ᠮᠤᠩᠭᠤᠯᠴᠤᠳ ᠤᠨ ᠬᠤᠪᠢ ᠦᠯᠡᠳᠡᠭᠡᠭᠦ ᠶᠤᠰᠤᠨ
ᠨᠡᠶᠢᠲᠡᠯᠡᠭᠰᠡᠨ ᠴᠠᠭ᠄
2014/10/8
        ᠮᠤᠩᠭᠤᠯᠴᠤᠳ ᠤᠨ ᠳᠤᠮᠳᠠ ᠡᠷᠳᠡᠨ ᠠᠴᠠ ᠠᠪᠤᠭᠠᠳ ᠬᠤᠪᠢ ᠦᠯᠡᠳᠡᠭᠡᠭᠦ ᠭᠡᠮᠡᠬᠦ ᠶᠤᠰᠤ ᠵᠠᠩᠰᠢᠯ ᠪᠤᠢ᠃ ᠡᠨᠡ ᠨᠢ ᠳᠠᠷᠤᠢ᠄ ᠠᠯᠢ ᠨᠢᠭᠡᠨ ᠠᠶᠢᠯ ᠭᠡᠷ ᠨᠢ ᠠᠯᠢ ᠨᠢᠭᠡᠨ ᠤᠳᠠᠭ᠎ᠠ ᠶᠠᠮᠠᠷ ᠨᠢᠭᠡᠨ ᠠᠮᠳᠠᠳᠠᠢ ᠰᠢᠮᠠᠳᠠᠢ᠂ ᠬᠤᠪᠤᠷ ᠴᠤᠬᠠᠭ ᠶᠠᠭᠤᠮ᠎ᠠ ᠢᠳᠡᠭᠦ ᠳᠤ᠂ ᠡᠨᠡ ᠭᠡᠷ ᠤᠨ ᠠᠯᠢ ᠨᠢᠭᠡᠨ ᠭᠡᠰᠢᠬᠦᠨ ᠨᠢ ᠪᠠᠶᠢᠭᠰᠠᠨ ᠦᠭᠡᠢ ᠪᠤᠯ ᠳᠡᠭᠦᠨ ᠳᠡᠭᠡᠨ ᠡᠨᠡ ᠢᠳᠡᠭᠰᠡᠨ ᠵᠦᠢᠯᠠᠰ ᠠᠴᠠ ᠪᠠᠨ ᠳᠠᠬᠦᠨ ᠤ ᠬᠤᠪᠢ᠂ ᠭᠡᠰᠢᠭ ᠭᠡᠵᠦ ᠦᠯᠡᠳᠡᠭᠡᠳᠡᠭ᠃ ᠡᠨᠡ ᠬᠤᠪᠢ ᠪᠠᠨ ᠳᠠᠷᠠ ᠬᠦᠮᠦᠨ ᠢᠶᠠᠨ ᠬᠠᠷᠢᠵᠦ ᠢᠷᠡᠭᠰᠡᠨ ᠤ ᠳᠠᠷᠠᠭ᠎ᠠ᠂ ᠳᠠᠭᠦᠨ ᠳᠤ ᠭᠠᠷᠭᠠᠵᠦ ᠦᠭᠴᠦ ᠢᠳᠡᠭᠦᠯᠳᠡᠭ᠃       ᠬᠤᠪᠢ ᠦᠯᠡᠳᠡᠭᠡᠭᠦ ᠶᠢᠨ ᠠᠭᠤᠯᠭ᠎ᠠ ᠤᠯᠠᠨ᠃ ᠶᠡᠭᠡ ᠠᠴᠠ ᠬᠤᠨᠢ ᠮᠠᠯ ᠪᠠᠵᠠᠭᠠᠬᠤ᠂ ᠮᠢᠬ᠎ᠠ ᠰᠢᠭᠦᠰᠦ ᠭᠠᠷᠭᠠᠬᠤ︔ ᠪᠠᠭ᠎ᠠ ᠠᠴᠠ ᠪᠤᠤᠵᠠ ᠪᠠᠩᠰᠢ ᠪᠠᠷᠢᠬᠤ᠂ ᠪᠤᠤᠪᠤ ᠪᠤᠭᠤᠷᠰᠤᠭ ᠬᠠᠭᠠᠷᠢᠬᠤ᠂ ᠰᠢᠭᠢᠷ ᠵᠢᠮᠢᠰ ᠳᠦᠭᠡᠭᠡᠭᠦ ᠵᠡᠷᠭᠡ᠃ ᠠᠯᠢ ᠨᠢᠭᠡᠨ ᠵᠦᠢᠯ ᠨᠢ ᠴᠤ ᠪᠤᠯᠤᠭ᠂ ᠳᠠᠭᠦᠨ ᠢ ᠢᠳᠡᠬᠦ ᠳᠤ᠂ ᠠᠯᠢ ᠨᠢᠭᠡᠨ ᠭᠡᠰᠢᠬᠦᠨ ᠨᠢ ᠪᠠᠶᠢᠭᠰᠠᠨ ᠦᠭᠡᠢ ᠪᠤᠯ ᠳᠠᠭᠦᠨ ᠳᠡᠭᠡᠨ ᠳᠠᠭᠦᠨ ᠤ ᠬᠤᠪᠢ ᠭᠡᠵᠦ ᠦᠯᠡᠳᠡᠭᠡᠵᠦ᠂ ᠪᠤᠴᠠᠵᠦ ᠢᠷᠡᠭᠰᠡᠨ ᠤ ᠬᠢᠨ ᠳᠠᠷᠠᠭ᠎ᠠ ᠭᠠᠷᠭᠠᠵᠦ ᠦᠭᠴᠦ ᠢᠳᠡᠭᠦᠯᠳᠡᠭ᠃ ᠡᠨᠡ ᠨᠢ ᠮᠤᠩᠭᠤᠯ ᠬᠦᠮᠦᠨ ᠤ ᠬᠠᠷᠠᠮᠴᠢ ᠬᠠᠰᠢᠬᠠᠭ ᠦᠭᠡᠢ᠂ ᠬᠤᠪᠳᠤᠭ ᠬᠤᠪᠢᠨᠴᠢᠷ ᠪᠢᠰᠢ᠂ ᠬᠡᠵᠢᠶᠠᠳᠠ ᠪᠤᠰᠤᠳ ᠢ ᠪᠤᠳᠤᠯᠬᠢᠯᠠᠵᠦ ᠪᠠᠶᠢᠳᠠᠭ ᠵᠠᠩ ᠴᠢᠨᠠᠷ ᠢ ᠢᠯᠠᠳᠭᠡᠵᠦ ᠪᠠᠶᠢᠬᠤ ᠪᠦᠭᠡᠳ ᠭᠡᠷ ᠪᠦᠯᠢ ᠶᠢᠨ ᠡᠶ᠎ᠡ ᠨᠠᠶᠢᠷ ᠲᠠᠢ᠂ ᠡᠶᠡᠯᠳᠡᠭ ᠬᠠᠯᠠᠭᠤᠮᠰᠠᠭ᠂ ᠬᠠᠷᠢᠯᠴᠠᠨ ᠬᠦᠨᠳᠦᠳᠭᠡᠯᠴᠠᠬᠦ ᠠᠷᠢᠭᠤᠨ ᠴᠠᠭᠠᠨ ᠰᠠᠳᠬᠢᠯ ᠢ ᠴᠤ ᠢᠯᠠᠳᠭᠡᠵᠦ ᠪᠤᠢ᠃       ᠡᠨᠡ ᠶᠤᠰᠤ ᠵᠠᠩᠰᠢᠯ ᠤᠳᠤ ᠪᠠᠭ᠎ᠠ ᠮᠠᠷᠳᠠᠭᠳᠠᠵᠦ ᠬᠠᠶᠠᠭᠳᠠᠵᠦ ᠪᠤᠢ ᠪᠦᠭᠡᠳ ᠬᠦᠮᠦᠰ ᠳᠠᠮᠠᠢ ᠭᠡᠷᠡᠭᠴᠠᠭᠡᠭᠦ ᠪᠠᠨ ᠪᠤᠯᠢᠴᠢᠬᠠᠵᠠᠢ᠃ ᠭᠡᠪᠡᠴᠤ ᠵᠠᠷᠢᠮ ᠤᠤᠭᠤᠵᠦ ᠢᠳᠡᠬᠦ ︵ᠢᠳᠡᠭᠡᠨ ᠤᠮᠳᠠᠭᠠᠨ ᠤ︶ ᠵᠠᠩ ᠵᠠᠩᠰᠢᠯ ᠢᠶᠠᠨ ᠰᠠᠶᠢᠳᠦᠷ ᠮᠠᠳᠠᠳᠡᠭ ᠤᠯᠠᠮᠵᠢᠯᠠᠯᠳᠦ ᠶᠤᠰᠤ ᠳᠠᠳᠬᠠᠯ ᠢ ᠤᠭᠤᠭᠠᠳᠠ ᠪᠠᠷᠢᠮᠳᠠᠯᠠᠳᠠᠭ ᠠᠶᠢᠯ ᠡᠷᠦᠭᠡ ᠳᠤ ᠪᠤᠯ ᠪᠠᠰᠠ ᠶᠠᠪᠤᠭᠳᠠᠭᠰᠠᠭᠠᠷ᠂ ᠭᠡᠷᠡᠭᠯᠡᠭᠳᠡᠭᠰᠡᠭᠡᠷ᠂ ᠤᠯᠠᠮᠵᠢᠯᠠᠭᠳᠠᠭᠰᠠᠭᠠᠷ ᠪᠤᠢ᠃       ᠬᠤᠪᠢ ᠦᠯᠡᠳᠡᠭᠡᠭᠦ ᠨᠢ ᠭᠠᠭᠴᠠ ᠭᠡᠷ ᠪᠦᠯᠢ ᠶᠢᠨ ᠳᠤᠮᠳᠠ ᠯᠠ ᠶᠠᠪᠤᠭᠳᠠᠳᠠᠭ ᠪᠢᠰᠢ᠂᠂ ᠠᠶᠢᠯ ᠠᠶᠢᠮᠠᠭ ᠤᠨ ᠬᠤᠭᠤᠷᠤᠨᠳᠤ ᠴᠤ ᠶᠠᠪᠤᠭᠳᠠᠳᠠᠭ᠃ ᠮᠤᠩᠭᠤᠯᠴᠤᠳ ᠠᠮᠳᠠᠳᠠᠢ ᠰᠢᠮᠠᠳᠠᠢ ᠶᠠᠭᠤᠮ᠎ᠠ ᠪᠤᠶᠤ ᠬᠤᠪᠤᠷ ᠴᠤᠬᠠᠭ ᠶᠠᠭᠤᠮ᠎ᠠ ᠢᠳᠡᠭᠦ ᠳᠤ᠂ ᠤᠶᠢᠷ᠎ᠠ ᠵᠡᠷᠭᠡᠯᠳᠡᠭᠡ ᠠᠶᠢᠯ ᠠᠶᠢᠮᠠᠭ ᠲᠠᠭᠠᠨ ︽ᠠᠶᠢᠯ ᠠᠶᠢᠮᠠᠭ ᠤᠨ ᠬᠤᠪᠢ︾ ᠭᠡᠵᠦ ᠦᠭᠳᠡᠭ᠃ ᠠᠶᠢᠯ ᠠᠶᠢᠮᠠᠭ ᠤᠨ ᠬᠢᠨ ᠬᠦᠮᠦᠨ ᠦᠭᠡᠢ ᠪᠠᠶᠢᠭᠰᠠᠨ ᠪᠤᠯ᠂ ᠬᠦᠮᠦᠨ ᠨᠢ ᠬᠠᠷᠢᠵᠦ ᠢᠷᠡᠭᠰᠡᠨ ᠤ ᠳᠠᠷᠠᠭ᠎ᠠ ᠬᠦᠷᠭᠡᠵᠦ ᠦᠭᠳᠡᠭ᠃ ︽ᠬᠦᠮᠦᠨ ᠦᠭᠡᠢ ᠶᠤᠮ ᠴᠢᠨᠢ ᠶᠠᠭᠠᠬᠢᠬᠤᠪ᠂ ᠪᠠᠶᠢᠴᠢᠬᠠᠶ᠎ᠠ᠃ ᠰᠠᠬᠦᠯᠠᠷ ᠪᠤᠯᠤᠶ᠎ᠠ᠂ ᠳᠠᠷᠠᠭ᠎ᠠ ᠪᠠᠷ ᠮᠠᠳᠠᠶ᠎ᠠ︾ ᠭᠡᠳᠡᠭ ᠤᠴᠢᠷ ᠪᠠᠶᠢᠬᠤ ᠦᠬᠡᠢ᠃ ᠢᠩᠬᠢᠬᠦ ᠶᠢ ᠡᠪ ᠦᠭᠡᠢ᠂ ᠶᠤᠰᠤ ᠠᠯᠳᠠᠭᠰᠠᠨ ᠤᠴᠢᠷ ᠭᠡᠵᠦ ᠦᠵᠡᠳᠡᠭ᠃ ᠶᠠᠭᠤ᠂ ᠶᠠᠮᠠᠷ ᠶᠠᠭᠤᠮ᠎ᠠ ᠪᠤᠯᠤᠭᠰᠠᠨ ᠴᠤ᠂ ᠶᠡᠭᠡ ᠴᠤ ᠪᠤᠯᠤᠭ᠂ ᠪᠠᠭ᠎ᠠ ᠴᠤ ᠪᠤᠯᠤᠭ᠂ ᠭᠡᠷ ᠲᠤ ᠨᠢ ᠠᠯᠢ ᠨᠢᠭᠡᠨ ᠬᠦᠮᠦᠨ ᠨᠢ ᠴᠤ ᠪᠤᠯᠤᠭ᠂ ᠬᠠᠷᠢᠵᠦ ᠢᠷᠡᠳᠡᠭ ᠯᠠ ᠶᠤᠮ ᠪᠤᠯ ᠳᠠᠷᠠ ᠳᠠᠷᠦᠶᠢᠬᠠᠨ ᠨᠦᠬᠦᠵᠦ ᠬᠦᠷᠭᠡᠳᠡᠭ᠃ ᠳᠠᠷᠠᠴᠢᠯᠠᠨ ᠡᠨᠡ ᠠᠶᠢᠯ ᠭᠡᠷ ᠤᠨ ᠠᠯᠢ ᠨᠢᠭᠡᠨ ᠬᠦᠮᠦᠨ ᠨᠢ ᠪᠠᠶᠢᠭᠰᠠᠨ ᠦᠭᠡᠢ ᠪᠤᠯ ᠡᠨᠡ ᠶᠠᠭᠤᠮ᠎ᠠ ᠠᠴᠠ ᠪᠠᠨ ᠳᠠᠭᠦᠨ ᠤ ᠬᠤᠪᠢ ᠭᠡᠵᠦ ᠳᠠᠬᠢᠨ ᠪᠠᠭ᠎ᠠ ᠰᠠᠭ᠎ᠠ ᠦᠯᠡᠳᠡᠭᠡᠵᠦ ᠪᠠᠶᠢᠭᠠᠳ᠂ ᠳᠠᠷᠠ ᠬᠦᠮᠦᠨ ᠢ ᠨᠢ ᠪᠤᠴᠠᠵᠦ ᠢᠷᠡᠭᠰᠡᠨ ᠤ ᠳᠠᠷᠠᠭ᠎ᠠ᠂ ︽ᠡᠳ᠋ᠯᠠᠯ ᠤᠨ ᠡᠬᠢ᠂ ᠢᠳᠡᠭᠡᠨ ᠤ ᠳᠡᠭᠡᠵᠢ︾ ᠭᠡᠵᠦ ᠳᠠᠬᠦᠨ ᠳᠤ ᠦᠭᠴᠤ ᠢᠳᠡᠬᠦᠯᠳᠡᠭ᠃       ᠡᠨᠡ ᠶᠤᠰᠤ ᠵᠠᠩᠰᠢᠯ ᠰᠠᠶᠢᠬᠠᠨ ᠶᠤᠰᠤ ᠵᠠᠩᠰᠢᠯ︕ ᠭᠡᠵᠢᠶ᠎ᠡ᠂ ᠭᠡᠨ ᠳᠤ ᠪᠤᠯᠤᠭᠰᠠᠨ ᠴᠤ ᠭᠡᠷᠡᠭᠴᠡᠭᠡ ᠲᠠᠢ ᠶᠤᠰᠤ ᠵᠠᠩᠰᠢᠯ︕       ᠡᠨᠡ ᠶᠤᠰᠤ ᠵᠠᠩᠰᠢᠯ ᠤᠳᠤ ᠴᠤ ᠭᠡᠰᠡᠨ ᠮᠠᠨ ᠤ ᠬᠢᠨ ᠤ ᠵᠠᠷᠢᠮ ᠠᠶᠢᠯ ᠡᠷᠦᠭᠡ ᠶᠢᠨ ᠬᠤᠭᠤᠷᠤᠨᠳᠦ ᠶᠠᠪᠤᠭᠳᠠᠭᠰᠠᠭᠠᠷ᠃ ᠤᠳᠤ ᠴᠤ ᠭᠡᠰᠡᠨ ᠮᠠᠨ ᠤ ᠬᠢᠨ ︵ᠮᠤᠩᠭᠤᠯ ᠠᠶᠢᠯ︶ ᠠᠯᠢ ᠨᠢᠭᠡᠨ ᠠᠶᠢᠯ ᠨᠢ ᠠᠮᠳᠠᠳᠠᠢ ᠰᠢᠮᠠᠳᠠᠢ᠂ ᠬᠤᠪᠤᠷ ᠴᠤᠬᠠᠭ ᠶᠠᠭᠤᠮ᠎ᠠ ᠤᠯᠪᠠᠯ᠂ ᠨᠦᠬᠦᠬᠡ ᠨᠢᠭᠡ ᠠᠶᠢᠯ ᠡᠷᠦᠭᠡ ᠳᠡᠭᠡᠨ ᠦᠭᠭᠦ ᠪᠤᠶᠤ ᠨᠦᠬᠦᠬᠡ ᠨᠢᠭᠡ ᠠᠶᠢᠯ ᠡᠷᠦᠭᠡ ᠶᠢᠨ ᠢᠶᠠᠨ ᠬᠦᠮᠦᠰ ᠢ ᠳᠠᠭᠤᠳᠠᠵᠦ ︵ᠵᠠᠯᠠᠵᠦ︶ ᠡᠨᠡ ᠶᠠᠭᠤᠮ᠎ᠠ ᠪᠠᠨ ᠬᠠᠮᠳᠤᠪᠠᠷ ᠵᠤᠭᠤᠭᠯᠠᠵᠦ ᠠᠮᠰᠠᠬᠤ ᠵᠡᠷᠭᠡ ᠰᠠᠶᠢᠬᠠᠨ ᠶᠤᠰᠤ ᠵᠠᠩᠰᠢᠯ ᠢ ᠬᠠᠳᠠᠭᠠᠯᠠᠭᠰᠠᠭᠠᠷ᠂ ᠬᠠᠷᠢᠯᠴᠠᠨ ᠬᠦᠢᠴᠠᠳᠭᠡᠭᠰᠡᠭᠡᠷ ᠁       ᠬᠠᠨᠷᠮᠴᠢ ᠬᠠᠰᠢᠬᠠᠭ ᠦᠭᠡᠢ ᠮᠤᠩᠭᠤᠯ ᠬᠦᠮᠦᠨ ᠤ ᠶᠤᠰᠤ ᠵᠠᠩᠰᠢᠯ ᠭᠡᠵᠦ ᠭᠡᠵᠢᠶᠡᠳᠡ ᠰᠠᠶᠢᠬᠠᠨ ᠶᠤᠮ ᠳ᠋ᠠ︕ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号