| | ᠭᠡᠤᠭᠡᠳ ᠶᠡᠷᠦ ᠨᠢ ᠡᠭᠡ ᠠᠴᠠ ᠳᠦᠷᠦᠮᠡᠭᠴᠠ ᠦᠭᠡ ᠭᠡᠯᠡ ᠰᠤᠷᠬᠤ ᠶᠠᠪᠤᠴᠠ ᠳᠠᠭᠠᠨ ᠤᠷᠤᠳᠠᠭ᠃ ᠰᠠᠶ᠋ᠢᠬᠠᠨ | ᠳᠦᠷᠦᠭᠡᠳ ᠭᠡᠳᠦᠨ ᠴᠠᠭ ᠪᠤᠯᠵᠦ ᠪᠠᠶᠢᠭ᠎ᠠ ᠪᠤᠶᠤ ᠭᠡᠳᠦ ᠬᠤᠨᠤᠵᠦ ᠪᠠᠶᠢᠭ᠎ᠠ ᠨᠢᠯᠬ᠎ᠠ ᠬᠡᠤᠬᠡᠳ ᠢ ᠡᠭᠡ ᠡᠴᠢᠭᠡ ᠪᠤᠶᠤ | ᠡᠪᠦᠭᠡ ᠡᠮᠡᠭᠡ᠂ ᠠᠬᠠᠮᠠᠳᠴᠤᠤᠯ ᠨᠢ ᠦᠭᠦᠭᠡᠷᠳᠦᠨ ᠳᠠᠪᠠᠷᠢᠭᠡᠳ᠂ ︽ᠭᠦᠦ ᠮᠢᠨᠢ︾᠂ ︽ᠦᠬᠢᠨ ᠮᠢᠨᠢ︾᠂ ︽ | ᠡᠪᠡᠢ ᠮᠢᠨᠢ︾᠂ ︽ᠪᠦᠤᠪᠠᠢ ᠮᠢᠨᠢ︾ ︽ᠨᠠᠰᠢ ᠪᠠᠨ ᠬᠠᠷᠠᠭᠠᠴᠢ︾᠂ ︽ᠨᠠᠮ᠎ᠠ ᠶᠢ ᠳᠠᠨᠢᠭᠠᠴᠢ︾᠂ ︽ᠠᠯᠢ ᠤᠤ᠂ | ᠢᠨᠢᠶᠠᠭᠡᠴᠢ︾ ᠭᠡᠬᠦ ᠮᠠᠳᠤ ᠪᠠᠷ ᠦᠭᠡ ᠭᠡᠯᠡᠵᠦ ᠳᠠᠭᠤ ᠪᠠᠨ ᠰᠤᠨᠤᠰᠬᠠᠵᠦ᠂ ᠦᠭᠡ ᠭᠡᠯᠡ ᠰᠤᠷᠬᠤ᠂ ᠰᠤᠨᠤᠰᠬᠤ | ᠠᠩᠬᠠᠨ ᠤ ᠠᠯᠬᠤᠮ ᠢ ᠨᠢ ᠡᠬᠢᠯᠡᠨ ᠳᠠᠯᠪᠢᠳᠠᠭ᠃ | ᠭᠡᠳᠦᠨ ᠠᠷᠪᠠ ᠬᠤᠨᠤᠭ ᠪᠤᠶᠤ ᠭᠡᠳᠦᠨ ᠰᠠᠷ᠎ᠠ ᠪᠤᠯᠵᠦ ᠵᠢᠭᠠᠬᠠᠨ ᠳᠤᠮᠤᠷᠠᠪᠠᠯ᠂ ᠨᠠᠷᠠ ᠪᠠᠷ ᠨᠢ ᠳᠠᠭᠤᠳᠠᠵᠤ᠂ | ︽ᠢᠳᠠ᠂ ᠤᠤᠭᠤ︾᠂ ︽ᠤᠨᠳᠠ᠂ ᠭᠡᠪᠳᠡ︾᠂ ︽ᠪᠤᠰ᠂ ᠰᠠᠭᠤ︾ ᠭᠡᠭᠦ ᠦᠭᠡ ᠶᠢ ᠶᠠᠷᠢᠨ ᠰᠤᠨᠤᠰᠬᠠᠵᠦ | ᠦᠭᠡ ᠰᠤᠷᠴᠤ ᠦᠢᠯᠠ ᠬᠦᠳᠠᠯᠤᠯ ᠬᠢᠬᠦ᠂ ᠬᠦᠢᠴᠠᠳᠭᠡᠭᠦ ᠶᠠᠪᠤᠴᠠ ᠶᠢ ᠭᠡᠯᠡᠵᠦ ᠳᠤᠬᠢᠵᠦ ᠮᠡᠳᠡᠬᠦᠯᠳᠡᠭ᠃ ᠭᠡᠳᠦᠨ | ᠰᠠᠷ᠎ᠠ ᠪᠤᠶᠤ 1 ᠨᠠᠰᠤ ᠰᠢᠬᠠᠮ ᠪᠤᠯᠪᠠᠯ᠂ ᠰᠢᠭᠤᠳ ᠡᠯ᠎ᠡ ᠵᠦᠢᠯ ᠤᠨ ᠦᠢᠯᠠ ᠬᠦᠳᠠᠯᠦᠯ᠂ ᠦᠭᠡ ᠶᠡᠷᠢᠶ᠎ᠠ ᠶᠢ | ᠵᠢᠭᠠᠵᠦ ᠳᠠᠭᠠᠭᠤᠯᠵᠦ ᠰᠤᠷᠭᠠᠳᠠᠭ᠃ ᠵᠢᠱᠢᠶᠠᠯᠠᠪᠠᠯ᠄ ︽ᠪᠤᠰᠬᠤ᠂ ᠰᠠᠭᠤᠬᠤ︾᠂ ︽ᠠᠯᠬᠤᠬᠤ᠂ ᠬᠢᠰᠬᠢᠬᠦ︾᠂ ︽ | ᠤᠨᠳᠠᠬᠤ᠂ ᠭᠡᠪᠳᠡᠬᠦ︾᠂ ︽ᠪᠠᠷᠢᠬᠤ᠂ ᠳᠠᠯᠪᠢᠬᠤ︾᠂ ︽ᠮᠦᠯᠭᠦᠭᠦ᠂ ᠮᠠᠴᠤᠬᠤ︾᠂ ︽ᠠᠪᠬᠤ᠂ ᠦᠭᠭᠦ︾ ᠭᠡᠭᠦ | ᠡᠩ ᠤᠨ ᠦᠢᠯᠠ ᠬᠦᠳᠠᠯᠦᠯ ᠲᠠᠢ ᠬᠤᠯᠪᠤᠭᠳᠠᠭᠰᠠᠨ ᠦᠭᠡᠰ ᠪᠤᠶᠤ ︽ᠨᠢᠳᠦ᠂ ᠴᠢᠬᠢ᠂︾᠂ ︽ᠬᠠᠮᠠᠷ᠂ ᠠᠮᠠ︾᠂ | ︽ᠭᠠᠷ᠂ ᠬᠦᠯ︾ ᠭᠡᠭᠦ ᠪᠠᠶ᠎ᠠ ᠶᠢᠨ ᠡᠷᠭᠡᠳᠡᠨ ᠴᠤᠭᠴᠠᠰ ᠲᠠᠢ ᠬᠤᠯᠪᠤᠭᠳᠠᠭᠰᠠᠨ ᠦᠭᠡᠰ ᠵᠡᠷᠭᠡ ᠠᠴᠠ ᠡᠬᠢᠯᠡᠨ | ᠵᠢᠭᠠᠵᠦ ᠰᠤᠷᠭᠠᠳᠠᠭ᠃ ᠪᠠᠰᠠ ︽ᠠᠪᠤ︾᠂ ︽ᠡᠵᠢ︾᠂ ︽ᠠᠬ᠎ᠠ︾᠂ ︽ᠡᠭᠡᠴᠢ︾᠂ ︽ᠡᠪᠦᠭᠡ︾᠂ ︽ᠡᠮᠡᠭᠡ | ︾ ᠭᠡᠵᠦ ᠭᠡᠷ ᠪᠦᠯᠢ ᠶᠢᠨ ᠬᠦᠮᠦᠰ ᠢᠶᠠᠨ ᠳᠠᠭᠤᠳᠠᠵᠦ ᠴᠢᠳᠠᠬᠤ︔ ︽ᠠᠪᠠᠭ᠎ᠠ︾᠂ ︽ᠠᠪᠠᠭ᠎ᠠ ᠠᠪᠤ︾᠂ ︽ | ᠠᠪᠠᠭ᠎ᠠ ᠡᠵᠢ︾᠂ ︽ᠠᠪᠠᠭ᠎ᠠ ᠡᠭᠡᠴᠢ︾᠂ ︽ᠨᠠᠭᠠᠴᠦ︾᠂ ︽ᠨᠠᠭᠠᠴᠦ ᠠᠨᠢᠶ᠎ᠠ︾᠂ ︽ᠨᠠᠭᠠᠴᠦ ᠡᠵᠢ︾᠂ ︽ | ᠨᠠᠭᠠᠴᠦ ᠡᠪᠦᠭᠡ︾᠂ ︽ᠨᠠᠭᠠᠴᠦ ᠡᠮᠡᠭᠡ︾ ᠭᠡᠵᠦ ᠰᠠᠳᠤᠨ ᠳᠦᠷᠦᠯ ᠢᠶᠠᠨ ᠢᠯᠭᠠᠵᠦ ᠳᠠᠭᠤᠳᠠᠵᠦ ᠴᠢᠳᠠᠬᠤ ᠵᠡᠷᠭᠡ | ᠪᠤᠯᠪᠠᠰᠤᠷᠠᠯ ᠳᠠᠳᠬᠠᠯ ᠢ ᠴᠤ ᠡᠨᠡ ᠦᠶ᠎ᠡ ᠠᠴᠠ ᠡᠬᠢᠯᠡᠨ ᠬᠢᠵᠦ ᠭᠡᠯᠡᠬᠦᠯᠵᠦ ᠴᠠᠭᠡᠵᠢᠯᠡᠬᠦᠯᠳᠡᠭ᠃ | ᠨᠢᠬᠡ ᠨᠠᠰᠤ ᠪᠤᠶᠤ ᠨᠢᠬᠡ ᠨᠠᠰᠤ ᠠᠴᠠ ᠳᠡᠭᠡᠭᠰᠢ ᠬᠡᠤᠬᠡᠳ ᠲᠤ᠂ ᠪᠤᠳᠠᠳᠤ ᠦᠭᠡ᠂ ᠪᠤᠳᠠᠳᠤ ᠪᠤᠳᠠᠰ᠂ | ᠪᠤᠳᠠᠳᠤ ᠭᠡᠷᠡᠭ ᠤᠴᠢᠷ ᠢ ᠢᠯᠠᠬᠦᠦ ᠭᠡᠯᠡᠵᠦ ᠦᠵᠠᠬᠦᠯᠦᠨ ᠦᠭᠡ ᠵᠢᠭᠠᠵᠦ ᠰᠤᠷᠭᠠᠳᠠᠭ᠃ ᠵᠢᠱᠢᠶᠠᠯᠠᠪᠠᠯ᠂ ︽ᠮᠤᠷᠢ︾ | ᠂ ︽ᠳᠡᠮᠡᠭᠡ︾᠂ ︽ᠬᠤᠨᠢ︾᠂ ︽ᠢᠮᠠᠭ᠎ᠠ︾᠂ ︽ᠨᠤᠬᠠᠢ︾᠂ ︽ᠮᠤᠤᠷ︾ ᠭᠡᠵᠦ ᠮᠠᠯ᠂ ᠠᠮᠢᠳᠠᠨ ᠢ ᠨᠠᠷᠠᠯᠠᠨ | ᠳᠠᠭᠤᠳᠠᠬᠤ︔ ︽ᠠᠶᠠᠭ᠎ᠠ᠂ ᠰᠢᠨᠠᠭ᠎ᠠ︾᠂ ︽ᠠᠪᠳᠠᠷ᠎ᠠ᠂ ᠬᠤᠷᠭᠤ︾᠂ ︽ᠳᠡᠷᠭᠡ᠂ ᠤᠨᠤᠭ᠎ᠠ︾᠂ ︽ᠤᠷᠭ᠎ᠠ᠂ | ᠳᠠᠰᠢᠭᠤᠷ︾᠂ ︽ᠰᠢᠷᠡᠭᠡ᠂ ᠰᠠᠨᠳᠠᠯᠢ︾ ᠭᠡᠵᠦ ᠡᠳ᠋ᠯᠡᠵᠦ ᠭᠡᠷᠡᠭᠯᠡᠬᠦ ᠶᠠᠭᠤᠮ᠎ᠠ ᠶᠢ ᠨᠠᠷᠠᠯᠠᠵᠦ ᠭᠡᠯᠡᠵᠦ ᠰᠤᠷᠬᠤ︔ ︽ | ᠠᠯᠢᠮ᠎ᠠ᠂ ᠵᠢᠮᠢᠰ︾᠂ ︽ᠰᠢᠬᠢᠷ᠂ ᠪᠤᠤᠪᠤ︾᠂ ︽ᠮᠢᠬ᠎ᠠ᠂ ᠳᠤᠰᠤ︾ ᠭᠡᠵᠦ ᠢᠳᠠᠵᠦ ᠤᠤᠭᠤᠬᠤ ᠪᠠᠨ ᠭᠡᠯᠡᠵᠦ | ᠨᠠᠷᠠᠯᠠᠵᠦ ᠴᠢᠳᠠᠬᠤ︔ ︽ᠠᠯᠢ᠂ ᠨᠠᠰᠢ︾᠂ ︽ᠪᠤᠯᠤᠨ᠎ᠠ᠂ ᠪᠤᠯᠬᠤ ᠦᠭᠡᠢ︾᠂ ︽ᠠᠪᠤᠨ᠎ᠠ᠂ ᠠᠪᠬᠤ ᠦᠭᠡᠢ︾ | ᠭᠡᠵᠦ ᠠᠪᠬᠤ ᠦᠭᠭᠦ ᠪᠠᠨ ᠶᠠᠷᠢᠵᠦ ᠢᠯᠠᠳᠭᠡᠵᠦ ᠴᠢᠳᠠᠬᠤ ᠁ ᠵᠡᠷᠭᠡ 1 - 2 ᠨᠠᠰᠤᠨ ᠤ ᠭᠡᠤᠬᠡᠳ ᠤᠨ | ᠡᠷᠭᠡᠪᠡᠰᠢ ᠰᠤᠷᠴᠤ ᠡᠵᠡᠮᠰᠢᠪᠠᠰᠤ ᠵᠤᠬᠢᠬᠤ ᠦᠭᠡ ᠶᠡᠷᠢᠶ᠎ᠡ ᠶᠢ ᠦᠨᠳᠦᠰᠦᠨ ᠠᠴᠠ ᠨᠢ ᠵᠢᠭᠠᠵᠦ ᠳᠤᠬᠢᠵᠦ ᠭᠡᠯᠡᠵᠦ | ᠶᠡᠷᠢᠵᠦ ᠰᠤᠷᠭᠠᠳᠠᠭ᠃ ᠭᠡᠭᠦ ᠳᠡᠭᠡᠨ ᠡᠳᠡᠭᠡᠷ ᠦᠭᠡ ᠨᠢ ᠭᠡᠯᠡ ᠠᠮᠠ ᠳᠠᠮᠠᠢ ᠤᠷᠢᠶᠠᠯᠳᠤᠬᠤ ᠦᠭᠡᠢ ᠠᠪᠢᠶ᠎ᠠ᠂ | ᠪᠦᠳᠦᠭᠡᠪᠤᠷᠢ ᠪᠤᠭᠤᠨᠢ ᠦᠭᠡᠰ ᠪᠠᠶᠢᠬᠤ ᠭᠡᠷᠡᠭᠳᠡᠢ ᠪᠠᠶᠢᠳᠠᠭ᠃ ᠡᠨᠡ ᠦᠶ᠎ᠡ ᠠᠴᠠ ᠡᠬᠢᠯᠡᠨ ᠪᠠᠰᠠ ᠪᠠᠭ᠎ᠠ ᠰᠠᠭ᠎ᠠ | ᠳᠤᠭ᠎ᠠ ᠳᠤᠭᠠᠯᠠᠭᠤᠯᠵᠦ ᠰᠤᠷᠭᠠᠳᠠᠭ᠃ ᠳᠤᠭ᠎ᠠ ᠶᠢ ︽ᠨᠢᠭᠡ᠂ ᠬᠤᠶᠠᠷ᠂ ᠭᠤᠷᠪᠠ᠂ ᠳᠦᠷᠪᠠ᠂ ᠳᠠᠪᠤ︾ ᠭᠡᠵᠦ | ᠡᠬᠢᠯᠡᠨ ᠵᠢᠭᠠᠵᠦ ᠳᠤᠭᠠᠯᠠᠭᠤᠯᠵᠦ᠂ ᠬᠠᠮᠢᠭ᠎ᠠ ᠠᠴᠠ ᠬᠠᠮᠢᠭ᠎ᠠ ᠬᠦᠷᠳᠠᠯ᠎ᠠ ᠶᠠᠭᠠᠬᠢᠵᠦ ᠳᠤᠭᠠᠯᠠᠬᠤ ᠭᠡᠭᠴᠢ ᠶᠢ | ᠳᠤᠳᠤᠷᠬᠠᠢ ᠵᠢᠭᠠᠵᠦ ᠮᠡᠳᠡᠭᠦᠯᠳᠡᠭ᠃ ᠳᠤᠭ᠎ᠠ ᠶᠢ ᠳᠤᠭᠠᠯᠠᠭᠤᠯᠵᠦ ᠰᠤᠷᠭᠠᠬᠤ ᠳᠤ᠂ ᠭᠤᠤᠯ ᠨᠢ ᠭᠠᠷ ᠤᠨ ᠳᠠᠪᠤᠨ | ᠬᠤᠷᠤᠭᠤ ᠶᠢ ᠳᠤᠭᠠᠯᠠᠭᠤᠯᠵᠦ ᠰᠤᠷᠭᠠᠬᠤ ᠠᠴᠠ ᠡᠬᠢᠯᠡᠳᠡᠭ᠃ ᠭᠠᠷ ᠤᠨ ᠳᠠᠪᠤᠨ ᠬᠤᠷᠤᠭᠤ ᠶᠢ ︽ᠡᠷᠡᠭᠡᠢ ᠬᠤᠷᠤᠭᠤ᠂ | ᠳᠤᠯᠤᠪᠤᠷ ᠬᠤᠷᠤᠭᠤ᠂ ᠳᠤᠮᠳᠠ ᠬᠤᠷᠤᠭᠤ᠂ ᠢᠳᠠᠮ ᠬᠤᠷᠤᠭᠤ᠂ ᠰᠢᠭᠡᠵᠡᠢ ᠬᠤᠷᠤᠭᠤ︾ ᠭᠡᠵᠦ ᠨᠠᠷᠠᠯᠠᠨ᠂ ᠡᠷᠡᠭᠡᠢ | ᠬᠤᠷᠤᠭᠤ ᠠᠴᠠ ᠡᠬᠢᠯᠡᠨ ︽ᠨᠢᠭᠡ᠂ ᠬᠤᠶᠠᠷ᠂ ᠭᠤᠷᠪᠠ᠂ ᠳᠦᠷᠪᠠ᠂ ᠳᠠᠪᠤ︾ ᠭᠡᠵᠦ ᠵᠢᠭᠠᠵᠦ ᠳᠤᠭᠠᠯᠠᠭᠤᠯᠵᠦ | ᠰᠤᠷᠭᠠᠨ᠎ᠠ᠃ ᠡᠬᠦᠨ ᠳᠤ ᠡᠷᠡᠭᠡᠢ ᠬᠤᠷᠤᠭᠤ ᠪᠤᠯ ︽1︾᠂ ᠳᠤᠯᠤᠪᠤᠷ ᠬᠤᠷᠤᠭᠤ ᠪᠤᠯ ︽2︾᠂ ᠳᠤᠮᠳᠠ | ᠬᠤᠷᠤᠭᠤ ᠪᠤᠯ ︽3︾᠂ ᠢᠳᠠᠮ ᠬᠤᠷᠤᠭᠤ ᠪᠤᠯ ︽4︾᠂ ᠰᠢᠭᠡᠵᠡᠢ ᠬᠤᠷᠤᠭᠤ ᠪᠤᠯ ︽5︾᠃ ᠡᠨᠡᠬᠦ ᠨᠠᠷᠠᠯᠠᠯ᠂ | ᠳᠠᠰ ᠳᠠᠷᠠᠭᠠᠯᠠᠯ ᠢᠶᠠᠷ ᠳᠤᠭᠠᠯᠠᠭᠤᠯᠵᠦ ᠰᠤᠷᠭᠠᠨ᠎ᠠ᠃ ᠬᠠᠮᠢᠶ᠎ᠠ ᠡᠷᠢᠶ᠎ᠠ ᠦᠭᠡᠢ ᠨᠠᠷᠠᠯᠠᠵᠦ ᠳᠤᠭᠠᠯᠠᠭᠤᠯᠳᠠᠭ ᠦᠭᠡᠢ᠃ | ᠤᠨᠴᠠᠭᠠᠶᠢᠯᠠᠨ ᠰᠢᠭᠡᠵᠠᠢ ᠬᠤᠷᠤᠭᠤ ᠠᠴᠠ ᠡᠬᠢᠯᠡᠵᠦ ᠳᠤᠭᠠᠯᠠᠭᠤᠯᠳᠠᠭ ᠦᠭᠡᠢ᠃ ᠮᠤᠩᠭᠤᠯᠴᠤᠳ᠂ ︽ᠰᠢᠭᠡᠵᠠᠢ | ᠬᠤᠷᠤᠭᠤ ᠪᠤᠯ ᠳᠤᠷᠤᠢ᠂ ᠨᠤᠮᠤᠢ ᠪᠤᠶᠤ ᠳᠤᠤᠷᠠᠳᠤᠰ᠂ ᠮᠠᠭᠤ ᠶᠢ ᠢᠯᠡᠳᠭᠡᠭᠦ ᠳᠤ ᠭᠡᠷᠡᠭᠯᠡᠭᠳᠡᠳᠡᠭ ᠬᠤᠷᠤᠭᠤ᠃ | ᠪᠡᠯᠭᠡ ᠳᠠᠮᠪᠠᠷᠢᠯ ᠦᠭᠡᠢ᠃ ᠡᠷᠡᠭᠡᠢ ᠬᠤᠷᠤᠭᠤ ᠪᠤᠯ ᠡᠷ᠎ᠡ ᠵᠤᠷᠢᠭ᠂ ᠡᠷᠴᠢ ᠬᠦᠴᠦ᠂ ᠰᠠᠶᠢᠨ ᠰᠠᠶᠢᠬᠠᠨ ᠤ ᠪᠡᠯᠭᠡᠳᠡᠯ | ᠪᠤᠯᠳᠠᠭ ᠬᠤᠷᠤᠭᠤ︾ ᠭᠡᠵᠦ ᠦᠵᠡᠳᠡᠭ᠃ ᠡᠶᠢᠮᠦ ᠠᠴᠠ ᠡᠩᠬᠦᠷᠡᠢ ᠨᠢᠯᠬ᠎ᠠ ᠬᠡᠤᠬᠡᠳ ᠲᠡᠭᠡᠨ ᠦᠭᠡ ᠭᠡᠯᠡ — | ᠳᠤᠭ᠎ᠠ ᠳᠤᠭᠠᠯᠠᠭᠤᠯᠵᠦ ᠰᠤᠷᠭᠠᠬᠤ ᠳᠠᠭᠠᠨ ᠴᠤ᠂ ᠡᠷᠡᠭᠡᠢ ᠬᠤᠷᠤᠭᠤ ᠠᠴᠠ ᠡᠬᠢᠯᠡᠵᠦ ᠳᠤᠭᠠᠯᠠᠭᠤᠯᠵᠦ ᠰᠤᠷᠭᠠᠳᠠᠭ | ᠪᠠᠶᠢᠵᠠᠢ᠃ ᠡᠨᠡ ᠪᠤᠯ ᠨᠢᠭᠡ ᠳᠠᠯ᠎ᠠ ︵ᠶᠤᠰᠤ︶᠃ ᠡᠷᠬᠢᠭᠡᠳ ᠭᠡᠯᠡᠪᠡᠯ᠂ ᠡᠨᠡ ᠨᠢ ᠨᠢᠯᠬ᠎ᠠ ᠬᠡᠤᠬᠡᠳ ᠲᠤ ᠨᠢᠭᠡ | ᠶᠠᠭᠤᠮ᠎ᠠ ᠶᠢ ᠵᠢᠭᠠᠵᠦ ᠭᠡᠯᠡᠬᠦᠯᠵᠦ ᠰᠤᠷᠭᠠᠬᠤ ᠳᠤ᠂ ᠡᠬᠢᠯᠡᠯ ᠲᠠᠢ ᠳᠠᠬᠦᠰᠭᠡᠯ ᠲᠠᠢ᠂ ᠡᠮᠬᠢ ᠳᠠᠷᠠᠮ ᠲᠠᠢ᠂ | ᠰᠢᠰᠲ᠋ᠧᠮ ᠲᠠᠢ ᠵᠢᠭᠠᠵᠦ ᠰᠤᠷᠭᠠᠬᠤ᠂ ᠡᠷᠴᠢᠮᠳᠠᠢ ᠡᠵᠡᠮᠰᠢᠬᠦᠯᠵᠦ ᠳᠠᠳᠬᠠᠯᠵᠢᠭᠤᠯᠬᠤ ᠭᠡᠰᠡᠨ ᠤᠭ ᠰᠠᠨᠠᠭ᠎ᠠ ᠯᠠ | ᠪᠠᠶᠢᠭ᠎ᠠ ᠶᠤᠮ᠃ ᠪᠠᠰᠠ ᠦᠪᠠᠷ ᠤᠨ ᠪᠠᠶ᠎ᠠ ᠨᠢ ᠭᠡᠨ ᠭᠡᠳᠡᠭ᠂ ᠭᠡᠳᠦᠨ ᠨᠠᠰᠤᠳᠠᠢ᠂ ᠶᠠᠭᠤ ᠲᠠᠢ ︵ᠶᠠᠮᠠᠷ ᠵᠢᠯ ᠲᠠᠢ︶ | ᠪᠤᠯᠬᠤ ᠶᠢ ᠵᠢᠭᠠᠵᠦ ᠮᠠᠳᠡᠭᠦᠯᠵᠦ ᠭᠡᠯᠡᠬᠦᠯᠵᠦ ᠰᠤᠷᠭᠠᠳᠠᠭ ᠪᠦᠭᠡᠳ ᠡᠪᠦᠭᠡ ᠡᠮᠡᠭᠡ᠂ ᠠᠪᠤ ᠡᠵᠢ᠂ ᠠᠬ᠎ᠠ ᠡᠭᠡᠴᠢ ᠨᠢ | ᠶᠠᠭᠤ ᠲᠠᠢ ︵ᠶᠠᠮᠠᠷ ᠵᠢᠯ ᠲᠠᠢ︶ ᠪᠤᠯᠬᠤ ᠵᠡᠷᠭᠡ ᠶᠢ ᠴᠤ ᠠᠩᠬᠠᠯᠠᠨ ᠭᠡᠯᠡᠵᠦ ᠵᠢᠭᠠᠵᠦ ᠭᠡᠯᠡᠬᠦᠯᠵᠦ ᠶᠡᠷᠢᠭᠤᠯᠵᠦ | ᠰᠤᠷᠭᠠᠳᠠᠭ᠃ ᠡᠳᠡᠭᠡᠷ ᠨᠢ ᠪᠦᠷ ᠴᠤ ᠨᠢᠯᠬ᠎ᠠ ᠪᠠᠭ᠎ᠠ ᠬᠡᠤᠬᠡᠳ ᠤᠨ ᠭᠡᠯᠡ ᠰᠤᠷᠴᠤ᠂ ᠭᠡᠯᠡ ᠳᠤ ᠤᠷᠤᠬᠤ ᠶᠢᠨ | ᠠᠩᠬᠠᠨ ᠤ ᠵᠢᠯᠤᠭᠤ᠂ ᠠᠰᠢᠳᠠ ᠶᠢᠨ ᠬᠦᠮᠦᠵᠢᠯ ᠤᠨ ᠡᠬᠢᠯᠡᠯᠳᠡ ᠳᠤ ᠬᠢᠪᠠᠰᠤ᠂ ᠬᠦᠢᠴᠠᠳᠭᠡᠪᠠᠰᠤ ᠵᠤᠬᠢᠬᠤ ᠵᠦᠢᠯᠠᠰ | ᠪᠠᠶᠢᠳᠠᠭ ᠶᠤᠮ᠃ ᠬᠤᠶᠠᠷ — ᠭᠤᠷᠪᠡᠨ ᠨᠠᠰᠤᠨ ᠤ ᠦᠶ᠎ᠠ ᠳᠤ᠂ ᠪᠦᠳᠦᠨ ᠦᠭᠡ᠂ ᠪᠦᠷᠢᠨ ᠦᠬᠦᠯᠠᠪᠤᠷᠢ | ᠭᠡᠯᠡᠵᠦ ᠰᠤᠷᠭᠠᠬᠤ ᠳᠤ ᠭᠤᠤᠯ ᠬᠦᠴᠦ ᠪᠠᠨ ᠳᠠᠯᠪᠢᠳᠠᠭ᠃ ᠳᠠᠷᠠᠴᠢᠯᠠᠨ ᠦᠭᠡ ᠶᠢ ᠵᠦᠪ ᠠᠪᠢᠶᠠᠯᠠᠬᠤ᠂ ᠵᠦᠪ | ᠭᠡᠯᠡᠵᠦ ᠳᠠᠭᠤᠳᠠᠬᠤ ᠳᠤ ᠵᠢᠯᠤᠭᠤᠳᠤᠨ ᠨᠢᠭᠡ ᠦᠭᠡ᠂ ᠨᠢᠭᠡ ᠤᠴᠢᠷ ᠢ ᠤᠯᠠᠨ ᠳᠠᠪᠳᠠᠨ ᠭᠡᠯᠡᠬᠦᠯᠬᠦ ᠪᠤᠶᠤ ᠨᠢᠭᠡᠨᠳᠡ | ᠰᠤᠷᠤᠭᠰᠠᠨ ᠬᠠᠵᠠᠭᠠᠢ ᠬᠠᠯᠠᠭᠤ᠂ ᠡᠭᠡᠳᠡᠷᠡᠭᠡᠨ ᠰᠠᠳᠠᠷᠭᠠᠨ ᠲᠠᠢ ᠭᠡᠯᠡᠯᠭᠡ ᠶᠢ ᠨᠢ ᠵᠠᠰᠠᠨ ᠵᠦᠭᠰᠢᠯᠠᠵᠦ᠂ ᠵᠠᠯᠠᠷᠭᠤᠯᠤᠨ | ᠵᠦᠪᠳᠡᠭᠡᠭᠦ ᠳᠤ ᠴᠤ ᠭᠤᠤᠯ ᠬᠦᠴᠦ ᠪᠠᠨ ᠳᠠᠯᠪᠢᠵᠦ᠂ ᠵᠤᠬᠢᠬᠤ ᠴᠠᠭ ᠵᠠᠷᠤᠴᠠᠭᠤᠯᠳᠠᠭ᠃ ᠡᠨᠡ ᠦᠶ᠎ᠠ ᠳᠤ᠂ | ᠳᠦᠬᠦᠮ ᠳᠦᠳᠠ ᠭᠡᠯᠡᠨ ᠤ ᠡᠭᠡᠳᠡᠷᠡᠭᠡ ᠶᠢ ᠭᠠᠷᠭᠠᠬᠤ ᠭᠡᠯᠡᠯᠭᠡ᠂ ᠭᠡᠯᠡ ᠪᠤᠯᠪᠠᠰᠤᠷᠠᠭᠤᠯᠬᠤ ᠦᠭᠡ ᠵᠡᠷᠭᠡ ᠶᠢ ᠪᠤᠳᠠᠳᠤ | ᠦᠢᠯᠠ᠂ ᠬᠦᠳᠡᠯᠭᠡᠭᠡᠨ᠂ ᠨᠠᠭᠠᠳᠤᠮ ᠳᠤᠭᠯᠠᠭᠠᠮ ᠵᠡᠷᠭᠡ ᠲᠠᠢ ᠨᠢ ᠤᠶᠠᠯᠳᠣᠭᠤᠯᠤᠨ ᠵᠢᠭᠠᠵᠦ᠂ ᠭᠡᠯᠡ ᠶᠢ ᠨᠢ | ᠳᠠᠭᠠᠭᠠᠮᠠᠭᠠᠢ ᠪᠤᠯᠭᠠᠵᠦ᠂ ᠭᠡᠯᠡᠴᠠ ᠶᠢ ᠨᠢ ᠪᠠᠶᠠᠯᠢᠬᠵᠢᠭᠤᠯᠵᠦ᠂ ᠶᠠᠭᠤᠮ᠎ᠠ ᠶᠢ ᠰᠤᠷᠴᠤ ᠳᠤᠭᠳᠠᠭᠠᠬᠤ ᠤᠢ᠂ | ᠴᠠᠭᠡᠵᠢ ᠶᠢ ᠨᠢ ᠪᠤᠯᠪᠠᠰᠤᠷᠠᠭᠤᠯᠤᠨ ᠨᠡᠭᠡᠭᠡᠭᠳᠡᠭᠦᠯᠳᠡᠭ᠃ | ᠬᠡᠤᠬᠡᠳ ᠳᠦᠷᠪᠡ — ᠳᠠᠪᠤ ᠨᠠᠰᠤᠯᠠᠪᠠᠯ᠂ ᠡᠭᠡ ᠡᠴᠢᠭᠡ ᠠᠴᠠ ᠪᠠᠨ ᠰᠢᠭᠤᠳ ᠦᠭᠡ ᠭᠡᠯᠡ ᠰᠤᠷᠬᠤ | ᠪᠢᠰᠢ᠂ ᠬᠠᠷᠢᠨ ᠨᠠᠭᠠᠳᠤᠮ ᠳᠤᠭᠯᠠᠭᠠᠮ᠂ ᠨᠠᠶᠢᠵᠠ ᠨᠦᠬᠦᠳ᠂ ᠤᠷᠴᠢᠨ ᠳᠤᠭᠤᠷᠢᠨ ᠠᠴᠠ ᠪᠠᠨ ᠦᠪᠠᠷ ᠲᠡᠭᠡᠨ | ᠰᠤᠷᠤᠭᠠᠳ ᠡᠬᠢᠯᠡᠴᠢᠭᠡᠳᠡᠭ᠃ ᠡᠨᠡ ᠦᠶ᠎ᠡ ᠳᠠᠬᠢ ᠡᠴᠢᠭᠡ ᠡᠭᠡ ᠶᠢᠨ ᠡᠭᠦᠷᠭᠡ ᠪᠤᠯ ᠳᠠᠩ ᠭᠠᠭᠴᠠ ᠳᠠᠩ ᠦᠭᠡ᠂ | ᠳᠠᠩ ᠦᠬᠦᠯᠠᠪᠤᠷᠢ ᠶᠢ ᠯᠠ ᠭᠡᠯᠡᠭᠦᠯᠵᠦ ᠶᠡᠷᠢᠭᠤᠯᠵᠦ ᠰᠤᠷᠭᠠᠬᠤ ᠶᠠᠪᠤᠳᠠᠯ ᠪᠢᠰᠢ᠂ ᠨᠠᠯᠢᠶᠠᠳ ᠬᠦᠴᠢᠷ ᠲᠠᠢ᠂ | ᠪᠤᠳᠤᠯᠢᠶᠠᠨ ᠲᠠᠢ᠂ ᠭᠡᠯᠡ ᠰᠠᠳᠬᠢᠴᠠ ᠤᠷᠢᠶᠠᠯᠳᠣᠬᠤ᠂ ᠡᠭᠡᠳᠡᠷᠡᠭᠦ ᠭᠡᠯᠡᠴᠠ᠂ ᠶᠠᠷᠢᠶ᠎ᠠ ᠪᠤᠶᠤ ᠠᠮᠢᠰᠬᠤᠯ᠂ ᠦᠭᠦᠯᠠᠬᠦ | ᠡᠷᠭᠡᠳᠡᠨ ᠤ ᠠᠵᠢᠯᠯᠠᠭ᠎ᠠ ᠶᠢ ᠰᠠᠶᠢᠵᠢᠷᠠᠭᠤᠯᠬᠤ ᠳᠤ ᠳᠤᠰᠠᠳᠠᠢ ᠦᠭᠡ ᠶᠡᠷᠢᠶ᠎ᠠ ᠶᠢ ᠵᠢᠭᠠᠵᠦ ᠰᠤᠷᠭᠠᠬᠤ ᠶᠠᠪᠤᠳᠠᠯ | ᠪᠤᠯᠤᠨ᠎ᠠ᠃ ᠡᠨᠡ ᠦᠶ᠎ᠠ ᠳᠤ᠂ ᠤᠬᠤᠷ ᠡᠷᠴᠢᠮᠯᠢᠭ᠌ ᠳᠠᠭᠤᠤ ᠰᠢᠯᠦᠭ᠂ ᠠᠭᠤᠯᠭ᠎ᠠ ᠤᠳᠬ᠎ᠠ ᠠᠪᠰᠠᠷᠬᠠᠨ ᠤᠨᠢᠰᠤᠭ᠎ᠠ | ᠳᠠᠭᠠᠪᠤᠷᠢ᠂ ᠤᠷᠠᠨ ᠴᠠᠴᠠᠨ ᠵᠦᠢᠷ ᠰᠠᠴᠠᠨ ᠦᠭᠡ᠂ ᠤᠷᠤᠰᠤᠮ᠎ᠠ ᠴᠠᠯᠬᠢᠮ᠎ᠠ ᠵᠤᠭ᠎ᠠ ᠦᠭᠡ᠂ ᠠᠭᠤᠳᠠᠮ | ᠪᠠᠭᠳᠠᠭᠠᠮᠵᠢ ᠲᠠᠢ ᠵᠢᠷᠤᠭ᠎ᠠ ᠦᠭᠡ᠂ ᠤᠪᠠᠳᠢᠰ ᠳᠠᠰᠪᠤᠷᠢ ᠶᠢ ᠰᠢᠯᠭᠠᠬᠤ ᠠᠮᠢᠰᠬᠤᠯ ᠤᠷᠳᠤᠰᠬᠠᠬᠤ ᠦᠭᠡ ᠵᠡᠷᠭᠡ ᠶᠢ | ᠡᠬᠢᠯᠡᠨ ᠵᠢᠭᠠᠵᠦ ᠴᠠᠭᠡᠵᠢᠯᠠᠬᠦᠯᠵᠦ ᠭᠡᠯᠡᠬᠦᠯᠵᠦ ᠶᠡᠷᠢᠭᠤᠯᠵᠦ ᠰᠤᠷᠭᠠᠬᠤ ᠪᠤᠶᠤ ᠠᠭᠤᠯᠭ᠎ᠠ ᠪᠠᠶᠠᠯᠢᠭ ᠤᠳᠬ᠎ᠠ ᠳᠠᠭᠦᠰ | ᠦᠯᠢᠭᠡᠷ ᠳᠤᠮᠤᠭ ᠵᠡᠷᠭᠡ ᠶᠢ ᠴᠤ ᠡᠬᠢᠯᠠᠨ ᠵᠢᠭᠠᠳᠠᠭ᠃ ᠡᠬᠦᠨ ᠤ ᠳᠤᠮᠳᠠ ᠠᠴᠠ ᠳᠠᠳᠠᠨ ᠳᠤ ᠦᠭᠡ ᠭᠡᠯ᠎ᠠ ᠰᠤᠷᠭᠠᠵᠦ | ᠤᠴᠢᠷ ᠶᠤᠰᠤ ᠶᠢ ᠮᠡᠳᠡᠭᠦᠯᠵᠦ ᠳᠠᠨᠢᠭᠤᠯᠳᠠᠭ᠃ | ᠬᠡᠤᠬᠡᠳ ᠵᠢᠷᠭᠤᠭ᠎ᠠ — ᠳᠤᠯᠤᠭ᠎ᠠ ᠨᠠᠰᠤᠯᠠᠪᠠᠯ᠂ ᠠᠰ ᠢᠶᠠᠷ ᠢᠶᠠᠨ ᠨᠤᠮ ᠰᠤᠷᠬᠤ ︵ᠤᠳᠤᠬᠢ ᠪᠠᠷ ᠪᠤᠯ | ᠰᠤᠷᠭᠠᠭᠤᠯᠢ ᠳᠤ ᠰᠠᠭᠤᠬᠤ︶ ᠨᠠᠰᠤᠨ ᠳᠤ ᠬᠦᠷᠴᠢᠭᠡᠭᠦ ᠤᠴᠢᠷ ᠠᠴᠠ᠂ ᠳᠠᠶᠢᠮᠦ ᠤᠯᠠᠨ ᠳᠠᠩ ᠦᠭᠡ ᠳᠠᠩ | ᠦᠬᠦᠯᠠᠪᠤᠷᠢ ᠴᠡᠭᠡᠵᠢᠯᠠᠬᠦᠯᠦᠭᠡᠳ ᠪᠠᠶᠢᠬᠤ ᠦᠭᠡᠢ᠃ ᠳᠡᠳᠡᠭᠡᠷ ᠢ ︵ᠳᠡᠭᠡᠷᠡᠬᠢ ᠵᠦᠢᠯᠠᠰ ᠢ︶ ᠦᠷᠬᠦᠯᠵᠢᠯᠠᠨ | ᠵᠢᠭᠠᠬᠤ ᠶᠢᠨ ᠳᠠᠭᠠᠤ᠂ ᠮᠠᠷᠭᠡᠨ ᠰᠠᠴᠠᠨ ᠦᠭᠡ᠂ ᠬᠠᠪᠤᠳᠤ ᠴᠠᠴᠠᠨ ᠭᠡᠯᠡᠯᠭᠡ᠂ ᠭᠡᠯᠡᠨ ᠤ ᠡᠭᠡᠳᠡᠷᠡᠭᠡ ᠶᠢ ᠭᠠᠷᠭᠠᠬᠤ | ᠭᠡᠯᠡᠴᠠ ᠵᠡᠷᠭᠡ ᠶᠢ ᠨᠠᠮᠠᠵᠦ ᠵᠢᠭᠠᠳᠠᠭ ᠪᠦᠭᠡᠳ ᠠᠮᠢᠳᠠᠨ ᠤᠷᠭᠤᠮᠠᠯ᠂ ᠪᠠᠶᠢᠭᠠᠯᠢ ᠠᠬᠤᠢ ᠲᠠᠢ ᠳᠠᠨᠢᠯᠴᠠᠭᠤᠯᠬᠤ | ᠰᠤᠷᠭᠠᠯ᠂ ᠵᠢᠯᠤᠭᠤᠳᠤᠮᠵᠢ ᠶᠢ ᠢᠯᠡᠬᠦᠦ ᠬᠢᠳᠡᠭ᠃ ᠢᠩᠬᠢᠬᠦ ᠨᠢ ᠬᠡᠤᠬᠡᠳ ᠤᠨ ᠭᠡᠯᠡᠨ ᠤ ᠡᠭᠡᠳᠡᠷᠡᠭᠡ ᠶᠢ | ᠭᠠᠷᠭᠠᠬᠤ ᠳᠤ ᠤᠯᠠᠮ ᠨᠢᠭᠡ ᠠᠯᠬᠤᠮ ᠳᠤᠰᠠᠯᠠᠬᠤ ᠦᠢᠯᠠᠳᠦᠯ ᠲᠠᠢ ᠮᠦᠷᠳᠡᠭᠡᠨ ᠳᠠᠳᠠᠨ ᠤ ᠠᠮᠢᠳᠠᠨ ᠤᠷᠭᠤᠮᠠᠯ᠂ | ᠪᠠᠶᠢᠭᠠᠯᠢ ᠠᠬᠤᠢ ᠶᠢ ᠳᠠᠨᠢᠵᠦ᠂ ᠮᠠᠳᠠᠴᠠ ᠳᠠᠨᠢᠪᠤᠷᠢ᠂ ᠮᠠᠳᠡᠯᠭᠡ ᠴᠢᠳᠠᠪᠤᠷᠢ ᠪᠠᠨ ᠳᠡᠭᠡᠭᠰᠢᠯᠠᠬᠦᠯᠬᠦ ᠳᠤ ᠨᠢ ᠠᠰᠢᠭᠳᠠᠢ | ᠪᠠᠶᠢᠳᠠᠭ᠃ | ᠵᠠᠷᠢᠮ ᠴᠦᠭᠡᠨ ᠳᠤᠭᠠᠨ ᠤ ᠭᠡᠤᠭᠡᠳ ᠭᠡᠯᠡ ᠳᠤ ᠤᠳᠠᠭᠠᠨ ᠤᠷᠤᠳᠠᠭ᠃ ᠳᠤᠯᠤᠭ᠎ᠠ ᠨᠠᠶᠢᠮᠠ | ᠨᠠᠰᠤᠯᠠᠳᠠᠯ᠎ᠠ ᠪᠠᠨ ᠳᠠᠮᠠᠢ ᠤᠷᠤᠰᠤᠮ᠎ᠠ᠂ ᠳᠤᠳᠤᠷᠬᠠᠢ᠂ ᠤᠷᠠᠨ᠂ ᠪᠠᠶᠠᠯᠢᠭ ᠭᠡᠯᠡᠵᠦ ᠶᠠᠷᠢᠵᠦ ᠦᠭᠭᠦ ᠦᠭᠡᠢ ᠪᠤᠶᠤ | ᠭᠡᠯᠡᠵᠦ ᠶᠠᠷᠢᠵᠦ ᠴᠢᠳᠠᠬᠤ ᠦᠭᠡᠢ︔ ᠭᠡᠯᠡ ᠶᠡᠷᠢᠶ᠎ᠠ ᠨᠢ ᠶᠠᠷᠦ ᠨᠢ ᠨᠠᠯᠢᠶᠠᠳ ᠬᠦᠰᠢᠬᠦᠨ᠂ ᠪᠠᠯᠠᠷᠬᠠᠢ ᠪᠠᠶᠢᠭᠠᠳ | ᠪᠠᠶᠢᠳᠠᠭ᠃ ᠡᠶᠢᠮᠦ ᠭᠡᠤᠬᠡᠳ ᠢ ᠰᠤᠷᠭᠠᠬᠤ ᠳᠤᠰᠬᠠᠢ ᠭᠡᠯᠡᠯᠭᠡ — ᠭᠡᠯᠡᠨ ᠤ ᠡᠭᠡᠳᠡᠷᠡᠭᠡ ᠶᠢ ᠭᠠᠷᠭᠠᠬᠤ ᠦᠭᠡ | ᠭᠡᠵᠦ ᠪᠤᠢ᠃ ᠳᠠᠷᠠ ᠭᠡᠯᠡᠯᠭᠡ — ᠦᠭᠡ ᠨᠢ ᠪᠤᠰᠤᠳ ᠠᠳᠠᠯᠢ ᠨᠠᠰᠤᠨ ᠤ ᠬᠡᠤᠬᠡᠳ ᠲᠤ ᠵᠢᠭᠠᠬᠤ ᠭᠡᠯᠡᠯᠭᠡ — | ᠦᠭᠡ ᠪᠠᠨ ᠪᠤᠳᠤᠪᠠᠯ᠂ ᠭᠡᠯᠡᠬᠦ ᠳᠤ ᠵᠢᠭᠠᠬᠠᠨ ᠵᠦᠭᠡᠯᠡᠨ᠂ ᠳᠦᠬᠦᠮ ᠰᠢᠭ ᠭᠡᠯᠡᠯᠭᠡ᠂ ᠦᠭᠡ ᠨᠦᠭᠦᠳ ᠪᠠᠶᠢᠳᠠᠭ᠃ | ᠵᠢᠱᠢᠶᠠᠯᠠᠪᠠᠯ᠄ ︽ᠠᠩᠭ᠎ᠠ ᠳᠠᠩᠭᠠ ᠮᠤᠳᠤᠨ᠂ ᠠᠯᠠᠭ ᠳᠡᠭᠡ ᠶᠢᠨ ᠡᠪᠡᠷ︔ ᠵᠠᠭᠤᠨ ᠭᠡᠷ ᠤᠨ ᠪᠠᠭᠤᠴᠠ᠂ ᠵᠤᠰᠠᠯᠠᠩ | ᠭᠠᠵᠠᠷ ᠤᠨ ᠱᠠᠭᠠᠨᠴᠠᠭ︾ ᠭᠡᠭᠦ ᠪᠤᠶᠤ ︽ᠭᠠᠩᠭ᠎ᠠ ᠭᠠᠩᠭ᠎ᠠ ᠮᠦᠷᠠᠨ᠂ ᠭᠠᠯᠪᠠ ᠱᠠᠩᠬ᠎ᠠ ᠶᠢᠨ ᠤᠰᠤᠨ︔ ᠭᠠᠯᠠᠭᠤ | ᠭᠠᠯᠠᠭᠤ ᠰᠢᠪᠠᠭᠤᠬᠠᠢ᠂ ᠭᠠᠵᠠᠷ ᠬᠤᠯᠠ ᠶᠢᠨ ᠭᠡᠶᠢᠴᠢᠨ︾ ᠭᠡᠭᠦ ᠰᠢᠤ ᠭᠡᠯᠡᠯᠭᠡ ᠨᠦᠭᠦᠳ ᠪᠠᠶᠢᠳᠠᠭ᠃ ᠡᠶᠢᠮᠦ ᠭᠡᠯᠡᠯᠭᠡ | — ᠭᠡᠯᠡᠨ ᠤ ᠡᠭᠡᠳᠡᠷᠡᠭᠡ ᠶᠢ ᠭᠠᠷᠭᠠᠬᠤ ᠦᠭᠡ ᠶᠢ ᠭᠡᠯᠡ ᠠᠨᠠᠢ ᠬᠡᠤᠬᠡᠳ ᠲᠤ᠂ ᠡᠳᠦᠷ ᠪᠦᠷᠢ ᠤᠯᠠᠨ ᠳᠠᠬᠢᠨ | ᠳᠠᠪᠳᠠᠨ ᠭᠡᠯᠡᠬᠦᠯᠦᠭᠡᠳ ᠯᠠ ᠪᠠᠶᠢᠪᠠᠯ᠂ ᠭᠡᠯᠡ ᠨᠢ ᠠᠶᠠᠨᠳᠠᠭᠠᠨ ᠵᠦᠭᠡᠯᠡᠷᠡᠵᠦ ᠵᠦᠭᠰᠢᠷᠡᠵᠦ᠂ ᠭᠡᠯᠡᠴᠠ ᠨᠢ | ᠠᠭᠠᠵᠢᠮ ᠢᠶᠠᠷ ᠰᠠᠶᠢᠵᠢᠷᠠᠵᠦ ᠪᠠᠶᠠᠯᠢᠬᠵᠢᠵᠤ ᠡᠬᠢᠯᠡᠳᠡᠭ ᠶᠤᠮ᠃ | ᠮᠤᠩᠭᠤᠯᠴᠤᠳ ᠶᠠᠷᠦ ᠨᠢ ᠦᠷ᠎ᠠ ᠬᠡᠤᠬᠡᠳ ᠲᠡᠭᠡᠨ ᠦᠭᠡ ᠶᠢ ᠰᠠᠶ᠋ᠢ ᠡᠬᠢᠯᠡᠵᠦ ᠵᠢᠭᠠᠬᠤ ᠠᠴᠠ ᠡᠬᠢᠯᠠᠨ᠂ ᠵᠦᠪ | ᠂ ᠳᠤᠳᠤ᠂ ᠤᠨᠤᠪᠴᠢᠳᠠᠢ ᠵᠢᠭᠠᠵᠦ ᠡᠵᠡᠮᠰᠢᠬᠦᠯᠬᠦ ᠶᠢ ᠴᠢᠩᠭ᠎ᠠ ᠬᠢᠴᠢᠶᠠᠳᠡᠭ᠃ ᠭᠡᠳᠦ᠋ᠢᠪᠡᠷ ᠰᠡᠶ᠋ᠢ ᠳᠦᠷᠦᠭᠡᠳ ᠳᠠᠮᠠᠢ | ᠤᠳᠠᠭ᠎ᠠ ᠦᠭᠡᠢ ᠨᠢᠯᠬ᠎ᠠ ᠬᠡᠤᠬᠡᠳ ᠲᠤ ᠦᠭᠡ ᠵᠢᠭᠠᠬᠤ ᠳᠤ᠂ ᠬᠦᠮᠦᠨ ᠠᠮᠢᠳᠠᠨ ᠤ ᠨᠠᠷᠠ ᠳᠠᠭᠤᠳᠠᠯᠭ᠎ᠠ ᠪᠤᠶᠤ ᠵᠠᠷᠢᠮ | ᠦᠢᠯᠠ ᠬᠦᠳᠠᠯᠦᠯ᠂ ᠬᠢᠳᠠᠯ᠂ ᠬᠦᠢᠴᠠᠳᠭᠡᠯ ᠢ ᠳᠠᠬᠦᠨ ᠤ ᠦᠢᠯᠠ ᠬᠦᠳᠠᠯᠤᠯ᠂ ᠳᠠᠭᠤ ᠠᠪᠢᠶ᠎ᠠ᠂ ᠳᠦᠷᠰᠦ ᠶᠢ ᠨᠢ | ᠳᠠᠭᠤᠷᠢᠶᠠᠨ ︵ᠵᠢᠱᠢᠶᠠᠯᠠᠪᠠᠯ᠂ ︽ᠦᠭᠡᠷ︾ ᠢ ︽ᠮᠦ︾᠂ ︽ᠬᠤᠨᠢ︾ ᠶᠢ ︽ᠮᠠᠢ︾᠂ ︽ᠨᠤᠬᠠᠢ︾ ᠶᠢ ︽ᠬᠤᠪ | ᠬᠤᠪ︾ ᠪᠤᠶᠤ ︽ᠭᠠᠩ ᠭᠠᠩ︾᠂ ︽ᠰᠠᠯᠬᠢ︾ ᠶᠢ ︽ᠰᠠᠷ ᠰᠠᠷ︾᠂ ︽ᠤᠰᠤ︾ ᠶᠢ ︽ᠭᠤᠷ ᠭᠤᠷ︾ ᠭᠡᠭᠦ | ᠮᠠᠳᠤ ᠪᠠᠷ ᠁︶ ᠦᠭᠡ ᠭᠡᠯᠡ ᠵᠢᠭᠠᠳᠠᠭ ᠪᠠᠶᠢᠳᠠᠭ ᠪᠤᠯᠪᠠᠴᠤ᠂ ᠵᠢᠭᠠᠬᠠᠨ ᠳᠤᠮᠤ ᠪᠤᠯᠪᠠᠯ᠂ ᠤᠤᠯ ᠦᠭᠡ — | ᠨᠠᠷᠠ ᠪᠠᠷ ᠨᠢ ᠪᠦᠷᠢᠨ ᠠᠪᠢᠶᠠᠯᠠᠵᠦ ᠵᠢᠭᠠᠵᠦ ᠡᠵᠡᠮᠰᠢᠬᠦᠯᠳᠡᠭ᠃ ᠳᠠᠷᠠᠴᠢᠯᠠᠨ ᠡᠳᠡᠭᠡᠷ ᠦᠭᠡ᠂ ᠦᠢᠯᠠ ᠬᠦᠳᠠᠯᠤᠯ᠂ | ᠳᠦᠷᠰᠤᠯᠠᠯ᠂ ᠬᠢᠳᠠᠯ᠂ ᠬᠦᠢᠴᠠᠳᠭᠡᠯ ᠢ ᠦᠷᠦᠭᠡᠯ ᠤᠨ ᠭᠡᠯᠡ ᠪᠠᠷ ᠪᠢᠰᠢ᠂ ᠦᠪᠠᠷ ᠤᠨ ᠳᠦᠪ ᠴᠠᠪᠠᠷ᠂ ᠪᠠᠷᠢᠮᠵᠢᠶ᠎ᠠ | ᠮᠤᠩᠭᠤᠯ ᠭᠡᠯᠡ ᠪᠠᠷ ᠢᠶᠠᠨ ᠵᠢᠭᠠᠵᠦ ᠰᠤᠷᠭᠠᠬᠤ ᠶᠢ ᠤᠨᠴᠠᠯᠠᠨ ᠡᠷᠬᠢᠮᠯᠡᠳᠡᠭ᠃ ᠬᠡᠤᠬᠡᠳ ᠢ ᠨᠢᠯᠬ᠎ᠠ ᠪᠠᠭ᠎ᠠ ᠠᠴᠠ ᠨᠢ | ᠦᠪᠠᠷ ᠤᠨ ᠳᠦᠪ ᠴᠠᠪᠠᠷ ᠭᠡᠯᠡ ᠪᠠᠷ ᠢᠶᠠᠨ ᠰᠤᠷᠭᠠᠬᠤ ᠦᠭᠡᠢ᠂ ᠦᠷᠦᠭᠡᠯ ᠤᠨ ᠬᠠᠵᠠᠭᠠᠢ ᠮᠤᠰᠢᠭᠠᠢ ᠭᠡᠯᠡ | ᠰᠠᠳᠬᠢᠴᠠ ᠪᠠᠷ ᠰᠤᠷᠭᠠᠪᠠᠯ᠂ ᠦᠰᠦᠭᠰᠡᠨ ᠬᠤᠶᠢᠨ᠎ᠠ ᠪᠠᠨ ᠦᠪᠠᠷ ᠤᠨ ᠭᠡᠷ᠂ ᠦᠰᠦᠭᠰᠡᠨ ᠤᠷᠴᠢᠨ᠂ ᠡᠪᠦᠭᠡ | ᠳᠡᠭᠡᠳᠦᠰ᠂ ᠦᠨᠳᠦᠰᠦᠳᠠᠨ ᠶᠠᠰᠤᠳᠠᠨ ᠳᠠᠭᠠᠨ ᠬᠠᠶᠢᠷ᠎ᠠ ᠦᠭᠡᠢ᠂ ᠰᠠᠳᠬᠢᠯᠭᠡ ᠦᠭᠡᠢ ᠪᠤᠯᠤᠨ᠎ᠠ᠃ ᠰᠠᠨᠠᠭ᠎ᠠ | ᠪᠤᠳᠤᠯ ᠨᠢ ᠦᠭᠡᠷᠡᠳᠡᠨᠡ᠂ ᠰᠠᠶ᠋ᠢ ᠡᠬᠢᠯᠡᠵᠦ ᠰᠤᠷᠤᠭᠰᠠᠨ ᠭᠡᠯᠡ ᠳᠡᠭᠡᠨ ᠨᠠᠶᠢᠷ ᠲᠠᠢ᠂ ᠰᠠᠳᠬᠢᠯᠭᠡ ᠲᠠᠢ ᠪᠤᠯᠤᠨ᠎ᠠ | ᠭᠡᠵᠦ ᠦᠵᠡᠳᠡᠭ᠃ | |