| | | ᠤᠯᠠᠩᠬᠢ ᠥᠷᠦ ᠵᠥᠭᠡᠯᠡᠨ ᠥᠷᠦᠪᠴᠢᠬᠡᠨ ᠰᠡᠳᠬᠢᠯ ᠲᠠᠢ ᠮᠤᠩᠭᠤᠯ ᠥᠬᠢᠴᠤᠤᠯ ᠲᠠᠢ | ᠬᠠᠷᠢᠴᠠᠭᠤᠯᠪᠠᠯ ᠪᠢ ᠨᠢᠭᠡ ᠬᠢᠷᠢ ᠲᠡᠩᠴᠡᠬᠦ ᠦᠭᠡᠢ ᠨᠢ ᠬᠡᠥᠬᠡᠳ ᠤᠳ ᠠᠴᠠ ᠶᠡᠭᠡ ᠡᠭᠳᠡᠭᠦᠴᠡᠳᠡᠭ᠃ ᠮᠢᠨᠢ ᠪᠤᠳᠤᠯ | ᠳᠤ ᠬᠡᠥᠬᠡᠳ ᠪᠤᠯ ᠶᠤᠰᠤ ᠦᠭᠡᠢ᠂ ᠪᠥᠲᠥᠯ ᠦᠭᠡᠢ ᠶᠢᠨ ᠪᠥᠷᠢᠯᠸᠠ᠃ ᠠᠪᠠᠭ᠎ᠠ ᠡᠵᠢ ᠶᠢᠨ ᠪᠢᠴᠢᠬᠠᠨ ᠳᠠᠶᠢᠰᠥᠨ | ᠲᠠᠢ ᠨᠢ ᠬᠡᠳᠦᠨ ᠡᠳᠦᠷ ᠰᠠᠭᠤᠬᠤ ᠪᠤᠯᠤᠭᠰᠠᠨ ᠮᠢᠨᠢ ᠪᠥᠷᠢᠮᠰᠥᠨ ᠠᠯᠪᠠᠳᠠᠯᠭ᠎ᠠ ᠳᠤᠤᠷᠠᠬᠢ ᠠᠷᠭ᠎ᠠ ᠦᠭᠡᠢ | ᠰᠤᠩᠭᠤᠯᠲᠠ ᠪᠠᠶᠢᠯ᠎ᠠ᠃ ᠠᠵᠢᠯ᠂ ᠰᠤᠷᠤᠯᠭ᠎ᠠ᠂ ᠠᠮᠢᠳᠤᠷᠠᠯ᠂ ᠬᠠᠶᠢᠷ᠎ᠠ ᠠᠯᠢᠪᠠ ᠪᠥᠬᠦᠨ ᠰᠠᠨᠠᠭ᠎ᠠ ᠪᠠᠷ ᠪᠤᠯᠬᠤ | ᠦᠭᠡᠢ ᠴᠠᠭ ᠲᠤ ᠭᠡᠷ ᠲᠡᠭᠡᠨ ᠬᠠᠷᠢᠵᠤ ᠬᠡᠳᠦᠨ ᠡᠳᠦᠷ ᠰᠡᠳᠬᠢᠯ ᠢᠶᠠᠨ ᠰᠡᠷᠭᠦᠭᠡᠬᠦ ᠭᠡᠵᠦ ᠶᠠᠪᠤᠬᠤ ᠳᠠᠯᠢᠮ ᠢᠶᠠᠷ | ᠠᠪᠠᠭ᠎ᠠ ᠡᠵᠢ ᠶᠢᠨ ᠬᠢᠨ ᠪᠠᠷ ᠳᠠᠭᠠᠷᠢᠵᠤ ᠤᠷᠤᠭᠰᠠᠨ ᠮᠢᠨᠢ ᠪᠤᠷᠤᠭᠤᠲᠠᠴᠢᠬᠠᠵᠤ ᠪᠡᠶ᠎ᠡ ᠳᠡᠭᠡᠨ ᠭᠠᠢ ᠲᠠᠷᠢᠭᠰᠠᠨ᠃ | ᠠᠪᠠᠭ᠎ᠠ ᠡᠵᠢ ᠲᠥᠪ ᠲᠤ ᠪᠡᠶ᠎ᠡ ᠪᠠᠨ ᠦᠵᠡᠭᠦᠯᠬᠦ ᠪᠠᠷ ᠶᠠᠪᠤᠬᠤ ᠭᠡᠵᠦ ᠬᠡᠥᠬᠡᠨ ᠢᠶᠠᠨ ᠬᠤᠴᠤᠷᠭᠠᠵᠤ ᠥᠭᠬᠦ ᠬᠥᠮᠥᠨ | ᠤᠯᠳᠠᠬᠤ ᠦᠭᠡᠢ ᠪᠠᠶᠢᠭᠰᠠᠨ ᠨᠢ ᠪᠢ ᠥᠷᠲᠡᠴᠢᠬᠡᠵᠦ ᠬᠠᠲᠠᠭᠤ ᠠᠯᠪᠠᠨ ᠳᠤ ᠬᠠᠰᠢᠭᠳᠠᠭᠰᠠᠨ ᠪᠢᠯᠡ᠃ | ᠪᠢᠴᠢᠬᠠᠨ ᠳᠠᠶᠢᠰᠥᠨ ᠤ ᠨᠡᠷ᠎ᠡ ᠦᠯᠡᠮᠵᠢ᠂ ᠳᠥᠷᠪᠡᠨ ᠨᠠᠰᠤᠲᠠᠢ᠂ ᠡᠵᠢ ᠠᠴᠠ ᠪᠠᠨ ᠪᠤᠰᠤᠳ | ᠠᠶᠤᠬᠤ ᠬᠥᠮᠥᠨ ᠦᠭᠡᠢ᠂ ᠲᠦᠢᠪᠡᠭᠡᠬᠦ ᠠᠴᠠ ᠪᠤᠰᠤᠳ ᠬᠢᠬᠦ ᠠᠵᠢᠯ ᠦᠭᠡᠢ᠃ ᠢᠳᠡᠬᠦ ᠤᠨᠲᠠᠬᠤ ᠨᠢ ᠲᠤᠷᠤᠢ ᠶᠢᠨ | ᠠᠮᠢᠳᠤᠷᠠᠯ᠂ ᠳᠡᠭᠡᠷᠡᠨᠢ ᠨᠠᠭᠠᠳᠤᠬᠤ ᠶᠢ ᠨᠡᠮᠡᠪᠡᠯ ᠦᠯᠡᠮᠵᠢ ᠶᠢᠨ ᠠᠮᠢᠳᠤᠷᠠᠯ᠃ ᠭᠡᠪᠡᠴᠦ ᠨᠠᠳᠠ ᠳᠤ ᠠᠪᠴᠤ ᠬᠡᠯᠡᠪᠡᠯ | ᠦᠯᠡᠮᠵᠢ ᠲᠠᠢ ᠨᠠᠭᠠᠳᠤᠬᠤ ᠶᠢᠨ ᠤᠷᠤᠨ ᠳᠤ ᠲᠤᠷᠤᠢ ᠪᠤᠯᠤᠭᠰᠠᠨ ᠨᠢ ᠵᠢᠷᠭᠠᠯᠲᠠᠢ᠃ ᠵᠠᠷᠢᠮ ᠳᠠᠭᠠᠨ ᠲᠧᠯᠸᠢᠰ | ᠦᠵᠡᠵᠦ ᠰᠠᠭᠤᠭᠠᠳᠤᠶᠢᠳᠬᠤ ᠳᠠᠭᠠᠨ ᠪᠡᠶ᠎ᠡ ᠪᠠᠨ ᠠᠷᠭᠠᠳᠠᠨ ᠭᠠᠭᠴᠠᠭᠠᠷ ᠨᠠᠭᠠᠳᠴᠤ ᠰᠠᠭᠤᠭᠰᠠᠨ ᠦᠯᠡᠮᠵᠢ ᠪᠠᠨ | ᠥᠳᠦᠭᠡᠵᠤ᠄ ︽ᠳᠡᠭᠦᠤᠳᠠᠢ ᠲᠠᠢ ᠪᠠᠨ ᠬᠤᠶᠠᠭᠤᠯᠠ ᠤᠷᠳᠤᠰ ᠠᠴᠠ ᠬᠦᠷᠭᠡᠨ ᠤᠯᠤᠶ᠎ᠠ᠂ ᠲᠡᠭᠡᠬᠦ ᠤᠤ︖︾ ᠭᠡᠬᠦ | ᠳᠤ ᠥᠭᠡᠳᠡ ᠠᠴᠠ ᠪᠥᠷ ᠬᠢᠨᠠᠮᠠᠭᠠᠢ ᠳᠦᠷᠢᠯᠡᠴᠢᠬᠡᠭᠰᠡᠨ ︽ᠪᠢ ᠳᠡᠯᠭᠡᠭᠦᠷ ᠠᠴᠠ ᠠᠪᠤᠨ᠎ᠠ︾ ᠭᠡᠬᠦ ᠶᠤᠮ᠃ ᠠᠷᠭ᠎ᠠ | ᠦᠭᠡᠢ ᠥᠭᠡᠳᠡᠡᠴᠠ ᠨᠢ᠄ ︽ᠠᠪ ᠡ ᠠᠪ᠂ ᠳᠡᠯᠭᠡᠭᠦᠷ ᠠᠴᠠ ᠠᠪ︾ ᠭᠡᠵᠦ ᠵᠠᠩᠨᠠᠭᠠᠳ ᠲᠧᠯᠸᠢᠰ ᠢᠶᠠᠨ ᠦᠵᠡᠵᠦ | ᠰᠠᠭᠤᠯ᠎ᠠ᠃ᠰᠥᠨᠢᠤᠨᠲᠠᠬᠤ ᠪᠤᠯᠬᠤ ᠳᠤ ᠨᠠᠳᠠ ᠠᠴᠠ ᠡᠵᠢ ᠪᠠᠨ ᠨᠡᠬᠡᠵᠦ ᠤᠬᠢᠯᠠᠬᠤ ᠶᠤᠮ᠃ ᠡᠵᠢ ᠶᠢ ᠴᠢᠨᠢ ᠪᠢ | ᠬᠤᠪᠢᠯᠭᠠᠵᠤ ᠠᠪᠴᠢᠷᠠᠵᠤᠴᠢᠳᠠᠬᠤ ᠦᠭᠡᠢ ᠰᠢᠤ ᠭᠡᠳ ᠪᠢ ᠴᠦ ᠠᠷᠠᠢ ᠤᠬᠢᠯᠠᠴᠢᠬᠠᠭᠰᠠᠨ ᠦᠭᠡᠢ᠃ ᠪᠥᠷ ᠰᠡᠭᠦᠯ | ᠳᠤ ᠨᠢ ᠪᠢ ᠬᠠᠮᠢᠶᠠᠷᠴᠦ ᠳᠡᠶᠢᠯᠬᠦ ᠦᠭᠡᠢ ᠺᠢᠨᠤ᠋ ᠦᠵᠡᠭᠡᠳ ᠰᠠᠭᠤᠴᠢᠬᠠᠭᠰᠠᠨ ᠴᠢᠨᠢ ᠭᠡᠨᠡᠳᠲᠡ ᠨᠤᠮᠬᠠᠷᠠᠬᠤ ᠪᠠᠷ ᠨᠢ | ᠨᠢᠭᠡ ᠬᠠᠷᠠᠬᠤ ᠳᠤ ᠰᠤᠷᠮᠤᠰᠤᠨ ᠳᠡᠭᠡᠷ᠎ᠡ ᠪᠠᠨ ᠨᠢᠯᠪᠤᠰᠤ ᠲᠠᠢ ᠪᠢᠴᠢᠬᠠᠨ ᠠᠮᠢᠲᠠᠨ ᠤᠬᠢᠯᠠᠵᠤ ᠮᠤᠬᠤᠭᠠᠳ | ᠤᠨᠲᠠᠴᠢᠬᠠᠭᠰᠠᠨ ᠪᠠᠶᠢᠨ᠎ᠠ᠃ ᠢᠩᠬᠢᠵᠤ ᠨᠠᠳᠠ ᠳᠤ ᠠᠩᠬ᠎ᠠ ᠤᠳᠠᠭ᠎ᠠ ᠶᠡᠭᠡ ᠬᠥᠭᠡᠷᠦᠬᠦᠨ ᠰᠠᠨᠠᠭᠳᠠᠭᠰᠠᠨ ᠰᠠᠨ᠃ | ᠭᠡᠪᠡᠴᠦ ᠡᠨᠡ ᠨᠢ ᠲᠦᠷ ᠴᠠᠭ ᠶᠢᠨ ᠬᠢ᠃ᠥᠷᠯᠦᠭᠡ ᠨᠢᠭᠡ ᠮᠡᠳᠡᠬᠦ ᠳᠤ ᠯᠠ ᠪᠢᠴᠢᠬᠠᠨ ᠳᠠᠶᠢᠰᠥᠨ ᠤ ᠳᠠᠭᠤ | ᠰᠤᠨᠤᠰᠳᠠᠵᠤ ︽ᠬᠥᠶ᠋ᠢ᠂ ᠰᠡᠷᠢᠭᠡᠴᠢ ᠡ᠂ ᠴᠢ ᠰᠢᠮᠨᠤ ᠪᠤᠯ᠂ ᠪᠢ ᠪᠠᠭᠠᠲᠤᠷ ᠪᠤᠯᠤᠶ᠎ᠠ᠂ ᠲᠡᠭᠡᠭᠡᠳ ᠬᠤᠶᠠᠭᠤᠯᠠ | ᠪᠠᠶᠢᠯᠳᠤᠶᠠ︕︾ ᠭᠡᠵᠦ ᠬᠠᠮᠠᠷ ᠠᠮᠠᠨ ᠳᠤ ᠬᠤᠷᠤᠭᠤ ᠪᠠᠨ ᠬᠢᠬᠦ ᠳᠤ ᠡᠭᠳᠡᠭᠦᠤ ᠬᠥᠳᠡᠯᠵᠦ᠄ ︽ᠴᠢ ᠰᠠᠶ᠋ᠢ | ᠵᠢᠩᠬᠢᠨᠢ ᠰᠢᠮᠨᠤ︕︾ᠭᠡᠵᠦ ᠤᠷᠢᠯᠠᠭᠠᠳ ᠦᠰᠦᠷᠴᠦ ᠪᠤᠰᠬᠤ ᠳᠤ ᠲᠡᠷᠡ ᠨᠥᠬᠦᠷ᠄ ︽ᠦᠭᠡᠢ᠂ ᠪᠢ ᠪᠠᠭᠠᠲᠥᠷ | ᠪᠠᠶᠢᠨ᠎ᠠ︾ ᠭᠡᠳ ᠬᠢᠯᠢᠰ ᠳᠦᠷᠢ ᠲᠠᠢ ᠰᠠᠭᠤᠵᠤ ᠪᠠᠶᠢᠯ᠎ᠠ᠃ ᠳᠡᠬᠡᠬᠡᠳ ᠪᠢᠴᠢᠬᠠᠨ ᠪᠠᠭᠠᠳᠤᠷ ᠳᠠᠭᠠᠨ ᠪᠤᠳᠠᠭ᠎ᠠ ᠶᠢ ᠨᠢ | ᠢᠳᠡᠬᠦᠯᠴᠢᠬᠡᠬᠡᠳ ᠬᠤᠶᠠᠭᠤᠯᠠ ᠪᠠᠨ ᠬᠤᠪᠢ ᠬᠤᠪᠢᠨ ᠤ ᠪᠠᠨ ᠳᠤᠭᠤᠢ ᠪᠠᠨ ᠵᠢᠳᠬᠦᠬᠡᠳ ᠭᠠᠳᠠᠭᠰᠢ ᠭᠠᠷᠤᠭᠰᠠᠨ | ᠨᠢ ᠦᠬᠡᠷ᠎ᠡ ᠨᠢᠬᠡ ᠵᠢᠭᠠᠯ ᠳᠠᠶᠢᠰᠤᠨ ᠲᠠᠢ ᠬᠠᠷᠭᠤᠯ᠎ᠠ᠃ ᠦᠯᠠᠮᠵᠢ ᠶᠡᠭᠡ ᠬᠦᠮᠦᠨ ᠤ ᠤᠪᠤᠷ ᠢᠶᠠᠷ ︽ᠪᠢ ᠬᠦᠮᠦᠨ | ᠲᠠᠢ ᠠᠭᠤᠯᠵᠠᠭᠠᠳ ᠢᠷᠡᠶ᠎ᠡ︾ ᠬᠡᠵᠤ ᠶᠠᠪᠤᠭᠠᠳ ᠳᠡᠳᠡ ᠬᠤᠶᠠᠭᠤᠯᠠ ᠳᠡᠨᠳᠡ ᠵᠤᠭᠤᠭᠳᠠᠵᠠᠢ᠃ | ᠦᠯᠡᠮᠵᠢ᠄ ︽ᠢᠷᠠᠭᠤ ᠡ᠂ ᠴᠢ ᠪᠠᠰᠠ ᠳᠤᠭᠤᠢ ᠠᠪᠴᠢᠬᠠᠭᠰᠠᠨ ᠶᠤᠮ ᠤᠤ︖︾ | ᠢᠷᠠᠭᠤ᠄ ︽ᠡᠩ᠂ ᠮᠢᠨᠤ ᠳᠤᠭᠤᠢ ᠬᠤᠩᠬᠤ ᠲᠠᠢ︾ | ᠦᠯᠡᠮᠵᠢ᠄ ︽ᠪᠢ ᠪᠠᠰᠠ ᠳᠤᠭᠤᠢ ᠳᠠᠭᠠᠨ ᠬᠤᠩᠬᠤ ᠳᠠᠭᠠᠷᠠᠭᠤᠯᠤᠶᠠ︾ | ᠢᠷᠠᠭᠤ᠄ ︽ᠴᠢ ᠡᠶᠢᠮᠦ ᠭᠤᠶᠤ ᠬᠤᠩᠬᠤ ᠶᠢ ᠬᠠᠮᠢᠭ᠎ᠠ ᠠᠴᠠ ᠠᠪᠬᠤ ᠶᠢ ᠮᠡᠳᠡᠬᠦ ᠦᠭᠡᠢ︾ | ᠦᠯᠡᠮᠵᠢ᠄ ︽ᠪᠢ ᠦᠬᠡᠷ᠎ᠡ ᠭᠠᠵᠠᠷ ᠠᠴᠠ ᠠᠪᠤᠨ᠎ᠠ︾ | ᠢᠷᠠᠭᠤ᠄ ︽ᠳᠡᠬᠡᠪᠡᠯ ᠪᠢ ᠴᠢᠮ᠎ᠠ ᠲᠠᠢ ᠨᠠᠭᠠᠳᠬᠤ ᠦᠭᠡᠢ︾ | ᠦᠯᠡᠮᠵᠢ᠄ ︽ᠪᠢ ᠪᠠᠰᠠ ᠴᠢᠮ᠎ᠠ ᠲᠠᠢ ᠨᠠᠭᠠᠳᠬᠤ ᠦᠭᠡᠢ ᠯᠠᠢ︾ | ᠡᠨᠡ ᠳᠥᠭᠦᠮᠬᠡᠨ ᠶᠠᠷᠢᠶᠠᠨ ᠳᠤᠨᠢ ᠢᠨᠢᠶᠡᠳᠦ ᠬᠦᠷᠴᠦ ᠠᠭᠤᠷ ᠲᠠᠢ ᠪᠤᠴᠠᠵᠤ ᠢᠷᠡᠬᠦ ᠦᠯᠡᠮᠵᠢ ᠶᠢ | ᠳᠤᠰᠴᠤ ᠤᠴᠢᠭᠠᠳ᠄ ︽ᠳᠡᠷᠡ ᠬᠡᠤᠬᠡᠳ ᠬᠡᠨ ᠪᠤᠢ︖︾ ᠬᠡᠬᠦ ᠳᠤ ᠨᠢ᠄ ︽ᠮᠢᠨᠤ ᠬᠠᠮᠳᠤ ᠰᠤᠷᠤᠭᠴᠢ︾ ᠬᠡᠵᠤ | ᠳᠤᠷ᠎ᠠ ᠦᠬᠡᠶᠢᠬᠡᠨ ᠬᠡᠯᠡᠬᠡᠳ ᠶᠠᠪᠤᠵᠤ ᠤᠳᠯᠠ᠃ ᠪᠤᠳᠤᠪᠠᠯ ᠬᠡᠤᠬᠡᠳ ᠤᠨ ᠴᠡᠴᠡᠷᠯᠢᠭ ᠲᠤ ᠳᠠᠨᠢᠯᠴᠠᠭᠰᠠᠨ ᠬᠡᠤᠬᠡᠳ | ᠯᠠ ᠪᠢᠵᠡ᠃ ᠬᠤᠶᠠᠭᠤᠯᠠ ᠵᠡᠬᠡᠯᠢ ᠪᠠᠷ ᠬᠡᠰᠦᠵᠤ ᠪᠠᠶᠢᠵᠤ ᠪᠢ ᠬᠤᠭ ᠳᠡᠬᠦᠳᠡᠭ ᠡᠮᠡᠬᠡᠨ ᠤᠯᠵᠤ ᠬᠠᠷᠠᠭᠠᠳᠤᠯᠠᠨ | ᠶᠠᠭᠤᠮ᠎ᠠ ᠪᠤᠳᠤᠵᠤ ᠶᠠᠪᠤᠬᠤ ᠳᠠᠭᠠᠨ᠄ ︽ᠦᠯᠡᠮᠵᠢ ᠡ᠂ ᠡᠬᠡᠴᠢ ᠨᠢ ᠡᠮᠡᠬᠡᠨ ᠪᠤᠯᠴᠢᠬᠠᠪᠠᠯ ᠴᠢ ᠳᠡᠵᠢᠬᠡᠬᠦ ᠶᠤᠮ ᠤᠤ︖ | ︾ ︽ᠳᠡᠵᠢᠬᠡᠨᠡ︾ ᠬᠡᠵᠤ ᠳᠡᠬᠦᠨ ᠤ ᠪᠤᠳᠤᠯᠬᠢᠯᠠᠬᠤ ᠴᠦ ᠦᠭᠡᠢ ᠬᠠᠷᠢᠭᠤᠯᠬᠤ ᠲᠤᠨᠢ ᠪᠢ ᠶᠡᠭᠡ ᠬᠦᠬᠡᠷᠴᠤ᠄ ︽ | ᠶᠠᠭᠤ ᠪᠠᠷ ᠳᠡᠵᠢᠬᠡᠬᠦ ᠪᠤᠢ︖︾ ᠬᠡᠪᠡᠯ ᠦᠬᠡᠳᠡ ᠠᠴᠠ ᠮᠦᠨ ᠪᠤᠳᠤᠯᠬᠢᠯᠠᠭᠰᠠᠨ ᠴᠦ ᠦᠭᠡᠢ ᠪᠠᠷ᠄ ︽ᠰᠢᠰᠢᠨ | ᠭᠤᠯᠢᠷ︾ ᠬᠡᠯᠡ᠃ ᠪᠢ ᠶᠠᠮᠠᠷ ᠳᠠᠭᠠᠨ ᠨᠤᠬᠠᠢ ᠶᠤᠮ ᠬᠡᠵᠤ ᠪᠤᠳᠤᠭᠠᠳ ᠨᠢᠨᠢᠶᠡᠳᠦ ᠬᠦᠷᠪᠡ᠃ ᠤᠷᠤᠢ ᠨᠢ ᠦᠯᠡᠮᠵᠢ | ᠡᠵᠢ ᠪᠠᠨ ᠨᠡᠬᠡᠬᠡ ᠦᠭᠡᠢ᠂ ᠳᠡᠬᠦᠨ ᠳᠤ ᠦᠯᠢᠬᠡᠷ ᠶᠠᠷᠢᠵᠤ ᠦᠭᠴᠦ ᠪᠠᠶᠢᠵᠤ ᠤᠨᠳᠠᠭᠤᠯᠬᠤ ᠬᠡᠳ ᠠᠷᠠᠢ ᠯᠠ ᠦᠪᠡᠷ | ᠢᠶᠠᠨ ᠤᠷᠢᠳᠠᠪᠡᠷ ᠤᠨᠳᠠᠴᠢᠬᠠᠬᠤ ᠰᠢᠬᠠᠯ᠎ᠠ᠃ | ᠳᠠᠷᠠᠭ᠎ᠠ ᠡᠳᠦᠷ ᠨᠢ ᠬᠢᠳᠡᠯ ᠠᠯᠳᠠᠭᠰᠠᠨ ᠪᠢᠳᠡ ᠬᠤᠶᠠᠷ ᠠᠮᠢᠳᠠᠨ ᠤ ᠬᠦᠷᠢᠶᠡᠯᠡᠩ ᠪᠠᠷ | ᠳᠤᠭᠤᠷᠢᠯ᠎ᠠ᠃ ᠪᠢᠴᠢᠬᠠᠨ ᠳᠠᠶᠢᠰᠤᠨ ᠵᠢᠵᠢᠭᠬᠡᠨ ᠬᠤᠷᠤᠭᠤ ᠪᠠᠷ ᠢᠶᠠᠨ ᠪᠢᠳᠡᠬᠦᠦ ᠳᠡᠷᠬᠡᠨ ᠤ ᠰᠢᠯ ᠢᠶᠠᠷ ᠭᠠᠳᠠᠭᠰᠢ | ᠪᠠᠨ ᠵᠢᠭᠠᠭᠠᠳ᠄ ︽ᠡᠬᠡᠴᠢ ᠡ᠂ ᠳᠡᠷᠡ ᠬᠤᠯᠠᠬᠢ ᠴᠢᠨᠢ ᠬᠤᠯᠤᠭᠠᠨ᠎ᠠ ᠪᠢᠯᠢᠤ︖ ᠴᠢᠨ᠋ᠸ᠎ᠠ ᠪᠢᠯᠢᠤ︖︾ ᠬᠡᠵᠤ | ᠠᠰᠠᠭᠤᠬᠤ ᠶᠤᠮ᠃ ᠳᠡᠷᠡ ᠨᠢᠬᠡ ᠳᠤᠮᠤ ᠨᠢᠬᠡ ᠪᠢᠴᠢᠯ ᠠᠮᠢᠳᠠᠨ ᠢ ᠬᠦᠷᠳᠡᠯ᠎ᠡ ᠠᠳᠡᠭᠦᠷᠡᠵᠦ ᠨᠢᠭᠤᠷ ᠪᠠᠷᠠᠯ᠎ᠠ | ᠬᠡᠵᠤ ᠦᠯᠡᠮᠵᠢ ᠲᠠᠢ ᠪᠦᠬᠡᠮ ᠪᠠᠶᠢᠯᠳᠤᠭᠠᠨ ᠬᠢᠭᠰᠡᠨ ᠰᠠᠨ᠃ | ᠭᠡᠷ ᠲᠤ ᠪᠠᠨ ᠬᠠᠷᠢᠭᠠᠳᠨᠠᠳᠠ ᠲᠠᠢ ᠠᠶᠢᠯ ᠪᠤᠯᠵᠤ ᠨᠠᠭᠠᠳᠬᠤ ᠬᠡᠵᠤ ᠠᠭᠠᠰᠢᠯᠠᠭᠠᠳ | ᠪᠠᠶᠢᠬᠤᠯᠠᠷ ᠨᠢ ᠠᠷᠭ᠎ᠠ ᠦᠭᠡᠢ ᠨᠠᠭᠠᠳᠤᠯ᠎ᠠ᠃ ᠠᠯᠢᠪᠠ ᠰᠠᠶᠢᠬᠠᠨ ᠨᠠᠭᠠᠳᠤᠮ ᠢᠶᠠᠨ ᠪᠦᠷ ᠦᠯᠡᠮᠵᠢ ᠪᠠᠨ ᠦᠪᠡᠷ ᠢᠶᠠᠨ | ᠠᠪᠴᠢᠬᠠᠭᠰᠠᠨ᠂ ᠮᠠᠨᠠᠶᠢᠬᠢᠨ ᠬᠡᠵᠤ ᠪᠦᠬᠦ ᠶᠠᠭᠤᠮ᠎ᠠ ᠨᠢ ᠪᠦᠷ ᠡᠪᠳᠡᠷᠬᠡᠢ ᠪᠠᠯᠪᠠᠷᠬᠠᠢ ᠵᠦᠳᠡᠬᠦᠬᠡᠨ ︽ᠠᠶᠢᠯ︾ | ᠦᠯᠡᠮᠵᠢ ᠶᠢᠨ ᠬᠢᠨ ᠤ ᠬᠤᠳᠠᠨ ᠳᠤ ᠰᠠᠭᠤᠵᠤ ᠪᠠᠶᠢᠨ᠎ᠠ ᠳ᠋ᠠ᠃ ᠪᠢ ᠠᠷᠭ᠎ᠠ ᠮᠤᠬᠤᠬᠤ ᠳᠠᠭᠠᠨ ᠪᠦᠬᠡᠮ ᠴᠠᠭᠠᠰᠤ | ᠵᠦᠰᠦᠵᠤ ︽ᠵᠤᠭᠤᠰ︾ ᠬᠢᠵᠤ ᠳᠠᠨᠠᠶᠢᠬᠢᠨ ︽ᠳᠡᠯᠬᠡᠬᠦᠷ︾ ᠬᠡᠨ᠎ᠡ ᠬᠡᠵᠤ ᠤᠬᠠᠭᠠᠯᠠᠵᠤ ᠪᠠᠶᠢᠵᠤ ︽ᠬᠡᠷ︾ ᠳᠠᠬᠢ | ᠶᠠᠭᠤᠮ᠎ᠠ ᠶᠢ ᠨᠢ ᠪᠦᠷ ᠨᠢᠬᠡ ᠨᠢᠬᠡ ᠪᠠᠷ ᠵᠤᠯᠢᠵᠤ ᠠᠪᠠᠴᠢᠭᠰᠠᠭᠠᠷ ᠪᠠᠶᠢᠵᠤ ᠡᠴᠦᠰ ᠲᠤ ᠪᠦᠬᠦ ᠨᠠᠭᠠᠳᠤᠮ ︽ᠮᠠᠨ ᠤ | ᠬᠢ︾ ᠪᠤᠯᠵᠤ ᠦᠯᠡᠮᠵᠢ ᠶᠢᠨ ᠭᠠᠷ ᠲᠤ ᠨᠢᠬᠡ ᠠᠳᠬᠤ ︽ᠵᠤᠭᠤᠰ︾ ᠯᠠ ᠦᠯᠡᠳᠡᠬᠦ ᠪᠠᠷ ᠨᠢ ᠦᠯᠡᠮᠵᠢ ᠤᠬᠢᠯᠠᠯ᠎ᠠ᠃ | ᠪᠢ ᠴᠦ ᠠᠮᠵᠢᠯᠳᠠ ᠲᠠᠢ ᠴᠢᠯᠦᠬᠡᠯᠡᠭᠳᠡᠵᠤ ︽ᠪᠢ ᠴᠢᠮ᠎ᠠ ᠲᠠᠢ ᠨᠠᠭᠠᠳᠬᠤ ᠦᠭᠡᠢ︾ ᠬᠡᠰᠡᠨ ᠦᠬᠡᠨ ᠳᠤᠨᠢ | ᠪᠠᠶᠠᠷᠯᠠᠨ ᠬᠠᠷᠠᠶᠢᠯᠭᠠᠵᠤ ᠺᠢᠨᠤ᠋ ᠪᠠᠨ ᠦᠵᠡᠬᠦ ᠪᠠᠷ ᠤᠳᠪᠠ᠃ | ᠤᠷᠤᠢ ᠶᠢᠨ ᠪᠤᠳᠠᠭ᠎ᠠ ᠢᠳᠡᠬᠦ ᠪᠤᠯᠬᠤ ᠳᠤ ᠵᠢᠭᠠᠯ ᠳᠠᠶᠢᠰᠤᠨ ᠢᠳᠡᠵᠤ ᠦᠭᠬᠦ ᠦᠭᠡᠢ ᠦᠢᠯᠡ ᠶᠢ | ᠪᠠᠷᠠᠯ᠎ᠠ᠃ ︽ᠨᠠᠳᠠ ᠲᠠᠢ ᠠᠳᠠᠯᠢ ᠳᠤᠮᠤ ᠬᠡᠤᠬᠡᠳ ᠪᠤᠯᠤᠨ᠎ᠠ ᠰᠢᠦ︾ ᠬᠡᠵᠤ ᠳᠠᠭᠤᠷᠢᠶᠠᠯ ᠦᠵᠡᠬᠦᠯᠦᠭᠰᠠᠨ ᠪᠤᠯᠵᠤ | ᠪᠢ ᠡᠳᠦᠢ ᠳᠡᠳᠦᠢ ᠢᠳᠡᠭᠰᠡᠨ ᠬᠤᠶᠢᠨ᠎ᠠ ᠳᠡᠷᠡ ᠬᠤᠶᠠᠷ ᠠᠮᠠ ᠡᠮᠬᠦᠨᠡ᠃ ᠤᠷᠤᠯᠳᠤᠵᠤ᠂ ᠪᠢ ᠨᠢᠬᠡ ᠠᠶᠠᠭ᠎ᠠ | ᠳᠡᠷᠡ ᠬᠤᠶᠠᠷ ᠬᠠᠯᠪᠠᠭ᠎ᠠ ᠪᠠᠨ ᠴᠤᠭ ᠪᠠᠷᠭᠠᠨᠠ᠃ ᠪᠤᠳᠠᠭ᠎ᠠ ᠶᠢ ᠨᠢ ᠪᠤᠯᠢᠶᠠᠨ᠎ᠠ ᠬᠡᠵᠤ ᠠᠶᠤᠯᠭᠠᠵᠤ ᠪᠠᠶᠢᠵᠤ ᠬᠤᠶᠠᠷ | ᠠᠮᠠ ᠢᠳᠡᠬᠦᠯᠦᠨ᠎ᠡ᠃ ︽ᠶᠠᠮᠠᠷ ᠠᠮᠳᠠ ᠲᠠᠢ ᠭᠤᠶᠤ ᠪᠤᠳᠠᠭ᠎ᠠ ᠪᠤᠢ︖︾ ᠬᠡᠵᠤ ᠳᠠᠮᠰᠢᠶᠠᠯᠠᠵᠤ ᠮᠠᠶ᠋ᠢᠭᠯᠠᠵᠤ | ᠪᠠᠶᠢᠵᠤ ᠳᠡᠬᠦᠨ ᠢ ᠬᠡᠳᠦᠨ ᠬᠠᠯᠪᠠᠭ᠎ᠠ ᠢᠳᠡᠬᠦᠯᠦᠨ᠎ᠡ᠂ ᠢᠩᠬᠢᠵᠤ ᠳᠡᠩᠰᠡᠯᠬᠡᠵᠤ ᠪᠠᠶᠢᠵᠤ ᠦᠯᠡᠮᠵᠢ ᠴᠠᠳᠬᠤ ᠳᠤ | ᠮᠢᠨᠤ ᠬᠤᠳᠤᠭᠤᠳᠤ ᠳᠡᠯᠪᠡᠷᠡᠬᠦ ᠰᠢᠬᠠᠨ᠎ᠠ᠃ | ᠤᠷᠤᠢ ᠡᠵᠢ ᠨᠢ ᠬᠠᠷᠢᠵᠤ ᠢᠷᠡᠯ᠎ᠡ᠃ ᠡᠬᠢᠯᠡᠬᠡᠳ ᠶᠡᠭᠡ ᠯᠠ ᠤᠶᠢᠰᠢᠶᠠᠬᠤ ᠦᠭᠡᠢ ᠨᠠᠭᠠᠳᠴᠤ | ᠪᠠᠶᠢᠭᠰᠠᠨ ᠵᠢᠭᠠᠯ ᠳᠠᠶᠢᠰᠤᠨ ᠬᠡᠷᠡᠭ ᠦᠭᠡᠢ ᠶᠠᠭᠤᠮᠠᠨ ᠳᠤ ᠦ ᠡᠷᠢᠵᠤ ᠪᠠᠶᠢᠵᠤ ᠬᠠᠨᠳᠠᠯ᠎ᠠ ᠤᠬᠢᠯᠠᠵᠤ ᠠᠪᠤᠭᠠᠳ | ᠡᠵᠢ ᠢᠶᠠᠨ ᠬᠤᠶᠢᠨ᠎ᠠ ᠠᠴᠠ ᠪᠤᠷᠪᠢᠳᠠᠨ ᠳᠠᠭᠠᠵᠤ ᠬᠦᠬᠡᠷᠴᠤ ᠨᠠᠭᠠᠳᠴᠤ ᠬᠦᠯᠦᠰᠦ ᠪᠠᠨ ᠭᠠᠷᠳᠠᠯ᠎ᠠ ᠠᠯᠢᠶᠠᠯᠠᠭᠠᠳ | ᠶᠠᠳᠠᠷᠠᠵᠤ ᠳᠤᠶᠢᠯᠳᠠᠬᠤ ᠳᠠᠭᠠᠨ ᠤᠨᠳᠠᠵᠤ ᠤᠷᠬᠢᠯ᠎ᠠ᠃ ᠳᠠᠷᠠᠭ᠎ᠠ ᠦᠷᠯᠦᠬᠡ ᠨᠢ ᠨᠠᠮ᠎ᠠ ᠶᠢ ᠶᠠᠪᠤᠬᠤ ᠬᠡᠬᠦ ᠳᠤ | ᠦᠯᠡᠮᠵᠢ ᠮᠢᠨᠢ ᠠᠷᠭ᠎ᠠ ᠠᠭᠠᠰᠢ ᠨᠢ ᠠᠯᠳᠠᠷᠠᠵᠤ ᠶᠠᠪᠤᠭᠤᠯᠬᠤ ᠦᠭᠡᠢ ᠬᠡᠮᠡᠨ ᠶᠡᠭᠡ ᠯᠡ ᠴᠢᠷᠮᠠᠶᠢᠯ᠎ᠠ᠃ ᠠᠷᠭᠠᠳᠠᠵᠤ | ᠭᠤᠶᠤᠵᠤ ᠮᠤᠬᠤᠭᠠᠳ ᠡᠵᠢ ᠳᠤᠨᠢ ᠲᠡᠪᠡᠷᠢᠭᠦᠯᠵᠦ ᠲᠠᠯᠪᠢᠭᠠᠳ ᠭᠠᠷᠴᠦ ᠶᠠᠪᠤᠬᠤ ᠳᠤ ᠠᠷᠤ ᠳᠤ ᠤᠬᠢᠯᠠᠵᠤ | ᠬᠤᠴᠤᠷᠠᠭᠰᠠᠨ ᠶᠤᠮᠰᠠᠨ᠃ ᠭᠡᠨᠡᠳᠲᠡ ᠡᠨᠡ ᠪᠢᠴᠢᠬᠠᠨ ᠳᠠᠶᠢᠰᠥᠨ ᠳᠤ ᠶᠡᠭᠡ ᠯᠡ ᠬᠤᠷᠭᠤᠳᠠᠬᠤ ᠶᠤᠮ᠃ ᠡᠨᠡ | ᠬᠡᠳᠦᠨ ᠡᠳᠦᠷ ᠪᠢ ᠦᠯᠡᠮᠵᠢ ᠶᠢ ᠬᠠᠷᠢᠭᠤᠯᠵᠤ ᠰᠠᠭᠤᠭᠰᠠᠨ ᠪᠢᠰᠢ᠂ ᠦᠯᠡᠮᠵᠢ ᠨᠠᠳᠠᠳᠤ ᠬᠠᠨᠢ ᠪᠤᠯᠵᠤ ᠰᠠᠭᠤᠭᠰᠠᠨ | ᠴᠦ ᠶᠤᠮ ᠤᠤ᠃ | | | | ᠬᠠᠶ᠋ᠢᠭ᠄ ᠦᠪᠦᠷ ᠮᠤᠩᠭᠤᠯ | ᠤᠨ ᠳᠠᠷᠢᠶᠠᠯᠠᠩ ᠤᠨ ᠶᠡᠭᠡ ᠰᠤᠷᠭᠠᠭᠤᠯᠢ | | | |