ᠬᠡᠤᠬᠡᠳ ᠲᠤ ᠨᠡᠷ᠎ᠡ ᠦᠭᠬᠦ ᠨᠤᠲᠤᠭ ᠤᠨ ᠵᠠᠩᠰᠢᠯ
ᠨᠡᠶᠢᠲᠡᠯᠡᠭᠰᠡᠨ ᠴᠠᠭ᠄
2014/10/19
        ᠬᠡᠤᠬᠡᠳ ᠲᠤ ᠨᠡᠷ᠎ᠡ ᠥᠭᠬᠦ ᠵᠠᠩᠰᠢᠯ ᠨᠤᠳᠤᠭ ᠨᠤᠳᠤᠭ ᠬᠤᠭᠤᠷᠤᠨᠳᠤ ᠪᠠᠨ ᠪᠠᠭ᠎ᠠ ᠰᠠᠭ᠎ᠠ ᠵᠥᠷᠢᠶᠡᠨ ᠲᠠᠢ ᠪᠠᠶᠢᠳᠠᠭ ᠴᠤ ᠦᠨᠳᠤᠰᠤᠨ ᠳᠡᠭᠡᠨ ᠠᠳᠠᠯᠢᠪᠳᠤᠷ ᠪᠠᠶᠢᠬᠤ ᠡ᠃ ᠶᠡᠷᠤᠩᠬᠡᠢ ᠳᠡᠭᠡᠨ ᠡᠪᠦᠭᠡ ᠡᠮᠡᠭᠡ ︿ᠨᠠᠭᠠᠴᠤ ᠡᠪᠦᠭᠡ ᠡᠮᠡᠭᠡ﹀ ᠠᠴᠠ ᠨᠢ ᠨᠡᠷ᠎ᠡ ᠭᠤᠶᠤᠵᠤ ᠥᠭᠳᠡᠭ ᠵᠠᠩᠰᠢᠯ ᠲᠠᠢ᠂ ᠤᠴᠢᠷ ᠨᠢ᠂ ᠡᠪᠦᠭᠡ ᠡᠮᠡᠭᠡ ᠠᠴᠠ  ᠪᠠᠨ ᠨᠡᠷ᠎ᠡ ᠤᠯᠤᠭᠰᠡᠨ ᠬᠡᠤᠬᠡᠳ ᠠᠮᠢ ᠪᠥᠬᠡᠲᠡᠢ ᠪᠤᠯᠤᠨ᠎ᠠ ᠬᠡᠵᠤ ᠦᠵᠡᠳᠡᠭ ᠮᠥᠷᠲᠡᠭᠡᠨ ᠭᠠᠯ ᠭᠤᠯᠤᠮᠲᠠ ᠪᠠᠨ ᠰᠡᠷᠬᠦᠬᠡᠨ ᠦᠶ᠎ᠡ ᠵᠠᠯᠭᠠᠮᠵᠢᠯᠠᠬᠤ ᠤᠬᠠᠭᠠᠨ ᠲᠠᠢ ᠶᠤᠮ᠂ ᠤᠳᠤ ᠴᠤ ᠭᠡᠰᠡᠨ ᠡᠨᠡ ᠵᠠᠩᠰᠢᠯ ᠢᠶᠠᠨ ᠪᠠᠷᠢᠮᠲᠠᠯᠠᠭᠰᠠᠭᠠᠷ ᠪᠠᠶᠢᠨ᠎ᠠ᠂ ᠬᠠᠷᠢᠨ᠂ ᠪᠤᠰᠤᠳ ᠶᠠᠮᠠᠷ ᠨᠢᠭᠡᠨ ᠬᠠᠮᠢᠶ᠎ᠠ ᠬᠠᠷᠢᠶ᠎ᠠ ᠦᠭᠡᠢ ᠬᠦᠮᠤᠨ ᠠᠴᠠ ᠨᠡᠷ᠎ᠡ ᠭᠤᠶᠤᠬᠤ ᠳᠤᠷ᠎ᠠ ᠦᠭᠡᠢ ᠪᠠᠶᠢᠳᠠᠭ᠂ ᠶᠠᠭᠠᠬᠢᠭᠠᠳ ᠭᠡᠪᠡᠯ᠂ ᠡᠪᠦᠭᠡ ᠡᠮᠡᠭᠡ ᠪᠤᠯ ᠬᠦᠮᠤᠨ ᠤ ᠲᠡᠭᠡᠳᠤᠰ ᠮᠥᠷᠲᠡᠭᠡᠨ ᠠᠶᠢᠯ ᠭᠡᠷ ᠤᠨ ᠭᠠᠯ ᠭᠤᠯᠤᠮᠲᠠ ᠶᠢ ᠪᠠᠳᠠᠷᠠᠭᠠᠭᠰᠠᠨ ᠠᠴᠢᠲᠠᠨ᠂ ᠡᠩᠬᠡ ᠲᠠᠷᠬᠠᠨ ᠬᠦᠮᠤᠰ᠂ ᠦᠷ᠎ᠡ ᠦᠨᠳᠤᠰᠤ ᠨᠢ ᠴᠤ ᠲᠡᠳᠡᠨ ᠤ  ᠪᠠᠨ ᠥᠭᠭᠦᠭᠰᠡᠨ ᠨᠡᠷ᠎ᠡ ᠶᠢ ᠭᠤᠯᠤᠯ ᠦᠭᠡᠢ ᠬᠦᠯᠢᠶᠡᠨ ᠠᠪᠴᠤ᠂ ᠶᠤᠰᠤ ᠭᠦᠢᠴᠡᠳᠬᠡᠨ ᠳᠤᠷᠠᠰᠬᠠᠯ ᠦᠯᠡᠳᠡᠭᠡᠭᠰᠡᠨ ᠰᠢᠭ ᠪᠤᠳᠤᠵᠤ᠂ ᠰᠡᠳᠬᠡᠯ ᠵᠢᠷᠤᠬᠡᠨ ᠤ ᠪᠠᠨ ᠪᠠᠶᠠᠰᠤᠯ ᠳᠤᠷᠠᠳᠬᠠᠯ ᠪᠤᠯᠭᠠᠳᠠᠭ᠂ ᠬᠡᠷᠪᠡ᠂ ᠡᠪᠦᠭᠡ ᠡᠮᠡᠭᠡ ︿ᠨᠠᠭᠠᠴᠤ ᠡᠪᠦᠭᠡ ᠡᠮᠡᠭᠡ﹀ ᠨᠢ ᠠᠮᠢᠳᠤ ᠰᠡᠷᠢᠭᠦᠨ ᠪᠠᠶᠢᠪᠠᠯ ᠡᠨᠡ ᠦᠢᠯᠡ ᠶᠢ ᠬᠦᠢᠴᠡᠳᠬᠡᠵᠤ ᠨᠠᠰᠤᠳᠠᠳ ᠢᠶᠠᠨ ᠭᠤᠮᠤᠳᠠᠭᠠᠬᠤ ᠦᠭᠡᠢ ᠪᠠᠶᠢᠪᠠᠯ ᠵᠤᠬᠢᠨ᠎ᠠ᠂ ᠡᠨᠡ ᠨᠢ ᠭᠤᠤᠯᠳᠠᠭᠤ ᠪᠡᠯᠭᠡ ᠳᠡᠮᠪᠡᠷᠢᠯ ᠢ ᠪᠤᠳᠤᠭᠰᠠᠨ ᠶᠠᠪᠤᠳᠠᠯ ᠮᠥᠨ᠂ ᠡᠰᠡᠭᠦᠯ᠎ᠡ᠂ ᠪᠠᠭᠰᠢ ᠪᠤᠶᠤ ᠪᠤᠰᠤᠳ ᠨᠡᠷ᠎ᠡ ᠬᠦᠨᠳᠤᠲᠠᠢ ᠬᠦᠮᠤᠰ ᠠᠴᠠ ᠨᠢ ᠨᠡᠷ᠎ᠡ ᠠᠪᠳᠠᠭ ᠶᠠᠪᠤᠲᠠᠯ ᠴᠤ ᠭᠠᠷᠳᠠᠭ᠃ ᠭᠡᠲᠡᠯ᠎ᠡ᠂ ᠡᠷᠲᠡᠨ ᠳᠡᠭᠡᠨ ᠪᠤᠯ ᠱᠠᠰᠢᠨ ᠰᠢᠳᠤᠯᠭᠡ ᠶᠢᠨ ᠡᠭᠦᠳᠡᠨ ᠠᠴᠠ ᠬᠡᠭᠡᠨ ᠬᠤᠪᠢᠯᠠᠭᠠᠳ ᠠᠴᠠ ᠨᠡᠷ᠎ᠡ ᠠᠪᠴᠤ ᠳᠥᠪᠡᠳ ᠲᠠᠩᠭᠤᠳ ᠮᠡᠳᠤ ᠶᠢᠨ ᠱᠠᠰᠢᠨ ᠤ ᠡᠭᠦᠲᠡᠨ ᠠᠴᠠ ᠢᠷᠡᠯᠲᠡ ᠲᠠᠢ ᠨᠡᠷ᠎ᠡ ᠤᠯᠤᠭᠰᠠᠨ ᠬᠦᠮᠤᠰ ᠴᠤ ᠠᠯᠢ ᠤᠯᠠᠨ ᠪᠠᠶᠢᠭᠰᠠᠨ᠂ ᠡᠨᠡ ᠪᠤᠯ ᠦᠨᠡᠨᠳᠡᠭᠡᠨ ᠬᠦᠮᠤᠰ ᠤᠨ ᠰᠡᠳᠬᠡᠯ ᠤᠨ ᠲᠠᠶᠢᠳᠬᠠᠷᠠᠯ ᠶᠤᠮ᠃ ᠭᠡᠪᠡᠴᠤ᠂ ᠪᠠᠰᠠ ᠵᠠᠷᠢᠮ ᠮᠤᠩᠭᠤᠯ ᠨᠡᠷᠡᠰ ᠤᠨ ᠳᠤᠳᠤᠷ᠎ᠠ ᠳᠤᠤᠷᠠᠳᠤ ᠲᠡᠰ ᠤᠨ ᠠᠮᠢᠲᠠᠨ ᠠᠷᠢᠶᠠᠲᠠᠨ ᠪᠤᠶᠤ ᠦᠭᠡ ᠦᠰᠦᠭ ᠢᠶᠠᠷ ᠨᠡᠷᠡᠶᠢᠳᠡᠭᠳᠡᠭᠰᠡᠨ ᠬᠦᠮᠤᠨ ᠴᠦ ᠠᠯᠢ ᠤᠯᠠᠨ ᠪᠠᠶᠢᠯ᠎ᠠ᠂ ᠡᠨᠡ ᠨᠢ ᠬᠠᠭᠤᠴᠢᠨ ᠴᠠᠭ ᠤᠨ ᠬᠦᠮᠤᠰ ᠬᠡᠤᠬᠡᠳ ᠲᠡᠭᠡᠨ ᠨᠡᠷ᠎ᠡ ᠥᠭᠬᠦ ᠳᠡᠭᠡᠨ ᠡᠭᠡᠯ ᠪᠤᠷᠤᠬᠠᠨ ᠠᠷᠠᠳ ᠲᠤ ᠥᠩᠭᠡᠷᠡᠤ ᠳᠤᠮᠤ ᠨᠡᠷ᠎ᠡ ᠪᠤᠶᠤ ᠬᠠᠲᠠᠭᠤ ᠨᠡᠷ᠎ᠡ ᠳᠤᠬᠢᠷᠠᠬᠤ ᠦᠭᠡᠢ ᠂ ᠪᠤᠶᠠᠨ ᠳᠠᠭᠠᠭᠠᠬᠤ ᠦᠭᠡᠢ᠂ ᠵᠠᠶᠠᠭ᠎ᠠ ᠨᠢ ᠪᠠᠭᠤᠷᠠᠨ᠎ᠠ ᠬᠡᠮᠡᠨ ᠤᠶᠢᠯᠠᠭᠠᠵᠤ᠂ ᠳᠤᠤᠷᠠᠳᠤ ᠲᠡᠰ ᠤᠨ ᠨᠡᠷ᠎ᠡ ᠲᠠᠢ ᠪᠤᠯ ᠠᠮᠢ ᠪᠥᠬᠡᠲᠠᠢ ᠪᠤᠯᠤᠨ᠎ᠠ ᠭᠡᠵᠤ ᠪᠤᠳᠤᠳᠠᠭ ᠠᠴᠠ ᠰᠢᠯᠲᠠᠭᠠᠯᠠᠵᠠᠢ᠂ ᠡᠳᠤᠭᠡ ᠴᠤ ᠭᠡᠰᠡᠨ ᠪᠡᠯᠭᠡ ᠲᠡᠮᠪᠡᠷᠡᠯ ᠢ ᠪᠤᠳᠤᠳᠠᠭ ᠲᠠᠯ᠎ᠠ ᠪᠠᠨ ᠦᠭᠡᠶᠢᠰᠭᠡᠵᠤ ᠦᠭᠡᠢ᠃ ᠨᠠᠷ᠎ᠠ ᠪᠤᠯ ᠬᠦᠮᠤᠨ ᠤ ᠨᠢᠭᠡ ᠨᠠᠰᠤᠨ ᠳᠤ ᠰᠠᠯᠤᠰᠢ ᠦᠭᠡᠢ ᠮᠠᠰᠢ ᠴᠢᠬᠤᠯᠠ ᠳᠥᠯᠥᠭᠡᠨ ᠤ ᠳ᠋ᠤᠭᠠᠷ᠂ ᠲᠡᠮᠳᠡᠭ ᠳᠠᠭᠤᠳᠠᠯᠭ᠎ᠠ ᠪᠤᠯᠤᠨ᠎ᠠ᠂ ᠡᠶᠢᠮᠤ ᠠᠴᠠ᠂ ᠬᠡᠤᠬᠡᠳ ᠲᠡᠭᠡᠨ ᠨᠡᠷ᠎ᠡ ᠥᠭᠬᠦ  ᠳᠡᠭᠡᠨ ᠨᠠᠷᠢᠨ ᠬᠢᠨᠠᠮᠠᠭᠠᠢ ᠪᠤᠳᠤᠯᠬᠢᠯᠠᠵᠤ᠂ ᠬᠠᠭᠤᠴᠢᠨ ᠰᠢᠨ᠎ᠡ ᠤᠯᠠᠨ ᠲᠠᠯ᠎ᠠ ᠶᠢ ᠬᠠᠷᠠᠭᠠᠯᠵᠠᠬᠤ ᠴᠢᠬᠤᠯᠠᠳᠠᠢ ᠪᠠᠶᠢᠨ᠎ᠠ   
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号