ᠣᠰᠤ ᠪᠠᠨ ᠲᠡᠭᠡᠳᠦᠯᠡᠬᠦ ᠮᠤᠩᠭᠤᠯ ᠣᠬᠠᠭᠠᠨ ︵ᠬᠤᠶᠠᠷ︶
ᠨᠡᠶᠢᠲᠡᠯᠡᠭᠰᠡᠨ ᠴᠠᠭ᠄
2014/11/10
       ᠠᠭᠤᠯᠨ ᠣᠰᠤᠨ ᠤ ᠲᠠᠬᠢᠯᠭ᠎ᠠ ᠨᠢ ᠴᠠᠭ ᠬᠤᠭᠤᠴᠠᠭᠠᠨ ᠤ ᠬᠤᠪᠢ ᠳᠤ᠂ ᠦᠨᠢ ᠡᠷᠳᠡᠨ ᠠᠴᠠ ᠡᠳᠦᠬᠡ ᠬᠦᠷᠲᠡᠯ᠎ᠡ ᠣᠯᠠᠮᠵᠢᠯᠠᠵᠤ ᠢᠷᠡᠭᠰᠡᠨ ᠨᠡᠶᠢᠳᠡ ᠮᠤᠩᠭᠤᠯᠴᠤᠳ ᠲᠡᠳᠦᠢ ᠦᠬᠡᠢ᠂ ᠠᠬᠤᠢ ᠰᠤᠶᠤᠯ ᠤᠨ ᠬᠡᠪ ᠰᠢᠨᠵᠢ ᠪᠠᠷ ᠮᠤᠩᠭᠤᠯᠴᠤᠳ ᠲᠠᠢ ᠣᠶᠢᠷᠠᠯᠴᠠᠭ᠎ᠠ ᠪᠤᠰᠤᠳ ᠣᠯᠠᠨ ᠣᠬᠰᠠᠭᠠᠳᠠᠨ ᠤ ᠲᠤᠮᠳᠠ ᠦᠷᠬᠡᠨ ᠲᠠᠷᠬᠠᠬᠰᠡᠨ ᠵᠠᠩ ᠦᠢᠯᠨ ᠶᠢᠨ ᠨᠢᠬᠡ ᠬᠡᠯᠪᠡᠷᠢ ᠶᠤᠮ᠃ ᠡᠳᠡᠬᠡᠷ ᠪᠦᠬᠦ ᠣᠯᠠᠮᠵᠢᠯᠠᠯ᠂ ᠶᠤᠰᠤ ᠵᠠᠩᠰᠢᠯ ᠪᠤᠯ ᠣᠰᠤ ᠶᠢ ᠲᠡᠬᠡᠳᠦᠯᠡᠨ ᠂ ᠲᠡᠬᠦᠨ ᠤ ᠪᠤᠬᠢᠷᠳᠠᠭᠤᠯᠤᠯ ᠦᠬᠡᠢ ᠠᠷᠢᠭᠤᠨ ᠴᠢᠨᠠᠷ ᠢ ᠬᠠᠳᠠᠭᠠᠯᠬᠤ᠂ ᠡᠬᠢ ᠣᠨᠳᠤᠷᠤᠭ᠎ᠠ ᠶᠢ ᠨᠢ ᠬᠦᠨᠳᠡᠵᠤ᠂ ᠰᠢᠷᠬᠢᠯ ᠦᠬᠡᠢ ᠠᠮᠢᠳᠤᠷᠠᠯ ᠠᠬᠤᠢ ᠳᠠᠭᠠᠨ ᠵᠦᠪ ᠵᠤᠶᠢᠳᠠᠢ ᠬᠡᠷᠡᠭᠯᠡᠬᠦ᠂ ᠬᠠᠮᠠᠭᠠᠯᠠᠬᠤ ᠬᠡᠰᠡᠨ ᠠᠷᠠᠳ ᠤᠨ ᠮᠡᠷᠬᠡᠨ ᠣᠠᠬᠭᠠᠨ ᠪᠠᠶᠢᠵᠠᠢ᠃ ᠪᠢᠳᠡᠨ ᠤ ᠡᠪᠦᠭᠡ ᠲᠡᠬᠡᠳᠦᠰ ᠣᠰᠤ ᠶᠢ ︽ᠴᠢᠨᠳᠠᠮᠤᠨᠢ ᠡᠷᠳᠡᠨᠢ︾ ᠭᠡᠮᠡᠨ ᠰᠢᠳᠢᠨ ᠲᠡᠭᠡᠳᠦᠯᠡᠵᠤ ᠠᠷᠭ᠎ᠠ ᠪᠢᠯᠢᠭ ᠤᠨ ᠣᠬᠠᠭᠠᠨ ᠢᠶᠠᠷ ᠰᠠᠷᠨ᠂ ᠣᠰᠤ᠂ ᠪᠦᠰᠡᠬᠦᠢ ᠭᠤᠷᠪᠠ ᠶᠢ ᠪᠢᠯᠢᠭ ᠤᠨ ᠴᠢᠨᠠᠷᠳᠠᠢ ᠭᠡᠵᠤ ᠦᠵᠡᠵᠤ᠂ ᠡᠮᠡᠭᠳᠠᠢ ᠬᠦᠮᠦᠨ ᠢ ︽ᠯᠤᠣᠰ ᠤᠨ ᠲᠠᠬᠢᠨᠢ︾ ᠬᠡᠮᠡᠨ ᠵᠤᠶᠢᠷᠯᠡᠵᠤ ᠢᠷᠡᠭᠰᠡᠨ᠃ ᠣᠰᠤ ᠲᠤᠯᠤᠭᠠᠨ ᠭᠠᠶᠢᠬᠠᠮᠰᠢᠬᠳᠤ ᠴᠢᠨᠠᠷᠳᠠᠢ ᠪᠦᠬᠡᠳ ᠲᠡᠬᠦᠨ ᠤ ᠨᠢᠬᠡ ᠨᠢ ᠪᠤᠰᠤᠳ ᠡᠷᠦᠳᠡᠰᠦ ᠪᠠᠶᠠᠯᠢᠭ ᠲᠠᠢ ᠠᠳᠠᠯᠢ ᠦᠬᠡᠷ᠎ᠡ ᠶᠠᠮᠠᠷ ᠨᠢᠬᠡᠨ ᠡᠷᠤᠳᠡᠰᠤ ᠪᠠᠷ ᠣᠷᠤᠯᠠᠭᠤᠯᠬᠤ ᠪᠤᠶᠤ ᠵᠤᠬᠢᠶᠠᠮᠠᠯ ᠢᠶᠠᠷ ᠬᠢᠵᠤ ᠪᠤᠯᠳᠠᠭ ᠦᠬᠡᠢ ᠬᠡᠨ᠎ᠡ᠃ ᠮᠤᠩᠭᠤᠯᠴᠤᠳ ᠣᠰᠤᠨ ᠤ ᠰᠢᠨᠵᠢ ᠴᠢᠨᠠᠷ ᠢ ︽ᠣᠰᠤᠨ ᠤ ᠱᠠᠰᠳᠢᠷ︾ ᠬᠡᠮᠡᠬᠦ ᠰᠤᠳᠤᠷ ᠲᠠᠭᠠᠨ ᠣᠨᠴᠠ ᠮᠡᠷᠬᠡᠨ ᠢᠶᠠᠷ ᠲᠦᠷᠰᠦᠯᠡᠨ ᠪᠢᠴᠢᠭᠰᠡᠨ ᠨᠢ ᠪᠤᠢ᠃ ︽ᠣᠷᠭᠤᠵᠤ ᠪᠠᠶᠢᠭ᠎ᠠ ᠠᠷᠴᠠ ᠨᠢᠬᠡ ᠠᠷᠢᠭᠤᠨ᠂ ᠣᠭᠤᠬᠢᠵᠤ ᠪᠠᠶᠢᠭ᠎ᠠ ᠬᠦᠵᠢ ᠨᠢᠬᠡ ᠠᠷᠢᠭᠤᠨ᠂ ᠣᠷᠤᠰᠴᠦ ᠪᠠᠶᠢᠭ᠎ᠠ ᠣᠰᠤ ᠨᠢᠬᠡ ᠠᠷᠢᠭᠤᠨ︾ ᠬᠡᠰᠡᠨ ᠠᠷᠠᠳ ᠤᠨ ᠰᠠᠶᠢᠬᠠᠨ ᠦᠬᠡ ᠪᠠᠶᠢᠳᠠᠭ᠃       ᠮᠤᠩᠭᠤᠯ ᠣᠷᠤᠨ ᠡᠮᠴᠢᠯᠡᠬᠡᠨ ᠤ ᠴᠢᠨᠠᠷ ᠲᠠᠢ ᠷᠠᠰᠢᠶᠠᠨ ᠣᠰᠤ ᠪᠠᠷ ᠡᠯᠪᠡᠭ ᠪᠠᠶᠢᠳᠠᠭ᠃ ᠷᠠᠰᠢᠶᠠᠨ ᠣᠰᠤ ᠨᠢ ᠵᠦᠪᠬᠡᠨ ᠬᠦᠮᠦᠨ ᠠᠮᠢᠳᠠᠨ ᠤ ᠣᠮᠳᠠᠭᠠᠨ ᠤ ᠬᠡᠷᠡᠭᠴᠡᠭᠡ ᠶᠢ ᠬᠠᠩᠭᠠᠭᠠᠳ ᠵᠤᠬᠰᠤᠬᠤ ᠦᠬᠡᠢ ᠠᠳᠢᠰ ᠷᠠᠰᠢᠶᠠᠨ ᠪᠤᠯᠵᠠᠢ᠂ ᠠᠷᠠᠰᠤ ᠮᠢᠬᠠᠨ ᠤ ᠵᠠᠪᠰᠠᠷ ᠢᠶᠠᠷ ᠡᠮ ᠲᠠᠩ ᠪᠤᠯᠵᠤ ᠡᠯᠳᠡᠪ ᠡᠮᠬᠡᠭ ᠡᠪᠡᠳᠴᠢᠨ ᠢ ᠢᠯᠡᠷᠢᠰᠢᠬᠦᠯᠤᠨ ᠡᠮᠴᠢᠯᠡᠬᠡᠨ ᠤ ᠵᠤᠷᠢᠭᠤᠯᠤᠯᠳᠠ ᠪᠠᠷ ᠠᠰᠢᠬᠯᠠᠵᠤ ᠢᠷᠡᠭᠰᠡᠨ᠃ ᠬᠠᠨ ᠬᠡᠨᠳᠠᠢ ᠶᠢᠨ ᠠᠷᠤ ᠲᠠᠶᠢᠭ᠎ᠠ ᠎ ᠠᠴᠠ ᠡᠬᠢ ᠠᠪᠣᠬᠰᠡᠨ᠂ ᠣᠨᠣᠨ᠂ ᠮᠢᠭᠵᠢ᠂ ᠡᠷᠦᠬᠡ ᠶᠢᠨ ᠬᠠᠯᠠᠭᠤᠨ ᠷᠠᠰᠢᠶᠠᠨ ᠢ ᠠᠷᠪᠠᠨ ᠭᠤᠷᠪᠠᠳᠤᠭᠠᠷ ᠵᠠᠭᠤᠨ ᠤ ᠦᠶ᠎ᠡ ᠳᠤ ᠠᠰᠢᠬᠠᠯᠵᠤ ᠪᠠᠶᠢᠬᠰᠡᠨ ᠪᠦᠬᠡᠳ ᠬᠤᠵᠢᠮ ᠦᠨᠳᠦᠷ ᠬᠡᠬᠡᠨ ᠵᠠᠨᠠᠪᠠᠽᠠᠷ ᠰᠡᠷᠬᠦᠬᠡᠨ ᠲᠤᠬᠢᠵᠢᠭᠤᠯᠵᠤ᠂ ᠲᠡᠬᠦᠨ ᠢ ᠲᠦᠰᠢᠭᠯᠡᠨ ᠵᠦᠩ ᠰᠦᠮ᠎ᠡ ᠪᠠᠶᠢᠭᠤᠯᠵᠤ᠂ ᠷᠠᠰᠢᠶᠠᠨ ᠤ ᠡᠬᠢ ᠣᠨᠳᠤᠷᠤᠭ᠎ᠠ ᠪᠦᠷᠢ ᠶᠢᠨ ᠬᠢᠨᠢ ᠡᠮᠴᠢᠯᠡᠬᠡᠨ ᠎ ᠤ ᠰᠢᠨᠵᠢ ᠴᠢᠨᠠᠷ᠂ ᠣᠨᠴᠠᠯᠢᠭ ᠲᠤ ᠲᠤᠬᠢᠷᠠᠭᠤᠯᠤᠨ ᠬᠡᠷᠡᠭᠯᠡᠬᠦ ᠵᠤᠷ ᠪᠢᠴᠢᠵᠤ᠂ ᠦᠷᠬᠡᠨ ᠣᠯᠠᠨ ᠤ ᠬᠦᠷᠲᠡᠬᠡᠯ ᠪᠤᠯᠭᠠᠬᠰᠡᠨ ᠨᠢ ᠨᠣᠲᠤᠭ ᠤᠨ ᠠᠷᠠᠳ ᠲᠦᠮᠡᠨ ᠠᠴᠠ ᠷᠠᠰᠢᠶᠠᠨ ᠬᠦᠷᠲᠡᠨ ᠡᠪᠡᠳᠴᠢᠨ ᠡᠮᠬᠡᠭ ᠠᠴᠠ ᠪᠠᠨ ᠰᠠᠯᠬᠤ ᠨᠢᠬᠡᠨ ᠪᠤᠶᠠᠨ ᠲᠠᠢ ᠦᠢᠯᠡᠰ ᠪᠤᠯᠤᠬᠰᠡᠨ ᠬᠡᠳᠡᠭ᠃ ︽ᠡᠮ ᠤᠨ ᠲᠡᠬᠡᠳᠦ ᠪᠤᠴᠠᠯᠤᠬᠰᠡᠨ ᠣᠰᠤ︾ ᠭᠡᠵᠤ ᠮᠠᠨ ᠤ ᠠᠷᠠᠳ ᠲᠦᠮᠡᠨ ᠡᠷᠬᠢᠮᠯᠡᠨ ᠲᠡᠭᠡᠳᠦᠯᠡᠵᠤ᠂ ᠡᠳᠦᠷ ᠲᠤᠳᠤᠮ ᠤᠨ ᠠᠬᠤᠢ ᠠᠮᠢᠳᠤᠷᠠᠯ ᠳᠤ ᠦᠷᠬᠡᠨ ᠢᠶᠠᠷ ᠬᠡᠷᠡᠭᠯᠡᠵᠦ ᠢᠷᠡᠭᠰᠡᠨ ᠨᠢ ᠣᠰᠤ ᠬᠡᠴᠢᠨᠡᠨ ᠦᠨ᠎ᠡ ᠴᠠᠨ᠎ᠠ ᠲᠠᠢ᠂ ᠠᠴᠢ ᠬᠤᠯᠪᠣᠬᠳᠠᠯ ᠲᠠᠢ ᠪᠤᠯᠬᠤ ᠶᠢ ᠬᠡᠷᠡᠴᠢᠯᠡᠨ᠎ᠡ᠃ ᠠᠯᠢᠪᠠ ᠎ ᠶᠢ ᠲᠦᠯᠵᠢᠬᠦᠯᠦᠨ᠎ᠡ᠂ ᠣᠶᠠᠯᠳᠤᠭᠤᠯᠵᠤ ᠦᠰᠬᠡᠬᠦ ᠦᠢᠯᠡᠳᠤᠯ ᠲᠠᠢ ᠣᠰᠤᠨ ᠤ ᠮᠦᠨ ᠴᠢᠨᠠᠷ᠂ ᠠᠴᠠ ᠲᠤᠰᠨ ᠶᠢ ᠮᠤᠩᠭᠤᠯᠴᠤᠳ ᠪᠡᠯᠬᠡᠰᠢᠶᠡᠨ ︽ᠣᠰᠤᠨ ᠤ ᠲᠦᠷᠪᠡᠨ ᠡᠷᠳᠡᠮ︾ ᠬᠡᠮᠡᠨ ᠣᠨᠴᠠᠯᠠᠨ ᠮᠠᠬᠳᠠᠳᠠᠭ ᠪᠠᠶᠢᠨ᠎ᠠ᠃       ᠡᠬᠦᠨ ᠳᠤ᠄      — ᠣᠰᠤ ᠶᠢ ᠬᠢᠳᠤᠭ᠎ᠠ ᠪᠠᠷ ᠵᠦᠰᠦᠭᠰᠡᠨ ᠴᠦ ᠣᠷᠤᠮ ᠦᠯᠡᠳᠡᠳᠡᠭ ᠦᠬᠡᠢ᠂᠂ ᠲᠡᠬᠦᠨ ᠢ ᠶᠠᠮᠠᠷ ᠴᠦ ᠰᠠᠪᠠᠨ ᠳᠤ ᠠᠭᠤᠯᠤᠬᠰᠡᠨ ᠴᠦ ᠲᠡᠷᠨ ᠬᠡᠯᠪᠡᠷᠢ ᠶᠢ ᠣᠯᠳᠠᠭ ᠲᠠᠶᠢᠮᠦ ᠣᠶᠠᠨ ᠴᠢᠨᠠᠷ ᠲᠠᠢ ᠲᠤᠯᠨ ᠲᠡᠬᠦᠨ ᠎ ᠢ ︽ᠣᠰᠤᠨ ᠤ ᠪᠠᠭᠠᠳᠤᠷ ᠡᠷᠳᠡᠮ︾ ᠬᠡᠨ᠎ᠡ᠃      — ᠣᠰᠤ ᠶᠠᠮᠠᠷ ᠴᠦ ᠲᠤᠬᠢᠶᠠᠯᠳᠤᠯ ᠳᠤ ᠲᠡᠭᠡᠷ᠎ᠡ ᠠᠴᠠ ᠲᠤᠷᠤᠬᠰᠢ ᠣᠷᠤᠰᠳᠠᠭ᠂ ᠲᠡᠬᠡᠳᠦ ᠬᠡᠰᠡᠭ ᠢᠶᠠᠨ ᠲᠦᠬᠦᠷᠬᠡᠨ ᠴᠠᠭᠠᠰᠢ ᠣᠷᠤᠰᠳᠠᠭ ᠲᠡᠭᠰᠢ ᠴᠢᠨᠠᠷᠳᠠᠢ ᠲᠡᠳᠦᠢ ᠦᠬᠡᠢ ᠬᠠᠮᠢᠭ᠎ᠠ ᠬᠦᠷᠬᠦ ᠶᠤᠰᠤᠳᠠᠢ ᠭᠠᠵᠠᠷ ᠢᠶᠠᠨ ᠬᠦᠷᠬᠦ ᠶᠢ ᠡᠷᠮᠡᠯᠵᠡᠨ ᠠᠯᠭᠤᠷ ᠠᠭᠠᠵᠢᠮ ᠪᠤᠯᠪᠠᠴᠦ ᠣᠷᠤᠬᠰᠢᠯᠠᠳᠠᠭ ᠴᠢᠨᠠᠷᠳᠠᠢ᠃ ᠡᠬᠦᠨ ᠢ ︽ᠣᠰᠤᠨ ᠎ ᠤ ᠮᠡᠷᠭᠡᠨ ᠡᠷᠳᠡᠮ︾ ᠬᠡᠨ᠎ᠡ᠃      — ᠣᠰᠤ ᠨᠢ ᠠᠯᠢᠪᠠ ᠪᠤᠬᠢᠷ ᠢ ᠦᠵᠡᠨ ᠶᠠᠳᠠᠵᠤ᠂ ᠭᠬᠢᠷ ᠪᠤᠷᠳᠠᠭ ᠢ ᠴᠡᠪᠡᠷᠯᠡᠬᠦ᠂ ᠠᠷᠢᠭᠤᠳᠬᠠᠨ ᠣᠬᠢᠶᠠᠬᠤ ᠴᠢᠨᠠᠷᠳᠠᠢ ᠲᠤᠯᠨ ᠲᠡᠬᠦᠨ ᠢ ︽ᠣᠰᠤᠨ ᠤ ᠬᠠᠶᠢᠷᠠᠯᠠᠬᠤ ᠡᠷᠳᠡᠮ︾ ᠬᠡᠳᠡᠭ ᠪᠠᠶᠢᠨ᠎ᠠ᠃      ᠡᠨᠡ ᠪᠦᠬᠦᠨ ᠠᠴᠠ ᠦᠵᠡᠬᠦ ᠳᠤ ᠮᠤᠩᠭᠤᠯᠴᠤᠳ ᠣᠰᠤ ᠶᠢ ᠶᠠᠮᠠᠷ ᠴᠦ ᠦᠨᠡᠳᠦ ᠪᠠᠶᠠᠯᠢᠭ᠂ ᠪᠤᠷᠬᠠᠨ ᠰᠢᠳᠦᠬᠡᠨ ᠠᠴᠠ ᠴᠦ ᠢᠯᠡᠬᠦᠦ ᠳᠤ ᠲᠡᠭᠡᠳᠦᠯᠡᠳᠡᠭ ᠨᠢ ᠪᠠᠭ᠋ᠠᠷᠤᠭᠤᠰᠢᠳᠠᠢ ᠪᠦᠬᠡᠳ ᠡᠨᠡ ᠡᠷᠬᠢᠮ ᠣᠯᠠᠮᠵᠢᠯᠠᠯ ᠂ ᠶᠤᠰᠤ ᠵᠠᠩᠰᠢᠯ ᠢᠶᠠᠨ ᠦᠶ᠎ᠡ ᠶᠢᠨ ᠦᠶ᠎ᠡ ᠳᠤ ᠦᠪᠯᠡᠨ ᠣᠯᠠᠮ ᠪᠠᠶᠠᠵᠢᠭᠤᠯᠵᠤ ᠶᠠᠪᠣᠬᠤ ᠨᠢ ᠬᠠᠳᠠᠵᠤ ᠰᠢᠷᠬᠢᠵᠤ ᠪᠠᠶᠢᠭ᠎ᠠ ᠭᠤᠣᠯ ᠭᠤᠷᠤᠭ᠎ᠠ᠂ ᠷᠠᠰᠢᠶᠠᠨ ᠪᠤᠯᠠᠭ ᠢᠶᠠᠨ ᠠᠪᠣᠷᠠᠵᠤ ᠬᠠᠮᠠᠭᠠᠯᠠᠬᠤ ᠳᠤ ᠴᠢᠬᠤᠯᠨ ᠠᠴᠢ ᠬᠤᠯᠪᠣᠬᠳᠠᠯ ᠲᠠᠢ ᠪᠤᠯᠤᠨ᠎ᠠ᠃ ︵ᠬᠤᠯᠪᠤᠭ᠎ᠠ ᠰᠦᠯᠵᠢᠶ᠎ᠡ︶ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号