ᠦᠪᠡᠷᠮᠢᠴᠡ ᠤᠶᠢᠯᠠᠭᠠᠯᠳᠠ ᠲᠦᠷᠦᠭᠳᠡᠯ ᠢ ᠬᠡᠷᠬᠢᠨ ᠵᠢᠭᠠᠨ ᠵᠢᠯᠤᠭᠤᠳᠬᠤ ᠪᠤᠢ
ᠨᠡᠶᠢᠲᠡᠯᠡᠭᠰᠡᠨ ᠴᠠᠭ᠄
2014/10/11
     ᠤᠳᠤᠬᠠᠨ ᠤ ᠬᠡᠯᠡ ᠪᠢᠴᠢᠭ ᠤᠨ ᠵᠢᠭᠠᠨ ᠰᠤᠷᠭᠠᠯᠳᠠ ᠳᠤ ᠬᠢᠴᠢᠶᠡᠯᠯᠡᠭᠴᠢ ᠪᠠᠭᠰᠢ ᠶᠢᠨ ᠬᠠᠭᠤᠴᠢᠨ ᠤᠶᠢᠯᠠᠭᠠᠭᠳᠠᠬᠤᠨ᠂ ᠬᠡᠪᠰᠢᠮᠡᠯ ᠵᠢᠭᠠᠬᠤ ᠠᠷᠭ᠎ᠠ ᠮᠠᠶ᠋ᠢᠭ ᠪᠠ ᠰᠢᠯᠭᠠᠯᠳᠠ ᠶᠢᠨ ᠬᠤᠪᠢ ᠤᠯᠭᠤᠬᠤ ᠪᠠᠷᠢᠮᠵᠢᠶ᠎ᠠ ᠬᠠᠷᠢᠭᠤᠯᠳᠠ ᠵᠡᠷᠬᠡ ᠶᠢᠨ ᠬᠦᠯᠢᠶᠡᠰᠦᠯᠡᠯ ᠠᠴᠠ ᠪᠤᠯᠤᠭᠠᠳ ᠪᠠᠭᠰᠢ ᠨᠢ ᠯᠠᠪᠯᠠᠬᠤ ᠮᠠᠲ᠋ᠧᠷᠢᠶᠠᠯ ᠤᠨ ᠬᠦᠳᠦᠯᠦᠯ᠂ ᠰᠤᠷᠬᠤ ᠪᠢᠴᠢᠭ ᠤᠨ ᠵᠠᠳᠠᠯᠤᠯᠳᠠ ᠳᠤ ᠪᠠᠷᠢᠭᠳᠠᠨ ᠵᠤᠬᠢᠶᠠᠯ ᠤᠨ ᠠᠭᠤᠯᠭ᠎ᠠ ᠶᠢ ᠵᠠᠳᠠᠯᠬᠤ᠂ ᠶᠡᠭᠡ ᠤᠨᠤᠯ ᠶᠤᠰᠤ ᠶᠢ ᠬᠤᠷᠢᠶᠠᠩᠭᠤᠶᠢᠯᠠᠨ᠂ ᠰᠤᠷᠤᠭᠴᠢᠳ ᠲᠤ ᠠᠳᠠᠯᠢᠬᠠᠨ ᠨᠢᠬᠡ ᠬᠠᠷᠢᠭᠤᠯᠳᠠ ᠤᠯᠭᠤᠬᠤ ᠶᠢ ᠴᠢᠬᠤᠯᠠᠴᠢᠯᠠᠵᠤ᠂ ᠬᠠᠷᠢᠨ ᠰᠤᠷᠤᠭᠴᠢ ᠶᠢᠨ ᠦᠪᠡᠷᠮᠢᠴᠡ ᠴᠢᠨᠠᠷ᠂ ᠤᠨᠴᠠᠭᠠᠢ ᠠᠪᠢᠶᠠᠰ᠂ ᠰᠢᠨ᠎ᠡ ᠰᠡᠳᠬᠢᠬᠦᠢ᠂ ᠡᠬᠦᠳᠦᠨ ᠪᠦᠳᠦᠬᠡᠯᠳᠡ᠂ ᠦᠪᠡᠷᠮᠢᠴᠡ ᠦᠵᠡᠯᠳᠠ ᠲᠦᠷᠦᠭᠳᠡᠯ ᠵᠡᠷᠬᠡ ᠶᠢᠨ ᠲᠤᠬᠠᠢ ᠪᠢᠴᠢᠬᠦᠯᠵᠤ᠂ ᠶᠠᠷᠢᠭᠤᠯᠬᠤ ᠶᠢ ᠤᠮᠳᠤᠭᠠᠶᠢᠯᠠᠳᠠᠭ ᠦᠵᠡᠭᠳᠡᠯ ᠪᠠᠰᠠ ᠴᠦ ᠪᠠᠶᠢᠷᠢ ᠠᠪᠴᠤ ᠪᠠᠶᠢᠨ᠎ᠠ᠃ ᠡᠨᠡ ᠨᠢ ᠬᠢᠴᠢᠶᠡᠯ ᠦᠬᠡᠷᠡᠴᠢᠯᠡᠯᠳᠡ ᠶᠢᠨ ᠵᠤᠷᠢᠭ ᠰᠠᠨᠠᠭ᠎ᠠ᠂ ᠰᠢᠨ᠎ᠡ ᠬᠢᠴᠢᠶᠡᠯ ᠤᠨ ᠪᠠᠷᠢᠮᠵᠢᠶ᠎ᠠ ᠶᠢᠨ ᠱᠠᠭᠠᠷᠳᠠᠯᠭ᠎ᠠ ᠳᠤ ᠨᠡᠶᠢᠴᠡᠬᠦ ᠦᠬᠡᠢ ᠶᠤᠮ᠃      ᠰᠢᠨ᠎ᠡ ᠬᠢᠴᠢᠶᠡᠯ ᠤᠨ ᠪᠠᠷᠢᠮᠵᠢᠶ᠎ᠠ ᠳᠤ ᠰᠤᠷᠤᠭᠴᠢᠳ ᠤᠨ ᠰᠢᠨ᠎ᠡ ᠰᠡᠳᠬᠢᠬᠦᠢ ᠶᠢ ᠬᠦᠮᠦᠵᠢᠬᠦᠯᠬᠦ ᠶᠢ ᠬᠢᠴᠢᠶᠡᠯ ᠤᠨ ᠦᠬᠡᠷᠡᠴᠢᠯᠡᠯᠳᠡ ᠶᠢᠨ ᠨᠢᠬᠡᠨ ᠭᠤᠤᠯ ᠵᠤᠷᠢᠯᠳᠠ ᠪᠤᠯᠭᠠᠨ ᠲᠤᠷᠠᠳᠤᠭᠰᠠᠨ ᠶᠤᠮ᠃ ᠰᠤᠷᠤᠭᠴᠢᠳ ᠢ ᠵᠤᠷᠢᠭᠳᠠᠢ ᠰᠡᠳᠬᠢᠬᠦ᠂ ᠶᠠᠷᠢᠬᠤ᠂ ᠬᠢᠬᠦ ᠰᠢᠨ᠎ᠡ ᠰᠡᠳᠬᠢᠴᠡ ᠪᠦᠬᠦᠢ ᠬᠡᠯᠡ ᠪᠢᠴᠢᠭ ᠤᠨ ᠬᠡᠪ ᠪᠤᠯᠪᠠᠰᠤᠷᠠᠯ ᠲᠠᠢ ᠴᠢᠳᠠᠪᠤᠷᠢᠳᠠᠨ ᠪᠤᠯᠭᠠᠨ ᠬᠦᠮᠦᠵᠢᠬᠦᠯᠬᠦ ᠳᠤ ᠪᠠᠭᠰᠢ ᠶᠢᠨ ᠬᠦᠳᠦᠯᠦᠮᠵᠢ ᠵᠢᠯᠤᠭᠤᠳᠤᠮᠵᠢ ᠨᠢ ᠡᠷᠬᠡᠪᠰᠢ ᠰᠤᠷᠤᠭᠴᠢᠳ  ᠤᠨ ᠦᠪᠡᠷᠮᠢᠴᠡ ᠤᠶᠢᠯᠠᠭᠠᠯᠳᠠ ᠲᠦᠷᠦᠭᠳᠡᠯ ᠢᠶᠠᠨ ᠪᠢᠴᠢᠬᠦ᠂ ᠶᠠᠷᠢᠬᠤ ᠤᠷᠤᠨ ᠵᠠᠢ ᠶᠢ ᠤᠯᠭᠤᠬᠤ ᠵᠢᠴᠢ ᠲᠡᠳᠠᠨᠤᠰ  ᠢ ᠤᠷᠮᠠᠰᠢᠭᠤᠯᠤᠨ ᠵᠤᠷᠢᠭᠵᠢᠭᠤᠯᠬᠤ ᠲᠠᠢ ᠨᠢᠬᠡᠳᠦᠯᠳᠠᠢ ᠪᠠᠶᠢᠬᠤ ᠶᠢ ᠪᠠᠳᠤᠯᠠᠬᠤ ᠬᠡᠷᠡᠭᠳᠡᠢ᠃      ︽ᠲᠡᠯᠡᠬᠡᠢ ᠲᠡᠬᠡᠷ᠎ᠡ ᠠᠳᠠᠯᠢᠬᠠᠨ ᠨᠢᠬᠡ ᠮᠤᠳᠤᠨ ᠨᠠᠪᠴᠢ ᠪᠠᠶᠢᠳᠠᠭ ᠦᠬᠡᠢ︾ ᠬᠡᠳᠡᠭᠴᠢᠯᠡᠨ ᠠᠳᠠᠯᠢᠬᠠᠨ ᠵᠠᠩ ᠴᠢᠨᠠᠷ ᠲᠠᠢ ᠬᠦᠮᠦᠨ ᠬᠡᠵᠤ ᠪᠠᠰᠠ ᠪᠠᠶᠢᠳᠠᠭ ᠦᠬᠡᠢ ᠶᠤᠮ᠃ ︽ᠠᠪᠤ ᠶᠢᠨ ᠬᠦᠤ ᠠᠳᠠᠯᠢ ᠦᠬᠡᠢ᠂ ᠠᠷᠪᠠᠨ ᠬᠤᠷᠤᠭᠤ ᠲᠡᠭᠰᠢ ᠦᠬᠡᠢ︾ ᠬᠡᠵᠤ ᠦᠨᠡᠨᠳᠠᠢ᠃ ᠦᠪᠡᠷᠮᠢᠴᠡ ᠤᠨᠴᠠᠯᠢᠭ ᠬᠡᠵᠤ ᠬᠦᠮᠦᠨ ᠤ ᠦᠵᠡᠯ ᠰᠠᠨᠠᠭ᠎ᠠ᠂ ᠤᠪᠤᠷ ᠰᠡᠳᠬᠢᠯᠬᠡ᠂ ᠵᠠᠩ ᠠᠭᠠᠰᠢ᠂ ᠬᠡᠪ ᠴᠢᠨᠠᠷ ᠵᠡᠷᠬᠡ ᠶᠢᠨ ᠪᠤᠰᠤᠳ ᠠᠴᠠ ᠢᠯᠭᠠᠭᠳᠠᠬᠤ ᠤᠨᠴᠠᠯᠢᠭ ᠢ ᠵᠢᠭᠠᠨ᠎ᠠ᠃ ᠡᠳᠡᠬᠡᠷ ᠤᠨᠴᠠᠯᠢᠭ ᠨᠢ ᠬᠦᠮᠦᠰ ᠤᠨ ᠦᠬᠡ ᠶᠠᠷᠢᠶ᠎ᠠ᠂ ᠦᠢᠯᠡ ᠬᠦᠳᠡᠯᠦᠯ᠂ ᠪᠤᠳᠤᠯ ᠰᠡᠳᠬᠢᠯᠬᠡ ᠵᠡᠷᠬᠡ ᠳᠤ ᠢᠯᠡᠷᠡᠳᠡᠭ᠃ ᠦᠪᠡᠷᠮᠢᠴᠡ ᠤᠨᠴᠠᠯᠢᠭ ᠪᠣᠯ ᠬᠦᠮᠦᠨ ᠲᠦᠷᠦᠯᠬᠢᠳᠡᠨ ᠤ ᠨᠡᠶᠢᠬᠡᠮ ᠤᠨ ᠤᠷᠤᠰᠢᠨ ᠲᠤᠭᠳᠠᠨᠢᠬᠤ ᠪᠠ ᠬᠦᠭᠵᠢᠬᠦ ᠶᠢᠨ ᠤᠷᠢᠳᠠᠯ ᠨᠦᠬᠦᠴᠡᠯ ᠮᠦᠷᠳᠡᠬᠡᠨ ᠴᠢᠳᠠᠪᠤᠷᠢᠳᠠᠨ ᠢ ᠬᠦᠮᠦᠵᠢᠬᠦᠯᠬᠦ ᠶᠢᠨ ᠪᠤᠰᠤᠳᠴᠢ ᠦᠨᠳᠦᠰᠦᠯᠡᠯ ᠮᠥᠨ᠃ ᠬᠤᠶᠠᠷ ᠮᠢᠩᠭ᠎ᠠ ᠭᠠᠷᠤᠢ ᠵᠢᠯ ᠤᠨ ᠡᠮᠦᠨᠡᠬᠢ ᠺᠦᠩᠽᠢ ᠶᠢᠨ ᠲᠤᠷᠠᠳᠤᠭᠰᠠᠨ᠄ ︽ᠤᠨᠴᠠᠯᠢᠭ ᠲᠤ ᠨᠢ ᠲᠤᠬᠢᠷᠠᠭᠤᠯᠤᠨ ᠵᠢᠭᠠᠨ ᠰᠤᠷᠭᠠᠬᠤ︾ ᠬᠡᠳᠡᠭ ᠦᠵᠡᠯᠳᠡ ᠨᠢ ᠲᠡᠷᠡ ᠬᠡᠪ ᠢᠶᠠᠷ ᠰᠤᠷᠤᠭᠴᠢᠳ ᠤᠨ ᠦᠪᠡᠷᠮᠢᠴᠡ ᠴᠢᠨᠠᠷ ᠢ ᠬᠦᠨᠳᠦᠳᠬᠡᠬᠦ ᠪᠠ ᠬᠦᠭᠵᠢᠬᠦᠯᠬᠦ ᠶᠢ ᠤᠷᠢᠶᠠᠯᠠᠭᠰᠠᠨ ᠶᠠᠪᠤᠳᠠᠯ ᠪᠤᠯᠬᠤ ᠶᠤᠮ᠃ ᠦᠪᠡᠷᠮᠢᠴᠡ ᠴᠢᠨᠠᠷ ᠲᠤ ᠰᠠᠭᠤᠷᠢᠯᠠᠭᠰᠠᠨ ᠦᠪᠡᠷᠮᠢᠴᠡ ᠤᠶᠢᠯᠠᠭᠠᠯᠳᠠ ᠲᠦᠷᠦᠭᠳᠡᠯ ᠪᠣᠯ ᠰᠤᠷᠤᠭᠴᠢᠳ ᠤᠨ ᠦᠬᠡ ᠦᠬᠦᠯᠡᠪᠦᠷᠢ ᠶᠢᠨ ᠤᠶᠢᠯᠠᠭᠠᠯᠳᠠ ᠶᠢᠨ ᠰᠠᠭᠤᠷᠢᠨ ᠲᠡᠬᠡᠷᠡᠬᠢ ᠵᠤᠬᠢᠶᠠᠯ ᠯᠤᠭ᠎ᠠ ᠶᠢᠨ ᠰᠤᠯᠢᠯᠴᠠᠭ᠎ᠠ᠂ ᠶᠠᠷᠢᠯᠴᠠᠭ᠎ᠠ ᠮᠦᠷᠳᠡᠬᠡᠨ ᠯᠠᠪᠯᠠᠬᠤ ᠮᠠᠲ᠋ᠧᠷᠢᠶᠠᠯ᠂ ᠪᠠᠷᠢᠮᠵᠢᠶ᠎ᠠ ᠬᠠᠷᠢᠭᠤᠯᠳᠠ ᠶᠢᠨ ᠱᠠᠭᠠᠷᠳᠠᠯᠭ᠎ᠠ ᠠᠴᠠ ᠲᠠᠪᠠᠭᠰᠠᠨ ᠨᠢᠬᠡ ᠵᠤᠶᠢᠯ ᠤᠨ ᠦᠪᠡᠷᠮᠢᠴᠡ ᠦᠵᠡᠯᠳᠠ ᠪᠤᠯᠬᠤ ᠶᠤᠮ᠃ ᠡᠶᠢᠮᠦ ᠠᠴᠠ ᠰᠤᠷᠤᠭᠴᠢᠳ ᠤᠨ ᠦᠪᠡᠷᠮᠢᠴᠡ ᠤᠶᠢᠯᠠᠭᠠᠯᠳᠠ ᠲᠦᠷᠦᠭᠳᠡᠯ ᠢ ᠴᠢᠬᠤᠯᠠᠴᠢᠯᠠᠪᠠᠯ ᠰᠠᠶ᠋ᠢ ᠰᠤᠷᠤᠭᠴᠢ ᠪᠠᠷ ᠭᠤᠤᠯ ᠴᠤᠭᠴᠠ ᠪᠤᠯᠭᠠᠬᠤ᠂ ᠰᠤᠷᠤᠭᠴᠢ ᠪᠣᠯ ᠰᠤᠷᠬᠤ ᠶᠢᠨ ᠡᠵᠡᠨ ᠪᠡᠶ᠎ᠡ᠂ ᠬᠦᠭᠵᠢᠬᠦ ᠶᠢᠨ ᠡᠵᠡᠨ ᠪᠡᠶ᠎ᠡ ᠬᠡᠬᠦ ᠬᠡᠯᠡ ᠪᠢᠴᠢᠭ ᠤᠨ ᠰᠢᠨ᠎ᠡ ᠬᠢᠴᠢᠶᠡᠯ ᠤᠨ ︽ᠡᠵᠡᠨᠰᠢᠯᠡᠬᠦᠯᠬᠦ︾ ᠤᠨᠤᠯᠵᠢᠬᠤᠨ ᠢ ᠢᠯᠡᠷᠡᠬᠦᠯᠵᠤ᠂ ᠰᠤᠷᠤᠭᠴᠢᠳ ᠤᠨ ᠦᠪᠡᠷ ᠤᠨ ᠤᠷᠮᠠᠰ ᠠᠴᠠ ᠪᠠᠨ ᠬᠦᠳᠡᠯᠦᠩᠬᠦᠢ ᠢᠳᠡᠪᠬᠢᠳᠡᠢ ᠬᠦᠭᠵᠢᠬᠦ ᠶᠢ ᠠᠬᠢᠭᠤᠯᠵᠤ ᠴᠢᠳᠠᠨ᠎ᠠ᠃      ᠲᠡᠬᠡᠪᠠᠯ ᠰᠤᠷᠤᠭᠴᠢᠳ ᠤᠨ ᠦᠪᠡᠷᠮᠢᠴᠡ ᠤᠶᠢᠯᠠᠭᠠᠯᠳᠠ ᠲᠦᠷᠦᠭᠳᠡᠯ ᠢ ᠬᠡᠷᠬᠢᠨ ᠵᠢᠭᠠᠨ ᠵᠢᠯᠤᠭᠤᠳᠬᠤ ᠪᠤᠢ︖ ᠠᠳᠡ ᠠᠷᠳᠠᠢ ᠶᠢᠨ ︽ᠬᠡᠯᠡ︾ ᠬᠡᠳᠡᠭ ᠵᠤᠬᠢᠶᠠᠯ ᠢ ᠰᠤᠨᠢᠷᠬᠠᠬᠤ ᠳᠤ ᠦᠪᠡᠷᠮᠢᠴᠡ ᠦᠢᠯᠠᠭᠠᠯᠳᠠ ᠲᠦᠷᠦᠭᠳᠡᠯ ᠢ ᠵᠢᠭᠠᠨ ᠵᠢᠯᠤᠭᠤᠳᠤᠭᠰᠠᠨ ᠨᠢᠬᠡ ᠦᠶ᠎ᠡ ᠶᠢᠨ ᠬᠢᠴᠢᠶᠡᠯ ᠢᠶᠠᠷ ᠵᠢᠱᠢᠶᠡᠯᠡᠶ᠎ᠡ᠄      ᠡᠩ ᠲᠡᠷᠢᠬᠦᠨ ᠳᠤ ᠰᠤᠷᠤᠭᠴᠢᠳ ᠲᠤ ᠵᠤᠬᠢᠶᠠᠯ ᠢ ᠰᠤᠨᠢᠷᠬᠠᠭᠰᠠᠨ ᠤ ᠲᠠᠷᠠᠭᠠᠬᠢ ᠦᠪᠡᠷᠮᠢᠴᠡ ᠤᠶᠢᠯᠠᠭᠠᠯᠳᠠ ᠲᠦᠷᠦᠭᠳᠡᠯ ᠪᠢᠴᠢᠬᠦ ᠡᠬᠦᠷᠬᠡ ᠪᠠᠨ ᠢᠯᠡ ᠲᠤᠰᠢᠶᠠᠪᠠ᠃ ᠠᠵᠢᠯ ᠦᠬᠡᠢ ᠪᠠᠷ ᠰᠤᠷᠤᠭᠴᠢᠳ ᠶᠠᠭᠤ ᠪᠠᠨ ᠤᠷᠤᠯᠳᠤᠬᠤ ᠪᠢᠯᠡ︖ ᠠᠵᠢᠯ ᠲᠠᠢ ᠪᠤᠯᠪᠠᠯ ᠬᠢᠬᠦ ᠵᠤᠷᠢᠯᠳᠠ ᠲᠤᠳᠤᠷᠬᠠᠢ ᠪᠤᠯᠵᠤ ᠭᠤᠤᠯᠳᠠᠯᠭ᠎ᠠ ᠪᠠᠨ ᠮᠡᠳᠡᠵᠤ ᠴᠢᠳᠠᠨ᠎ᠠ᠃      ᠲᠤᠰᠬᠠᠯᠳᠠ ᠳᠤ᠄      ᠨᠢᠬᠡ᠂ ᠵᠤᠬᠢᠶᠠᠯ ᠤᠨ ᠰᠤᠨᠢᠷᠬᠠᠯ ᠤᠨ ᠲᠤᠬᠠᠢ ᠦᠪᠡᠷᠮᠢᠴᠡ ᠦᠢᠯᠠᠭᠠᠯᠳᠠ ᠲᠦᠷᠦᠭᠳᠡᠯ ᠢᠶᠠᠨ ᠪᠢᠴᠢᠵᠤ ᠶᠠᠷᠢᠬᠤ ᠪᠠᠷ ᠪᠡᠯᠡᠳᠬᠡᠶ᠎ᠡ︕ 〔 40 ᠮᠢᠨᠦ᠋ᠲ 〕      ᠡᠨᠡᠬᠦ ᠠᠵᠢᠯ ᠢᠶᠠᠨ ᠲᠤᠤᠷᠠᠬᠢ ᠲᠦᠷᠪᠡᠨ ᠠᠯᠬᠤᠮ ᠢᠶᠠᠷ ᠲᠤᠬᠢᠷᠠᠭᠤᠯᠪᠠ᠃      ᠶᠠᠭᠤᠨ ᠤ ᠤᠷᠢᠳ ᠤᠩᠰᠢᠯᠭ᠎ᠠ ᠬᠢᠯᠬᠡᠪᠡ᠃ ︽ᠤᠩᠰᠢᠯᠭ᠎ᠠ ᠪᠣᠯ ᠨᠢᠬᠡ ᠵᠤᠶᠢᠯ ᠤᠨ ᠬᠦᠳᠦᠯᠦᠨ ᠲᠠᠭᠠᠭᠤᠯᠬᠤ ᠴᠢᠨᠠᠷ ᠲᠠᠢ ᠡᠬᠦᠳᠦᠨ ᠪᠦᠳᠦᠬᠡᠯᠳᠡ ᠮᠥᠨ︾ ᠬᠡᠵᠤ ᠰᠧᠲ ᠬᠡᠯᠡᠭᠰᠡᠨ ᠶᠤᠮ᠃ ᠤᠩᠰᠢᠯᠭ᠎ᠠ ᠨᠢ ᠰᠤᠷᠠᠭ ᠵᠠᠩᠬᠢ ᠶᠢ ᠴᠤᠭᠯᠠᠭᠤᠯᠤᠨ ᠡᠮᠬᠢᠯᠡᠬᠦ᠂ ᠪᠠᠶᠢᠭᠠᠯᠢ ᠶᠢᠷᠳᠢᠨᠴᠤ ᠶᠢ ᠲᠠᠨᠢᠬᠤ᠂ ᠰᠡᠳᠬᠢᠬᠦᠢ ᠪᠠᠨ ᠬᠦᠭᠵᠢᠬᠦᠯᠬᠦ᠂ ᠭᠤᠸ᠎ᠠ ᠲᠠᠭᠠᠰᠢᠶᠠᠯ ᠢ ᠡᠳ᠋ᠯᠡᠬᠦ ᠶᠢᠨ ᠴᠢᠬᠤᠯᠠ ᠨᠢᠬᠡᠨ ᠠᠷᠭ᠎ᠠ ᠬᠡᠯᠪᠡᠷᠢ ᠪᠤᠯᠬᠤ ᠶᠤᠮ᠃ ︽ᠬᠡᠯᠡ ᠪᠢᠴᠢᠭ ᠤᠨ ᠰᠢᠨ᠎ᠡ ᠬᠢᠴᠢᠶᠡᠯ ᠤᠨ ᠪᠠᠷᠢᠮᠵᠢᠶ᠎ᠠ︾ ᠳᠤ᠄ ︽ᠤᠩᠰᠢᠯᠭ᠎ᠠ ᠶᠢᠨ ᠵᠢᠭᠠᠨ ᠰᠤᠷᠭᠠᠯᠳᠠ ᠪᠣᠯ ᠰᠤᠷᠤᠭᠴᠢᠳ ᠤᠨ ᠦᠪᠡᠷᠮᠢᠴᠡ ᠰᠢᠨᠵᠢ ᠶᠢᠨ ᠦᠢᠯᠡ ᠬᠦᠳᠡᠯᠦᠯ ᠮᠥᠨ᠂ ᠪᠠᠭᠰᠢ ᠶᠢᠨ ᠵᠠᠳᠠᠯᠤᠯᠳᠠ ᠲᠠᠶᠢᠯᠪᠤᠷᠢ ᠪᠠᠷ ᠰᠤᠷᠤᠭᠴᠢᠳ ᠤᠨ ᠤᠩᠰᠢᠯᠭ᠎ᠠ ᠦᠢᠯᠡᠳᠦᠯᠬᠡ ᠶᠢ ᠤᠷᠤᠯᠠᠭᠤᠯᠵᠤ ᠶᠠᠭᠠᠬᠢᠭᠰᠠᠨ ᠴᠦ ᠪᠤᠯᠬᠤ ᠦᠬᠡᠢ᠃ ᠰᠤᠷᠤᠭᠴᠢᠳ ᠤᠨ ᠢᠳᠡᠪᠬᠢᠳᠡᠢ ᠰᠡᠳᠬᠢᠬᠦᠢ ᠪᠤᠯᠤᠨ ᠤᠪᠤᠷ ᠰᠡᠳᠬᠢᠯᠬᠡ ᠶᠢᠨ ᠬᠦᠳᠡᠯᠬᠡᠬᠡᠨ ᠲᠤᠮᠳᠠ ᠲᠡᠳᠡᠨ ᠤ ᠤᠶᠢᠯᠠᠭᠠᠯᠳᠠ ᠪᠤᠯᠤᠨ ᠰᠡᠷᠡᠬᠦᠢ ᠶᠢ ᠴᠢᠩᠭᠠᠳᠬᠠᠨ᠂ ᠨᠢᠬᠡ ᠬᠡᠮᠵᠢᠶᠡᠨ ᠤ ᠰᠢᠨ᠎ᠡ ᠦᠢᠯᠠᠭᠠᠯᠳᠠ ᠪᠠ ᠰᠡᠳᠬᠢᠬᠦᠢ ᠲᠠᠢ ᠪᠤᠯᠬᠤ ᠶᠢ ᠠᠬᠢᠭᠤᠯᠬᠤ ᠶᠢᠨ ᠪᠤᠳᠠᠳᠠᠢ ᠦᠢᠯᠡᠳᠦᠯᠬᠡᠵᠢᠯ ᠮᠥᠨ᠃ ᠡᠬᠦᠨ ᠤ ᠤᠯᠠᠮ ᠠᠴᠠ ᠤᠪᠤᠷ ᠰᠡᠳᠬᠢᠯᠬᠡ ᠶᠢᠨ ᠬᠦᠮᠦᠵᠢᠬᠦᠯᠦᠯ᠂ ᠦᠵᠡᠯ ᠰᠠᠨᠠᠭᠠᠨ ᠤ ᠰᠡᠩᠬᠡᠷᠡᠬᠦᠯᠦᠯ᠂ ᠭᠤᠸ᠎ᠠ ᠲᠠᠭᠠᠰᠢᠶᠠᠯ ᠤᠨ ᠪᠠᠶᠠᠷ ᠪᠠᠭ᠋ᠠᠳᠤᠯ ᠢ ᠬᠦᠷᠳᠡᠬᠡᠬᠦ ᠪᠤᠯᠤᠨ᠎ᠠ︾ ᠬᠡᠵᠤ ᠲᠤᠷᠠᠳᠤᠭᠰᠠᠨ ᠶᠤᠮ᠃ ᠡᠶᠢᠮᠦ ᠠᠴᠠ ᠤᠩᠰᠢᠯᠭ᠎ᠠ ᠪᠠᠷ ᠭᠠᠷᠳᠠᠬᠤ ᠨᠢ ᠵᠠᠪᠠᠯ ᠪᠡᠶᠡᠯᠡᠬᠦᠯᠬᠦ ᠠᠯᠬᠤᠮ ᠮᠥᠨ᠃ ᠵᠦᠪᠬᠡᠨ ᠰᠤᠷᠤᠭᠴᠢᠳ ᠤᠨ ᠬᠠᠭᠤᠴᠢᠨ ᠤᠶᠢᠯᠠᠭᠠᠭᠳᠠᠬᠤᠨ᠂ ᠬᠡᠪᠰᠢᠮᠡᠯ ᠰᠡᠳᠬᠢᠬᠦᠢ ᠶᠢᠨ ᠬᠦᠯᠢᠶᠡᠰᠦᠯᠡᠯ ᠢ ᠲᠡᠪᠴᠢᠵᠤ᠂ ᠤᠯᠠᠨ ᠬᠠᠷᠠᠭᠠᠰᠤ᠂ ᠡᠬᠦᠳᠦᠯᠳᠡ ᠶᠢᠨ ᠴᠢᠨᠠᠷᠳᠠᠢ ᠤᠩᠰᠢᠯᠭ᠎ᠠ ᠳᠤ ᠬᠦᠳᠦᠯᠪᠡᠯ ᠰᠡᠶ᠋ᠢ ᠲᠡᠳᠡᠨ ᠤ ᠦᠪᠡᠷᠮᠢᠴᠡ ᠰᠡᠳᠬᠢᠬᠦᠢ ᠶᠢ ᠬᠦᠭᠵᠢᠬᠦᠯᠵᠤ ᠴᠢᠳᠠᠨ᠎ᠠ᠃      ᠠᠳᠡ ᠲᠦᠷᠦᠬᠦᠦ ᠬᠢᠴᠢᠶᠡᠯ ᠤᠨ ᠤᠩᠰᠢᠯᠭ᠎ᠠ ᠪᠠᠷ ᠲᠠᠮᠵᠢᠭᠠᠳ ᠭᠤᠤᠯᠳᠠᠯᠭ᠎ᠠ ᠬᠡᠵᠤ ᠬᠠᠮᠳᠤ ᠪᠠᠷ ᠦᠨᠡᠯᠡᠭᠰᠡᠨ ᠬᠤᠶᠠᠷ ᠤᠯᠠᠭᠠᠨ ᠮᠦᠷ ᠢ ᠰᠤᠩᠭᠤᠪᠠ᠃      ᠲᠤᠰᠬᠠᠯᠳᠠ ᠳᠤ᠄      ⒈ ᠤᠩᠰᠢᠶ᠎ᠠ 〔8 ᠮᠢᠨᠦ᠋ᠲ 〕〔 ᠲᠡᠬᠡᠳᠤ ᠲᠤᠮᠳᠠᠳᠤ ᠶᠢᠨ ᠬᠡᠯᠡ ᠪᠢᠴᠢᠭ ᠤᠨ ᠵᠠᠪᠠᠯ ᠰᠤᠷᠬᠤ ᠭᠤᠷᠪᠠᠳᠤᠭᠠᠷ ᠲᠡᠪᠳᠡᠷ ᠤᠨ ᠬᠤᠶᠠᠳᠤᠭᠠᠷ ᠵᠤᠬᠢᠶᠠᠯ ᠢ ᠤᠷᠢᠳᠠᠪᠠᠷ ᠨᠢᠳᠦᠯᠡᠨ ᠤᠩᠰᠢᠵᠤ ᠲᠠᠷᠠᠭ᠎ᠠ ᠨᠢ 12 ᠨᠢᠭᠤᠷ  ᠤᠨ 〈 ᠬᠤᠶᠠᠷ ᠬᠡᠦᠬᠡᠳ ᠮᠢᠨᠢ ᠮᠤᠩᠭᠤᠯ ᠢᠶᠠᠷ ᠦᠰᠦᠯ᠎ᠡ — ᠮᠡᠷᠳᠡᠯ ᠦᠬᠡᠢ ᠴᠡᠬᠡᠵᠢᠯᠡᠵᠤ ᠠᠪ ᠡ︕ ᠬᠦᠷᠳᠡᠯ᠎ᠠ ᠬᠠᠮᠳᠤ ᠶᠢᠨ ᠲᠠᠭᠤ ᠲᠠᠢ ᠤᠩᠰᠢᠯᠭ᠎ᠠ ᠬᠢᠯᠬᠡᠪᠡ 〕      ᠱᠠᠭᠠᠷᠳᠠᠯ᠄      ⑴ ᠪᠠᠷᠢᠮᠵᠢᠶ᠎ᠡ ᠪᠠᠷ ᠤᠩᠰᠢᠨ᠎ᠡ᠃      ⑵ ᠡᠷᠬᠦᠯᠳᠡ ᠲᠠᠷᠤᠯᠳᠠ᠂ ᠠᠶᠢᠵᠠᠮ ᠴᠤᠬᠢᠯᠭ᠎ᠠ᠂ ᠰᠡᠳᠬᠢᠯᠬᠡ ᠶᠢ ᠠᠩᠬᠠᠷᠤᠨ᠎ᠠ᠃      ⑶ ᠬᠤᠷᠳᠤᠴᠠ ᠶᠢ ᠪᠠᠳᠤᠯᠠᠨ᠎ᠠ᠃      ᠬᠡᠰᠡᠭ ᠲᠤ ᠠᠮᠢᠳᠤ ᠲᠦᠷᠰᠦᠯᠢᠭ᠂ ᠤᠳᠬ᠎ᠠ ᠶᠢᠨ ᠠᠭᠤᠯᠤᠮᠵᠢᠳᠠᠢ᠂ ᠠᠮᠠᠷᠬᠠᠨ ᠰᠡᠳᠬᠢᠯ ᠲᠤᠯᠬᠢᠰᠬᠤ ᠠᠮᠢᠳᠤᠷᠠᠯ ᠤᠨ ᠬᠦᠨ ᠤᠳᠬ᠎ᠠ ᠶᠤᠰᠤ ᠶᠢ ᠲᠤᠰᠬᠠᠭᠰᠠᠨ ᠦᠬᠡ ᠦᠬᠦᠯᠡᠪᠦᠷᠢ ᠢᠯᠡ ᠲᠤᠯᠠ ᠡᠳᠡᠬᠡᠷ ᠢ ᠲᠡᠬᠦᠵᠤ ᠤᠩᠰᠢᠬᠤ ᠨᠢ ᠰᠤᠷᠤᠭᠴᠢᠳ ᠤᠨ ᠰᠤᠨᠢᠭᠤᠴᠢ ᠰᠡᠳᠬᠢᠯᠬᠡ ᠶᠢ ᠡᠬᠦᠰᠬᠡᠨ᠂ ᠤᠯᠠᠨ ᠬᠠᠷᠠᠭᠠᠰᠤ ᠠᠴᠠ ᠰᠡᠳᠬᠢᠨ ᠪᠤᠳᠤᠬᠤ ᠬᠤᠯᠪᠤᠨ ᠪᠤᠳᠤᠯᠳᠠ ᠶᠢ ᠬᠦᠭᠵᠢᠬᠡᠨ᠂ ᠰᠠᠭᠤᠭᠳᠠᠯ ᠰᠠᠶᠢᠨ ᠪᠦᠬᠡᠳ ᠤᠩᠰᠢᠯᠭ᠎ᠠ ᠳᠠᠭᠠᠨ ᠴᠠᠭ ᠲᠤᠭᠳᠠᠭᠠᠬᠤ ᠨᠢ ᠬᠢᠴᠢᠶᠡᠯ ᠤᠨ ᠪᠠᠷᠢᠮᠵᠢᠶ᠎ᠠ ᠶᠢᠨ ᠱᠠᠭᠠᠷᠳᠠᠯᠭ᠎ᠠ ᠲᠠᠢ ᠨᠡᠶᠢᠴᠡᠨ᠎ᠡ᠃ ᠬᠡᠬᠦ ᠳᠡᠭᠡᠨ ᠤᠶᠢᠯᠠᠭᠠᠬᠤ ᠦᠬᠡᠢ ᠦᠬᠡᠰ᠂ ᠦᠬᠦᠯᠡᠪᠦᠷᠢ ᠶᠢ ᠬᠡᠯᠡᠨ ᠤ ᠤᠷᠴᠢᠨ ᠳᠤ ᠨᠢ ᠰᠢᠨᠵᠢᠯᠡᠨ ᠤᠳᠬ᠎ᠠ ᠶᠢ ᠨᠢ ᠤᠶᠢᠯᠠᠭᠠᠨ ᠡᠵᠡᠮᠰᠢᠨ᠎ᠠ᠃ ᠡᠨᠡ  ᠨᠢ ᠰᠦᠪᠡᠭᠴᠢᠯᠡᠨ ᠰᠤᠷᠤᠯᠴᠠᠬᠤ ᠶᠢᠨ ᠪᠤᠳᠠᠳᠠᠢ ᠢᠯᠡᠷᠡᠯ ᠪᠢᠯᠡ᠃      ᠲᠠᠷᠠᠭ᠎ᠠ ᠨᠢ ᠲᠤᠰ ᠬᠡᠰᠡᠭ ᠤᠨ ᠪᠠᠷᠢᠮᠵᠢᠶ᠎ᠠ ᠤᠩᠰᠢᠯᠭ᠎ᠠ ᠶᠢᠨ ᠰᠢᠩᠬᠡᠬᠡᠯᠳᠡ ᠶᠢ ᠰᠤᠷᠤᠭᠴᠢᠳ ᠲᠤ ᠰᠤᠨᠤᠰᠬᠠᠵᠤ᠂ ᠦᠪᠡᠷ ᠤᠨ ᠤᠩᠰᠢᠯᠭ᠎ᠠ ᠲᠠᠢ ᠨᠢ ᠬᠠᠷᠢᠴᠠᠭᠤᠯᠪᠠ᠃ ᠬᠠᠷᠢᠴᠠᠭᠤᠯᠪᠠᠯ ᠦᠪᠡᠷ ᠤᠨ ᠲᠤᠳᠠᠭᠳᠠᠯ ᠢᠶᠠᠨ ᠨᠡᠩ ᠲᠤᠳᠤᠷᠬᠠᠢ ᠤᠯᠵᠤ ᠬᠠᠷᠠᠬᠤ ᠪᠤᠯᠤᠨ᠎ᠠ᠃      ᠲᠤᠰᠬᠠᠯᠳᠠ ᠳᠤ᠄      ⒉ ᠰᠤᠨᠤᠰᠤᠶ᠎ᠠ 〔 2 ᠮᠢᠨᠦ᠋ᠲ 〕--- ᠲᠤᠰ ᠵᠤᠬᠢᠶᠠᠯ ᠤᠨ ᠲᠠᠭᠠᠯᠳᠠ ᠬᠡᠷᠡᠯᠯᠢᠭ ᠳ᠋ᠢᠰᠺ ᠤᠨ ᠰᠢᠩᠬᠡᠬᠡᠯᠳᠠ ᠶᠢ ᠰᠤᠨᠤᠰᠬᠠᠪᠠ᠃      ᠱᠠᠭᠠᠷᠳᠠᠯ᠄      ⑴ ᠠᠩᠬᠠᠷᠤᠨ ᠰᠤᠨᠤᠰᠤᠨ᠎ᠠ᠃      ⑵ ᠤᠶᠢᠯᠠᠭᠠᠬᠤ ᠦᠬᠡᠢ ᠵᠤᠶᠢᠯ ᠢ ᠠᠰᠠᠭᠤᠬᠤ ᠪᠠᠷ ᠪᠡᠯᠡᠳᠬᠡᠨ᠎ᠡ᠃      ⑶ ᠢᠳᠡᠪᠬᠢᠳᠡᠢ ᠬᠤᠷᠰᠢᠨ᠎ᠠ᠃      ᠰᠤᠨᠤᠰᠤᠯᠭ᠎ᠠ ᠶᠢᠨ ᠶᠠᠪᠤᠴᠠ ᠳᠤ ᠪᠠᠭᠰᠢ ᠠᠴᠠ ᠡᠵᠡᠮᠰᠢᠯ ᠳᠤ ᠬᠦᠴᠢᠷ ᠦᠬᠡᠰ ᠢ ᠰᠠᠮᠪᠠᠷᠠᠯᠠᠨ᠂ ᠶᠠᠭᠠᠬᠢᠵᠤ ᠭᠠᠯᠢᠭᠯᠠᠬᠤ᠂ ᠶᠠᠮᠠᠷ ᠤᠳᠬ᠎ᠠ ᠲᠠᠢ ᠪᠤᠯᠬᠤ᠂ ᠶᠠᠭᠤᠨ ᠳᠤ ᠢᠩᠬᠢᠵᠤ ᠬᠡᠷᠡᠭᠯᠡᠭᠰᠡᠨ ᠢ ᠲᠠᠷᠠᠭ᠎ᠠ ᠪᠠᠷ ᠰᠦᠪᠡᠭᠴᠢᠯᠡᠨ ᠰᠤᠳᠤᠯᠬᠤ ᠪᠠᠷ ᠲᠤᠰᠢᠶᠠᠪᠠ᠃      ᠤᠤᠷ᠂ ᠭᠠᠴᠠᠭᠳᠠᠨ᠎ᠠ᠂ ᠭᠠᠴᠢᠭᠳᠠᠨ᠎ᠠ      ᠭᠤᠷᠪᠠᠳᠤᠭᠠᠷ ᠲᠤ᠂ ᠵᠠᠩᠬᠢᠯᠠᠭ᠎ᠠ ᠦᠬᠡᠰ ᠢᠶᠠᠨ ᠤᠯᠵᠤ᠂ ᠲᠦᠷᠦᠭᠳᠡᠯ ᠪᠢᠴᠢᠬᠦᠯᠪᠡ᠃ ᠵᠠᠩᠬᠢᠯᠠᠭ᠎ᠠ ᠦᠬᠡᠰ ᠬᠡᠵᠤ ᠲᠠᠷᠤᠢ ᠲᠦᠷᠦᠭᠳᠡᠯ ᠳᠤ ᠢᠯᠡᠷᠡᠬᠦ ᠦᠬᠡᠰ᠂ ᠪᠤᠳᠤᠯ ᠰᠠᠨᠠᠭ᠎ᠠ ᠪᠠᠨ ᠢᠯᠡᠷᠡᠬᠦᠯᠬᠦ ᠳᠤ ᠴᠢᠬᠤᠯᠠ ᠪᠦᠬᠦᠢ ᠦᠬᠡᠰ  ᠢᠶᠠᠨ ᠲᠡᠬᠦᠵᠤ ᠵᠢᠭᠰᠠᠭᠠᠨ᠎ᠠ᠃ ᠬᠡᠬᠦ ᠳᠡᠭᠡᠨ ᠨᠠᠮ ᠰᠡᠳᠬᠢᠨ᠂ ᠨᠤᠮ ᠠᠴᠠ ᠬᠠᠭᠤᠯᠬᠤ ᠦᠬᠡᠢ ᠮᠦᠷᠳᠡᠬᠡᠨ ᠨᠤᠮ  ᠠᠴᠠ ᠬᠠᠯᠢᠨ ᠲᠠᠪᠠᠵᠤ᠂ ᠦᠪᠡᠷᠮᠢᠴᠡ ᠦᠵᠡᠯᠳᠠ ᠲᠤᠰᠬᠠᠭᠳᠠᠬᠤ ᠦᠬᠡᠰ ᠢ ᠤᠯᠤᠨ᠎ᠠ᠃ ᠡᠨᠡ ᠨᠢ ᠬᠡᠷ ᠪᠠᠷᠢᠬᠤ ᠪᠠᠷ ᠦᠯᠢᠳᠬᠡᠪᠡᠯ᠂ ᠮᠤᠳᠤ᠂ ᠴᠢᠯᠠᠭᠤ᠂ ᠰᠢᠷᠤᠢ᠂ ᠲᠤᠭᠤᠰᠬ᠎ᠠ ᠪᠠᠨ ᠤᠷᠢᠳᠠᠪᠠᠷ ᠴᠤᠭᠯᠠᠭᠤᠯᠵᠤ ᠪᠠᠶᠢᠭ᠎ᠠ ᠲᠠᠢ ᠠᠳᠠᠯᠢ ᠶᠤᠮ᠃      ⒊ ᠪᠢᠴᠢᠶ᠎ᠡ 〔15 ᠮᠢᠨᠦ᠋ᠲ 〕 — ᠨᠡᠮᠡᠯᠳᠡ ᠴᠠᠭ ᠪᠠᠭᠳᠠᠨ᠎ᠠ᠃      ᠱᠠᠭᠠᠷᠳᠠᠯ᠄      ⑴ ᠵᠠᠩᠬᠢᠯᠠᠭ᠎ᠠ ᠦᠬᠡᠰ 5 — 8 ᠤᠯᠤᠨ᠎ᠠ᠃      ⑵ ᠨᠤᠮ ᠦᠵᠡᠬᠦ ᠦᠬᠡᠢ᠂ ᠶᠠᠷᠢᠯᠴᠠᠬᠤ ᠦᠬᠡᠢ᠂ ᠨᠠᠮ ᠰᠡᠳᠬᠢᠨ᠎ᠡ᠃      ⑶ ᠵᠦᠪ᠂ ᠴᠡᠪᠡᠷ᠂ ᠪᠠᠷᠢᠮᠵᠢᠶ᠎ᠠ ᠪᠢᠴᠢᠨ᠋ ᠎ᠡ᠃      ⑷ ᠵᠠᠩᠬᠢᠯᠠᠭ᠎ᠠ ᠦᠬᠡᠰ ᠤᠨ ᠲᠤᠭᠤᠷᠢᠨ ᠳᠤ ᠲᠡᠯᠬᠡᠷᠡᠬᠦᠯᠵᠤ ᠦᠪᠡᠷᠮᠢᠴᠡ ᠲᠦᠷᠦᠭᠳᠡᠯ ᠪᠤᠯᠭᠠᠨ᠎ᠠ︔      ᠰᠤᠷᠤᠭᠴᠢ ᠶᠢᠨ ᠬᠦᠢᠴᠡᠳᠬᠡᠯ ᠤᠨ ᠶᠠᠪᠤᠴᠠ ᠳᠤ ᠪᠠᠭᠰᠢ ᠠᠴᠠ ᠨᠠᠷᠢᠯᠢᠭ ᠪᠦᠷᠢᠳᠬᠡᠯ ᠬᠢᠭᠰᠡᠨ ᠳᠤ ᠤᠯᠠᠩᠬᠢ ᠰᠤᠷᠤᠭᠴᠢ ᠶᠢᠨ ᠦᠬᠡᠰ ᠨᠢ ᠦᠪᠡᠷᠮᠢᠴᠡ ᠴᠢᠨᠠᠷ ᠠᠨᠠᠢ᠂ ᠶᠡᠷᠦᠮᠳᠡᠭ ᠦᠬᠡᠰ ᠤᠯᠠᠨ ᠲᠤᠯᠠ ᠪᠠᠭᠰᠢ ᠠᠴᠠ ᠦᠪᠡᠷ  ᠤᠨ ᠤᠯᠤᠭᠰᠠᠨ ᠦᠬᠡᠰ ᠢᠶᠠᠨ ᠦᠵᠡᠬᠦᠯᠦᠨ ᠬᠦᠳᠦᠯᠦᠯ ᠪᠤᠯᠭᠠᠵᠤ᠂ ᠲᠠᠬᠢᠨ ᠴᠠᠭ ᠦᠭᠴᠤ ᠦᠷᠬᠦᠯᠵᠢᠯᠡᠨ ᠪᠢᠴᠢᠬᠦᠯᠪᠡ᠂ ᠡᠬᠦᠨ ᠤ ᠬᠠᠮᠳᠤ ᠨᠢᠬᠡᠨᠳᠡ ᠪᠢᠴᠢᠵᠤ ᠪᠠᠷᠠᠭᠰᠠᠨ ᠰᠤᠷᠤᠭᠴᠢ ᠶᠢ ᠰᠤᠩᠭᠤᠵᠤ᠂ ᠤᠯᠤᠭᠰᠠᠨ ᠦᠬᠡᠰ ᠢ  ᠨᠢ ᠰᠠᠮᠪᠠᠷ᠎ᠠ ᠳᠤ ᠪᠢᠴᠢᠬᠦᠯᠬᠦ ᠤᠨᠳᠤᠤ ᠠᠯᠬᠤᠮᠳᠤ ᠠᠷᠭ᠎ᠠ ᠠᠪᠴᠠᠯ ᠢ ᠬᠡᠷᠡᠭᠵᠢᠬᠦᠯᠪᠡ᠂ ᠡᠨᠡ ᠨᠢ ᠪᠦᠬᠦ ᠰᠤᠷᠤᠭᠴᠢ  ᠶᠢ ᠬᠠᠷᠠᠭᠠᠯᠵᠠᠬᠤ ᠵᠤᠷᠢᠯᠭ᠎ᠠ ᠠᠴᠠ ᠲᠤᠭᠳᠠᠭᠠᠭᠳᠠᠭᠰᠠᠨ ᠪᠠᠶᠢᠳᠠᠭ᠃      ᠲᠤᠰᠬᠠᠯᠳᠠ ᠳᠤ᠄ ᠬᠡᠯᠡ ᠪᠢᠴᠢᠭ ᠤᠨ ᠪᠠᠭᠰᠢ᠂ 运动会᠂ ᠤᠯᠠᠨ ᠵᠤᠭᠤᠭ᠂ ᠭᠠᠳᠤᠷ᠎ᠠ᠂ ᠰᠡᠳᠬᠢᠬᠦᠰᠢᠳᠡᠢ      ᠢᠩᠬᠢᠵᠤ ᠵᠠᠩᠬᠢᠯᠠᠭ᠎ᠠ ᠦᠬᠡᠰ ᠤᠨ ᠲᠤᠭᠤᠷᠢᠨ ᠳᠤ ᠲᠡᠯᠬᠡᠷᠡᠬᠦᠯᠵᠤ᠂ ᠦᠪᠡᠷᠮᠢᠴᠡ ᠲᠦᠷᠦᠭᠳᠡᠯ ᠪᠢᠴᠬᠦᠯᠬᠦ  ᠳᠡᠭᠡᠨ ᠲᠤᠤᠷᠠᠬᠢ ᠬᠡᠳᠦᠨ ᠵᠤᠶᠢᠯ ᠢ ᠴᠢᠩᠭ᠎ᠠ ᠱᠠᠭᠠᠷᠳᠠᠪᠠ᠃ ⑴ ᠵᠠᠪᠠᠯ ᠦᠪᠡᠷᠮᠢᠴᠡ ᠤᠨᠴᠠᠯᠢᠭ ᠢᠯᠡᠷᠡᠨ᠎ᠡ᠃ ⑵ ᠦᠪᠡᠷ ᠤᠨ ᠪᠡᠶ᠎ᠡ ᠴᠢᠨᠢ ᠵᠤᠬᠢᠶᠠᠯ ᠳᠤ ᠢᠯᠡᠷᠡᠨ᠎ᠡ᠃ ⑶ ᠬᠠᠩᠭᠠᠮᠵᠢᠳᠠᠢ ᠬᠤᠯᠪᠤᠨ ᠪᠤᠳᠤᠯᠳᠠ ᠶᠢ ᠠᠰᠢᠭᠯᠠᠬᠤ ᠬᠡᠷᠡᠭᠳᠡᠢ᠃ ︽ᠬᠤᠯᠪᠤᠨ ᠪᠤᠳᠤᠯᠳᠠ ᠦᠬᠡᠢ ᠪᠣᠯ ᠵᠤᠬᠢᠶᠠᠯ ᠪᠦᠳᠦᠬᠡᠯ ᠦᠬᠡᠢ︾᠂ ︽ᠬᠤᠯᠪᠤᠨ ᠪᠤᠳᠤᠯᠳᠠ ᠨᠢ ᠮᠡᠳᠡᠯᠬᠡ ᠠᠴᠠ ᠴᠢᠬᠤᠯᠠ ᠪᠠᠶᠢᠳᠠᠭ᠂ ᠬᠤᠯᠪᠤᠨ ᠪᠤᠳᠤᠯᠳᠠ ᠦᠬᠡᠢ ᠪᠣᠯ ᠡᠬᠦᠳᠦᠨ ᠪᠦᠳᠦᠬᠡᠯᠳᠡ ᠦᠬᠡᠢ︾ ᠬᠡᠵᠤ ᠮᠡᠷᠬᠡᠳ ᠬᠡᠯᠡᠭᠰᠡᠨ ᠪᠢᠰᠢᠤ︖      ᠨᠠᠷᠢᠯᠢᠭ ᠪᠦᠷᠢᠳᠬᠡᠯ ᠳᠤ ᠤᠯᠠᠩᠬᠢ ᠰᠤᠷᠤᠭᠴᠢ ᠶᠢᠨ ᠲᠦᠷᠦᠭᠳᠡᠯ ᠨᠢ ᠮᠥᠨ ᠯᠠ ᠬᠡᠶᠢᠰᠪᠦᠷᠢ ᠤᠨᠤᠯ ᠢ ᠤᠷᠢᠶᠠᠯᠠᠭᠰᠠᠨ᠂ ᠬᠦᠨᠴᠡ ᠰᠠᠨᠠᠭ᠎ᠠ ᠬᠤᠮᠰᠠ᠂ ᠶᠡᠷᠦᠮᠳᠡᠭ ᠪᠤᠯᠬᠤᠷ ᠪᠠᠭᠰᠢ ᠠᠴᠠ ᠲᠠᠬᠢᠨ ᠬᠦᠳᠦᠯᠦᠯ ᠬᠢᠵᠤ᠂ ᠦᠯᠢᠬᠡᠷ ᠲᠦᠷᠦᠭᠳᠡᠯ ᠢᠶᠠᠷ ᠰᠡᠩᠬᠡᠷᠡᠬᠦᠯᠪᠡ᠃      ᠲᠤᠰᠬᠠᠯᠳᠠ ᠳᠤ᠄      ᠦᠯᠢᠬᠡᠷ ᠲᠦᠷᠦᠭᠳᠡᠯ ①᠄      ᠬᠠᠮᠤᠭ ᠡᠴᠦᠰ ᠤᠨ ᠨᠢᠬᠡᠨ ᠦᠰᠦᠭ                  — ︽ᠬᠠᠮᠤᠭ ᠰᠡᠬᠦᠯᠴᠢ ᠶᠢᠨ ᠬᠢᠴᠢᠶᠡᠯ︾ ᠬᠡᠬᠦ ᠵᠤᠬᠢᠶᠠᠯ ᠢ ᠰᠤᠷᠤᠭᠠᠳ      ᠲᠤᠰ ᠵᠤᠬᠢᠶᠠᠯ ᠤᠨ ᠭᠠᠷᠴᠠᠭ ︽ᠬᠠᠮᠤᠭ ᠰᠡᠬᠦᠯᠴᠢ ᠶᠢᠨ ᠬᠢᠴᠢᠶᠡᠯ︾ ᠬᠡᠵᠤ ᠤᠩᠰᠢᠬᠤ ᠲᠠᠢ ᠵᠡᠷᠬᠡ ᠪᠠᠭ᠎ᠠ ᠨᠠᠰᠤᠨ ᠤ ᠡᠳᠦᠷ ᠬᠤᠨᠤᠭ ᠤᠨ ᠤᠴᠠᠷᠠᠯ᠂ ᠵᠢᠷᠤᠭ ᠰᠢᠭ᠋ ᠰᠡᠳᠬᠢᠯ ᠳᠤ ᠲᠤᠳᠤᠷᠠᠵᠤ᠂ ᠪᠠᠭ᠎ᠠ ᠰᠤᠷᠭᠠᠭᠤᠯᠢ ᠶᠢᠨ ᠮᠢᠨᠢ ᠠᠩᠬᠢ ᠡᠷᠬᠢᠯᠡᠭᠴᠢ ᠦᠪᠡᠷ ᠤᠨ ᠡᠷᠬᠡ ᠦᠬᠡᠢ ᠪᠤᠳᠤᠭᠳᠠᠬᠤ ᠶᠤᠮ᠃ ᠲᠠᠪᠤᠳᠤᠭᠠᠷ ᠤᠨ ᠤ ᠲᠤᠤᠷᠠᠳᠤ ᠬᠤᠭᠤᠴᠠᠭ᠎ᠠ ᠲᠠᠷᠬᠠᠭᠠᠬᠤ ᠶᠢᠨ ᠡᠮᠦᠨ᠎ᠡ ᠪᠢᠯᠡ᠃ ᠨᠢᠬᠡᠨ ᠡᠳᠦᠷ ᠠᠩᠬᠢ ᠡᠷᠬᠢᠯᠡᠭᠴᠢ ᠪᠠᠭᠰᠢ ᠠᠩᠬᠢ ᠳᠤ ᠤᠷᠤᠵᠤ ᠢᠷᠡᠬᠡᠳ᠄ ︽ᠪᠢ ᠲᠠ ᠨᠠᠷ ᠲᠠᠭᠠᠨ ᠬᠠᠮᠤᠭ ᠡᠴᠦᠰ ᠤᠨ ᠨᠢᠬᠡ ᠦᠰᠦᠭ ᠢᠶᠠᠨ ᠪᠢᠴᠢᠵᠤ ᠦᠯᠡᠳᠡᠬᠡᠶ᠎ᠡ︾ ᠬᠡᠳ ᠨᠡᠷ᠎ᠡ ᠪᠠᠨ ᠪᠢᠴᠢᠪᠡ᠃ ᠲᠡᠬᠡᠬᠡᠳ ᠪᠢᠳᠡ ᠨᠠᠷ ᠲᠤ ᠰᠠᠶ᠋ᠢ ᠪᠤᠰᠤᠳ ᠰᠤᠷᠭᠠᠭᠤᠯᠢ ᠳᠤ ᠠᠵᠢᠯ ᠰᠢᠯᠵᠢᠬᠦ ᠪᠤᠯᠤᠭᠰᠠᠨ  ᠢᠶᠠᠨ ᠬᠡᠯᠡᠭᠰᠡᠨ ᠶᠤᠮ᠃ ᠲᠠᠪᠤᠨ ᠵᠢᠯ ᠪᠢᠴᠢᠭ ᠵᠢᠭᠠᠭᠰᠠᠨ ᠪᠠᠭᠰᠢ ᠠᠴᠠ ᠪᠠᠨ ᠰᠠᠯᠬᠤ ᠬᠡᠵᠤ ᠶᠠᠭᠠᠬᠢᠭᠰᠠᠨ ᠵᠤᠪᠠᠭᠤᠷᠢ ᠲᠠᠢ ᠶᠤᠮ ᠳ᠋ᠠ︕      ᠬᠠᠮᠧᠯ ᠪᠠᠭᠰᠢ ᠶᠢᠨ ᠬᠡᠯᠡᠭᠰᠡᠨ᠄ ︽ᠬᠡᠦᠬᠡᠳ ᠤᠳ ᠡ︕ ᠡᠨᠡ ᠪᠣᠯ ᠪᠠᠭᠰᠢ ᠶᠢᠨ ᠴᠢᠨᠢ ᠬᠠᠮᠤᠭ ᠰᠡᠬᠦᠯᠴᠢ  ᠶᠢᠨ ᠨᠢᠬᠡ ᠬᠢᠴᠢᠶᠡᠯ …︾ ᠬᠡᠰᠡᠨ ᠦᠬᠡ ᠶᠢ ᠤᠩᠰᠢᠭᠰᠠᠨ ᠪᠢ ᠴᠦ ᠪᠠᠭᠰᠢ ᠶᠢᠨ ᠢᠶᠠᠨ ᠬᠡᠯᠡᠭᠰᠡᠨ᠄ ︽ᠡᠨᠡ ᠪᠣᠯ ᠪᠠᠭᠰᠢ ᠶᠢᠨ ᠴᠢᠨᠢ ᠬᠠᠮᠤᠭ ᠡᠴᠦᠰ ᠤᠨ ᠨᠢᠬᠡ ᠦᠰᠦᠭ ᠮᠥᠨ︾ ᠬᠡᠳᠡᠭ ᠦᠬᠡ ᠨᠢ ᠪᠤᠳᠤᠭᠳᠤᠭᠠᠳ᠂ ᠲᠤᠷᠠᠰᠤᠯ  ᠤᠨ ᠬᠠᠯᠠᠭᠤᠨ ᠨᠢᠯᠪᠤᠰᠤ ᠶᠢ ᠦᠪᠡᠷ ᠤᠨ ᠡᠷᠬᠡ ᠦᠬᠡᠢ ᠤᠨᠠᠭᠠᠯᠭᠠᠵᠤ ᠰᠠᠨ᠃ ᠤᠨᠠᠬᠤ ᠲᠤᠰᠤᠯ ᠪᠦᠷᠢ ᠶᠠᠭ ᠯᠠ ︽ᠪᠠᠭᠰᠢ ᠶᠢᠨ ᠢᠶᠠᠨ ᠬᠢᠴᠢᠶᠡᠯ ᠢ ᠰᠠᠶᠢᠨ ᠰᠤᠷᠤᠭᠰᠠᠨ ᠪᠣᠯ︾ ᠬᠡᠵᠤ ᠬᠠᠷᠠᠮᠰᠠᠭᠤᠯᠵᠤ ᠪᠠᠶᠢᠭ᠎ᠠ ᠶᠤᠮ ᠰᠢᠭ᠃      ᠪᠠᠭᠰᠢ ᠶᠢᠨ ᠮᠢᠨᠢ ᠡᠴᠦᠰ ᠤᠨ ᠨᠢᠬᠡᠨ ︽ᠦᠰᠦᠭ︾ ᠡ︕      ᠦᠯᠢᠬᠡᠷ ᠲᠦᠷᠦᠭᠳᠡᠯ ②᠄      ᠮᠦᠩᠬᠡ ᠶᠢᠨ ᠭᠠᠳᠤᠷ᠎ᠠ                            — ᠪᠠᠭᠰᠢ ᠶᠢᠨ      ︽ᠡᠵᠢ ᠶᠢᠨ ᠠᠯᠳᠠᠨ ᠭᠠᠳᠤᠷ᠎ᠠ︾ ᠬᠡᠬᠦ ᠵᠤᠬᠢᠶᠠᠯ ᠢ ᠰᠤᠨᠢᠷᠬᠠᠬᠤ ᠶᠠᠪᠤᠴᠠ ᠳᠤ ᠨᠢᠬᠡ ᠰᠤᠷᠤᠭᠴᠢ ᠨᠠᠮ᠎ᠠ  ᠠᠴᠠ ︽ᠭᠠᠳᠤᠷ᠎ᠠ︾ ᠬᠡᠳᠡᠭ ᠨᠢ ᠶᠠᠭᠤ ᠪᠤᠯᠬᠤ ᠶᠢ ᠠᠰᠠᠭᠤᠪᠠ᠃ ᠦᠨᠡᠬᠡᠷ᠂ ︽ᠭᠠᠳᠤᠷ᠎ᠠ︾ ᠬᠡᠳᠡᠭ ᠴᠢᠨᠢ ᠶᠠᠭᠤ ᠪᠢᠯᠡ︖ ᠬᠡᠵᠤ ᠪᠢ ᠤᠭᠵᠤᠮ ᠪᠤᠳᠤᠰᠬᠢᠵᠤ ᠠᠪᠤᠯ᠎ᠠ᠃ ᠪᠤᠳᠤᠯ ᠢ ᠪᠤᠰᠤᠳ ᠬᠦᠮᠦᠨ ᠮᠡᠳᠡᠬᠦ ᠦᠬᠡᠢ ᠳᠡᠭᠡᠨ ᠴᠦ ᠪᠤᠯᠵᠠᠢ᠂ ᠬᠡᠷᠪᠡ ᠮᠡᠳᠡᠬᠦ ᠪᠣᠯ ︽ᠲᠠᠨ ᠤ ᠮᠤᠩᠭᠤᠯ ᠬᠡᠯᠡᠨ ᠤ ᠪᠠᠭᠰᠢ ᠴᠢᠨᠢ ᠳ᠋ᠠ︕︾ ᠬᠡᠵᠤ ᠶᠦᠷᠬᠡᠵᠤ ᠭᠠᠷᠬᠤ  ᠨᠢ ᠯᠠᠪᠳᠠᠢ᠃ ᠲᠡᠶᠢᠮᠦ︕ ᠪᠢ ᠴᠢᠨᠢ ᠮᠤᠩᠭᠤᠯ ᠬᠡᠦᠬᠡᠳ ᠲᠡᠭᠡᠨ ᠡᠬᠡ ᠬᠡᠯᠡ ᠪᠠᠨ ᠵᠢᠭᠠᠵᠤ ᠪᠠᠶᠢᠭ᠎ᠠ ᠮᠤᠩᠭᠤᠯ ᠬᠡᠯᠡᠨ ᠤ ᠪᠠᠭᠰᠢ ᠰᠢᠤ ᠳ᠋ᠠ᠃ ᠢᠴᠢᠩᠬᠦᠷᠡᠬᠦ ᠪᠤᠯᠤᠭᠰᠠᠨ ᠨᠠᠳᠠ ᠭᠤᠴᠢ ᠰᠢᠬᠠᠮ ᠵᠢᠯ ᠤᠨ ᠵᠢᠭᠠᠨ ᠰᠤᠷᠭᠠᠯᠳᠠ ᠶᠢᠨ ᠶᠠᠪᠤᠴᠠ ᠳᠤ ᠲᠤᠬᠢᠶᠠᠯᠳᠤᠭᠰᠠᠨ ᠤᠯᠠᠨ ᠤᠯᠠᠨ ᠵᠤᠭᠤᠭ ᠰᠤᠨᠤᠰᠳᠠᠬᠤ ᠨᠢ …      ︽ᠪᠠᠭᠰᠢ ᠡ᠂ ᠪᠢ 车站 ᠳᠤ ᠤᠴᠢᠭᠠᠳ 爸爸 ᠪᠠᠨ ᠲᠤᠰᠤᠭᠠᠳ ᠢᠷᠡᠶ᠎ᠡ︕︾᠂ ︽ᠲᠤᠭᠠᠨ ᠤ ᠪᠠᠭᠰᠢ 几楼 ᠳᠤ ᠪᠠᠶᠢᠬᠤ ᠪᠤᠢ︖︾᠂ ︽ᠮᠠᠨ ᠤ ᠰᠤᠷᠭᠠᠭᠤᠯᠢ 运动会 ᠬᠢᠬᠡᠳ ᠪᠢ 400米 ᠳᠤ ᠲᠡᠷᠢᠬᠦᠯᠡᠭᠰᠡᠨ ᠰᠢᠤ︾᠂ ︽元旦 ᠤ 节目 ᠭᠠᠷᠭᠠᠬᠤ ᠬᠡᠳ ᠪᠤᠯᠪᠠᠰᠤᠷᠴᠤ ᠪᠠᠶᠢᠨ᠎ᠠ︾… ᠰᠤᠷᠤᠭᠴᠢ ᠶᠢᠨ ᠮᠢᠨᠢ ᠴᠢᠯᠦᠬᠡ ᠡᠷᠢᠯ᠂ ᠴᠢᠳᠠᠪᠤᠷᠢ ᠮᠡᠷᠬᠡᠵᠢᠯ ᠤᠨ ᠤᠮᠤᠭᠰᠢᠯ᠂ ᠴᠢᠨᠠᠭᠰᠢᠳᠠ ᠬᠦᠭᠵᠢᠬᠦ ᠶᠢᠨ ᠬᠠᠳᠠᠭᠤᠵᠢᠯ᠃      ︽ᠨᠦᠬᠦᠳ ᠨᠠᠷ ᠠᠩᠬᠠᠷᠴᠤ ᠪᠠᠢ ᠠ︕︾᠂ ︽ᠲᠤᠮᠢᠶ᠎ᠠ ᠶᠢ ᠮᠡᠳᠡᠬᠦ ᠦᠬᠡᠢ ᠪᠣᠯ ᠰᠠᠳᠦᠪ ᠪᠤᠳᠤᠬᠤ ᠳᠤ 更 ᠬᠦᠴᠢᠷᠳᠡᠨ᠎ᠠ ᠬᠡᠵᠤ ᠮᠡᠳᠡ︾᠂ ︽就是 ᠡᠶᠢᠮᠦ ᠯᠠ ᠬᠡᠵᠤ ᠴᠡᠬᠡᠵᠢᠯᠡᠬᠡᠳ ᠠᠪ︾᠂ ︽ᠡᠨᠡ ᠭᠠᠷᠠᠭ 班会 ᠬᠢᠬᠦ ᠦᠬᠡᠢ ᠯᠠᠢ︾… ᠮᠤᠩᠭᠤᠯ ᠬᠡᠯᠡᠨ ᠤ ᠪᠠᠭᠰᠢ ᠶᠢᠨ ᠠᠩᠬᠠᠷᠤᠯ᠂ ᠮᠠᠨ ᠤ ᠪᠠᠭᠰᠢ ᠶᠢᠨ ᠱᠠᠭᠠᠷᠳᠠᠯ᠃      ᠡᠬᠡ ᠬᠡᠯᠡᠨ ᠤ ︽ᠭᠠᠳᠤᠷ᠎ᠠ︾ ᠶᠠᠭᠠᠬᠢᠵᠤ ᠪᠠᠶᠢᠨ᠎ᠠ︖ ᠡᠷᠢᠵᠤ ᠰᠤᠷᠠᠬᠤ ᠳᠤ ᠲᠦᠬᠡᠵᠤ ᠪᠠᠶᠢᠨ᠎ᠠ᠂ ᠡᠷᠢᠶᠡᠨᠳᠤᠵᠤ ᠪᠠᠷᠠᠭᠠᠨᠳᠠᠭᠠᠳ ᠵᠢᠪᠡᠷᠡᠵᠤ ᠪᠠᠶᠢᠨ᠎ᠠ᠃ ᠡᠷᠬᠢᠴᠡᠬᠦᠯᠵᠤ ᠪᠢᠳᠡ ᠰᠡᠳᠬᠢᠬᠦᠰᠢᠳᠠᠢ ᠪᠠᠶᠢᠨ᠎ᠠ᠃      ᠬᠦᠳᠦᠯᠦᠯ ᠤᠨ ᠰᠠᠭᠤᠷᠢᠨ ᠲᠡᠬᠡᠷ᠎ᠡ ᠲᠠᠬᠢᠨ ᠴᠠᠭ ᠦᠭᠴᠤ᠂ ᠲᠦᠷᠦᠭᠳᠡᠯ ᠢᠶᠠᠨ ᠡᠮᠬᠢᠯᠡᠨ ᠲᠡᠬᠦᠯᠳᠡᠷᠵᠢᠬᠦᠯᠦᠭᠰᠡᠨ ᠤ ᠲᠠᠷᠠᠭ᠎ᠠ ᠲᠠᠬᠢᠨ ᠪᠦᠷᠢᠳᠬᠡᠭᠰᠡᠨ ᠳᠤ ᠨᠡᠯᠢᠶᠡᠳ ᠰᠠᠶᠢᠨ ᠲᠦᠷᠦᠭᠳᠡᠯ ᠪᠤᠢ ᠪᠤᠯᠤᠭᠰᠠᠨ ᠲᠤᠯᠠ ᠰᠤᠷᠤᠭᠴᠢᠳ ᠢᠳᠡᠪᠬᠢᠳᠡᠢ ᠶᠠᠷᠢᠵᠠᠭᠠᠪᠠ᠃      ⒋ ᠶᠠᠷᠢᠶ᠎ᠠ 〔 15 ᠮᠢᠨᠦ᠋ᠲ 〕      ᠱᠠᠭᠠᠷᠳᠠᠯ᠄      ⑴ ᠲᠠᠭᠤ ᠦᠨᠳᠤᠷ᠂ ᠲᠤᠳᠤᠷᠬᠠᠢ᠂ ᠤᠶᠢᠯᠠᠭᠠᠮᠵᠢᠳᠠᠢ᠃      ⑵ ᠡᠷᠬᠦᠯᠳᠡ ᠲᠠᠷᠤᠯᠳᠠ᠂ ᠠᠶᠢᠵᠠᠮ ᠴᠤᠬᠢᠯᠭ᠎ᠠ᠂ ᠰᠡᠳᠬᠢᠯᠬᠡ ᠶᠢ ᠠᠩᠬᠠᠷᠤᠨ᠎ᠠ᠃      ⑶ ᠢᠳᠡᠬᠡᠬᠦᠯᠬᠦ ᠬᠦᠴᠦᠨ ᠲᠠᠢ᠃      ᠲᠦᠷᠦᠭᠳᠡᠯ ①᠄      ᠬᠠᠳᠠᠭᠤ ᠰᠤᠷᠭᠠᠯ                     — ︽ᠬᠡᠯᠡ︾ ᠬᠡᠬᠦ ᠵᠤᠬᠢᠶᠠᠯ ᠢ ᠰᠤᠨᠢᠷᠬᠠᠭᠠᠳ                                                        ᠢᠯᠴᠢ      ᠬᠡᠯᠡ ᠦᠬᠡᠢ ᠬᠦᠮᠦᠨ ᠢ ᠶᠠᠪᠠ ᠬᠦᠮᠦᠨ ᠬᠡᠳᠡᠭ ᠴᠦ ᠬᠡᠯᠡ ᠦᠬᠡᠢ ᠦᠨᠳᠦᠰᠦᠳᠡᠨ ᠢ ᠦᠨᠳᠦᠰᠦᠳᠡᠨ ᠳᠤ ᠲᠤᠭᠠᠴᠠᠳᠠᠭ ᠦᠬᠡᠢ ᠶᠤᠮ᠃ ︽ᠬᠡᠯᠡ︾ ᠬᠡᠬᠦ ᠲᠠᠢ ᠵᠡᠷᠬᠡ ᠨᠠᠳᠠ ᠶᠡᠷᠤ ᠨᠢ ᠬᠡᠯᠡ ᠠᠮᠠᠨ ᠤ ᠬᠡᠯᠡ ᠪᠤᠳᠤᠭᠳᠤᠳᠠᠭ ᠶᠤᠮ᠃ ᠨᠠᠮ᠎ᠠ ᠶᠢ ᠠᠩᠬ᠎ᠠ ᠬᠡᠯᠡ ᠳᠤ ᠤᠷᠤᠵᠤ ᠡᠬᠢᠯᠡᠬᠦ ᠳᠤ ᠠᠪᠤ ᠡᠵᠢ ᠬᠡᠵᠢᠶᠡᠳᠠ ︽ᠪᠢᠯᠡᠬᠦᠦ᠂ ᠴᠢᠯᠠᠭᠤ︾ ᠬᠡᠵᠤ ᠤᠯᠠᠨ ᠶᠠᠷᠢᠭᠤᠯᠵᠤ ᠬᠡᠯᠡᠨ ᠳᠤ ᠲᠠᠰᠬᠠᠳᠠᠭ᠃ ᠬᠡᠬᠦ ᠳᠤ ᠬᠡᠯᠡ ᠡᠷᠬᠢᠵᠤ ᠦᠭᠬᠦ ᠦᠬᠡᠢ᠂ ᠬᠡᠯᠡ ᠪᠠᠨ ᠬᠠᠵᠠᠴᠢᠬᠠᠭᠠᠳ ᠪᠢ ᠴᠢᠨᠢ ᠬᠡᠴᠢᠨᠡᠨ ᠤᠳᠠᠭ᠎ᠠ ᠤᠬᠢᠯᠠᠵᠤ ᠪᠠᠶᠢᠯ᠎ᠠ ᠳ᠋ᠠ︕ ᠨᠤᠳᠤᠭ ᠤᠨ ᠨᠠᠰᠤᠳᠠᠶᠢᠴᠤᠳ ᠤᠨ ᠬᠡᠯᠡᠬᠦ ᠪᠠᠷ ᠡᠨᠡ ᠬᠤᠶᠠᠷ ᠦᠬᠡ ᠶᠢ ᠬᠡᠯᠡᠵᠤ ᠴᠢᠳᠠᠬᠤ ᠦᠬᠡᠢ ᠪᠣᠯ ᠬᠤᠵᠢᠮ ᠬᠡᠯᠡ ᠦᠬᠡᠢ ᠬᠦᠮᠦᠨ ᠪᠤᠯᠤᠨ᠎ᠠ᠂ ᠬᠡᠯᠡ  ᠪᠠᠨ ᠪᠠᠶᠢᠨ ᠲᠠᠬᠢᠨ ᠬᠠᠵᠠᠭᠠᠳ ᠪᠠᠶᠢᠪᠠᠯ ᠲᠠᠰᠤᠷᠬᠠᠢ ᠬᠡᠯᠡ ᠲᠠᠢ ᠪᠤᠯᠤᠨ᠎ᠠ ᠬᠡᠨ᠎ᠡ᠃ ᠤᠳᠤ ᠪᠤᠳᠤᠪᠠᠯ ᠲᠡᠷᠡ ᠨᠢ ᠨᠠᠮ᠎ᠠ ᠶᠢ ᠬᠡᠯᠡ ᠳᠤ ᠤᠷᠤᠭᠤᠯᠬᠤ ᠬᠠᠳᠠᠭᠤ ᠰᠤᠷᠭᠠᠯ ᠪᠠᠶᠢᠵᠠᠢ᠃      ᠤᠳᠤ ᠪᠢ ᠬᠡᠯᠡᠨ ᠳᠡᠭᠡᠨ ᠴᠢᠳᠠᠮᠠᠭᠠᠢ ᠪᠤᠯᠤᠯ᠎ᠠ᠂ ᠬᠡᠯ᠎ᠠ ᠴᠦ ᠪᠠᠶᠢᠨ ᠲᠠᠬᠢᠨ ᠬᠢᠳᠠᠳ ᠦᠬᠡ ᠬᠤᠯᠢᠭᠳᠠᠭᠠᠳ ᠪᠠᠶᠢᠬᠤ ᠨᠢ ᠬᠡᠯᠡ ᠮᠢᠨᠢ ᠦᠨᠡᠬᠡᠷ ᠲᠠᠰᠤᠷᠬᠤ ᠳᠠᠭᠠᠨ ᠲᠦᠬᠦᠭᠰᠡᠨ ᠬᠡᠵᠢ ᠤᠤ︖      ᠬᠠᠨ ᠲᠡᠬᠡᠳᠦᠰ ᠤᠨ ᠬᠠᠳᠠᠭᠤ ᠰᠤᠷᠭᠠᠯ ᠡ︕      ᠲᠦᠷᠦᠭᠳᠡᠯ ②᠄      ᠪᠠᠭ᠎ᠠ ᠨᠠᠰᠤᠨ ᠳᠠᠭᠠᠨ ᠪᠤᠴᠠᠶ᠎ᠠ                     — ︽ᠬᠡᠯᠡ︾ ᠬᠡᠬᠦ ᠵᠤᠬᠢᠶᠠᠯ ᠢ ᠰᠤᠨᠢᠷᠬᠠᠭᠠᠳ                                                         ᠨᠠᠶᠢᠷᠰᠠᠭ      ᠪᠢ ᠪᠠᠭ᠎ᠠ ᠳᠠᠭᠠᠨ ︽ᠬᠡᠯᠡ︾ ᠬᠡᠳᠡᠭ ᠪᠣᠯ ᠵᠦᠪᠬᠡᠨ ᠬᠦᠮᠦᠨ ᠤ ᠦᠬᠡ ᠬᠡᠯᠡᠳᠡᠭ ᠡᠷᠬᠡᠳᠡᠨ᠂ ᠠᠮᠠᠨ ᠲᠤᠳᠤᠷᠠᠬᠢ ᠮᠢᠬᠠᠨ ᠬᠡᠯᠡ ᠶᠢ ᠵᠢᠭᠠᠳᠠᠭ ᠬᠡᠵᠤ ᠤᠶᠢᠯᠠᠭᠠᠵᠤ ᠪᠠᠶᠢᠵᠠᠢ᠃ ᠰᠤᠷᠭᠠᠭᠤᠯᠢ ᠰᠤᠶᠤᠯ ᠤᠨ ᠮᠦᠷ ᠬᠦᠬᠡᠬᠡᠳ ︽ᠬᠡᠯᠡ︾ ᠬᠡᠳᠡᠭ ᠲᠤ ᠪᠠᠰᠠ ᠦᠬᠡᠷ᠎ᠡ ᠪᠤᠰᠤᠳ ᠤᠳᠬ᠎ᠠ — ᠦᠬᠡ ᠬᠡᠯᠡᠨ ᠤ ᠤᠬᠠᠭᠳᠠᠬᠤᠨ ᠪᠤᠶᠤ ᠬᠡᠯᠡᠵᠤ ᠶᠠᠷᠢᠬᠤ ᠶᠢᠨ ᠰᠠᠨᠠᠭ᠎ᠠ ᠪᠠᠶᠢᠳᠠᠭ ᠢ ᠴᠦ ᠮᠡᠳᠡᠯ᠎ᠠ᠃      ᠪᠤᠳᠤᠪᠠᠯ ᠪᠠᠰᠠ ᠢᠨᠢᠶᠡᠳᠦᠮᠳᠠᠢ ᠮᠦᠷᠳᠡᠬᠡᠨ ᠲᠤᠷᠠᠳᠬᠠᠯᠳᠠᠢ᠃ ︽ᠮᠢᠬᠠᠨ ᠪᠢᠷᠠᠭᠤ ᠶᠠᠰᠤᠨ ᠬᠤᠷᠤᠭ᠎ᠠ ᠲᠠᠢ︾ ᠡᠨᠡ ᠶᠠᠭᠤ ᠪᠤᠢ︖ ᠬᠡᠵᠤ ᠤᠨᠢᠰᠤᠭ᠎ᠠ ᠲᠠᠭᠠᠵᠤ ᠬᠡᠮᠡᠨ ᠵᠢᠷᠬᠢᠵᠤ ᠨᠠᠭᠠᠳᠴᠤ ᠪᠠᠶᠢᠭᠰᠠᠨ ᠠᠴᠠ ︽ᠲᠠᠯ᠎ᠠ ᠲᠡᠬᠡᠷ᠎ᠡ ᠲᠠᠪᠤᠨ ᠵᠠᠭᠤᠨ ᠲᠠᠪᠢᠨ ᠲᠠᠪᠤᠨ ᠲᠠᠷᠭᠤᠨ ᠲᠠᠷᠪᠠᠭ᠎ᠠ ᠪᠤᠢ᠂ ᠡᠨᠡ ᠲᠠᠪᠤᠨ ᠵᠠᠭᠤᠨ ᠲᠠᠪᠢᠨ ᠲᠠᠪᠤᠨ ᠲᠠᠷᠭᠤᠨ ᠲᠠᠷᠪᠠᠭ᠎ᠠ ᠶᠢ ᠲᠠᠪᠤᠨ ᠵᠠᠭᠤᠨ ᠲᠠᠪᠢᠨ ᠲᠠᠪᠤᠨ ᠲᠠᠷᠭᠤᠨ ᠲᠠᠷᠪᠠᠭ᠎ᠠ ᠬᠡᠬᠦ ᠦᠬᠡᠢ᠂ ᠦᠬᠡᠷ᠎ᠡ ᠶᠠᠮᠠᠷ ᠲᠠᠪᠤᠨ ᠵᠠᠭᠤᠨ ᠲᠠᠪᠢᠨ ᠲᠠᠪᠤᠨ ᠲᠠᠷᠭᠤᠨ ᠲᠠᠷᠪᠠᠭ᠎ᠠ ᠶᠢ ᠲᠠᠪᠤᠨ ᠵᠠᠭᠤᠨ ᠲᠠᠪᠢᠨ ᠲᠠᠪᠤᠨ ᠲᠠᠷᠭᠤᠨ ᠲᠠᠷᠪᠠᠭ᠎ᠠ ᠬᠡᠬᠦ ᠪᠤᠢ︖︾ ᠬᠡᠵᠤ ᠬᠡᠯᠡ ᠵᠦᠭᠰᠢᠷᠡᠬᠦᠯᠬᠦ ᠦᠬᠡ ᠤᠷᠤᠯᠳᠤᠨ ᠵᠢᠮᠡᠯᠴᠡᠵᠤ ᠪᠠᠶᠢᠭᠰᠠ ᠮᠢᠨᠢ ᠦᠨᠡᠬᠡᠷ ᠵᠢᠷᠭᠠᠯᠳᠠᠢ᠃      ᠬᠡᠳᠡᠯ᠎ᠠ ᠤᠳᠤ ᠪᠢᠳᠡ ᠴᠢᠨᠢ ᠲᠡᠬᠡᠳᠤ ᠲᠤᠮᠳᠠ ᠶᠢᠨ ᠰᠤᠷᠤᠭᠴᠢ ᠪᠤᠯᠤᠭᠠᠳ ᠬᠡᠯᠡᠨ ᠳᠡᠭᠡᠨ ᠶᠠᠭᠠᠬᠢᠵᠤ ᠬᠠᠨᠳᠤᠵᠤ ᠪᠠᠶᠢᠨ᠎ᠠ ᠪᠤᠢ︖ ᠬᠡᠯᠡ ᠪᠠᠨ ᠶᠠᠭᠠᠬᠢᠵᠤ ᠠᠪᠴᠤ ᠶᠠᠪᠤᠨ᠎ᠠ ᠪᠤᠢ︖ ︽车站 ᠳᠤ ᠤᠴᠢᠭᠠᠳ 票 ᠠᠪᠤᠭᠠᠳ ᠢᠷᠡᠶ᠎ᠡ︕ 饭 卡 ᠲᠡᠬᠡᠷ᠎ᠡ ᠪᠠᠨ ᠵᠤᠭᠤᠰ ᠨᠡᠮᠡᠶ᠎ᠡ︾ ᠬᠡᠬᠦ ᠡᠷᠢᠶᠡᠨ ᠬᠡᠯᠡᠯᠬᠡ ᠵᠠᠬ᠎ᠠ ᠠᠴᠠ ᠪᠠᠨ …      ᠤᠨᠢᠰᠤᠭ᠎ᠠ ᠪᠠᠨ ᠲᠠᠭᠠᠶ᠎ᠠ᠂ ᠦᠨᠢ ᠬᠠᠯᠠᠭᠤᠬᠠᠨ ᠪᠠᠭ᠎ᠠ ᠨᠠᠰᠤᠨ ᠳᠠᠭᠠᠨ ᠪᠤᠴᠠᠶ᠎ᠠ︕      ᠲᠡᠬᠡᠷᠡᠬᠢ ᠬᠢᠴᠢᠶᠡᠯᠯᠡᠭᠡ ᠠᠴᠠ ᠪᠢᠳᠡ ᠦᠪᠡᠷᠮᠢᠴᠡ ᠤᠶᠢᠯᠠᠭᠠᠯᠳᠠ ᠲᠦᠷᠦᠭᠳᠡᠯ ᠬᠡᠳᠡᠭ ᠶᠠᠮᠠᠷ ᠪᠤᠯᠬᠤ᠂ ᠲᠡᠬᠦᠨ ᠢ ᠬᠡᠷᠬᠢᠨ ᠵᠢᠭᠠᠨ ᠵᠢᠯᠤᠭᠤᠳᠬᠤ ᠬᠡᠳᠡᠭ ᠢ ᠤᠯᠵᠤ ᠬᠠᠷᠠᠬᠤ ᠪᠤᠯᠤᠨ᠎ᠠ᠃ ᠬᠡᠬᠦ ᠳᠡᠭᠡᠨ ᠰᠤᠷᠤᠭᠴᠢᠳ ᠤᠨ ᠪᠢᠴᠢᠭᠰᠡᠨ ᠲᠦᠷᠦᠭᠳᠡᠯ ᠤᠨ ᠦᠬᠡ ᠦᠭᠦᠯᠡᠪᠦᠷᠢ ᠶᠢᠨ ᠤᠯᠠᠨ ᠴᠦᠬᠡᠨ᠂ ᠴᠢᠨᠠᠷ ᠤᠨ ᠰᠠᠶᠢᠨ᠂ ᠠᠨᠠᠢ ᠶᠢ ᠦᠨᠡᠯᠡᠬᠦ ᠬᠡᠵᠤ ᠱᠠᠭᠠᠷᠳᠠᠭᠰᠠᠨ ᠤ ᠴᠢᠬᠤᠯᠠ ᠦᠬᠡᠢ᠂ ᠵᠦᠪᠬᠡᠨ ᠪᠤᠰᠤᠳ ᠠᠴᠠ ᠢᠯᠭᠠᠭᠳᠠᠬᠤ ᠦᠪᠡᠷ ᠤᠨ ᠤᠨᠴᠠᠯᠢᠭ ᠲᠠᠢ ᠯᠠ ᠪᠣᠯ ᠪᠦᠷ ᠮᠠᠭᠳᠠᠨ ᠵᠤᠷᠢᠭᠵᠢᠭᠤᠯᠵᠤ᠂ ᠦᠨᠡᠯᠡᠬᠦ ᠬᠡᠷᠡᠭᠳᠡᠢ᠃      ᠶᠠᠷᠢᠶᠠᠨ ᠦᠬᠡᠢ ᠵᠤᠬᠢᠶᠠᠯ ᠪᠤᠯᠭᠠᠨ ᠤ ᠬᠡᠰᠡᠭ ᠪᠦᠷᠢ ᠳᠤ ᠦᠪᠡᠷᠮᠢᠴᠡ ᠤᠶᠢᠯᠠᠭᠠᠯᠳᠠ ᠲᠦᠷᠦᠭᠳᠡᠯ ᠲᠤᠰᠬᠠᠭᠳᠠᠬᠤ ᠪᠤᠯᠤᠮᠵᠢ ᠦᠬᠡᠢ ᠶᠤᠮ᠃ ᠬᠡᠪᠡᠴᠤ ᠪᠠᠭᠰᠢ ᠨᠠᠷ ᠨᠢ ᠵᠤᠬᠢᠶᠠᠯ ᠳᠠᠬᠢ ᠠᠮᠢᠳᠤ ᠲᠦᠷᠰᠦᠯᠢᠭ ᠬᠡᠯᠡ ᠬᠡᠯᠡᠯᠬᠡ᠂ ᠤᠳᠬ᠎ᠠ ᠶᠢᠨ ᠠᠭᠤᠯᠤᠮᠵᠢᠳᠠᠢ ᠭᠤᠤᠯᠳᠠᠯᠭ᠎ᠠ ᠲᠠᠢ ᠮᠦᠷ ᠪᠠᠳᠠᠭ᠂ ᠰᠤᠷᠤᠭᠴᠢᠳ ᠤᠨ ᠠᠮᠠᠷᠬᠠᠨ ᠰᠡᠳᠬᠢᠯ ᠲᠤᠯᠬᠢᠰᠬᠤ ᠬᠡᠰᠡᠭ ᠪᠦᠯᠦᠭ ᠵᠡᠷᠬᠡ ᠶᠢ ᠭᠤᠤᠯᠴᠢᠯᠠᠨ ᠰᠤᠨᠢᠷᠬᠠᠬᠤ ᠳᠠᠭᠠᠨ ᠦᠪᠡᠷᠮᠢᠴᠡ ᠤᠶᠢᠯᠠᠭᠠᠯᠳᠠ ᠲᠦᠷᠦᠭᠳᠡᠯ  ᠢ ᠪᠢᠴᠢᠬᠦᠯᠵᠤ ᠶᠠᠷᠢᠭᠤᠯᠪᠠᠯ ᠲᠡᠳᠡᠨᠤᠰ ᠤᠨ ᠰᠢᠨ᠎ᠡ ᠶᠢ ᠡᠬᠦᠳᠬᠦ ᠴᠢᠳᠠᠪᠤᠷᠢ ᠶᠢ ᠬᠦᠮᠦᠵᠢᠬᠦᠯᠬᠦ ᠳᠤ ᠯᠠᠪᠳᠠᠢ ᠲᠦᠯᠬᠢᠴᠡ ᠪᠤᠯᠵᠤ ᠴᠢᠳᠠᠨ᠎ᠠ᠃      ᠵᠤᠬᠢᠶᠠᠭᠴᠢ ᠶᠢᠨ ᠬᠠᠶ᠋ᠢᠭ᠄ ᠬᠡᠰᠢᠭᠳᠡᠨ ᠬᠤᠰᠢᠭᠤᠨ ᠤ ᠪᠢᠷᠠᠭᠤ ᠳᠠᠬᠢ ᠮᠤᠩᠭᠤᠯ ᠲᠤᠮᠳᠠᠳᠤ ᠰᠤᠷᠭᠠᠭᠤᠯᠢ
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号