ᠵᠡᠬᠦᠳᠦᠨ ᠤ ᠪᠢᠴᠢᠭᠡᠰᠤ
ᠨᠡᠶᠢᠲᠡᠯᠡᠭᠰᠡᠨ ᠴᠠᠭ᠄
2014/11/20
           ᠡᠪᠤᠭᠡᠳ ᠤᠨ ᠰᠦᠨᠡᠰᠦᠨ ᠤ ᠡᠮᠦᠨ᠎ᠠ          ᠨᠢᠭᠤᠷ ᠤᠯᠠᠶᠢᠬᠤ ᠦᠭᠡᠢ ᠶᠢᠨ ᠲᠤᠯᠠᠳᠠ          ᠦᠪᠡᠷ ᠢᠶᠠᠨ ᠦᠨᠦᠳᠦᠷ          ᠨᠢᠬᠦᠯ ᠦᠭᠡᠢ ᠶᠠᠪᠤᠬᠤ ᠶᠤᠮᠰᠠᠨ        ᠵᠡᠬᠦᠳᠤ ᠨᠤᠶᠢᠷᠤᠨ ᠲᠤᠮᠳᠠ ᠰᠦᠨᠡᠰᠤ ᠰᠡᠬᠦᠳᠡᠷ ᠮᠢᠨᠢ ᠤᠯᠠᠷᠢᠨ ᠪᠠᠯᠠᠷᠠᠭᠰᠠᠨ ᠤᠨ ᠵᠢᠯ ᠤᠨ ᠲᠡᠷᠳᠡᠭᠡᠬᠦᠷ ᠶᠠᠭᠤ ᠶᠢ ᠡᠰᠨ ᠦᠵᠡᠵᠤ᠂ ᠶᠠᠭᠤ ᠶᠢ ᠡᠰᠨ ᠰᠤᠨᠤᠰᠳᠠᠭ ᠬᠡᠬᠦᠪ᠃ ᠦᠩᠭᠡᠷᠡᠭᠰᠡᠨ ᠰᠦᠨᠢ ᠪᠢ ᠵᠡᠬᠦᠳᠤ ᠎ ᠪᠠᠨ ᠮᠠᠨᠠᠵᠤ ᠬᠤᠨᠤᠯ᠎ᠠ ᠁ ᠮᠤᠷᠢᠨ ᠤ ᠪᠠᠨ ᠬᠤᠳᠠᠷᠭ᠎ᠠ ᠬᠦᠮᠦᠯᠳᠦᠷᠭᠡᠨ ᠳᠤ ᠠᠯᠳᠠᠨ ᠲᠤᠪᠤᠷᠤᠤ ᠬᠢᠯᠠᠯᠵᠠᠭᠤᠯᠵᠤ ᠂ ᠬᠦᠨᠳᠤ ᠨᠦᠰᠡᠷ ᠬᠤᠶᠠᠭ ᠲᠤᠭᠤᠯᠭ᠎ᠠ ᠪᠠᠷ ᠦᠪᠴᠢ ᠪᠡᠶ᠎ᠠ ᠪᠠᠨ ᠬᠠᠮᠠᠭᠠᠯᠠᠨ ᠰᠠᠭᠠᠳᠠᠭ ᠬᠤᠷᠤᠮᠰᠠᠭ᠎ᠠ ᠠᠭᠰᠠᠭᠰᠠᠨ ᠾᠦᠩᠨᠤ ᠶᠡᠭᠡ ᠬᠦᠷᠦᠨ ᠤ ᠬᠠᠨ ᠬᠦᠪᠡᠬᠦᠨ ᠲᠡᠷᠭᠡᠳᠠ ᠮᠢᠨᠢ ᠬᠦᠷᠴᠤ ᠢᠷᠡᠯ᠎ᠠ᠃ ᠲᠡᠷᠨ ᠦᠬᠦᠯᠡᠷᠦᠨ᠄ ︽ᠬᠦᠴᠦᠷᠭᠡᠭ ᠶᠡᠭᠡ ᠾᠦᠩᠨᠤ ᠤᠯᠤᠰ ᠤᠨ ᠬᠠᠭᠠᠯᠭ᠎ᠠ ᠪᠤᠱᠤᠭ᠎ᠠ ᠬᠠᠳᠠᠭᠤ ᠬᠡᠳᠡᠭ ᠶᠢ ᠦᠶ᠎ᠠ ᠶᠢᠨ ᠦᠶ᠎ᠠ ᠰᠠᠨᠠᠭᠤᠯᠬᠤ ᠎ ᠶᠢᠨ ᠲᠤᠯᠨ ᠬᠠᠷᠢ ᠶᠢᠨ ᠲᠦᠮᠡᠨ ᠢᠶᠠᠷ ᠦᠪᠡᠷᠰᠡᠳ ᠢᠶᠠᠷ ᠨᠢ ᠪᠤᠰᠬᠠᠯᠭᠠᠭᠰᠠᠨ ᠡᠷᠳᠡᠨ ᠤ ᠲᠡᠮᠳᠡᠭᠳᠤ ᠲᠦᠮᠡᠨ ᠭᠠᠵᠠᠷ ᠎ ᠤᠨ ᠶᠡᠭᠡ ᠴᠠᠭᠠᠨ ᠬᠡᠷᠡᠮᠳᠤ ᠬᠦᠷᠦᠨ ᠤᠯᠤᠰ ᠤᠨ ᠬᠠᠶᠠᠭ᠎ᠠ ᠬᠠᠳᠠᠪᠴᠢ ᠶᠢ ᠵᠠᠭᠠᠭᠯᠠᠭᠰᠠᠨ ᠬᠡᠪ ᠢᠶᠠᠷ ᠢᠶᠠᠨ ᠪᠠᠶᠢᠭ᠎ᠠ ᠤᠤ︖︾ ᠬᠡᠵᠤ ᠨᠠᠳᠠ ᠠᠴᠠ ᠠᠰᠠᠭᠤᠯ᠎ᠠ ᠁ ︽ᠮᠡᠳᠡᠬᠦ ᠦᠭᠡᠢ᠂ ᠪᠢ ᠮᠡᠳᠡᠬᠦ ᠦᠭᠡᠢ︾ ᠬᠡᠵᠤ ᠴᠡᠴᠡᠷᠡᠨ ᠦᠬᠦᠯᠡᠬᠦ ᠳᠤ ᠰᠠᠬᠠᠯ ᠬᠦᠮᠦᠰᠭᠡ ᠪᠠᠨ ᠰᠦᠷᠪᠡᠯᠵᠡᠬᠦᠯᠦᠨ ᠬᠢᠯᠢᠩᠨᠡᠵᠤ ᠢᠯᠳᠤ ᠤᠷᠤᠭᠤ ᠪᠠᠨ ᠭᠠᠷ ᠢᠶᠠᠨ ᠶᠠᠪᠤᠭᠤᠯᠪᠠ        ᠪᠢ ᠲᠠᠭᠤ ᠠᠯᠳᠠᠨ ᠬᠠᠰᠬᠢᠷᠤᠭᠠᠳ ᠰᠡᠷᠢᠴᠢᠭᠡᠪᠡ ᠁ ︽ᠬᠡᠯᠨ ᠬᠢᠯᠢ ᠬᠤᠶᠠᠷ ᠮᠢᠨᠢ ᠮᠦᠩᠭᠡ ᠤᠷᠤᠰᠢᠳᠤᠭᠠᠢ︕︾ ᠬᠡᠵᠤ ᠵᠠᠯᠪᠠᠷᠢᠨ ᠵᠠᠯᠪᠠᠷᠢᠭᠰᠠᠭᠠᠷ ᠲᠠᠬᠢᠨ ᠤᠨᠳᠠᠯ᠎ᠠ᠃ ᠲᠦᠳᠡᠯ ᠦᠭᠡᠢ ᠪᠠᠰᠠ ᠯᠡ ᠮᠤᠷᠢᠨ ᠲᠤᠭᠤᠷᠠᠢ ᠲᠠᠴᠢᠬᠢᠨᠠᠪᠠ᠃ ᠨᠠᠷᠠ ᠰᠠᠯᠬᠢᠨ ᠳᠤ ᠠᠶᠠᠨᠰᠢᠭᠰᠠᠨ ᠬᠦᠷᠡᠯ ᠴᠢᠷᠠᠢ ᠲᠠᠢ᠂ ᠰᠢᠷ᠎ᠠ ᠰᠠᠬᠠᠯ ᠲᠠᠢ᠂ ᠵᠢᠪᠠᠷ ᠨᠢᠳᠤᠳᠠᠢ᠂ ᠦᠳᠡᠬᠦᠰ ᠶᠡᠭᠡ ᠪᠠᠭᠠᠳᠤᠷ ᠡᠮᠦᠨ᠎ᠠ ᠮᠢᠨᠢ ᠢᠷᠡᠵᠤ ᠵᠢᠯᠤᠭᠤ ᠪᠠᠨ ᠲᠠᠳᠠᠯ᠎ᠠ᠃ ᠡᠪᠤᠳᠦᠭ ᠴᠡᠴᠡᠷᠡᠳᠡᠯ᠎ᠠ ᠦᠭᠡᠳᠠ ᠠᠴᠠ ᠮᠢᠨᠢ ᠰᠢᠷᠳᠡᠵᠤ ᠪᠠᠶᠢᠭᠰᠠᠨ ᠢᠶᠠᠨ᠄ ︽ᠬᠤᠶᠠᠷᠬᠠᠨ ᠠᠰᠠᠭᠤᠯᠳᠠ ᠳᠤ ᠬᠠᠷᠢᠭᠤᠯᠤᠨ᠎ᠠ ᠤᠤ︖︾ ᠬᠡᠯ᠎ᠠ᠃ ︽  ᠠᠶᠢᠯᠠᠳᠤᠭᠳᠤᠨ︾ ᠭᠡᠳ ᠪᠢ ᠰᠦᠬᠦᠷᠡᠪᠡ᠃ ︽ᠦᠪᠯᠡᠭᠰᠡᠨ ᠦᠯᠡᠳᠡᠭᠡᠭᠰᠨ ᠪᠦᠬᠦ ᠲᠡᠯᠡᠭᠡᠢ ᠶᠢᠨ ᠭᠠᠵᠠᠷ ᠬᠡᠵᠤ ᠶᠠᠷᠢᠬᠤ ᠪᠠᠨ ᠪᠤᠯᠢᠶ᠎ᠠ᠂ ᠪᠤᠤ ᠲᠠᠯᠳᠢᠷ︕ ᠡᠮᠦᠨ᠎ᠠ ᠵᠦᠭ ᠤᠨ ᠬᠠᠳᠤᠨ ᠤ ᠭᠤᠤᠯ ᠎ ᠠᠴᠠ᠂ ᠦᠷᠦᠨ᠎ᠠ ᠵᠦᠭ ᠤᠨ ᠵᠦᠯᠭᠡ ᠮᠦᠷᠡᠨ ᠬᠦᠷᠳᠡᠯᠡᠬᠢ ᠬᠦᠷᠦᠨ ᠶᠡᠭᠡ ᠤᠯᠤᠰ ᠤᠨ ᠲᠢᠭ ᠲᠡᠮᠳᠡᠭ ᠬᠠᠮᠢᠭ᠎ᠠ ᠪᠠᠶᠢᠨ᠎ᠠ︖︾ ᠬᠡᠪᠡ ᠡ᠃ ︽ᠮᠡᠳᠡᠬᠦ ᠦᠭᠡᠢ ᠪᠢ ᠮᠡᠳᠡᠬᠦ ᠦᠭᠡᠢ︾ ᠬᠡᠵᠤ ᠬᠠᠷᠢᠭᠤ ᠦᠴᠢᠪᠡ᠃ ︽ᠡᠵᠡᠨᠳᠤ ᠬᠦᠷᠦᠨ ᠤ ᠬᠠᠰ ᠲᠠᠮᠠᠭᠠᠨ ᠲᠡᠭᠡᠷ᠎ᠠ ᠰᠡᠶᠢᠯᠵᠤ᠂ ᠶᠡᠭᠡ ᠤᠯᠤᠰ ᠤᠨ ᠴᠠᠳᠢᠭ ᠲᠤᠪᠴᠢ ᠶᠢ ᠲᠤᠭᠤᠷᠪᠢᠭᠰᠠᠨ ᠨᠤᠮ ᠎ ᠤᠨ ᠪᠢᠴᠢᠭ ᠬᠠᠮᠢᠭ᠎ᠠ ᠪᠠᠶᠢᠨ᠎ᠠ︖︾ ᠬᠡᠪᠡ ᠡ᠃ ᠪᠢ ᠶᠠᠭᠤ ᠬᠡᠯᠡᠬᠦ ᠪᠠᠨ ᠮᠡᠳᠡᠬᠦ ᠦᠭᠡᠢ ︽ᠦᠷᠦᠰᠢᠶᠠ᠂ ᠪᠠᠭᠠᠳᠤᠷ ᠮᠢᠨᠢ ᠦᠷᠦᠰᠢᠶᠡᠨ ᠰᠤᠶᠤᠷᠬ᠎ᠠ︾ ᠬᠡᠮᠡᠨ ᠦᠬᠦᠯᠡᠨ ᠮᠦᠯᠬᠦᠯ᠎ᠠ᠃ ᠲᠡᠷᠡᠭᠡᠨ ᠵᠠᠭᠤᠷ᠎ᠠ ᠭᠠᠵᠠᠷ ᠢ ᠬᠤᠯᠪᠤᠭᠰᠠᠨ ᠭᠠᠯᠳᠤ ᠴᠠᠬᠢᠯᠭᠠᠨ ᠬᠢᠯᠠᠰᠬᠢᠵᠤ᠂ ᠬᠤᠳᠠᠯᠨ ᠬᠤᠷᠸ᠎ᠠ ᠶᠢ ᠲᠠᠰᠢᠭᠤᠷᠳᠠᠬᠤ ᠮᠡᠳᠤ ᠠᠶᠤᠮᠰᠢᠭᠳᠤ ᠴᠢᠮᠡᠭᠡ ᠭᠠᠷᠬᠤᠶ᠎ᠠ ᠰᠦᠨᠡᠰᠤ ᠵᠠᠶᠢᠯᠠᠳᠠᠯ᠎ᠠ ᠠᠶᠤᠵᠤ ᠲᠠᠷᠢᠬᠢ ᠪᠠᠨ ᠲᠠᠷᠤᠨ ᠪᠤᠰᠤᠨ ᠬᠠᠷᠠᠶᠢᠯ᠎ᠠ᠃ ᠰᠠᠶ᠋ᠢ ᠨᠢᠭᠡ ᠶᠠᠭᠤᠮ᠎ᠠ ᠰᠡᠷᠢᠵᠤ ᠶᠠᠳᠠᠨ ᠲᠠᠶᠢᠪᠤᠰᠢᠷᠠᠭᠠᠳ ︽ᠬᠡᠯᠨ ᠬᠢᠯᠢ ᠬᠤᠶᠠᠷ ᠮᠢᠨᠢ ᠮᠦᠩᠭᠡ ᠤᠷᠤᠰᠢᠳᠤᠭᠠᠢ︾ ᠬᠡᠵᠤ ᠦᠬᠦᠯᠡᠨ ᠦᠬᠦᠯᠡᠨ ᠵᠠᠯᠪᠠᠷᠢᠭᠰᠠᠭᠠᠷ ᠬᠦᠨᠵᠢᠯᠨ ᠳᠡᠭᠡᠨ ᠰᠢᠷᠭᠤᠪᠠ᠃ ᠲᠠᠬᠢᠭᠠᠳ ᠯᠡ ᠨᠤᠶᠢᠷᠤᠨ ᠤ ᠪᠠᠷᠢᠨ ᠲᠠᠯᠪᠢᠨ ᠤᠷᠴᠢᠯᠠᠩ ᠎ ᠳᠤ ᠰᠦᠨᠡᠰᠤ ᠮᠢᠨᠢ ᠲᠡᠨᠦᠬᠦᠴᠢᠯᠡᠵᠤ ᠮᠥᠨ ᠯᠡ ᠮᠤᠷᠢᠳᠠᠨ ᠨᠢᠭᠡ ᠨᠢ ᠠᠶᠢᠰᠤᠢ᠃ ᠡᠨᠡ ᠤᠳᠠᠭ᠎ᠠ ᠳᠤ ᠪᠤᠷᠵᠢᠬᠢᠨ ᠬᠢᠴᠨ ᠶᠢᠨ ᠭᠠᠩᠭᠠᠩ ᠡᠮᠡᠭᠡᠯ ᠲᠡᠭᠡᠷ᠎ᠠ ᠵᠢᠰᠢᠬᠦᠭᠡᠨ ᠰᠠᠭᠤᠭᠰᠠᠨ ᠲᠡᠭᠵᠢᠨ ᠡᠷ᠎ᠠ ᠢᠯᠭᠤᠨ ᠰᠠᠷᠠᠯ ᠮᠤᠷᠢ ᠪᠠᠷ ᠢᠶᠠᠨ ᠲᠦᠮᠦᠯᠵᠡᠳᠡᠯ᠎ᠠ ᠠᠯᠬᠤᠭᠤᠯᠤᠭᠰᠠᠭᠠᠷ ᠲᠡᠷᠭᠡᠳᠠ ᠮᠢᠨᠢ ᠲᠦᠷᠦᠭᠡ ᠮᠤᠯᠳᠤᠯᠪᠠ᠃ ᠪᠤᠷᠤ ᠲᠤᠷᠭᠠᠨ ᠲᠡᠪᠡᠯ ᠲᠡᠭᠡᠷ᠎ᠠ ᠪᠠᠵᠢᠭᠠᠷ  ᠲᠤᠷᠳᠤᠩ ᠤᠷᠢᠶᠠᠵᠤ ᠪᠦᠷᠬᠦ ᠮᠠᠯᠠᠭᠠᠢ ᠲᠤᠬᠤᠳᠠᠭᠤᠯᠤᠭᠰᠠᠨ ᠲᠠᠶᠢᠵᠢ ᠶᠢᠨ ᠤᠭᠰᠠᠭᠠᠳᠤ ᠲᠡᠷᠨ ᠬᠦᠮᠦᠨ ᠎ ᠳᠤ ᠲᠡᠷᠢᠬᠦᠨ ᠪᠦᠬᠦᠶᠢᠨ᠂ ᠠᠮᠤᠷ ᠢ ᠠᠶᠢᠯᠠᠳᠬᠠᠯ᠎ᠠ᠃ ᠲᠡᠷᠡᠪᠡᠷ ᠦᠬᠦᠯᠡᠷᠦᠨ᠄ ︽  ︿ᠮᠢᠨᠤ ᠨᠤᠳᠤᠭ﹀ —᠎ ᠤᠨ ᠭᠤᠷᠪᠠᠨ ᠶᠡᠭᠡ ᠭᠤᠪᠢ᠂ ᠭᠤᠷᠪᠠᠨ ᠶᠡᠭᠡ ᠨᠠᠭᠤᠷ᠂ ᠲᠠᠪᠤᠨ ᠶᠡᠭᠡ ᠠᠭᠤᠯᠠᠰ᠂ ᠵᠢᠷᠭᠤᠭᠠᠨ ᠶᠡᠭᠡ ᠮᠦᠷᠡᠨ ᠲᠤᠭ᠎ᠠ ᠶᠤᠰᠤᠭᠠᠷ ᠢᠶᠠᠨ ᠪᠢᠵᠠ︖︾ ᠬᠡᠪᠡ ᠡ᠃ ᠤᠷᠮ᠎ᠠ ᠶᠢ ᠨᠢ ᠰᠡᠷᠬᠦᠭᠡᠬᠦ ᠰᠠᠶᠢᠬᠠᠨ ᠬᠠᠷᠢᠭᠤ ᠦᠴᠢᠬᠦ ᠬᠡᠳᠡᠯ᠎ᠠ ᠨᠠᠳᠠ ᠎ ᠠᠴᠠ ᠤᠷᠢᠳᠠᠨ ︽ᠬᠦᠮᠦᠨ ᠤ ᠭᠠᠵᠠᠷ ᠵᠤᠷᠢᠳᠠᠭ ᠪᠤᠯᠬᠤᠷ ᠨᠢ ᠬᠡᠷᠦᠯᠦᠨ᠂ ᠤᠨᠤᠨ᠂ ᠲᠤᠤᠯᠨ᠂ ᠤᠷᠬᠤᠨ᠂ ᠰᠡᠯᠡᠩᠭᠡ᠂ ᠬᠦᠬᠦᠢ ᠶᠢᠨ ᠵᠢᠷᠭᠤᠭᠠᠨ ᠶᠡᠭᠡ ᠭᠤᠤᠯ ᠮᠦᠷᠡᠨ ᠢᠶᠠᠨ ᠮᠢᠨᠤᠬᠢ ᠬᠡᠵᠤ ᠰᠠᠨᠠᠭᠤᠯᠤᠭᠰᠠᠨ ᠶᠤᠮ᠃ ᠤᠮᠠᠷᠠᠳᠤ ᠶᠢᠨ ᠰᠠᠯᠬᠢᠨ ᠳᠤ ᠤᠷᠤᠰᠴᠤ ᠨᠡᠬᠦᠳᠡᠯᠯᠡᠳᠡᠭ ᠪᠤᠯᠬᠤᠷ ᠨᠢ ᠮᠡᠨᠡᠨ᠂ ᠰᠢᠷᠭ᠎ᠠ᠂ ᠨᠤᠮᠢᠨ ᠤ ᠭᠤᠷᠪᠠᠨ ᠶᠡᠭᠡ ᠭᠤᠪᠢ ᠪᠠᠨ ᠮᠢᠨᠦᠬᠢ ᠬᠡᠵᠤ ᠪᠠᠳᠤᠳᠬᠠᠭᠰᠠᠨ ᠶᠤᠮ᠃ ᠤᠯᠤᠰ ᠤᠨ ᠬᠢᠯᠢ ᠲᠡᠭᠡᠰᠦᠨ ᠳᠤ ᠲᠡᠷᠡᠯᠡᠵᠤ ᠤᠷᠤᠰᠢᠳᠠᠭ ᠪᠤᠯᠬᠤᠷ ᠨᠢ ᠬᠦᠪᠰᠦᠬᠦᠯ᠂ ᠤᠪᠰᠤ᠂ ᠪᠤᠶᠢᠷ  ᠴᠢᠨᠳᠠᠮᠤᠨᠢᠯᠠᠭᠰᠠᠨ ᠭᠤᠷᠪᠠᠨ ᠨᠠᠭᠤᠷ ᠢᠶᠠᠨ ᠮᠢᠨᠤᠬᠢ ᠬᠡᠵᠤ ᠤᠨᠴᠠᠯᠠᠭᠰᠠᠠ ᠶᠤᠮ᠃ ᠬᠦᠭᠡ ᠲᠡᠭᠷᠢ ᠪᠠᠨ ᠲᠤᠯᠵᠤ᠂ ᠬᠦᠷᠦᠰᠦᠳᠤ ᠲᠡᠯᠡᠭᠡᠢ ᠪᠠᠨ ᠦᠯᠮᠡᠶᠢᠳᠡᠭᠰᠡᠨ ᠦᠯᠦᠭᠡᠢ ᠨᠤᠳᠤᠭ ᠤᠨ ᠮᠢᠨᠢ ᠲᠠᠪᠤᠨ ᠶᠡᠭᠡ ᠪᠠᠭᠠᠨ᠎ᠠ ᠬᠡᠨᠳᠠᠢ᠂ ᠬᠠᠩᠭᠠᠢ᠂ ᠰᠠᠶᠠᠨ᠂ ᠠᠯᠳᠠᠢ᠂ ᠬᠢᠩᠭᠠᠨ ᠢ ᠮᠢᠨᠤᠬᠢ ᠬᠡᠵᠤ ᠬᠡᠷᠢᠶᠡᠰᠦᠯᠡᠭᠰᠡᠨ ᠶᠤᠮ︾ ᠬᠡᠵᠤ ᠠᠶᠢᠯᠠᠳᠤᠯ᠎ᠠ᠃ ︽ᠪᠢᠯᠢᠭ ᠤᠶᠤᠨ ᠳᠤ ᠲᠠᠨᠢ ᠪᠢᠰᠢᠷᠡᠮᠤ︾ ᠬᠡᠬᠦ ᠳᠤ ︽ᠪᠠᠶᠢᠵᠠ︾ ᠬᠡᠵᠤ ᠮᠦᠷᠦᠨ ᠲᠡᠭᠡᠷ᠎ᠠ ᠮᠢᠨᠢ ᠲᠠᠷᠤᠭᠰᠠᠨ ᠢᠶᠠᠨ ᠠᠰᠠᠭᠤᠵᠤ ᠪᠤᠳᠤᠯᠭᠠᠰᠢᠷᠠᠭᠰᠠᠨ᠂ ᠤᠶᠢᠳᠠᠶᠢᠬᠠᠨ ᠬᠠᠷᠠᠴᠨ ᠪᠠᠷ ᠡᠭᠴᠡᠯᠡᠨ ᠰᠢᠷᠳᠡᠯ᠎ᠠ᠃ ᠲᠡᠭᠡᠪᠡᠯ ︽︿ᠮᠢᠨᠤ ᠨᠤᠳᠤᠭ﹀ —᠎ ᠤᠨ ᠰᠠᠶᠠᠨ ᠤ ᠠᠭᠤᠯᠠᠰ ᠬᠠᠮᠢᠭ᠎ᠠ ᠪᠠᠶᠢᠨ᠎ᠠ︖ ᠬᠢᠩᠭᠠᠨ ᠤ ᠨᠢᠷᠤᠭᠤ ᠬᠠᠮᠢᠭ᠎ᠠ ᠪᠠᠶᠢᠨ᠎ᠠ︖︾ ᠬᠡᠯ᠎ᠠ᠃ ᠶᠠᠭᠤ ᠬᠡᠵᠤ ᠬᠡᠯᠡᠬᠦ ᠪᠠᠨ ᠮᠡᠳᠡᠬᠦ ᠦᠭᠡᠢ ᠪᠦᠯᠡᠭᠡ ᠵᠠᠯᠬᠢᠭᠰᠠᠨ ᠶᠤᠮ ᠰᠢᠭ᠋ ᠲᠦᠭᠳᠡᠴᠢᠨ ᠵᠤᠭᠰᠤᠳᠠᠯ᠎ᠠ ᠴᠠᠯ ᠪᠤᠭᠤᠷᠤᠯ ᠦᠰᠤ ᠪᠠᠨ ᠲᠠᠯᠤ ᠮᠦᠷᠦᠨ ᠳᠡᠭᠡᠨ ᠱᠦᠷᠬᠦᠬᠦᠯᠦᠨ ᠪᠠᠭᠰᠠᠯᠵᠠᠭᠤᠯᠵᠤ᠂ ᠴᠠᠯᠢᠩ ᠮᠦᠩᠬᠦᠨ ᠰᠠᠬᠠᠯ ᠢᠶᠠᠨ ᠬᠤᠶᠠᠷ ᠲᠡᠶᠢᠰᠢ ᠨᠢ ᠢᠮᠬᠡᠷᠳᠦᠭᠰᠡᠭᠡᠷ ᠴᠠᠰᠤᠳᠤ ᠠᠭᠤᠯᠠᠨ ᠤ ᠤᠤᠭᠠᠨ ᠲᠢᠶᠠᠨᠴᠢ ᠶᠢᠨ ᠲᠦᠷᠢ ᠲᠠᠢ ᠨᠤᠮ ᠤᠨ ᠶᠡᠭᠡ ᠦᠳᠡᠬᠦᠰ ᠮᠡᠷᠭᠡᠨ᠂ ᠲᠡᠭᠡᠳᠤ ᠲᠡᠭᠷᠢ ᠠᠴᠠ ᠵᠠᠯᠠᠷᠠᠨ ᠪᠠᠭᠤᠪᠠ᠃ ᠨᠠᠮᠠᠢᠢ ᠡᠰᠡ ᠲᠤᠭᠤᠭᠰᠠᠨ ᠲᠡᠷᠡᠪᠡᠷ ᠪᠠᠷᠳᠠᠮ ᠲᠡᠷᠢᠬᠦᠨ ᠢᠶᠠᠨ ᠡᠷᠬᠦᠨ ᠲᠠᠶᠢᠵᠢ ᠶᠢᠨ ᠬᠦᠪᠡᠬᠦᠨ ᠎ ᠳᠤ ᠬᠠᠨᠳᠤᠵᠤ᠄ ︽ᠵᠢᠢ ᠳ᠋ᠠᠨ ᠬᠤᠤᠱᠠᠩ ᠭᠤᠸᠠᠢ ᠲᠠ ᠦᠪᠡᠷ ᠤᠨ ᠪᠦᠳᠦᠭᠡᠯ ᠢᠶᠠᠨ ᠵᠠᠰᠠᠬᠤ ᠪᠤᠯᠵᠤ ᠁ ᠡᠰᠡᠪᠡᠯ ᠵᠠᠷᠢᠮ ᠨᠢᠭᠡ ᠢ ᠨᠢ ᠬᠠᠰᠤᠬᠤ ᠪᠤᠯᠵᠤ ᠁ ᠨᠡᠷ᠎ᠠ ᠶᠢ ᠨᠢ ᠬᠦᠷᠳᠡᠯ᠎ᠠ ︿ᠮᠢᠨᠤ ᠨᠤᠳᠤᠭ﹀ ᠪᠢᠰᠢ ︿ᠴᠢᠨᠤ ᠨᠤᠳᠤᠭ﹀ ᠁ ᠡᠰᠡᠪᠡᠯ ᠪᠦᠷ ︿ᠲᠡᠬᠦᠨ ᠤ ᠨᠤᠳᠤᠭ﹀  ᠬᠡᠵᠤ ᠪᠠᠶᠢᠵᠤ ᠁︾ ᠬᠡᠳ ᠲᠤᠭᠤᠬᠢᠳᠠᠶᠢᠬᠠᠨ ᠢᠨᠢᠶᠡᠮᠰᠦᠭᠯᠡᠪᠡ᠃ ᠨᠢᠭᠤᠷᠦᠨ ᠠᠴᠠ ᠭᠠᠯ ᠪᠤᠳᠠᠷᠠᠵᠤ᠂ ᠨᠤᠶᠢᠷᠤᠨ ᠠᠴᠠ ᠪᠠᠨ ᠪᠢ ᠰᠡᠷᠢᠪᠡ᠃ ᠵᠠᠯᠪᠠᠷᠢᠬᠤ ᠮᠢᠨᠢ᠄ ︽ᠬᠡᠯᠨ ᠬᠢᠯᠢ ᠬᠤᠶᠠᠷ ᠮᠢᠨᠢ ᠮᠦᠩᠭᠡ ᠤᠷᠤᠰᠢᠳᠤᠭᠠᠢ︾᠃            ︵www.biirbeh.mn ᠎ ᠠᠴᠠ ᠬᠦᠷᠪᠡᠬᠦᠯᠪᠡ︶ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号