2013 ᠤᠨ ᠤ 11 ᠰᠠᠷ᠎ᠠ ᠶᠢᠨ 7 ᠡᠳᠦᠷ ᠰᠢᠯᠢ ᠶᠢᠨ ᠬᠤᠲᠠ ᠶᠢᠨ ᠤᠷᠴᠢᠭᠤᠯᠤᠭᠴᠢ ᠶᠢᠨ | ᠪᠤᠯᠪᠠᠰᠤᠷᠠᠯ ᠤᠨ ᠠᠩᠬᠢ ᠨᠢ ᠪᠠᠶᠠᠨᠪᠠᠭᠠᠲᠤᠷ ᠪᠠᠭᠰᠢ ᠶᠢ ᠵᠠᠯᠠᠵᠤ ᠮᠤᠩᠭᠤᠯ ᠰᠦᠯᠵᠢᠶ᠎ᠡ ᠪᠠ ᠮᠤᠩᠭᠤᠯ ᠺᠤᠮᠫᠢᠦᠲ᠋ᠧᠷ | ᠤᠨ ᠲᠤᠬᠠᠢ ᠲᠠᠶᠢᠯᠤᠮᠵᠢ ᠬᠢᠯᠭᠡᠯ᠎ᠡ᠃ ᠪᠠ᠊ ᠪᠠᠭᠰᠢ ᠠᠴᠠ ︽ᠰᠢᠯᠵᠢᠯᠲᠡ ᠶᠢᠨ ᠦᠶ᠎ᠡ ᠳᠠᠬᠢ ᠮᠤᠩᠭᠤᠯ ᠬᠡᠯᠡ ᠪᠢᠴᠢᠭ | — ᠡᠬᠡ ᠬᠡᠯᠡᠨ ᠤ ᠪᠠᠨ ᠢᠷᠡᠭᠡᠳᠦᠢ ᠶᠢᠨ ᠲᠤᠬᠠᠢ ᠲᠡᠮᠡᠤᠯᠡᠯ︾ ᠬᠡᠬᠦ ᠰᠡᠳᠦᠪ ᠢᠶᠠᠷ ᠦᠬᠡ ᠬᠡᠯᠡ ᠦᠰᠦᠭ ᠪᠢᠴᠢᠭ | ᠤᠨ ᠤᠳᠤᠬᠢᠴᠢᠯᠠᠯ᠂ ᠡᠬᠡ ᠬᠡᠯᠡᠨ ᠤ ᠲᠤᠬᠠᠢ ᠰᠠᠨᠠᠭᠠᠰᠢᠷᠠᠯ᠂ ᠮᠤᠩᠭᠤᠯ ᠬᠡᠯᠡᠨ ᠤ ᠲᠤᠭᠠᠴᠢᠯᠠᠯ ᠤᠨ ᠪᠠᠶᠢᠳᠠᠯ᠂ | ᠰᠢᠨ᠎ᠡ ᠮᠡᠷᠭᠡᠵᠢᠯ ᠤᠨ ᠲᠤᠬᠠᠢ ᠴᠤᠬᠤᠰ ᠲᠠᠨᠢᠯᠴᠠᠭᠤᠯᠭ᠎ᠠ᠂ ᠲᠤᠭᠠᠴᠢᠯᠠᠯ ᠤᠨ ᠲᠠᠯ᠎ᠠ ᠪᠠᠷ ᠮᠠᠨ ᠤ ᠬᠢᠪᠡᠰᠦ ᠵᠤᠬᠢᠬᠤ | ᠠᠵᠢᠯ᠂ ᠮᠠᠨᠠᠢ ᠦᠴᠢᠯ ᠵᠡᠷᠭᠡ ᠠᠭᠤᠯᠭ᠎ᠠ ᠪᠠᠷ ᠦᠰᠦᠭ ᠪᠢᠴᠢᠭ ᠤᠨ ᠤᠳᠤᠬᠢᠴᠢᠯᠠᠯ ᠲᠤᠭᠠᠴᠢᠯᠠᠯ ᠤᠨ ᠲᠤᠶᠢᠮᠤ | ᠪᠠᠶᠢᠳᠠᠯ᠂ ᠠᠬ᠎ᠠ ᠲᠡᠭᠦᠤ ᠦᠨᠳᠦᠰᠦᠲᠡᠨ ᠤ ᠦᠰᠦᠭ ᠪᠢᠴᠢᠭ ᠤᠨ ᠲᠤᠭᠠᠴᠢᠯᠠᠯ ᠤᠨ ᠮᠠᠨ ᠤ ᠦᠨᠳᠦᠰᠦᠲᠡᠨ ᠠᠴᠠ | ᠲᠠᠪᠰᠢᠭᠰᠠᠨ ᠲᠠᠯ᠎ᠠ᠂ ᠡᠬᠡ ᠮᠤᠩᠭᠤᠯ ᠬᠡᠯᠡᠨ ᠤ ᠲᠦᠭᠰᠢᠭᠦᠷᠢᠲᠦ ᠪᠠᠶᠢᠳᠠᠯ ᠪᠠ ᠦᠷᠦᠭᠡᠯ ᠠᠴᠠ ᠬᠤᠴᠤᠷᠠᠬᠤ ᠦᠭᠡᠢ | ᠭᠡᠵᠦ ᠡᠷᠡᠮᠬᠡᠶᠢᠯᠡᠨ ᠴᠢᠷᠮᠠᠶᠢᠵᠤ ᠪᠠᠶᠢᠭ᠎ᠠ ᠪᠠᠶᠢᠳᠠᠯ ᠢ ᠲᠠᠨᠢᠯᠴᠠᠭᠤᠯᠤᠯ᠎ᠠ᠃ ᠨᠤᠮ ᠪᠢᠴᠢᠭ ᠤᠨ ᠴᠠᠭᠠᠨ ᠴᠠᠭᠠᠰᠤᠨ | ᠲᠡᠭᠡᠷ᠎ᠡ ᠠᠴᠠ ᠺᠤᠮᠫᠢᠥᠲ᠋ᠧᠷ ᠤᠨ ᠴᠡᠭᠡᠨ ᠬᠦᠰᠢᠬᠡᠨ ᠵᠦᠭ ᠰᠢᠯᠵᠢᠵᠦ ᠪᠠᠶᠢᠭ᠎ᠠ ᠦᠰᠦᠭ ᠪᠢᠴᠢᠭ ᠤᠨ | ᠰᠢᠯᠵᠢᠯᠲᠡ ᠶᠢᠨ ᠡᠷᠡᠨ ᠳᠤ ᠡᠬᠡ ᠬᠡᠯᠡᠨ ᠤ ᠮᠤᠩᠭᠤᠯ ᠦᠰᠦᠭ ᠪᠢᠴᠢᠭ ᠤᠨ ᠰᠢᠯᠵᠢᠯᠲᠡ ᠶᠠᠮᠠᠷ ᠰᠢᠤ ᠪᠤᠯᠵᠤ ᠪᠠᠶᠢᠭ᠎ᠠ | ᠪᠣᠯ᠃ ᠪᠠ᠊ ᠪᠠᠭᠰᠢ ᠶᠢᠨ ᠬᠢᠴᠢᠶᠡᠯ ᠤᠨ ᠬᠡᠰᠡᠭ ᠠᠭᠤᠯᠭ᠎ᠠ ᠶᠢ ᠰᠦᠯᠵᠢᠶᠡᠨ ᠨᠠᠶᠢᠵᠠ ᠨᠠᠷ ᠲᠠᠢ ᠪᠠᠨ ᠬᠠᠮᠲᠤ | ᠪᠠᠭ᠋ᠠᠷᠬᠠᠵᠤ᠂ ᠡᠬᠡ ᠬᠡᠯᠡᠨ ᠤ ᠪᠠᠨ ᠢᠷᠡᠭᠡᠳᠦᠢ ᠳᠤ ᠰᠠᠨᠠᠭᠠᠰᠢᠷᠠᠶᠠ︕ | ︽ᠬᠠᠷᠢ ᠬᠡᠯᠡᠨ ᠤ ᠲᠤᠭᠠᠴᠢᠯᠠᠯ᠂ ᠬᠢᠲᠠᠳ ᠬᠡᠯᠡᠨ ᠤ ᠲᠤᠭᠠᠴᠢᠯᠠᠯ ᠪᠠ ᠴᠦᠬᠡᠨ ᠲᠤᠭᠠᠲᠤ ᠦᠨᠳᠦᠰᠦᠲᠡᠨ | ᠤ ᠦᠰᠦᠭ ᠪᠢᠴᠢᠭ ᠤᠨ ᠲᠤᠭᠠᠴᠢᠯᠠᠯ ᠤᠨ ᠬᠤᠷᠳᠤᠴᠠ ᠮᠠᠰᠢ ᠲᠦᠷᠭᠡᠨ ᠪᠠᠶᠢᠭ᠎ᠠ ᠶᠢ ᠪᠢᠳᠡ ᠠᠩᠬᠠᠷᠤᠯ ᠳᠠᠭᠠᠨ | ᠠᠪᠬᠤ ᠬᠡᠷᠡᠭᠲᠡᠢ ᠪᠠᠶᠢᠨ᠎ᠠ᠃ ᠲᠦᠪᠡᠳ᠂ ᠤᠶᠢᠭᠤᠷ᠂ ᠬᠠᠰᠠᠭ᠂ ᠬᠢᠷᠭᠢᠰ᠂ ᠢ ᠦᠨᠳᠦᠰᠦᠲᠡᠨ ᠤ ᠦᠰᠦᠭ | ᠪᠢᠴᠢᠭ ᠤᠨ ᠲᠤᠭᠠᠴᠢᠯᠠᠯᠲᠠ ᠨᠡᠯᠢᠶᠡᠳ ᠲᠦᠷᠬᠡᠨ ᠪᠤᠢ᠃︾ | ︽ᠲᠥᠪᠡᠳᠴᠤᠳ 1984 ᠣᠨ ᠳᠤ ᠬᠢᠲᠡᠳ ᠠᠩᠭ᠍ᠯᠢ ᠲᠦᠪᠡᠳ ᠬᠠᠪᠰᠣᠷᠭᠠᠭᠰᠠᠨ ᠬᠡᠪᠯᠡᠬᠦ ᠰᠢᠰᠲ᠋ᠧᠮ | ᠵᠣᠬᠢᠶᠠᠵᠤ᠂ 1993 ᠣᠨ ᠳᠤ ᠲᠦᠪᠡᠳ ᠺᠤᠳ᠋ ᠤᠨ ᠪᠠᠷᠢᠮᠵᠢᠶ᠎ᠠ ᠲᠤᠭᠲᠠᠭᠠᠬᠤ ᠠᠵᠢᠯ ᠡᠬᠢᠯᠡᠵᠡᠢ᠂ 1997 ᠣᠨ | ᠤ 6 ᠰᠠᠷ᠎ᠠ ᠶᠢᠨ 30 ᠠᠴᠠ 7 ᠰᠠᠷ᠎ᠠ ᠶᠢᠨ 4 ᠳᠤ ᠳᠤᠮᠳᠠᠳᠤ ᠤᠯᠤᠰ ᠤᠨ ᠴᠥᠭᠡᠨ ᠲᠤᠭᠠᠲᠤ ᠦᠨᠳᠦᠰᠦᠲᠡᠨ ᠤ | ᠠᠩᠬᠠᠳᠠᠭᠴᠢ ᠳᠡᠯᠡᠬᠡᠢ ᠶᠢᠨ ᠪᠠᠷᠢᠮᠵᠢᠶᠠᠨ ᠺᠤᠳ᠋ — ᠲᠦᠪᠡᠳ ᠬᠡᠯᠡᠨ ᠤ ᠪᠠᠷᠢᠮᠵᠢᠶ᠎ᠠ ᠺᠤᠳ᠋ ISO/IEC | 10646 ᠶᠢ ᠪᠠᠲᠤᠯᠠᠭᠤᠯᠵᠠᠢ᠃ ᠣᠳᠣ ᠲᠦᠪᠡᠳ ᠬᠡᠯᠡᠨ ᠤ ᠦᠰᠦᠭ ᠤᠨ ᠬᠥᠮᠦᠷᠭᠡ᠂ ᠣᠷᠣᠭᠤᠯᠬᠤ ᠰᠢᠰᠲ᠋ᠧᠮ᠂ | ᠠᠯᠪᠠᠯᠠᠬᠤ ᠰᠤᠹᠲ᠂ ᠰᠦᠯᠵᠢᠶᠡᠨ ᠨᠢᠭᠤᠷ ᠵᠤᠬᠢᠶᠠᠬᠤ ᠪᠠ ᠦᠵᠡᠬᠦ ᠰᠣᠹᠲ᠂ ᠬᠡᠪᠯᠡᠬᠦ ᠰᠢᠰᠲ᠋ᠧᠮ᠂ ᠵᠠᠰᠠᠭ ᠤᠨ | ᠰᠦᠯᠵᠢᠶᠡᠨ ᠤ ᠠᠯᠪᠠᠨ ᠰᠢᠰᠲ᠋ᠧᠮ᠂ ᠬᠡᠯᠡᠨ ᠤ ᠺᠤᠳ᠋ ᠤᠨ ᠪᠠᠷᠢᠮᠵᠢᠶᠠᠨ ᠳᠤ ᠨᠡᠶᠢᠴᠡᠬᠦ ᠡᠰᠡᠬᠦ ᠶᠢ ᠰᠢᠯᠭᠠᠬᠤ | ᠰᠢᠰᠲ᠋ᠧᠮ᠂ ᠲᠦᠪᠡᠳ ᠬᠢᠲᠠᠳ ᠣᠷᠴᠢᠭᠤᠯᠬᠤ ᠰᠢᠰᠲ᠋ᠧᠮ᠂ ᠲᠦᠪᠡᠳ ᠦᠰᠦᠭ ᠲᠠᠨᠢᠬᠤ ᠰᠢᠰᠲ᠋ᠧᠮ ︵OCR︶ | ᠂ ᠲᠦᠪᠡᠳ ᠠᠵᠢᠯᠯᠠᠬᠤ ᠰᠢᠰᠲ᠋ᠧᠮ ︵LINUX︶᠂ ᠲᠦᠪᠡᠳ ᠴᠠᠬᠢᠮ ᠰᠣᠨᠢᠨ᠂ ᠲᠦᠪᠡᠳ ᠦᠭᠡ ᠬᠡᠯᠡ | ᠦᠰᠦᠭ ᠪᠢᠴᠢᠭ ᠤᠨ ᠰᠦᠯᠵᠢᠶ᠎ᠡ ᠪᠦᠷᠢᠳᠦᠯ᠎ᠡ᠃︾ | ︽ᠤᠶᠢᠭᠤᠷ ᠬᠠᠰᠠᠭ ᠭᠢᠷᠭᠢᠰ ᠤᠨ ᠦᠰᠦᠭ ᠪᠢᠴᠢᠭ ᠤᠨ ᠲᠤᠭᠠᠴᠢᠯᠠᠯ ᠡᠷᠴᠢᠮᠲᠡᠢ ᠶᠠᠪᠤᠭᠳᠠᠵᠤ ᠪᠣᠢ᠃ | 1991 ᠣᠨ ᠳᠤ ᠤᠶᠢᠭᠤᠷ ᠬᠠᠰᠠᠭ ᠭᠢᠷᠭᠢᠰ ᠬᠡᠪᠯᠡᠬᠦ ᠰᠢᠰᠲ᠋ᠧᠮ᠂ 1996 ᠣᠨ ᠳᠤ ᠰᠢᠪᠡᠭᠡ ᠮᠠᠨᠵᠣ ᠬᠡᠪᠯᠡᠬᠦ | ᠰᠢᠰᠲ᠋ᠧᠮ ᠪᠣᠢ ᠪᠣᠯᠣᠯ᠎ᠠ᠂᠂ ᠤᠶᠢᠭᠤᠷ ᠬᠠᠰᠠᠭ ᠭᠢᠷᠭᠢᠰ Windows 3.X᠂ Windows 9.X᠂ | Windows 2000 ᠳᠤ ᠠᠵᠢᠯᠯᠠᠵᠤ ᠪᠣᠯᠬᠤᠷ ᠰᠢᠰᠲ᠋ᠧᠮ ᠵᠣᠬᠢᠶᠠᠭᠳᠠᠵᠤ᠂ ᠤᠶᠢᠭᠤᠷ — — ᠬᠢᠲᠠᠳ | ᠤᠷᠴᠢᠭᠤᠯᠭ᠎ᠠ ᠶᠢᠨ ᠰᠢᠰᠲ᠋ᠧᠮ᠂ ᠤᠶᠢᠭᠤᠷ ᠬᠠᠰᠠᠭ ᠭᠢᠷᠭᠢᠰ ᠦᠰᠦᠭ ᠲᠠᠨᠢᠬᠤ ᠰᠢᠰᠲ᠋ᠧᠮ᠂ ᠤᠶᠢᠭᠤᠷ ᠬᠠᠰᠠᠭ | ᠭᠢᠷᠭᠢᠰ ᠦᠭᠡ ᠲᠠᠨᠢᠬᠤ ᠰᠢᠰᠲ᠋ᠧᠮ᠂ ᠬᠠᠰᠠᠭ ᠴᠠᠬᠢᠮ ᠲᠤᠯᠢ ᠵᠣᠬᠢᠶᠠᠭᠳᠠᠯᠠ᠃︾ ᠲᠦᠪᠡᠳ ᠦᠨᠳᠦᠰᠦᠲᠡᠨ ᠪᠤᠯᠤᠨ | ᠤᠶᠢᠭᠤᠷ ᠦᠨᠳᠦᠰᠦᠲᠡᠨ ᠳᠤ ᠦᠰᠦᠭ ᠪᠢᠴᠢᠭ ᠤᠨ ᠲᠠᠯ᠎ᠠ ᠪᠠᠷ ᠤᠯᠤᠰ ᠤᠨ ᠢᠨᠵᠧᠨᠧᠷᠢᠩ ᠤᠨ ᠬᠦᠷᠢᠶᠡᠯᠡᠩ ᠤᠨ | ᠠᠺᠠᠳᠧᠮᠢᠴᠢ ᠴᠤᠯᠭᠤᠷᠠᠨ ᠭᠠᠷᠴᠠᠢ᠃ | ︽1982 ᠣᠨ ᠳᠤ PGYW ᠢ ᠦᠨᠳᠦᠰᠦᠲᠡᠨ ᠤ ᠦᠰᠦᠭ ᠤᠨ ᠺᠤᠮᠫᠢᠤᠲ᠋ᠧᠷ᠂ 2000 ᠣᠨ | ᠳᠤ ᠢ ᠦᠨᠳᠦᠰᠦᠲᠡᠨ ᠤ ᠦᠰᠦᠭ ᠤᠨ ᠤᠯᠤᠰ ᠤᠨ ᠪᠠᠷᠢᠮᠵᠢᠶ᠎ᠠ᠂ ᠬᠢᠲᠠᠳ ᠢ ᠬᠠᠷᠢᠴᠠᠭᠤᠯᠤᠭᠰᠠᠨ ᠴᠠᠬᠢᠮ ᠲᠤᠯᠢ᠂ | ᠢ ᠬᠡᠯᠡᠨ ᠤ ᠬᠡᠪᠯᠡᠬᠦ ᠰᠢᠰᠲ᠋ᠧᠮ᠂ ᠢ ᠬᠡᠯᠡᠨ ᠤ ᠨᠤᠲᠤᠭ ᠤᠨ ᠬᠡᠯᠡᠨ ᠤ ᠦᠭᠡ ᠶᠢᠨ ᠬᠥᠮᠦᠷᠭᠡ᠂ ᠢ ᠬᠡᠯᠡᠨ ᠤ | ᠨᠡᠷ᠎ᠡ ᠲᠤᠮᠢᠶᠠᠨ ᠤ ᠬᠥᠮᠦᠷᠭᠡ᠂ ᠢ ᠬᠡᠯᠡᠨ ᠤ ᠦᠭᠡ ᠶᠢᠨ ᠮᠠᠲ᠋ᠧᠷᠢᠶᠠᠯ ᠤᠨ ᠬᠥᠮᠦᠷᠭᠡ ᠪᠠᠶᠢᠭᠤᠯᠤᠭᠳᠠᠭᠰᠠᠨ᠃︾ | ᠲᠡᠯᠡᠬᠡᠢ ᠶᠢᠨ ᠡᠯ᠎ᠡ ᠦᠨᠳᠦᠰᠦᠲᠡᠨ ᠤ ᠦᠰᠦᠭ ᠪᠢᠴᠢᠭ ᠶᠠᠰᠤᠨ ᠪᠢᠴᠢᠭ᠂ ᠬᠤᠯᠤᠰᠤᠨ ᠪᠢᠴᠢᠭ᠂ ᠮᠤᠳᠤᠨ ᠪᠠᠷ᠂ | ᠬᠤᠷᠭᠤᠯᠵᠢᠨ ᠪᠠᠷ᠂ ᠺᠤᠮᠫᠢᠤᠲ᠋ᠧᠷ ᠬᠡᠬᠦ ᠮᠡᠲᠦ ᠰᠢᠯᠵᠢᠯᠲᠡ ᠶᠢ ᠦᠩᠭᠡᠷᠡᠭᠡᠵᠦ ᠪᠠᠶᠢᠭ᠎ᠠ᠂ ᠵᠠᠷᠢᠮ ᠦᠨᠳᠦᠰᠦᠲᠡᠨ ᠤ | ᠦᠰᠦᠭ ᠪᠢᠴᠢᠭ ᠨᠢ ᠰᠢᠯᠵᠢᠯᠲᠡ ᠶᠢ ᠲᠠᠭᠠᠵᠤ ᠠᠮᠵᠢᠭᠰᠠᠨ ᠦᠭᠡᠢ᠂ ᠡᠭᠦᠨ ᠤ ᠤᠯᠠᠮ ᠠᠴᠠ ᠦᠭᠡ ᠬᠡᠯᠡᠨ ᠤ ᠪᠠᠨ | ᠤᠰᠠᠲᠤᠯ ᠪᠠ ᠦᠨᠳᠦᠰᠦᠲᠡᠨ ᠤ ᠪᠠᠨ ᠬᠠᠶᠢᠯᠤᠯ ᠢ ᠲᠦᠷᠭᠡᠳᠭᠡᠭᠰᠡᠨ ᠪᠠᠶᠢᠨ᠎ᠠ᠃ | ︽ᠮᠠᠨᠵᠣ ᠬᠡᠯᠡ ᠪᠠ ᠮᠠᠨᠵᠤ ᠦᠰᠦᠭ ᠪᠠᠷ ᠲᠦᠷᠦ ᠶᠢᠨ ᠬᠡᠯᠡ᠂ ᠲᠦᠷᠦ ᠶᠢᠨ ᠦᠰᠦᠭ ᠪᠢᠴᠢᠭ ᠪᠠᠶᠢᠭᠰᠠᠨ᠃ | ᠭᠡᠲᠡᠯ᠎ᠡ 1911 ᠤᠨ ᠳᠤ ᠳᠠᠶᠢᠴᠢᠩ ᠭᠦᠷᠦᠨ ᠰᠦᠢᠷᠡᠵᠤ ᠮᠠᠨᠵᠤ ᠶᠢᠨ ᠨᠤᠶᠠᠷᠬᠠᠯ ᠰᠦᠢᠷᠡᠬᠦ ᠶᠢ ᠳᠠᠭᠠᠯᠳᠤᠨ᠂ | ᠮᠠᠨᠵᠤ ᠬᠡᠯᠡ ᠪᠢᠴᠢᠭ ᠲᠦᠷᠦ ᠶᠢᠨ ᠡᠷᠬᠢᠮ ᠪᠠᠶᠢᠷᠢ ᠰᠠᠭᠤᠷᠢ ᠪᠠᠨ ᠠᠯᠳᠠᠭᠰᠠᠨ ᠢᠶᠠᠷ ᠦᠯᠦ ᠪᠠᠷᠠᠮ ᠲᠡᠦᠬᠡ ᠶᠢᠨ | ᠤᠬᠤᠷᠬᠠᠨ ᠬᠤᠭᠤᠴᠠᠭᠠᠨ ᠤ ᠳᠤᠲᠣᠷ᠎ᠠ ᠣᠰᠠᠳᠴᠣ ᠳᠠᠭᠤᠰᠤᠭᠰᠠᠨ᠃ ᠲᠡᠷᠡ ᠴᠠᠭ ᠪᠣᠯ ᠪᠠᠷ ᠬᠡᠪᠯᠡᠯ ᠤᠨ ᠮᠡᠷᠭᠡᠵᠢᠯ | ᠤᠨ ᠲᠠᠯ᠎ᠠ ᠳᠤ ᠤᠯᠠᠨ ᠣᠯᠣᠰ ᠤᠷᠤᠨ ᠶᠠᠭ ᠮᠤᠳᠤᠨ ᠪᠠᠷ ᠠᠴᠠ ᠬᠤᠷᠭᠤᠯᠵᠢᠨ ᠪᠠᠷ ᠲᠤ ᠰᠢᠯᠵᠢᠵᠤ ᠪᠤᠢ ᠴᠠᠭ | ᠪᠠᠶᠢᠯ᠎ᠠ᠃ ᠬᠢᠲᠠᠳ ᠪᠢᠴᠢᠭ ᠢ ᠪᠠᠭᠲᠠᠭᠠᠭᠰᠠᠨ ᠤᠯᠠᠨ ᠬᠡᠯᠡᠨ ᠤ ᠪᠢᠴᠢᠭ ᠤᠨ ᠪᠠᠷ ᠬᠡᠪᠯᠡᠯ ᠮᠠᠰᠢ ᠲᠦᠷᠭᠡᠨ ᠢᠶᠠᠷ | ᠡᠨᠡᠬᠦ ᠰᠢᠯᠵᠢᠯᠲᠡ ᠳᠤ ᠠᠮᠵᠢᠭᠰᠠᠨ ᠪᠠᠶᠢᠯ᠎ᠠ᠃ ᠮᠤᠩᠭᠤᠯ ᠤᠨ ᠮᠤᠳᠤᠨ ᠪᠠᠷ ᠲᠡᠮᠡᠬᠡᠲᠦ ︵ᠮᠣᠩᠭᠤᠯ ᠬᠤᠷᠭᠤᠯᠵᠢᠨ | ᠪᠠᠷ ᠢ ᠦᠢᠯᠡᠳᠦᠨ ᠲᠦᠭᠡᠮᠡᠯᠵᠢᠭᠦᠯᠪᠡ︶ ᠭᠡᠳᠡᠭ ᠬᠠᠷᠠᠴᠢᠨ ᠬᠦᠮᠦᠨ ᠤ ᠠᠴᠢ ᠪᠠᠷ ᠲᠡᠷᠡ ᠰᠢᠯᠵᠢᠯᠲᠡ ᠪᠠᠨ ᠳᠡᠭᠡᠷ᠎ᠡ | ᠵᠠᠭᠤᠨ ᠤ ᠬᠤᠷᠢᠭᠠᠳ ᠣᠨ ᠤ ᠡᠬᠢᠨ ᠳᠤ ᠪᠡᠶᠡᠯᠡᠭᠦᠯᠦᠭᠰᠡᠨ ᠪᠢᠯᠡ᠃ ᠮᠠᠨᠵᠤ ᠪᠢᠴᠢᠭ ᠢ ᠰᠢᠨ᠎ᠡ ᠪᠠᠷ ᠬᠡᠪᠯᠡᠯ ᠳᠤ | ᠰᠢᠯᠵᠢᠬᠦ ᠳᠤ ᠲᠣᠰᠠᠯᠠᠭᠰᠠᠨ ᠴᠢᠷᠮᠠᠶᠢᠭᠰᠠᠨ ᠬᠦᠮᠦᠨ ᠪᠠᠶᠢᠭᠰᠠᠨ ᠦᠭᠡᠢ᠂ ᠬᠡᠳᠦᠨ ᠵᠠᠭᠤᠨ ᠢ ᠨᠤᠶᠠᠷᠬᠠᠬᠰᠨ ᠮᠠᠨᠵᠤ | ᠪᠢᠴᠢᠭ ᠳᠡᠭᠡᠭᠡᠳ ᠯᠡ ᠮᠤᠤᠲᠸᠦ ᠴᠠᠭᠠᠰᠣᠨ ᠳᠡᠭᠡᠷ᠎ᠡ ᠪᠠᠨ ᠮᠤᠳᠤᠨ ᠪᠠᠷ ᠲᠠᠢ ᠪᠠᠨ ᠮᠦᠽᠸᠢ ᠶᠢᠨ ᠭᠦᠨ ᠳᠤ | ᠪᠣᠮᠪᠠᠯᠠᠭᠳᠠᠭᠰᠠᠨ ᠪᠢᠯᠡ᠃︾ | ︽ᠨᠢᠭᠡ ᠦᠨᠳᠦᠰᠦᠲᠡᠨ ᠤ ᠦᠰᠦᠭ ᠪᠢᠴᠢᠭ ᠨᠢᠭᠡ ᠵᠦᠢᠯ ᠤᠨ ᠠᠴᠢᠶᠠᠯᠠᠪᠤᠷᠢ ᠠᠴᠠ ᠪᠤᠰᠤᠳ | ᠠᠴᠢᠶᠠᠯᠠᠪᠤᠷᠢ ᠳᠤ ᠰᠢᠯᠵᠢᠬᠦ ᠦᠶ᠎ᠡ ᠳᠤ ᠰᠢᠨ᠎ᠠ ᠠᠴᠢᠶᠠᠯᠠᠪᠤᠷᠢ ᠶᠢ ᠪᠦᠷᠢᠨ ᠠᠰᠢᠭᠯᠠᠵᠤ ᠴᠢᠳᠠᠬᠤ ᠦᠭᠡᠢ ᠦᠶ᠎ᠡ ᠳᠤ | ᠲᠡᠷᠡ ᠦᠰᠦᠭ ᠪᠢᠴᠢᠭ ᠨᠢ ᠤᠰᠠᠳᠬᠤ ᠪᠤᠯᠤᠮᠵᠢ ᠲᠠᠢ ᠪᠠᠶᠢᠳᠠᠭ ᠶᠤᠮ ᠪᠠᠶᠢᠨ᠎ᠠ᠃ ᠦᠰᠦᠭ ᠪᠢᠴᠢᠭ ᠤᠨ | ᠠᠴᠢᠶᠠᠯᠠᠪᠤᠷᠢ ᠶᠢᠨ ᠰᠤᠯᠢᠭᠳᠠᠯ ᠢ ᠪᠢᠳᠡ ᠰᠢᠯᠵᠢᠯᠲᠡ ᠶᠢᠨ ᠦᠶ᠎ᠡ ᠭᠡᠵᠤ ᠨᠡᠷᠡᠯᠡᠵᠤ ᠪᠤᠯᠬᠤ ᠪᠠᠶᠢᠬ᠎ᠠ᠃ ᠲᠡᠭᠡᠪᠡᠯ | ᠤᠳᠤᠬᠠᠨ ᠳᠠᠭᠠᠨ ᠳᠡᠯᠡᠬᠡᠢ ᠶᠢᠨ ᠤᠯᠠᠨ ᠦᠰᠦᠭ ᠪᠢᠴᠢᠭ ᠤᠳᠤ ᠶᠠᠭ ᠴᠠᠭᠠᠰᠣᠨ ᠠᠴᠢᠶᠠᠯᠠᠪᠤᠷᠢ ᠠᠴᠠ ᠴᠡᠭᠡᠨ | ᠬᠦᠰᠢᠭᠡ ᠶᠢᠨ ᠠᠴᠢᠶᠠᠯᠠᠪᠤᠷᠢ ᠳᠤ ᠰᠢᠯᠵᠢᠵᠤ ᠪᠤᠢ᠃ ᠠᠷᠠᠢ ᠠᠷᠪᠠᠭᠠᠳᠬᠠᠨ ᠵᠢᠯ ᠪᠤᠯᠵᠤ ᠪᠠᠶᠢᠭ᠎ᠠ ᠡᠨᠡᠬᠦ ᠦᠰᠦᠭ | ᠪᠢᠴᠢᠭ ᠤᠨ ᠰᠢᠯᠵᠢᠯᠲᠡ ᠮᠠᠰᠢ ᠡᠷᠴᠢᠮᠲᠠᠢ ᠮᠠᠰᠢ ᠲᠦᠷᠭᠡᠨ ᠶᠠᠪᠤᠭᠳᠠᠭᠰᠠᠨ᠂ ᠠᠩᠭ᠍ᠯᠢ ᠤᠷᠤᠰ ᠶᠠᠫᠣᠨ ᠹᠷᠠᠨᠼᠢ ᠵᠡᠷᠭᠡ | ᠬᠠᠷᠢ ᠭᠦᠷᠦᠨ ᠤ ᠤᠯᠠᠨ ᠬᠡᠯᠡ ᠡᠨᠡ ᠰᠢᠯᠵᠢᠯᠲᠡ ᠶᠢᠨ ᠦᠶ᠎ᠡ ᠶᠢ ᠪᠠᠷᠤᠭ ᠳᠠᠭᠤᠰᠬᠠᠴᠢᠬᠠᠭᠰᠠᠨ᠃ ᠮᠠᠨ ᠤ ᠭᠦᠷᠦᠨ | ᠤ ᠬᠢᠳᠠᠳ ᠬᠡᠯᠡ ᠴᠦ ᠡᠨᠡᠬᠦ ᠰᠢᠯᠵᠢᠯᠲᠡ ᠶᠢ ᠦᠨᠳᠤᠰᠦᠨ ᠳᠡᠭᠡᠨ ᠭᠦᠢᠴᠡᠳᠬᠡᠭᠰᠡᠨ ᠪᠠᠶᠢᠨ᠎ᠠ᠃︾ | ᠦᠪᠡᠷ ᠤᠨ ᠦᠨᠳᠦᠰᠦᠲᠡᠨ ᠤ ᠪᠠᠨ ᠦᠰᠦᠭ ᠪᠢᠴᠢᠭ ᠤᠨ ᠢᠷᠡᠭᠡᠳᠦᠢ ᠶᠢ ᠪᠢᠳᠡ ᠦᠪᠡᠷ ᠢᠶᠠᠨ ᠯᠡ | ᠰᠠᠨᠠᠭᠠᠰᠢᠷᠠᠵᠤ ᠬᠢᠬᠦ ᠴᠢᠬᠤᠯᠠ ᠲᠠᠢ ᠶᠤᠮ ᠪᠠᠶᠢᠨ᠎ᠠ᠃ | ︽ᠡᠳᠡᠭᠡᠷ ᠢ ᠴᠢᠨᠢ ᠦᠷᠦᠭᠡᠯ ᠤᠨ ᠬᠦᠮᠦᠨ ᠬᠢᠵᠦ ᠦᠭᠬᠦ ᠦᠭᠡᠢ᠂ ᠦᠪᠡᠷᠰᠡᠳ ᠢᠶᠠᠨ ᠯᠡ ᠬᠢᠬᠦ ᠤᠴᠢᠷᠲᠠᠢ | ᠂ ᠬᠢᠬᠦ ᠦᠭᠡᠢ ᠪᠠᠶᠢᠬᠤ ᠳᠤ ᠴᠢᠨᠢ ᠬᠢᠭᠡᠴᠢ ᠭᠡᠵᠦ ᠱᠠᠯᠠᠬᠤ ᠲᠤᠷᠠᠲᠠᠢ ᠬᠦᠮᠦᠨ ᠠᠯᠠᠭ᠎ᠠ᠂ ᠬᠢᠭᠡᠳ ᠶᠠᠪᠤᠬᠤ ᠳᠤ ᠴᠢᠨᠢ | ᠪᠤᠯᠠᠬᠤ ᠦᠭᠡᠢ ᠭᠡᠵᠦ ᠬᠤᠷᠢᠭᠯᠠᠬᠤ ᠵᠢᠷᠦᠬᠡᠲᠡᠢ ᠬᠦᠮᠦᠨ ᠴᠤ ᠠᠯᠠᠭ᠎ᠠ ᠡ᠃ ᠡᠶᠢᠮᠦ ᠠᠴᠠ ᠪᠢᠳᠡ ᠦᠪᠡᠷ ᠤᠨ | ᠶᠠᠭᠤᠮ᠎ᠠ ᠪᠠᠨ ᠦᠪᠡᠷᠰᠡᠳ ᠢᠶᠠᠨ᠂ ᠨᠠᠳᠠ ᠠᠴᠠ᠂ ᠣᠳᠣ ᠠᠴᠠ ᠡᠬᠢᠯᠡᠨ ᠬᠢᠭᠦ ᠳᠤ ᠬᠦᠷᠪᠡᠯ᠂ ᠪᠢᠳᠡ ᠤᠯᠠᠨ ᠢᠶᠠᠷ | ᠢᠶᠠᠨ ᠪᠦᠲᠦᠬᠦ ᠡᠭᠦᠲᠡᠨ ᠠᠴᠠ ᠡᠬᠢᠯᠡᠨ᠂ ᠪᠦᠲᠦᠭᠡᠬᠦ ᠵᠣᠷᠢᠭ ᠲᠠᠢ ᠠᠵᠢᠯᠯᠠᠳᠠᠭ ᠯᠡ ᠪᠤᠯ᠂ ᠮᠤᠩᠭᠤᠯ ᠰᠤᠶᠤᠯ ᠤᠨ | ᠮᠠᠷᠭᠠᠰᠢ ᠶᠢᠨ ᠨᠠᠷᠠ ᠳᠣᠯᠠᠶᠢᠨ ᠭᠡᠷᠡᠯᠲᠦᠬᠦ ᠪᠤᠯᠤᠨ᠎ᠠ ᠰᠢᠣ᠃︾ ︵ᠬᠤᠯᠪᠤᠭ᠎ᠠ ᠰᠦᠯᠵᠢᠶ᠎ᠡ ᠠᠴᠠ ᠰᠢᠯᠵᠢᠬᠦᠯᠤᠨ | ᠨᠡᠶᠢᠳᠡᠯᠡᠪᠡ︶ | |