| ᠤᠳᠤᠬᠠᠨ ᠤ ᠬᠡᠯᠡ ᠪᠢᠴᠢᠭ ᠤᠨ ᠵᠢᠭᠠᠨ ᠰᠤᠷᠭᠠᠯᠳᠠ ᠳᠤ ᠬᠢᠴᠢᠶᠡᠯᠯᠡᠭᠴᠢ ᠪᠠᠭᠰᠢ ᠶᠢᠨ ᠬᠠᠭᠤᠴᠢᠨ | ᠤᠶᠢᠯᠠᠭᠠᠭᠳᠠᠬᠤᠨ᠂ ᠬᠡᠪᠰᠢᠮᠡᠯ ᠵᠢᠭᠠᠬᠤ ᠠᠷᠭ᠎ᠠ ᠮᠠᠶ᠋ᠢᠭ ᠪᠠ ᠰᠢᠯᠭᠠᠯᠳᠠ ᠶᠢᠨ ᠬᠤᠪᠢ ᠤᠯᠭᠤᠬᠤ ᠪᠠᠷᠢᠮᠵᠢᠶ᠎ᠠ | ᠬᠠᠷᠢᠭᠤᠯᠳᠠ ᠵᠡᠷᠬᠡ ᠶᠢᠨ ᠬᠦᠯᠢᠶᠡᠰᠦᠯᠡᠯ ᠠᠴᠠ ᠪᠤᠯᠤᠭᠠᠳ ᠪᠠᠭᠰᠢ ᠨᠢ ᠯᠠᠪᠯᠠᠬᠤ ᠮᠠᠲ᠋ᠧᠷᠢᠶᠠᠯ ᠤᠨ ᠬᠦᠳᠦᠯᠦᠯ᠂ | ᠰᠤᠷᠬᠤ ᠪᠢᠴᠢᠭ ᠤᠨ ᠵᠠᠳᠠᠯᠤᠯᠳᠠ ᠳᠤ ᠪᠠᠷᠢᠭᠳᠠᠨ ᠵᠤᠬᠢᠶᠠᠯ ᠤᠨ ᠠᠭᠤᠯᠭ᠎ᠠ ᠶᠢ ᠵᠠᠳᠠᠯᠬᠤ᠂ ᠶᠡᠭᠡ ᠤᠨᠤᠯ ᠶᠤᠰᠤ ᠶᠢ | ᠬᠤᠷᠢᠶᠠᠩᠭᠤᠶᠢᠯᠠᠨ᠂ ᠰᠤᠷᠤᠭᠴᠢᠳ ᠲᠤ ᠠᠳᠠᠯᠢᠬᠠᠨ ᠨᠢᠬᠡ ᠬᠠᠷᠢᠭᠤᠯᠳᠠ ᠤᠯᠭᠤᠬᠤ ᠶᠢ ᠴᠢᠬᠤᠯᠠᠴᠢᠯᠠᠵᠤ᠂ ᠬᠠᠷᠢᠨ | ᠰᠤᠷᠤᠭᠴᠢ ᠶᠢᠨ ᠦᠪᠡᠷᠮᠢᠴᠡ ᠴᠢᠨᠠᠷ᠂ ᠤᠨᠴᠠᠭᠠᠢ ᠠᠪᠢᠶᠠᠰ᠂ ᠰᠢᠨ᠎ᠡ ᠰᠡᠳᠬᠢᠬᠦᠢ᠂ ᠡᠬᠦᠳᠦᠨ ᠪᠦᠳᠦᠬᠡᠯᠳᠡ᠂ | ᠦᠪᠡᠷᠮᠢᠴᠡ ᠦᠵᠡᠯᠳᠠ ᠲᠦᠷᠦᠭᠳᠡᠯ ᠵᠡᠷᠬᠡ ᠶᠢᠨ ᠲᠤᠬᠠᠢ ᠪᠢᠴᠢᠬᠦᠯᠵᠤ᠂ ᠶᠠᠷᠢᠭᠤᠯᠬᠤ ᠶᠢ ᠤᠮᠳᠤᠭᠠᠶᠢᠯᠠᠳᠠᠭ | ᠦᠵᠡᠭᠳᠡᠯ ᠪᠠᠰᠠ ᠴᠦ ᠪᠠᠶᠢᠷᠢ ᠠᠪᠴᠤ ᠪᠠᠶᠢᠨ᠎ᠠ᠃ ᠡᠨᠡ ᠨᠢ ᠬᠢᠴᠢᠶᠡᠯ ᠦᠬᠡᠷᠡᠴᠢᠯᠡᠯᠳᠡ ᠶᠢᠨ ᠵᠤᠷᠢᠭ ᠰᠠᠨᠠᠭ᠎ᠠ᠂ | ᠰᠢᠨ᠎ᠡ ᠬᠢᠴᠢᠶᠡᠯ ᠤᠨ ᠪᠠᠷᠢᠮᠵᠢᠶ᠎ᠠ ᠶᠢᠨ ᠱᠠᠭᠠᠷᠳᠠᠯᠭ᠎ᠠ ᠳᠤ ᠨᠡᠶᠢᠴᠡᠬᠦ ᠦᠬᠡᠢ ᠶᠤᠮ᠃ | ᠰᠢᠨ᠎ᠡ ᠬᠢᠴᠢᠶᠡᠯ ᠤᠨ ᠪᠠᠷᠢᠮᠵᠢᠶ᠎ᠠ ᠳᠤ ᠰᠤᠷᠤᠭᠴᠢᠳ ᠤᠨ ᠰᠢᠨ᠎ᠡ ᠰᠡᠳᠬᠢᠬᠦᠢ ᠶᠢ ᠬᠦᠮᠦᠵᠢᠬᠦᠯᠬᠦ ᠶᠢ | ᠬᠢᠴᠢᠶᠡᠯ ᠤᠨ ᠦᠬᠡᠷᠡᠴᠢᠯᠡᠯᠳᠡ ᠶᠢᠨ ᠨᠢᠬᠡᠨ ᠭᠤᠤᠯ ᠵᠤᠷᠢᠯᠳᠠ ᠪᠤᠯᠭᠠᠨ ᠲᠤᠷᠠᠳᠤᠭᠰᠠᠨ ᠶᠤᠮ᠃ ᠰᠤᠷᠤᠭᠴᠢᠳ ᠢ | ᠵᠤᠷᠢᠭᠳᠠᠢ ᠰᠡᠳᠬᠢᠬᠦ᠂ ᠶᠠᠷᠢᠬᠤ᠂ ᠬᠢᠬᠦ ᠰᠢᠨ᠎ᠡ ᠰᠡᠳᠬᠢᠴᠡ ᠪᠦᠬᠦᠢ ᠬᠡᠯᠡ ᠪᠢᠴᠢᠭ ᠤᠨ ᠬᠡᠪ ᠪᠤᠯᠪᠠᠰᠤᠷᠠᠯ ᠲᠠᠢ | ᠴᠢᠳᠠᠪᠤᠷᠢᠳᠠᠨ ᠪᠤᠯᠭᠠᠨ ᠬᠦᠮᠦᠵᠢᠬᠦᠯᠬᠦ ᠳᠤ ᠪᠠᠭᠰᠢ ᠶᠢᠨ ᠬᠦᠳᠦᠯᠦᠮᠵᠢ ᠵᠢᠯᠤᠭᠤᠳᠤᠮᠵᠢ ᠨᠢ ᠡᠷᠬᠡᠪᠰᠢ ᠰᠤᠷᠤᠭᠴᠢᠳ | ᠤᠨ ᠦᠪᠡᠷᠮᠢᠴᠡ ᠤᠶᠢᠯᠠᠭᠠᠯᠳᠠ ᠲᠦᠷᠦᠭᠳᠡᠯ ᠢᠶᠠᠨ ᠪᠢᠴᠢᠬᠦ᠂ ᠶᠠᠷᠢᠬᠤ ᠤᠷᠤᠨ ᠵᠠᠢ ᠶᠢ ᠤᠯᠭᠤᠬᠤ ᠵᠢᠴᠢ ᠲᠡᠳᠠᠨᠤᠰ | ᠢ ᠤᠷᠮᠠᠰᠢᠭᠤᠯᠤᠨ ᠵᠤᠷᠢᠭᠵᠢᠭᠤᠯᠬᠤ ᠲᠠᠢ ᠨᠢᠬᠡᠳᠦᠯᠳᠠᠢ ᠪᠠᠶᠢᠬᠤ ᠶᠢ ᠪᠠᠳᠤᠯᠠᠬᠤ ᠬᠡᠷᠡᠭᠳᠡᠢ᠃ | ︽ᠲᠡᠯᠡᠬᠡᠢ ᠲᠡᠬᠡᠷ᠎ᠡ ᠠᠳᠠᠯᠢᠬᠠᠨ ᠨᠢᠬᠡ ᠮᠤᠳᠤᠨ ᠨᠠᠪᠴᠢ ᠪᠠᠶᠢᠳᠠᠭ ᠦᠬᠡᠢ︾ ᠬᠡᠳᠡᠭᠴᠢᠯᠡᠨ ᠠᠳᠠᠯᠢᠬᠠᠨ ᠵᠠᠩ | ᠴᠢᠨᠠᠷ ᠲᠠᠢ ᠬᠦᠮᠦᠨ ᠬᠡᠵᠤ ᠪᠠᠰᠠ ᠪᠠᠶᠢᠳᠠᠭ ᠦᠬᠡᠢ ᠶᠤᠮ᠃ ︽ᠠᠪᠤ ᠶᠢᠨ ᠬᠦᠤ ᠠᠳᠠᠯᠢ ᠦᠬᠡᠢ᠂ ᠠᠷᠪᠠᠨ | ᠬᠤᠷᠤᠭᠤ ᠲᠡᠭᠰᠢ ᠦᠬᠡᠢ︾ ᠬᠡᠵᠤ ᠦᠨᠡᠨᠳᠠᠢ᠃ ᠦᠪᠡᠷᠮᠢᠴᠡ ᠤᠨᠴᠠᠯᠢᠭ ᠬᠡᠵᠤ ᠬᠦᠮᠦᠨ ᠤ ᠦᠵᠡᠯ ᠰᠠᠨᠠᠭ᠎ᠠ᠂ | ᠤᠪᠤᠷ ᠰᠡᠳᠬᠢᠯᠬᠡ᠂ ᠵᠠᠩ ᠠᠭᠠᠰᠢ᠂ ᠬᠡᠪ ᠴᠢᠨᠠᠷ ᠵᠡᠷᠬᠡ ᠶᠢᠨ ᠪᠤᠰᠤᠳ ᠠᠴᠠ ᠢᠯᠭᠠᠭᠳᠠᠬᠤ ᠤᠨᠴᠠᠯᠢᠭ ᠢ ᠵᠢᠭᠠᠨ᠎ᠠ᠃ | ᠡᠳᠡᠬᠡᠷ ᠤᠨᠴᠠᠯᠢᠭ ᠨᠢ ᠬᠦᠮᠦᠰ ᠤᠨ ᠦᠬᠡ ᠶᠠᠷᠢᠶ᠎ᠠ᠂ ᠦᠢᠯᠡ ᠬᠦᠳᠡᠯᠦᠯ᠂ ᠪᠤᠳᠤᠯ ᠰᠡᠳᠬᠢᠯᠬᠡ ᠵᠡᠷᠬᠡ ᠳᠤ | ᠢᠯᠡᠷᠡᠳᠡᠭ᠃ ᠦᠪᠡᠷᠮᠢᠴᠡ ᠤᠨᠴᠠᠯᠢᠭ ᠪᠣᠯ ᠬᠦᠮᠦᠨ ᠲᠦᠷᠦᠯᠬᠢᠳᠡᠨ ᠤ ᠨᠡᠶᠢᠬᠡᠮ ᠤᠨ ᠤᠷᠤᠰᠢᠨ ᠲᠤᠭᠳᠠᠨᠢᠬᠤ ᠪᠠ | ᠬᠦᠭᠵᠢᠬᠦ ᠶᠢᠨ ᠤᠷᠢᠳᠠᠯ ᠨᠦᠬᠦᠴᠡᠯ ᠮᠦᠷᠳᠡᠬᠡᠨ ᠴᠢᠳᠠᠪᠤᠷᠢᠳᠠᠨ ᠢ ᠬᠦᠮᠦᠵᠢᠬᠦᠯᠬᠦ ᠶᠢᠨ ᠪᠤᠰᠤᠳᠴᠢ ᠦᠨᠳᠦᠰᠦᠯᠡᠯ | ᠮᠥᠨ᠃ ᠬᠤᠶᠠᠷ ᠮᠢᠩᠭ᠎ᠠ ᠭᠠᠷᠤᠢ ᠵᠢᠯ ᠤᠨ ᠡᠮᠦᠨᠡᠬᠢ ᠺᠦᠩᠽᠢ ᠶᠢᠨ ᠲᠤᠷᠠᠳᠤᠭᠰᠠᠨ᠄ ︽ᠤᠨᠴᠠᠯᠢᠭ ᠲᠤ ᠨᠢ | ᠲᠤᠬᠢᠷᠠᠭᠤᠯᠤᠨ ᠵᠢᠭᠠᠨ ᠰᠤᠷᠭᠠᠬᠤ︾ ᠬᠡᠳᠡᠭ ᠦᠵᠡᠯᠳᠡ ᠨᠢ ᠲᠡᠷᠡ ᠬᠡᠪ ᠢᠶᠠᠷ ᠰᠤᠷᠤᠭᠴᠢᠳ ᠤᠨ ᠦᠪᠡᠷᠮᠢᠴᠡ | ᠴᠢᠨᠠᠷ ᠢ ᠬᠦᠨᠳᠦᠳᠬᠡᠬᠦ ᠪᠠ ᠬᠦᠭᠵᠢᠬᠦᠯᠬᠦ ᠶᠢ ᠤᠷᠢᠶᠠᠯᠠᠭᠰᠠᠨ ᠶᠠᠪᠤᠳᠠᠯ ᠪᠤᠯᠬᠤ ᠶᠤᠮ᠃ ᠦᠪᠡᠷᠮᠢᠴᠡ ᠴᠢᠨᠠᠷ ᠲᠤ | ᠰᠠᠭᠤᠷᠢᠯᠠᠭᠰᠠᠨ ᠦᠪᠡᠷᠮᠢᠴᠡ ᠤᠶᠢᠯᠠᠭᠠᠯᠳᠠ ᠲᠦᠷᠦᠭᠳᠡᠯ ᠪᠣᠯ ᠰᠤᠷᠤᠭᠴᠢᠳ ᠤᠨ ᠦᠬᠡ ᠦᠬᠦᠯᠡᠪᠦᠷᠢ ᠶᠢᠨ | ᠤᠶᠢᠯᠠᠭᠠᠯᠳᠠ ᠶᠢᠨ ᠰᠠᠭᠤᠷᠢᠨ ᠲᠡᠬᠡᠷᠡᠬᠢ ᠵᠤᠬᠢᠶᠠᠯ ᠯᠤᠭ᠎ᠠ ᠶᠢᠨ ᠰᠤᠯᠢᠯᠴᠠᠭ᠎ᠠ᠂ ᠶᠠᠷᠢᠯᠴᠠᠭ᠎ᠠ ᠮᠦᠷᠳᠡᠬᠡᠨ ᠯᠠᠪᠯᠠᠬᠤ | ᠮᠠᠲ᠋ᠧᠷᠢᠶᠠᠯ᠂ ᠪᠠᠷᠢᠮᠵᠢᠶ᠎ᠠ ᠬᠠᠷᠢᠭᠤᠯᠳᠠ ᠶᠢᠨ ᠱᠠᠭᠠᠷᠳᠠᠯᠭ᠎ᠠ ᠠᠴᠠ ᠲᠠᠪᠠᠭᠰᠠᠨ ᠨᠢᠬᠡ ᠵᠤᠶᠢᠯ ᠤᠨ ᠦᠪᠡᠷᠮᠢᠴᠡ | ᠦᠵᠡᠯᠳᠠ ᠪᠤᠯᠬᠤ ᠶᠤᠮ᠃ ᠡᠶᠢᠮᠦ ᠠᠴᠠ ᠰᠤᠷᠤᠭᠴᠢᠳ ᠤᠨ ᠦᠪᠡᠷᠮᠢᠴᠡ ᠤᠶᠢᠯᠠᠭᠠᠯᠳᠠ ᠲᠦᠷᠦᠭᠳᠡᠯ ᠢ | ᠴᠢᠬᠤᠯᠠᠴᠢᠯᠠᠪᠠᠯ ᠰᠠᠶ᠋ᠢ ᠰᠤᠷᠤᠭᠴᠢ ᠪᠠᠷ ᠭᠤᠤᠯ ᠴᠤᠭᠴᠠ ᠪᠤᠯᠭᠠᠬᠤ᠂ ᠰᠤᠷᠤᠭᠴᠢ ᠪᠣᠯ ᠰᠤᠷᠬᠤ ᠶᠢᠨ ᠡᠵᠡᠨ ᠪᠡᠶ᠎ᠡ᠂ | ᠬᠦᠭᠵᠢᠬᠦ ᠶᠢᠨ ᠡᠵᠡᠨ ᠪᠡᠶ᠎ᠡ ᠬᠡᠬᠦ ᠬᠡᠯᠡ ᠪᠢᠴᠢᠭ ᠤᠨ ᠰᠢᠨ᠎ᠡ ᠬᠢᠴᠢᠶᠡᠯ ᠤᠨ ︽ᠡᠵᠡᠨᠰᠢᠯᠡᠬᠦᠯᠬᠦ︾ ᠤᠨᠤᠯᠵᠢᠬᠤᠨ ᠢ | ᠢᠯᠡᠷᠡᠬᠦᠯᠵᠤ᠂ ᠰᠤᠷᠤᠭᠴᠢᠳ ᠤᠨ ᠦᠪᠡᠷ ᠤᠨ ᠤᠷᠮᠠᠰ ᠠᠴᠠ ᠪᠠᠨ ᠬᠦᠳᠡᠯᠦᠩᠬᠦᠢ ᠢᠳᠡᠪᠬᠢᠳᠡᠢ ᠬᠦᠭᠵᠢᠬᠦ ᠶᠢ | ᠠᠬᠢᠭᠤᠯᠵᠤ ᠴᠢᠳᠠᠨ᠎ᠠ᠃ | ᠲᠡᠬᠡᠪᠠᠯ ᠰᠤᠷᠤᠭᠴᠢᠳ ᠤᠨ ᠦᠪᠡᠷᠮᠢᠴᠡ ᠤᠶᠢᠯᠠᠭᠠᠯᠳᠠ ᠲᠦᠷᠦᠭᠳᠡᠯ ᠢ ᠬᠡᠷᠬᠢᠨ ᠵᠢᠭᠠᠨ ᠵᠢᠯᠤᠭᠤᠳᠬᠤ ᠪᠤᠢ︖ | ᠠᠳᠡ ᠠᠷᠳᠠᠢ ᠶᠢᠨ ︽ᠬᠡᠯᠡ︾ ᠬᠡᠳᠡᠭ ᠵᠤᠬᠢᠶᠠᠯ ᠢ ᠰᠤᠨᠢᠷᠬᠠᠬᠤ ᠳᠤ ᠦᠪᠡᠷᠮᠢᠴᠡ ᠦᠢᠯᠠᠭᠠᠯᠳᠠ ᠲᠦᠷᠦᠭᠳᠡᠯ ᠢ | ᠵᠢᠭᠠᠨ ᠵᠢᠯᠤᠭᠤᠳᠤᠭᠰᠠᠨ ᠨᠢᠬᠡ ᠦᠶ᠎ᠡ ᠶᠢᠨ ᠬᠢᠴᠢᠶᠡᠯ ᠢᠶᠠᠷ ᠵᠢᠱᠢᠶᠡᠯᠡᠶ᠎ᠡ᠄ | ᠡᠩ ᠲᠡᠷᠢᠬᠦᠨ ᠳᠤ ᠰᠤᠷᠤᠭᠴᠢᠳ ᠲᠤ ᠵᠤᠬᠢᠶᠠᠯ ᠢ ᠰᠤᠨᠢᠷᠬᠠᠭᠰᠠᠨ ᠤ ᠲᠠᠷᠠᠭᠠᠬᠢ ᠦᠪᠡᠷᠮᠢᠴᠡ ᠤᠶᠢᠯᠠᠭᠠᠯᠳᠠ | ᠲᠦᠷᠦᠭᠳᠡᠯ ᠪᠢᠴᠢᠬᠦ ᠡᠬᠦᠷᠬᠡ ᠪᠠᠨ ᠢᠯᠡ ᠲᠤᠰᠢᠶᠠᠪᠠ᠃ ᠠᠵᠢᠯ ᠦᠬᠡᠢ ᠪᠠᠷ ᠰᠤᠷᠤᠭᠴᠢᠳ ᠶᠠᠭᠤ ᠪᠠᠨ ᠤᠷᠤᠯᠳᠤᠬᠤ | ᠪᠢᠯᠡ︖ ᠠᠵᠢᠯ ᠲᠠᠢ ᠪᠤᠯᠪᠠᠯ ᠬᠢᠬᠦ ᠵᠤᠷᠢᠯᠳᠠ ᠲᠤᠳᠤᠷᠬᠠᠢ ᠪᠤᠯᠵᠤ ᠭᠤᠤᠯᠳᠠᠯᠭ᠎ᠠ ᠪᠠᠨ ᠮᠡᠳᠡᠵᠤ ᠴᠢᠳᠠᠨ᠎ᠠ᠃ | ᠲᠤᠰᠬᠠᠯᠳᠠ ᠳᠤ᠄ | ᠨᠢᠬᠡ᠂ ᠵᠤᠬᠢᠶᠠᠯ ᠤᠨ ᠰᠤᠨᠢᠷᠬᠠᠯ ᠤᠨ ᠲᠤᠬᠠᠢ ᠦᠪᠡᠷᠮᠢᠴᠡ ᠦᠢᠯᠠᠭᠠᠯᠳᠠ ᠲᠦᠷᠦᠭᠳᠡᠯ ᠢᠶᠠᠨ ᠪᠢᠴᠢᠵᠤ | ᠶᠠᠷᠢᠬᠤ ᠪᠠᠷ ᠪᠡᠯᠡᠳᠬᠡᠶ᠎ᠡ︕ 〔 40 ᠮᠢᠨᠦ᠋ᠲ 〕 | ᠡᠨᠡᠬᠦ ᠠᠵᠢᠯ ᠢᠶᠠᠨ ᠲᠤᠤᠷᠠᠬᠢ ᠲᠦᠷᠪᠡᠨ ᠠᠯᠬᠤᠮ ᠢᠶᠠᠷ ᠲᠤᠬᠢᠷᠠᠭᠤᠯᠪᠠ᠃ | ᠶᠠᠭᠤᠨ ᠤ ᠤᠷᠢᠳ ᠤᠩᠰᠢᠯᠭ᠎ᠠ ᠬᠢᠯᠬᠡᠪᠡ᠃ ︽ᠤᠩᠰᠢᠯᠭ᠎ᠠ ᠪᠣᠯ ᠨᠢᠬᠡ ᠵᠤᠶᠢᠯ ᠤᠨ ᠬᠦᠳᠦᠯᠦᠨ | ᠲᠠᠭᠠᠭᠤᠯᠬᠤ ᠴᠢᠨᠠᠷ ᠲᠠᠢ ᠡᠬᠦᠳᠦᠨ ᠪᠦᠳᠦᠬᠡᠯᠳᠡ ᠮᠥᠨ︾ ᠬᠡᠵᠤ ᠰᠧᠲ ᠬᠡᠯᠡᠭᠰᠡᠨ ᠶᠤᠮ᠃ ᠤᠩᠰᠢᠯᠭ᠎ᠠ ᠨᠢ | ᠰᠤᠷᠠᠭ ᠵᠠᠩᠬᠢ ᠶᠢ ᠴᠤᠭᠯᠠᠭᠤᠯᠤᠨ ᠡᠮᠬᠢᠯᠡᠬᠦ᠂ ᠪᠠᠶᠢᠭᠠᠯᠢ ᠶᠢᠷᠳᠢᠨᠴᠤ ᠶᠢ ᠲᠠᠨᠢᠬᠤ᠂ ᠰᠡᠳᠬᠢᠬᠦᠢ ᠪᠠᠨ ᠬᠦᠭᠵᠢᠬᠦᠯᠬᠦ᠂ | ᠭᠤᠸ᠎ᠠ ᠲᠠᠭᠠᠰᠢᠶᠠᠯ ᠢ ᠡᠳ᠋ᠯᠡᠬᠦ ᠶᠢᠨ ᠴᠢᠬᠤᠯᠠ ᠨᠢᠬᠡᠨ ᠠᠷᠭ᠎ᠠ ᠬᠡᠯᠪᠡᠷᠢ ᠪᠤᠯᠬᠤ ᠶᠤᠮ᠃ ︽ᠬᠡᠯᠡ ᠪᠢᠴᠢᠭ ᠤᠨ | ᠰᠢᠨ᠎ᠡ ᠬᠢᠴᠢᠶᠡᠯ ᠤᠨ ᠪᠠᠷᠢᠮᠵᠢᠶ᠎ᠠ︾ ᠳᠤ᠄ ︽ᠤᠩᠰᠢᠯᠭ᠎ᠠ ᠶᠢᠨ ᠵᠢᠭᠠᠨ ᠰᠤᠷᠭᠠᠯᠳᠠ ᠪᠣᠯ ᠰᠤᠷᠤᠭᠴᠢᠳ ᠤᠨ | ᠦᠪᠡᠷᠮᠢᠴᠡ ᠰᠢᠨᠵᠢ ᠶᠢᠨ ᠦᠢᠯᠡ ᠬᠦᠳᠡᠯᠦᠯ ᠮᠥᠨ᠂ ᠪᠠᠭᠰᠢ ᠶᠢᠨ ᠵᠠᠳᠠᠯᠤᠯᠳᠠ ᠲᠠᠶᠢᠯᠪᠤᠷᠢ ᠪᠠᠷ ᠰᠤᠷᠤᠭᠴᠢᠳ ᠤᠨ | ᠤᠩᠰᠢᠯᠭ᠎ᠠ ᠦᠢᠯᠡᠳᠦᠯᠬᠡ ᠶᠢ ᠤᠷᠤᠯᠠᠭᠤᠯᠵᠤ ᠶᠠᠭᠠᠬᠢᠭᠰᠠᠨ ᠴᠦ ᠪᠤᠯᠬᠤ ᠦᠬᠡᠢ᠃ ᠰᠤᠷᠤᠭᠴᠢᠳ ᠤᠨ ᠢᠳᠡᠪᠬᠢᠳᠡᠢ | ᠰᠡᠳᠬᠢᠬᠦᠢ ᠪᠤᠯᠤᠨ ᠤᠪᠤᠷ ᠰᠡᠳᠬᠢᠯᠬᠡ ᠶᠢᠨ ᠬᠦᠳᠡᠯᠬᠡᠬᠡᠨ ᠲᠤᠮᠳᠠ ᠲᠡᠳᠡᠨ ᠤ ᠤᠶᠢᠯᠠᠭᠠᠯᠳᠠ ᠪᠤᠯᠤᠨ ᠰᠡᠷᠡᠬᠦᠢ ᠶᠢ | ᠴᠢᠩᠭᠠᠳᠬᠠᠨ᠂ ᠨᠢᠬᠡ ᠬᠡᠮᠵᠢᠶᠡᠨ ᠤ ᠰᠢᠨ᠎ᠡ ᠦᠢᠯᠠᠭᠠᠯᠳᠠ ᠪᠠ ᠰᠡᠳᠬᠢᠬᠦᠢ ᠲᠠᠢ ᠪᠤᠯᠬᠤ ᠶᠢ ᠠᠬᠢᠭᠤᠯᠬᠤ ᠶᠢᠨ | ᠪᠤᠳᠠᠳᠠᠢ ᠦᠢᠯᠡᠳᠦᠯᠬᠡᠵᠢᠯ ᠮᠥᠨ᠃ ᠡᠬᠦᠨ ᠤ ᠤᠯᠠᠮ ᠠᠴᠠ ᠤᠪᠤᠷ ᠰᠡᠳᠬᠢᠯᠬᠡ ᠶᠢᠨ ᠬᠦᠮᠦᠵᠢᠬᠦᠯᠦᠯ᠂ ᠦᠵᠡᠯ | ᠰᠠᠨᠠᠭᠠᠨ ᠤ ᠰᠡᠩᠬᠡᠷᠡᠬᠦᠯᠦᠯ᠂ ᠭᠤᠸ᠎ᠠ ᠲᠠᠭᠠᠰᠢᠶᠠᠯ ᠤᠨ ᠪᠠᠶᠠᠷ ᠪᠠᠭ᠋ᠠᠳᠤᠯ ᠢ ᠬᠦᠷᠳᠡᠬᠡᠬᠦ ᠪᠤᠯᠤᠨ᠎ᠠ︾ ᠬᠡᠵᠤ | ᠲᠤᠷᠠᠳᠤᠭᠰᠠᠨ ᠶᠤᠮ᠃ ᠡᠶᠢᠮᠦ ᠠᠴᠠ ᠤᠩᠰᠢᠯᠭ᠎ᠠ ᠪᠠᠷ ᠭᠠᠷᠳᠠᠬᠤ ᠨᠢ ᠵᠠᠪᠠᠯ ᠪᠡᠶᠡᠯᠡᠬᠦᠯᠬᠦ ᠠᠯᠬᠤᠮ ᠮᠥᠨ᠃ | ᠵᠦᠪᠬᠡᠨ ᠰᠤᠷᠤᠭᠴᠢᠳ ᠤᠨ ᠬᠠᠭᠤᠴᠢᠨ ᠤᠶᠢᠯᠠᠭᠠᠭᠳᠠᠬᠤᠨ᠂ ᠬᠡᠪᠰᠢᠮᠡᠯ ᠰᠡᠳᠬᠢᠬᠦᠢ ᠶᠢᠨ ᠬᠦᠯᠢᠶᠡᠰᠦᠯᠡᠯ ᠢ | ᠲᠡᠪᠴᠢᠵᠤ᠂ ᠤᠯᠠᠨ ᠬᠠᠷᠠᠭᠠᠰᠤ᠂ ᠡᠬᠦᠳᠦᠯᠳᠡ ᠶᠢᠨ ᠴᠢᠨᠠᠷᠳᠠᠢ ᠤᠩᠰᠢᠯᠭ᠎ᠠ ᠳᠤ ᠬᠦᠳᠦᠯᠪᠡᠯ ᠰᠡᠶ᠋ᠢ ᠲᠡᠳᠡᠨ ᠤ | ᠦᠪᠡᠷᠮᠢᠴᠡ ᠰᠡᠳᠬᠢᠬᠦᠢ ᠶᠢ ᠬᠦᠭᠵᠢᠬᠦᠯᠵᠤ ᠴᠢᠳᠠᠨ᠎ᠠ᠃ | ᠠᠳᠡ ᠲᠦᠷᠦᠬᠦᠦ ᠬᠢᠴᠢᠶᠡᠯ ᠤᠨ ᠤᠩᠰᠢᠯᠭ᠎ᠠ ᠪᠠᠷ ᠲᠠᠮᠵᠢᠭᠠᠳ ᠭᠤᠤᠯᠳᠠᠯᠭ᠎ᠠ ᠬᠡᠵᠤ ᠬᠠᠮᠳᠤ ᠪᠠᠷ | ᠦᠨᠡᠯᠡᠭᠰᠡᠨ ᠬᠤᠶᠠᠷ ᠤᠯᠠᠭᠠᠨ ᠮᠦᠷ ᠢ ᠰᠤᠩᠭᠤᠪᠠ᠃ | ᠲᠤᠰᠬᠠᠯᠳᠠ ᠳᠤ᠄ | ⒈ ᠤᠩᠰᠢᠶ᠎ᠠ 〔8 ᠮᠢᠨᠦ᠋ᠲ 〕〔 ᠲᠡᠬᠡᠳᠤ ᠲᠤᠮᠳᠠᠳᠤ ᠶᠢᠨ ᠬᠡᠯᠡ ᠪᠢᠴᠢᠭ ᠤᠨ ᠵᠠᠪᠠᠯ ᠰᠤᠷᠬᠤ | ᠭᠤᠷᠪᠠᠳᠤᠭᠠᠷ ᠲᠡᠪᠳᠡᠷ ᠤᠨ ᠬᠤᠶᠠᠳᠤᠭᠠᠷ ᠵᠤᠬᠢᠶᠠᠯ ᠢ ᠤᠷᠢᠳᠠᠪᠠᠷ ᠨᠢᠳᠦᠯᠡᠨ ᠤᠩᠰᠢᠵᠤ ᠲᠠᠷᠠᠭ᠎ᠠ ᠨᠢ 12 ᠨᠢᠭᠤᠷ | ᠤᠨ 〈 ᠬᠤᠶᠠᠷ ᠬᠡᠦᠬᠡᠳ ᠮᠢᠨᠢ ᠮᠤᠩᠭᠤᠯ ᠢᠶᠠᠷ ᠦᠰᠦᠯ᠎ᠡ — ᠮᠡᠷᠳᠡᠯ ᠦᠬᠡᠢ ᠴᠡᠬᠡᠵᠢᠯᠡᠵᠤ ᠠᠪ ᠡ︕ | ᠬᠦᠷᠳᠡᠯ᠎ᠠ ᠬᠠᠮᠳᠤ ᠶᠢᠨ ᠲᠠᠭᠤ ᠲᠠᠢ ᠤᠩᠰᠢᠯᠭ᠎ᠠ ᠬᠢᠯᠬᠡᠪᠡ 〕 | ᠱᠠᠭᠠᠷᠳᠠᠯ᠄ | ⑴ ᠪᠠᠷᠢᠮᠵᠢᠶ᠎ᠡ ᠪᠠᠷ ᠤᠩᠰᠢᠨ᠎ᠡ᠃ | ⑵ ᠡᠷᠬᠦᠯᠳᠡ ᠲᠠᠷᠤᠯᠳᠠ᠂ ᠠᠶᠢᠵᠠᠮ ᠴᠤᠬᠢᠯᠭ᠎ᠠ᠂ ᠰᠡᠳᠬᠢᠯᠬᠡ ᠶᠢ ᠠᠩᠬᠠᠷᠤᠨ᠎ᠠ᠃ | ⑶ ᠬᠤᠷᠳᠤᠴᠠ ᠶᠢ ᠪᠠᠳᠤᠯᠠᠨ᠎ᠠ᠃ | ᠬᠡᠰᠡᠭ ᠲᠤ ᠠᠮᠢᠳᠤ ᠲᠦᠷᠰᠦᠯᠢᠭ᠂ ᠤᠳᠬ᠎ᠠ ᠶᠢᠨ ᠠᠭᠤᠯᠤᠮᠵᠢᠳᠠᠢ᠂ ᠠᠮᠠᠷᠬᠠᠨ ᠰᠡᠳᠬᠢᠯ ᠲᠤᠯᠬᠢᠰᠬᠤ | ᠠᠮᠢᠳᠤᠷᠠᠯ ᠤᠨ ᠬᠦᠨ ᠤᠳᠬ᠎ᠠ ᠶᠤᠰᠤ ᠶᠢ ᠲᠤᠰᠬᠠᠭᠰᠠᠨ ᠦᠬᠡ ᠦᠬᠦᠯᠡᠪᠦᠷᠢ ᠢᠯᠡ ᠲᠤᠯᠠ ᠡᠳᠡᠬᠡᠷ ᠢ ᠲᠡᠬᠦᠵᠤ | ᠤᠩᠰᠢᠬᠤ ᠨᠢ ᠰᠤᠷᠤᠭᠴᠢᠳ ᠤᠨ ᠰᠤᠨᠢᠭᠤᠴᠢ ᠰᠡᠳᠬᠢᠯᠬᠡ ᠶᠢ ᠡᠬᠦᠰᠬᠡᠨ᠂ ᠤᠯᠠᠨ ᠬᠠᠷᠠᠭᠠᠰᠤ ᠠᠴᠠ ᠰᠡᠳᠬᠢᠨ | ᠪᠤᠳᠤᠬᠤ ᠬᠤᠯᠪᠤᠨ ᠪᠤᠳᠤᠯᠳᠠ ᠶᠢ ᠬᠦᠭᠵᠢᠬᠡᠨ᠂ ᠰᠠᠭᠤᠭᠳᠠᠯ ᠰᠠᠶᠢᠨ ᠪᠦᠬᠡᠳ ᠤᠩᠰᠢᠯᠭ᠎ᠠ ᠳᠠᠭᠠᠨ ᠴᠠᠭ | ᠲᠤᠭᠳᠠᠭᠠᠬᠤ ᠨᠢ ᠬᠢᠴᠢᠶᠡᠯ ᠤᠨ ᠪᠠᠷᠢᠮᠵᠢᠶ᠎ᠠ ᠶᠢᠨ ᠱᠠᠭᠠᠷᠳᠠᠯᠭ᠎ᠠ ᠲᠠᠢ ᠨᠡᠶᠢᠴᠡᠨ᠎ᠡ᠃ ᠬᠡᠬᠦ ᠳᠡᠭᠡᠨ ᠤᠶᠢᠯᠠᠭᠠᠬᠤ ᠦᠬᠡᠢ | ᠦᠬᠡᠰ᠂ ᠦᠬᠦᠯᠡᠪᠦᠷᠢ ᠶᠢ ᠬᠡᠯᠡᠨ ᠤ ᠤᠷᠴᠢᠨ ᠳᠤ ᠨᠢ ᠰᠢᠨᠵᠢᠯᠡᠨ ᠤᠳᠬ᠎ᠠ ᠶᠢ ᠨᠢ ᠤᠶᠢᠯᠠᠭᠠᠨ ᠡᠵᠡᠮᠰᠢᠨ᠎ᠠ᠃ ᠡᠨᠡ | ᠨᠢ ᠰᠦᠪᠡᠭᠴᠢᠯᠡᠨ ᠰᠤᠷᠤᠯᠴᠠᠬᠤ ᠶᠢᠨ ᠪᠤᠳᠠᠳᠠᠢ ᠢᠯᠡᠷᠡᠯ ᠪᠢᠯᠡ᠃ | ᠲᠠᠷᠠᠭ᠎ᠠ ᠨᠢ ᠲᠤᠰ ᠬᠡᠰᠡᠭ ᠤᠨ ᠪᠠᠷᠢᠮᠵᠢᠶ᠎ᠠ ᠤᠩᠰᠢᠯᠭ᠎ᠠ ᠶᠢᠨ ᠰᠢᠩᠬᠡᠬᠡᠯᠳᠡ ᠶᠢ ᠰᠤᠷᠤᠭᠴᠢᠳ ᠲᠤ | ᠰᠤᠨᠤᠰᠬᠠᠵᠤ᠂ ᠦᠪᠡᠷ ᠤᠨ ᠤᠩᠰᠢᠯᠭ᠎ᠠ ᠲᠠᠢ ᠨᠢ ᠬᠠᠷᠢᠴᠠᠭᠤᠯᠪᠠ᠃ ᠬᠠᠷᠢᠴᠠᠭᠤᠯᠪᠠᠯ ᠦᠪᠡᠷ ᠤᠨ ᠲᠤᠳᠠᠭᠳᠠᠯ ᠢᠶᠠᠨ | ᠨᠡᠩ ᠲᠤᠳᠤᠷᠬᠠᠢ ᠤᠯᠵᠤ ᠬᠠᠷᠠᠬᠤ ᠪᠤᠯᠤᠨ᠎ᠠ᠃ | ᠲᠤᠰᠬᠠᠯᠳᠠ ᠳᠤ᠄ | ⒉ ᠰᠤᠨᠤᠰᠤᠶ᠎ᠠ 〔 2 ᠮᠢᠨᠦ᠋ᠲ 〕--- ᠲᠤᠰ ᠵᠤᠬᠢᠶᠠᠯ ᠤᠨ ᠲᠠᠭᠠᠯᠳᠠ ᠬᠡᠷᠡᠯᠯᠢᠭ ᠳ᠋ᠢᠰᠺ ᠤᠨ | ᠰᠢᠩᠬᠡᠬᠡᠯᠳᠠ ᠶᠢ ᠰᠤᠨᠤᠰᠬᠠᠪᠠ᠃ | ᠱᠠᠭᠠᠷᠳᠠᠯ᠄ | ⑴ ᠠᠩᠬᠠᠷᠤᠨ ᠰᠤᠨᠤᠰᠤᠨ᠎ᠠ᠃ | ⑵ ᠤᠶᠢᠯᠠᠭᠠᠬᠤ ᠦᠬᠡᠢ ᠵᠤᠶᠢᠯ ᠢ ᠠᠰᠠᠭᠤᠬᠤ ᠪᠠᠷ ᠪᠡᠯᠡᠳᠬᠡᠨ᠎ᠡ᠃ | ⑶ ᠢᠳᠡᠪᠬᠢᠳᠡᠢ ᠬᠤᠷᠰᠢᠨᠠ᠃ | ᠰᠤᠨᠤᠰᠤᠯᠭᠠ ᠶᠢᠨ ᠶᠠᠪᠤᠴᠠ ᠳᠤ ᠪᠠᠭᠰᠢ ᠠᠴᠠ ᠡᠵᠡᠮᠰᠢᠯ ᠳᠤ ᠬᠦᠴᠢᠷ ᠦᠬᠡᠰ ᠢ ᠰᠠᠮᠪᠠᠷᠠᠯᠠᠨ᠂ ᠶᠠᠭᠠᠬᠢᠵᠤ | ᠭᠠᠯᠢᠭᠯᠠᠬᠤ᠂ ᠶᠠᠮᠠᠷ ᠤᠳᠬ᠎ᠠ ᠲᠠᠢ ᠪᠤᠯᠬᠤ᠂ ᠶᠠᠭᠤᠨ ᠳᠤ ᠢᠩᠬᠢᠵᠤ ᠬᠡᠷᠡᠭᠯᠡᠭᠰᠡᠨ ᠢ ᠲᠠᠷᠠᠭ᠎ᠠ ᠪᠠᠷ ᠰᠦᠪᠡᠭᠴᠢᠯᠡᠨ | ᠰᠤᠳᠤᠯᠬᠤ ᠪᠠᠷ ᠲᠤᠰᠢᠶᠠᠪᠠ᠃ | ᠤᠤᠷ᠂ ᠭᠠᠴᠠᠭᠳᠠᠨᠠ᠂ ᠭᠠᠴᠢᠭᠳᠠᠨ᠎ᠠ | ᠭᠤᠷᠪᠠᠳᠤᠭᠠᠷ ᠲᠤ᠂ ᠵᠠᠩᠬᠢᠯᠠᠭ᠎ᠠ ᠦᠬᠡᠰ ᠢᠶᠠᠨ ᠤᠯᠵᠤ᠂ ᠲᠦᠷᠦᠭᠳᠡᠯ ᠪᠢᠴᠢᠬᠦᠯᠪᠡ᠃ ᠵᠠᠩᠬᠢᠯᠠᠭ᠎ᠠ ᠦᠬᠡᠰ | ᠬᠡᠵᠤ ᠲᠠᠷᠤᠢ ᠲᠦᠷᠦᠭᠳᠡᠯ ᠳᠤ ᠢᠯᠡᠷᠡᠬᠦ ᠦᠬᠡᠰ᠂ ᠪᠤᠳᠤᠯ ᠰᠠᠨᠠᠭ᠎ᠠ ᠪᠠᠨ ᠢᠯᠡᠷᠡᠬᠦᠯᠬᠦ ᠳᠤ ᠴᠢᠬᠤᠯᠠ ᠪᠦᠬᠦᠢ ᠦᠬᠡᠰ | ᠢᠶᠠᠨ ᠲᠡᠬᠦᠵᠤ ᠵᠢᠭᠰᠠᠭᠠᠨ᠎ᠠ᠃ ᠬᠡᠬᠦ ᠳᠡᠭᠡᠨ ᠨᠠᠮ ᠰᠡᠳᠬᠢᠨ᠂ ᠨᠤᠮ ᠠᠴᠠ ᠬᠠᠭᠤᠯᠬᠤ ᠦᠬᠡᠢ ᠮᠦᠷᠳᠡᠬᠡᠨ ᠨᠤᠮ | ᠠᠴᠠ ᠬᠠᠯᠢᠨ ᠲᠠᠪᠠᠵᠤ᠂ ᠦᠪᠡᠷᠮᠢᠴᠡ ᠦᠵᠡᠯᠳᠠ ᠲᠤᠰᠬᠠᠭᠳᠠᠬᠤ ᠦᠬᠡᠰ ᠢ ᠤᠯᠤᠨ᠎ᠠ᠃ ᠡᠨᠡ ᠨᠢ ᠬᠡᠷ ᠪᠠᠷᠢᠬᠤ ᠪᠠᠷ | ᠦᠯᠢᠳᠬᠡᠪᠡᠯ᠂ ᠮᠤᠳᠤ᠂ ᠴᠢᠯᠠᠭᠤ᠂ ᠰᠢᠷᠤᠢ᠂ ᠲᠤᠭᠤᠰᠬ᠎ᠠ ᠪᠠᠨ ᠤᠷᠢᠳᠠᠪᠠᠷ ᠴᠤᠭᠯᠠᠭᠤᠯᠵᠤ ᠪᠠᠶᠢᠭ᠎ᠠ ᠲᠠᠢ ᠠᠳᠠᠯᠢ | ᠶᠤᠮ᠃ | ⒊ ᠪᠢᠴᠢᠶ᠎ᠡ 〔15 ᠮᠢᠨᠦ᠋ᠲ 〕 — ᠨᠡᠮᠡᠯᠳᠡ ᠴᠠᠭ ᠪᠠᠭᠳᠠᠨ᠎ᠠ᠃ | ᠱᠠᠭᠠᠷᠳᠠᠯ᠄ | ⑴ ᠵᠠᠩᠬᠢᠯᠠᠭ᠎ᠠ ᠦᠬᠡᠰ 5 — 8 ᠤᠯᠤᠨ᠎ᠠ᠃ | ⑵ ᠨᠤᠮ ᠦᠵᠡᠬᠦ ᠦᠬᠡᠢ᠂ ᠶᠠᠷᠢᠯᠴᠠᠬᠤ ᠦᠬᠡᠢ᠂ ᠨᠠᠮ ᠰᠡᠳᠬᠢᠨ᠎ᠡ᠃ | ⑶ ᠵᠦᠪ᠂ ᠴᠡᠪᠡᠷ᠂ ᠪᠠᠷᠢᠮᠵᠢᠶ᠎ᠠ ᠪᠢᠴᠢᠨ᠋ ᠡ᠃ | ⑷ ᠵᠠᠩᠬᠢᠯᠠᠭ᠎ᠠ ᠦᠬᠡᠰ ᠤᠨ ᠲᠤᠭᠤᠷᠢᠨ ᠳᠤ ᠲᠡᠯᠬᠡᠷᠡᠬᠦᠯᠵᠤ ᠦᠪᠡᠷᠮᠢᠴᠡ ᠲᠦᠷᠦᠭᠳᠡᠯ ᠪᠤᠯᠭᠠᠨ᠎ᠠ︔ | ᠰᠤᠷᠤᠭᠴᠢ ᠶᠢᠨ ᠬᠦᠢᠴᠡᠳᠬᠡᠯ ᠤᠨ ᠶᠠᠪᠤᠴᠠ ᠳᠤ ᠪᠠᠭᠰᠢ ᠠᠴᠠ ᠨᠠᠷᠢᠯᠢᠭ ᠪᠦᠷᠢᠳᠬᠡᠯ ᠬᠢᠭᠰᠡᠨ ᠳᠤ ᠤᠯᠠᠩᠬᠢ | ᠰᠤᠷᠤᠭᠴᠢ ᠶᠢᠨ ᠦᠬᠡᠰ ᠨᠢ ᠦᠪᠡᠷᠮᠢᠴᠡ ᠴᠢᠨᠠᠷ ᠠᠨᠠᠢ᠂ ᠶᠡᠷᠦᠮᠳᠡᠭ ᠦᠬᠡᠰ ᠤᠯᠠᠨ ᠲᠤᠯᠠ ᠪᠠᠭᠰᠢ ᠠᠴᠠ ᠦᠪᠡᠷ | ᠤᠨ ᠤᠯᠤᠭᠰᠠᠨ ᠦᠬᠡᠰ ᠢᠶᠠᠨ ᠦᠵᠡᠬᠦᠯᠦᠨ ᠬᠦᠳᠦᠯᠦᠯ ᠪᠤᠯᠭᠠᠵᠤ᠂ ᠲᠠᠬᠢᠨ ᠴᠠᠭ ᠦᠭᠴᠤ ᠦᠷᠬᠦᠯᠵᠢᠯᠡᠨ | ᠪᠢᠴᠢᠬᠦᠯᠪᠡ᠂ ᠡᠬᠦᠨ ᠤ ᠬᠠᠮᠳᠤ ᠨᠢᠬᠡᠨᠳᠡ ᠪᠢᠴᠢᠵᠤ ᠪᠠᠷᠠᠭᠰᠠᠨ ᠰᠤᠷᠤᠭᠴᠢ ᠶᠢ ᠰᠤᠩᠭᠤᠵᠤ᠂ ᠤᠯᠤᠭᠰᠠᠨ ᠦᠬᠡᠰ ᠢ | ᠨᠢ ᠰᠠᠮᠪᠠᠷ᠎ᠠ ᠳᠤ ᠪᠢᠴᠢᠬᠦᠯᠬᠦ ᠤᠨᠳᠤᠤ ᠠᠯᠬᠤᠮᠳᠤ ᠠᠷᠭ᠎ᠠ ᠠᠪᠴᠠᠯ ᠢ ᠬᠡᠷᠡᠭᠵᠢᠬᠦᠯᠪᠡ᠂ ᠡᠨᠡ ᠨᠢ ᠪᠦᠬᠦ ᠰᠤᠷᠤᠭᠴᠢ | ᠶᠢ ᠬᠠᠷᠠᠭᠠᠯᠵᠠᠬᠤ ᠵᠤᠷᠢᠯᠭ᠎ᠠ ᠠᠴᠠ ᠲᠤᠭᠳᠠᠭᠠᠭᠳᠠᠭᠰᠠᠨ ᠪᠠᠶᠢᠳᠠᠭ᠃ | ᠲᠤᠰᠬᠠᠯᠳᠠ ᠳᠤ᠄ ᠬᠡᠯᠡ ᠪᠢᠴᠢᠭ ᠤᠨ ᠪᠠᠭᠰᠢ᠂ 运动会᠂ ᠤᠯᠠᠨ ᠵᠤᠭᠤᠭ᠂ ᠭᠠᠳᠤᠷ᠎ᠠ᠂ | ᠰᠡᠳᠬᠢᠬᠦᠰᠢᠳᠡᠢ | ᠢᠩᠬᠢᠵᠤ ᠵᠠᠩᠬᠢᠯᠠᠭ᠎ᠠ ᠦᠬᠡᠰ ᠤᠨ ᠲᠤᠭᠤᠷᠢᠨ ᠳᠤ ᠲᠡᠯᠬᠡᠷᠡᠬᠦᠯᠵᠤ᠂ ᠦᠪᠡᠷᠮᠢᠴᠡ ᠲᠦᠷᠦᠭᠳᠡᠯ ᠪᠢᠴᠬᠦᠯᠬᠦ | ᠳᠡᠭᠡᠨ ᠲᠤᠤᠷᠠᠬᠢ ᠬᠡᠳᠦᠨ ᠵᠤᠶᠢᠯ ᠢ ᠴᠢᠩᠭ᠎ᠠ ᠱᠠᠭᠠᠷᠳᠠᠪᠠ᠃ ⑴ ᠵᠠᠪᠠᠯ ᠦᠪᠡᠷᠮᠢᠴᠡ ᠤᠨᠴᠠᠯᠢᠭ ᠢᠯᠡᠷᠡᠨ᠎ᠡ᠃ ⑵ | ᠦᠪᠡᠷ ᠤᠨ ᠪᠡᠶ᠎ᠡ ᠴᠢᠨᠢ ᠵᠤᠬᠢᠶᠠᠯ ᠳᠤ ᠢᠯᠡᠷᠡᠨ᠎ᠡ᠃ ⑶ ᠬᠠᠩᠭᠠᠮᠵᠢᠳᠠᠢ ᠬᠤᠯᠪᠤᠨ ᠪᠤᠳᠤᠯᠳᠠ ᠶᠢ ᠠᠰᠢᠭᠯᠠᠬᠤ | ᠬᠡᠷᠡᠭᠳᠡᠢ᠃ ︽ᠬᠤᠯᠪᠤᠨ ᠪᠤᠳᠤᠯᠳᠠ ᠦᠬᠡᠢ ᠪᠣᠯ ᠵᠤᠬᠢᠶᠠᠯ ᠪᠦᠳᠦᠬᠡᠯ ᠦᠬᠡᠢ︾᠂ ︽ᠬᠤᠯᠪᠤᠨ ᠪᠤᠳᠤᠯᠳᠠ ᠨᠢ | ᠮᠡᠳᠡᠯᠬᠡ ᠠᠴᠠ ᠴᠢᠬᠤᠯᠠ ᠪᠠᠶᠢᠳᠠᠭ᠂ ᠬᠤᠯᠪᠤᠨ ᠪᠤᠳᠤᠯᠳᠠ ᠦᠬᠡᠢ ᠪᠣᠯ ᠡᠬᠦᠳᠦᠨ ᠪᠦᠳᠦᠬᠡᠯᠳᠡ ᠦᠬᠡᠢ︾ ᠬᠡᠵᠤ | ᠮᠡᠷᠬᠡᠳ ᠬᠡᠯᠡᠭᠰᠡᠨ ᠪᠢᠰᠢᠤ︖ | ᠨᠠᠷᠢᠯᠢᠭ ᠪᠦᠷᠢᠳᠬᠡᠯ ᠳᠤ ᠤᠯᠠᠩᠬᠢ ᠰᠤᠷᠤᠭᠴᠢ ᠶᠢᠨ ᠲᠦᠷᠦᠭᠳᠡᠯ ᠨᠢ ᠮᠥᠨ ᠯᠠ ᠬᠡᠶᠢᠰᠪᠦᠷᠢ ᠤᠨᠤᠯ ᠢ | ᠤᠷᠢᠶᠠᠯᠠᠭᠰᠠᠨ᠂ ᠬᠦᠨᠴᠡ ᠰᠠᠨᠠᠭ᠎ᠠ ᠬᠤᠮᠰᠠ᠂ ᠶᠡᠷᠦᠮᠳᠡᠭ ᠪᠤᠯᠬᠤᠷ ᠪᠠᠭᠰᠢ ᠠᠴᠠ ᠲᠠᠬᠢᠨ ᠬᠦᠳᠦᠯᠦᠯ ᠬᠢᠵᠤ᠂ | ᠦᠯᠢᠬᠡᠷ ᠲᠦᠷᠦᠭᠳᠡᠯ ᠢᠶᠠᠷ ᠰᠡᠩᠬᠡᠷᠡᠬᠦᠯᠪᠡ᠃ | | | ᠲᠤᠰᠬᠠᠯᠳᠠ ᠳᠤ᠄ | | | ᠦᠯᠢᠬᠡᠷ ᠲᠦᠷᠦᠭᠳᠡᠯ ①᠄ | | | ᠬᠠᠮᠤᠭ ᠡᠴᠦᠰ ᠤᠨ ᠨᠢᠬᠡᠨ ᠦᠰᠦᠭ | | | — ︽ᠬᠠᠮᠤᠭ ᠰᠡᠬᠦᠯᠴᠢ ᠶᠢᠨ ᠬᠢᠴᠢᠶᠡᠯ︾ ᠬᠡᠬᠦ ᠵᠤᠬᠢᠶᠠᠯ ᠢ ᠰᠤᠷᠤᠭᠠᠳ | | | ᠲᠤᠰ ᠵᠤᠬᠢᠶᠠᠯ ᠤᠨ ᠭᠠᠷᠴᠠᠭ ︽ᠬᠠᠮᠤᠭ ᠰᠡᠬᠦᠯᠴᠢ ᠶᠢᠨ ᠬᠢᠴᠢᠶᠡᠯ︾ ᠬᠡᠵᠤ ᠤᠩᠰᠢᠬᠤ ᠲᠠᠢ ᠵᠡᠷᠬᠡ ᠪᠠᠭ᠎ᠠ | ᠨᠠᠰᠤᠨ ᠤ ᠡᠳᠦᠷ ᠬᠤᠨᠤᠭ ᠤᠨ ᠤᠴᠠᠷᠠᠯ᠂ ᠵᠢᠷᠤᠭ ᠰᠢᠭ᠋ ᠰᠡᠳᠬᠢᠯ ᠳᠤ ᠲᠤᠳᠤᠷᠠᠵᠤ᠂ ᠪᠠᠭ᠎ᠠ ᠰᠤᠷᠭᠠᠭᠤᠯᠢ ᠶᠢᠨ | ᠮᠢᠨᠢ ᠠᠩᠬᠢ ᠡᠷᠬᠢᠯᠡᠭᠴᠢ ᠦᠪᠡᠷ ᠤᠨ ᠡᠷᠬᠡ ᠦᠬᠡᠢ ᠪᠤᠳᠤᠭᠳᠠᠬᠤ ᠶᠤᠮ᠃ ᠲᠠᠪᠤᠳᠤᠭᠠᠷ ᠤᠨ ᠤ ᠲᠤᠤᠷᠠᠳᠤ | ᠬᠤᠭᠤᠴᠠᠭ᠎ᠠ ᠲᠠᠷᠬᠠᠭᠠᠬᠤ ᠶᠢᠨ ᠡᠮᠦᠨ᠎ᠡ ᠪᠢᠯᠡ᠃ ᠨᠢᠬᠡᠨ ᠡᠳᠦᠷ ᠠᠩᠬᠢ ᠡᠷᠬᠢᠯᠡᠭᠴᠢ ᠪᠠᠭᠰᠢ ᠠᠩᠬᠢ ᠳᠤ ᠤᠷᠤᠵᠤ | ᠢᠷᠡᠬᠡᠳ᠄ ︽ᠪᠢ ᠲᠠ ᠨᠠᠷ ᠲᠠᠭᠠᠨ ᠬᠠᠮᠤᠭ ᠡᠴᠦᠰ ᠤᠨ ᠨᠢᠬᠡ ᠦᠰᠦᠭ ᠢᠶᠠᠨ ᠪᠢᠴᠢᠵᠤ ᠦᠯᠡᠳᠡᠬᠡᠶ᠎ᠡ︾ ᠬᠡᠳ | ᠨᠡᠷ᠎ᠡ ᠪᠠᠨ ᠪᠢᠴᠢᠪᠡ᠃ ᠲᠡᠬᠡᠬᠡᠳ ᠪᠢᠳᠡ ᠨᠠᠷ ᠲᠤ ᠰᠠᠶ᠋ᠢ ᠪᠤᠰᠤᠳ ᠰᠤᠷᠭᠠᠭᠤᠯᠢ ᠳᠤ ᠠᠵᠢᠯ ᠰᠢᠯᠵᠢᠬᠦ ᠪᠤᠯᠤᠭᠰᠠᠨ | ᠢᠶᠠᠨ ᠬᠡᠯᠡᠭᠰᠡᠨ ᠶᠤᠮ᠃ ᠲᠠᠪᠤᠨ ᠵᠢᠯ ᠪᠢᠴᠢᠭ ᠵᠢᠭᠠᠭᠰᠠᠨ ᠪᠠᠭᠰᠢ ᠠᠴᠠ ᠪᠠᠨ ᠰᠠᠯᠬᠤ ᠬᠡᠵᠤ ᠶᠠᠭᠠᠬᠢᠭᠰᠠᠨ | ᠵᠤᠪᠠᠭᠤᠷᠢ ᠲᠠᠢ ᠶᠤᠮ ᠳ᠋ᠠ︕ | ᠬᠠᠮᠧᠯ ᠪᠠᠭᠰᠢ ᠶᠢᠨ ᠬᠡᠯᠡᠭᠰᠡᠨ᠄ ︽ᠬᠡᠦᠬᠡᠳ ᠤᠳ ᠡ︕ ᠡᠨᠡ ᠪᠣᠯ ᠪᠠᠭᠰᠢ ᠶᠢᠨ ᠴᠢᠨᠢ ᠬᠠᠮᠤᠭ ᠰᠡᠬᠦᠯᠴᠢ | ᠶᠢᠨ ᠨᠢᠬᠡ ᠬᠢᠴᠢᠶᠡᠯ …︾ ᠬᠡᠰᠡᠨ ᠦᠬᠡ ᠶᠢ ᠤᠩᠰᠢᠭᠰᠠᠨ ᠪᠢ ᠴᠦ ᠪᠠᠭᠰᠢ ᠶᠢᠨ ᠢᠶᠠᠨ ᠬᠡᠯᠡᠭᠰᠡᠨ᠄ ︽ᠡᠨᠡ ᠪᠣᠯ | ᠪᠠᠭᠰᠢ ᠶᠢᠨ ᠴᠢᠨᠢ ᠬᠠᠮᠤᠭ ᠡᠴᠦᠰ ᠤᠨ ᠨᠢᠬᠡ ᠦᠰᠦᠭ ᠮᠥᠨ︾ ᠬᠡᠳᠡᠭ ᠦᠬᠡ ᠨᠢ ᠪᠤᠳᠤᠭᠳᠤᠭᠠᠳ᠂ ᠲᠤᠷᠠᠰᠤᠯ | ᠤᠨ ᠬᠠᠯᠠᠭᠤᠨ ᠨᠢᠯᠪᠤᠰᠤ ᠶᠢ ᠦᠪᠡᠷ ᠤᠨ ᠡᠷᠬᠡ ᠦᠬᠡᠢ ᠤᠨᠠᠭᠠᠯᠭᠠᠵᠤ ᠰᠠᠨ᠃ ᠤᠨᠠᠬᠤ ᠲᠤᠰᠤᠯ ᠪᠦᠷᠢ ᠶᠠᠭ ᠯᠠ ︽ | ᠪᠠᠭᠰᠢ ᠶᠢᠨ ᠢᠶᠠᠨ ᠬᠢᠴᠢᠶᠡᠯ ᠢ ᠰᠠᠶᠢᠨ ᠰᠤᠷᠤᠭᠰᠠᠨ ᠪᠣᠯ︾ ᠬᠡᠵᠤ ᠬᠠᠷᠠᠮᠰᠠᠭᠤᠯᠵᠤ ᠪᠠᠶᠢᠭ᠎ᠠ ᠶᠤᠮ ᠰᠢᠭ᠃ | ᠪᠠᠭᠰᠢ ᠶᠢᠨ ᠮᠢᠨᠢ ᠡᠴᠦᠰ ᠤᠨ ᠨᠢᠬᠡᠨ ︽ᠦᠰᠦᠭ︾ ᠡ︕ | | | ᠦᠯᠢᠬᠡᠷ ᠲᠦᠷᠦᠭᠳᠡᠯ ②᠄ | | | ᠮᠦᠩᠬᠡ ᠶᠢᠨ ᠭᠠᠳᠤᠷ᠎ᠠ | | — ᠪᠠᠭᠰᠢ ᠶᠢᠨ | | ︽ᠡᠵᠢ ᠶᠢᠨ ᠠᠯᠳᠠᠨ ᠭᠠᠳᠤᠷ᠎ᠠ︾ ᠬᠡᠬᠦ ᠵᠤᠬᠢᠶᠠᠯ ᠢ ᠰᠤᠨᠢᠷᠬᠠᠬᠤ ᠶᠠᠪᠤᠴᠠ ᠳᠤ ᠨᠢᠬᠡ ᠰᠤᠷᠤᠭᠴᠢ ᠨᠠᠮ᠎ᠠ | ᠠᠴᠠ ︽ᠭᠠᠳᠤᠷ᠎ᠠ︾ ᠬᠡᠳᠡᠭ ᠨᠢ ᠶᠠᠭᠤ ᠪᠤᠯᠬᠤ ᠶᠢ ᠠᠰᠠᠭᠤᠪᠠ᠃ ᠦᠨᠡᠬᠡᠷ᠂ ︽ᠭᠠᠳᠤᠷ᠎ᠠ︾ ᠬᠡᠳᠡᠭ ᠴᠢᠨᠢ ᠶᠠᠭᠤ | ᠪᠢᠯᠡ︖ ᠬᠡᠵᠤ ᠪᠢ ᠤᠭᠵᠤᠮ ᠪᠤᠳᠤᠰᠬᠢᠵᠤ ᠠᠪᠤᠯ᠎ᠠ᠃ ᠪᠤᠳᠤᠯ ᠢ ᠪᠤᠰᠤᠳ ᠬᠦᠮᠦᠨ ᠮᠡᠳᠡᠬᠦ ᠦᠬᠡᠢ ᠳᠡᠭᠡᠨ ᠴᠦ | ᠪᠤᠯᠵᠠᠢ᠂ ᠬᠡᠷᠪᠡ ᠮᠡᠳᠡᠬᠦ ᠪᠣᠯ ︽ᠲᠠᠨ ᠤ ᠮᠤᠩᠭᠤᠯ ᠬᠡᠯᠡᠨ ᠤ ᠪᠠᠭᠰᠢ ᠴᠢᠨᠢ ᠳ᠋ᠠ︕︾ ᠬᠡᠵᠤ ᠶᠦᠷᠬᠡᠵᠤ ᠭᠠᠷᠬᠤ | ᠨᠢ ᠯᠠᠪᠳᠠᠢ᠃ ᠲᠡᠶᠢᠮᠦ︕ ᠪᠢ ᠴᠢᠨᠢ ᠮᠤᠩᠭᠤᠯ ᠬᠡᠦᠬᠡᠳ ᠲᠡᠭᠡᠨ ᠡᠬᠡ ᠬᠡᠯᠡ ᠪᠠᠨ ᠵᠢᠭᠠᠵᠤ ᠪᠠᠶᠢᠭ᠎ᠠ ᠮᠤᠩᠭᠤᠯ | ᠬᠡᠯᠡᠨ ᠤ ᠪᠠᠭᠰᠢ ᠰᠢᠤ ᠳ᠋ᠠ᠃ ᠢᠴᠢᠩᠬᠦᠷᠡᠬᠦ ᠪᠤᠯᠤᠭᠰᠠᠨ ᠨᠠᠳᠠ ᠭᠤᠴᠢ ᠰᠢᠬᠠᠮ ᠵᠢᠯ ᠤᠨ ᠵᠢᠭᠠᠨ ᠰᠤᠷᠭᠠᠯᠳᠠ ᠶᠢᠨ | ᠶᠠᠪᠤᠴᠠ ᠳᠤ ᠲᠤᠬᠢᠶᠠᠯᠳᠤᠭᠰᠠᠨ ᠤᠯᠠᠨ ᠤᠯᠠᠨ ᠵᠤᠭᠤᠭ ᠰᠤᠨᠤᠰᠳᠠᠬᠤ ᠨᠢ … | ︽ᠪᠠᠭᠰᠢ ᠡ᠂ ᠪᠢ 车站 ᠳᠤ ᠤᠴᠢᠭᠠᠳ 爸爸 ᠪᠠᠨ ᠲᠤᠰᠤᠭᠠᠳ ᠢᠷᠡᠶ᠎ᠡ︕︾᠂ ︽ | ᠲᠤᠭᠠᠨ ᠤ ᠪᠠᠭᠰᠢ 几楼 ᠳᠤ ᠪᠠᠶᠢᠬᠤ ᠪᠤᠢ︖︾᠂ ︽ᠮᠠᠨ ᠤ ᠰᠤᠷᠭᠠᠭᠤᠯᠢ 运动会 ᠬᠢᠬᠡᠳ ᠪᠢ | 400米 ᠳᠤ ᠲᠡᠷᠢᠬᠦᠯᠡᠭᠰᠡᠨ ᠰᠢᠤ︾᠂ ︽元旦 ᠤ 节目 ᠭᠠᠷᠭᠠᠬᠤ ᠬᠡᠳ ᠪᠤᠯᠪᠠᠰᠤᠷᠴᠤ ᠪᠠᠶᠢᠨ᠎ᠠ︾… | ᠰᠤᠷᠤᠭᠴᠢ ᠶᠢᠨ ᠮᠢᠨᠢ ᠴᠢᠯᠦᠬᠡ ᠡᠷᠢᠯ᠂ ᠴᠢᠳᠠᠪᠤᠷᠢ ᠮᠡᠷᠬᠡᠵᠢᠯ ᠤᠨ ᠤᠮᠤᠭᠰᠢᠯ᠂ ᠴᠢᠨᠠᠭᠰᠢᠳᠠ ᠬᠦᠭᠵᠢᠬᠦ ᠶᠢᠨ | ᠬᠠᠳᠠᠭᠤᠵᠢᠯ᠃ | ︽ᠨᠦᠬᠦᠳ ᠨᠠᠷ ᠠᠩᠬᠠᠷᠴᠤ ᠪᠠᠢ ᠠ︕︾᠂ ︽ᠲᠤᠮᠢᠶ᠎ᠠ ᠶᠢ ᠮᠡᠳᠡᠬᠦ ᠦᠬᠡᠢ ᠪᠣᠯ ᠰᠠᠳᠦᠪ ᠪᠤᠳᠤᠬᠤ ᠳᠤ 更 | ᠬᠦᠴᠢᠷᠳᠡᠨ᠎ᠠ ᠬᠡᠵᠤ ᠮᠡᠳᠡ︾᠂ ︽就是 ᠡᠶᠢᠮᠦ ᠯᠠ ᠬᠡᠵᠤ ᠴᠡᠬᠡᠵᠢᠯᠡᠬᠡᠳ ᠠᠪ︾᠂ ︽ᠡᠨᠡ ᠭᠠᠷᠠᠭ 班会 | ᠬᠢᠬᠦ ᠦᠬᠡᠢ ᠯᠠᠢ︾… ᠮᠤᠩᠭᠤᠯ ᠬᠡᠯᠡᠨ ᠤ ᠪᠠᠭᠰᠢ ᠶᠢᠨ ᠠᠩᠬᠠᠷᠤᠯ᠂ ᠮᠠᠨ ᠤ ᠪᠠᠭᠰᠢ ᠶᠢᠨ ᠱᠠᠭᠠᠷᠳᠠᠯ᠃ | ᠡᠬᠡ ᠬᠡᠯᠡᠨ ᠤ ︽ᠭᠠᠳᠤᠷ᠎ᠠ︾ ᠶᠠᠭᠠᠬᠢᠵᠤ ᠪᠠᠶᠢᠨ᠎ᠠ︖ ᠡᠷᠢᠵᠤ ᠰᠤᠷᠠᠬᠤ ᠳᠤ ᠲᠦᠬᠡᠵᠤ ᠪᠠᠶᠢᠨ᠎ᠠ᠂ | ᠡᠷᠢᠶᠡᠨᠳᠤᠵᠤ ᠪᠠᠷᠠᠭᠠᠨᠳᠠᠭᠠᠳ ᠵᠢᠪᠡᠷᠡᠵᠤ ᠪᠠᠶᠢᠨ᠎ᠠ᠃ ᠡᠷᠬᠢᠴᠡᠬᠦᠯᠵᠤ ᠪᠢᠳᠡ ᠰᠡᠳᠬᠢᠬᠦᠰᠢᠳᠠᠢ ᠪᠠᠶᠢᠨ᠎ᠠ᠃ | | | ᠬᠦᠳᠦᠯᠦᠯ ᠤᠨ ᠰᠠᠭᠤᠷᠢᠨ ᠲᠡᠬᠡᠷ᠎ᠡ ᠲᠠᠬᠢᠨ ᠴᠠᠭ ᠦᠭᠴᠤ᠂ ᠲᠦᠷᠦᠭᠳᠡᠯ ᠢᠶᠠᠨ ᠡᠮᠬᠢᠯᠡᠨ | ᠲᠡᠬᠦᠯᠳᠡᠷᠵᠢᠬᠦᠯᠦᠭᠰᠡᠨ ᠤ ᠲᠠᠷᠠᠭ᠎ᠠ ᠲᠠᠬᠢᠨ ᠪᠦᠷᠢᠳᠬᠡᠭᠰᠡᠨ ᠳᠤ ᠨᠡᠯᠢᠶᠡᠳ ᠰᠠᠶᠢᠨ ᠲᠦᠷᠦᠭᠳᠡᠯ ᠪᠤᠢ ᠪᠤᠯᠤᠭᠰᠠᠨ | ᠲᠤᠯᠠ ᠰᠤᠷᠤᠭᠴᠢᠳ ᠢᠳᠡᠪᠬᠢᠳᠡᠢ ᠶᠠᠷᠢᠵᠠᠭᠠᠪᠠ᠃ | | | ⒋ ᠶᠠᠷᠢᠶ᠎ᠠ 〔 15 ᠮᠢᠨᠦ᠋ᠲ 〕 | ᠱᠠᠭᠠᠷᠳᠠᠯ᠄ | ⑴ ᠲᠠᠭᠤ ᠦᠨᠳᠤᠷ᠂ ᠲᠤᠳᠤᠷᠬᠠᠢ᠂ ᠤᠶᠢᠯᠠᠭᠠᠮᠵᠢᠳᠠᠢ᠃ | ⑵ ᠡᠷᠬᠦᠯᠳᠡ ᠲᠠᠷᠤᠯᠳᠠ᠂ ᠠᠶᠢᠵᠠᠮ ᠴᠤᠬᠢᠯᠭ᠎ᠠ᠂ ᠰᠡᠳᠬᠢᠯᠬᠡ ᠶᠢ ᠠᠩᠬᠠᠷᠤᠨ᠎ᠠ᠃ | ⑶ ᠢᠳᠡᠬᠡᠬᠦᠯᠬᠦ ᠬᠦᠴᠦᠨ ᠲᠠᠢ᠃ | | | ᠲᠦᠷᠦᠭᠳᠡᠯ ①᠄ | | | ᠬᠠᠳᠠᠭᠤ ᠰᠤᠷᠭᠠᠯ | | | — ︽ᠬᠡᠯᠡ︾ ᠬᠡᠬᠦ ᠵᠤᠬᠢᠶᠠᠯ ᠢ ᠰᠤᠨᠢᠷᠬᠠᠭᠠᠳ | | | ᠢᠯᠴᠢ | | | ᠬᠡᠯᠡ ᠦᠬᠡᠢ ᠬᠦᠮᠦᠨ ᠢ ᠶᠠᠪᠠ ᠬᠦᠮᠦᠨ ᠬᠡᠳᠡᠭ ᠴᠦ ᠬᠡᠯᠡ ᠦᠬᠡᠢ ᠦᠨᠳᠦᠰᠦᠳᠡᠨ ᠢ ᠦᠨᠳᠦᠰᠦᠳᠡᠨ ᠳᠤ | ᠲᠤᠭᠠᠴᠠᠳᠠᠭ ᠦᠬᠡᠢ ᠶᠤᠮ᠃ ︽ᠬᠡᠯᠡ︾ ᠬᠡᠬᠦ ᠲᠠᠢ ᠵᠡᠷᠬᠡ ᠨᠠᠳᠠ ᠶᠡᠷᠤ ᠨᠢ ᠬᠡᠯᠡ ᠠᠮᠠᠨ ᠤ ᠬᠡᠯᠡ ᠪᠤᠳᠤᠭᠳᠤᠳᠠᠭ | ᠶᠤᠮ᠃ ᠨᠠᠮ᠎ᠠ ᠶᠢ ᠠᠩᠬ᠎ᠠ ᠬᠡᠯᠡ ᠳᠤ ᠤᠷᠤᠵᠤ ᠡᠬᠢᠯᠡᠬᠦ ᠳᠤ ᠠᠪᠤ ᠡᠵᠢ ᠬᠡᠵᠢᠶᠡᠳᠠ ︽ᠪᠢᠯᠡᠬᠦᠦ᠂ ᠴᠢᠯᠠᠭᠤ︾ | ᠬᠡᠵᠤ ᠤᠯᠠᠨ ᠶᠠᠷᠢᠭᠤᠯᠵᠤ ᠬᠡᠯᠡᠨ ᠳᠤ ᠲᠠᠰᠬᠠᠳᠠᠭ᠃ ᠬᠡᠬᠦ ᠳᠤ ᠬᠡᠯᠡ ᠡᠷᠬᠢᠵᠤ ᠦᠭᠬᠦ ᠦᠬᠡᠢ᠂ ᠬᠡᠯᠡ ᠪᠠᠨ | ᠬᠠᠵᠠᠴᠢᠬᠠᠭᠠᠳ ᠪᠢ ᠴᠢᠨᠢ ᠬᠡᠴᠢᠨᠡᠨ ᠤᠳᠠᠭ᠎ᠠ ᠤᠬᠢᠯᠠᠵᠤ ᠪᠠᠶᠢᠯ᠎ᠠ ᠳ᠋ᠠ︕ ᠨᠤᠳᠤᠭ ᠤᠨ ᠨᠠᠰᠤᠳᠠᠶᠢᠴᠤᠳ ᠤᠨ | ᠬᠡᠯᠡᠬᠦ ᠪᠠᠷ ᠡᠨᠡ ᠬᠤᠶᠠᠷ ᠦᠬᠡ ᠶᠢ ᠬᠡᠯᠡᠵᠤ ᠴᠢᠳᠠᠬᠤ ᠦᠬᠡᠢ ᠪᠣᠯ ᠬᠤᠵᠢᠮ ᠬᠡᠯᠡ ᠦᠬᠡᠢ ᠬᠦᠮᠦᠨ ᠪᠤᠯᠤᠨ᠎ᠠ᠂ ᠬᠡᠯᠡ | ᠪᠠᠨ ᠪᠠᠶᠢᠨ ᠲᠠᠬᠢᠨ ᠬᠠᠵᠠᠭᠠᠳ ᠪᠠᠶᠢᠪᠠᠯ ᠲᠠᠰᠤᠷᠬᠠᠢ ᠬᠡᠯᠡ ᠲᠠᠢ ᠪᠤᠯᠤᠨ᠎ᠠ ᠬᠡᠨ᠎ᠡ᠃ ᠤᠳᠤ ᠪᠤᠳᠤᠪᠠᠯ ᠲᠡᠷᠡ ᠨᠢ | ᠨᠠᠮ᠎ᠠ ᠶᠢ ᠬᠡᠯᠡ ᠳᠤ ᠤᠷᠤᠭᠤᠯᠬᠤ ᠬᠠᠳᠠᠭᠤ ᠰᠤᠷᠭᠠᠯ ᠪᠠᠶᠢᠵᠠᠢ᠃ | ᠤᠳᠤ ᠪᠢ ᠬᠡᠯᠡᠨ ᠳᠡᠭᠡᠨ ᠴᠢᠳᠠᠮᠠᠭᠠᠢ ᠪᠤᠯᠤᠯ᠎ᠠ᠂ ᠬᠡᠯ᠎ᠠ ᠴᠦ ᠪᠠᠶᠢᠨ ᠲᠠᠬᠢᠨ ᠬᠢᠳᠠᠳ ᠦᠬᠡ ᠬᠤᠯᠢᠭᠳᠠᠭᠠᠳ | ᠪᠠᠶᠢᠬᠤ ᠨᠢ ᠬᠡᠯᠡ ᠮᠢᠨᠢ ᠦᠨᠡᠬᠡᠷ ᠲᠠᠰᠤᠷᠬᠤ ᠳᠠᠭᠠᠨ ᠲᠦᠬᠦᠭᠰᠡᠨ ᠬᠡᠵᠢ ᠤᠤ︖ | ᠬᠠᠨ ᠲᠡᠬᠡᠳᠦᠰ ᠤᠨ ᠬᠠᠳᠠᠭᠤ ᠰᠤᠷᠭᠠᠯ ᠡ︕ | | | ᠲᠦᠷᠦᠭᠳᠡᠯ ②᠄ | | | ᠪᠠᠭ᠎ᠠ ᠨᠠᠰᠤᠨ ᠳᠠᠭᠠᠨ ᠪᠤᠴᠠᠶ᠎ᠠ | | | — ︽ᠬᠡᠯᠡ︾ ᠬᠡᠬᠦ ᠵᠤᠬᠢᠶᠠᠯ ᠢ ᠰᠤᠨᠢᠷᠬᠠᠭᠠᠳ | | | ᠨᠠᠶᠢᠷᠰᠠᠭ | | | ᠪᠢ ᠪᠠᠭ᠎ᠠ ᠳᠠᠭᠠᠨ ︽ᠬᠡᠯᠡ︾ ᠬᠡᠳᠡᠭ ᠪᠣᠯ ᠵᠦᠪᠬᠡᠨ ᠬᠦᠮᠦᠨ ᠤ ᠦᠬᠡ ᠬᠡᠯᠡᠳᠡᠭ ᠡᠷᠬᠡᠳᠡᠨ᠂ ᠠᠮᠠᠨ | ᠲᠤᠳᠤᠷᠠᠬᠢ ᠮᠢᠬᠠᠨ ᠬᠡᠯᠡ ᠶᠢ ᠵᠢᠭᠠᠳᠠᠭ ᠬᠡᠵᠤ ᠤᠶᠢᠯᠠᠭᠠᠵᠤ ᠪᠠᠶᠢᠵᠠᠢ᠃ ᠰᠤᠷᠭᠠᠭᠤᠯᠢ ᠰᠤᠶᠤᠯ ᠤᠨ ᠮᠦᠷ | ᠬᠦᠬᠡᠬᠡᠳ ︽ᠬᠡᠯᠡ︾ ᠬᠡᠳᠡᠭ ᠲᠤ ᠪᠠᠰᠠ ᠦᠬᠡᠷ᠎ᠡ ᠪᠤᠰᠤᠳ ᠤᠳᠬ᠎ᠠ — ᠦᠬᠡ ᠬᠡᠯᠡᠨ ᠤ ᠤᠬᠠᠭᠳᠠᠬᠤᠨ ᠪᠤᠶᠤ | ᠬᠡᠯᠡᠵᠤ ᠶᠠᠷᠢᠬᠤ ᠶᠢᠨ ᠰᠠᠨᠠᠭ᠎ᠠ ᠪᠠᠶᠢᠳᠠᠭ ᠢ ᠴᠦ ᠮᠡᠳᠡᠯ᠎ᠠ᠃ | ᠪᠤᠳᠤᠪᠠᠯ ᠪᠠᠰᠠ ᠢᠨᠢᠶᠡᠳᠦᠮᠳᠠᠢ ᠮᠦᠷᠳᠡᠬᠡᠨ ᠲᠤᠷᠠᠳᠬᠠᠯᠳᠠᠢ᠃ ︽ᠮᠢᠬᠠᠨ ᠪᠢᠷᠠᠭᠤ ᠶᠠᠰᠤᠨ ᠬᠤᠷᠤᠭ᠎ᠠ ᠲᠠᠢ︾ | ᠡᠨᠡ ᠶᠠᠭᠤ ᠪᠤᠢ︖ ᠬᠡᠵᠤ ᠤᠨᠢᠰᠤᠭ᠎ᠠ ᠲᠠᠭᠠᠵᠤ ᠬᠡᠮᠡᠨ ᠵᠢᠷᠬᠢᠵᠤ ᠨᠠᠭᠠᠳᠴᠤ ᠪᠠᠶᠢᠭᠰᠠᠨ ᠠᠴᠠ ︽ᠲᠠᠯ᠎ᠠ ᠲᠡᠬᠡᠷ᠎ᠡ | ᠲᠠᠪᠤᠨ ᠵᠠᠭᠤᠨ ᠲᠠᠪᠢᠨ ᠲᠠᠪᠤᠨ ᠲᠠᠷᠭᠤᠨ ᠲᠠᠷᠪᠠᠭ᠎ᠠ ᠪᠤᠢ᠂ ᠡᠨᠡ ᠲᠠᠪᠤᠨ ᠵᠠᠭᠤᠨ ᠲᠠᠪᠢᠨ ᠲᠠᠪᠤᠨ ᠲᠠᠷᠭᠤᠨ | ᠲᠠᠷᠪᠠᠭ᠎ᠠ ᠶᠢ ᠲᠠᠪᠤᠨ ᠵᠠᠭᠤᠨ ᠲᠠᠪᠢᠨ ᠲᠠᠪᠤᠨ ᠲᠠᠷᠭᠤᠨ ᠲᠠᠷᠪᠠᠭ᠎ᠠ ᠬᠡᠬᠦ ᠦᠬᠡᠢ᠂ ᠦᠬᠡᠷ᠎ᠡ ᠶᠠᠮᠠᠷ ᠲᠠᠪᠤᠨ ᠵᠠᠭᠤᠨ | ᠲᠠᠪᠢᠨ ᠲᠠᠪᠤᠨ ᠲᠠᠷᠭᠤᠨ ᠲᠠᠷᠪᠠᠭ᠎ᠠ ᠶᠢ ᠲᠠᠪᠤᠨ ᠵᠠᠭᠤᠨ ᠲᠠᠪᠢᠨ ᠲᠠᠪᠤᠨ ᠲᠠᠷᠭᠤᠨ ᠲᠠᠷᠪᠠᠭ᠎ᠠ ᠬᠡᠬᠦ ᠪᠤᠢ︖︾ | ᠬᠡᠵᠤ ᠬᠡᠯᠡ ᠵᠦᠭᠰᠢᠷᠡᠬᠦᠯᠬᠦ ᠦᠬᠡ ᠤᠷᠤᠯᠳᠤᠨ ᠵᠢᠮᠡᠯᠴᠡᠵᠤ ᠪᠠᠶᠢᠭᠰᠠ ᠮᠢᠨᠢ ᠦᠨᠡᠬᠡᠷ ᠵᠢᠷᠭᠠᠯᠳᠠᠢ᠃ | ᠬᠡᠳᠡᠯ᠎ᠠ ᠤᠳᠤ ᠪᠢᠳᠡ ᠴᠢᠨᠢ ᠲᠡᠬᠡᠳᠤ ᠲᠤᠮᠳᠠ ᠶᠢᠨ ᠰᠤᠷᠤᠭᠴᠢ ᠪᠤᠯᠤᠭᠠᠳ ᠬᠡᠯᠡᠨ ᠳᠡᠭᠡᠨ ᠶᠠᠭᠠᠬᠢᠵᠤ | ᠬᠠᠨᠳᠤᠵᠤ ᠪᠠᠶᠢᠨ᠎ᠠ ᠪᠤᠢ︖ ᠬᠡᠯᠡ ᠪᠠᠨ ᠶᠠᠭᠠᠬᠢᠵᠤ ᠠᠪᠴᠤ ᠶᠠᠪᠤᠨ᠎ᠠ ᠪᠤᠢ︖ ︽车站 ᠳᠤ ᠤᠴᠢᠭᠠᠳ 票 | ᠠᠪᠤᠭᠠᠳ ᠢᠷᠡᠶ᠎ᠡ︕ 饭 卡 ᠲᠡᠬᠡᠷ᠎ᠡ ᠪᠠᠨ ᠵᠤᠭᠤᠰ ᠨᠡᠮᠡᠶ᠎ᠡ︾ ᠬᠡᠬᠦ ᠡᠷᠢᠶᠡᠨ ᠬᠡᠯᠡᠯᠬᠡ ᠵᠠᠬ᠎ᠠ ᠠᠴᠠ ᠪᠠᠨ … | | ᠤᠨᠢᠰᠤᠭ᠎ᠠ ᠪᠠᠨ ᠲᠠᠭᠠᠶ᠎ᠠ᠂ ᠦᠨᠢ ᠬᠠᠯᠠᠭᠤᠬᠠᠨ ᠪᠠᠭ᠎ᠠ ᠨᠠᠰᠤᠨ ᠳᠠᠭᠠᠨ ᠪᠤᠴᠠᠶ᠎ᠠ︕ | | | ᠲᠡᠬᠡᠷᠡᠬᠢ ᠬᠢᠴᠢᠶᠡᠯᠯᠡᠭᠡ ᠠᠴᠠ ᠪᠢᠳᠡ ᠦᠪᠡᠷᠮᠢᠴᠡ ᠤᠶᠢᠯᠠᠭᠠᠯᠳᠠ ᠲᠦᠷᠦᠭᠳᠡᠯ ᠬᠡᠳᠡᠭ ᠶᠠᠮᠠᠷ ᠪᠤᠯᠬᠤ᠂ | ᠲᠡᠬᠦᠨ ᠢ ᠬᠡᠷᠬᠢᠨ ᠵᠢᠭᠠᠨ ᠵᠢᠯᠤᠭᠤᠳᠬᠤ ᠬᠡᠳᠡᠭ ᠢ ᠤᠯᠵᠤ ᠬᠠᠷᠠᠬᠤ ᠪᠤᠯᠤᠨ᠎ᠠ᠃ ᠬᠡᠬᠦ ᠳᠡᠭᠡᠨ ᠰᠤᠷᠤᠭᠴᠢᠳ ᠤᠨ | ᠪᠢᠴᠢᠭᠰᠡᠨ ᠲᠦᠷᠦᠭᠳᠡᠯ ᠤᠨ ᠦᠬᠡ ᠦᠭᠦᠯᠡᠪᠦᠷᠢ ᠶᠢᠨ ᠤᠯᠠᠨ ᠴᠦᠬᠡᠨ᠂ ᠴᠢᠨᠠᠷ ᠤᠨ ᠰᠠᠶᠢᠨ᠂ ᠠᠨᠠᠢ ᠶᠢ ᠦᠨᠡᠯᠡᠬᠦ | ᠬᠡᠵᠤ ᠱᠠᠭᠠᠷᠳᠠᠭᠰᠠᠨ ᠤ ᠴᠢᠬᠤᠯᠠ ᠦᠬᠡᠢ᠂ ᠵᠦᠪᠬᠡᠨ ᠪᠤᠰᠤᠳ ᠠᠴᠠ ᠢᠯᠭᠠᠭᠳᠠᠬᠤ ᠦᠪᠡᠷ ᠤᠨ ᠤᠨᠴᠠᠯᠢᠭ ᠲᠠᠢ | ᠯᠠ ᠪᠣᠯ ᠪᠦᠷ ᠮᠠᠭᠳᠠᠨ ᠵᠤᠷᠢᠭᠵᠢᠭᠤᠯᠵᠤ᠂ ᠦᠨᠡᠯᠡᠬᠦ ᠬᠡᠷᠡᠭᠳᠡᠢ᠃ | ᠶᠠᠷᠢᠶᠠᠨ ᠦᠬᠡᠢ ᠵᠤᠬᠢᠶᠠᠯ ᠪᠤᠯᠭᠠᠨ ᠤ ᠬᠡᠰᠡᠭ ᠪᠦᠷᠢ ᠳᠤ ᠦᠪᠡᠷᠮᠢᠴᠡ ᠤᠶᠢᠯᠠᠭᠠᠯᠳᠠ ᠲᠦᠷᠦᠭᠳᠡᠯ | ᠲᠤᠰᠬᠠᠭᠳᠠᠬᠤ ᠪᠤᠯᠤᠮᠵᠢ ᠦᠬᠡᠢ ᠶᠤᠮ᠃ ᠬᠡᠪᠡᠴᠤ ᠪᠠᠭᠰᠢ ᠨᠠᠷ ᠨᠢ ᠵᠤᠬᠢᠶᠠᠯ ᠳᠠᠬᠢ ᠠᠮᠢᠳᠤ ᠲᠦᠷᠰᠦᠯᠢᠭ ᠬᠡᠯᠡ | ᠬᠡᠯᠡᠯᠬᠡ᠂ ᠤᠳᠬ᠎ᠠ ᠶᠢᠨ ᠠᠭᠤᠯᠤᠮᠵᠢᠳᠠᠢ ᠭᠤᠤᠯᠳᠠᠯᠭ᠎ᠠ ᠲᠠᠢ ᠮᠦᠷ ᠪᠠᠳᠠᠭ᠂ ᠰᠤᠷᠤᠭᠴᠢᠳ ᠤᠨ ᠠᠮᠠᠷᠬᠠᠨ ᠰᠡᠳᠬᠢᠯ | ᠲᠤᠯᠬᠢᠰᠬᠤ ᠬᠡᠰᠡᠭ ᠪᠦᠯᠦᠭ ᠵᠡᠷᠬᠡ ᠶᠢ ᠭᠤᠤᠯᠴᠢᠯᠠᠨ ᠰᠤᠨᠢᠷᠬᠠᠬᠤ ᠳᠠᠭᠠᠨ ᠦᠪᠡᠷᠮᠢᠴᠡ ᠤᠶᠢᠯᠠᠭᠠᠯᠳᠠ ᠲᠦᠷᠦᠭᠳᠡᠯ | ᠢ ᠪᠢᠴᠢᠬᠦᠯᠵᠤ ᠶᠠᠷᠢᠭᠤᠯᠪᠠᠯ ᠲᠡᠳᠡᠨᠤᠰ ᠤᠨ ᠰᠢᠨ᠎ᠡ ᠶᠢ ᠡᠬᠦᠳᠬᠦ ᠴᠢᠳᠠᠪᠤᠷᠢ ᠶᠢ ᠬᠦᠮᠦᠵᠢᠬᠦᠯᠬᠦ ᠳᠤ ᠯᠠᠪᠳᠠᠢ | ᠲᠦᠯᠬᠢᠴᠡ ᠪᠤᠯᠵᠤ ᠴᠢᠳᠠᠨ᠎ᠠ᠃ | | | ᠵᠤᠬᠢᠶᠠᠭᠴᠢ ᠶᠢᠨ ᠬᠠᠶ᠋ᠢᠭ᠄ ᠬᠡᠰᠢᠭᠳᠡᠨ ᠬᠤᠰᠢᠭᠤᠨ ᠤ ᠪᠢᠷᠠᠭᠤ ᠳᠠᠬᠢ ᠮᠤᠩᠭᠤᠯ ᠲᠤᠮᠳᠠᠳᠤ ᠰᠤᠷᠭᠠᠭᠤᠯᠢ |