ᠦᠭᠡᠯᠦᠨ ᠦᠵᠢᠨ ᠤ ᠰᠤᠷᠭᠠᠨ ᠬᠦᠮᠦᠵᠢᠯ ᠤᠨ ᠦᠢᠯᠡ ᠡᠷᠳᠡᠮ
ᠨᠡᠶᠢᠲᠡᠯᠡᠭᠰᠡᠨ ᠴᠠᠭ᠄
2014/11/3
        ᠠᠯᠤᠨ ᠭᠤᠸ᠎ᠠ ᠡᠬᠡ ᠠᠴᠠ ᠰᠡᠭᠦᠯᠡᠷ ᠮᠤᠩᠭᠤᠯᠴᠤᠳ ᠤᠨ ᠠᠶᠢᠮᠠᠭ ᠤᠨ ᠬᠤᠯᠪᠤᠭᠠᠨ ᠤ ᠳᠦᠷᠢᠮ  ᠨᠢ ᠠᠭᠠᠵᠢᠮ ᠢᠶᠠᠷ ᠭᠦᠭᠵᠢᠭᠡᠳ ᠮᠤᠩᠭᠤᠯᠴᠤᠳ ᠤᠨ ᠠᠵᠦ ᠠᠬᠤᠢ ᠤᠯᠤᠰ ᠲᠦᠷᠦ ᠶᠢᠨ ᠬᠦᠴᠦᠨ ᠤᠯᠠᠮ ᠢᠶᠠᠷ ᠴᠢᠩᠭᠠᠷᠠᠵᠦ᠂ ᠰᠡᠭᠦᠯᠡᠷ ᠨᠢ ᠮᠤᠩᠭᠤᠯ ᠤᠨ ᠬᠠᠭᠠᠨᠳᠤ ᠲᠦᠷᠦ ᠶᠢᠨ ᠪᠠᠶᠢᠭᠤᠯᠦᠯ ᠪᠤᠯᠵᠦ ᠬᠦᠭᠵᠢᠭᠰᠡᠨ ᠪᠠᠶᠢᠨ᠎ᠡ᠃ ᠡᠶᠢᠮᠦ ᠨᠢᠭᠡᠨ ᠨᠡᠶᠢᠭᠡᠮ ᠤᠨ ᠶᠡᠭᠡ ᠬᠤᠪᠢᠰᠤᠯᠳᠠ ᠶᠢᠨ ᠡᠮᠦᠨ᠎ᠠ ᠦᠭᠡᠯᠦᠨ ᠦᠵᠢᠨ ᠬᠡᠮᠡᠬᠦ ᠨᠡᠷᠡᠳᠦ ᠡᠬᠡ ᠪᠠᠶᠢᠵᠦ᠂ ᠲᠡᠭᠦᠨ ᠤ ᠬᠦᠮᠦᠵᠢᠭᠦᠯᠦᠭᠰᠡᠨ ᠲᠡᠮᠦᠵᠢᠨ ᠲᠡᠷᠢᠭᠦᠲᠠᠢ ᠨᠢᠭᠡᠨ ᠦᠶ᠎ᠡ ᠶᠢᠨ ᠪᠠᠭᠠᠲᠤᠷᠴᠤᠳ ᠨᠢ ᠲᠡᠦᠬᠡ ᠶᠢᠨ ᠬᠦᠭᠵᠢᠯᠳᠡ ᠶᠢᠨ ᠭᠤᠤᠯᠯᠬᠠᠴᠢ ᠬᠦᠴᠦᠨ ᠪᠤᠯᠤᠡᠡᠰᠠᠨ ᠪᠠᠶᠢᠵᠠᠢ᠃ ᠡᠳᠡᠭᠡᠷ ᠪᠠᠭᠠᠳᠤᠷ ᠬᠦᠪᠡᠭᠦᠳ ᠲᠦᠢᠯ ᠤᠨ ᠬᠠᠳᠠᠭᠤᠵᠢᠯᠲᠠᠢ ᠤᠷᠴᠢᠨ ᠳᠤ ᠦᠭᠡᠯᠤᠨ ᠦᠵᠢᠨ ᠤ ︽ᠡᠬᠡ ᠶᠢᠨ ᠰᠦ︾ ᠶᠢᠨ ᠬᠦᠮᠦᠵᠢᠯ ᠪᠠ ᠬᠠᠳᠠᠭᠤ ᠴᠢᠩᠭ᠎ᠠ ᠰᠤᠷᠭᠠᠯ ᠢᠶᠠᠷ ᠳᠠᠮᠵᠢᠨ ᠬᠦᠮᠦᠵᠢᠭᠳᠡᠨ ᠪᠦᠢᠵᠢᠵᠦ ᠴᠢᠳᠠᠪᠤᠷᠢᠳᠠᠨ ᠪᠤᠯᠤᠭᠰᠠᠨ ᠶᠤᠮ᠃ ᠦᠭᠡᠯᠥᠨ ᠦᠵᠢᠨ ᠴᠢᠩᠭᠢᠰ ᠬᠠᠭᠠᠨ ᠤ ᠵᠠᠰᠠᠭ ᠲᠦᠷᠦ ᠳᠤ ᠪᠠᠰᠠ ᠨᠢᠭᠡᠨ ᠰᠤᠷᠭᠠᠨ ᠬᠦᠮᠦᠵᠢᠭᠦᠯᠦᠭᠴᠢ ᠶᠢᠨ ᠬᠤᠪᠢ ᠪᠠᠷ ᠴᠢᠩᠭᠢᠰ ᠬᠠᠭᠠᠨ ᠬᠢᠭᠡᠳ ᠲᠡᠭᠦᠨ ᠤ ᠲᠡᠭᠦᠦ ᠨᠠᠷ᠂ ᠨᠤᠶᠠᠨ ᠲᠦᠰᠢᠮᠡᠳ᠂ ᠬᠠᠭᠠᠨ ᠬᠦᠪᠡᠭᠦᠳ ᠵᠢᠴᠢ ᠳᠠᠶᠢᠨ ᠠᠴᠠ ᠤᠯᠵᠠᠯᠠᠭᠰᠠᠨ ᠦᠨᠦᠴᠢᠨ ᠬᠦᠪᠡᠭᠦᠳ ᠵᠡᠷᠭᠡ ᠶᠢ ᠰᠤᠷᠭᠠᠨ ᠬᠦᠮᠦᠵᠢᠭᠦᠯᠵᠦ ᠬᠠᠭᠠᠨᠳᠤ ᠲᠦᠷᠦ ᠳᠤ ᠤᠯᠠᠨ ᠴᠢᠳᠠᠪᠤᠷᠢᠳᠠᠨ ᠢ ᠬᠦᠮᠦᠵᠢᠭᠦᠯᠥᠭᠰᠡᠨ ᠪᠦᠭᠡᠳ ᠲᠦᠷᠦ ᠵᠠᠰᠠᠭ ᠲᠤ ᠰᠠᠨᠠᠭ᠎ᠠ ᠲᠠᠯᠪᠢᠵᠦ᠂ ᠴᠢᠩᠭᠢᠰ ᠬᠠᠭᠠᠨ ᠢ ᠰᠤᠷᠭᠠᠨ ᠰᠡᠷᠡᠮᠵᠢᠯᠡᠭᠦᠯᠵᠦ ᠨᠢᠭᠡᠨ ᠰᠤᠷᠭᠠᠠ ᠬᠦᠮᠦᠵᠢᠯ ᠤᠨ ᠵᠢᠳᠭᠦᠯᠳᠡᠨ ᠤ ᠡᠭᠦᠷᠭᠡ ᠬᠠᠷᠢᠭᠤᠴᠠᠯᠭ᠎ᠠ ᠪᠠᠨ ᠭᠦᠢᠴᠡᠳᠭᠡᠭᠰᠡᠨ ᠪᠢᠯᠡ᠃       ᠦᠭᠡᠯᠦᠨ ᠦᠵᠢᠨ ᠪᠤᠯ ᠰᠡᠴᠡᠨ ᠤᠬᠠᠭᠠᠨ ᠰᠡᠷᠭᠦᠯᠡᠩ ᠠᠷᠭ᠎ᠠ ᠪᠠᠷ ᠬᠦᠮᠦᠨ ᠢ ᠨᠦᠯᠦᠭᠡᠯᠡᠨ ᠪᠢᠰᠢᠷᠡᠭᠦᠯᠵᠦ ᠴᠢᠳᠡᠳᠠᠭ᠂ ᠰᠤᠷᠭᠠᠨ ᠬᠦᠮᠦᠵᠢᠭᠦᠯᠬᠦ ᠠᠪᠢᠶᠠᠰ ᠴᠢᠳᠠᠪᠤᠷᠢ ᠲᠠᠢ ᠬᠦᠮᠦᠨ ᠪᠠᠶᠢᠡᠡᠰᠠᠨ᠃ ᠲᠡᠷᠡ ᠶᠢᠰᠦᠭᠡᠢ ᠪᠠᠭᠠᠳᠤᠷ ᠨᠠᠰᠤ ᠪᠠᠷᠬᠠᠰᠠᠨ ᠤ ᠲᠠᠷᠠᠭ᠎ᠠ ᠦᠨᠦᠴᠢᠨ ᠬᠦᠪᠡᠭᠦᠳ ᠢᠶᠠᠨ ᠦᠰᠭᠡᠨ ᠬᠦᠮᠦᠵᠢᠭᠦᠯᠵᠦ᠂ ᠭᠠᠯ ᠭᠤᠯᠤᠮᠳᠠ ᠪᠠᠨ ᠪᠠᠳᠠᠷᠠᠭᠠᠵᠦ᠂ ︽ᠬᠠᠭᠠᠴᠬᠠᠰᠠᠨ ᠤᠯᠤᠰ ᠢᠶᠠᠨ ᠬᠠᠮᠳᠤᠳᠬᠬᠤ︾ ᠶᠢᠨ ᠲᠦᠯᠦᠭᠡ ᠬᠠᠳᠠᠭᠤ ᠪᠠᠷᠬᠡᠰᠢᠶᠠᠯᠳᠦ ᠤᠷᠴᠢᠨ ᠳᠤ ᠬᠦᠪᠡᠭᠦᠳ ᠢᠶᠠᠨ ᠪᠤᠯᠪᠠᠰᠤᠷᠠᠭᠤᠯᠵᠦ᠂ ᠬᠠᠮᠵᠢᠯᠴᠠᠨ ᠪᠦᠯᠬᠦᠮᠳᠡᠵᠦ ᠦᠢᠯᠡᠰ ᠪᠦᠳᠦᠭᠡᠬᠦ  ᠪᠠᠷ ᠬᠠᠳᠠᠭᠤ ᠴᠢᠩᠭ᠎ᠠ ᠰᠤᠷᠭᠠᠨ ᠬᠦᠮᠦᠵᠢᠭᠦᠯᠵᠠᠢ᠃ ᠲᠡᠬᠦᠨ ᠤ ᠰᠣᠷᠭᠠᠠ ᠭᠦᠮᠦᠵᠢᠯ ᠤᠨ ᠠᠷᠭ᠎ᠠ ᠳᠤ ᠲᠣᠣᠷᠠᠭᠢ ᠮᠠᠳᠣ ᠭᠡᠳᠦᠨ ᠵᠦᠢᠯ ᠪᠤᠢ᠄ ︵1︶ ᠪᠡᠶ᠎ᠠ ᠪᠠᠷ ᠢᠶᠠᠨ ᠲᠦᠷᠢᠮᠯᠡᠭᠦ ᠠᠷᠭ᠎ᠠ᠂ ᠲᠠᠷᠣᠢ ᠡᠷᠭᠡ ᠲᠦᠷᠦ ᠪᠠᠨ ᠬᠠᠮᠠᠭᠠᠯᠠᠬᠤ  ᠶᠢᠨ ᠲᠦᠯᠦᠭᠡ ᠪᠡᠶ᠎ᠠ ᠪᠠᠷ ᠢᠶᠠᠨ ᠮᠣᠷᠢᠨ ᠳᠤ ᠮᠣᠷᠳᠠᠵᠣ᠂ ᠲᠤᠭ ᠡᠷᠭᠦᠨ ᠢᠷᠭᠡᠳ ᠢᠶᠠᠨ ᠬᠤᠷᠢᠶᠠᠮᠵᠢᠯᠠᠬᠰᠠᠨ ᠵᠢᠴᠢ ︽ᠣᠭᠢᠳᠠᠯ᠎ᠠ ᠪᠤᠬᠳᠣᠯᠠᠵᠣ ᠣᠴᠢᠳᠠᠯ᠎ᠠ ᠪᠦᠰᠡᠯᠡᠵᠣ᠂ ᠣᠨᠣᠨ ᠮᠦᠷᠡᠨ ᠦᠭᠡᠳᠡ ᠢᠷᠠᠳᠡ ᠭᠦᠶᠦᠵᠣ ᠦᠢᠷᠡᠰᠦᠨ ᠮᠦᠢᠯᠰᠦᠨ ᠲᠡᠭᠦᠵᠣ︾ ᠭᠦᠪᠡᠭᠦᠳ ᠢᠶᠠᠨ ᠲᠡᠵᠢᠭᠡᠭᠰᠡᠨ ᠦᠢᠯᠡ ᠶᠠᠪᠤᠳᠠᠯ ᠨᠢ ᠭᠦᠪᠡᠭᠦᠳ ᠨᠠᠷ ᠲᠤ ᠯᠣᠳᠣ ᠶᠡᠭᠡ ᠭᠡᠪ ᠲᠦᠷᠢᠮ ᠤᠨ ᠦᠢᠯᠠᠳᠦᠯ ᠦᠵᠡᠭᠦᠯᠦᠭᠰᠡᠨ ᠪᠠᠶᠢᠨ᠎ᠠ᠃ ︵2︶ ᠭᠡᠯᠡᠵᠣ ᠰᠣᠷᠭᠠᠬᠤ ᠠᠷᠭ᠎ᠠ᠂ ᠲᠠᠷᠣᠢ ︽ᠬᠠᠭᠤᠴᠢᠨ ᠦᠭᠡᠰ ᠬᠠᠳᠠᠯᠣᠨ᠂ ᠦᠳᠡᠭᠦᠰ ᠦᠭᠡᠰ ᠦᠷᠭᠢᠳᠦᠨ︾ ᠶᠣᠰᠣ ᠣᠴᠢᠷ ᠢ ᠭᠡᠯᠡᠵᠣ ᠰᠡᠩᠭᠡᠷᠡᠭᠦᠯᠦᠨ ᠰᠣᠷᠭᠠᠬᠤ ᠶᠢ ᠭᠡᠯᠡᠵᠣ ᠪᠠᠶᠢᠨ᠎ᠠ᠃ ︵3︶ ᠬᠠᠳᠠᠭᠤ ᠦᠭᠡ ᠪᠠᠷ ᠵᠢᠮᠡᠯᠡᠨ ᠰᠣᠷᠭᠠᠬᠤ ᠠᠷᠭ᠎ᠠ᠂ ᠵᠢᠱᠢᠶᠠᠯᠠᠪᠡᠯ᠂ ︽ᠬᠠᠷᠢᠪᠢᠰᠣ ᠪᠠᠨ ᠬᠠᠵᠢᠬᠴᠢᠳ᠂ ᠭᠦᠢᠰᠣ ᠪᠠᠨ ᠲᠠᠰᠣᠯᠣᠬᠴᠢᠳ︾᠂ ︽ᠬᠠᠪᠢᠷᠭ᠎ᠠ ᠪᠠᠨ ᠬᠠᠵᠢᠬᠤ ᠬᠠᠰᠠᠷ ᠨᠣᠬᠠᠢ ᠮᠠᠳᠣ᠂ ᠬᠠᠳᠠᠨ ᠳᠤ ᠲᠣᠪᠳᠣᠯᠬᠤ ᠬᠠᠪᠠᠯᠠᠠ ᠢᠷᠪᠢᠰ ᠮᠡᠳᠣ︾ ᠭᠡᠭᠦ ᠮᠠᠳᠣ ᠪᠠᠷ ᠪᠤᠷᠣᠭᠤᠳᠬᠠᠨ ᠰᠢᠭᠦᠮᠵᠢᠯᠡᠭᠦ ᠵᠠᠷᠭᠡ ᠃ ︵4︶ ᠬᠠᠪᠤᠳᠣ ᠦᠭᠡ ᠪᠠᠷ ᠵᠦᠢᠷᠯᠡᠨ ᠰᠡᠩᠭᠡᠷᠡᠭᠦᠯᠭᠦ ᠠᠷᠭ᠎ᠠ᠂ ᠵᠢᠱᠢᠶᠠᠯᠠᠪᠠᠯ ︽ᠰᠡᠭᠦᠳᠡᠷ ᠠᠴᠠ ᠪᠤᠰᠣ ᠨᠦᠭᠦᠷ ᠦᠭᠡᠢ᠂ ᠰᠡᠭᠦᠯ ᠠᠴᠠ ᠪᠤᠰᠣ ᠴᠢᠴᠤᠭ᠎ᠠ ᠦᠭᠡᠢ︾᠂ ︽ᠡᠳᠦᠷ ᠦᠵᠡᠭᠦ ᠨᠢᠳᠦᠨ ᠰᠦᠨᠢ ᠰᠣᠨᠣᠰᠬᠤ ᠴᠢᠭᠢᠨ ᠪᠤᠯᠭᠠᠬᠤ︾ ᠭᠡᠭᠦ ᠮᠠᠳᠣ᠃ ︵5︶ ᠭᠦᠭᠦᠭᠰᠡᠨ ᠰᠦ ᠶᠢᠨ ᠠᠷᠭ᠎ᠠ᠂ ᠴᠢᠩᠭᠢᠰ ᠬᠠᠭᠠᠨ ᠬᠠᠰᠠᠷ ᠢ ᠬᠠᠷᠠᠳᠡᠵᠦ ᠰᠢᠳᠭᠡᠵᠦ ᠪᠠᠶᠢᠭ᠎ᠠ ᠦᠶ᠎ᠠ ᠳᠤ ᠪᠡᠶ᠎ᠠ ᠪᠠᠷ ᠢᠶᠠᠨ ᠤᠴᠢᠵᠦ ︽ᠬᠦᠬᠦᠭᠰᠡᠨ ᠬᠦᠬᠦ ᠴᠢᠨᠢ ᠠᠳᠡ ᠪᠤᠢ︾ ᠭᠡᠵᠦ ᠬᠦᠭᠦ  ᠪᠠᠨ ᠦᠵᠡᠭᠦᠯᠦᠨ ᠰᠤᠷᠭᠠᠵᠦ ᠬᠦᠮᠦᠵᠢᠭᠦᠯᠦᠭᠰᠡᠨ ᠠᠷᠭ᠎ᠠ ᠪᠤᠯᠤᠨ᠎ᠠ᠃ ᠡᠨᠡ ᠨᠢ ᠦᠨᠡᠭᠡᠷ ᠪᠠᠴᠢᠮ ᠦᠶ᠎ᠠ ᠳᠤ ᠪᠤᠳᠣᠨ ᠣᠯᠣᠬᠰᠠᠨ ᠠᠷᠭ᠎ᠠ᠂ ᠬᠠᠭᠠᠨ ᠡᠵᠠᠨ ᠭᠦᠮᠦᠨ ᠢ ᠴᠣ᠋ ᠭᠦᠮᠦᠵᠢᠭᠦᠯᠵᠣ ᠲᠡᠶᠢᠯᠦᠭᠰᠡᠨ ᠠᠷᠭ᠎ᠠ ᠪᠤᠯᠣᠨ᠎ᠠ᠃       ᠦᠭᠡᠯᠦᠨ ᠦᠵᠢᠨ ᠪᠤᠯ ᠴᠢᠩᠭᠢᠰ ᠬᠠᠭᠠᠨ ᠵᠡᠷᠭᠡ ᠪᠠᠭᠠᠳᠣᠷ ᠢᠳᠡᠳᠡᠨ ᠢ ᠭᠦᠮᠦᠵᠢᠭᠦᠯᠦᠭᠰᠠᠨ ᠠᠴᠢᠳᠣ ᠡᠭᠡ ᠪᠤᠯᠬᠤ ᠪᠦᠭᠡᠳ ᠣᠯᠣᠰ ᠲᠦᠷᠦ ᠶᠢᠨ ᠵᠢᠳᠭᠦᠯᠳᠡᠨ᠂ ᠰᠣᠷᠭᠠᠨ ᠭᠦᠮᠦᠵᠢᠯ ᠤᠨ ᠵᠢᠳᠭᠦᠯᠳᠡᠨ ᠪᠤᠯᠥᠨ᠎ᠠ᠃ ᠴᠢᠩᠭᠢᠰ ᠬᠠᠭᠠᠨ ᠤ ᠮᠠᠠᠳᠣᠯ ᠭᠦᠭᠵᠢᠯ ᠤᠨ ᠶᠠᠪᠤᠴᠠ ᠳᠤ ᠣᠨᠴᠠᠭᠠᠢᠢᠯᠠᠨ ᠵᠠᠩᠬᠢᠯᠭ᠎ᠠ ᠶᠢᠨ ᠴᠠᠭ ᠦᠶ᠎ᠡ ᠳᠤ ᠦᠭᠡᠯᠦᠨ ᠦᠵᠢᠨ ᠶᠠᠷᠦᠨᠢ ᠰᠣᠷᠭᠠᠵᠣ ᠭᠦᠮᠦᠵᠢᠭᠦᠯᠵᠣ ᠶᠠᠪᠤᠬᠰᠠᠨ ᠪᠦᠭᠡᠳ ᠴᠢᠩᠭᠢᠰ ᠤᠨ ᠲᠡᠭᠦᠣᠨᠠᠷ ᠭᠦᠪᠡᠭᠦᠳ ᠵᠢᠴᠶ ᠵᠠᠩᠵᠣᠨ ᠪᠭᠠᠳᠣᠳ ᠢ ᠰᠣᠷᠭᠠᠵᠣ ᠭᠦᠮᠦᠵᠢᠭᠦᠯᠦᠭᠰᠠᠭᠡᠷ ᠢᠷᠡᠭᠰᠠᠨ ᠪᠠᠶᠢᠵᠡᠢ᠃ ᠭᠡᠷᠪᠡ ᠦᠭᠡᠯᠦᠨ ᠦᠵᠢᠨ ᠪᠠᠶᠢᠬᠰᠠᠨ ᠦᠭᠡᠢ ᠪᠤᠯ ᠮᠣᠩᠭᠤᠯ ᠤᠨ ᠶᠡᠭᠡ ᠨᠢᠭᠡᠳᠦᠯ ᠪᠠᠰᠠ ᠨᠠᠩ ᠶᠡᠭᠡ ᠲᠣᠭᠤᠷᠢᠭᠤ ᠵᠠᠮ ᠶᠠᠪᠤᠵᠣ ᠮᠡᠳᠡᠨ᠎ᠡ᠃ ᠶᠡᠭᠡ ᠨᠢᠭᠡᠳᠦᠯ ᠢ ᠪᠠᠶᠠᠯᠠᠭᠦᠯᠭᠦ ᠳᠤ ᠠᠨᠳᠠ ᠨᠦᠭᠦᠳ ᠤᠨ ᠬᠤᠯᠪᠤᠭ᠎ᠠ ᠭᠡᠷᠡᠭ ᠲᠠᠢ᠂ ᠠᠨᠳᠠ ᠨᠦᠭᠦᠳ ᠤᠨ ᠬᠤᠯᠪᠤᠭ᠎ᠠ ᠨᠢ ᠡᠶ᠎ᠡ ᠪᠦᠯᠭᠦᠮᠳᠠᠯ ᠢᠶᠠᠷ ᠰᠠᠭᠤᠷᠢᠯᠠᠬᠤ ᠶᠣᠮ᠃ ᠡᠶ᠎ᠡ ᠪᠦᠯᠭᠦᠮᠳᠠᠯ ᠦᠭᠡᠢ ᠪᠤᠯ ᠴᠢᠩᠭᠢᠰ ᠬᠠᠭᠠᠨ ᠤ ᠠᠨᠳᠠ ᠨᠦᠭᠦᠳ ᠤᠨ ᠬᠤᠯᠪᠤᠭ᠎ᠠ ᠪᠦᠷᠢᠯᠳᠦᠵᠣ ᠴᠢᠳᠠᠬᠤ ᠦᠭᠡᠢ᠂ ᠡᠶᠢᠮᠣ ᠬᠤᠯᠪᠤᠭ᠎ᠠ ᠪᠠᠶᠢᠬᠤ ᠦᠭᠡᠢ ᠪᠤᠯ ᠶᠡᠭᠡ ᠨᠢᠭᠡᠳᠦᠯ ᠪᠡᠶᠠᠯᠡᠭᠳᠡᠵᠣ ᠴᠢᠳᠠᠬᠤ ᠦᠭᠡᠢ᠂ ᠲᠦᠷᠦ ᠪᠠᠶᠢᠭᠤᠯᠣᠬᠰᠠᠨ ᠤ ᠰᠡᠭᠦᠯᠠᠷ ᠴᠣ᠋ ᠭᠡᠳ ᠡᠶ᠎ᠡ ᠪᠦᠯᠭᠦᠮᠳᠠᠯ ᠢ ᠡᠷᠬᠢᠮᠨᠠᠭᠦ ᠦᠭᠡᠢ ᠪᠤᠯ ᠶᠡᠭᠡ ᠨᠢᠭᠡᠳᠦᠯ ᠢ ᠪᠠᠬᠢᠵᠢᠭᠦᠯᠵᠣ ᠴᠢᠳᠠᠬᠤ ᠦᠭᠡᠢ ᠶᠣᠮ᠃ ᠡᠶᠢᠮᠣ ᠡᠶ᠎ᠡ ᠪᠦᠯᠭᠦᠮᠳᠠᠯ ᠢ ᠪᠦᠷᠢᠯᠳᠦᠭᠦᠯᠭᠦ ᠳᠤ ᠰᠣᠷᠭᠠᠨ ᠭᠦᠮᠦᠵᠢᠯ ᠭᠡᠷᠡᠭ ᠲᠠᠢ᠃ ᠦᠭᠡᠯᠦᠨ ᠦᠵᠢᠨ ᠴᠢᠩᠭᠢᠰ ᠬᠠᠭᠠᠨ ᠢᠶᠠᠷ ᠲᠡᠷᠢᠭᠦᠯᠡᠭᠰᠠᠨ ᠭᠤᠣᠯᠯᠠᠬᠴᠶ ᠭᠦᠴᠦᠨ ᠢ ᠭᠦᠮᠦᠵᠢᠭᠦᠯᠦᠭᠰᠠᠨ ᠪᠦᠭᠡᠳ ᠴᠢᠩᠭᠢᠰ ᠬᠠᠭᠠᠨ ᠤ ᠠᠨᠳᠠ ᠨᠦᠭᠦᠳ᠂ ᠭᠦᠪᠡᠭᠦᠳ ᠠᠴᠢ ᠨᠠᠷ ᠢ ᠭᠦᠮᠦᠵᠢᠭᠦᠯᠵᠣ᠂ ᠡᠳᠡᠭᠡᠷ ᠭᠦᠴᠦᠨ ᠢ ᠨᠢᠬᠳᠠᠷᠠᠭᠤᠯᠬᠤ ᠡᠶ᠎ᠡ ᠪᠦᠯᠭᠦᠮᠳᠠᠯ ᠤᠨ ᠭᠦᠮᠦᠵᠢᠯ ᠢ ᠦᠪᠡᠷ ᠤᠨ ᠨᠢᠭᠡᠨ ᠨᠠᠰᠣᠨ ᠤ ᠦᠢᠯᠡ ᠠᠵᠢᠯᠯᠠᠭ᠎ᠠ ᠪᠠᠷ ᠢᠶᠠᠨ ᠪᠡᠶᠠᠯᠠᠭᠦᠯᠵᠠᠢ᠃ ᠡᠶᠢᠮᠣ ᠠᠴᠠ ᠦᠭᠡᠯᠦᠨ ᠦᠵᠢᠨ ᠢ ᠨᠢᠭᠡᠨ ᠰᠢᠯᠭᠠᠷᠠᠬᠰᠠᠨ ᠣᠯᠣᠰ ᠲᠦᠷᠦᠴᠢᠨ ᠭᠡᠮᠡᠨ ᠦᠨᠠᠯᠠᠭᠦ ᠪᠦᠭᠡᠳ ᠪᠠᠰᠠ ᠪᠦᠳᠦᠮᠵᠢ ᠲᠠᠢ ᠰᠣᠷᠭᠠᠨ ᠭᠦᠮᠦᠵᠢᠯ ᠤᠨ ᠵᠢᠳᠭᠦᠯᠳᠠᠨ ᠭᠡᠮᠡᠨ ᠦᠨᠠᠯᠠᠭᠦ ᠶᠣᠰᠣᠳᠠᠢ᠃       ᠴᠢᠩᠭᠢᠰ ᠬᠠᠭᠠᠨ ᠤ ᠶᠡᠭᠡ ᠨᠢᠭᠡᠳᠦᠯ ᠢ ᠪᠡᠶᠡᠯᠡᠭᠦᠯᠭᠦ ᠦᠢᠯᠡᠰ ᠤᠨ ᠲᠡᠮᠡᠴᠡᠯ ᠤᠨ ᠶᠠᠪᠤᠴᠠ ᠳᠤ ᠦᠭᠡᠯᠦᠨ ᠦᠵᠢᠨ ᠲᠡᠷᠢᠭᠦᠳᠡᠢ ᠮᠤᠩᠭᠤᠯ ᠡᠭᠡᠴᠤᠤᠯ ᠲᠦᠷᠦ ᠶᠢᠨ ᠲᠤᠯᠭᠠᠭᠤᠷᠢ ᠲᠦᠮᠡᠨ ᠴᠢᠳᠠᠪᠤᠷᠢᠳᠡᠨ ᠢ ᠬᠦᠮᠦᠵᠢᠭᠦᠯᠵᠦ ᠪᠠᠶᠢᠡᠡᠰᠠᠨ ᠶᠤᠮ᠃ ᠡᠭᠦᠨ ᠳᠤ ᠦᠭᠡᠯᠦᠨ ᠦᠵᠢᠨ ᠤ ᠬᠦᠴᠦᠳᠡᠢ ᠲᠤᠰᠠᠯᠬᠠᠴᠢ ᠪᠤᠯᠤᠡᠡᠰᠠᠨ ᠪᠦᠷᠳᠡ ᠦᠵᠢᠨ ᠬᠢᠭᠡᠳ ᠶᠢᠰᠦᠢ ᠬᠠᠳᠤᠨ ᠤ ᠰᠤᠷᠭᠠᠨ ᠬᠦᠮᠦᠵᠢᠯ ᠤᠨ ᠦᠢᠯᠡ ᠡᠷᠳᠡᠮ ᠢ ᠲᠤᠷᠡᠳᠤᠭᠤᠰᠢᠳᠡᠢ᠃ ᠪᠦᠷᠳᠡ ᠦᠵᠢᠨ ᠦᠪᠡᠷ ᠤᠨ ᠲᠦᠷᠪᠡᠨ ᠬᠦᠪᠡᠭᠦᠳ ᠢᠶᠠᠨ ᠰᠠᠶᠢᠳᠤᠷ ᠬᠦᠮᠦᠵᠢᠭᠦᠯᠦᠭᠰᠡᠨ ᠤ ᠬᠠᠮᠳᠦ ᠵᠠᠮᠤᠬ᠎ᠠ ᠶᠢ ᠰᠢᠭᠦᠮᠵᠢᠯᠡᠵᠦ ᠲᠤᠰᠠᠭᠠᠷᠯᠠᠨ ᠶᠠᠪᠤᠬᠤ ᠤᠯᠤᠰ ᠲᠦᠷᠦ ᠶᠢᠨ ᠵᠤᠷᠢᠯᠳᠡ ᠶᠢ ᠲᠤᠷᠠᠳᠴᠦ᠂ ᠴᠢᠩᠭᠢᠰ ᠬᠠᠭᠠᠨ ᠳᠤ ᠰᠡᠩᠬᠡᠷᠡᠭᠦᠯᠦᠯ ᠤᠯᠭᠤᠡᠡᠰᠠᠨ ᠪᠦᠭᠡᠳ ᠲᠡᠪ ᠲᠡᠭᠷᠢ ᠶᠢ ᠰᠢᠭᠦᠮᠵᠢᠯᠡᠵᠦ ᠲᠦᠷᠦ ᠶᠢᠨ ᠬᠠᠮᠢᠶᠠᠷᠤᠯᠳᠠ ᠶᠢ ᠴᠢᠩᠭᠠᠳᠬᠠᠵᠦ ᠂ ᠨᠤᠶᠠᠳ ᠤᠨ ᠬᠦᠮᠦᠵᠢᠯ ᠢ ᠴᠢᠩᠭᠠᠳᠬᠠᠬᠤ ᠶᠢ ᠲᠤᠷᠠᠳᠴᠦ᠂ ᠲᠤᠬᠠᠢ ᠶᠢᠨ ᠲᠦᠷᠦ ᠶᠢᠨ ᠰᠤᠷᠭᠠᠨ ᠬᠦᠮᠦᠵᠢᠯ ᠳᠤ ᠬᠤᠪᠢ ᠨᠡᠮᠡᠷᠢ ᠦᠵᠡᠭᠦᠯᠵᠠᠢ᠃ ᠶᠢᠰᠦᠢ ᠬᠠᠳᠤᠨ ᠴᠢᠩᠭᠢᠰ ᠬᠠᠭᠠᠨ ᠢ ᠪᠠᠷᠠᠭᠤᠨᠰᠢ ᠲᠠᠶᠢᠯᠠᠬᠤ ᠠᠴᠠ ᠡᠮᠦᠨ᠎ᠠ ᠬᠠᠭᠠᠨ ᠲᠦᠷᠦ ᠶᠢᠨ ᠵᠠᠯᠭᠠᠮᠵᠢᠯᠬᠠᠴᠢ ᠶᠢ ᠰᠤᠩᠭᠤᠨ ᠲᠤᠡᠡᠳᠠᠭᠠᠵᠦ ᠬᠦᠮᠦᠵᠢᠭᠦᠯᠬᠦ ᠲᠤᠬᠠᠢ ᠰᠠᠨᠠᠭᠤᠯᠭ᠎ᠠ ᠭᠠᠷᠭᠠᠵᠦ᠂ ᠴᠢᠩᠭᠢᠰ ᠬᠠᠭᠠᠨ ᠲᠡᠭᠦᠨ ᠤ ᠰᠠᠨᠠᠯ ᠢᠶᠠᠷ ᠶᠡᠭᠡ ᠬᠤᠷᠠᠯᠳᠡᠢ ᠪᠠᠷ ᠲᠠᠮᠵᠢᠨ ᠦᠭᠡᠳᠡᠢ ᠶᠢ ᠵᠠᠯᠭᠠᠮᠵᠢᠯᠬᠠᠴᠢ ᠪᠠᠷ ᠲᠤᠡᠡᠳᠠᠭᠠᠵᠦ᠂ ᠬᠤᠵᠢᠮ ᠤᠨ ᠮᠤᠩᠭᠤᠯ ᠤᠨ ᠬᠠᠭᠠᠨᠳᠦ ᠲᠦᠷᠦ ᠶᠢᠨ ᠲᠤᠡᠡᠳᠠᠭᠤᠨ ᠢᠶᠠᠷ ᠬᠦᠭᠵᠢᠬᠦ ᠳᠤ ᠪᠠᠳᠤᠳᠡᠢ ᠰᠠᠭᠤᠷᠢ ᠲᠠᠯᠪᠢᠡᠡᠰᠠᠨ ᠪᠠᠶᠢᠨ᠎ᠠ᠃ ᠡᠳᠡᠬᠡᠷ ᠪᠦᠬᠦᠨ ᠠᠴᠠ ᠮᠤᠩᠭᠤᠯ ᠤᠨ ᠣᠯᠠᠮᠵᠢᠯᠠᠯᠳᠤ ᠡᠬᠡ ᠶᠢᠨ ᠰᠤᠷᠭᠠᠯ ᠬᠢᠬᠡᠳ ᠡᠮᠡᠭᠲᠠᠢ ᠶᠢᠨ ᠰᠤᠶᠤᠯ ᠨᠢ ᠮᠤᠩᠭᠤᠯ ᠳᠤ ᠯᠠ ᠪᠠᠶᠢᠳᠠᠭ ᠦᠪᠡᠷᠮᠢᠴᠡ ᠣᠨᠴᠠᠯᠢᠭ ᠲᠠᠢ ᠪᠦᠬᠡᠳ ᠮᠤᠩᠭᠤᠯ ᠤᠨ ᠨᠡᠶᠢᠬᠡᠮ ᠤᠨ ᠬᠦᠭᠵᠢᠯ ᠵᠠᠩᠬᠢᠯᠠᠭ᠎ᠠ ᠦᠶ᠎ᠡ ᠳᠤ ᠪᠦᠷ ᠴᠢᠬᠤᠯᠠ ᠦᠢᠯᠡᠳᠦᠯ ᠦᠵᠡᠬᠦᠯᠵᠦ ᠪᠠᠶᠢᠵᠡᠢ ᠬᠡᠰᠡᠨ ᠢ ᠮᠡᠳᠡᠵᠦ ᠪᠤᠯᠤᠨ᠎ᠠ᠃  
 
ᠢᠷᠡᠯᠲᠡ᠄ ᠬᠡᠰᠢᠭᠳᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号