᠦ — ᠦᠷᠦ ᠡᠪᠡᠳᠬᠦ︾ ᠭᠡᠬᠦ ᠮᠡᠳᠦ᠃ ᠨᠡᠶᠢᠯᠡᠮᠡᠯ ᠢᠵᠠᠭᠤᠷᠳᠤ ᠦᠭᠡ ᠎ ᠶᠢ ᠴᠠᠭᠠᠰᠢ ᠵᠠᠳᠠᠯᠬᠤ ᠶᠢ ᠴᠢᠬᠤᠯᠠᠴᠢᠯᠠᠬᠤ ᠦᠭᠡᠢ᠂ ᠨᠡᠶᠢᠯᠡᠮᠡᠯ ᠢᠵᠠᠭᠤᠷᠳᠤ ᠦᠭᠡ ᠪᠠᠶᠢᠨ᠎ᠠ ᠭᠡᠰᠡᠨ ᠤᠶᠢᠯᠠᠭᠠᠭᠳᠠᠬᠤᠨ ᠲᠠᠢ ᠪᠠᠶᠢᠪᠠᠯ ᠪᠤᠯᠴᠢᠬᠠᠨ᠎ᠠ᠃           ᠦᠭᠡ ᠵᠦᠢ ︵ᠦᠭᠡ ᠶᠢᠨ ᠦᠨᠳᠦᠰᠦ ᠬᠢᠭᠡᠳ ᠲᠠᠭᠠᠪᠤᠷᠢ︶        ︵2︶ ᠦᠭᠡ ᠶᠢᠨ ᠦᠨᠳᠦᠰᠦ ᠤᠤᠯ ᠦᠭᠡ ᠶᠢᠨ ᠢᠶᠠᠨ ᠦᠨᠳᠦᠰᠦᠨ ᠤᠳᠬ᠎ᠠ ᠶᠢ ᠬᠠᠳᠠᠭᠠᠯᠠᠭᠰᠠᠨ ᠪᠦᠭᠡᠳ ᠴᠠᠭᠠᠰᠢᠳᠠ ᠦᠭᠡ ᠪᠦᠳᠦᠭᠡᠬᠦ ᠪᠠ ᠦᠭᠡ ᠬᠤᠪᠢᠯᠭᠠᠬᠤ ᠳᠤ ᠰᠠᠭᠤᠷᠢ ᠪᠤᠯᠳᠠᠭ ᠬᠡᠰᠡᠭ ᠢ ᠦᠭᠡ ᠶᠢᠨ ᠦᠨᠳᠦᠰᠦ ᠭᠡᠨ᠎ᠡ᠃ ︽ᠠᠮᠢᠳᠤᠷᠠᠯᠭ᠎ᠠ︾ ᠭᠡᠬᠦ ᠦᠭᠡ ︽ᠠᠮᠢ ︵ᠢᠵᠠᠭᠤᠷ︶ +᠎ ᠳᠤ — ᠠᠮᠢᠳᠤ + ᠷᠠ — ᠠᠮᠢᠳᠤᠷᠠ + ‍ᠯᠭ᠎ᠠ — ᠠᠮᠢᠳᠤᠷᠠᠯᠭ᠎ᠠ︾ ᠭᠡᠬᠦ ᠲᠦᠷᠪᠡᠨ ᠤᠳᠬ᠎ᠠ ᠪᠦᠬᠦᠢ ᠬᠡᠰᠡᠭ ᠪᠤᠯᠵᠤ ᠵᠠᠳᠠᠷᠠᠨ᠎ᠠ᠃ ︽ᠠᠮᠢ︾ ᠭᠡᠳᠡᠭ ᠦᠭᠡ ᠶᠢ ︽ᠠᠮᠢᠳᠤ᠂ ᠠᠮᠢᠳᠤᠷᠠ᠂ ᠠᠮᠢᠳᠤᠷᠠᠯᠭ᠎ᠠ︾ ᠭᠡᠵᠤ ᠴᠠᠭᠠᠰᠢᠳᠠ ᠦᠭᠡ ᠡᠭᠦᠰᠭᠡᠭᠰᠡᠨ ᠪᠠᠶᠢᠨ᠎ᠠ᠃ ︽ᠴᠢᠷᠮᠠᠶᠢᠵᠠᠭᠠᠪᠠ︾ ᠭᠡᠬᠦ ᠦᠭᠡ ︽ᠴᠢᠷᠮᠠᠢ᠂ ᠴᠢᠷᠮᠠᠶᠢᠵᠠᠭ᠎ᠠ︾ ᠭᠡᠬᠦ ᠬᠤᠶᠠᠷ ᠦᠨᠳᠦᠰᠦ ᠲᠠᠢ᠃ ︽ᠴᠢᠷᠮᠠᠶᠢᠵᠠᠭᠠᠪᠠ︾ ᠭᠡᠳᠡᠭ ᠦᠭᠡ ᠴᠠᠭᠠᠰᠢᠳᠠ ᠦᠭᠡ ᠡᠭᠦᠰᠭᠡᠵᠤ ᠴᠢᠳᠠᠬᠤ ᠦᠭᠡᠢ ᠲᠤᠯᠠ ᠦᠭᠡ ᠶᠢᠨ ᠦᠨᠳᠦᠰᠦᠨ ᠎ ᠳᠤ ᠪᠠᠭᠳᠠᠬᠤ ᠦᠭᠡᠢ᠃ ︽ᠠᠮᠢᠳᠤᠷᠠᠯᠭ᠎ᠠ︾ ᠭᠡᠬᠦ ᠦᠭᠡ ᠴᠠᠭᠠᠰᠢᠳᠠ ᠨᠡᠷ᠎ᠡ ᠦᠭᠡ ᠶᠢᠨ ᠬᠤᠪᠢᠯᠤᠯ ︵ᠲᠡᠶᠢᠨ ᠢᠯᠭᠠᠯ᠂ ᠬᠠᠮᠢᠶᠠᠳᠠᠭᠤᠯᠬᠤ ᠲᠠᠭᠠᠪᠤᠷᠢ᠂ ᠤᠯᠠᠨ ᠲᠤᠭᠠᠨ ᠤ ᠲᠠᠭᠠᠪᠤᠷᠢ︶᠎ ᠢᠶᠠᠷ ᠬᠤᠪᠢᠯᠵᠤ ᠴᠢᠳᠠᠨ᠎ᠠ᠃ ᠵᠢᠱᠢᠶᠡᠯᠡᠪᠡᠯ᠄ ︽ᠠᠮᠢᠳᠤᠷᠠᠯᠭ᠎ᠠ ᠪᠠᠷ᠂ ᠠᠮᠢᠳᠤᠷᠠᠯᠭ᠎ᠠ ᠴᠢᠨᠢ᠂ ᠠᠮᠢᠳᠤᠷᠠᠯᠭ᠎ᠠ ᠨᠤᠭᠤᠳ︾ ᠭᠡᠬᠦ ᠮᠡᠳᠦ᠃       ᠦᠭᠡ ᠶᠢᠨ ᠦᠨᠳᠦᠰᠦ ᠶᠢ ᠪᠦᠳᠦᠭᠰᠡᠨ ᠪᠠᠶᠢᠳᠠᠯ ᠢᠶᠠᠷ ᠨᠢ ᠢᠵᠠᠭᠤᠷ ᠦᠨᠳᠦᠰᠦ ᠪᠠ ᠡᠭᠦᠰᠦᠮᠡᠯ ᠦᠨᠳᠦᠰᠦ ᠭᠡᠵᠤ ᠬᠤᠪᠢᠶᠠᠨ᠎ᠠ᠃       ᠢᠵᠡᠭᠤᠷ ᠦᠨᠳᠦᠰᠦ — ᠲᠤᠭᠳᠠᠭᠰᠠᠨ ᠤᠳᠬ᠎ᠠ ᠲᠠᠢ ᠪᠦᠭᠡᠳ ᠦᠭᠡ ᠶᠢᠨ ᠢᠵᠠᠭᠤᠷ ᠢᠶᠠᠷ ᠎ ᠢᠶᠠᠨ ᠪᠠᠶᠢᠭ᠎ᠠ ᠶᠢ ᠢᠵᠠᠭᠤᠷ ᠦᠨᠳᠦᠰᠦ ᠭᠡᠨ᠎ᠡ᠃ ᠲᠡᠭᠡᠷᠡᠬᠢ ᠵᠢᠱᠢᠶᠡᠨ ᠳᠠᠬᠢ ︽ᠠᠮᠢ᠂ ᠴᠢᠷᠮᠠᠢ︾ ᠪᠤᠯ ᠢᠵᠠᠭᠤᠷ ᠦᠨᠳᠦᠰᠦ ᠮᠦᠨ᠃ ᠤᠴᠢᠷ ᠨᠢ ᠲᠤᠭᠳᠠᠭᠰᠠᠨ ᠤᠳᠬ᠎ᠠ ᠲᠠᠢ ᠪᠦᠭᠡᠳ ᠢᠵᠠᠭᠤᠷ ᠢᠶᠠᠷ ᠢᠶᠠᠨ ᠪᠠᠶᠢᠨ᠎ᠠ᠃ ᠤᠤᠯ ᠦᠭᠡ ᠶᠢᠨ ᠢᠶᠠᠨ ᠡᠬᠢᠨ ᠳᠤ ᠪᠠᠶᠢᠭ᠎ᠠ ᠲᠤᠯᠠ ᠪᠠᠰᠠ ᠨᠢᠭᠡᠳᠦᠭᠡᠷ ᠦᠨᠳᠦᠰᠦ ᠭᠡᠨ᠎ᠡ᠃       ᠡᠭᠦᠰᠦᠮᠡᠯ ᠦᠨᠳᠦᠰᠦ — ᠢᠵᠠᠭᠤᠷ ᠦᠨᠳᠦᠰᠦᠨ ᠳᠤ ᠲᠠᠭᠠᠪᠤᠷᠢ ᠵᠠᠯᠭᠠᠵᠤ ᠪᠦᠳᠦᠭᠰᠡᠨ ᠦᠨᠳᠦᠰᠦ ᠶᠢ ᠡᠭᠦᠰᠦᠮᠡᠯ ᠦᠨᠳᠦᠰᠦ ᠭᠡᠨ᠎ᠡ᠃ ᠵᠢᠱᠢᠶᠡᠯᠡᠪᠡᠯ᠄ ᠦᠢᠯᠡᠳᠦᠯᠭᠡᠵᠢᠭᠦᠯᠦᠨ᠎ᠡ — ᠦᠢᠯᠡ᠂ ᠦᠢᠯᠡᠳ᠂ ᠦᠢᠯᠡᠳᠦᠯᠭᠡ᠂ ᠦᠢᠯᠡᠳᠦᠯᠭᠡᠵᠢ᠂ ᠦᠢᠯᠡᠳᠦᠯᠭᠡᠵᠢᠭᠦᠯ ᠭᠡᠵᠤ ᠲᠠᠪᠤᠨ ᠦᠨᠳᠦᠰᠦ ᠡᠭᠦᠰᠪᠡ᠃ ᠡᠭᠦᠨ ᠢ ᠳ᠋ᠤᠭᠠᠷᠯᠠᠪᠠᠯ ᠨᠢᠭᠡᠳᠦᠭᠡᠷ ᠦᠨᠳᠦᠰᠦ ︵ᠢᠵᠠᠭᠤᠷ︶ ︵ᠨᠢᠭᠡᠳᠦᠭᠡᠷ ᠦᠨᠳᠦᠰᠦ︶᠂ ᠬᠤᠶᠠᠳᠤᠭᠠᠷ ᠦᠨᠳᠦᠰᠦ᠂ ᠭᠤᠷᠪᠠᠳᠤᠭᠠᠷ ᠦᠨᠳᠦᠰᠦ᠂ ᠲᠦᠷᠪᠡᠳᠦᠭᠡᠷ ᠦᠨᠳᠦᠰᠦ᠂ ᠲᠠᠪᠤᠳᠤᠭᠠᠷ ᠦᠨᠳᠦᠰᠦ ᠪᠤᠯᠤᠨ᠎ᠠ᠃       ︽ᠦᠢᠯᠡᠳᠦᠯᠭᠡᠵᠢᠭᠦᠯᠦᠨ᠎ᠡ︾᠎ ᠶᠢ ᠶᠠᠭᠠᠬᠢᠭᠠᠳ ᠳ᠋ᠤᠭᠠᠷᠯᠠᠳᠠᠭ ᠦᠭᠡᠢ ᠪᠤᠢ︖ ᠭᠡᠪᠡᠯ᠂ ᠡᠨᠡ ᠦᠭᠡᠨ ᠠᠴᠠ ᠴᠠᠭᠠᠰᠢᠳᠠ ᠦᠭᠡ ᠡᠭᠦᠰᠭᠡᠵᠤ ᠴᠢᠳᠠᠬᠤ ᠦᠭᠡᠢ᠃ ᠡᠶᠢᠮᠦ ᠠᠴᠠ ︽ᠦᠢᠯᠡᠳᠦᠯᠭᠡᠵᠢᠭᠦᠯᠦᠨ᠎ᠡ︾ ᠭᠡᠳᠡᠭ ᠦᠭᠡ ᠨᠢ ᠦᠭᠡ ᠶᠢᠨ ᠦᠨᠳᠦᠰᠦᠨ ᠳᠤ ᠤᠷᠤᠳᠠᠭ ᠦᠭᠡᠢ᠃ ᠦᠭᠡ ᠶᠢᠨ ᠦᠨᠳᠦᠰᠦ ᠶᠢ ᠲᠤᠮᠢᠶ᠎ᠠ ᠪᠠᠷ ᠦᠵᠡᠭᠦᠯᠪᠡᠯ᠄       ᠢᠵᠠᠭᠤᠷ = ᠦᠨᠳᠦᠰᠦ ︵ᠨᠢᠭᠡᠳᠦᠭᠡᠷ ᠦᠨᠳᠦᠰᠦ᠂ ᠢᠵᠠᠭᠤᠷ ᠦᠨᠳᠦᠰᠦ︶       ᠢᠵᠠᠭᠤᠷ + ᠲᠠᠭᠠᠪᠤᠷᠢ = ᠦᠨᠳᠦᠰᠦ       ᠦᠨᠳᠦᠰᠦ + ᠲᠠᠭᠠᠪᠤᠷᠢ = ᠦᠨᠳᠦᠰᠦ       ᠠᠮᠢᠳᠤ ᠢᠵᠠᠭᠤᠷ = ᠨᠢᠭᠡᠳᠦᠭᠡᠷ ᠦᠨᠳᠦᠰᠦ       ᠮᠦᠬᠦᠭᠰᠡᠨ ᠢᠵᠠᠭᠤᠷ + ᠲᠠᠭᠠᠪᠤᠷᠢ = ᠨᠢᠭᠡᠳᠦᠭᠡᠷ ᠦᠨᠳᠦᠰᠦ       ︵3︶ ᠦᠭᠡ ᠶᠢᠨ ᠲᠠᠭᠠᠪᠤᠷᠢ — ᠦᠭᠡ ᠶᠢᠨ ᠢᠵᠠᠭᠤᠷ ᠪᠤᠶᠤ ᠦᠨᠳᠦᠰᠦᠨ ᠳᠤ ᠲᠠᠭᠠᠪᠤᠷᠢ ᠵᠠᠯᠭᠠᠠᠵᠤ ᠤᠤᠯ ᠦᠭᠡᠨ ᠳᠤ ᠦᠭᠡᠰ ᠤᠨ ᠰᠠᠩ ᠤᠨ ᠰᠢᠨ᠎ᠡ ᠤᠳᠬ᠎ᠠ ᠪᠠ ᠬᠡᠯᠡ ᠵᠦᠢ ᠶᠢᠨ ᠨᠡᠮᠡᠯᠳᠡ ᠤᠳᠬ᠎ᠠ ᠤᠷᠤᠭᠤᠯᠬᠤ ᠤᠳᠬ᠎ᠠ ᠪᠦᠬᠦᠢ ᠬᠡᠰᠡᠭ ᠢ ᠦᠭᠡ ᠶᠢᠨ ᠲᠠᠭᠠᠪᠤᠷᠢ ᠭᠡᠨ᠎ᠡ᠃ ᠵᠢᠱᠢᠶᠡᠯᠡᠪᠡᠯ᠄       ᠲᠠᠰᠬᠠᠯᠵᠢᠭᠤᠯᠪᠠ — ᠲᠠᠰ + ‍ᠭ᠎ᠠ — ᠲᠠᠰᠬ᠎ᠠ + ‍ᠯᠵᠢ — ᠲᠠᠰᠬᠠᠯᠵᠢ + ‍ᠭᠤᠯ — ᠲᠠᠰᠬᠠᠯᠵᠢᠭᠤᠯ + ᠪᠠ — ᠲᠠᠰᠬᠠᠯᠵᠢᠭᠤᠯᠪᠠ᠃ ᠡᠭᠦᠨ ᠳᠤ ︽‍ᠭ᠎ᠠ᠂ ‍ᠯᠵᠢ᠂ ‍ᠭᠤᠯ᠂ ᠪᠠ︾ ᠭᠡᠬᠦ ᠮᠡᠳᠦ ᠲᠠᠭᠠᠪᠤᠷᠢ ᠪᠠᠶᠢᠨ᠎ᠠ᠃ ᠦᠭᠡ ᠶᠢᠨ ᠲᠠᠭᠠᠪᠤᠷᠢ ᠶᠢ ᠤᠳᠬ᠎ᠠ ᠪᠠᠷ ᠨᠢ ᠦᠭᠡ ᠪᠦᠳᠦᠭᠡᠬᠦ ᠪᠠ ᠦᠭᠡ ᠬᠤᠪᠢᠯᠠᠭᠠᠬᠤ ᠲᠠᠭᠠᠪᠤᠷᠢ ᠭᠡᠵᠤ ᠬᠤᠪᠢᠶᠠᠨ᠎ᠠ᠃       ᠦᠭᠡ ᠪᠦᠳᠦᠭᠡᠬᠦ ᠲᠠᠭᠠᠪᠤᠷᠢ — ᠦᠭᠡ ᠶᠢᠨ ᠢᠵᠠᠭᠤᠷ ᠪᠤᠶᠤ ᠦᠨᠳᠦᠰᠦᠨ ᠳᠤ ᠦᠭᠡᠰ ᠤᠨ ᠰᠠᠩ ᠤᠨ ᠰᠢᠨ᠎ᠡ ᠤᠳᠬ᠎ᠠ ᠤᠷᠤᠭᠤᠯᠬᠤ ᠲᠠᠭᠠᠪᠤᠷᠢ ᠶᠢ ᠦᠭᠡ ᠪᠦᠳᠦᠭᠡᠬᠦ ᠲᠠᠭᠠᠪᠤᠷᠢ ᠭᠡᠨ᠎ᠡ᠃ ᠵᠢᠱᠢᠶᠡᠯᠡᠪᠡᠯ᠄ ᠮᠠᠯᠴᠢᠨ — ᠮᠠᠯ + ᠴᠢᠨ᠃ ︽ᠴᠢᠨ︾ ᠪᠤᠯ ᠦᠭᠡ ᠪᠦᠳᠦᠭᠡᠬᠦ ᠲᠠᠭᠠᠪᠤᠷᠢ ᠮᠦᠨ᠃ ᠠᠷᠭᠠᠯᠠ — ᠠᠷᠭ᠎ᠠ + ‍ᠯᠠ ᠃ ︽‍ᠯᠠ︾ ᠪᠤᠯ ᠦᠭᠡ ᠪᠦᠳᠦᠭᠡᠬᠦ ᠲᠠᠭᠠᠪᠤᠷᠢ ᠮᠦᠨ᠃ ᠪᠠᠭᠠᠴᠤᠳ — ᠪᠠᠭ᠎ᠠ + ᠴᠤᠳ᠃ ︽ᠴᠤᠳ︾ ᠪᠤᠯ ᠮᠦᠨ ᠴᠦ ᠦᠭᠡ ᠪᠦᠳᠦᠭᠡᠬᠦ ᠲᠠᠭᠠᠪᠤᠷᠢ ᠮᠦᠨ᠃ ᠦᠭᠡ ᠪᠦᠳᠦᠭᠡᠬᠦ ᠲᠠᠭᠠᠪᠤᠷᠢ ᠳᠤ ᠨᠡᠷ᠎ᠡ ᠦᠭᠡ᠂ ᠲᠡᠮᠳᠡᠭ ᠦᠭᠡ ᠂ ᠦᠢᠯᠡ ᠦᠭᠡ᠂ ᠲᠠᠶᠢᠪᠤᠷᠢ ᠦᠭᠡ ᠪᠦᠳᠦᠭᠡᠬᠦ ᠲᠠᠭᠠᠪᠤᠷᠢ ᠪᠤᠯ ᠦᠭᠡ ᠪᠦᠳᠦᠭᠡᠬᠦ ᠲᠠᠭᠠᠪᠤᠷᠢ ᠮᠦᠨ᠃ ᠡᠭᠦᠨ ᠎ ᠠᠴᠠ ᠭᠠᠳᠠᠨ᠎ᠠ ᠵᠠᠷᠢᠮ ᠤᠯᠠᠨ ᠲᠤᠭᠠᠨ ᠤ ᠲᠠᠭᠠᠪᠤᠷᠢ ᠦᠭᠡ ᠪᠦᠳᠦᠭᠡᠬᠦ ᠴᠢᠨᠠᠷᠳᠠᠢ ᠪᠤᠯᠤᠭᠰᠠᠨ ᠶᠤᠮ᠂ ᠡᠨᠡ ᠬᠦ ᠪᠠᠶᠢᠳᠠᠯ ᠳᠤ ᠦᠭᠡ ᠪᠦᠳᠦᠭᠡᠬᠦ ᠲᠠᠭᠠᠪᠤᠷᠢ ᠪᠠᠷ ᠪᠤᠳᠤᠨ᠎ᠠ᠃ ᠦᠭᠡ ᠬᠤᠪᠢᠯᠭᠠᠬᠤ ᠲᠠᠭᠠᠪᠤᠷᠢ — ᠦᠭᠡ ᠶᠢᠨ ᠢᠵᠠᠭᠤᠷ ᠪᠤᠶᠤ ᠦᠨᠳᠦᠰᠦᠨ ᠳᠤ ᠵᠦᠪᠬᠡᠨ ᠬᠡᠯᠡ ᠵᠦᠢ ᠶᠢᠨ ᠤᠳᠬ᠎ᠠ ᠤᠷᠤᠭᠤᠯᠳᠠᠭ ᠲᠠᠭᠠᠪᠤᠷᠢ ᠶᠢ ᠦᠭᠡ ᠬᠤᠪᠢᠯᠭᠠᠬᠤ ᠲᠠᠭᠠᠪᠤᠷᠢ ᠭᠡᠨ᠎ᠡ᠃ ᠵᠢᠱᠢᠶᠡᠯᠡᠪᠡᠯ᠄ ᠰᠠᠨᠠᠭᠠᠯᠵᠠᠭᠤᠯᠤᠭᠰᠠᠨ ᠳᠤ — ᠰᠠᠨᠠ + ‍ᠭᠠᠯᠵᠠ + ‍ᠭᠤᠯ + ‍ᠭᠰᠠᠨ +᠎ ᠳᠤ᠃ ᠡᠭᠦᠨ ᠳᠠᠬᠢ ︽‍ᠭᠠᠯᠵᠠ᠂ ‍ᠭᠤᠯ᠂ ‍ᠭᠰᠠᠨ᠂ ᠳᠤ︾ ᠲᠠᠭᠠᠪᠤᠷᠢ ᠪᠤᠯ ᠦᠭᠡ ᠬᠤᠪᠢᠯᠭᠠᠬᠤ ᠲᠠᠭᠠᠪᠤᠷᠢ ᠮᠦᠨ᠃ ᠦᠭᠡ ᠬᠤᠪᠢᠯᠭᠠᠬᠤ ᠲᠠᠭᠠᠪᠤᠷᠢ ᠳᠤ ᠨᠡᠷ᠎ᠡ ᠦᠭᠡ ᠶᠢᠨ ᠬᠤᠪᠢᠯᠤᠯ ︵ᠲᠡᠶᠢᠨ ᠢᠯᠭᠠᠯ᠂ ᠤᠯᠠᠨ ᠲᠤᠭ᠎ᠠ᠂ ᠬᠠᠮᠢᠶᠠᠳᠠᠭᠤᠯᠬᠤ︶᠂ ᠦᠢᠯᠡ ᠦᠭᠡ ᠶᠢᠨ ᠬᠤᠪᠢᠯᠤᠯ ︵ᠬᠡᠯᠪᠡᠷᠢ᠂ ᠬᠡᠪ᠂ ᠪᠠᠶᠢᠳᠠᠯ︶᠎ ᠤᠨ ᠲᠠᠭᠠᠪᠤᠷᠢ᠂ ᠲᠤᠭᠠᠨ ᠤ ᠦᠭᠡ ᠡᠭᠦᠰᠭᠡᠬᠦ ᠲᠠᠭᠠᠪᠤᠷᠢ᠂ ᠲᠡᠮᠳᠡᠭ ᠦᠭᠡ ᠶᠢᠨ ᠬᠠᠷᠢᠴᠠᠭᠤᠯᠬᠤ ᠵᠡᠷᠭᠡ ᠶᠢᠨ ᠲᠠᠭᠠᠪᠤᠷᠢ ᠨᠤᠭᠤᠳ ᠪᠠᠶᠢᠨ᠎ᠠ᠃       ︵4︶ ᠦᠭᠡ ᠪᠦᠳᠦᠭᠡᠬᠦ ᠬᠤᠪᠢᠯᠭᠠᠬᠤ ᠰᠢᠨᠵᠢᠳᠦ ᠲᠠᠭᠠᠪᠤᠷᠢ       ᠨᠡᠷ᠎ᠡ ᠦᠭᠡ ᠶᠢᠨ ᠤᠯᠠᠨ ᠲᠤᠭᠠᠨ ᠤ ᠲᠠᠭᠠᠪᠤᠷᠢ ᠵᠠᠷᠢᠮ ᠲᠠᠭᠠᠪᠤᠷᠢ ᠪᠦᠳᠦᠭᠡᠬᠦ ᠬᠤᠪᠢᠯᠭᠠᠬᠤ ᠰᠢᠨᠵᠢᠳᠠᠢ᠃ ᠵᠢᠱᠢᠶᠡᠯᠡᠪᠡᠯ᠄ ᠰᠠᠶᠢᠨ + ᠴᠤᠤᠯ — ᠰᠠᠶᠢᠴᠤᠤᠯ᠂ ᠠᠪᠤᠭᠰᠠ +᠎ ᠤᠨ — ᠠᠪᠤᠭᠰᠠᠳ᠃ ᠡᠭᠦᠨ ᠎ ᠳᠠᠬᠢ ︽ᠴᠤᠤᠯ᠂ ᠤᠨ︾ ᠲᠠᠭᠠᠪᠤᠷᠢ ᠪᠤᠯ ᠦᠭᠡ ᠪᠦᠳᠦᠭᠡᠬᠦ ᠲᠠᠭᠠᠪᠤᠷᠢ ᠮᠦᠨ᠃ ᠡᠪᠦᠭᠡ + ᠴᠤᠤᠯ — ᠡᠪᠦᠭᠡᠴᠤᠤᠯ᠂ ᠮᠤᠷᠢ +᠎ ᠤᠨ — ᠮᠤᠷᠢᠳ᠃ ᠡᠭᠦᠨ ᠳᠠᠬᠢ ︽ᠴᠤᠤᠯ᠂ ᠤᠨ︾ ᠪᠤᠯ ᠦᠭᠡ ᠬᠤᠪᠢᠯᠭᠠᠬᠤ ᠲᠠᠭᠠᠪᠤᠷᠢ ᠮᠦᠨ᠃       ︵5︶ ᠦᠭᠡ ᠶᠢᠨ ᠦᠨᠳᠦᠰᠦ ᠪᠤᠯᠬᠤ ᠲᠠᠭᠠᠪᠤᠷᠢ ᠤᠤᠯ ᠦᠭᠡᠨ ᠳᠤ ᠴᠠᠭᠠᠰᠢᠳᠠ ᠲᠠᠭᠠᠪᠤᠷᠢ ᠵᠠᠯᠭᠠᠵᠤ ᠪᠤᠯᠬᠤ ᠲᠠᠭᠠᠪᠤᠷᠢ ᠶᠢ ᠦᠭᠡ ᠶᠢᠨ ᠦᠨᠳᠦᠰᠦ ᠪᠤᠯᠬᠤ ᠲᠠᠭᠠᠪᠤᠷᠢ ᠭᠡᠨ᠎ᠡ᠃ ᠵᠢᠱᠢᠶᠡᠯᠡᠪᠡᠯ᠄ ︽ᠤᠷᠤᠭᠤᠯᠪᠠ ᠂ ᠰᠤᠷᠭᠠᠭᠤᠯᠢ︾ ᠭᠡᠬᠦ ᠮᠡᠳᠦ ᠦᠭᠡ ᠶᠢᠨ ︽‍ᠭᠤᠯ᠂ ‍ᠭ᠎ᠠ᠂ ‍ᠭᠤᠯᠢ︾ ᠲᠠᠭᠠᠪᠤᠷᠢ ᠪᠤᠯ ᠦᠭᠡ ᠶᠢᠨ ᠦᠨᠳᠦᠰᠦ ᠪᠤᠯᠬᠤ ᠲᠠᠭᠠᠪᠤᠷᠢ ᠮᠦᠨ᠃       ︵6︶ ᠦᠭᠡ ᠶᠢᠨ ᠦᠨᠳᠦᠰᠦ ᠪᠤᠯᠬᠤ ᠦᠭᠡᠢ ᠲᠠᠭᠠᠪᠤᠷᠢ       ᠤᠤᠯ ᠦᠭᠡᠨ ᠳᠤ ᠴᠠᠭᠠᠰᠢᠳᠠ ᠶᠠᠮᠠᠷ ᠴᠦ ᠲᠠᠭᠠᠪᠤᠷᠢ ᠵᠠᠯᠭᠠᠵᠤ ᠪᠤᠯᠬᠤ ᠦᠭᠡᠢ ᠲᠠᠭᠠᠪᠤᠷᠢ ᠶᠢ ᠦᠭᠡ ᠶᠢᠨ ᠦᠨᠳᠦᠰᠦ ᠪᠤᠯᠬᠤ ᠦᠭᠡᠢ ᠦᠭᠡ ᠲᠠᠭᠠᠪᠤᠷᠢ ᠭᠡᠨ᠎ᠡ᠃ ᠵᠢᠱᠢᠶᠡᠯᠡᠪᠡᠯ᠄ ︽ᠤᠯᠵᠠᠢ᠂ ᠦᠵᠡᠭᠡᠳ︾ ᠭᠡᠳᠡᠭ ᠦᠭᠡ ᠶᠢᠨ ︽‍ᠵᠠᠢ᠂ ᠭᠡᠳ︾ ᠭᠡᠬᠦ ᠲᠠᠭᠠᠪᠤᠷᠢ ᠪᠤᠯ ᠦᠭᠡ ᠶᠢᠨ ᠦᠨᠳᠦᠰᠦ ᠪᠤᠯᠬᠤ ᠦᠭᠡᠢ ᠲᠠᠭᠠᠪᠤᠷᠢ ᠮᠦᠨ᠃       ︵7︶ ᠦᠭᠡ ᠶᠢ ᠢᠵᠠᠭᠤᠷ ᠲᠠᠭᠠᠪᠤᠷᠢ ᠪᠠᠷ ᠵᠠᠳᠠᠯᠬᠤ       ᠦᠭᠡ ᠶᠢ ᠢᠵᠠᠭᠤᠷ ᠲᠠᠭᠠᠪᠤᠷᠢ ᠪᠠᠷ ᠵᠠᠳᠠᠯᠬᠤ ᠭᠡᠳᠡᠭ ᠨᠢ ᠦᠭᠡ ᠶᠢᠨ ᠢᠵᠠᠭᠤᠷ ᠢ ᠢᠵᠠᠭᠤᠷ ᠎ ᠢᠶᠠᠷ ᠨᠢ ᠪᠢᠴᠢᠵᠤ᠂ ᠲᠠᠭᠠᠪᠤᠷᠢ ᠶᠢ ᠨᠢ ᠴᠤᠪᠤᠷᠠᠭᠤᠯᠤᠨ ᠵᠠᠳᠠᠯᠵᠤ ᠪᠢᠴᠢᠬᠦ ᠶᠢ ᠬᠡᠯᠡᠨ᠎ᠡ᠃ ᠵᠢᠱᠢᠶᠡᠯᠡᠪᠡᠯ᠄ ᠢᠯᠡᠷᠡᠭᠦᠯᠬᠦ — ᠢᠯᠡ + ᠷᠡ + ᠭᠦ᠋ᠯ + ᠬᠦ ᠭᠡᠬᠦ ᠮᠡᠳᠦ᠃       ︵8︶ ᠦᠭᠡ ᠶᠢ ᠦᠨᠳᠦᠰᠦ ᠪᠠᠷ ᠨᠢ ᠵᠠᠳᠠᠯᠬᠤ       ᠦᠭᠡ ᠶᠢᠨ ᠦᠨᠳᠦᠰᠦ ᠶᠢ ᠴᠤᠪᠤᠷᠠᠭᠤᠯᠤᠨ ᠪᠢᠴᠢᠬᠦ ᠶᠢ ᠦᠭᠡ ᠶᠢᠨ ᠦᠨᠳᠦᠰᠦ ᠪᠠᠷ ᠨᠢ ᠵᠠᠳᠠᠯᠬᠤ ᠭᠡᠨ᠎ᠡ᠃ ᠵᠢᠱᠢᠶᠡᠯᠡᠪᠡᠯ᠄ ᠡᠵᠡᠮᠰᠢᠭᠦᠯᠦᠭᠰᠡᠨ — ᠡᠵᠡᠨ ᠡᠵᠡᠮᠰᠢ ᠡᠵᠡᠮᠰᠢᠭᠦᠯ ᠡᠵᠡᠮᠰᠢᠭᠦᠯᠦᠭᠰᠡᠨ᠂ ᠠᠮᠢᠳᠤᠷᠠᠪᠠ — ᠠᠮᠢ ᠠᠮᠢᠳᠤ ᠠᠮᠢᠳᠤᠷᠠ ᠭᠡᠬᠦ ᠮᠡᠳᠦ᠃       ︵9︶ ᠦᠭᠡ ᠶᠢ ᠢᠵᠠᠭᠤᠷ ᠦᠨᠳᠦᠰᠦ ᠲᠠᠭᠠᠪᠤᠷᠢ ᠪᠠᠷ ᠵᠠᠳᠠᠯᠬᠤ       ᠵᠢᠱᠢᠶᠡᠯᠡᠪᠡᠯ᠄ ᠪᠠᠶᠠᠵᠢᠭᠤᠯᠤᠭᠰᠠᠨ — ᠪᠠᠶᠠᠨ ︵ᠢᠵᠠᠭᠤᠷ᠂ ᠢᠵᠠᠭᠤᠷ ᠦᠨᠳᠦᠰᠦ᠂ ᠨᠢᠭᠡᠳᠦᠭᠡᠷ ᠦᠨᠳᠦᠰᠦ︶ + ‍ᠵᠢ ︵ᠲᠠᠭᠠᠪᠤᠷᠢ︶ — ᠪᠠᠶᠠᠵᠢ ︵ᠬᠤᠶᠠᠳᠤᠭᠠᠷ ᠦᠨᠳᠦᠰᠦ︶ + ‍ᠭᠤᠯ ︵ᠲᠠᠭᠠᠪᠤᠷᠢ︶ — ᠪᠠᠶᠠᠵᠢᠭᠤᠯ ︵ᠭᠤᠷᠪᠠᠳᠤᠭᠠᠷ ᠦᠨᠳᠦᠰᠦ︶ + ‍ᠭᠰᠠᠨ ︵ᠲᠠᠭᠠᠪᠤᠷᠢ︶ — ᠪᠠᠶᠠᠵᠢᠭᠤᠯᠤᠭᠰᠠᠨ ︵ᠲᠦᠷᠪᠡᠳᠦᠭᠡᠷ ᠦᠨᠳᠦᠰᠦ︶᠃ ᠦᠢᠯᠡᠳᠪᠦᠷᠢᠯᠡᠪᠡ — ᠦᠢᠯᠡ +᠎ ᠤᠨ — ᠦᠢᠯᠡᠳ + ᠪᠦ᠋ᠷᠢ — ᠦᠢᠯᠡᠳᠪᠦᠷᠢ + ‍ᠯᠡ — ᠦᠢᠯᠡᠳᠪᠦᠷᠢᠯᠡ + ᠪᠡ — ᠦᠢᠯᠡᠳᠪᠦᠷᠢᠯᠡᠪᠡ ᠭᠡᠬᠦ ᠮᠡᠳᠦ ᠬᠡᠯᠪᠡᠷᠢ ᠪᠠᠷ ᠵᠠᠳᠠᠯᠬᠤ ᠶᠢ ᠢᠵᠠᠭᠤᠷ ᠦᠨᠳᠦᠰᠦ ᠲᠠᠭᠠᠪᠤᠷᠢ ᠪᠠᠷ ᠵᠠᠳᠠᠯᠬᠤ ᠭᠡᠨ᠎ᠡ᠃             ︵ᠬᠤᠯᠪᠤᠭ᠎ᠠ ᠰᠦᠯᠵᠢᠶ᠎ᠡ ᠠᠴᠠ ᠰᠢᠯᠵᠢᠬᠦᠯᠦᠨ ᠨᠡᠶᠢᠳᠡᠯᠡᠪᠡ︶ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号