| — ᠪᠤᠯᠤᠴᠢᠯᠠᠭᠤ ᠶᠢᠨ ︽ᠮᠤᠩᠭᠤᠯᠴᠤᠤᠨ ᠤᠨ ᠤᠯᠠᠮᠵᠢᠯᠠᠯᠲᠤ ᠭᠡᠷ ᠪᠦᠯᠢ ᠶᠢᠨ | ᠬᠦᠮᠦᠵᠢᠯ ᠪᠤᠯᠤᠨ ᠰᠡᠳᠭᠢᠴᠨ ᠶᠢᠨ ᠡᠷᠡᠭᠦᠯ ᠮᠠᠨᠲᠤ ︾ ᠶᠢᠨ ᠲᠤᠬᠠᠢ ᠲᠠᠶᠢᠯᠤᠮᠵᠢ | | | | ● ᠰᠤᠷᠪᠤᠯᠵᠢᠯᠠᠭᠴᠢ ᠭᠡᠰᠢᠭᠪᠡᠶᠠᠷ | | | | 9 ᠰᠠᠷ᠎ᠠ ᠶᠢᠨ 20 ᠤ ᠡᠳᠤᠷ ᠤᠨ ᠦᠳᠡ ᠶᠢᠨ ᠡᠮᠦᠨ᠎ᠠ᠂ ︽ᠮᠤᠩᠭᠤᠯᠴᠤᠳ ᠤᠨ ᠭᠡᠷ ᠪᠦᠯᠢ ᠶᠢᠨ | ᠬᠦᠮᠦᠵᠢᠯ︾ ᠭᠡᠬᠦ ᠨᠤᠮ ᠤᠨ ᠵᠤᠬᠢᠶᠠᠭᠴᠢ ᠪᠤᠯᠤᠴᠢᠯᠠᠭᠤ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ | ᠨᠢᠭᠡᠨ ᠬᠢᠴᠢᠶᠠᠯ ᠤᠨ ᠬᠡᠷ ᠲᠤ ︽ᠮᠤᠩᠭᠤᠯᠴᠤᠳ ᠤᠨ ᠤᠯᠠᠮᠵᠢᠯᠠᠯᠳᠤ ᠬᠡᠷ ᠪᠦᠯᠢ ᠶᠢᠨ ᠬᠦᠮᠦᠵᠢᠯ ᠪᠤᠯᠤᠨ | ᠰᠡᠳᠬᠢᠴᠠ ᠶᠢᠨ ᠡᠷᠡᠭᠦᠯ ᠮᠠᠨᠳᠤ︾ ᠬᠡᠬᠦ ᠠᠭᠤᠯᠭ᠎ᠠ ᠪᠠᠷ ᠲᠠᠶᠢᠯᠤᠮᠵᠢ ᠬᠢᠭᠰᠡᠨ ᠪᠢᠯᠠ᠃ | ︽ᠨᠠᠶᠢᠭᠡᠮ ᠤᠨ ᠬᠦᠭᠵᠢᠯᠳᠠ ᠬᠤᠪᠢᠷᠠᠯᠳᠠ ᠪᠤᠯᠨ ᠢᠨᠲ᠋ᠧᠷ ᠰᠦᠯᠵᠢᠶ᠎ᠠ ᠲᠦᠭᠡᠮᠡᠯᠵᠢᠬᠦ ᠶᠢ ᠲᠠᠭᠠᠯᠳᠤᠨ | ᠮᠤᠩᠭᠤᠯᠴᠤᠳ ᠤᠨ ᠦᠢᠯᠡᠳᠪᠤᠷᠢᠯᠠᠯ ᠠᠮᠢᠳᠤᠷᠠᠯ ᠤᠨ ᠠᠷᠭ᠎ᠠ ᠭᠡᠯᠪᠡᠷᠢ᠂ ᠲᠤᠮᠤᠴᠤᠳ ᠤᠨ ᠠᠰᠢᠭ ᠰᠤᠨᠢᠷᠬᠠᠯ᠂ | ᠬᠠᠷᠢᠯᠴᠠᠭ᠎ᠠ ᠶᠠᠪᠤᠯᠴᠠᠭ᠎ᠠ ᠠᠴᠠ ᠡᠬᠢᠯᠡᠭᠡᠳ ᠬᠡᠦᠭᠡᠳ ᠤᠨ ᠰᠡᠳᠬᠢᠵᠦ ᠰᠤᠨᠢᠷᠬᠠᠬᠤ ᠨᠢ ᠬᠦᠷᠳᠡᠯ᠎ᠠ ᠬᠤᠪᠢᠷᠠᠵᠦ᠂ | ᠦᠨᠤᠳᠤᠷ ᠤᠨ ᠬᠡᠦᠭᠡᠳ ᠤᠨ ᠬᠦᠮᠦᠵᠢᠯ ᠳᠤ ᠤᠯᠠᠨ ᠰᠢᠨ᠎ᠠ ᠠᠰᠠᠭᠤᠳᠠᠯ ᠲᠤᠯᠭᠠᠷᠠᠵᠦ ᠪᠠᠶᠢᠨ᠎ᠠ︾ ᠬᠡᠵᠦ | ᠪᠤᠯᠤᠴᠢᠯᠠᠭᠤ ᠲᠠᠶᠢᠯᠤᠮᠵᠢ ᠪᠠᠨ ᠡᠬᠢᠯᠡᠬᠦᠯᠵᠦ᠂ ︽ᠦᠨᠠᠨ ᠳᠡᠭᠡᠨ᠂ ᠮᠠᠨ ᠤ ᠮᠤᠩᠭᠤᠯᠴᠤᠳ ᠪᠤᠯ ᠰᠢᠰᠲ᠋ᠧᠮᠵᠢᠭᠰᠡᠨ | ᠬᠡᠷ ᠪᠦᠯᠢ ᠶᠢᠨ ᠬᠦᠮᠦᠵᠢᠯ ᠰᠤᠷᠭᠠᠯ ᠲᠠᠢ ᠰᠤᠶᠤᠯᠳᠤ ᠤᠭᠰᠠᠭᠠᠳᠠᠨ᠂ ᠬᠡᠦᠭᠡᠢ ᠶᠢᠨ ᠬᠦᠮᠤᠵᠢᠯ ᠠᠴᠠ ᠡᠬᠢᠯᠡᠭᠡᠳ | ᠬᠡᠯᠡ ᠵᠠᠩᠰᠢᠯ᠂ ᠠᠵᠤ ᠲᠦᠷᠦᠬᠦ ᠶᠤᠰᠤᠨ ᠬᠦᠷᠳᠡᠯ᠎ᠠ ᠪᠦᠷᠢᠨ ᠬᠦᠮᠦᠵᠢᠯ ᠲᠠᠢ ᠪᠠᠶᠢᠵᠦ᠂ ᠨᠡᠶᠢᠭᠡᠮ᠂ | ᠦᠢᠯᠡᠳᠪᠤᠷᠢᠯᠠᠯ ᠠᠮᠢᠳᠤᠷᠠᠯ ᠤᠨ ᠬᠡᠷᠡᠭᠴᠡᠭᠡ ᠱᠠᠭᠠᠷᠳᠠᠯᠭ᠎ᠠ ᠪᠠᠷ ᠬᠡᠦᠭᠡᠳ ᠢᠶᠠᠨ ᠠᠶᠠᠨᠴᠢᠨ ᠵᠢᠩᠴᠢᠨ᠂ ᠠᠩᠴᠢᠨ | ᠬᠦᠷᠦᠭᠡᠴᠢᠨ᠂ ᠤᠶᠠᠭᠠᠴᠢᠨ ᠡᠮᠨᠢᠭᠴᠢᠨ᠂ ᠤᠶᠤᠳᠠᠯᠴᠢᠨ ᠰᠠᠭᠠᠯᠢᠴᠢᠨ᠂ ᠡᠮᠴᠢ ᠲᠤᠮᠴᠢ᠂ ᠤᠷᠠᠯᠢᠭᠴᠢᠨ ᠲᠠᠭᠤᠴᠢᠨ | ᠬᠡᠳ ᠤᠯᠠᠨ ᠰᠠᠶᠢᠬᠠᠨ ᠠᠪᠢᠶᠠᠰᠳᠠᠨ ᠴᠢᠳᠠᠪᠤᠷᠢᠳᠠᠨ ᠪᠤᠯᠭᠠᠠ ᠬᠦᠮᠦᠵᠢᠬᠦᠯᠵᠦ ᠪᠠᠶᠢᠭᠰᠠᠨ ᠶᠤᠮ᠂ ᠦᠨᠤᠳᠤᠷ | ᠬᠡᠳᠦ᠋ᠢᠪᠠᠷ ᠡᠳᠡᠭᠡᠷ ᠤᠯᠠᠨ ᠠᠵᠢᠯ ᠮᠡᠷᠭᠡᠵᠢᠯ ᠤᠨ ᠵᠠᠷᠢᠮ ᠨᠢ ᠨᠠᠶᠢᠭᠡᠮ ᠤᠨ ᠬᠡᠷᠡᠭᠴᠡᠭᠡ ᠠᠴᠠ ᠬᠤᠯᠠᠳᠠᠭᠰᠠᠨ | ᠪᠤᠯᠪᠠᠴᠤ ᠬᠡᠦᠭᠡᠳ ᠬᠦᠮᠦᠵᠢᠬᠦᠯᠬᠦ ᠠᠷᠭ᠎ᠠ ᠵᠦᠢ ᠨᠢ ᠬᠡᠵᠢᠶᠠᠳᠠ ᠬᠤᠴᠤᠷᠬᠤ ᠶᠤᠰᠤ ᠦᠭᠡᠢ᠃ ᠡᠶᠢᠮᠦ ᠠᠴᠠ ᠪᠢᠳᠠ | ᠤᠳᠤ ᠶᠢᠨ ᠨᠡᠶᠢᠭᠡᠮ ᠤᠨ ᠤᠷᠴᠢᠨ ᠳᠤ ᠤᠯᠠᠮᠵᠢᠯᠠᠯᠳᠤ ᠬᠡᠷ ᠪᠦ᠋ᠯᠢ ᠶᠢᠨ ᠬᠦᠮᠦᠵᠢᠯ ᠢᠶᠠᠨ ᠬᠡᠷᠬᠢᠨ ᠦᠪᠯᠡᠬᠦ ᠲᠤᠬᠠᠢ | ᠠᠩᠬᠠᠷᠤᠯ ᠲᠠᠯᠪᠢᠨ ᠠᠷᠭ᠎ᠠ ᠰᠦᠪᠡᠭᠴᠢᠯᠡᠬᠦ ᠶᠤᠰᠤᠳᠠᠢ᠂ ᠬᠠᠮᠤᠭ ᠤᠨ ᠴᠢᠬᠤᠯᠠ ᠨᠢ ᠬᠦᠮᠦᠰ ᠤᠨ ᠶᠠᠰᠤ ᠴᠢᠰᠤᠨ ᠳᠤ | ᠰᠢᠩᠭᠡᠭᠰᠡᠨ ᠤᠳᠤᠮᠰᠢᠯ ᠬᠡᠳᠡᠭ ᠰᠤᠶᠤᠯ ᠤᠨ ᠰᠦᠭ ᠰᠦᠨᠠᠰᠤ ᠪᠠᠨ ᠲᠠᠨᠢᠵᠦ ᠮᠡᠳᠡᠬᠦ ᠬᠡᠷᠡᠭᠳᠡᠢ ᠪᠤᠯᠤᠭᠠᠳ ᠪᠠᠶᠢᠨ᠎ᠠ︾ | ᠬᠡᠳ ᠠᠭᠤᠯᠭ᠎ᠠ ᠳᠠᠭᠠᠨ ᠰᠢᠭᠤᠳ ᠤᠷᠤᠪᠠ᠃ | | | ᠬᠡᠷ ᠪᠦᠯᠢ ᠶᠢᠨ 80% ᠤᠨ ᠬᠠᠷᠢᠭᠤᠴᠠᠯᠭ᠎ᠠ | | | ᠪᠤᠯᠤᠴᠢᠯᠠᠭᠤ ᠶᠢᠨ ᠦᠵᠡᠬᠦ ᠪᠠᠷ᠂ ᠤᠯᠠᠩᠭᠢ ᠬᠡᠷ ᠤᠨ ᠠᠬᠠᠮᠠᠳ ᠬᠡᠦᠭᠡᠳ ᠢᠶᠠᠨ ᠰᠠᠶᠢᠨ ᠪᠠᠭᠰᠢ ᠰᠠᠶᠢᠨ | ᠰᠤᠷᠭᠠᠭᠤᠯᠢ ᠳᠤ ᠬᠦᠷᠭᠡᠪᠡᠯ ᠪᠤᠯᠴᠢᠬᠠᠨ᠎ᠠ ᠬᠡᠬᠦ ᠰᠢᠤᠬᠠᠨ ᠤᠢᠢᠯᠠᠭᠠᠯᠳᠠ ᠲᠠᠢ ᠪᠠᠶᠢᠳᠠᠭ ᠨᠢ ᠲᠤᠩ ᠪᠤᠷᠤᠭᠤ᠃ | ᠰᠤᠷᠭᠠᠭᠤᠯᠢ ᠶᠢᠨ ᠬᠦᠮᠦᠵᠢᠯ ᠬᠡᠵᠢᠶ᠎ᠠ ᠴᠤ ᠬᠡᠷ ᠪᠦᠯᠢ ᠶᠢᠨ ᠬᠦᠮᠦᠵᠢᠯ ᠢ ᠤᠷᠤᠯᠠᠵᠦ ᠴᠢᠳᠠᠬᠤ ᠦᠭᠡᠢ᠃ | ᠰᠤᠷᠭᠠᠭᠤᠯᠢ ᠶᠢᠨ ᠬᠦᠮᠦᠵᠢᠯ ᠪᠤᠯ ᠲᠠᠷᠢᠬᠢᠨ ᠤ ᠬᠦᠮᠦᠵᠢᠯ ᠪᠤᠶᠤ ᠡᠷᠳᠡᠮ ᠨᠤᠮ ᠵᠢᠭᠠᠬᠤ ᠪᠠᠷ ᠭᠤᠤᠯᠳᠠᠨ᠎ᠠ᠃ ᠰᠠᠶᠢᠨ | ᠰᠤᠷᠬᠤ ᠤᠤ᠂ ᠮᠠᠭᠤ ᠰᠤᠷᠬᠤ ᠤᠤ︖ ᠬᠡᠳᠡᠭ ᠨᠢ ᠲᠠᠷᠢᠬᠢ ᠲᠤᠯᠤᠭᠠᠢ ᠲᠠᠢ ᠬᠠᠮᠢᠶ᠎ᠠ ᠦᠭᠡᠢ᠂ ᠬᠠᠷᠢᠨ | ᠬᠡᠦᠭᠡᠳ ᠤᠨ ᠤᠪᠤᠷ ᠰᠡᠳᠬᠢᠯᠭᠡ ᠵᠠᠩ ᠰᠡᠳᠬᠢᠴᠠ ᠲᠤᠷ᠎ᠠ ᠰᠤᠨᠢᠷᠬᠠᠯ ᠠᠴᠠ ᠲᠤᠭᠳᠠᠭᠠᠭᠳᠠᠨ᠎ᠠ᠂ ᠲᠡᠭᠡᠭᠦ ᠳᠤ | ᠡᠨᠡ ᠨᠢ ᠬᠡᠷ ᠪᠦᠯᠢ ᠶᠢᠨ ᠬᠦᠮᠤᠵᠢᠯ ᠲᠠᠢ ᠬᠤᠯᠪᠤᠭᠳᠠᠳᠠᠭ᠃ ᠦᠭᠡᠷ᠎ᠠ ᠪᠠᠷ ᠬᠡᠯᠡᠪᠡᠯ ᠵᠢᠷᠤᠭᠡ ᠰᠡᠳᠬᠢᠯ ᠤᠨ ᠬᠦᠮᠤᠵᠢᠯ | ᠪᠤᠶᠤ ᠶᠠᠮᠠᠷᠬᠠᠨ ᠬᠦᠮᠦᠨ ᠮᠦᠰᠦ ᠵᠠᠩ ᠰᠤᠷᠳᠠᠯ ᠲᠠᠢ ᠬᠦᠮᠦᠨ ᠪᠤᠯᠬᠤ ᠨᠢ ᠭᠤᠤᠯᠳᠠᠭᠤ ᠬᠡᠷ ᠪᠦᠯᠢ ᠶᠢᠨ | ᠤᠷᠴᠢᠨ ᠳᠤ ᠲᠦᠯᠦᠪᠰᠢᠷᠡᠨᠠ᠃ ᠬᠠᠯᠠᠭᠤᠨ ᠰᠡᠳᠬᠢᠯ᠂ ᠦᠭᠡᠳᠡᠷᠭᠡᠭ ᠰᠡᠳᠬᠢᠯ᠂ ᠬᠠᠷᠢᠭᠤᠴᠠᠯᠭᠠᠳᠤ ᠰᠡᠳᠬᠢᠯ᠂ | ᠠᠴᠢᠯᠠᠯ ᠵᠢᠷᠤᠮ ᠤᠨ ᠰᠡᠳᠬᠢᠯ᠂ ᠦᠷᠦ ᠵᠦᠭᠡᠯᠡᠨ ᠰᠡᠳᠬᠢᠯ ᠭᠡᠳ ᠲᠠᠷᠠ ᠤᠯᠠᠨ ᠬᠦᠮᠦᠯᠢᠭ ᠰᠡᠳᠬᠢᠯᠭᠡ ᠶᠢ | ᠬᠡᠦᠭᠡᠳ ᠬᠡᠷ ᠪᠦᠯᠢ ᠶᠢᠨ ᠠᠭᠠᠷ ᠠᠴᠠ ᠬᠦᠷᠳᠡᠨ᠎ᠠ᠃ ᠬᠡᠦᠭᠡᠳ ᠢ ᠰᠤᠷᠭᠠᠭᠤᠯᠢ ᠳᠤ ᠬᠦᠷᠭᠡᠬᠦ ᠦᠶᠡᠰ ᠪᠠᠷᠤᠭ ︽ | ᠰᠡᠴᠡᠨ ᠰᠡᠷᠭᠦᠯᠡᠩ︾ ᠪᠤᠶᠤ ︽ᠪᠢᠳᠠᠭᠤ ᠮᠤᠩᠬᠠᠭ︾ ᠨᠢ ᠨᠢᠭᠡᠨᠳᠡ ᠢᠯᠭᠠᠷᠠᠴᠢᠬᠠᠭᠰᠠᠨ ᠪᠠᠶᠢᠳᠠᠭ᠃ ᠲᠤᠬᠠᠢᠢᠯᠠᠪᠠᠯ᠂ | ᠬᠠᠯᠠᠭᠤᠨ ᠲᠤᠯᠠᠭᠠᠨ ᠬᠡᠷ ᠪᠦᠯᠢ ᠶᠢᠨ ᠤᠷᠴᠢᠨ ᠳᠤ ᠪᠤᠶᠢᠵᠢᠭᠰᠠᠨ ᠬᠡᠦᠭᠡᠳ ᠤᠨ ᠬᠠᠯᠠᠭᠤᠨ ᠰᠡᠳᠬᠢᠯ ᠨᠢ | ᠨᠡᠭᠡᠭᠡᠭᠳᠡᠵᠦ ᠶᠠᠭᠤᠮ᠎ᠠ ᠪᠦᠬᠦᠨ ᠳᠤ ᠰᠤᠨᠢᠭᠤᠴᠢ ᠪᠠᠶᠢᠵᠦ ︽ᠰᠡᠴᠡᠨ ᠰᠡᠷᠭᠦᠯᠠᠩ︾ ᠬᠡᠮᠡᠭᠳᠡᠵᠦ︔ ᠬᠡᠷ | ᠵᠠᠭᠤᠷ᠎ᠠ ᠪᠠᠨ ᠬᠠᠯᠠᠭᠤᠨ ᠲᠤᠯᠠᠭᠠᠨ ᠶᠠᠷᠢᠶ᠎ᠠ ᠵᠤᠭᠤᠭ ᠦᠭᠡᠢ᠂ ᠬᠡᠦᠭᠡᠳ ᠲᠠᠢ ᠪᠠᠨ ᠰᠡᠳᠬᠢᠯ ᠰᠠᠨᠠᠭ᠎ᠠ ᠪᠠᠨ | ᠤᠢᠢᠯᠠᠭᠠᠯᠴᠠᠳᠠᠭ ᠦᠭᠡᠢ᠂ ᠡᠪ ᠨᠠᠶᠢᠷ ᠪᠠᠷᠤᠭᠳᠠᠢ ᠬᠡᠷ ᠪᠦᠯᠢ ᠶᠢᠨ ᠤᠷᠴᠢᠨ ᠳᠤ ᠦᠰᠦᠭᠰᠡᠨ ᠬᠡᠦᠭᠡᠳ ᠶᠠᠭᠤᠮᠠᠨ ᠳᠤ | ᠲᠠᠮᠠᠢ ᠲᠤᠷ᠎ᠠ ᠰᠤᠨᠢᠷᠬᠠᠯ ᠦᠭᠡᠢ᠂ ᠬᠡᠯᠡ ᠠᠮᠠᠨ ᠳᠠᠭᠠᠨ ᠪᠢᠳᠠᠭᠤ᠂ ᠬᠦᠮᠦᠨ ᠠᠴᠠ ᠵᠠᠶᠢᠳᠠᠭᠤ ᠬᠦᠳᠡᠮᠰᠦᠭ ᠪᠠᠶᠢᠵᠦ᠂ | ᠠᠮᠠᠷᠠᠬᠠ ︽ᠪᠢᠳᠠᠭᠤ ᠮᠤᠩᠬᠠᠭ︾ ᠬᠡᠮᠠᠨ ᠦᠵᠡᠭᠳᠡᠨ᠎ᠠ᠃ | ᠨᠦᠬᠦᠭᠡ ᠲᠠᠯ᠎ᠠ ᠪᠠᠷ ᠠᠪᠤ ᠡᠵᠢ ᠪᠤᠯᠤᠭᠰᠠᠨ ᠪᠢᠳᠠ ᠭᠠᠭᠴᠠ ᠬᠤᠶᠠᠷᠬᠠᠨ ᠬᠡᠦᠭᠡᠳ ᠲᠠᠢ ᠪᠠᠨ ᠪᠠᠰᠠ ᠰᠡᠳᠬᠢᠯ | ᠰᠠᠨᠠᠭ᠎ᠠ ᠪᠠᠨ ᠰᠠᠶᠢᠬᠠᠨ ᠤᠢᠢᠯᠠᠭᠠᠯᠴᠠᠬᠤ ᠳᠤ ᠬᠦᠴᠢᠷᠳᠡᠵᠦ ᠪᠠᠶᠢᠬᠤ ᠳᠤ᠂ ᠠᠳᠠᠯᠢ ᠪᠤᠰᠤ ᠬᠡᠷ ᠪᠦᠯᠢ ᠶᠢᠨ | ᠠᠭᠠᠷ ᠲᠤ ᠦᠰᠴᠤ ᠪᠠᠶᠢᠭ᠎ᠠ ᠲᠠᠷᠠ ᠤᠯᠠᠨ ᠠᠪᠤ ᠶᠢᠨ ᠬᠡᠦᠭᠡᠳ ᠢ ᠲᠠᠭᠠᠭᠤᠯᠵᠤ ᠶᠠᠪᠤᠭ᠎ᠠ ᠪᠠᠭᠰᠢ ᠰᠤᠷᠭᠠᠭᠤᠯᠢ ᠳᠤ | ᠠᠯᠢᠪᠠ ᠶᠢ ᠨᠠᠶᠢᠳᠠᠬᠤ ᠪᠤᠯ ᠲᠤᠩ ᠤᠰᠤᠯ ᠲᠠᠢ ᠪᠤᠳᠤᠯ᠃ ︽ᠰᠤᠶᠤᠯ ᠤᠨ ᠶᠡᠭᠡ ᠬᠤᠪᠢᠰᠬᠠᠯ︾ ᠤᠨ ᠭᠠᠯᠵᠠᠭᠤ | ᠰᠢᠭᠤᠷᠭ᠎ᠠ ᠨᠠᠮᠳᠠᠵᠦ᠂ 1977 ᠤᠨ ᠠᠴᠠ ᠡᠬᠢᠯᠡᠨ ᠤᠯᠤᠰ ᠤᠨ ᠰᠢᠯᠭᠠᠯᠳᠠ ᠰᠡᠷᠭᠦᠭᠦ ᠳᠤ᠂ ᠮᠢᠩᠭᠠᠨᠴᠤᠭᠳᠤ᠂ | ᠬᠠᠷᠠᠨᠤᠳ ᠰᠠᠶᠢᠨᠴᠤᠭᠳᠤ᠂ ᠪᠤᠷᠵᠢᠭᠢᠨ ᠬᠡᠷᠡᠯᠳᠦ᠂ ᠷᠠ᠊ · ᠡᠷᠳᠡᠮᠳᠦ᠂ ᠲᠡᠭᠦᠰᠪᠠᠶᠠᠷ ᠁ ᠬᠡᠳ ᠲᠤᠩ ᠤᠯᠠᠨ | ᠪᠢᠴᠢᠭᠳᠡᠨ ᠡᠷᠳᠡᠮᠳᠡᠨ᠂ ᠰᠢᠨᠵᠢᠯᠠᠬᠦ ᠤᠬᠠᠭᠠᠨᠳᠠᠨ ᠴᠤᠯᠭᠤᠷᠠᠨ ᠭᠠᠷᠤᠭᠰᠠᠨ ᠢ ᠬᠦᠮᠦᠨ ᠪᠦᠬᠦᠨ ᠮᠡᠳᠡᠵᠦ ᠪᠠᠶᠢᠨ᠎ᠠ᠃ | ᠰᠤᠷᠭᠠᠭᠤᠯᠢ ᠪᠠ ᠨᠠᠶᠢᠭᠡᠮ ᠤᠨ ᠬᠦᠮᠦᠵᠢᠯ ᠬᠦᠯ ᠠᠯᠳᠠᠨ ᠰᠠᠮᠠᠭᠤᠷᠠᠵᠦ ᠪᠠᠶᠢᠬᠰᠠᠨ ᠲᠡᠳᠡᠭᠡᠷ ᠤᠨ ᠵᠢᠯ ᠤᠳ ᠲᠤ | ᠲᠡᠳᠡᠭᠡᠷ ᠰᠤᠳᠤᠨ ᠬᠦᠮᠦᠰ ᠴᠤᠯᠭᠤᠷᠠᠬᠤ ᠳᠤ ᠮᠠᠯᠴᠢᠨ ᠠᠷᠠᠳ ᠤᠨ ᠬᠡᠷ ᠪᠦ᠋ᠯᠢ ᠶᠢᠨ ᠬᠦᠮᠦᠵᠢᠯ ᠬᠠᠮᠤᠭ ᠤᠨ | ᠴᠢᠬᠤᠯᠠ ᠦᠢᠯᠡᠳᠦᠯ ᠦᠵᠡᠬᠦᠯᠦᠭᠰᠨᠨ ᠶᠤᠮ᠃ ᠡᠶᠢᠮᠦ ᠠᠴᠠ ᠡᠷᠳᠡᠮᠳᠡᠳ ᠤᠨ ︽ᠬᠡᠦᠭᠡᠳ ᠤᠨ ᠬᠦᠮᠦᠨ ᠪᠤᠯᠬᠤ ᠳᠤ | ᠬᠡᠷ ᠪᠦᠯᠢ 80% ᠤᠨ ᠬᠠᠷᠢᠭᠤᠴᠠᠯᠭ᠎ᠠ ᠲᠠᠢ︾ ᠬᠡᠰᠡᠨ ᠢ ᠵᠦᠪ ᠢᠶᠠᠷ ᠤᠢᠢᠯᠠᠭᠠᠬᠤ ᠴᠢᠬᠤᠯᠠᠳᠠᠢ᠃ | ᠠᠮᠧᠷᠢᠺᠠ ᠶᠢᠨ ᠬᠠᠷᠸᠠᠷᠳ᠋ ᠶᠡᠭᠡ ᠰᠤᠷᠭᠠᠭᠤᠯᠢ ᠶᠢᠨ ᠰᠤᠳᠤᠯᠭᠠᠨ ᠳᠤ ︽ᠬᠦᠮᠦᠨ ᠤ ᠬᠤᠪᠢ ᠵᠠᠶᠠᠭ᠎ᠠ ᠨᠠᠢᠮᠠᠨ | ᠴᠠᠭ ᠤᠨ ᠭᠠᠳᠠᠨ᠎ᠠ ᠢᠯᠭᠠᠷᠠᠨ᠎ᠠ︾ ᠬᠡᠰᠡᠨ ᠳ᠋ᠦᠡᠭᠨᠠᠯᠳᠠ ᠪᠠᠶᠢᠳᠠᠭ᠃ ᠬᠡᠦᠭᠡᠳ ᠴᠤ ᠬᠡᠰᠡᠨ᠂ ᠲᠤᠮᠤᠴᠤᠳ ᠴᠤ | ᠬᠡᠰᠡᠨ ᠰᠤᠷᠤᠯᠴᠠᠵᠦ ᠪᠠᠶᠢᠭ᠎ᠠ ᠪᠤᠶᠤ ᠠᠵᠢᠯᠯᠠᠵᠦ ᠪᠠᠶᠢᠭ᠎ᠠ ᠴᠠᠭ ᠲᠤ ᠶᠠᠮᠠᠷ ᠴᠤ ᠤᠴᠢᠷ ᠶᠠᠪᠤᠳᠠᠯ ᠳᠤ ᠬᠤᠯᠪᠤᠭᠳᠠᠬᠤ | ᠦᠭᠡᠢ᠂ ᠬᠡᠳᠦᠷᠡᠬᠦ ᠳᠡᠭᠡᠨ ᠠᠵᠢᠯ ᠰᠤᠷᠤᠯᠭ᠎ᠠ ᠶᠢᠨ ᠰᠠᠶᠢᠨ ᠮᠠᠭᠤ ᠶᠢᠨ ᠵᠦᠷᠢᠶ᠎ᠠ ᠭᠠᠷᠬᠤ ᠲᠠᠳᠤᠢ᠂ ᠬᠠᠷᠢᠨ ᠠᠵᠢᠯ | ᠰᠤᠷᠤᠯᠭ᠎ᠠ ᠶᠢᠨ ᠭᠠᠳᠠᠭᠤᠷ ᠶᠠᠭᠤ ᠰᠤᠨᠢᠷᠬᠠᠵᠦ ᠬᠠᠮᠢᠭᠠᠰᠢ ᠪᠠᠨ ᠬᠦᠶᠦᠵᠦ ᠪᠠᠶᠢᠨ᠎ᠠ ᠬᠡᠳᠡᠭ ᠢᠶᠠᠷ ᠨᠢᠭᠡ ᠬᠦᠮᠦᠨ ᠤ | ᠬᠤᠪᠢ ᠵᠠᠶᠠᠭ᠎ᠠ ᠲᠤᠭᠳᠠᠭᠠᠭᠳᠠᠨ᠎ᠠ᠃ ᠬᠡᠦᠭᠡᠳ ᠰᠤᠷᠭᠠᠭᠤᠯᠢ ᠪᠠᠨ ᠲᠠᠷᠬᠠᠭᠠᠳ ᠲᠤᠭᠯᠠᠭᠠᠮ ᠤᠨ ᠭᠠᠵᠠᠷ ᠢᠨᠲᠧᠷ | ᠰᠦᠯᠵᠢᠶ᠎ᠠ ᠪᠠᠷ ᠡᠷᠬᠢᠴᠡᠵᠦ ᠪᠠᠶᠢᠨ᠎ᠠ ᠤᠤ︖ ᠡᠰᠡᠪᠠᠯ ᠬᠡᠷ ᠲᠡᠭᠡᠨ ᠬᠠᠷᠢᠭᠠᠳ ᠪᠠᠶᠠᠷ ᠬᠦᠷ ᠲᠠᠢ ᠨᠠᠭᠠᠳᠴᠤ ᠪᠠᠶᠢᠨ᠎ᠠ | ᠤᠤ︖ ᠠᠪᠤ ᠡᠵᠢ ᠳᠡᠭᠡᠨ ᠲᠤᠰᠠ ᠲᠠᠮ ᠪᠤᠯᠵᠤ ᠪᠠᠶᠢᠨ᠎ᠠ ᠤᠤ︖ ᠦᠪᠠᠷ ᠤᠨ ᠲᠤᠷ᠎ᠠ ᠰᠤᠨᠢᠷᠬᠠᠯ ᠲᠠᠢ | ᠶᠠᠭᠤᠮ᠎ᠠ ᠪᠠᠨ ᠤᠷᠤᠯᠳᠤᠵᠦ ᠪᠠᠶᠢᠨ᠎ᠠ ᠤᠤ︖ ᠲᠤᠮᠤᠴᠤᠳ ᠨᠢ ᠠᠵᠢᠯ ᠪᠠᠭᠤᠪᠠᠯ ᠭᠠᠳᠠᠭᠤᠷ ᠬᠦᠶᠦᠵᠦ ᠪᠠᠶᠢᠨ᠎ᠠ ᠤᠤ | ︖ ᠡᠰᠡᠪᠡᠯ ᠬᠡᠷ ᠲᠡᠭᠡᠨ ᠶᠠᠭᠠᠷᠠᠵᠦ ᠪᠠᠶᠢᠨ᠎ᠠ ᠤᠤ︖ ᠠᠵᠢᠯ ᠤᠨ ᠴᠢᠯᠦᠭᠡᠨ ᠳᠡᠭᠡᠨ ᠠᠪᠢᠶᠠᠰ ᠲᠤᠷ᠎ᠠ ᠲᠠᠢ | ᠵᠦᠢᠯ ᠢᠶᠠᠨ ᠤᠷᠤᠯᠳᠤᠵᠦ ᠪᠠᠶᠢᠨ᠎ᠠ ᠤᠤ︖ ᠬᠡᠳᠡᠭ ᠢᠶᠠᠷ ᠲᠤᠰ ᠬᠦᠮᠦᠨ ᠪᠤᠶᠤ ᠲᠤᠰ ᠠᠶᠢᠯ ᠭᠡᠷ ᠤᠨ | ᠠᠮᠢᠳᠤᠷᠠᠯ ᠤᠨ ᠦᠡᠭᠭᠡ ᠲᠤᠭᠳᠠᠭᠠᠭᠳᠠᠨ᠎ᠠ᠃ | | | ᠬᠠᠮᠤᠭ ᠤᠨ ᠴᠢᠬᠤᠯᠠ ᠨᠢ ᠨᠦᠬᠦᠴᠡᠯ ᠲᠦᠭᠦᠭᠡᠷᠦᠮᠵᠢ ᠪᠤᠰᠤ ᠬᠠᠷᠢᠨ ᠬᠡᠷ ᠪᠦᠯᠢ ᠶᠢᠨ ᠬᠦᠮᠦᠵᠢᠯ ᠶᠤᠮ | | | ᠪᠤᠯᠤᠴᠢᠯᠠᠭᠤ ᠶᠢᠨ ᠦᠵᠡᠬᠦ ᠪᠠᠷ᠂ ᠦᠨᠤᠳᠤᠷ ᠤᠨ ᠬᠡᠦᠭᠡᠳ ᠤᠨ ᠬᠦᠮᠦᠵᠢᠯ ᠳᠤ ᠤᠷᠤᠰᠢᠵᠦ ᠪᠠᠶᠢᠭ᠎ᠠ | ᠴᠢᠬᠤᠯᠠ ᠠᠰᠠᠭᠤᠳᠠᠯ ᠪᠤᠯ ᠵᠤᠭᠤᠰ ᠮᠦᠡᠭᠭᠦ᠂ ᠰᠤᠷᠭᠠᠭᠤᠯᠢ ᠶᠢᠨ ᠨᠦᠬᠦᠴᠡᠯ ᠲᠦᠭᠦᠭᠡᠷᠦᠮᠵᠢ ᠶᠢᠨ ᠠᠰᠠᠭᠤᠳᠠᠯ ᠪᠢᠰᠢ | ᠂ ᠬᠠᠷᠢᠨ ᠤᠯᠠᠮᠵᠢᠯᠠᠯᠳᠤ ᠬᠡᠷ ᠪᠦᠯᠢ ᠶᠢᠨ ᠬᠦᠮᠤᠵᠢᠯ ᠰᠤᠷᠭᠠᠯ ᠪᠤᠶᠤ ᠮᠤᠩᠭᠤᠯ ᠰᠤᠶᠤᠯ ᠰᠡᠳᠬᠢᠬᠦᠢ ᠶᠠᠭᠠᠬᠢᠬᠤ ᠶᠢᠨ | ᠠᠷᠭ᠎ᠠ ᠦᠭᠡᠢ ᠬᠡᠭᠡᠭᠳᠡᠵᠦ ᠪᠠᠶᠢᠭ᠎ᠠ ᠶᠠᠪᠤᠳᠠᠯ ᠪᠤᠯᠤᠨ᠎ᠠ᠃ | ︽ᠬᠡᠭᠡᠷ ᠠᠯᠠᠭ ᠠᠴᠠ ᠰᠢᠬᠢᠷ᠎ᠠ ᠠᠯᠠᠭ︾᠂ ︽ᠬᠠᠷᠢᠶᠠᠯᠴᠢ ᠡᠭᠡ ᠶᠢᠨ ᠬᠡᠷᠡᠭᠦᠯᠴᠢ ᠬᠦᠦ︾ ᠬᠡᠰᠡᠨ ᠨᠢ ᠪᠦᠷ | ᠬᠡᠷ ᠪᠦᠯᠢ ᠶᠢᠨ ᠬᠦᠮᠤᠵᠢᠯ ᠤᠨ ᠤᠯᠠᠮᠵᠢᠯᠠᠯ ᠤᠳᠤᠮᠰᠢᠯ ᠢ ᠵᠢᠭᠠᠭᠰᠨᠨ ᠪᠠᠶᠢᠳᠠᠭ᠃ ᠤᠯᠠᠨ ᠦᠶ᠎ᠠ ᠲᠠᠮᠵᠢᠭᠰᠠᠨ | ᠬᠡᠷ ᠤᠨ ᠰᠤᠷᠭᠠᠯ᠂ ᠠᠮᠢᠳᠤᠷᠠᠯ ᠤᠨ ᠵᠠᠩ ᠲᠠᠳᠬᠠᠯ᠂ ᠠᠶᠢᠯ ᠬᠡᠷ ᠤᠨ ᠰᠤᠷᠳᠠᠯ ᠪᠤᠯ ᠬᠡᠦᠭᠡᠳ ᠤᠨ ᠦᠰᠦᠨ | ᠪᠤᠶᠢᠵᠢᠬᠤ ᠶᠢ ᠨᠦᠯᠦᠭᠡᠯᠡᠬᠦ ᠬᠠᠮᠤᠭ ᠤᠨ ᠴᠢᠬᠤᠯᠠ ᠬᠦᠴᠦᠨ ᠵᠦᠢᠯ ᠪᠤᠯᠤᠨ᠎ᠠ᠃ ︽ᠮᠠᠯ ᠡᠵᠡᠨ ᠢᠶᠠᠨ︾ | ᠬᠡᠳᠡᠭᠴᠢᠯᠠᠨ᠂ ᠨᠢᠭᠡ ᠬᠤᠳᠠ ᠠᠶᠢᠯ ᠤᠨ ᠮᠠᠯ ᠰᠦᠷᠦᠭ ᠤᠨ ᠬᠡᠪᠳᠡᠰᠢᠯᠠᠵᠦ ᠪᠠᠶᠢᠭ᠎ᠠ ᠪᠠᠶᠢᠳᠠᠯ ᠠᠴᠠ ᠲᠠᠷᠠ | ᠠᠶᠢᠯ ᠤᠨ ᠠᠮᠢᠳᠤᠷᠠᠯ ᠤᠨ ᠲᠢᠭ ᠵᠢᠷᠤᠮ ᠲᠠᠨᠢᠭᠳᠠᠵᠤ᠂ ᠤᠨᠤᠭᠠᠨ ᠤ ᠮᠤᠷᠢ ᠤᠷᠤᠯᠳᠤᠭᠠᠨ ᠤ ᠮᠤᠷᠢ ᠨᠠᠩ ᠴᠤ | ᠤᠶᠠᠭᠠᠴᠢᠨ ᠡᠵᠡᠨ ᠤ ᠪᠠᠨ ᠠᠪᠤᠷᠢ ᠠᠷᠠᠨᠰᠢᠨ ᠤᠬᠠᠭᠠᠨ ᠬᠦᠳᠡᠯᠮᠤᠷᠢ ᠶᠢ ᠬᠦᠢᠴᠡᠳ ᠦᠵᠡᠬᠦᠯᠵᠦ ᠪᠠᠶᠢᠳᠠᠭ᠃ ᠮᠠᠯ | ᠰᠦᠷᠦᠭ ᠲᠤᠨᠢ ᠬᠦᠷᠳᠡᠯ᠎ᠠ ᠡᠳ᠋ᠯᠡᠭᠰᠡᠨ ᠡᠵᠡᠨ ᠤ ᠬᠢᠨᠢ ᠤᠬᠠᠭᠠᠨ ᠰᠠᠮᠪᠠᠭ᠎ᠠ ᠰᠢᠩᠭᠡᠵᠦ ᠪᠠᠶᠢᠳᠠᠭ ᠶᠤᠮ ᠴᠢᠨᠢ᠂ | ᠤᠳᠤᠮ ᠵᠠᠯᠭᠠᠬᠤ ᠦᠷ᠎ᠠ ᠬᠡᠦᠭᠡᠳ ᠲᠤᠨᠢ ᠡᠨᠡᠬᠦ ᠭᠠᠯ ᠭᠤᠯᠤᠮᠳᠠ ᠶᠢᠨ ᠤᠯᠠᠨ ᠵᠠᠭᠤᠨ ᠲᠠᠮᠵᠢᠭᠰᠠᠨ ᠤᠳᠤᠮ | ᠰᠤᠷᠳᠠᠯ ᠦᠪᠯᠡᠭᠳᠡᠬᠦ ᠦᠭᠡᠢ ᠶᠠᠭᠠᠬᠢᠬᠤ ᠪᠤᠢ᠃ ᠬᠡᠷ ᠪᠦᠯᠢ ᠶᠢᠨ ᠤᠳᠤᠮᠰᠢᠯ ᠤᠨ ᠡᠨᠡᠬᠦ ᠭᠠᠶᠢᠬᠠᠮᠰᠢᠭ ᠢ ᠮᠡᠳᠡᠬᠦ | ᠪᠤᠯᠬᠤᠷ ᠮᠠᠨ ᠤ ᠠᠷᠠᠳ ᠤᠨ ᠲᠤᠮᠳᠠ ︽ᠪᠤᠳᠤᠭ ᠠᠷᠢᠯᠳᠠᠭ ᠤᠳᠤᠮ ᠠᠷᠢᠯᠳᠠᠭ ᠦᠭᠡᠢ︾ ᠬᠡᠰᠡᠨ ᠲᠤᠩ | ᠤᠴᠢᠷᠳᠠᠢ ᠦᠭᠡ ᠶᠡᠭᠡ ᠡᠷᠳᠡᠨ ᠠᠴᠠ ᠤᠯᠠᠮᠵᠢᠯᠠᠭᠳᠠᠵᠠᠢ᠃ | ᠨᠤᠬᠠᠢ ᠮᠤᠷᠢ ᠪᠠᠨ ᠬᠦᠷᠳᠡᠯ᠎ᠠ ᠬᠦᠮᠦᠨ ᠤ ᠰᠠᠨᠠᠭ᠎ᠠ ᠶᠢ ᠤᠢᠢᠯᠠᠭᠠᠮᠠ ᠭᠠᠷᠰᠢᠭᠤᠯᠵᠤ ᠴᠢᠳᠠᠳᠠᠭ ᠮᠠᠨ ᠤ | ᠰᠤᠶᠤᠯᠳᠤ ᠲᠦᠮᠠᠨ ᠦᠨᠤᠳᠤᠷ ᠬᠡᠦᠭᠡᠳ ᠤᠨ ᠬᠦᠮᠦᠵᠢᠯ ᠳᠤ ᠭᠠᠷ ᠠᠯᠳᠠᠭᠠᠳ ᠬᠡᠴᠡᠭᠦᠳᠡᠵᠤ ᠪᠠᠶᠢᠭ᠎ᠠ ᠶᠢᠨ | ᠦᠨᠳᠦᠰᠦ ᠨᠢ ᠨᠠᠶᠢᠭᠡᠮ ᠤᠨ ᠦᠡᠭᠭᠡᠪᠴᠢ ᠲᠠᠯ᠎ᠠ ᠶᠢ ᠬᠡᠳᠦᠷᠭᠡᠢ ᠲᠠᠭᠠᠵᠦ ᠲᠡᠷᠪᠡᠬᠦ ᠪᠤᠶᠤ ᠠᠮᠢᠨᠴᠢᠷ ᠬᠤᠪᠢᠨᠴᠢᠷ | ᠰᠤᠶᠤᠯ ᠰᠡᠳᠬᠢᠬᠦᠢ ᠳᠤ ᠲᠠᠩᠳᠡᠬᠦᠦ ᠨᠦᠯᠦᠭᠡᠯᠡᠭᠳᠡᠵᠦ ᠪᠠᠶᠢᠭ᠎ᠠ ᠠᠴᠠ ᠪᠤᠯᠵᠠᠢ᠃ ᠬᠡᠦᠭᠡᠳ ᠬᠦᠮᠦᠵᠢᠬᠦᠯᠬᠦ ᠬᠠᠷᠠᠯᠳᠠ | ᠢᠪᠴᠤᠷᠠᠵᠦ᠂ ᠬᠡᠴᠢᠨᠡᠨ ᠤᠯᠠᠨ ᠬᠡᠷ ᠤᠨ ᠠᠬᠠᠮᠠᠳ ᠬᠡᠦᠭᠡᠳ ᠢᠶᠠᠨ ᠢᠷᠡᠭᠡᠳᠦᠢ ᠳᠤ ᠪᠦᠷ ᠲᠠᠷᠤᠭ᠎ᠠ᠂ ᠢᠨᠵᠧᠨᠧᠷ᠂ | ᠡᠷᠳᠡᠮᠳᠡᠨ᠂ ᠰᠢᠨᠵᠢᠯᠡᠬᠦ ᠤᠬᠠᠭᠠᠨᠳᠠᠨ ᠪᠤᠯᠭᠠᠬᠤ ᠬᠦᠰᠡᠯ ᠲᠠᠢ ᠪᠠᠶᠢᠨ᠎ᠠ᠂ ᠡᠭᠦᠨ ᠤ ᠡᠰᠡᠷᠬᠦ ᠪᠠᠷ ᠵᠠᠷᠢᠮ ᠬᠡᠷ ᠤᠨ | ᠠᠬᠠᠮᠠᠳ ᠬᠡᠦᠭᠡᠳ ᠢᠶᠠᠨ ᠰᠤᠷᠭᠠᠭᠤᠯᠢ ᠳᠤ ᠲᠤᠰᠢᠶᠠᠭᠠᠳ ᠦᠭᠪᠠᠯ ᠴᠠᠰᠢ ᠪᠠᠨ ᠶᠠᠭᠤ ᠶᠢ ᠨᠢ ᠴᠤ ᠬᠠᠮᠢᠶᠠᠷᠬᠤ | ᠦᠭᠡᠢ ᠬᠠᠶᠠᠨ ᠳᠤᠨᠢ ᠬᠠᠶᠠᠴᠢᠬᠠᠳᠠᠭ᠃ ᠡᠳᠡᠭᠡᠷ ᠨᠢ ᠪᠦᠷ ᠲᠦᠢᠯᠰᠢᠷᠠᠭᠰᠠᠨ ᠦᠵᠡᠯᠳᠡ ᠶᠤᠮ᠃ ᠬᠦᠮᠦᠨ ᠪᠦᠬᠦᠨ | ᠲᠠᠷᠤᠭ᠎ᠠ ᠪᠤᠯᠬᠤ ᠪᠢᠰᠢ᠂ ᠠᠳᠠᠯᠢᠬᠠᠨ ᠢᠶᠠᠷ ᠬᠦᠮᠦᠨ ᠪᠦᠬᠦᠨ ᠡᠷᠳᠡᠮᠳᠡᠨ ᠪᠤᠯᠬᠤ ᠴᠤ ᠪᠢᠰᠢ᠂ ᠡᠨᠡ ᠪᠤᠯ | ᠬᠡᠦᠭᠡᠳ ᠤᠨ ᠲᠦᠷᠦᠯᠬᠢ ᠠᠪᠢᠶᠠᠰ ᠪᠤᠶᠤ ᠲᠤᠷ᠎ᠠ ᠰᠤᠨᠢᠷᠬᠠᠯ ᠠᠴᠠ ᠪᠤᠯᠬᠤ ᠠᠰᠠᠭᠤᠳᠠᠯ᠃ ᠬᠠᠷᠢᠨ ᠬᠡᠦᠭᠡᠳ ᠢ | ᠡᠷᠡᠭᠦᠯ ᠰᠠᠷᠠᠭᠤᠯ ᠵᠠᠩ ᠰᠡᠳᠬᠢᠴᠠ ᠲᠠᠢ ᠬᠦᠮᠦᠨ ᠪᠤᠯᠭᠠᠨ ᠬᠦᠮᠦᠵᠢᠬᠦᠯᠬᠦ ᠪᠤᠯ ᠪᠢᠳᠠ ᠪᠦᠬᠦᠨ ᠤ ᠬᠠᠮᠳᠤ ᠶᠢᠨ | ᠬᠦᠰᠡᠯ ᠬᠠᠷᠠᠯᠳᠠ ᠪᠠᠶᠢᠬᠤ ᠶᠤᠰᠤᠳᠠᠢ᠃ ᠬᠡᠦᠭᠡᠳ ᠤᠨ ᠪᠠᠶ᠎ᠠ ᠰᠡᠳᠬᠢᠴᠠ ᠡᠷᠡᠭᠦᠯ ᠰᠠᠷᠠᠭᠤᠯ ᠯᠠ ᠪᠤᠶᠢᠵᠢᠪᠠᠯ ᠲᠤᠮᠤ | ᠪᠤᠯᠤᠭᠰᠠᠨ ᠬᠤᠶᠢᠨ᠎ᠠ ᠶᠠᠮᠠᠷ ᠠᠵᠢᠯ ᠬᠢᠭᠰᠡᠨ ᠴᠤ ᠠᠮᠢᠨ ᠳᠠᠭᠠᠨ ᠯᠠᠪ ᠵᠦᠪ᠃ ᠤᠳᠤ ᠶᠢᠨ ᠬᠡᠦᠭᠡᠳ ᠢ ᠲᠠᠩᠴᠢ | ᠬᠠᠷᠢᠭᠤᠴᠠᠯᠭᠠᠳᠤ ᠰᠡᠳᠬᠢᠯᠭᠡ ᠦᠭᠡᠢ᠂ ᠠᠵᠢᠯ ᠲᠠᠰᠬᠠᠯ ᠢᠶᠠᠨ ᠬᠢᠬᠦ ᠨᠢ ᠠᠯᠠᠩ ᠰᠠᠯᠠᠩ᠂ ᠡᠭᠦᠷᠭᠡ ᠲᠤᠰᠢᠶᠠᠯ ᠦᠭᠭᠦ | ᠦᠭᠡᠢ ᠪᠤᠯ ᠪᠠᠶ᠎ᠠ ᠪᠠᠨ ᠲᠠᠭᠠᠭᠠᠵᠦ ᠠᠵᠢᠯ ᠶᠠᠪᠤᠳᠠᠯ ᠢ ᠲᠤᠤᠱᠳᠠᠢ ᠬᠢᠨ᠎ᠠ ᠬᠡᠵᠦ ᠪᠠᠶᠢᠬᠤ ᠦᠭᠡᠢ᠂ ᠲᠤᠩ ᠠᠮᠢᠨᠴᠢᠷ | ᠬᠤᠪᠢᠨᠴᠢᠷ ᠁ ᠬᠡᠬᠦ ᠮᠠᠳᠤ ᠪᠠᠷ ᠬᠡᠯᠡᠳᠡᠭ᠃ ᠶᠠᠭᠠᠬᠢᠭᠠᠳ ᠡᠶᠢᠮᠦ ᠪᠤᠯᠤᠭᠰᠠᠨ ᠲᠤᠬᠠᠢ ᠪᠢᠳᠠ ᠡᠳᠦᠷ | ᠲᠤᠳᠤᠮ ᠤᠨ ᠶᠠᠷᠢᠶ᠎ᠠ ᠵᠤᠭᠤᠭ᠂ ᠬᠡᠦᠭᠡᠳ ᠲᠡᠭᠡᠨ ᠬᠠᠨᠳᠤᠬᠤ ᠤᠪᠤᠷ ᠰᠤᠷᠳᠠᠯ᠂ ᠬᠡᠦᠭᠡᠳ ᠲᠡᠭᠡᠨ ᠵᠠᠬᠢᠵᠦ | ᠰᠠᠨᠠᠭᠤᠯᠵᠤ ᠪᠠᠶᠢᠭ᠎ᠠ ᠰᠤᠷᠭᠠᠯ ᠵᠢᠭᠠᠪᠤᠷᠢ ᠪᠠᠨ ᠬᠢᠨᠠᠵᠦ ᠦᠵᠡᠪᠡᠯ ᠪᠦᠬᠦᠨ ᠢ ᠮᠡᠳᠡᠴᠢᠭᠡᠨᠠ᠃ ᠬᠡᠦᠭᠡᠳ ᠢᠶᠠᠨ | ᠬᠦᠮᠦᠨ ᠳᠤ ᠯᠠ ᠪᠢᠳᠠᠭᠡᠢ ᠬᠤᠨᠵᠢᠭᠳᠠ᠂ ︽ᠬᠦᠮᠦᠨ ᠴᠢᠮᠠᠢᠢ ᠨᠢᠭᠡ ᠢᠰᠬᠦᠯᠦᠭᠡᠳ ᠠᠪᠤᠪᠠᠯ ᠴᠢ ᠪᠤᠴᠠᠭᠠᠳ ᠬᠤᠶᠠᠷ | ᠢᠰᠬᠦᠯᠦᠭᠡᠳ ᠠᠪ︾ ᠬᠡᠮᠡᠨ ᠠᠮᠠᠨ ᠵᠠᠬᠢᠶ᠎ᠠ ᠲᠠᠮᠵᠢᠭᠤᠯᠤᠨ᠎ᠠ᠃ | ︽ᠤᠬᠠᠭᠠᠨ ᠨᠢ ᠤᠭᠤᠳᠠᠨ ᠳᠠᠭᠠᠨ ᠰᠢᠷᠬᠢᠨᠠ︾ ᠬᠡᠭᠴᠢ ᠪᠠᠷ᠂ ᠬᠡᠴᠢᠨᠡᠨ ᠬᠤᠪᠢᠨᠴᠢᠷ ᠪᠠᠶᠢᠬᠤ ᠲᠤᠳᠤᠮ | ᠤᠬᠠᠭᠠᠨ ᠪᠤᠳᠤᠯ ᠨᠢ ᠲᠦᠴᠢᠨᠠᠨ ᠢᠪᠴᠤᠷᠠᠵᠦ᠂ ᠡᠴᠦᠰ ᠲᠡᠭᠡᠨ ᠠᠮᠢᠨ ᠳᠠᠭᠠᠨ ᠴᠤ ᠵᠦᠪ ᠦᠭᠡᠢ ᠭᠤᠶᠤᠯᠭᠠᠴᠢᠨ | ᠪᠤᠯᠳᠠᠭ᠃ ᠲᠤᠮᠤ ᠬᠦᠮᠦᠨ ᠲᠤᠮᠤ ᠶᠢ ᠰᠡᠳᠬᠢᠵᠦ᠂ ᠵᠢᠵᠢᠭ ᠬᠦᠮᠦᠨ ᠵᠢᠵᠢᠭ ᠤᠴᠢᠷ ᠢ ᠰᠡᠳᠬᠢᠳᠡᠭ᠃ ᠪᠢᠳᠠ ᠴᠢᠨᠢ | ᠠᠮᠠ ᠨᠡᠭᠡᠭᠡᠮᠡᠭᠴᠡ ᠬᠦᠮᠦᠨ ᠮᠠᠭᠤᠯᠠᠬᠤ ᠠᠴᠠ ᠡᠬᠢᠯᠡᠭᠡᠳ ᠠᠶᠢᠯ ᠰᠠᠭᠠᠬᠠᠯᠳᠠ ᠶᠢᠨ ᠬᠤᠭ ᠤᠨ ᠵᠤᠭᠤᠭ ᠠᠴᠠ ᠴᠠᠰᠢ | ᠶᠠᠭᠤᠮ᠎ᠠ ᠰᠡᠳᠬᠢᠬᠦ ᠦᠭᠡᠢ ᠬᠡᠮᠵᠢᠶᠠᠨ ᠳᠤ ᠬᠦᠷᠴᠤ ᠪᠠᠶᠢᠭ᠎ᠠ ᠨᠢ ᠶᠠᠮᠠᠷ ᠬᠦᠬᠡᠷᠦᠭᠦ᠋ᠢᠯᠠᠯᠳᠠᠢ ᠪᠤᠯᠤᠨ ᠵᠢᠵᠢᠭᠷᠡᠭᠰᠡᠨ | ᠪᠤᠢ︕ ᠰᠡᠳᠬᠢᠴᠠ ᠵᠦᠢ ᠶᠢᠨ ᠮᠡᠷᠭᠡᠵᠢᠯ ᠤᠨ ᠲᠠᠯ᠎ᠠ ᠠᠴᠠ ᠶᠠᠷᠢᠪᠠᠯ᠂ ᠨᠢᠭᠡ ᠬᠦᠮᠦᠨ ᠤ ᠬᠠᠷᠢᠭᠤᠴᠠᠯᠭᠠᠳᠤ | ᠰᠡᠳᠭᠢᠯᠭᠡ ᠬᠡᠴᠢᠨᠠᠨ ᠶᠡᠭᠡ ᠪᠠᠶᠢᠬᠤ ᠲᠤᠳᠤᠮ ᠲᠠᠷᠠ ᠬᠦᠮᠦᠨ ᠤ ᠬᠤᠪᠢ ᠶᠢᠨ ᠠᠪᠢᠶᠠᠰ ᠴᠢᠳᠠᠪᠤᠷᠢ ᠲᠠᠳᠤᠢ ᠶᠡᠭᠡ | ᠨᠡᠭᠡᠭᠡᠭᠳᠡᠳᠡᠭ᠃ ᠲᠤᠮᠤ ᠶᠢ ᠪᠦᠳᠦᠭᠡᠵᠦ ᠶᠡᠭᠡ ᠭᠠᠪᠢᠶ᠎ᠠ ᠪᠠᠶᠢᠭᠤᠯᠤᠭᠰᠠᠨ ᠠᠯᠳᠠᠷᠳᠤ ᠬᠦᠮᠦᠰ ᠪᠦᠷ ᠯᠠ ᠤᠭᠰᠠᠭ᠎ᠠ | ᠶᠠᠰᠤᠳᠠᠨ ᠤ ᠪᠠᠨ ᠲᠦᠯᠦᠭᠡ ᠶᠡᠭᠡ ᠬᠠᠷᠢᠭᠤᠴᠠᠯᠭ᠎ᠠ ᠡᠭᠦᠷᠭᠡᠯᠡᠭᠰᠡᠨ ᠪᠠᠶᠢᠳᠠᠭ᠃ | | | ᠮᠤᠩᠭᠤᠯᠴᠤᠳ ᠤᠨ ᠴᠡᠭᠡᠷ ᠶᠤᠰᠤ ᠪᠤᠯ ᠬᠡᠦᠭᠡᠳ ᠤᠨ ᠬᠦᠮᠦᠵᠢᠯ ᠰᠤᠷᠭᠠᠯ ᠮᠦᠨ | | | ᠪᠤᠯᠤᠴᠢᠯᠠᠭᠤ ᠶᠢᠨ ᠦᠵᠡᠬᠦ ᠪᠠᠷ᠂ ᠮᠤᠩᠭᠤᠯᠴᠤᠳ ᠤᠨ ᠴᠡᠭᠡᠷ ᠶᠤᠰᠤ ᠪᠤᠯ ︽ᠪᠠᠶᠢᠭᠠᠯᠢ ᠶᠢᠷᠳᠢᠨᠴᠤ᠂ ᠬᠡᠷᠡᠭ | ᠪᠤᠳᠠᠰ ᠤᠨ ᠲᠤᠬᠠᠢ ᠲᠠᠨᠢᠯᠳᠠ ᠲᠤᠳᠠᠮᠠᠭ︾ ᠠᠴᠠ ᠡᠭᠦᠰᠦᠭᠰᠡᠨ ᠵᠦᠢᠯ ᠪᠢᠰᠢ᠂ ᠬᠠᠷᠢᠨ ᠬᠡᠦᠭᠡᠳ ᠤᠨ ᠬᠦᠮᠦᠵᠢᠯ ᠳᠤ | ᠵᠤᠷᠢᠭᠤᠯᠵᠤ᠂ ᠬᠡᠦᠭᠡᠳ ᠤᠨ ᠰᠡᠳᠬᠢᠴᠠ ᠶᠢᠨ ᠤᠨᠴᠠᠯᠢᠭ ᠲᠤ ᠶᠠᠪ ᠴᠠᠪ ᠵᠤᠬᠢᠴᠠᠭᠤᠯᠤᠨ᠂ ᠬᠡᠦᠭᠡᠳ | ᠪᠠᠭᠠᠴᠤᠳ ᠲᠤ ᠶᠤᠰᠤ ᠰᠤᠷᠳᠠᠯ ᠢ ᠲᠤᠩ ᠬᠢᠯᠪᠠᠷᠬᠠᠨ ᠢᠶᠠᠷ ᠬᠡᠪᠰᠢᠬᠦᠯᠵᠦ ᠵᠠᠩᠰᠢᠭᠤᠯᠳᠠᠭ ᠰᠢᠯᠢᠳᠡᠭ ᠰᠤᠶᠤᠯ | ᠤᠯᠠᠮᠵᠢᠯᠠᠯ ᠮᠦᠨ᠃ ᠠᠷᠠᠳ ᠤᠨ ᠴᠡᠭᠡᠷ ᠶᠤᠰᠤᠨ ᠳᠤ ︽ᠮᠠᠭᠤ ᠢᠷᠸ᠎ᠠ ᠪᠤᠯᠤᠨ᠎ᠠ︾᠂ ︽ᠪᠤᠶᠠᠨ ᠢᠶᠠᠨ ᠪᠠᠷᠠᠨ᠎ᠠ︾ | ᠂ ︽ᠨᠢᠬᠦᠯ ᠪᠤᠯᠤᠨ᠎ᠠ︾᠂ ︽ᠶᠠᠷ᠎ᠠ ᠬᠠᠳᠠᠬᠢ ᠭᠠᠷᠤᠨ᠎ᠠ︾ ᠬᠡᠬᠦ ᠮᠠᠳᠤ ᠪᠠᠷ ᠬᠡᠦᠭᠡᠳ ᠤᠨ ᠠᠶᠤᠨ ᠰᠦᠷᠳᠡᠬᠦ | ᠰᠡᠳᠬᠢᠴᠠ ᠳᠤ ᠵᠤᠬᠢᠴᠠᠭᠤᠯᠤᠨ ᠶᠠᠭᠤ ᠶᠠᠭᠠᠬᠢᠬᠤ ᠲᠤᠬᠠᠢ ᠰᠤᠩᠭᠤᠯᠳᠠ ᠬᠢᠬᠦ ᠵᠠᠢ ᠦᠭᠭᠦ ᠠᠴᠠ ᠪᠢᠰᠢ᠂ ︽ | ᠢᠡᠭᠭᠢᠵᠦ ᠪᠤᠯᠬᠤ ᠦᠭᠡᠢ︾᠂ ︽ᠲᠡᠭᠡᠵᠦ ᠪᠤᠯᠬᠤ ᠦᠭᠡᠢ︾ ᠬᠡᠮᠡᠨ ᠬᠡᠦᠭᠡᠳ ᠤᠨ ᠰᠡᠳᠬᠢᠯ ᠳᠤ ᠰᠦᠷᠭᠡᠦ | ᠰᠡᠳᠬᠢᠴᠠ ᠡᠬᠦᠰᠬᠦ ᠠᠯᠪᠠᠳᠠᠯᠭ᠎ᠠ ᠶᠢᠨ ᠴᠢᠨᠠᠷᠳᠠᠢ ᠲᠠᠰᠤᠷᠬᠠᠢ ᠵᠠᠷᠯᠢᠭ ᠪᠠᠭᠤᠯᠭᠠᠳᠠᠭ ᠦᠭᠡᠢ ᠨᠢ ᠭᠠᠶᠢᠬᠠᠮᠰᠢᠭ᠃ | ᠠᠷᠪᠢᠴᠢ ᠭᠠᠮᠳᠠᠢ ᠶᠤᠰᠤ ᠵᠠᠩᠰᠢᠯ ᠢ ᠬᠡᠪᠰᠢᠬᠦᠯᠬᠦ ᠳᠤ᠂ ᠰᠤᠷᠤᠭᠴᠢ ᠬᠤᠭᠤᠯᠠᠯᠠᠬᠤ ᠳᠠᠭᠠᠨ ᠠᠰᠬᠠᠵᠦ ᠴᠢᠳᠬᠤᠭᠰᠠᠨ | ᠪᠠᠶᠢᠪᠠᠯ᠂ ᠦᠨᠤᠳᠤᠷ ᠤᠨ ᠮᠤᠷᠠᠯ ᠤᠨ ᠬᠦᠮᠦᠵᠢᠯ ᠤᠨ ᠠᠪᠳᠠᠯ ᠢᠶᠠᠷ ᠪᠤᠯ᠂ ︽ᠠᠪᠤ ᠴᠢᠨᠢ ᠪᠠᠶᠠᠨ ᠪᠤᠯ ᠶᠠᠭᠠᠬᠢᠬᠤ | ᠪᠤᠢ︖ ᠡᠨᠡ ᠴᠢᠨᠢ ᠲᠠᠷᠢᠶᠠᠴᠢᠨ ᠬᠦᠮᠦᠨ ᠤ ᠬᠦᠯᠦᠰᠦ ᠬᠦᠳᠡᠯᠮᠤᠷᠢ ᠰᠢᠦ᠂ ᠠᠮᠤ ᠬᠦᠨᠠᠰᠦ ᠶᠢ ᠢᠡᠭᠭᠢᠵᠦ | ᠰᠦᠢᠳᠭᠡᠵᠦ ᠪᠤᠯᠬᠤ ᠦᠭᠡᠢ᠂ ᠲᠡᠯᠡᠭᠡᠢ ᠲᠡᠭᠡᠷ᠎ᠠ ᠬᠤᠭᠤᠯᠠᠨ ᠳᠠᠭᠠᠨ ᠴᠠᠳᠬᠤ ᠦᠭᠡᠢ ᠲᠤᠩ ᠤᠯᠠᠨ ᠦᠯᠦᠰᠬᠦᠯᠡᠩ | ᠬᠦᠮᠦᠨ ᠪᠠᠶᠢᠭᠰᠠᠭᠠᠷ ᠁︾ ᠬᠡᠮᠡᠨ ᠶᠡᠭᠡ ᠶᠤᠰᠤ ᠶᠢ ᠤᠷᠤᠰᠬᠠᠵᠦ ᠭᠠᠷᠤᠭᠠᠳ᠂ ᠬᠡᠦᠭᠡᠳ ᠤᠨ ᠰᠦᠷᠭᠡᠦ | ᠰᠡᠳᠬᠢᠴᠠ ᠶᠢ ᠤᠯᠠᠮ ᠬᠦᠨᠳᠡᠳᠡᠭ ᠪᠤᠯ᠂ ᠬᠠᠷᠢᠨ ᠦᠡᠭᠭᠡᠷᠡᠭᠰᠡᠨ ᠤ ᠵᠤᠷᠰᠢᠯ ᠢᠶᠠᠷ ᠪᠤᠯ ︽ᠭᠠᠵᠠᠷ ᠲᠡᠭᠡᠷ᠎ᠠ | ᠤᠨᠠᠭᠰᠠᠨ ᠮᠦᠬᠦᠯᠢᠭ ᠠᠮᠤ ᠲᠡᠭᠷᠢ ᠲᠡᠭᠡᠷ᠎ᠠ ᠲᠡᠮᠡᠭᠡᠨ ᠴᠢᠨᠡᠭᠡ ᠬᠠᠷᠠᠭᠳᠠᠨ᠎ᠠ ᠬᠡᠨ᠎ᠠ ᠰᠢᠦ᠂ ᠪᠤᠶᠠᠨ ᠢᠶᠠᠨ ᠪᠠᠷᠠᠨ᠎ᠠ︾ | ᠬᠡᠳ ᠨᠠᠰᠤᠳᠠᠨ ᠨᠢ ᠲᠤᠯᠤᠪᠤᠷ ᠬᠤᠷᠤᠭᠤᠨ ᠳᠠᠭᠠᠨ ᠨᠠᠭᠠᠯᠳᠤᠭᠤᠯᠵᠤ ᠠᠪᠤᠭᠠᠳ ᠠᠮᠠᠠ ᠳᠠᠭᠠᠨ ᠬᠢᠴᠢᠭᠡᠳᠡᠭ᠃ | ᠡᠭᠦᠨ ᠠᠴᠠ ᠭᠠᠳᠠᠨ᠎ᠠ᠂ ᠬᠦᠮᠦᠨ ᠤ ᠡᠮᠦᠨ᠎ᠠ ᠠᠴᠠ ᠲᠦᠢ ᠬᠡᠵᠦ ᠨᠢᠯᠪᠤᠪᠠᠯ ᠠᠮᠠᠨ ᠬᠦᠨᠠᠰᠤ ᠪᠠᠨ ᠪᠠᠷᠠᠨ᠎ᠠ᠂ ᠬᠦᠮᠦᠨ | ᠬᠠᠷᠢᠶᠠᠪᠠᠯ ᠠᠮᠠᠨ ᠲᠡᠭᠡᠷ᠎ᠠ ᠴᠢᠨᠢ ᠶᠠᠷ᠎ᠠ ᠭᠠᠷᠤᠨ᠎ᠠ᠂ ᠵᠠᠮ ᠲᠡᠭᠡᠷ᠎ᠠ ᠪᠠᠶ᠎ᠠ ᠵᠠᠰᠠᠪᠠᠯ ᠰᠠᠭᠤᠳᠠᠯ ᠲᠡᠭᠡᠷ᠎ᠠ ᠨᠢ ᠬᠠᠳᠠᠬᠢ | ᠭᠠᠷᠤᠨ᠎ᠠ ᠬᠡᠬᠦ ᠮᠠᠳᠤ ᠪᠠᠷ ᠴᠡᠭᠡᠷᠯᠡᠬᠦᠯᠳᠡᠭ ᠨᠢ ᠬᠡᠦᠭᠡᠳ ᠤᠨ ᠠᠮᠳᠠᠳᠠᠢ ᠶᠠᠭᠤᠮ᠎ᠠ ᠤᠯᠵᠤ ᠢᠳᠡᠬᠦ ᠦᠭᠡᠢ᠂ ᠠᠮᠠ᠂ | ᠰᠠᠭᠤᠳᠠᠯ ᠲᠡᠭᠡᠷ᠎ᠠ ᠨᠢ ᠶᠠᠷ᠎ᠠ ᠬᠠᠳᠠᠬᠢ ᠭᠠᠷᠬᠤ ᠠᠴᠠ ᠠᠶᠤᠬᠤ ᠰᠡᠳᠬᠢᠴᠠ ᠶᠢ ᠠᠰᠢᠬᠯᠠᠨ ᠲᠤᠩ ᠬᠢᠯᠪᠠᠷᠬᠠᠨ ᠢᠶᠠᠷ | ᠬᠡᠦᠭᠡᠳ ᠢᠶᠠᠨ ᠪᠤᠯᠪᠠᠰᠤᠨ ᠰᠠᠶᠢᠬᠠᠨ ᠵᠠᠩᠰᠢᠯ ᠲᠠᠢ ᠪᠤᠯᠭᠠᠨ ᠬᠡᠪᠰᠢᠬᠦᠯᠳᠡᠭ ᠪᠠᠶᠢᠵᠠᠢ᠃ ᠬᠡᠦᠭᠡᠳ ᠨᠠᠰᠤᠨ ᠳᠠᠭᠠᠨ | ᠬᠡᠪᠰᠢᠭᠰᠡᠨ ᠵᠠᠩᠰᠢᠯ ᠨᠠᠰᠤᠨ ᠲᠤᠷᠰᠢᠳᠡ ᠬᠤᠪᠢᠷᠠᠬᠤ ᠳᠤ ᠬᠡᠴᠡᠬᠦᠦ ᠮᠤᠵᠢᠭᠤᠳᠠ ᠪᠠᠶᠢᠳᠠᠭ ᠨᠢ ᠭᠠᠶᠢᠬᠠᠯᠳᠠᠢ᠃ | ᠲᠡᠭᠡᠬᠦ ᠪᠠᠷ ︽ᠰᠤᠷᠤᠭᠰᠠᠨ ᠵᠠᠩ ᠢ ᠰᠤᠷ ᠢᠶᠠᠷ ᠪᠤᠭᠤᠵᠤ ᠲᠠᠶᠢᠯᠬᠦ ᠦᠭᠡᠢ︾ ᠬᠡᠮᠡᠳᠡᠭ᠃ | | | ᠬᠡᠷ ᠪᠦᠯᠢ ᠶᠢᠨ ᠬᠦᠮᠦᠵᠢᠯ ᠤᠨ ᠠᠩᠬᠠᠷᠤᠭᠤᠰᠢᠳᠠᠢ ᠠᠰᠠᠭᠤᠳᠠᠯ ᠤᠳ | | | ᠨᠢᠭᠡ᠂ ᠬᠡᠦᠭᠡᠳ ᠢᠶᠠᠨ ᠢᠯᠠᠬᠦᠭᠡᠨ ᠪᠦᠪᠠᠶᠢᠯᠠᠨᠠ᠃ ᠦᠯᠦᠭᠡᠢ ᠲᠠᠢ ᠬᠡᠦᠭᠡᠳ ᠢᠶᠠᠨ ᠪᠦᠪᠠᠶᠢᠯᠠᠵᠤ | ᠰᠠᠭᠠᠳᠠᠭᠤᠯᠬᠤ ᠪᠤᠶᠤ ᠤᠨᠳᠠᠭᠤᠯᠬᠤ ᠪᠤᠯ ᠮᠠᠨ ᠤ ᠰᠤᠶᠤᠯ ᠤᠨ ᠭᠠᠶᠢᠬᠠᠮᠰᠢᠭ᠃ ᠪᠦᠪᠡᠢ ᠶᠢᠨ ᠲᠠᠭᠤᠤ ᠰᠤᠨᠤᠰᠴᠤ | ᠪᠠᠶᠢᠭᠠᠳ ᠤᠨᠳᠠᠬᠤ ᠬᠡᠦᠭᠡᠳ ᠲᠠᠶᠢᠪᠤᠭᠤ ᠰᠠᠶᠢᠬᠠᠨ ᠤᠨᠳᠠᠬᠤ ᠪᠠᠷ ᠪᠠᠷᠠᠬᠤ ᠦᠭᠡᠢ᠂ ᠡᠶᠢᠮᠦᠷᠬᠦ ᠬᠠᠶᠢᠷ᠎ᠠ ᠶᠢᠨ | ᠪᠦᠪᠠᠢ ᠲᠠᠢ ᠤᠷᠴᠢᠨ ᠨᠢ ᠬᠡᠦᠭᠡᠳ ᠤᠨ ᠰᠠᠨᠠᠭ᠎ᠠ ᠪᠤᠳᠤᠯ ᠢ ᠨᠠᠮ ᠲᠤᠭᠳᠠᠭᠤᠨ᠂ ᠦᠷᠦ ᠵᠦᠭᠡᠯᠠᠨ᠂ ᠠᠴᠢᠯᠠᠯ | ᠵᠢᠷᠤᠮ ᠤᠨ ᠰᠡᠳᠬᠢᠯᠭᠡ ᠲᠠᠢ ᠪᠤᠯᠤᠨ ᠲᠦᠯᠦᠪᠰᠢᠬᠦ ᠳᠤ ᠲᠤᠩ ᠴᠢᠬᠤᠯᠠ ᠨᠦᠯᠦᠭᠡ ᠦᠵᠡᠬᠦᠯᠦᠨ᠎ᠠ᠃ | ᠤᠳᠤ ᠶᠢᠨ ᠬᠡᠦᠭᠡᠳ ᠡᠴᠢᠭᠡ ᠡᠭᠡ ᠶᠢᠨ ᠪᠦᠪᠠᠶᠢᠯᠠᠯ ᠡᠩᠭᠦᠷᠠᠶᠢᠯᠠᠯ ᠢᠶᠠᠷ ᠲᠤᠳᠠᠭᠳᠠᠵᠦ ᠪᠤᠢ᠃ ᠤᠯᠠᠩᠭᠢ | ᠵᠠᠯᠠᠭᠤ ᠡᠭᠡᠴᠤᠳ ᠬᠡᠦᠭᠡᠳ ᠢᠶᠠᠨ ᠪᠦᠪᠠᠶᠢᠯᠠᠵᠦ ᠰᠠᠭᠠᠳᠠᠭᠤᠯᠵᠤ ᠴᠢᠳᠠᠬᠤ ᠦᠭᠡᠢ ᠪᠤᠯᠤᠭᠰᠠᠨ ᠮᠦᠷᠳᠡᠭᠡᠨ ᠵᠠᠷᠢᠮ ᠨᠢ | ᠄ ︽ᠴᠢᠳᠬᠦᠷ ᠢᠷᠡᠯ᠎ᠠ︕ ᠭᠠᠳᠠᠨ᠎ᠠ ᠶᠠᠭᠤ ᠲᠤᠤᠭᠠᠷᠴᠤ ᠪᠠᠶᠢᠨ᠎ᠠ ᠪᠤᠢ︖ ᠬᠤᠭ ᠲᠡᠭᠦᠳᠡᠭ ᠬᠦᠮᠦᠨ ᠢᠷᠡᠵᠤ | ᠪᠠᠶᠢᠨ᠎ᠠ ᠲᠦᠷᠭᠡᠨ ᠤᠨᠳᠠ ᠡ᠂ ᠦᠭᠡᠢ ᠪᠤᠯ ᠠᠪᠤᠭᠠᠳ ᠶᠠᠪᠤᠨ᠎ᠠ ᠰᠢᠦ︾ ᠬᠡᠮᠡᠨ ᠬᠡᠦᠭᠡᠳ ᠢᠶᠠᠨ ᠠᠶᠤᠯᠭᠠᠠ | ᠤᠨᠳᠠᠭᠤᠯᠵᠤ ᠪᠠᠶᠢᠨ᠎ᠠ᠃ ᠠᠶᠤᠵᠤ ᠡᠮᠢᠶᠠᠵᠦ ᠤᠨᠳᠠᠭᠰᠠᠨ ᠬᠡᠦᠭᠡᠳ ᠬᠠᠷ᠎ᠠ ᠲᠠᠷᠤᠬᠤ ᠪᠤᠶᠤ ᠲᠠᠶᠢᠪᠤᠩ ᠲᠠᠪᠠᠳᠠᠢ | ᠤᠨᠳᠠᠵᠤ ᠲᠠᠶᠢᠯᠬᠦ ᠦᠭᠡᠢ᠃ ᠡᠶᠢᠮᠦᠷᠬᠦ ᠤᠷᠴᠢᠨ ᠳᠤ ᠦᠰᠬᠦ ᠬᠡᠦᠭᠡᠳ ᠠᠮᠠᠷᠬᠠᠨ ᠰᠡᠳᠬᠢᠴᠠ ᠶᠢᠨ ᠠᠷᠬᠠᠭ ᠲᠠᠢ | ᠪᠤᠯᠳᠠᠭ᠃ | ᠮᠠᠯᠴᠢᠨ ᠠᠷᠠᠳ ᠤᠨ ᠮᠠᠨᠢ ᠪᠦᠪᠡᠢ ᠶᠢᠨ ᠲᠠᠭᠤᠤ᠂ ᠲᠤᠶᠢᠭ ᠤᠨ ᠲᠠᠭᠤᠤ ᠢᠡᠭᠭᠡ ᠶᠢ ᠴᠤ ᠨᠢᠯᠪᠤᠰᠤ | ᠪᠦᠮᠪᠤᠷᠢᠬᠦᠯᠦᠨ ᠪᠤᠳᠤᠭᠤ ᠶᠢ ᠨᠢ ᠠᠪᠤᠭᠤᠯᠳᠠᠭ ᠬᠠᠶᠢᠷ᠎ᠠ ᠶᠢᠨ ᠰᠢᠳᠢ ᠲᠠᠢ ᠪᠠᠶᠢᠳᠠᠭ᠃ ᠡᠨᠡ ᠬᠠᠶᠢᠷ᠎ᠠ ᠬᠡᠦᠭᠡᠳ ᠲᠤ | ᠨᠠᠩ ᠴᠤ ᠬᠡᠷᠡᠭᠴᠡᠭᠡ ᠲᠠᠢ᠃ ᠦᠡᠭᠭᠡᠷᠡᠭᠰᠡᠨ ᠤ ᠬᠡᠷ ᠤᠨ ᠠᠬᠠᠮᠠᠳ᠂ ᠨᠠᠰᠤᠳᠠᠨ ᠪᠤᠭᠤᠷᠤᠯᠴᠤᠳ ᠬᠡᠦᠭᠡᠳ ᠢᠶᠠᠨ | ᠪᠦᠷ ᠪᠦᠪᠡᠢ ᠶᠢᠨ ᠲᠠᠭᠤᠤ ᠲᠤᠮᠳᠠ ᠡᠩᠭᠦᠷᠡᠶᠢᠯᠠᠨ ᠡᠷᠭᠡᠯᠡᠬᠦᠯᠵᠦ᠂ ᠦᠯᠢᠭᠡᠷ ᠲᠠᠦᠭᠡ ᠶᠠᠷᠢᠨ ᠤᠬᠠᠭᠠᠷᠠᠭᠤᠯᠵᠤ | ᠬᠦᠮᠦᠵᠢᠬᠦᠯᠳᠡᠭ᠃ ᠬᠡᠳᠡᠯ᠎ᠠ ᠤᠳᠤ ᠶᠢᠨ ᠬᠡᠷ ᠤᠨ ᠠᠬᠠᠮᠠᠳ ᠦᠰᠦᠭ ᠲᠠᠨᠢᠬᠤ ᠪᠠᠶᠢᠳᠠᠯ᠎ᠠ ᠨᠤᠮ ᠤᠩᠰᠢᠬᠤ ᠦᠭᠡᠢ | ᠪᠤᠯᠵᠤ᠂ ᠨᠠᠩ ᠴᠤ ᠦᠯᠢᠭᠡᠷ ᠴᠡᠭᠡᠵᠢᠯᠠᠵᠦ ᠶᠠᠷᠢᠬᠤ ᠬᠡᠳᠡᠭ ᠨᠢ ᠡᠳᠦᠷ ᠤᠨ ᠤᠳᠤ ᠰᠢᠭ᠋ ᠬᠤᠪᠤᠷ ᠪᠤᠯᠵᠠᠢ᠃ ᠵᠠᠪ | ᠯᠠ ᠭᠠᠷᠪᠠᠯ ᠲᠧᠯᠸᠢᠰ ᠢᠶᠠᠨ ᠨᠡᠭᠡᠭᠡᠵᠦ ᠵᠤᠳᠤᠭᠠᠨ ᠠᠯᠠᠯᠳᠤᠭᠠᠨ᠂ ᠬᠡᠷᠡᠭᠦᠯ ᠴᠤᠤᠬᠢᠶᠠᠨ᠂ ᠰᠠᠯᠤᠯᠳᠠ ᠪᠤᠳᠠᠷᠠᠯ᠂ | ᠤᠷᠢᠯᠠᠭ᠎ᠠ ᠪᠠᠷᠬᠢᠷᠠᠭ᠎ᠠ᠂ ᠮᠡᠭᠡᠯᠡᠯ ᠪᠠᠰᠢᠷᠯᠠᠯ ᠢᠶᠠᠷ ᠲᠦᠭᠦᠷᠦᠭᠰᠡᠨ ᠬᠠᠭᠤᠷᠮᠠᠭ ᠵᠦᠴᠦᠭᠡ ᠰᠤᠨᠢᠷᠬᠠᠳᠠᠭ᠃ | ᠬᠤᠶᠠᠷ᠂ ᠬᠦᠮᠦᠰ ᠦᠶ᠎ᠠ ᠵᠡᠷᠭᠡ ᠪᠠᠷ ᠢᠶᠠᠨ ᠲᠠᠭᠠᠷᠠᠪᠠᠯ ᠶᠠᠮᠠᠷ ᠴᠤ ᠨᠠᠷᠬᠢᠶ᠎ᠠ ᠬᠦᠬᠡᠷᠦᠭᠡ ᠲᠠᠢ ᠵᠤᠭᠤᠭ | ᠶᠠᠷᠢᠬᠤ ᠨᠢ ᠡᠩ ᠤᠨ ᠤᠴᠢᠷ᠂ ᠬᠡᠪᠡᠴᠦ ᠬᠡᠦᠭᠡᠳ ᠤᠨ ᠡᠮᠦᠨ᠎ᠠ ᠪᠤᠯ ᠬᠡᠯᠡᠬᠦ ᠬᠢᠬᠦ ᠪᠠᠨ ᠴᠦᠮ ᠬᠢᠴᠢᠶᠡᠬᠦ ᠶᠤᠰᠤᠳᠠᠢ᠃ | ᠡᠨᠡ ᠲᠠᠯ᠎ᠠ ᠪᠠᠷ᠂ ᠮᠠᠨ ᠳᠤ ᠤᠯᠠᠨ ᠰᠠᠶᠢᠬᠠᠨ ᠴᠡᠭᠡᠷ ᠪᠠᠶᠢᠭᠰᠠᠨ᠂ ᠲᠤᠮᠤᠴᠤᠳ ᠵᠤᠭᠤᠭᠳᠠᠵᠦ ᠪᠠᠶᠢᠬᠤ ᠳᠤ | ᠬᠡᠦᠭᠡᠳ ᠬᠠᠵᠠᠭᠤ ᠳᠤ ᠢᠷᠡᠪᠡᠯ ︽ᠪᠢᠳᠡᠭᠡᠢ ᠲᠤᠮᠤ ᠬᠦᠮᠦᠨ ᠤ ᠦᠭᠡ ᠶᠢ ᠴᠢᠩᠨᠠᠭᠠᠳ ᠪᠠᠢ᠂ ᠨᠠᠭᠠᠳᠬᠤ ᠪᠠᠷ ᠭᠠᠷ᠂ | ᠲᠤᠭᠤᠯ ᠪᠢᠷᠠᠭᠤᠨ ᠳᠤ ᠶᠠᠪᠤ︾ ᠬᠡᠮᠡᠨ ᠵᠠᠩᠨᠠᠵᠦ ᠭᠠᠷᠭᠠᠳᠠᠭ᠃ ᠤᠳᠤ ᠵᠠᠷᠢᠮ ᠬᠡᠷ ᠤᠨ ᠠᠬᠠᠮᠠᠳ ᠶᠠᠮᠠᠷ ᠴᠤ ᠡᠷᠡᠭᠡ | ᠴᠡᠭᠡᠷ ᠦᠭᠡᠢ ᠪᠤᠯᠵᠤ᠂ ᠬᠡᠦᠭᠡᠳ ᠤᠨ ᠡᠮᠦᠨ᠎ᠠ ᠪᠠᠭᠰᠢ ᠶᠢ ᠨᠢ ᠮᠠᠭᠤᠯᠠᠨ᠎ᠠ᠂ ᠰᠤᠷᠭᠠᠭᠤᠯᠢ ᠶᠢ ᠨᠢ ᠮᠠᠭᠤᠯᠠᠨ᠎ᠠ᠂ | ᠨᠠᠶᠢᠭᠡᠮ ᠢ ᠮᠠᠭᠤᠯᠠᠨ᠎ᠠ᠂ ᠡᠨᠡ ᠪᠤᠯ ᠲᠤᠩ ᠬᠠᠷᠢᠭᠤᠴᠠᠯᠭ᠎ᠠ ᠦᠭᠡᠢ ᠬᠢᠳᠡᠯ᠃ ᠪᠠᠭᠰᠢ ᠪᠤᠯᠤᠨ ᠰᠤᠷᠭᠠᠭᠤᠯᠢ ᠶᠢᠨ | ᠲᠤᠳᠠᠭᠳᠠᠯ ᠢ ᠪᠠᠭᠰᠢ ᠪᠤᠯᠤᠨ ᠰᠤᠷᠭᠠᠭᠤᠯᠢ ᠳᠤᠨᠢ ᠶᠠᠷᠢᠪᠠᠯ ᠰᠠᠢᠢ ᠬᠠᠷᠢᠭᠤᠴᠠᠯᠭ᠎ᠠ ᠲᠠᠢ ᠠᠵᠢᠯᠯᠠᠭ᠎ᠠ ᠪᠤᠯᠤᠨ᠎ᠠ᠂ | ᠬᠡᠦᠭᠡᠳ ᠲᠤ ᠬᠡᠯᠡᠪᠠᠯ ᠨᠠᠵᠠᠭᠠᠢ ᠨᠦᠯᠦᠭᠡ ᠦᠵᠡᠬᠦᠯᠦᠨ᠎ᠠ᠃ ᠬᠡᠦᠭᠡᠳ ᠮᠠᠨᠢ ᠮᠠᠭᠤ ᠪᠠᠭᠰᠢ ᠮᠠᠭᠤᠬᠠᠢ | ᠰᠤᠷᠭᠠᠭᠤᠯᠢ ᠶᠢᠨ ᠤᠷᠴᠢᠨ ᠳᠤ ᠬᠡᠷᠬᠢᠨ ᠪᠠᠶᠠᠷᠳᠠᠢ ᠰᠤᠷᠤᠯᠴᠠᠬᠤ ᠪᠢᠯᠠ︕ ᠠᠮᠠᠨ ᠪᠡᠯᠭᠡ ᠶᠢ ᠲᠡᠭᠡᠳᠦᠯᠡᠳᠡᠭ | ᠮᠠᠯᠴᠢᠨ ᠲᠦᠮᠠᠨ ᠮᠠᠨᠢ ᠤᠴᠠᠷᠠᠭᠰᠠᠨ ᠪᠦᠬᠦᠨ ᠢᠶᠠᠨ ᠢᠷᠦᠭᠡᠵᠦ ᠪᠠᠶᠢᠳᠠᠭ ᠰᠠᠶᠢᠬᠠᠨ ᠤᠯᠠᠮᠵᠢᠯᠠᠯ ᠲᠠᠢ ᠪᠠᠶᠢᠭᠰᠠᠨ᠂ | ᠤᠳᠤ ᠠᠭᠤᠯᠵᠠᠭᠰᠠᠨ ᠪᠦᠬᠦᠨ ᠳᠤ ᠬᠦᠮᠦᠨ ᠮᠠᠭᠤᠯᠠᠬᠤ᠂ ᠲᠠᠨᠢᠯ ᠨᠠᠶᠢᠵᠠ ᠤᠢᠢᠷ᠎ᠠ ᠲᠤᠳᠤᠨᠤ ᠬᠦᠮᠦᠨ | ᠪᠦᠬᠦᠨ ᠳᠡᠭᠡᠨ ᠭᠤᠮᠤᠳᠠᠬᠤ ᠡᠮᠵᠡᠭ ᠰᠡᠳᠬᠢᠴᠠ ᠲᠠᠢ ᠪᠤᠯᠵᠤ ᠪᠠᠶᠢᠨ᠎ᠠ᠃ ᠡᠶᠢᠮᠦᠷᠬᠦ ᠰᠡᠳᠬᠢᠴᠠ ᠲᠠᠢ ᠬᠦᠮᠦᠰ ᠤᠨ | ᠰᠡᠳᠬᠢᠯ ᠰᠠᠨᠠᠭ᠎ᠠ ᠰᠠᠷᠠᠭᠤᠯ ᠦᠭᠡᠳᠡᠷᠭᠡᠭ ᠪᠠᠶᠢᠵᠦ ᠴᠢᠳᠠᠬᠤ ᠦᠭᠡᠢ᠂ ᠦᠭᠡᠳᠡᠷᠭᠡᠭ ᠰᠡᠳᠬᠢᠯᠭᠡ ᠦᠭᠡᠢ ᠬᠦᠮᠦᠰ | ᠠᠵᠢᠯ ᠠᠮᠢᠳᠤᠷᠠᠯ ᠢᠶᠠᠨ ᠦᠡᠭᠭᠡ ᠲᠠᠢ ᠠᠪᠴᠤ ᠶᠠᠪᠤᠬᠤ ᠳᠤ ᠬᠡᠴᠡᠬᠦᠦ᠃ ᠡᠨᠡ ᠮᠠᠳᠦ ᠶᠢᠨ ᠬᠡᠷ ᠤᠨ ᠠᠭᠠᠷ᠂ | ᠠᠮᠢᠳᠤᠷᠠᠯ ᠤᠨ ᠤᠷᠴᠢᠨ ᠳᠤ ᠦᠰᠴᠤ ᠪᠠᠶᠢᠭ᠎ᠠ ᠬᠡᠦᠭᠡᠳ ᠮᠠᠨᠢ ᠪᠠᠭᠰᠢ ᠠᠬᠠᠮᠠᠳ ᠢᠶᠠᠨ ᠬᠦᠨᠳᠦᠯᠡᠬᠦ ᠶᠢ ᠮᠠᠳᠡᠬᠦ | ᠦᠭᠡᠢ᠃ | ᠡᠴᠢᠭᠡ ᠡᠬᠡ ᠪᠤᠯᠤᠭᠰᠠᠳ ᠬᠡᠦᠭᠡᠳ ᠤᠨ ᠢᠶᠠᠨ ᠡᠮᠦᠨ᠎ᠠ ᠬᠡᠯᠡᠬᠦ ᠦᠭᠡ᠂ ᠬᠢᠬᠦ ᠦᠢᠯᠠ ᠪᠦᠬᠦᠨ ᠳᠡᠭᠡᠨ | ᠬᠢᠨᠠᠯᠳᠠ ᠲᠠᠢ ᠪᠠᠶᠢᠬᠤ ᠨᠢ ᠨᠠᠶᠢᠭᠡᠮ ᠦᠷ᠎ᠠ ᠬᠡᠦᠭᠡᠳ ᠲᠡᠭᠡᠨ ᠬᠠᠷᠢᠭᠤᠴᠠᠵᠤ ᠪᠠᠶᠢᠭ᠎ᠠ ᠶᠠᠪᠤᠳᠠᠯ ᠮᠦᠨ᠃ | ᠨᠠᠰᠤᠳᠠᠨ ᠢᠶᠠᠨ ᠬᠦᠨᠳᠦᠯᠡᠵᠦ ᠠᠴᠢᠯᠠᠯ ᠡᠯᠪᠡᠷᠢᠯᠳᠡᠢ ᠠᠰᠠᠷᠠᠬᠤ᠂ ᠰᠠᠳᠤᠨ ᠲᠦᠷᠦᠯ ᠲᠠᠢ ᠪᠠᠨ ᠡᠯᠢᠭᠡᠰᠡᠭ ᠲᠤᠳᠤᠨᠤ | ᠶᠠᠪᠤᠯᠴᠠᠬᠤ᠂ ᠠᠶᠢᠯ ᠰᠠᠭᠠᠬᠠᠯᠳᠠ ᠲᠠᠢ ᠪᠠᠨ ᠡᠪ ᠵᠦᠢᠳᠡᠢ ᠬᠠᠮᠵᠢᠯᠴᠠᠨ ᠡᠶ᠎ᠡ ᠨᠠᠶᠢᠷᠳᠠᠢ ᠪᠠᠶᠢᠬᠤ᠂ ᠬᠦᠳᠡᠯᠮᠤᠷᠢ ᠳᠤ | ᠰᠢᠭᠤᠷᠬᠠᠢ᠂ ᠬᠦᠮᠦᠨ ᠳᠤ ᠲᠤᠰᠠᠴᠢ᠂ ᠪᠤᠰᠤᠳ ᠤᠨ ᠤᠰᠤᠯ ᠢ ᠠᠭᠤᠴᠢᠯᠠᠵᠦ ᠠᠭᠤᠳᠠᠮᠴᠢ ᠬᠠᠨᠳᠤᠬᠤ ᠮᠠᠳᠤ | ᠰᠢᠳᠤᠷᠭᠤ ᠲᠦᠪᠰᠢᠨ ᠰᠢᠯᠢᠳᠡᠭ ᠪᠤᠯᠪᠠᠰᠤᠨ ᠵᠠᠩ ᠰᠤᠷᠳᠠᠯ ᠲᠠᠢ ᠶᠠᠪᠤᠭᠰᠠᠨ ᠯᠠ ᠪᠠᠶᠢᠪᠠᠯ ᠲᠠᠷᠠ ᠪᠦᠬᠦᠨ ᠨᠢ | ᠬᠡᠦᠭᠡᠳ ᠤᠨ ᠴᠢᠨᠢ ᠤᠶᠤᠨ ᠤ ᠲᠠᠵᠢᠭᠡᠯ ᠪᠤᠯᠵᠤ᠂ ᠰᠠᠶᠢᠨ ᠰᠠᠶᠢᠠᠬᠨ ᠬᠦᠮᠦᠨ ᠤ ᠲᠦᠷᠢ ᠶᠢ ᠪᠦᠳᠦᠭᠡᠨᠠ ᠬᠡᠳᠡᠭ ᠲᠤ | ᠪᠠᠳᠤ ᠢᠳᠡᠭᠡᠭᠡᠷᠡᠢ︕ | ᠭᠤᠷᠪᠠ᠂ ᠦᠵᠡᠬᠦ ᠺᠢᠨᠣ᠋᠂ ᠨᠠᠭᠠᠳᠬᠤ ᠲᠤᠭᠯᠠᠭᠠᠮ ᠢᠶᠠᠷ ᠲᠤᠳᠠᠬᠤ ᠦᠭᠡᠢ ᠵᠢᠷᠭᠠᠯᠳᠠᠢ ᠴᠠᠭ ᠤᠨ ᠪᠤᠶᠠᠨᠳᠠᠢ | ᠬᠡᠦᠭᠡᠳ ᠬᠡᠵᠦ ᠪᠤᠤ ᠪᠤᠳᠤᠭᠠᠷᠠᠢ᠃ ᠤᠳᠤ ᠶᠢᠨ ᠬᠦᠮᠦᠰ ᠭᠠᠭᠴᠠ ᠬᠡᠦᠭᠡᠳ ᠠᠪᠬᠤ ᠨᠢ ᠤᠯᠠᠰᠢᠷᠠᠭᠰᠠᠨ ᠠᠴᠠ | ᠠᠶᠢᠯ ᠬᠡᠷ ᠲᠤ ᠬᠡᠦᠭᠡᠳ ᠴᠦᠭᠡᠷᠠᠵᠦ᠂ ᠬᠡᠦᠭᠡᠳ ᠨᠠᠭᠠᠳᠬᠤ ᠬᠠᠨᠢ ᠦᠭᠡᠢ᠂ ᠪᠠᠶᠠᠷ ᠵᠢᠷᠭᠠᠯ ᠢᠶᠠᠨ ᠬᠤᠪᠢᠶᠠᠯᠴᠠᠬᠤ | ᠬᠠᠨᠢ ᠦᠭᠡᠢ᠂ ᠭᠤᠨᠢᠭ ᠵᠤᠪᠠᠯᠠᠩ ᠢᠶᠠᠨ ᠬᠤᠪᠢᠶᠠᠯᠴᠠᠬᠤ ᠨᠦᠬᠦᠷ ᠦᠭᠡᠢ ᠪᠤᠯᠵᠠᠢ᠃ ᠤᠳᠤ ᠶᠢᠨ ᠬᠡᠦᠭᠡᠳ ᠢ | ᠬᠦᠮᠦᠨ ᠲᠠᠢ ᠬᠠᠮᠳᠤ ᠦᠰᠦᠨ ᠪᠤᠶᠢᠵᠢᠵᠦ ᠪᠠᠶᠢᠨ᠎ᠠ ᠬᠡᠬᠦ ᠠᠴᠠ ᠮᠠᠰᠢᠨ ᠲᠠᠢ ᠬᠠᠮᠳᠤ ᠦᠰᠴᠤ ᠪᠠᠶᠢᠨ᠎ᠠ ᠬᠡᠵᠦ | ᠬᠡᠯᠡᠪᠡᠯ ᠢᠯᠡᠬᠦᠦ ᠲᠤᠬᠢᠷᠠᠮᠵᠢᠳᠠᠢ᠃ ᠦᠯᠦᠭᠡᠢ ᠲᠠᠢ ᠪᠠᠶᠢᠬᠤ ᠠᠴᠠ ᠪᠠᠨ ᠲᠧᠯᠸᠢᠰ ᠦᠵᠡᠵᠦ᠂ ᠪᠠᠭ᠎ᠠ ᠯᠠ ᠶᠡᠭᠡ | ᠪᠤᠯᠤᠮᠠᠭᠴᠠ ᠶᠠᠮᠠᠷ ᠴᠤ ᠬᠠᠶᠢᠷ᠎ᠠ ᠰᠠᠳᠤᠨ ᠤ ᠬᠠᠷᠢᠴᠠᠭ᠎ᠠ ᠦᠭᠡᠢ ᠡᠯ᠎ᠠ ᠵᠦᠢᠯ ᠤᠨ ᠬᠡᠦᠭᠡᠯᠳᠡᠢ᠂ ᠮᠠᠰᠢᠨ ᠲᠤᠭᠯᠠᠭᠠᠮ᠂ | ᠲᠡᠭᠡᠵᠦ ᠪᠠᠶᠢᠳᠠᠯ᠎ᠠ ᠭᠠᠷ ᠤᠳᠠᠰᠤ ᠰᠦᠯᠵᠢᠶᠠᠨ ᠨᠠᠶᠢᠵᠢ ᠲᠠᠢ ᠨᠦᠬᠦᠷᠯᠠᠵᠦ᠂ ᠬᠠᠵᠠᠭᠤᠳᠠᠬᠢ ᠬᠦᠮᠦᠰ ᠠᠴᠠ ᠪᠠᠨ | ᠬᠦᠨᠳᠠᠶᠢᠷᠠᠵᠦ ᠵᠠᠶᠢᠳᠠᠵᠦ ᠡᠬᠢᠯᠡᠳᠡᠭ᠃ ᠠᠬ᠎ᠠ ᠡᠭᠡᠴᠢ ᠶᠢᠨ ᠬᠠᠯᠠᠮᠵᠢ ᠬᠦᠷᠳᠡᠭᠰᠡᠨ ᠦᠭᠡᠢ᠂ ᠲᠡᠭᠦᠦ ᠨᠠᠷ ᠢ | ᠬᠠᠷᠠᠭᠠᠯᠵᠠᠬᠤ ᠬᠠᠷᠢᠭᠤᠴᠠᠯᠭ᠎ᠠ ᠮᠡᠳᠡᠭᠰᠡᠨ ᠦᠭᠡᠢ ᠬᠡᠦᠭᠡᠳ ᠮᠠᠨᠢ ᠬᠡᠨ ᠢ ᠴᠤ ᠤᠢᠢᠯᠠᠭᠠᠵᠦ ᠬᠠᠯᠠᠮᠵᠢᠯᠠᠬᠤ ᠶᠢ ᠮᠡᠳᠡᠬᠦ | ᠦᠭᠡᠢ ᠬᠤᠪᠢᠨᠴᠢᠷ ᠵᠠᠩ ᠲᠠᠢ ᠪᠤᠯᠤᠨ ᠲᠦᠯᠦᠪᠰᠢᠷᠡᠵᠦ ᠪᠠᠶᠢᠨ᠎ᠠ᠃ | ᠲᠡᠭᠡᠬᠦ ᠪᠠᠷ᠂ ᠬᠡᠷ ᠤᠨ ᠠᠬᠠᠮᠠᠳ ᠬᠡᠦᠭᠡᠳ ᠤᠨ ᠢᠶᠠᠨ ᠪᠠᠭ᠎ᠠ ᠨᠠᠰᠤᠨ ᠤ ᠪᠠᠶᠠᠷ ᠵᠢᠷᠭᠠᠯ ᠳᠤ ᠢᠯᠡᠬᠦᠭᠡᠨ | ᠰᠠᠨᠠᠭ᠎ᠠ ᠲᠠᠯᠪᠢᠵᠦ᠂ ᠦᠶ᠎ᠠ ᠬᠤᠷᠠᠭ ᠤᠨ ᠨᠠᠶᠢᠵᠢ ᠨᠠᠷ ᠲᠠᠢ ᠨᠢ ᠢᠯᠡᠭᠦᠭᠡᠨ ᠬᠠᠮᠳᠤ ᠨᠠᠭᠠᠳᠤᠭᠤᠯᠵᠤ ᠪᠠᠶᠢᠭᠠᠷᠠᠢ ᠬᠡᠵᠦ | ᠰᠠᠨᠠᠭᠤᠯᠤᠶ᠎ᠠ᠃ | ᠲᠦᠷᠪᠠ᠂ ᠶᠠᠭᠤ ᠪᠦᠬᠦᠨ ᠢ ᠨᠢ ᠪᠠᠯᠠᠨᠴᠢᠯᠠᠵᠦ ᠦᠭᠬᠦ ᠶᠢ ᠬᠡᠦᠭᠡᠳ ᠤᠨ ᠠᠮᠢᠳᠤᠷᠠᠨ ᠪᠦᠳᠦᠭᠡᠬᠦ ᠡᠷᠭᠡ ᠶᠢ ᠨᠢ | ᠪᠤᠯᠢᠶᠠᠭᠰᠠᠨ ᠬᠡᠵᠦ ᠦᠵᠡᠵᠦ ᠪᠤᠯᠤᠨ᠎ᠠ᠃ ᠦᠡᠭᠭᠡᠷᠡᠭᠰᠡᠨ ᠳᠤ ᠬᠡᠦᠭᠡᠳ ᠡᠳᠦᠷᠵᠢᠨ ᠡᠴᠢᠭᠡ ᠡᠭᠡ ᠪᠠᠨ ᠰᠡᠭᠦᠯᠳᠡᠵᠦ | ᠠᠰᠠᠭᠤᠬᠤ ᠦᠭᠡᠢ ᠵᠦᠢᠯ ᠬᠡᠵᠦ ᠦᠭᠡᠢ᠂ ᠬᠢᠵᠦ ᠤᠷᠤᠯᠳᠤᠬᠤ ᠦᠭᠡᠢ ᠶᠠᠭᠤᠮ᠎ᠠ ᠬᠡᠵᠦ ᠦᠭᠡᠢ᠂ ᠡᠴᠢᠭᠡ ᠡᠭᠡ ᠨᠢ | ᠴᠤ ᠠᠵᠢᠯ ᠮᠤᠳᠤᠨ ᠳᠠᠭᠠᠨ ᠰᠠᠶᠢᠨ ᠲᠠᠭᠠᠭᠤᠯᠳᠠᠭ ᠪᠠᠶᠢᠭᠰᠠᠨ᠃ ᠬᠡᠬᠦ ᠳᠤ᠂ ᠤᠳᠤ ᠵᠠᠷᠢᠮ ᠬᠡᠷ ᠤᠨ ᠠᠬᠠᠮᠠᠳ | ᠬᠡᠦᠭᠡᠳ ᠢᠶᠠᠨ ᠵᠦᠪᠭᠡᠨ ᠰᠠᠶᠢᠨ ᠰᠤᠷᠪᠠᠯ ᠪᠤᠯᠴᠢᠬᠠᠨ᠎ᠠ ᠬᠡᠰᠡᠨ ᠪᠠᠶᠢᠳᠠᠯ ᠲᠠᠢ ᠪᠤᠯᠵᠤ ᠪᠠᠶᠢᠨ᠎ᠠ᠃ ᠬᠢᠴᠢᠶᠠᠯ | ᠪᠠᠭᠤᠭᠠᠳ ᠢᠷᠡᠬᠦ ᠳᠤᠨᠢ ᠢᠳᠡᠵᠦ ᠤᠤᠭᠤᠬᠤ ᠨᠢ ᠪᠠᠯᠠᠨ᠂ ᠲᠠᠰᠬᠠᠯ ᠬᠢᠬᠦ ᠳᠤ ᠬᠠᠵᠠᠭᠤ ᠳᠤᠨᠢ ᠬᠠᠷᠠᠵᠦ | ᠰᠠᠭᠤᠬᠤ ᠪᠠᠷ ᠪᠠᠷᠠᠬᠤ ᠦᠭᠡᠢ ᠤᠰᠤ ᠴᠠᠢ ᠵᠢᠮᠢᠰ ᠰᠢᠬᠢᠷ ᠲᠤ ᠬᠦᠷᠳᠡᠯ᠎ᠠ ᠵᠦᠭᠡᠭᠡᠵᠦ ᠶᠠᠭᠠᠷᠠᠨ᠎ᠠ᠂ ᠤᠨᠳᠠᠬᠤ ᠳᠤ | ᠤᠷᠤ ᠬᠦᠨᠵᠢᠯᠠ ᠶᠢ ᠨᠢ ᠲᠡᠯᠭᠡᠵᠦ ᠦᠭᠭᠦᠨ᠎ᠠ᠂ ᠰᠤᠷᠭᠠᠭᠤᠯᠢ ᠳᠠᠭᠠᠨ ᠶᠠᠪᠤᠬᠤ ᠳᠤᠨᠢ ᠲᠠᠰᠬᠠᠯ ᠲᠡᠪᠳᠡᠷ ᠡᠮᠦᠰᠴᠤ | ᠵᠡᠬᠦᠬᠦ ᠶᠢ ᠨᠢ ᠬᠦᠷᠳᠡᠯ᠎ᠠ ᠪᠠᠯᠠᠳᠭᠡᠵᠦ ᠦᠭᠭᠦᠨ᠎ᠠ᠂ ᠮᠡᠷᠳᠡᠵᠦ ᠤᠷᠬᠢᠭᠰᠠᠨ ᠢ ᠨᠢ ᠬᠤᠶᠢᠨ᠎ᠠ ᠠᠴᠠ ᠨᠢ ᠬᠦᠷᠭᠡᠵᠦ | ᠬᠦᠶᠦᠨ᠎ᠠ᠃ ᠬᠡᠦᠭᠡᠳ ᠶᠠᠭᠤᠮ᠎ᠠ ᠬᠢᠬᠦ ᠶᠢ ᠪᠠᠶᠢᠴᠢᠬ᠎ᠠ᠂ ᠰᠡᠳᠬᠢᠬᠦ ᠴᠤ ᠬᠡᠷᠡᠭ ᠦᠭᠡᠢ ᠪᠤᠯᠤᠭᠰᠠᠨ᠃ ᠡᠶᠢᠮᠦᠷᠬᠦ | ᠤᠷᠴᠢᠨ ᠳᠤ ᠦᠰᠬᠦ ᠬᠡᠦᠭᠡᠳ ᠲᠤᠷ᠎ᠠ ᠰᠤᠨᠢᠷᠬᠠᠯ ᠳᠠᠩ ᠴᠤᠯᠭᠤᠢ᠂ ᠰᠡᠷᠡᠯ ᠰᠡᠳᠬᠢᠬᠦᠢ ᠨᠢ ᠲᠦᠭᠵᠢᠷᠡᠭᠰᠡᠨ᠂ | ᠠᠵᠢᠯ ᠠᠮᠢᠳᠤᠷᠠᠯ ᠢ ᠤᠢᠢᠯᠠᠭᠠᠬᠤ ᠦᠭᠡᠢ᠂ ᠪᠠᠶ᠎ᠠ ᠪᠠᠨ ᠲᠠᠭᠠᠭᠠᠬᠤ ᠴᠢᠳᠠᠪᠤᠷᠢ ᠪᠠᠷ ᠠᠨᠠᠢ᠂ ᠦᠪᠠᠷ ᠤᠨ | ᠦᠵᠡᠯᠳᠡ ᠪᠠᠷ ᠲᠤᠳᠠᠮᠠᠭ᠂ ᠶᠠᠭᠤᠮ᠎ᠠ ᠪᠦᠬᠦᠨ ᠢ ᠪᠤᠰᠤᠳ ᠲᠤ ᠨᠠᠶᠢᠳᠠᠬᠤ ᠵᠠᠮᠳᠡᠭ ᠠᠷᠠᠨᠰᠢᠨ ᠲᠠᠢ ᠪᠤᠯᠤᠨ᠎ᠠ᠃ | ᠰᠢᠯᠢᠳᠡᠭ ᠡᠴᠢᠭᠡ ᠡᠭᠡ ᠪᠤᠯ ᠬᠡᠦᠭᠡᠳ ᠤᠨ ᠰᠡᠳᠬᠢᠯ ᠤᠨ ᠨᠠᠶᠢᠵᠢ ᠨᠢ ᠪᠤᠯᠵᠤ᠂ ᠬᠡᠦᠭᠡᠳ ᠤᠨ ᠡᠷᠭᠡ | ᠴᠢᠯᠦᠭᠡᠳᠡᠢ ᠦᠰᠦᠨ ᠪᠤᠶᠢᠵᠢᠯᠳᠠ ᠳᠤ ᠲᠤᠷᠰᠢᠯᠭ᠎ᠠ ᠵᠦᠪᠳᠠᠯᠴᠡᠭᠡ ᠦᠭᠳᠡᠭ ᠦᠮᠦᠭ ᠲᠦᠰᠢᠭ ᠪᠤᠯᠬᠤ ᠠᠴᠠ ᠪᠢᠰᠢ᠂ | ᠠᠯᠢᠪᠠ ᠶᠢ ᠬᠡᠦᠭᠡᠳ ᠤᠨ ᠡᠮᠦᠨ᠎ᠠ ᠠᠴᠠ ᠬᠢᠭᠰᠡᠭᠡᠷ ᠪᠠᠶᠢᠵᠦ ᠬᠡᠦᠭᠡᠳ ᠢ ᠶᠠᠭᠤ ᠬᠢᠬᠦ᠂ ᠬᠠᠮᠢᠭᠠᠰᠢ ᠶᠠᠪᠤᠬᠤ ᠪᠠᠨ ᠴᠤ | ᠤᠯᠬᠤ ᠦᠭᠡᠢ ᠵᠦᠭ ᠴᠢᠭ ᠢᠶᠠᠨ ᠠᠯᠳᠠᠭᠰᠠᠨ ᠬᠦᠮᠦᠨ ᠪᠤᠯᠭᠠᠳᠠᠭ ᠦᠭᠡᠢ᠃ | ᠲᠠᠪᠤ᠂ ᠬᠡᠦᠭᠡᠳ ᠢᠶᠠᠨ ᠢᠯᠡᠬᠦᠭᠡᠨ ᠤᠷᠮᠠᠰᠢᠭᠤᠯᠵᠤ᠂ ᠲᠠᠳᠠᠨ ᠳᠤ ᠶᠠᠷᠢᠵᠤ ᠬᠢᠬᠦ ᠵᠠᠪᠰᠢᠶᠠᠨ ᠤᠯᠭᠤᠨ᠎ᠠ᠃ | ᠬᠡᠷ ᠤᠨ ᠠᠬᠠᠮᠠᠳ ᠬᠡᠦᠭᠡᠳ ᠲᠠᠢ ᠪᠠᠨ ᠬᠠᠷᠢᠴᠠᠬᠤ ᠳᠠᠭᠠᠨ ᠬᠡᠦᠭᠡᠳ ᠤᠨ ᠶᠠᠷᠢᠬᠤ ᠶᠢ ᠰᠤᠨᠤᠰᠬᠤ ᠨᠢ ᠪᠠᠭ᠎ᠠ᠂ | ᠵᠠᠬᠢᠵᠦ ᠰᠤᠷᠭᠠᠬᠤ ᠨᠢ ᠤᠯᠠᠨ ᠪᠤᠯᠤᠭᠰᠠᠨ ᠠᠴᠠ ᠬᠡᠦᠭᠡᠳ ᠦᠰᠬᠦ ᠲᠤᠳᠤᠮ ᠠᠪᠤ ᠡᠵᠢ ᠲᠠᠢ ᠪᠠᠨ ᠶᠠᠷᠢᠯᠴᠠᠬᠤ | ᠲᠤᠷ᠎ᠠ ᠦᠭᠡᠢ᠂ ᠶᠠᠷᠢᠭᠰᠠᠨ ᠴᠤ ᠦᠭᠡ ᠬᠠᠮᠠᠷ ᠨᠠᠶᠢᠯᠠᠬᠦ ᠦᠭᠡᠢ ᠪᠤᠯᠵᠠᠢ᠃ ᠡᠭᠦᠨ ᠤ ᠳ᠋ᠦᠩ ᠳᠤ᠂ ᠪᠤᠬᠢᠨᠢᠳᠤᠩᠭᠤᠢ | ᠪᠠᠴᠢᠮᠳᠠᠭᠤ ᠵᠠᠩ ᠲᠠᠢ᠂ ᠰᠡᠳᠬᠢᠯ ᠰᠠᠨᠠᠭ᠎ᠠ ᠪᠢᠳᠡᠬᠦᠷᠠᠯ ᠲᠠᠢ ᠬᠡᠦᠭᠡᠳ ᠵᠠᠯᠠᠭᠤᠴᠤᠳ ᠤᠯᠠᠨ ᠪᠤᠯᠵᠤ ᠪᠤᠢ᠃ | ᠡᠶᠢᠮᠦ ᠠᠴᠠ ᠬᠡᠦᠭᠡᠳ ᠢᠶᠠᠨ ᠰᠠᠶᠢᠳᠤᠷ ᠤᠢᠢᠯᠠᠭᠠᠵᠦ᠂ ᠬᠡᠦᠭᠡᠳ ᠲᠠᠢ ᠪᠠᠨ ᠰᠠᠶᠢᠬᠠᠨ ᠨᠠᠶᠢᠵᠢᠯᠠᠵᠦ᠂ ᠲᠤᠷ᠎ᠠ | ᠪᠠᠬ᠎ᠠ ᠲᠠᠢ ᠵᠦᠢᠯ ᠢ ᠨᠢ ᠢᠯᠡᠬᠦᠦ ᠤᠷᠮᠠᠰᠢᠭᠤᠯᠵᠤ᠂ ᠬᠡᠦᠭᠡᠳ ᠤᠨ ᠬᠡᠨᠡᠨ ᠴᠠᠭᠠᠨ ᠬᠦᠰᠡᠯ ᠮᠦᠷᠦᠭᠡᠳᠦᠯ ᠢ ᠨᠢ | ᠤᠷᠭᠤᠭᠤᠯᠵᠤ ᠬᠦᠭᠵᠢᠬᠡᠬᠦ ᠬᠡᠷᠡᠭᠳᠡᠢ᠂ ᠮᠡᠳᠡᠭᠰᠡᠨ ᠴᠢᠳᠠᠭᠰᠠᠨ ᠶᠠᠭᠤᠮ᠎ᠠ ᠶᠢ ᠨᠢ ᠭᠠᠶᠢᠬᠠᠭᠤᠯᠵᠤ ᠬᠡᠷᠡᠭᠯᠡᠬᠦ ᠵᠠᠪᠰᠢᠶᠠᠨ | ᠤᠯᠭᠤᠬᠤ ᠴᠢᠬᠤᠯᠠᠳᠠᠢ᠃ | |