ᠬᠦᠮᠦᠵᠢᠯ ᠤᠨ ᠵᠠᠩᠬᠢᠯᠠᠭ᠎ᠠ ᠨᠢ ᠬᠠᠳᠠᠭᠤ ᠳᠠᠭᠠᠨ ᠪᠤᠢ
ᠨᠡᠶᠢᠲᠡᠯᠡᠭᠰᠡᠨ ᠴᠠᠭ᠄
2014/10/27
       ᠶᠠᠭᠤᠮ᠎ᠠ ᠬᠠᠳᠠᠭᠤ ᠳᠠᠭᠠᠨ ᠪᠦᠬᠡ ᠴᠢᠨᠠᠷ ᠲᠠᠢ᠂ ᠬᠦᠮᠦᠨ ᠬᠠᠳᠠᠭᠤ ᠳᠠᠭᠠᠨ ᠲᠤᠳᠤᠷ ᠲᠠᠮᠢᠷ ᠲᠠᠢ ᠂ ᠰᠤᠶᠤᠯ ᠬᠠᠳᠠᠭᠤ ᠳᠠᠭᠠᠨ ᠦᠨᠢ ᠠᠮᠢ ᠲᠠᠢ ᠰᠢᠭ᠋ ᠰᠤᠷᠭᠠᠯ ᠬᠠᠳᠠᠭᠤ ᠳᠠᠭᠠᠨ ᠬᠦᠨ ᠬᠦᠮᠦᠵᠢᠯ ᠲᠠᠢ᠃ ᠬᠠᠳᠠᠭᠤ ᠪᠣᠯ ᠤᠳᠤᠬᠠᠨ ᠤ ᠰᠤᠷᠭᠠᠨ ᠬᠦᠮᠦᠵᠢᠯ ᠤᠨ ᠵᠠᠩᠬᠢᠯᠠᠭ᠎ᠠ ᠮᠥᠨ᠃      ᠳ᠋ᠧᠩ ᠰᠢᠶᠤᠤ ᠫᠢᠩ ᠨᠦᠬᠦᠷ ᠪᠤᠯᠪᠠᠰᠤᠨ ᠤ ᠲᠤᠬᠠᠢ ᠶᠠᠷᠢᠬᠤ ᠳᠠᠭᠠᠨ᠄ ︽ᠪᠤᠳᠠᠰ ᠤᠨ ᠪᠤᠯᠪᠠᠰᠤᠨ ᠢ ᠡᠷᠬᠢᠮᠯᠡᠬᠦ ᠮᠦᠷᠳᠡᠬᠡᠨ ᠤᠶᠤᠨ ᠤ ᠪᠤᠯᠪᠠᠰᠤᠨ ᠢ ᠴᠦ ᠡᠷᠬᠢᠮᠯᠡᠬᠦ ᠬᠡᠷᠡᠭᠳᠡᠢ᠂ ᠬᠤᠶᠠᠷ ᠭᠠᠷ ᠢᠶᠠᠷ ᠠᠳᠬᠤᠬᠤ ᠮᠦᠷᠳᠡᠬᠡᠨ ᠬᠤᠶᠠᠷ ᠭᠠᠷ ᠴᠢᠩᠭ᠎ᠠ ᠪᠠᠶᠢᠬᠤ ᠬᠡᠷᠡᠭᠳᠡᠢ︾᠂ ︽ᠦᠬᠡᠷᠡᠴᠢᠯᠡᠯᠳᠡ ᠬᠢᠬᠦ ᠪᠣᠯ ᠬᠠᠳᠠᠭᠤ ᠶᠤᠰᠤ︾ ᠬᠡᠵᠤ ᠲᠤᠮᠳᠠᠳᠤ ᠤᠯᠤᠰ ᠤᠨ ᠬᠦᠭᠵᠢᠯᠳᠠ ᠳᠠᠬᠢ ᠬᠠᠳᠠᠭᠤ ᠱᠠᠭᠠᠷᠳᠠᠯᠭ᠎ᠠ ᠶᠢᠨ ᠦᠢᠯᠡᠳᠦᠯ ᠢ ᠲᠤᠷᠠᠳᠴᠤ ᠦᠩᠬᠡᠷᠡᠭᠰᠡᠨ᠃       ︽ᠬᠡᠦᠬᠡᠳ ᠨᠤᠬᠠᠢ ᠬᠤᠶᠠᠷ ᠲᠤ ᠪᠤᠤ ᠨᠢᠭᠤᠷ ᠦᠭ︾᠂ ︽ᠬᠡᠦᠬᠡᠳ ᠲᠤ ᠬᠠᠳᠠᠭᠤ ᠤᠷᠤ︾ ᠬᠡᠮᠡᠨ ᠮᠠᠨ ᠤ ᠮᠤᠩᠭᠤᠯᠴᠤᠳ ᠴᠦ ᠡᠷᠳᠡᠨ ᠠᠴᠠ ᠠᠪᠤᠭᠠᠳ ᠬᠡᠦᠬᠡᠳ ᠪᠠᠭᠠᠴᠤᠤᠯ ᠤᠨ ᠢᠳᠡᠵᠤ ᠤᠭᠤᠤᠬᠤ᠂ ᠡᠮᠦᠰᠴᠤ ᠵᠡᠬᠦᠬᠦ᠂ ᠶᠠᠪᠤᠵᠤ ᠰᠠᠭᠤᠬᠤ᠂ ᠶᠠᠷᠢᠵᠤ ᠬᠡᠯᠡᠬᠦ᠂ ᠶᠠᠷᠢᠯᠴᠠᠵᠤ ᠶᠠᠪᠤᠯᠴᠠᠬᠤ ᠳᠤ ᠬᠦᠷᠳᠡᠯ᠎ᠠ ᠵᠠᠪᠠᠯ ᠡᠷᠬᠢᠮᠯᠡᠬᠦ ᠴᠢᠩᠭ᠎ᠠ ᠬᠠᠳᠠᠭᠤ ᠬᠡᠷ ᠤᠨ ᠰᠤᠷᠭᠠᠯ ᠲᠠᠢ ᠪᠢᠯᠡ᠃ ᠦᠨᠡᠬᠡᠷ ᠴᠦ ᠲᠡᠶᠢᠮᠦ᠂ ︽ᠬᠠᠯᠠ ᠨᠢ ᠭᠠᠳᠠᠨ᠎ᠠ ᠪᠠᠨ ᠬᠠᠶᠢᠷ᠎ᠠ  ᠨᠢ ᠲᠤᠳᠤᠨ᠎ᠠ ᠪᠠᠨ︾᠂ ︽ᠡᠷᠬᠡ ᠶᠢ ᠰᠤᠷᠬᠤ ᠪᠠᠷ ᠪᠡᠷᠬᠡ ᠶᠢ ᠰᠤᠷ︾᠂ ︽ᠴᠢᠩᠭ᠎ᠠ ᠪᠠᠭᠰᠢ ᠠᠴᠠ ᠰᠠᠶᠢᠨ ᠱᠠᠪᠢ ︾ ᠬᠡᠵᠤ ᠬᠡᠯᠡᠳᠡᠭ ᠪᠢᠰᠢᠤ︕      ᠴᠠᠭ ᠡᠷᠡᠨ ᠬᠡᠷᠬᠢᠨ ᠬᠦᠭᠵᠢᠵᠤ᠂ ᠨᠡᠶᠢᠬᠡᠮ ᠶᠠᠭᠠᠬᠢᠵᠤ ᠲᠠᠪᠰᠢᠭᠰᠠᠨ ᠴᠦ ᠬᠠᠳᠠᠭᠤ ᠪᠤᠯᠪᠠᠰᠤᠷᠠᠯ  ᠢ ᠲᠠᠪᠠᠨ ᠲᠤᠭᠤᠯᠵᠤ᠂ ᠡᠯᠡ ᠬᠠᠯᠠ  ᠠᠮᠰᠠᠭᠰᠠᠨ ᠬᠦᠮᠦᠨ ᠶᠡᠷᠦ ᠨᠢ ᠲᠡᠰᠪᠦᠷᠢ ᠲᠡᠪᠴᠢᠶᠡᠷᠢ ᠲᠠᠢ᠂  ᠵᠤᠷᠢᠭ ᠰᠦᠰᠦ ᠲᠠᠢ᠂ ᠠᠭᠤᠴᠢ ᠪᠠᠭᠳᠠᠭᠠᠮᠵᠢᠳᠠᠢ ᠪᠠᠶᠢᠳᠠᠭ ᠢ ᠲᠠᠶᠠᠭᠠᠷ ᠤᠯᠵᠤ ᠬᠠᠷᠠᠨ᠎ᠠ᠃      ᠡᠷᠳᠡ ᠤᠵᠤᠭᠤᠷ ᠠᠴᠠ ᠭᠠᠷ ᠤᠨ ᠠᠯᠠᠭ᠎ᠠ ᠪᠠᠨ ᠮᠤᠳᠤ ᠪᠠᠷ ᠰᠢᠪᠠᠳᠠᠭᠤᠯᠵᠤ᠂ ᠬᠡᠵᠢᠬᠡ ᠪᠠᠨ ᠬᠡᠷ ᠤᠨ ᠨᠢᠷᠤᠭᠤᠨ ᠠᠴᠠ ᠪᠠᠨ ᠲᠡᠬᠦᠵᠢᠯᠡᠵᠤ᠂ ᠭᠤᠶ᠎ᠠ ᠪᠠᠨ ᠵᠡᠬᠦᠦ ᠪᠠᠷ ᠰᠢᠪᠡᠵᠤ᠂ ᠰᠠᠷᠠᠨ ᠤ ᠬᠡᠷᠡᠯ ᠢ ᠡᠷᠢᠵᠤ᠂ ᠲᠤᠰᠤᠨ ᠳ᠋ᠧᠩ ᠳᠤ ᠨᠤᠮ ᠦᠵᠡᠳᠡᠭ᠂ ᠭᠠᠩ ᠲᠠᠢ ᠪᠡᠭᠡ ᠶᠢ ᠰᠢᠷᠬᠢᠳᠡᠯ᠎ᠠ ᠪᠢᠴᠢᠨ᠂ ᠲᠡᠮᠦᠷ ᠰᠢᠳᠠᠮ ᠢ ᠲᠡᠪᠡᠨᠡ ᠪᠤᠯᠳᠠᠯ᠎ᠠ ᠦᠷᠦᠳᠡᠭ ᠬᠠᠳᠠᠭᠤ ᠪᠤᠯᠪᠠᠰᠤᠷᠠᠯ ᠲᠠᠪᠳᠠᠯᠳᠠ ᠪᠠᠶᠢᠭᠰᠠᠨ ᠠᠴᠠ ᠯᠢ ᠪᠠᠢ᠂ ᠳ᠋ᠦ᠋ ᠹᠦ᠋ ᠮᠡᠳᠤ ᠶᠢᠨ ᠬᠡᠴᠢᠨᠡᠨ ᠤᠯᠠᠨ ᠮᠡᠷᠬᠡᠳ ᠴᠤᠯᠭᠤᠷᠤᠯ᠎ᠠ︖ ᠨᠢᠳᠤᠷᠭᠠᠨ ᠡᠷᠳᠡᠮ ᠤᠨ ᠺᠢᠨᠣ᠋᠂ ᠬᠦᠴᠤ ᠮᠦᠴᠡᠷᠬᠡᠯ ᠤᠨ ᠵᠦᠴᠦᠬᠡ ᠵᠡᠷᠬᠡ ᠶᠢ ᠬᠠᠷᠠᠬᠤ ᠳᠤ ᠲᠡᠳᠡᠬᠡᠷ ᠪᠠᠭᠠᠳᠤᠳ ᠦᠷ ᠤᠨ ᠬᠡᠬᠡ ᠠᠴᠠ ᠡᠬᠢᠯᠡᠨ ᠦᠳᠡᠰᠢ ᠶᠢᠨ ᠰᠠᠷᠠᠨ ᠰᠢᠩᠬᠡᠳᠡᠯ᠎ᠠ ᠬᠡᠴᠢᠨᠡᠨ ᠤᠳᠠᠭ᠎ᠠ ᠪᠠᠭᠰᠢ ᠶᠢᠨ ᠬᠠᠳᠠᠭᠤ ᠬᠢᠨᠠᠯᠳᠠ ᠲᠤᠤᠷ᠎ᠠ ᠪᠤᠯᠪᠠᠰᠤᠷᠳᠠᠭ ᠪᠢᠯᠡ︖ ᠢᠨᠵᠠᠨᠨᠠᠰᠢ ︽ᠬᠦᠬᠡ ᠰᠤᠳᠤᠷ︾ ᠢ ᠪᠢᠴᠢᠬᠦ ᠳᠤ ︽ᠦᠰᠤ ᠴᠠᠶᠢᠵᠤ᠂ ᠴᠢᠷᠠᠢ ᠠᠳᠤᠷᠢᠨ᠂ ᠮᠢᠬ᠎ᠠ ᠲᠤᠷᠠᠵᠤ᠂ ᠰᠢᠷᠪᠦᠰᠤ ᠰᠤᠩᠬᠤᠢ ᠳᠤ ᠬᠦᠷᠪᠡ︾ ᠬᠡᠳᠡᠭ ᠨᠢ ᠬᠠᠳᠠᠭᠤ ᠰᠤᠷᠭᠠᠯ ᠵᠢᠭᠠᠪᠤᠷᠢ ᠠᠴᠠ ᠪᠤᠯᠤᠭᠰᠠᠨ ᠬᠢᠴᠢᠶᠡᠯ ᠴᠢᠷᠮᠠᠶᠢᠯ ᠪᠢᠰᠢᠤ︖      ᠲᠦᠷᠰᠦᠬᠦᠢ ᠬᠡᠷᠡᠭ ᠲᠠᠳᠠᠴᠢᠬᠠᠭᠠᠳ ᠠᠶᠢᠯ ᠤᠨ ᠡᠪᠦᠭᠡ ᠳᠤ ᠵᠤᠳᠤᠭᠳᠤᠨ ᠤᠬᠢᠯᠠᠵᠤ ᠬᠠᠷᠢᠬᠤ  ᠳᠤ ᠦᠮᠦᠬᠡᠷᠡᠬᠦ ᠦᠬᠡᠢ ᠲᠡᠬᠡᠷ᠎ᠡ ᠪᠠᠨ ᠨᠡᠮᠡᠵᠤ ︽ᠠᠯᠠᠭᠠᠨ ᠪᠤᠤᠪᠤ︾᠂ ︽ᠬᠦᠷᠦᠮᠡᠯ ᠲᠠᠩ︾ ᠬᠦᠷᠳᠡᠬᠡᠳᠡᠭ ᠨᠢ ᠮᠤᠩᠭᠤᠯᠴᠤᠳ ᠤᠨ ᠮᠢᠨᠢ ᠬᠡᠷ ᠤᠨ ᠰᠤᠷᠭᠠᠯ ᠤᠨ ᠬᠠᠳᠠᠭᠤ ᠢᠯᠡᠷᠡᠯ ᠪᠢᠰᠢᠤ︖      ᠵᠦᠴᠢ ᠶᠢᠨ ᠲᠤᠬᠠᠢ ᠭᠠᠳᠠᠭᠤᠷᠴᠢᠯᠡᠯ᠂ ᠬᠠᠳᠠᠨ ᠤ ᠲᠤᠬᠠᠢ ᠲᠤᠷᠤᠮᠵᠢᠯᠠᠯ ᠳᠤ ᠲᠦᠷᠪᠡᠨ ᠬᠦᠦ  ᠪᠠᠨ ᠰᠦᠬᠦᠳᠬᠡᠵᠤ ᠲᠠᠰᠢᠭᠤᠷᠳᠠᠭᠰᠠᠨ ᠴᠢᠩᠬᠢᠰ ᠬᠠᠭᠠᠨ ᠤ ᠬᠠᠳᠠᠭᠤ ᠰᠤᠷᠭᠠᠯ ᠶᠠᠭᠤ ᠶᠢ ᠬᠠᠷᠠᠭᠤᠯᠥᠨ᠎ᠠ︖ ᠴᠢᠯᠠᠭᠤᠨ ᠡᠪᠦᠭᠡ ᠳᠤ ᠰᠢᠪᠠᠳᠠᠭᠤᠯᠵᠤ᠂ ᠡᠵᠢ ᠠᠴᠠ ᠪᠠᠨ ᠴᠦ ᠨᠢᠭᠤᠷ ᠤᠯᠤᠭᠰᠠᠨ ᠦᠬᠡᠢ ᠢᠷᠬᠡᠯ ︵︽ᠢᠷᠬᠡᠯ ᠭᠤᠸᠠᠢ ᠶᠢᠨ ᠲᠤᠷᠠᠰᠤᠮᠵᠢ︾ ᠬᠡᠬᠦ ᠵᠤᠬᠢᠶᠠᠯ︶ ᠤᠨ ᠤᠶᠢᠯᠡ ᠬᠡᠷᠡᠭ ᠠᠴᠠ ᠶᠠᠭᠤ ᠨᠢᠬᠡ ᠰᠡᠳᠬᠢᠭᠳᠡᠨ᠎ᠡ ᠪᠤᠢ︖       ᠭᠦᠭᠵᠢᠭᠰᠡᠨ ᠣᠯᠣᠰ ᠤᠨ ︽ᠬᠠᠯᠨ ᠠᠮᠰᠠᠬᠤ︾ ᠰᠣᠷᠭᠠᠨ ᠬᠦᠮᠦᠵᠢᠯ ᠬᠡᠵᠤ ᠪᠠᠶᠢᠳᠠᠭ ᠢ ᠬᠠᠷᠠᠭᠠᠴᠢ᠄       ᠭᠧᠷᠮᠠᠨ ᠤ ᠭᠡᠷ ᠤᠨ ᠠᠬᠠᠮᠠᠳ ᠶᠠᠷᠤ ᠠᠴᠠ ᠭᠡᠤᠭᠡᠳ ᠤᠨ ᠢᠶᠠᠨ ᠶᠠᠪᠤᠳᠡᠯ ᠢ ᠡᠵᠡᠨ ᠮᠡᠳᠡᠨ ᠬᠠᠮᠢᠶᠠᠷᠳᠠᠭ ᠦᠭᠡᠢ᠃ ᠭᠧᠷᠮᠠᠨ ᠤ ᠬᠠᠤᠯᠢ ᠴᠠᠭᠠᠵᠠ ᠳᠤ ᠪᠠᠰᠠ ︽ᠭᠡᠤᠭᠡᠳ 14 ᠨᠠᠰᠤ ᠭᠦᠷᠪᠡᠯ ᠭᠡᠷ ᠲᠡᠭᠡᠨ ᠪᠠᠭ᠎ᠠ ᠰᠠᠭ᠎ᠠ ᠡᠭᠦᠷᠭᠡ ᠬᠠᠷᠢᠭᠤᠴᠠᠯᠭ᠎ᠠ ᠡᠭᠦᠷᠭᠡᠯᠡᠭᠦ ᠵᠡᠷᠭᠡ ᠠᠵᠢᠯ ᠢ ᠬᠢᠵᠤ ᠪᠤᠯᠤᠨ᠎ᠠ︾ ᠭᠡᠵᠤ ᠲᠤᠭᠳᠠᠭᠠᠭᠰᠠᠨ ᠶᠤᠮ ᠃ ᠢᠩᠬᠢᠵᠤ ᠬᠢᠭᠦ ᠨᠢ ᠭᠡᠤᠭᠡᠳ ᠤᠨ ᠭᠦᠳᠡᠯᠮᠤᠷᠢᠯᠠᠭᠦ ᠴᠢᠳᠠᠪᠤᠷᠢ ᠶᠢ ᠭᠦᠮᠤᠵᠢᠭᠦᠯᠭᠦ ᠮᠦᠷᠳᠡᠭᠡᠨ ᠪᠠᠰᠠ ᠭᠡᠤᠭᠡᠳ ᠤᠨ ᠨᠠᠶᠢᠭᠡᠮ ᠤᠨ ᠬᠠᠷᠢᠭᠤᠴᠠᠯᠭᠠᠳᠦ ᠰᠡᠳᠬᠢᠯᠭᠡ ᠶᠢ ᠭᠦᠮᠤᠵᠢᠭᠦᠯᠭᠦ ᠳᠤ ᠠᠰᠢᠬᠳᠡᠢ ᠶᠤᠮ᠃ ᠨᠠᠶᠢᠭᠡᠮ ᠤᠨ ᠦᠷᠢᠰᠤᠯᠳᠤᠭᠡᠨ ᠨᠢ ᠵᠦᠪᠭᠡᠨ ᠮᠡᠳᠡᠯᠭᠡ ᠪᠡ ᠤᠬᠠᠭᠠᠨ ᠴᠢᠳᠠᠪᠤᠷᠢ ᠶᠢᠨ ᠦᠵᠡᠯᠴᠡᠭᠡ ᠪᠢᠰᠢ᠂ ᠨᠠᠩ ᠤᠯᠠᠨ ᠨᠢ ᠬᠠᠷᠢᠨ ᠵᠤᠷᠢᠬ ᠰᠠᠨᠠᠭ᠎ᠠ ᠪᠠ ᠬᠠᠳᠠᠭᠤ ᠰᠦᠰᠤ ᠶᠢᠨ ᠦᠵᠡᠯᠴᠡᠭᠡ ᠮᠦᠨ᠃ ᠬᠠᠯᠠ ᠠᠮᠰᠠᠬᠤ ᠵᠤᠷᠢᠬ ᠰᠠᠨᠠᠭ᠎ᠠ ᠪᠠ ᠴᠢᠳᠠᠪᠤᠷᠢ ᠦᠭᠡᠢ ᠪᠤᠯ ᠰᠢᠷᠤᠭᠦᠨ ᠦᠷᠢᠰᠤᠯᠳᠤᠭᠡᠨ ᠤ ᠲᠤᠮᠳᠠ ᠢᠯᠠᠯᠳᠡ ᠤᠯᠵᠤ ᠴᠢᠳᠡᠬᠤ ᠦᠭᠡᠢ ᠶᠤᠮ᠃ ᠡᠯ᠎ᠠ ᠤᠯᠤᠰ ᠤᠨ ᠭᠡᠷ ᠤᠨ ᠠᠬᠠᠮᠠᠳ ᠭᠡᠤᠭᠡᠳ ᠤᠨ ᠢᠶᠠᠨ ᠦᠪᠠᠷ ᠢ ᠪᠠᠨ ᠬᠠᠮᠢᠶᠠᠷᠬᠤ ᠴᠢᠳᠠᠪᠤᠷᠢ ᠪᠡ ᠬᠠᠯᠠ ᠵᠤᠪᠠᠯᠠᠩ ᠠᠮᠰᠠᠬᠤ ᠵᠤᠷᠢᠬ ᠰᠠᠨᠠᠭ᠎ᠠ ᠶᠢ ᠪᠠᠭ᠎ᠠ ᠠᠴᠠ ᠨᠢ ᠭᠦᠮᠤᠵᠢᠭᠦᠯᠭᠦ ᠶᠢ ᠲᠤᠩ ᠴᠢᠬᠤᠯᠠᠴᠢᠯᠠᠨ ᠦᠵᠡᠳᠡᠭ ᠪᠠᠶᠢᠨ᠎ᠠ᠃       ᠠᠮᠧᠷᠢᠺᠠ ᠶᠢᠨ ᠡᠮᠤᠨᠠᠳᠦ ᠪᠠᠶ᠎ᠠ ᠶᠢᠨ ᠨᠢᠭᠡ ᠪᠦᠯᠦᠭ ᠵᠸᠤ ᠠᠴᠠ ᠪᠠᠶᠢᠭᠤᠯᠤᠭᠰᠠᠨ ᠰᠤᠷᠭᠠᠭᠤᠯᠢ  ᠨᠢ ᠰᠤᠷᠤᠬᠴᠢ ᠶᠢᠨ ᠪᠠᠶ᠎ᠠ ᠪᠠᠨ ᠲᠠᠭᠠᠭᠠᠵᠤ ᠠᠮᠢᠳᠤᠷᠠᠬᠤ ᠪᠡ ᠨᠠᠶᠢᠭᠡᠮ ᠳᠤ ᠵᠤᠬᠢᠴᠠᠬᠤ ᠴᠢᠳᠠᠪᠤᠷᠢ ᠶᠢ ᠭᠦᠮᠤᠵᠢᠭᠦᠯᠭᠦ ᠶᠢᠨ ᠲᠦᠯᠤᠭᠡ ᠤᠠᠴᠠᠭᠠᠢ ᠲᠤᠭᠳᠠᠭᠠᠯ ᠭᠠᠷᠭᠠᠵᠤ ︽ᠰᠤᠷᠤᠬᠴᠢ ᠡᠷᠭᠡᠪᠰᠢ ᠪᠠᠶ᠎ᠠ ᠳᠡᠭᠡᠨ ᠨᠢᠭᠡ ᠮᠦᠡᠭᠭᠦ ᠴᠤ ᠠᠪᠬᠤ ᠦᠭᠡᠢ ᠪᠠᠷ ᠪᠠᠶ᠎ᠠ ᠪᠠᠨ ᠲᠠᠭᠠᠭᠠᠵᠤ ᠨᠢᠭᠡ ᠭᠠᠷᠠᠭ ᠠᠮᠢᠳᠤᠷᠠᠪᠠᠯ ᠰᠠᠶ᠋ᠢ ᠰᠤᠷᠭᠠᠭᠤᠯᠢ ᠠᠴᠠ ᠲᠡᠭᠦᠰᠴᠤ ᠪᠤᠯᠤᠨ᠎ᠠ︾ ᠭᠡᠵᠡᠢ᠃ ᠡᠨᠡᠭᠦ ᠨᠦᠭᠦᠴᠡᠯ ᠨᠢ ᠭᠡᠳᠦ᠋ᠢᠪᠠᠷ ᠵᠢᠭᠠᠬᠠᠨ ᠬᠠᠷᠠᠳᠡᠢ ᠪᠤᠯᠪᠠᠴᠤ ᠰᠤᠷᠤᠬᠴᠢᠳ ᠲᠤ ᠠᠪᠴᠤ ᠭᠡᠯᠡᠪᠡᠯ ᠤᠯᠤᠯᠳᠡ ᠶᠡᠭᠡᠳᠡᠢ ᠶᠤᠮ᠃ ᠭᠡᠷ ᠤᠨ ᠠᠬᠠᠮᠠᠳ ᠴᠤ ᠡᠨᠡᠭᠦ ᠠᠵᠢᠯᠯᠠᠭ᠎ᠠ ᠶᠢ ᠪᠦᠭᠦ ᠭᠦᠴᠤᠨ ᠢᠶᠠᠷ ᠲᠠᠮᠵᠢᠵᠤ᠂ ︽ᠠᠷᠤ ᠠᠴᠠ ᠨᠢ ᠴᠢᠩᠭᠠᠭᠠᠭᠰᠠᠨ︾᠂ ︽ᠬᠤᠶᠢᠳᠦ ᠡᠭᠦᠳᠡ ᠶᠠᠪᠤᠭᠰᠠᠨ︾᠂ ︽ᠯᠠᠢ ᠶᠢᠨ ᠲᠤᠤᠭᠤᠷ ᠤᠰᠤ ᠭᠦᠶᠤᠯᠭᠡᠭᠰᠡᠨ︾ ᠭᠦᠮᠤᠨ ᠨᠢᠭᠡᠴᠤ ᠭᠠᠷᠤᠭᠰᠠᠨ ᠦᠭᠡᠢ᠃ ᠠᠮᠧᠷᠢᠺᠠ ᠶᠢᠨ ᠲᠤᠮᠳᠠᠳᠦ ᠰᠤᠷᠭᠠᠭᠤᠯᠢ ᠶᠢᠨ ᠰᠤᠷᠤᠬᠴᠢᠳ ᠲᠤ ︽ᠵᠤᠭᠤᠰ ᠵᠠᠷᠤᠶ᠎ᠠ ᠭᠡᠪᠡᠯ ᠦᠪᠠᠷ ᠢᠶᠠᠨ ᠤᠯᠤᠨ᠎ᠠ︾ ᠭᠡᠰᠡᠨ ᠤᠷᠢᠶ᠎ᠠ ᠪᠠᠶᠢᠳᠠᠭ᠃ ᠠᠮᠧᠷᠢᠺᠠ ᠶᠢᠨ ᠭᠡᠤᠭᠡᠳ ᠭᠡᠷ ᠨᠢ ᠭᠡᠴᠢᠨᠠᠨ ᠪᠠᠶᠠᠨ ᠪᠠᠶᠢᠯ᠎ᠠ ᠴᠤ ᠭᠡᠰᠡᠨ 12 ᠨᠠᠰᠤᠨ ᠠᠴᠠ ᠬᠤᠶᠢᠰᠢ ᠪᠤᠯ ᠴᠦᠮ ᠭᠦᠷᠰᠢ ᠵᠡᠷᠭᠡᠯᠡᠳᠡᠭᠡ ᠠᠶᠢᠯ ᠪᠤᠶᠤ ᠦᠪᠠᠷ ᠤᠨ ᠡᠴᠢᠭᠡ ᠡᠭᠡ ᠪᠠᠨ ᠬᠠᠪᠰᠤᠷᠴᠤ ᠡᠪᠡᠰᠤ ᠮᠤᠳᠦ ᠬᠠᠶᠢᠴᠢᠯᠠᠬᠤ ᠪᠤᠶᠤ ᠰᠤᠨᠢᠨ ᠰᠡᠳᠭᠦᠯ ᠭᠦᠷᠭᠡᠵᠤ ᠪᠠᠶᠢᠭᠠᠳ ᠦᠪᠠᠷ ᠤᠨ ᠰᠤᠯᠠ ᠵᠠᠷᠤᠬᠤ ᠵᠤᠭᠤᠰ ᠢᠶᠠᠨ ᠤᠯᠳᠠᠭ ᠶᠤᠮ᠃ 14 ᠨᠠᠰᠤ  ᠲᠠᠢ ᠵᠧᠨᠢ ᠭᠠᠷᠠᠭ ᠤᠨ ᠵᠢᠷᠭᠤᠭᠠᠨ ᠪᠤᠯᠬᠤ ᠪᠦᠷᠢ ᠬᠤᠭᠤᠯᠠᠨ ᠭᠡᠷ ᠲᠤ ᠤᠴᠢᠵᠤ ᠠᠵᠢᠯᠯᠠᠳᠠᠭ᠃ ᠡᠭᠡ ᠨᠢ ᠨᠠᠳᠡ ᠬᠠᠪᠰᠤᠷᠴᠤ ᠠᠵᠢᠯ ᠬᠢᠭᠰᠡᠨ ᠴᠤ ᠮᠦᠨ ᠠᠳᠠᠯᠢ ᠪᠠᠷ ᠴᠠᠯᠢᠩ ᠤᠯᠵᠤ ᠪᠤᠯᠤᠨ᠎ᠠ ᠰᠢᠳᠡ ᠭᠡᠵᠤ ᠭᠡᠯᠡᠭᠦ ᠳᠤ᠂ ᠲᠡᠷᠡ ᠭᠡᠷ ᠲᠡᠭᠡᠨ ᠦᠪᠠᠷ ᠤᠨ ᠡᠵᠢ ᠶᠢᠨ ᠢᠶᠠᠨ ᠵᠤᠭᠤᠰ ᠢ ᠤᠯᠬᠤ ᠨᠢ ᠴᠢᠳᠠᠪᠤᠷᠢ ᠪᠢᠰᠢ᠂ ᠭᠠᠳᠡᠨ᠎ᠠ ᠭᠠᠷᠴᠤ ᠠᠵᠢᠯᠯᠠᠭᠠᠳ ᠵᠤᠭᠤᠰ ᠤᠯᠪᠡᠯ ᠰᠠᠶ᠋ᠢ ᠦᠪᠠᠷ ᠤᠨ ᠪᠠᠶ᠎ᠠ ᠪᠠᠨ ᠲᠠᠭᠠᠭᠠᠬᠤ ᠴᠢᠳᠠᠪᠤᠷᠢ ᠪᠠᠨ ᠭᠦᠢᠴᠡᠳ ᠢᠯᠠᠷᠡᠭᠦᠯᠵᠤ ᠴᠢᠳᠡᠨ᠎ᠠ ᠭᠡᠯ᠎ᠠ᠃       ᠶᠠᠫᠤᠨ ᠳᠤ ᠭᠡᠤᠭᠡᠳ ᠢ ᠰᠤᠷᠭᠠᠨ ᠭᠦᠮᠤᠵᠢᠭᠦᠯᠭᠦ‍ ᠨᠢᠭᠡ ᠪᠠᠳᠠᠭ ᠰᠡᠴᠡᠨ ᠦᠭᠡ ᠪᠠᠶᠢᠳᠠᠭ᠄ ︽ᠨᠠᠷᠠᠨ ᠤ ᠭᠡᠷᠡᠯ ᠪᠡ ᠠᠭᠠᠷ ᠢ ᠶᠡᠭᠡ ᠪᠠᠶᠢᠭᠠᠯᠢ ᠠᠴᠠ ᠰᠤᠶᠤᠷᠬᠠᠭᠰᠠᠨ ᠠᠴᠠ ᠭᠠᠳᠡᠨ᠎ᠠ᠂ ᠪᠤᠰᠤᠳ ᠠᠯᠢᠪᠠ ᠪᠦᠭᠦᠨ ᠢ ᠴᠦᠮ ᠭᠦᠳᠡᠯᠮᠤᠷᠢ ᠪᠠᠷ ᠲᠠᠮᠵᠢᠨ ᠤᠯᠳᠠᠭ︾ ᠭᠡᠵᠡᠢ᠃ ᠮᠠᠰᠢ ᠤᠯᠠᠨ ᠶᠠᠫᠤᠨ ᠤ ᠭᠡᠤᠭᠡᠳ ᠬᠢᠴᠢᠶᠠᠯ ᠤᠨ ᠭᠠᠳᠠᠭᠤᠷᠬᠢ ᠴᠠᠭ ᠲᠠᠭᠠᠨ ᠭᠠᠳᠠᠭᠰᠢ ᠭᠠᠷᠴᠤ ᠠᠵᠢᠯᠯᠠᠭᠠᠳ ᠵᠤᠭᠤᠰ ᠤᠯᠳᠠᠭ᠂ ᠶᠡᠭᠡ ᠰᠤᠷᠭᠠᠭᠤᠯᠢ ᠶᠢᠨ ᠤᠶᠤᠳᠡᠳ ᠴᠤ ᠠᠵᠢᠯᠴᠢ ᠠᠷᠪᠢᠴᠢ ᠪᠠᠷ ᠰᠤᠷᠤᠯᠴᠠᠬᠤ ᠨᠢ ᠲᠤᠩ ᠤᠯᠠᠨ᠃ ᠲᠡᠳᠡᠭᠡᠷ ᠤᠶᠤᠳᠡᠳ ᠬᠤᠭᠤᠯᠠᠨ ᠭᠡᠷ  ᠲᠤ ᠫᠢᠯᠠ ᠰᠠᠪᠠ ᠵᠦᠭᠡᠭᠡᠵᠤ᠂ ᠠᠶᠠᠭ᠎ᠠ ᠤᠬᠢᠶᠠᠨ᠂ ᠮᠠᠶᠢᠮᠠᠢ ᠲᠡᠯᠭᠡᠭᠦᠷ ᠲᠤ ᠪᠠᠷᠠᠭ᠎ᠠ ᠬᠤᠳᠡᠯᠳᠤᠨ᠂ ᠨᠠᠰᠤᠳᠡᠨ ᠢ ᠠᠰᠠᠷᠠᠬᠤ ᠭᠠᠵᠠᠷ ᠲᠤ ᠠᠰᠠᠷᠠᠭᠴᠢ ᠪᠤᠯᠵᠤ᠂ ᠦᠪᠠᠷ ᠤᠨ ᠰᠤᠷᠤᠯᠭ᠎ᠠ ᠶᠢᠨ ᠰᠦᠢᠳᠭᠡᠯ ᠢᠶᠠᠨ ᠤᠯᠴᠢᠬᠠᠳᠠᠭ ᠶᠤᠮ᠃ ᠭᠡᠤᠭᠡᠳ ᠢ ᠲᠤᠩ ᠪᠠᠭ᠎ᠠ ᠪᠠᠶᠢᠬᠤ ᠦᠶ᠎ᠠ ᠠᠴᠠ ᠨᠢ ᠡᠬᠢᠯᠠᠨ ᠡᠴᠢᠭᠡ ᠡᠭᠡ ᠨᠢ ᠲᠡᠳᠡᠨ ᠳᠤ ︽ᠪᠤᠰᠤᠳ ᠲᠤ ᠶᠠᠷᠰᠢᠬ ᠲᠠᠳᠠᠬᠤ ᠦᠭᠡᠢ︾ ᠭᠡᠳᠡᠭ ᠨᠢᠭᠡ ᠵᠦᠢᠯ ᠤᠨ ᠦᠵᠡᠯ ᠰᠠᠨᠠᠭ᠎ᠠ ᠶᠢ ᠤᠬᠠᠭᠤᠯᠵᠤ ᠨᠠᠪᠳᠡᠷᠡᠭᠦᠯᠳᠡᠭ᠃ ᠪᠦᠭᠦ ᠭᠡᠷ ᠢᠶᠠᠷ ᠢᠶᠠᠨ ᠭᠠᠳᠠᠭᠰᠢ ᠭᠠᠷᠴᠤ ᠵᠤᠭᠠᠴᠠᠬᠤ ᠳᠤ ᠭᠡᠳᠤᠢ ᠪᠠᠭ᠎ᠠ ᠭᠡᠤᠭᠡᠳ ᠴᠤ ᠭᠡᠰᠡᠨ ᠠᠷᠤ ᠳᠠᠭᠠᠨ ᠨᠢᠭᠡ ᠪᠤᠭᠴᠤ ᠡᠭᠦᠷᠦᠭᠰᠡᠨ ᠪᠠᠶᠢᠳᠠᠭ ᠶᠤᠮ᠃ ᠡᠶᠢᠮᠤ ᠠᠴᠠ ᠶᠠᠫᠤᠨ ᠤ ᠭᠡᠤᠭᠡᠳ ᠪᠠᠭ᠎ᠠ ᠠᠴᠠ ᠪᠠᠨ ᠴᠦᠮ ︽ᠦᠪᠠᠷ ᠤᠨ ᠶᠠᠭᠤᠮ᠎ᠠ  ᠪᠠᠨ ᠦᠪᠠᠷ ᠢᠶᠠᠨ ᠬᠠᠮᠢᠶᠠᠷᠴᠤ ᠶᠠᠪᠤᠨ᠎ᠠ︾ ᠭᠡᠰᠡᠨ ᠦᠵᠡᠯᠳᠡ ᠲᠠᠢ ᠪᠠᠶᠢᠳᠠᠭ ᠪᠢᠯᠠ᠃       ᠺᠠᠨᠠᠳᠠᠴᠣᠳ ᠭᠡᠤᠭᠡᠳ ᠤᠨ ᠢᠶᠠᠨ ᠢᠷᠡᠭᠡᠳᠤᠢ ᠶᠢᠨ ᠨᠠᠶᠢᠭᠡᠮ ᠳᠤ ᠤᠷᠤᠰᠢᠨ ᠠᠮᠢᠳᠤᠷᠠᠬᠤ ᠴᠢᠳᠠᠪᠤᠷᠢ ᠶᠢ ᠭᠦᠮᠤᠵᠢᠭᠦᠯᠭᠦ ᠶᠢᠨ ᠲᠦᠯᠤᠭᠡ᠂ ᠺᠠᠨᠠᠳᠡ ᠶᠢᠨ ᠭᠡᠷ ᠤᠨ ᠠᠬᠠᠮᠠᠳ ᠰᠠᠨᠠᠭᠠᠴᠢᠯᠭ᠎ᠠ ᠲᠠᠢ ᠪᠠᠷ ᠭᠡᠤᠭᠡᠳ ᠤᠨ ᠢᠶᠠᠨ ᠪᠠᠶ᠎ᠠ ᠪᠠᠨ ᠲᠠᠭᠠᠭᠠᠵᠤ ᠠᠮᠢᠳᠤᠷᠠᠬᠤ ᠴᠢᠳᠠᠪᠤᠷᠢ ᠶᠢ ᠭᠦᠮᠤᠵᠢᠭᠦᠯᠳᠡᠭ᠃ ᠺᠠᠨᠠᠳᠡ ᠶᠢᠨ ᠨᠢᠭᠡ ᠰᠤᠷᠪᠤᠯᠵᠢᠯᠠᠭᠴᠢ ᠶᠢᠨ ᠭᠡᠷ ᠤᠨ ᠪᠠᠭ᠎ᠠ ᠰᠤᠷᠭᠠᠭᠤᠯᠢ ᠳᠤ ᠰᠤᠷᠤᠯᠴᠠᠵᠤ ᠪᠠᠶᠢᠭ᠎ᠠ ᠬᠤᠶᠠᠷ ᠭᠡᠤᠭᠡᠳ ᠨᠢ ᠡᠳᠤᠷ ᠪᠤᠯᠭᠠᠨ ᠤ ᠦᠷᠯᠤᠭᠡ ᠡᠷᠳᠡ ᠡᠷᠤᠭᠡ ᠲᠠᠷᠠᠭᠠᠯᠠᠨ ᠰᠤᠨᠢᠨ ᠭᠦᠷᠭᠡᠳᠡᠭ᠃ ᠭᠡᠤᠭᠡᠳ ᠤᠨ ᠢᠶᠠᠨ ᠤᠷᠮ᠎ᠠ ᠪᠠᠭ᠋ᠠᠳᠡᠢ ᠰᠤᠨᠢᠨ ᠬᠤᠪᠢᠶᠠᠬᠤ ᠶᠢ ᠦᠵᠡᠭᠡᠳ ᠲᠡᠷᠡᠭᠦ ᠰᠤᠷᠪᠤᠯᠵᠢᠯᠠᠭᠴᠢ ᠡᠴᠢᠭᠡ ᠨᠢ ᠲᠦᠢᠯ ᠢᠶᠠᠷ ᠤᠮᠤᠭᠰᠢᠵᠤ᠄ ︽ᠡᠶᠢᠮᠤ ᠠᠷᠪᠢᠨ ᠰᠤᠨᠢᠨ ᠢ ᠬᠤᠪᠢᠶᠠᠬᠤ ᠠᠮᠠᠷ ᠦᠭᠡᠢ ᠰᠢᠤ᠂ ᠬᠠᠷ᠎ᠠ ᠡᠷᠳᠡ ᠪᠠᠷ ᠪᠤᠰᠤᠨ᠎ᠠ᠂ ᠰᠠᠯᠬᠢᠨ ᠪᠤᠷᠤᠭᠠᠨ ᠢ ᠬᠠᠶᠢᠬᠤᠷᠤᠯ ᠦᠭᠡᠢ ᠭᠡᠵᠢᠶᠠᠳᠡ ᠭᠦᠷᠭᠡᠨ᠎ᠠ᠂ ᠭᠡᠪᠡᠴᠤ ᠭᠡᠤᠭᠡᠳ ᠮᠢᠨᠢ ᠨᠢᠭᠡ ᠤᠳᠠᠭ᠎ᠠ ᠴᠤ ᠶᠠᠷᠤ ᠠᠴᠠ ᠰᠤᠨᠢᠨ ᠭᠦᠷᠭᠡᠭᠦ ᠪᠠᠨ ᠰᠠᠭᠠᠳᠠᠭᠠᠭᠰᠠᠨ ᠦᠭᠡᠢ ᠶᠤᠮ︾ ᠭᠡᠵᠡᠢ᠃       ᠲᠡᠬᠡᠷᠡᠬᠢ ᠠᠴᠠ ᠶᠠᠭᠤ ᠶᠢ ᠤᠯᠵᠤ ᠬᠠᠷᠠᠬᠤ ᠪᠢᠯᠡ︖       ᠬᠡᠷᠪᠡ ᠲᠡᠶᠢᠮᠦ ᠪᠢᠰᠢ᠂ ︽ᠠᠮᠠᠨ ᠳᠠᠭᠠᠨ ᠬᠢᠪᠡᠯ ᠬᠠᠶᠢᠯᠤᠮᠠᠷ︾ ᠬᠡᠵᠤ ︽ᠲᠤᠷᠭᠠᠨ ᠲᠡᠬᠡᠷ᠎ᠡ ᠡᠷᠬᠡᠯᠡᠬᠦᠯᠵᠤ᠂ ᠲᠤᠰᠤᠨ ᠲᠡᠬᠡᠷ᠎ᠡ ᠭᠤᠯᠭᠤᠭᠤᠯᠪᠠᠯ︾ ᠬᠦᠮᠦᠨ ᠶᠠᠭᠠᠬᠢᠵᠤ ᠬᠦᠮᠦᠵᠢᠭᠳᠡᠬᠦ ᠶᠢ ᠤᠳᠤᠬᠠᠨ ᠤ ᠬᠡᠦᠬᠡᠳ  ᠠᠴᠠ ᠤᠯᠵᠤ ᠬᠠᠷᠠᠬᠤ ᠦᠬᠡᠢ ᠤᠤ︖ ᠬᠤᠶᠠᠷ ᠲᠤᠭᠤᠷᠢᠭ ᠬᠦᠶᠦᠵᠤ ᠲᠠᠮᠢᠷ ᠬᠢᠬᠡᠳ ᠠᠮᠢᠰᠬᠤᠭ᠎ᠠ ᠪᠦᠭᠯᠡᠷᠡᠬᠡᠳ ᠶᠠᠭᠠᠬᠢᠵᠤ ᠪᠠᠶᠢᠨ᠎ᠠ︖ ᠬᠠᠭᠠᠰ ᠴᠠᠭ ᠨᠠᠷᠠᠨ ᠳᠤ ᠰᠢᠷᠠᠭᠳᠠᠬᠤ ᠳᠤ ᠯᠠ ᠵᠤᠭᠰᠤᠵᠤ ᠲᠡᠶᠢᠯᠬᠦ ᠦᠬᠡᠢ ᠲᠡᠨᠴᠢᠬᠦᠷᠳᠡᠭ ᠬᠡᠳᠦᠢ ᠪᠠᠶᠢᠨ᠎ᠠ︖ ᠴᠢᠩᠬᠤᠸᠠ ᠶᠡᠭᠡ ᠰᠤᠷᠭᠠᠭᠤᠯᠢ ᠶᠢᠨ ᠭᠤᠷᠪᠠᠨ ᠮᠢᠩᠭᠠᠨ ᠰᠤᠷᠤᠭᠴᠢ ᠴᠡᠷᠢᠭ ᠤᠨ ᠪᠤᠯᠪᠰᠤᠷᠠᠯ  ᠳᠤ ᠮᠠᠨᠠᠷᠠᠨ ᠤᠶᠢᠴᠢᠭᠰᠠᠨ ᠢ ᠰᠤᠨᠤᠰᠤᠯ᠎ᠠ ᠪᠠ︖ ᠡᠨᠡ ᠶᠠᠭᠤ ᠶᠢ ᠬᠠᠷᠠᠭᠤᠯᠪᠠ︖ ᠬᠠᠳᠠᠭᠤ ᠪᠤᠯᠪᠠᠰᠤᠷᠠᠯ ᠳᠤ ᠲᠠᠳᠤᠭᠰᠠᠨ ᠦᠬᠡᠢ ᠶᠢᠨ ᠬᠢ︕      ᠡᠶᠢᠮᠦ ᠠᠴᠠ ᠬᠠᠳᠠᠭᠤ ᠬᠦᠮᠦᠵᠢᠯ ᠪᠣᠯ ᠤᠳᠤᠬᠠᠨ ᠤ ᠰᠤᠷᠭᠠᠨ ᠬᠦᠮᠦᠵᠢᠯ ᠤᠨ ᠵᠠᠩᠬᠢᠯᠠᠭ᠎ᠠ ᠮᠥᠨ᠃  
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号