| | ᠠᠯᠦᠨ ᠭᠤᠸ᠎ᠠ ᠡᠬᠡ ᠶᠢᠨ ᠲᠠᠪᠤᠨ ᠰᠤᠮᠦ ᠪᠠᠷ ᠬᠦᠪᠡᠭᠦᠨ ᠢᠶᠠᠨ ᠰᠤᠷᠭᠠᠭᠰᠠᠨ ᠨᠢ ᠲᠡᠭᠦᠨ ᠤ | ᠲᠠᠪᠤᠨ ᠬᠦᠪᠡᠭᠦᠨ ᠢᠶᠠᠨ ᠬᠦᠴᠦᠷᠬᠡᠭᠵᠢᠭᠦᠯᠦᠨ ᠮᠠᠨᠳᠤᠭᠤᠯᠵᠦ᠂ ᠲᠠᠪᠤᠨ ᠤᠪᠤᠭ ᠪᠤᠯᠤᠨ ᠬᠤᠪᠢᠶᠠᠭᠳᠠᠵᠦ᠂ | ᠮᠤᠩᠭᠤᠯ ᠤᠨ ᠪᠦᠷᠳᠡ ᠴᠢᠨ᠋ᠸ᠎ᠠ ᠠᠴᠠ ᠨᠠᠭᠠᠰᠢ ᠳᠠᠩ ᠤᠪᠤᠭ ᠢᠶᠠᠷ ᠤᠯᠠᠮᠵᠢᠯᠠᠭᠰᠠᠨ ᠤᠪᠤᠭ ᠤᠨ ᠪᠠᠶᠢᠭᠤᠯᠤᠯ ᠢ | ᠠᠶᠢᠮᠠᠭ ᠤ ᠬᠤᠯᠪᠤᠭᠠᠨ ᠤ ᠪᠠᠶᠢᠭᠤᠯᠤᠯ ᠳᠤ ᠲᠦᠯᠬᠢᠨ ᠤᠷᠤᠭᠰᠢᠯᠠᠭᠤᠯᠤᠭᠰᠠᠨ ᠪᠠᠶᠢᠨ᠎ᠡ᠃ ᠡᠶᠢᠮᠦ ᠨᠢᠭᠡᠨ | ᠨᠡᠶᠢᠭᠡᠮ ᠤᠨ ᠤᠷᠤᠭᠰᠢᠯᠠᠯᠳᠠ ᠶᠢᠨ ᠡᠮᠦᠨ᠎ᠠ ᠠᠯᠤᠨ ᠭᠤᠸ᠎ᠡ ᠡᠬᠡ ᠪᠠᠶᠢᠵᠦ᠂ ᠲᠡᠭᠦᠨ ᠤ ᠠᠮᠢᠳᠤᠷᠠᠯ ᠤᠨ ᠰᠤᠷᠭᠠᠨ | ᠬᠦᠮᠦᠵᠢᠯ ᠪᠠ ᠪᠦᠯᠬᠦᠮᠳᠡᠯ ᠨᠢᠭᠳᠠᠷᠠᠯ ᠤᠨ ᠰᠤᠷᠭᠠᠨ ᠬᠦᠮᠦᠵᠢᠯ ᠨᠢ ᠴᠢᠬᠤᠯᠠ ᠰᠠᠭᠤᠷᠢ ᠪᠤᠯᠵᠦ᠂ ᠲᠡᠭᠦᠨ ᠤ | ᠬᠦᠪᠡᠭᠦᠳ ᠳᠡᠭᠡᠨ ᠬᠠᠮᠤᠭ ᠤᠨ ᠬᠠᠭᠠᠳ ᠪᠤᠯᠬᠤ ᠬᠦᠰᠡᠯᠡᠭ ᠤᠨ ᠵᠢᠭᠦᠷ ᠢ ᠤᠷᠭᠤᠭᠤᠯᠵᠦ ᠲᠡᠳᠡᠨ ᠳᠤ ᠮᠡᠷᠡᠶᠢᠨ | ᠲᠠᠪᠰᠢᠬᠤ ᠵᠤᠷᠢᠭ ᠪᠠ ᠪᠦᠯᠭᠦᠮᠳᠡᠯ ᠤᠨ ᠬᠦᠴᠦᠨ ᠢ ᠤᠯᠭᠤᠭᠰᠠᠨ ᠪᠠᠶᠢᠨ᠎ᠡ᠃ ᠠᠯᠤᠨ ᠭᠤᠸ᠎ᠠ ᠡᠬᠡ ᠶᠢᠨ ᠰᠤᠷᠭᠠᠨ | ᠬᠦᠮᠦᠵᠢᠯ ᠤᠨ ᠲᠤᠬᠠᠢ ᠮᠠᠲ᠋ᠧᠷᠢᠶᠠᠯ ᠲᠤᠩ ᠴᠦᠬᠡᠨ ᠪᠤᠯᠪᠠᠴᠦ ︽ᠲᠠᠪᠤᠨ ᠮᠦᠰᠦ ᠪᠠᠷ ᠬᠦᠪᠡᠭᠦᠳ ᠢᠶᠠᠨ | ᠰᠤᠷᠭᠠᠡᠡᠰᠠᠨ︾ ᠦᠯᠢᠭᠡᠷ ᠲᠤ ᠲᠡᠬᠦᠨ ᠤ ᠰᠤᠷᠭᠠᠨ ᠬᠦᠮᠦᠵᠢᠯ ᠤᠨ ᠦᠵᠡᠯ ᠰᠠᠨᠠᠭ᠎ᠠ ᠪᠡ ᠠᠷᠭ᠎ᠠ ᠶᠢ ᠲᠤᠰᠬᠠᠵᠠᠢ᠃ | | ︵ᠨᠢᠭᠡ︶ ᠠᠯᠬᠤᠮ ᠲᠠᠷᠠᠭᠠᠯᠠᠯᠳᠦ ᠰᠤᠷᠭᠠᠨ ᠬᠦᠮᠦᠵᠢᠯ ᠤᠨ ᠦᠵᠡᠯ ᠰᠠᠨᠠᠭ᠎ᠠ ᠪᠠ | ᠠᠷᠭ᠎ᠠ | ︽ᠲᠠᠪᠤᠨ ᠮᠦᠰᠦᠳ ᠢᠶᠠᠷ ᠭᠦᠪᠡᠭᠦᠳ ᠢᠶᠠᠨ ᠰᠣᠷᠭᠠᠬᠰᠠᠨ︾ ᠨᠢ ᠠᠯᠬᠤᠮ ᠲᠠᠷᠠᠭᠠᠯᠠᠯᠳᠣ | ᠰᠣᠷᠭᠠᠨ ᠭᠦᠮᠦᠵᠢᠯ ᠤᠨ ᠦᠵᠠᠯ ᠰᠠᠨᠠᠭ᠎ᠠ ᠪᠠ ᠠᠷᠭ᠎ᠠ ᠶᠢ ᠬᠡᠷᠡᠭᠯᠠᠪᠡ᠃ ᠲᠣᠰ ᠭᠦᠮᠦᠵᠢᠯ ᠤᠨ ᠠᠵᠢᠯᠯᠠᠭ᠎ᠠ ᠶᠢᠨ | ᠶᠠᠷᠦᠩᠭᠡᠢ ᠠᠯᠬᠤᠮ ᠲᠠᠷᠠᠭ᠎ᠠ ᠪᠤᠯ᠄ ᠨᠢᠭᠡᠳᠦᠭᠡᠷ ᠲᠤ ᠰᠤᠷᠭᠠᠨ ᠬᠦᠮᠦᠵᠢᠯ ᠤᠨ ᠠᠰᠠᠭᠤᠳᠠᠯ ᠢ ᠢᠯᠠᠷᠠᠭᠦᠯᠵᠠᠶ᠃ | ᠠᠯᠣᠨ ᠭᠤᠸ᠎ᠠ ᠡᠭᠡ ᠶᠡᠭᠡ ᠬᠤᠶᠠᠷ ᠭᠦᠪᠡᠭᠦᠳ ᠤᠨ ᠢᠶᠠᠨ ︽ᠡᠴᠢᠨ᠎ᠡ ᠬᠡᠯᠡᠯᠳᠦᠭᠦᠢ︾ ᠶᠢ ᠣᠬᠠᠵᠣ ᠮᠠᠳᠡᠭᠰᠠᠨ | ᠶᠠᠪᠤᠳᠠᠯ ᠪᠤᠯ ᠰᠣᠷᠭᠠᠨ ᠭᠦᠮᠦᠵᠢᠯ ᠤᠨ ᠣᠬᠠᠭᠠᠨ ᠳᠤ ᠠᠰᠠᠭᠤᠳᠠᠯ ᠢ ᠢᠯᠠᠷᠠᠭᠦᠯᠭᠦ ᠭᠡᠳᠡᠭ᠃ ᠲᠤᠰ ᠦᠯᠢᠬᠡᠷ ᠠᠴᠠ | ᠦᠵᠡᠪᠡᠯ ᠡᠬᠦᠨ ᠳᠤ ᠨᠠᠭᠠᠳᠣ ᠵᠠᠬ᠎ᠠ ᠳᠠᠭᠠᠨ ᠲᠣᠣᠷᠠᠬᠢ ᠮᠠᠳᠣ ᠭᠤᠷᠪᠠᠨ ᠠᠰᠠᠭᠤᠳᠠᠯ ᠬᠤᠯᠪᠤᠡᠡᠳᠠᠵᠦ ᠪᠤᠢ᠄ | ᠨᠢᠭᠡ ᠳᠤ ᠠᠯᠣᠨ ᠭᠤᠸ᠎ᠠ ᠡᠭᠡ ᠶᠢᠨ ᠬᠤᠪᠢ ᠬᠦᠮᠦᠨ ᠤ ᠶᠣᠰᠣ ᠵᠢᠷᠦᠮ ᠤᠨ ᠠᠰᠠᠭᠤᠳᠠᠯ︔ ᠬᠤᠶᠠᠷ ᠲᠤ ᠪᠤᠭᠤ | ᠬᠠᠳᠠᠬᠢ᠂ ᠪᠤᠬᠠᠳᠣ ᠰᠠᠯᠵᠶ᠂ ᠪᠤᠳᠣᠠᠴᠠᠷ ᠮᠣᠩᠬᠠᠭ ᠭᠤᠷᠪᠠᠨ ᠭᠦᠪᠡᠭᠦᠨ ᠤ ᠪᠡᠶ᠎ᠡ ᠶᠢᠨ ᠭᠠᠷᠣᠯ ᠬᠢᠭᠡᠳ ᠭᠡᠷ ᠪᠦᠯᠢ | ᠲᠣᠳᠣᠷᠠᠬᠢ ᠪᠠᠶᠢᠷᠶ ᠰᠠᠭᠤᠷᠶ ᠶᠢᠨ ᠠᠰᠠᠭᠤᠳᠡᠯ︔ ᠭᠤᠷᠪᠠ ᠲᠤ ᠲᠠᠪᠤᠨ ᠭᠦᠪᠡᠭᠦᠳ ᠤᠨ ᠬᠠᠷᠢᠴᠠᠭ᠎ᠠ ᠵᠢᠴᠶ | ᠪᠦᠯᠬᠦᠮᠳᠡᠯ ᠤᠨ ᠠᠰᠠᠭᠤᠳᠠᠯ ᠵᠡᠷᠭᠡ ᠪᠤᠢ᠃ ᠬᠤᠶᠠᠳᠣᠭᠠᠷ ᠲᠤ ᠬᠦᠮᠦᠵᠢᠬᠦᠯᠬᠦ ᠭᠤᠣᠯ ᠰᠠᠳᠦᠪ ᠢᠶᠠᠨ ᠲᠣᠬᠳᠠᠭᠠᠪᠠ᠃ | ᠠᠰᠠᠭᠤᠳᠡᠯ ᠢᠶᠠᠨ ᠢᠯᠠᠷᠡᠭᠦᠯᠦᠭᠰᠡᠨ ᠤ ᠲᠠᠷᠠᠭ᠎ᠠ ᠣᠬᠠᠭᠠᠨᠳᠣ ᠰᠠᠴᠡᠨ ᠠᠯᠣᠨ ᠭᠤᠸ᠎ᠠ ᠡᠭᠡ ᠦᠪᠡᠷ ᠤᠨ ᠪᠡᠶ᠎ᠡ ᠳᠡᠭᠡᠨ | ᠦᠮᠦᠭᠯᠡᠯ ᠬᠢᠵᠣ ᠭᠦᠪᠡᠭᠦᠳ ᠢᠶᠠᠨ ᠰᠢᠭᠦᠮᠵᠢᠯᠡᠨ ᠲᠣᠩᠭᠤᠳᠣᠬᠰᠠᠠ ᠦᠭᠡᠢ ᠬᠠᠷᠢᠨ ᠡᠷᠭᠡ ᠲᠡᠭᠰᠢ ᠪᠠᠷ ᠵᠦᠪᠳᠡᠯᠴᠠᠵᠣ | ᠂ ᠲᠠᠪᠤᠨ ᠭᠦᠪᠡᠭᠦᠳ ᠢᠶᠠᠨ ᠪᠦᠯᠭᠦᠮᠳᠠᠭᠦᠯᠣᠨ ᠨᠢᠬᠳᠠᠷᠠᠭᠤᠯᠬᠤ ᠶᠢ ᠲᠠᠷᠢᠭᠦᠨ ᠳᠤ ᠲᠠᠯᠪᠢᠵᠣ᠂ ᠬᠦᠮᠦᠵᠢᠯ ᠤᠨ ᠭᠤᠣᠯ | ᠰᠠᠳᠦᠪ ᠢᠶᠠᠨ ᠲᠣᠬᠳᠠᠭᠠᠪᠠ᠃ ᠭᠤᠷᠪᠠᠳᠣᠭᠠᠷ ᠲᠤ ᠰᠣᠷᠭᠠᠨ ᠭᠦᠮᠦᠵᠢᠯ ᠤᠨ ᠠᠵᠢᠯᠯᠠᠭ᠎ᠠ ᠪᠠᠨ ᠵᠣᠭᠢᠶᠠᠨ ᠪᠠᠶᠢᠭᠤᠯᠪᠠ | ᠃ ᠠᠯᠤᠨ ᠭᠤᠸ᠎ᠠ ᠡᠬᠡ ᠭᠤᠣᠯ ᠰᠠᠳᠣᠪ ᠤᠨ ᠢᠶᠠᠨ ᠲᠣᠭᠤᠷᠢᠨ ᠳᠤ ᠬᠠᠮᠤᠭ ᠲᠣᠬᠢᠷᠠᠮᠵᠢᠳᠠᠶ ᠴᠠᠭ ᠢ ᠰᠣᠩᠭᠤᠵᠣ | ᠪᠠᠰᠠ ᠲᠣᠬᠢᠷᠠᠮᠵᠢᠳᠠᠶ ᠠᠷᠭ᠎ᠠ ᠶᠢ ᠬᠡᠷᠡᠭᠯᠠᠵᠣ ᠲᠣᠰ ᠰᠣᠷᠭᠠᠨ ᠭᠦᠮᠦᠵᠢᠯ ᠤᠨ ᠠᠵᠢᠯᠯᠠᠭ᠎ᠠ ᠪᠠᠨ ᠵᠣᠭᠢᠶᠠᠨ | ᠪᠠᠶᠢᠭᠤᠯᠵᠠᠢ᠃ | ᠲᠡᠭᠦᠨ ᠤ ᠲᠤᠰ ᠣᠳᠠᠭᠠᠨ ᠤ ᠰᠣᠷᠭᠠᠨ ᠭᠦᠮᠦᠵᠢᠯ ᠤᠨ ᠠᠵᠢᠯᠯᠠᠭ᠎ᠠ ᠨᠢ ᠪᠠᠰᠠ ᠲᠣᠣᠷᠡᠭᠢ | ᠮᠠᠳᠣ ᠠᠯᠬᠤᠮ ᠲᠠᠷᠠᠭ᠎ᠠ ᠪᠠᠷ ᠶᠠᠪᠤᠬᠳᠠᠵᠠᠢ᠃ ᠡᠩ ᠲᠠᠷᠢᠬᠦᠨ ᠳᠤ᠂ ︽ᠬᠠᠪᠤᠷ ᠤᠨ ᠨᠢᠭᠡᠨ ᠡᠳᠦᠷ︾ ᠢ ᠰᠣᠩᠭᠤᠪᠠ᠃ | ᠬᠠᠪᠤᠷ ᠤᠨ ᠣᠯᠠᠷᠢᠯ ᠪᠤᠯ ᠮᠢᠬ᠎ᠠ ᠲᠣᠰᠣ ᠬᠤᠪᠤᠷᠳᠠᠨ᠂ ᠬᠠᠳᠠᠭᠤ ᠪᠡᠷᠭᠡ ᠰᠠᠨᠠᠬᠳᠠᠳᠠᠭ ᠣᠢᠢᠳᠬᠠᠷ ᠲᠦᠷᠦᠭᠳᠡᠭᠦ | ᠴᠠᠭ ᠦᠶ᠎ᠡ ᠪᠤᠯᠣᠨ᠎ᠠ᠃ ᠡᠶᠢᠮᠣ ᠨᠢᠭᠡᠨ ᠣᠢᠢᠳᠬᠠᠷ ᠪᠡᠷᠭᠡ ᠲᠠᠢ ᠡᠳᠦᠷ ᠢ ᠰᠣᠩᠭᠤᠵᠣ ︽ᠬᠤᠷᠰᠢᠬᠰᠠᠨ ᠬᠤᠨᠢᠨ | ᠮᠢᠬ᠎ᠠ︾ ᠴᠢᠨᠠᠵᠣ ᠲᠠᠪᠤᠨ ᠭᠦᠪᠡᠭᠦᠳ ᠳᠡᠭᠡᠨ ᠢᠳᠠᠭᠦᠯᠵᠣ᠂ ᠡᠭᠡ ᠶᠢᠨ ᠬᠠᠶᠢᠷ᠎ᠠ ᠡᠨᠠᠷᠢᠩᠭᠦᠶ ᠰᠠᠳᠬᠢᠯᠭᠡ ᠶᠢ | ᠢᠯᠠᠳᠭᠡᠵᠣ᠂ ᠲᠠᠳᠠᠨ ᠢ ᠨᠢᠭᠡᠨ ᠬᠠᠶᠢᠷ᠎ᠠ ᠪᠢᠯᠬᠠᠬᠰᠠᠨ ᠴᠢᠯᠣᠭᠡᠳᠠᠶ ᠪᠠᠷ ᠶᠠᠷᠢᠯᠴᠠᠨ ᠭᠦᠭᠡᠷᠤᠯᠳᠦᠭᠦ ᠣᠷᠴᠢᠨ | ᠲᠣᠭᠤᠷᠢᠨ ᠳᠤ ᠣᠷᠣᠭᠤᠯᠵᠣ᠂ ᠲᠣᠰ ᠭᠦᠮᠦᠵᠢᠯ ᠤᠨ ᠠᠵᠢᠯᠯᠠᠭ᠎ᠠ ᠪᠠᠨ ᠲᠠᠳᠠᠨ ᠤ ᠵᠢᠩᠬᠢᠨᠢ ᠠᠮᠢᠳᠣᠷᠠᠯ ᠨᠢ ᠪᠤᠯᠭᠠᠵᠠᠶ | ᠃ ᠡᠭᠦᠨ ᠢ ᠰᠣᠷᠭᠠᠨ ᠭᠦᠮᠦᠵᠢᠯ ᠤᠨ ᠣᠬᠠᠭᠠᠨ ᠳᠤ ᠠᠬᠤᠢ ᠠᠮᠢᠳᠣᠷᠠᠯ ᠢ ᠪᠤᠶ ᠪᠤᠯᠭᠠᠬᠤ ᠭᠡᠨ᠎ᠡ᠃ ᠲᠠᠷᠠᠭ᠎ᠠ ᠳᠤᠨᠢ᠂ | ᠠᠯᠣᠨ ᠭᠤᠸ᠎ᠠ ᠡᠭᠡ ᠭᠦᠪᠡᠭᠦᠳ ᠤᠨ ᠢᠶᠠᠨ ᠰᠡᠵᠢᠭ ᠮᠠᠳᠠᠭ ᠢ ᠰᠢᠭᠤᠳ ᠲᠠᠶᠢᠯᠪᠦᠷᠢᠯᠠᠵᠦ ᠰᠢᠬᠦᠮᠵᠢᠯᠡᠨ | ᠲᠣᠩᠭᠤᠳᠣᠬᠰᠠᠨ ᠦᠭᠡᠶ ᠬᠠᠷᠢᠨ ᠲᠠᠳᠠᠨ ᠳᠤ ᠰᠣᠨᠢᠷᠬᠠᠯᠳᠠᠶ ᠲᠣᠬᠯᠠᠭᠠᠮ ᠤᠨ ᠠᠵᠢᠯᠯᠠᠭ᠎ᠠ ᠲᠣᠬᠢᠷᠠᠭᠤᠯᠵᠣ ᠬᠢᠯᠭᠡᠪᠡ᠃ | ᠲᠠᠷᠠ ︽ᠡᠳᠡ ᠲᠠᠪᠤᠨ ᠭᠦᠪᠡᠭᠦᠳ︾ ᠢᠶᠠᠨ ︽ᠵᠡᠷᠭᠡᠴᠠᠨ ᠰᠠᠭᠤᠯᠭᠠᠵᠣ ᠨᠢᠵᠠᠭᠡᠳ ᠰᠣᠮᠣ ᠶᠢ ︿ᠬᠤᠭᠤᠯ︶ ᠭᠡᠵᠣ | ᠦᠭᠭᠦᠭᠰᠠᠨ ᠳᠤ ᠬᠢᠯᠪᠡᠷᠬᠠᠨ ᠬᠤᠭᠤᠯᠵᠣ ᠣᠷᠬᠢᠪᠡ᠃ ᠪᠠᠰᠠ ᠲᠠᠪᠤᠨ ᠰᠣᠮᠣ ᠶᠢ ᠨᠠᠶᠢᠯᠠᠭᠦᠯᠵᠣ ᠪᠠᠭᠯᠠᠭᠠᠳ ︿ | ᠬᠤᠭᠤᠯ︶ ᠬᠡᠮᠠᠨ ᠦᠭᠭᠦᠭᠰᠠᠨ ᠳᠤ ᠲᠠᠪᠤᠭᠤᠯᠠ ᠪᠠᠨ ᠪᠠᠭᠴᠠᠳᠣ ᠰᠣᠮᠣ ᠶᠢ ᠡᠭᠡᠯᠵᠢᠯᠠᠨ ᠣᠷᠣᠯᠳᠣᠵᠣ ᠭᠡᠨ ᠨᠢ ᠴᠣ᠋ | ᠬᠤᠭᠤᠯᠵᠣ ᠡᠰᠡ ᠴᠢᠳᠠᠪᠡ᠃︾ ᠲᠣᠰ ᠠᠵᠢᠯᠯᠠᠭ᠎ᠠ ᠨᠢ ᠲᠣᠬᠯᠠᠭᠠᠮ ᠮᠦᠷᠦ᠋ᠢᠴᠠᠭᠡᠨ ᠤ ᠴᠢᠨᠠᠷ ᠲᠠᠢ ᠪᠤᠯᠬᠤᠷ | ᠭᠦᠪᠡᠭᠦᠳ ᠪᠦᠷ ᠣᠷᠮ᠎ᠠ ᠲᠠᠢ ᠣᠷᠣᠯᠴᠠᠵᠣ᠂ ᠭᠦᠴᠦᠯᠠᠨ ᠣᠷᠣᠯᠳᠣᠵᠣ ᠭᠦᠭᠵᠢᠶᠠᠨ ᠲᠠᠢ ᠶᠠᠪᠤᠬᠳᠠᠪᠡ᠃ ᠲᠡᠭᠦᠨ ᠤ | ᠲᠠᠷᠠᠭ᠎ᠠ ᠳᠤᠨᠢ᠂ ᠠᠯᠣᠨ ᠭᠤᠸ᠎ᠠ ᠡᠭᠡ ᠰᠠᠶ᠋ᠢ ᠲᠠᠪᠣᠨ ᠭᠦᠪᠡᠭᠦᠳ ᠳᠡᠭᠡᠨ ᠰᠣᠶᠣᠭᠠᠷ ᠦᠭᠡ ᠪᠠᠷ ᠰᠣᠶᠣᠨ ᠰᠣᠷᠭᠠᠵᠣ | ᠭᠤᠣᠯ ᠰᠠᠳᠦᠪ ᠳᠡᠭᠡᠨ ᠣᠷᠣᠪᠠᠶ᠃ ᠠᠯᠣᠨ ᠭᠤᠸ᠎ᠠ ᠡᠭᠡ ᠶᠢᠨ ᠶᠣᠰᠣ ᠣᠴᠢᠷ ᠢ ᠲᠠᠶᠢᠯᠪᠦᠷᠢᠯᠠᠠ ᠶᠠᠷᠢᠬᠰᠠᠨ ᠨᠢ | ᠲᠣᠩ ᠴᠢᠩᠭ᠎ᠠ ᠯᠣᠭᠢᠭ ᠤᠨ ᠲᠠᠷᠠᠭᠠᠯᠠᠯ ᠲᠠᠢ ᠪᠠᠶᠢᠵᠣ᠂ ᠪᠠᠰᠠ ᠭᠤᠷᠪᠠᠨ ᠠᠯᠬᠤᠮ ᠢᠶᠠᠷ ᠲᠣᠳᠣᠷᠬᠠᠢᠢᠯᠠᠬᠰᠠᠨ | ᠪᠠᠶᠢᠨ᠎ᠠ᠃ ᠲᠠᠷᠢᠭᠦᠨ ᠳᠤᠷ᠂ ᠪᠡᠯᠭᠦᠨᠦᠳᠠᠶ ᠪᠦᠭᠦᠨᠦᠳᠠᠶ ᠬᠤᠶᠠᠷ ᠭᠦᠪᠡᠭᠦᠨ ᠤ ︽ᠰᠡᠵᠢᠭᠯᠡᠭᠦ ᠴᠢᠨᠢ ᠵᠦᠪ ᠪᠠᠶᠢᠨ᠎ᠠ︾ | ᠭᠡᠵᠣ᠂ ᠬᠤᠪᠢ ᠬᠦᠮᠦᠨ ᠤ ᠨᠠᠷ᠎ᠡ ᠲᠦᠷᠦ ᠪᠡ ᠶᠣᠰᠣ ᠵᠢᠷᠦᠮ ᠤᠨ ᠲᠠᠯ᠎ᠠ ᠪᠠᠷ ᠠᠰᠠᠭᠤᠳᠠᠯ ᠲᠠᠢ ᠭᠡᠳᠡᠭ ᠢᠶᠠᠨ | ᠮᠠᠳᠠᠷᠠᠵᠣ᠂ ᠭᠦᠪᠡᠭᠦᠳ ᠳᠡᠭᠡᠨ ᠭᠤᠣᠯᠴᠶ ᠣᠪᠤᠷ ᠢᠶᠠᠷ ᠬᠠᠨᠳᠣᠪᠠ᠃ ᠲᠠᠳ᠋ ᠳᠤᠷ᠂ ︽ᠭᠡᠷᠡᠯ ᠢᠶᠠᠷ ᠵᠢᠷᠮᠦᠰᠦᠯᠡᠭᠰᠠᠨ︾ | ᠬᠡᠮᠡᠭᠦ ᠣᠨᠣᠯ ᠢ ᠲᠣᠷᠠᠳᠣᠨ ᠭᠠᠷᠭᠠᠵᠣ᠂ ︽ᠲᠠᠭᠦᠪᠡᠷ ᠣᠬᠠᠪᠠᠰᠣ ᠲᠡᠮᠳᠡᠭ ᠢᠨᠣ ᠲᠡᠭᠷᠶ ᠶᠢᠨ ᠭᠦᠪᠡᠭᠦᠳ ᠪᠤᠶᠣ ᠶᠠ︾ | ᠭᠡᠵᠣ᠂ ᠱᠠᠰᠢᠨ ᠰᠣᠷᠳᠠᠬᠤᠨ ᠤ ᠠᠷᠭ᠎ᠠ ᠪᠠᠷ ᠭᠤᠷᠪᠠᠨ ᠭᠦᠪᠡᠭᠦᠳ ᠤᠨ ᠢᠶᠠᠨ ᠪᠡᠶ᠎ᠡ ᠶᠢᠨ ᠭᠠᠷᠣᠯ ᠢ | ᠲᠣᠳᠣᠷᠬᠠᠢᠯᠠᠵᠣ᠂ ᠬᠤᠵᠢᠮ ᠨᠢᠭᠡᠨ ᠡᠳᠦᠷ ︽ᠬᠠᠮᠤᠭ ᠤᠨ ᠬᠠᠳ︾ ᠪᠤᠯᠬᠤ ᠶᠣᠮ ᠭᠡᠵᠣ ᠵᠦᠡᠭᠨᠡᠭᠰᠠᠠ ᠪᠠᠶᠢᠨ᠎ᠠ᠃ | ᠡᠨᠡ ᠨᠢ ᠭᠡᠷᠡᠭ ᠲᠠᠭᠡᠷ᠎ᠡ ᠪᠠᠨ ᠭᠡᠷ ᠪᠦᠯᠶ ᠲᠣᠳᠣᠷᠠᠬᠢ ᠪᠠᠶᠢᠷᠶ ᠰᠠᠭᠤᠷᠶ ᠶᠢ ᠠᠳᠠᠯᠶ ᠲᠡᠭᠰᠶ ᠪᠤᠯᠭᠠᠬᠰᠠᠨ ᠪᠠᠶᠢᠨ᠎ᠠ᠃ | ᠵᠢᠱᠢᠶᠠᠯᠠᠪᠡᠯ ᠡᠳᠡ ᠭᠤᠷᠪᠠᠨ ᠢ ᠮᠠᠭᠠᠯᠢᠭ ᠪᠡᠶᠠᠭᠤᠳᠠᠶ ᠭᠦᠮᠦᠨ ᠤ ᠭᠡᠣᠭᠡᠳ ᠪᠤᠯᠭᠠᠪᠠᠰᠣ᠂ ᠲᠠᠷᠣᠢ ᠬᠠᠷᠠᠴᠣ ᠭᠠᠷᠣᠯ | ᠲᠠᠢ ᠪᠤᠯᠵᠣ᠂ ᠠᠬ᠎ᠠ ᠲᠠᠭᠦᠣ ᠲᠠᠪᠤᠭᠤᠯᠠ ᠠᠳᠠᠯᠶ ᠲᠡᠭᠰᠶ ᠡᠷᠭᠡ ᠪᠡ ᠪᠠᠶᠢᠷᠶ ᠰᠠᠭᠤᠷᠶ ᠦᠬᠡᠢ ᠪᠤᠯᠬᠤ ᠶᠢᠨ ᠣᠯᠠᠮ | ᠢᠶᠠᠷ ᠵᠦᠷᠢᠴᠡᠯ ᠮᠦᠷᠭᠦᠯᠳᠦᠭᠡᠨ ᠪᠤᠶᠣ ᠶᠠᠷᠰᠢᠭ ᠲᠦᠪᠡᠭ ᠭᠠᠷᠬᠤ ᠪᠤᠯᠣᠨ᠎ᠠ᠃ ᠪᠠᠰᠠ ᠲᠡᠳ᠋ ᠳᠤᠷ᠂ ᠠᠬᠤᠢ | ᠠᠮᠢᠳᠣᠷᠠᠯ ᠤᠨ ᠠᠷᠭ᠎ᠠ ᠪᠠᠷ ︽ᠲᠠ ᠲᠠᠪᠤᠨ ᠭᠦᠪᠡᠭᠦᠨ ᠮᠢᠨᠣ ᠭᠠᠭᠴᠠ ᠭᠡᠪᠡᠯᠢ ᠠᠴᠠ ᠲᠦᠷᠦᠪᠡ︾ ᠭᠡᠵᠣ | ᠰᠳᠬᠢᠯᠬᠡ ᠪᠠᠷ ᠤᠢᠢᠷᠠᠳᠤᠭᠤᠯᠤᠨ ᠬᠡᠯᠡᠵᠦ ᠭᠦᠪᠡᠭᠦᠳ ᠤᠨ ᠢᠶᠠᠨ ᠠᠳᠠᠯᠢ ᠲᠡᠭᠰᠶ ᠡᠷᠭᠡ ᠲᠠᠢ ᠪᠦᠭᠡᠳ ᠡᠶ᠎ᠡ | ᠪᠦᠯᠭᠦᠮᠳᠠᠯ ᠲᠠᠢ ᠪᠠᠶᠢᠪᠠᠯ ᠰᠠᠶ᠋ᠢ ᠲᠡᠷᠡ ︽ᠴᠣᠬᠳᠠᠢ ᠮᠦᠰᠦᠳ︾ ᠮᠠᠳᠣ ᠪᠤᠰᠤᠳ ᠲᠤ ᠢᠯᠠᠬᠳᠠᠬᠤ ᠦᠭᠡᠢ ᠪᠤᠯᠵᠣ | ᠴᠢᠳᠠᠨ᠎ᠠ︔ ᠭᠡᠷᠪᠠ ᠵᠦᠪᠭᠡᠨ ᠪᠠᠶᠢᠷᠶ ᠰᠠᠭᠤᠷᠢ ᠠᠳᠠᠯᠢ ᠲᠡᠭᠰᠢ ᠪᠠᠶᠢᠭᠠᠳ ᠪᠦᠯᠭᠦᠮᠳᠠᠭᠦ ᠶᠢ ᠠᠩᠬᠠᠷᠬᠤ ᠦᠭᠡᠢ ᠪᠤᠯ | ︽ᠨᠢᠵᠢᠭᠡᠳ ᠮᠦᠰᠦᠳ ᠮᠠᠳᠣ ᠬᠢᠯᠪᠡᠷᠠ ᠬᠤᠭᠤᠯᠣᠬᠳᠠᠬᠤᠨ︾ ᠭᠡᠵᠣ ᠰᠣᠷᠭᠠᠪᠠ᠃ | ᠵᠠᠳᠠᠯᠠᠵᠦ ᠦᠵᠡᠪᠡᠯ᠂ ︽ᠲᠠᠪᠤᠨ ᠮᠦᠰᠦᠳ ᠢᠶᠠᠷ ᠭᠦᠪᠡᠭᠦᠳ ᠢᠶᠠᠨ ᠰᠣᠷᠭᠠᠬᠰᠠᠨ︾ | ᠦᠯᠢᠭᠡᠷ ᠲᠤ ᠭᠤᠷᠪᠠᠨ ᠱᠠᠳᠣ ᠶᠢᠰᠦᠨ ᠠᠯᠬᠤᠮ ᠤᠨ ᠰᠣᠷᠭᠠᠨ ᠭᠦᠮᠦᠵᠢᠯ ᠤᠨ ᠶᠠᠪᠤᠴᠡ ᠶᠢ ᠲᠠᠮᠵᠢᠵᠣ᠂ ᠪᠦᠷᠢᠨ | ᠭᠦᠢᠴᠡᠳ ᠠᠯᠬᠤᠮ ᠲᠠᠷᠠᠭᠠᠯᠠᠯᠳᠣ ᠰᠣᠷᠭᠠᠨ ᠭᠦᠮᠦᠵᠢᠯ ᠤᠨ ᠭᠡᠪ ᠵᠠᠬᠪᠤᠷ ᠪᠠ ᠦᠵᠠᠯ ᠰᠠᠨᠠᠭ᠎ᠠ ᠶᠢ ᠢᠯᠠᠷᠠᠭᠦᠯᠵᠠᠢ᠃ | ᠪᠤᠳᠠᠳᠠᠢ ᠪᠠᠷ ᠭᠡᠯᠡᠪᠡᠯ᠄ ᠨᠢᠭᠡᠳᠦᠭᠡᠷ ᠱᠠᠳᠣ ᠪᠤᠯ ᠰᠣᠷᠭᠠᠨ ᠭᠦᠮᠦᠵᠢᠯ ᠤᠨ ᠠᠰᠠᠭᠤᠳᠡᠯ ᠤᠨ ᠱᠠᠳᠣ ᠲᠣᠬᠠᠢᠢᠯᠠᠪᠠᠯ | ᠠᠰᠠᠭᠤᠳᠡᠯ ᠢ ᠢᠯᠠᠷᠠᠭᠦᠯᠭᠦ᠂ ᠬᠠᠷᠠᠯᠳᠡ ᠪᠠᠨ ᠲᠣᠬᠳᠠᠭᠠᠬᠤ᠂ ᠠᠵᠢᠯᠯᠠᠭ᠎ᠠ ᠪᠠᠨ ᠲᠦᠯᠦᠪᠯᠡᠭᠦ ᠠᠯᠬᠤᠮ ᠢ | ᠦᠡᠭᠭᠡᠷᠡᠭᠦᠯᠵᠣ︔ ᠬᠤᠶᠠᠳᠣᠭᠠᠷ ᠱᠠᠳᠣ ᠨᠢ ᠠᠵᠢᠯᠯᠠᠭ᠎ᠠ ᠶᠢᠨ ᠱᠠᠳᠣ ᠲᠣᠬᠠᠢᠢᠯᠠᠪᠠᠯ ᠣᠷᠴᠢᠨ ᠠᠬᠤᠢ ᠶᠢ ᠪᠤᠢ | ᠪᠤᠯᠭᠠᠬᠤ᠂ ᠪᠡᠶ᠎ᠠ ᠪᠠᠨ ᠲᠠᠭᠠᠭᠠᠬᠰᠠᠨ ᠠᠵᠢᠯᠯᠠᠭ᠎ᠠ ᠶᠠᠪᠤᠭᠤᠯᠬᠤ ᠪᠠ ᠶᠣᠰᠣ ᠣᠴᠢᠷ ᠢ ᠮᠡᠳᠡᠭᠦᠯᠭᠦ ᠠᠯᠬᠤᠮ ᠢ | ᠦᠡᠭᠭᠡᠷᠡᠭᠦᠯᠵᠣ︔ ᠭᠤᠷᠪᠠᠳᠣᠭᠠᠷ ᠱᠠᠳᠣ ᠨᠢ ᠭᠦᠮᠦᠵᠢᠭᠦᠯᠭᠦ ᠱᠠᠳᠣ ᠲᠣᠬᠠᠢᠢᠯᠠᠪᠠᠯ ᠪᠤᠰᠣᠳᠴᠢ ᠶᠢ ᠮᠠᠳᠠᠷᠠᠵᠣ᠂ | ᠣᠬᠠᠭᠠᠯᠢᠭ ᠢᠶᠠᠷ ᠲᠠᠶᠢᠯᠠᠪᠦᠷᠢᠯᠠᠵᠣ᠂ ᠶᠣᠰᠣ ᠪᠠᠷ ᠣᠬᠠᠭᠠᠷᠠᠭᠤᠯᠬᠤ ᠠᠯᠬᠤᠮ ᠢ ᠦᠡᠭᠭᠡᠷᠡᠭᠡᠵᠠᠢ᠃ ᠢᠡᠭᠭᠢᠭᠡᠳ ᠲᠣᠰ | ᠦᠯᠢᠭᠡᠷ ᠨᠢ ᠠᠰᠠᠭᠤᠳᠡᠯ ᠢ ᠲᠣᠷᠠᠳᠴᠣ᠂ ᠬᠠᠷᠠᠯᠳᠡ ᠪᠠᠨ ᠲᠣᠬᠳᠠᠭᠠᠵᠣ᠂ ᠠᠮᠢᠳᠣᠷᠠᠯ ᠤᠨ ᠣᠷᠴᠢᠠ ᠠᠬᠤᠢ ᠶᠢ ᠪᠤᠢ | ᠪᠤᠯᠭᠠᠵᠣ᠂ ᠦᠢᠯᠠᠳᠦᠯᠭᠡ ᠶᠢᠨ ᠠᠵᠢᠯᠯᠠᠭ᠎ᠠ ᠪᠠᠷ ᠲᠠᠮᠵᠢᠨ ᠪᠡᠶᠡᠴᠢ ᠣᠢᠢᠯᠠᠭᠠᠯᠳᠡ ᠲᠠᠢ ᠪᠤᠯᠭᠠᠵᠣ᠂ ᠰᠣᠶᠣᠭᠠᠷ ᠦᠭᠡ | ᠪᠠᠷ ᠰᠠᠩᠭᠡᠷᠡᠭᠦᠯᠦᠨ ᠭᠦᠮᠦᠵᠢᠭᠦᠯᠭᠦ ᠪᠦᠷᠢᠨ ᠭᠦᠢᠴᠡᠳ ᠠᠯᠬᠤᠮ ᠲᠠᠷᠠᠭᠠᠯᠠᠯ ᠶᠢ ᠪᠦᠷᠢᠯᠳᠦᠭᠦᠯᠵᠠᠢ᠃ | | ︵ᠬᠤᠶᠠᠷ︶ ᠦᠢᠯᠡᠳᠦᠭᠦᠯᠦᠨ ᠮᠡᠳᠡᠭᠦᠯᠵᠦ ᠶᠤᠰᠤ ᠪᠠᠷ ᠰᠡᠩᠬᠡᠷᠡᠭᠦᠯᠭᠦ ᠰᠤᠷᠭᠠᠨ | ᠬᠦᠮᠦᠵᠢᠯ ᠤᠨ ᠠᠷᠭ᠎ᠠ | ︽ᠲᠠᠪᠤᠨ ᠮᠦᠰᠦᠳ ᠢᠶᠠᠷ ᠭᠦᠪᠡᠭᠦᠳ ᠢᠶᠠᠨ ᠰᠣᠷᠭᠠᠬᠰᠠᠨ︾ ᠨᠢ ᠦᠢᠯᠠᠳᠦᠭᠦᠯᠣᠨ | ᠮᠠᠳᠠᠭᠦᠯᠵᠣ ᠶᠣᠰᠣ ᠪᠠᠷ ᠰᠡᠩᠭᠡᠷᠡᠭᠦᠯᠭᠦ ᠰᠣᠷᠭᠠᠨ ᠭᠦᠮᠦᠵᠢᠯ ᠤᠨ ᠠᠷᠭ᠎ᠠ ᠶᠢ ᠬᠡᠷᠡᠭᠯᠠᠪᠡ᠃ ᠡᠨᠡᠭᠦ ︽ᠦᠢᠯᠠᠳᠦᠭᠦᠯᠣᠨ | ᠮᠡᠳᠡᠭᠦᠯᠵᠣ ᠶᠣᠰᠣ ᠪᠠᠷ ᠰᠡᠩᠭᠡᠷᠡᠭᠦᠯᠭᠦ ᠠᠷᠭ᠎ᠠ︾ ᠳᠤᠨᠢ ︽ᠭᠢᠭᠦ ᠪᠠᠷ ᠰᠠᠷᠠᠨ ᠮᠡᠳᠡᠭᠦᠯᠵᠣ︾᠂ ︽ᠰᠡᠳᠭᠢᠭᠦᠢ ᠪᠠᠷ | ᠣᠬᠠᠨ ᠮᠡᠳᠡᠭᠦᠯᠵᠣ︾᠂ ︽ᠭᠢᠭᠦ ᠪᠠ ᠰᠠᠳᠭᠢᠭᠦᠢ ᠶᠢ ᠣᠶᠠᠯᠳᠣᠭᠤᠯᠬᠤ︾ ᠵᠡᠷᠭᠡ ᠠᠭᠤᠯᠭ᠎ᠠ ᠪᠠᠭᠳᠠᠵᠠᠢ᠃ ᠠᠯᠣᠨ | ᠭᠤᠸ᠎ᠠ ᠡᠭᠡ ᠰᠣᠮᠣ ᠬᠤᠭᠤᠯᠬᠤ ᠠᠵᠢᠯᠯᠠᠭ᠎ᠠ ᠪᠠᠨ ᠵᠣᠭᠢᠶᠠᠨ ᠪᠠᠶᠢᠭᠤᠯᠬᠤ ᠠᠴᠠ ᠡᠮᠦᠨ᠎ᠡ ᠭᠦᠢᠴᠠᠳ ᠰᠠᠳᠬᠢᠯᠭᠡ ᠶᠢᠨ | ᠰᠣᠯᠢᠯᠴᠠᠭ᠎ᠠ ᠶᠠᠪᠤᠭᠤᠯᠵᠣ᠂ ᠬᠦᠪᠡᠭᠦᠳ ᠤᠨ ᠢᠶᠠᠨ ᠢᠳᠡ ᠴᠢᠳᠠᠯ ᠢ ᠨᠢ ᠦᠵᠠᠭᠦ ᠮᠦᠷᠦ᠋ᠢᠴᠠᠭᠡᠨ ᠤ ᠴᠢᠨᠠᠷ ᠲᠠᠢ | ᠰᠣᠮᠣ ᠬᠤᠭᠤᠯᠬᠤ ᠠᠵᠢᠯᠯᠠᠭ᠎ᠠ ᠶᠢ ᠵᠣᠭᠢᠶᠠᠨ ᠪᠠᠶᠢᠭᠤᠯᠵᠣ᠂ ᠭᠦᠪᠡᠭᠦᠳ ᠢᠶᠠᠨ ᠰᠣᠯᠠ ᠲᠠᠯᠪᠢᠭᠤ ᠲᠣᠷ᠎ᠠ ᠪᠠᠬ᠎ᠠ ᠲᠠᠢ | ᠪᠠᠷ ᠣᠷᠣᠯᠴᠠᠭᠤᠯᠵᠣ᠂ ᠲᠡᠳᠡᠨ ᠢ ᠦᠪᠡᠷ ᠤᠨ ᠴᠢᠳᠠᠯ ᠢᠶᠠᠨ ᠭᠠᠷᠭᠠᠵᠣ ᠣᠬᠠᠭᠠᠨ ᠢᠶᠠᠨ ᠬᠡᠷᠡᠭᠯᠠᠵᠣ ᠬᠤᠭᠤᠯᠰᠣᠭᠠᠢ | ᠭᠡᠮᠠᠨ ᠢᠳᠠᠪᠬᠢᠳᠠᠶ ᠪᠠᠷ ᠣᠷᠣᠯᠳᠣᠭᠤᠯᠪᠠ᠃ ᠢᠡᠭᠭᠢᠭᠦ ᠨᠢ ᠭᠦᠮᠦᠰ ᠤᠨ ᠴᠢᠩᠭ᠎ᠠ ᠭᠦᠴᠦᠯᠠᠴᠠ ᠪᠦᠭᠦᠢ | ᠭᠦᠭᠡᠭᠡᠴᠠᠯᠳᠦᠭᠡ ᠶᠢ ᠡᠭᠦᠰᠭᠡᠵᠣ ᠭᠦᠮᠦᠨ ᠤ ᠲᠠᠷᠢᠬᠢᠨ ᠳᠤ ᠭᠦᠨ ᠰᠠᠭᠤᠬᠳᠠᠯ ᠦᠯᠠᠳᠠᠭᠦ ᠪᠤᠯᠣᠨ᠎ᠠ᠃ ᠡᠶᠢᠮᠣ | ᠰᠠᠭᠤᠬᠳᠠᠯ ᠢ ᠰᠠᠳᠬᠢᠴᠠ ᠶᠢᠨ ᠵᠦᠢ ᠳᠤ ᠰᠠᠷᠠᠨ ᠮᠠᠳᠠᠭᠦᠢ ᠭᠡᠳᠡᠭ᠃ ᠭᠦᠮᠦᠨ ᠤ ᠮᠠᠳᠡᠯᠭᠡ ᠣᠯᠬᠤ ᠵᠠᠮ ᠪᠤᠯ ᠰᠠᠷᠠᠨ | ᠮᠠᠳᠠᠭᠦᠢ ᠬᠢᠭᠡᠳ ᠣᠬᠠᠠ ᠮᠠᠳᠠᠭᠦᠢ ᠵᠠᠷᠭᠡ ᠬᠤᠶᠠᠷ ᠵᠠᠮ ᠪᠠᠶᠢᠳᠠᠭ᠃ ᠭᠡᠭᠦ ᠳᠡᠭᠡᠨ ᠭᠦᠮᠦᠨ ᠲᠦᠷᠦᠯᠬᠢᠳᠡᠡ ᠤ ᠬᠠᠮᠤᠭ | ᠡᠬᠢᠨ ᠤ ᠲᠠᠨᠢᠯᠳᠡ ᠪᠤᠯ ᠰᠠᠷᠡᠨ ᠮᠠᠳᠡᠭᠦᠶ ᠪᠤᠯᠣᠨ᠎ᠠ᠃ ᠶᠠᠮᠠᠷᠪᠡ ᠣᠬᠠᠠ ᠮᠠᠳᠠᠭᠦᠢ ᠨᠢ ᠪᠦᠷ ᠰᠠᠷᠠᠨ ᠮᠠᠳᠠᠭᠦᠢ ᠪᠠᠷ | ᠰᠠᠭᠤᠷᠢ ᠪᠤᠯᠭᠠᠵᠣ᠂ ᠦᠪᠡᠷᠮᠢᠴᠡ ᠰᠠᠷᠠᠯ ᠤᠨ ᠲᠣᠷᠰᠢᠯᠭ᠎ᠠ ᠶᠢᠨ ᠰᠠᠭᠤᠷᠢᠨ ᠲᠠᠭᠡᠷ᠎ᠡ ᠰᠠᠢᠢ ᠭᠡᠶᠢᠰᠪᠦᠷᠢ ᠣᠶᠣᠨ ᠤ | ᠲᠠᠨᠢᠯᠳᠡ ᠲᠠᠢ ᠪᠤᠯᠳᠠᠭ᠃ ᠡᠶᠢᠮᠣ ᠠᠴᠠ ᠦᠢᠯᠠᠳᠦᠯᠭᠡ ᠠᠴᠠ ᠦᠨᠡᠨ ᠮᠡᠳᠡᠯᠭᠡ ᠢᠷᠡᠳᠡᠭ ᠭᠡᠳᠡᠭ ᠶᠣᠮ᠃ ᠣᠬᠠᠠ | ᠰᠠᠩᠭᠡᠷᠡᠭᠦ ᠪᠤᠯ ᠰᠠᠷᠠᠯ ᠤᠨ ᠲᠠᠨᠢᠯᠳᠡ ᠪᠠᠷ ᠰᠠᠭᠤᠷᠢ ᠪᠤᠯᠭᠠᠵᠣ᠂ ᠰᠠᠷᠠᠯ ᠤᠨ ᠲᠠᠨᠢᠯᠳᠡ ᠶᠢᠨ ᠭᠢᠷᠢ ᠭᠡᠮᠵᠢᠶ᠎ᠠ ᠨᠢ | ᠲᠠᠨᠢᠨ ᠮᠡᠳᠡᠭᠦᠢ ᠶᠢᠨ ᠭᠦᠠᠴᠡ ᠶᠢ ᠨᠦᠯᠦᠭᠡᠯᠡᠳᠡᠭ᠃ ᠠᠯᠣᠨ ᠭᠤᠸ᠎ᠠ ᠡᠭᠡ ᠶᠢᠨ ᠰᠣᠷᠭᠠᠨ ᠭᠦᠮᠦᠵᠢᠯ ᠤᠨ ᠠᠷᠭ᠎ᠠ | ᠪᠤᠯ ᠭᠦᠪᠡᠭᠦᠳ ᠢᠶᠠᠨ ᠠᠵᠢᠯᠯᠠᠭ᠎ᠠ ᠳᠤ ᠣᠷᠣᠯᠴᠠᠭᠤᠯᠵᠣ᠂ ᠲᠠᠳᠡᠨ ᠤ ᠰᠠᠷᠠᠨ ᠮᠡᠳᠡᠭᠦᠢ ᠶᠢ ᠭᠦᠭᠵᠢᠶᠠᠨ ᠲᠠᠢ | ᠪᠤᠯᠭᠠᠵᠣ᠂ ᠰᠣᠶᠣᠭᠠᠷ ᠦᠭᠡ ᠪᠠᠷ ᠶᠣᠰᠣ ᠶᠢ ᠰᠡᠩᠭᠡᠷᠡᠭᠦᠯᠵᠣ᠂ ᠲᠠᠳᠠᠨ ᠤ ᠣᠬᠠᠨ ᠰᠡᠩᠭᠡᠷᠡᠭᠦ ᠴᠢᠳᠡᠪᠦᠷᠢ ᠶᠢ | ᠭᠦᠮᠦᠵᠢᠭᠦᠯᠵᠠᠢ᠃ ᠪᠢᠳᠡ ᠡᠭᠦᠨ ᠳᠠᠬᠢ ᠰᠠᠳᠭᠢᠯᠭᠡ ᠪᠤᠯᠣᠨ ᠣᠢᠢᠯᠠᠭᠠᠬᠳᠠᠯ ᠬᠤᠯᠢᠯᠴᠠᠬᠰᠠᠨ ᠠᠵᠢᠯᠯᠠᠭ᠎ᠠ ᠶᠢᠨ | ᠲᠣᠮᠳᠡ ᠰᠠᠷᠠᠯ ᠤᠨ ᠲᠠᠨᠢᠯᠳᠡ ᠣᠯᠭᠤᠬᠤ ᠠᠷᠭ᠎ᠠ ᠶᠢ ︽ᠭᠢᠭᠦᠢ ᠪᠠᠷ ᠰᠠᠷᠡᠨ ᠮᠡᠳᠡᠭᠦᠯᠭᠦ︾ ᠭᠡᠵᠣ ᠰᠣᠶᠣᠭᠠᠷ ᠦᠭᠡ | ᠪᠠᠷ ᠰᠣᠶᠣᠨ ᠰᠡᠩᠭᠡᠷᠡᠭᠦᠯᠵᠣ ᠶᠣᠰᠣ ᠣᠴᠢᠷ ᠢ ᠮᠡᠳᠡᠭᠦᠯᠭᠦ ᠠᠷᠭ᠎ᠠ ᠶᠢ ︽ᠰᠡᠳᠭᠢᠭᠦᠢ ᠪᠠᠷ ᠣᠬᠠᠨ ᠮᠡᠳᠡᠭᠦᠯᠭᠦ︾ | ᠭᠡᠵᠣ ᠰᠣᠷᠭᠠᠨ ᠭᠦᠮᠦᠵᠢᠯ ᠤᠨ ᠶᠠᠪᠤᠴᠡ ᠳᠤ ᠠᠵᠢᠯᠯᠠᠭ᠎ᠠ ᠪᠠᠷ ᠰᠠᠭᠤᠷᠢ ᠪᠤᠯᠭᠠᠵᠣ᠂ ᠰᠠᠷᠠᠯ ᠤᠨ ᠲᠣᠷᠰᠢᠯᠭ᠎ᠠ ᠪᠤᠯᠣᠨ | ᠣᠶᠣᠠᠴᠢ ᠰᠠᠳᠭᠢᠭᠦᠢ ᠶᠢᠨ ᠬᠤᠪᠢᠰᠣᠩᠭᠤᠢ ᠬᠠᠷᠢᠴᠠᠭ᠎ᠠ ᠶᠢ ᠭᠦᠢᠴᠡᠳ ᠠᠰᠢᠬᠯᠠᠬᠤ ᠶᠢ ︽ᠭᠢᠭᠦᠢ ᠪᠠ ᠰᠠᠳᠭᠢᠭᠦᠢ | ᠶᠢ ᠣᠶᠠᠯᠳᠣᠭᠤᠯᠬᠤ︾ ᠭᠡᠵᠣ᠂ ᠠᠯᠣᠨ ᠭᠤᠸ᠎ᠠ ᠡᠭᠡ ᠶᠢᠨ ᠰᠣᠷᠭᠠᠨ ᠭᠦᠮᠦᠵᠢᠯ ᠤᠨ ᠠᠷᠭ᠎ᠠ ᠶᠢᠨ ᠦᠪᠡᠷᠮᠢᠴᠡ ᠭᠡᠪ | ᠨᠠᠮᠪᠠ ᠶᠢ ᠳ᠋ᠦᠡᠭᠨᠠᠵᠣ᠂ ︽ᠦᠢᠯᠠᠳᠦᠭᠦᠯᠦᠨ ᠮᠡᠳᠡᠭᠦᠯᠵᠣ ᠶᠣᠰᠣ ᠪᠠᠷ ᠰᠡᠩᠭᠡᠷᠡᠭᠦᠯᠭᠦ ᠠᠷᠭ᠎ᠠ︾ ᠭᠡᠵᠣ ᠨᠠᠷᠠᠯᠡᠭᠰᠡᠨ | ᠪᠢᠯᠡ᠃ | ︵ᠭᠤᠷᠪᠠ︶ ᠠᠯᠤᠨ ᠭᠤᠸ᠎ᠠ ᠡᠬᠡ ᠶᠢᠨ ᠰᠤᠷᠭᠠᠨ ᠬᠦᠮᠦᠵᠢᠯ ᠤᠨ ᠤᠨᠴᠠᠯᠢᠭ ᠬᠢᠭᠡᠳ | ᠦᠷ᠎ᠠ ᠳ᠋ᠦᠡᠭ | ᠨᠢᠭᠡᠳᠦᠭᠡᠷ ᠲᠤ᠂ ︽ᠲᠠᠪᠣᠨ ᠮᠦᠰᠦᠳ ᠢᠶᠠᠷ ᠬᠦᠪᠡᠭᠦᠳ ᠢᠶᠠᠨ ᠰᠣᠷᠭᠠᠬᠰᠠᠨ︾ ᠨᠢ | ᠭᠦᠮᠦᠨ ᠢᠶᠠᠷ ᠦᠠᠳᠣᠰᠣ ᠪᠤᠯᠭᠠᠡᠡᠰᠠᠨ ᠠᠮᠢᠳᠣᠷᠠᠯ ᠤᠨ ᠰᠣᠷᠭᠠᠨ ᠭᠦᠮᠦᠵᠢᠯ ᠤᠨ ᠣᠠᠴᠠᠯᠢᠭ ᠢ ᠢᠯᠠᠷᠡᠭᠦᠯᠪᠡ᠃ ᠡᠩ | ᠲᠠᠷᠢᠭᠦᠨ ᠳᠤ ᠠᠯᠣᠨ ᠭᠤᠸ᠎ᠠ ᠡᠭᠡ ᠶᠢᠨ ᠰᠣᠷᠭᠠᠨ ᠭᠦᠮᠦᠵᠢᠯ ᠪᠤᠯ ᠠᠮᠢᠳᠣᠷᠠᠯ ᠤᠨ ᠰᠣᠷᠭᠠᠨ ᠭᠦᠮᠦᠵᠢᠯ ᠪᠤᠯᠣᠨ᠎ᠠ᠃ | ᠲᠡᠭᠦᠨ ᠤ ᠰᠣᠷᠭᠠᠨ ᠭᠦᠮᠦᠵᠢᠯ ᠤᠨ ᠠᠵᠢᠯᠯᠠᠭ᠎ᠠ ᠨᠢ ᠠᠮᠢᠳᠦᠷᠠᠯ ᠤᠨ ᠲᠣᠮᠳᠠ ᠶᠠᠪᠤᠬᠳᠠᠵᠣ᠂ ᠠᠮᠢᠳᠣᠷᠠᠯ ᠤᠨ | ᠠᠰᠠᠭᠤᠳᠠᠯ ᠢ ᠰᠠᠢᠳᠪᠦᠷᠢᠯᠠᠵᠣ᠂ ᠠᠮᠢᠳᠦᠷᠠᠠ ᠣᠷᠣᠰᠢᠬᠤ ᠴᠢᠳᠠᠪᠦᠷᠢ ᠶᠢ ᠬᠦᠮᠦᠵᠢᠭᠦᠯᠵᠣ᠂ ᠮᠣᠩᠭᠤᠯ | ᠦᠠᠳᠦᠰᠦᠳᠡᠨ ᠤ ᠡᠷᠳᠡᠨ ᠤ ᠰᠣᠷᠭᠠᠨ ᠭᠦᠮᠦᠵᠢᠯ ᠤᠨ ᠠᠮᠢᠳᠣᠷᠠᠯᠳᠣ ᠴᠢᠨᠠᠷ ᠢ ᠢᠯᠠᠷᠠᠭᠦᠯᠦᠭᠰᠠᠨ ᠪᠠᠶᠢᠨ᠎ᠠ᠃ | ᠲᠠᠷᠠᠭ᠎ᠠ ᠳᠤᠨᠢ ᠠᠯᠣᠨ ᠭᠤᠸ᠎ᠠ ᠡᠭᠡ ᠶᠢᠨ ᠰᠣᠷᠭᠠᠨ ᠭᠦᠮᠦᠵᠢᠯ ᠪᠤᠯ ᠭᠦᠮᠦᠨ ᠢᠶᠠᠷ ᠦᠠᠳᠣᠰᠣ ᠪᠤᠯᠭᠠᠬᠰᠠᠨ ᠰᠣᠷᠭᠠᠨ | ᠭᠦᠮᠦᠵᠢᠯ ᠪᠤᠯᠣᠨ᠎ᠠ᠃᠃ ᠲᠡᠷᠡ ᠭᠦᠪᠡᠭᠦᠳ ᠢ ᠰᠣᠷᠭᠠᠬᠤ ᠳᠤ ᠪᠠᠨ ᠭᠡᠣᠭᠡᠳ ᠭᠡᠮᠡᠨ ᠲᠣᠣᠷ᠎ᠠ ᠦᠵᠠᠵᠣ | ᠰᠦᠭᠦᠳᠭᠡᠵᠣ ᠭᠤᠶᠠᠳᠠᠬᠰᠠᠨ ᠦᠭᠡᠢ ᠬᠠᠷᠢᠨ ᠬᠤᠨᠢ ᠢᠳᠠᠭᠦᠯᠵᠣ᠂ ᠲᠠᠨ ᠤ ᠪᠤᠷᠣᠭᠤ ᠭᠡᠵᠣ ᠵᠢᠮᠠᠯᠠᠨ | ᠲᠣᠩᠭᠤᠳᠦᠬᠰᠠᠨ ᠦᠭᠡᠢ ᠬᠠᠷᠢᠨ ︽ᠰᠡᠵᠢᠭᠯᠡᠭᠦ ᠴᠢᠨᠣ ᠵᠦᠪ︾ ᠭᠡᠵᠣ ᠡᠷᠭᠡ ᠲᠡᠭᠰᠢ ᠪᠠᠷ ᠰᠠᠨᠠᠯ ᠢᠶᠠᠨ | ᠰᠣᠯᠢᠯᠴᠠᠬᠰᠠᠨ ᠪᠦᠭᠡᠳ ᠣᠨᠴᠠᠭᠠᠢᠢᠯᠠᠨ ᠲᠠᠪᠤᠨ ᠭᠦᠪᠡᠭᠦᠳ ᠢᠶᠠᠨ ᠠᠳᠠᠯᠢ ᠲᠡᠭᠰᠶ ᠭᠦᠮᠦᠨ ᠤ ᠡᠷᠭᠡ ᠲᠠᠢ ᠪᠤᠯᠭᠠᠬᠤ | ᠶᠢ ᠴᠢᠬᠤᠯᠠᠴᠢᠯᠠᠵᠣ᠂ ᠡᠨᠡ ᠰᠠᠭᠤᠷᠢᠨ ᠲᠠᠭᠡᠷ᠎ᠠ ᠨᠢ ᠨᠢᠬᠳᠠᠷᠠᠨ ᠪᠦᠯᠭᠦᠮᠳᠠᠵᠣ ᠬᠠᠮᠳᠣ ᠶᠢᠨ ᠭᠦᠴᠦᠨ ᠢᠶᠠᠷ ᠣᠷᠣᠰᠢᠨ | ᠲᠣᠬᠳᠠᠨᠢᠵᠣ ᠭᠦᠮᠦᠨ ᠪᠤᠯᠬᠤ ᠶᠣᠰᠣᠨ ᠢ ᠵᠢᠭᠠᠬᠰᠠᠨ ᠪᠠᠶᠢᠨ᠎ᠠ᠃ | ᠬᠤᠶᠠᠳᠤᠭᠠᠷ ᠲᠤ ᠠᠯᠣᠨ ᠭᠤᠸ᠎ᠠ ᠡᠭᠡ ᠪᠤᠯ ᠰᠤᠷᠭᠠᠨ ᠬᠦᠮᠵᠦᠵᠢᠯ ᠤᠨ ᠵᠢᠳᠭᠦᠯᠳᠡᠨ ᠪᠤᠯᠬᠤ | ᠮᠦᠷᠳᠡᠭᠡᠨ ᠪᠠᠰᠠ ᠨᠢᠭᠡᠨ ᠦᠵᠠᠯ ᠰᠠᠨᠠᠭᠠᠨ ᠤ ᠵᠢᠳᠭᠦᠯᠳᠡᠨ ᠪᠤᠯᠣᠨ᠎ᠠ᠃ ᠲᠡᠷᠡ ᠮᠣᠩᠭᠤᠯ ᠤᠨ ᠲᠠᠣᠭᠡᠨ ᠰᠣᠷᠪᠤᠯᠵᠢ | ᠪᠢᠴᠢᠭ ᠳᠤᠷ ︽ᠡᠶ᠎ᠡ︾ ᠣᠬᠠᠬᠳᠠᠬᠤᠨ ᠢ ᠬᠠᠮᠤᠭ ᠡᠷᠳᠡ ᠲᠣᠷᠠᠳᠴᠣ ︽ᠨᠢᠭᠡᠨ ᠡᠶᠠᠳᠡᠡ︾ ᠪᠤᠯᠬᠤ ᠶᠣᠰᠣ ᠶᠢ | ᠰᠢᠠᠵᠢᠯᠠᠭᠦ ᠣᠬᠠᠭᠠᠠᠴᠶ ᠪᠠᠷ ᠵᠢᠭᠠᠬᠰᠠᠨ ᠭᠦᠮᠦᠨ ᠪᠤᠯᠣᠨ᠎ᠠ᠃ ᠠᠯᠣᠨ ᠭᠤᠸ᠎ᠠ ᠡᠭᠡ ᠶᠢᠨ ︽ᠲᠠᠪᠤᠨ ᠮᠦᠰᠦᠳ ᠢᠶᠠᠷ | ᠭᠦᠪᠡᠭᠦᠳ ᠢᠶᠠᠨ ᠰᠣᠷᠭᠠᠬᠰᠠᠨ︾ ᠨᠢ ︽ᠡᠶ᠎ᠡ ᠡᠪ ᠤᠨ ᠶᠣᠰᠣᠨ︾ ᠤ ᠡᠭᠦᠰᠦᠯ ᠪᠦᠷᠢᠯᠳᠦᠯ ᠳᠤ ᠰᠠᠭᠤᠷᠶ | ᠲᠠᠯᠪᠢᠬᠰᠠᠨ ᠪᠦᠭᠡᠳ ᠮᠣᠩᠭᠤᠯ ᠦᠠᠳᠦᠰᠦᠳᠠᠨ ᠤ ᠭᠦᠭᠵᠢᠯ ᠮᠠᠠᠳᠣᠯ ᠳᠤ ᠴᠣ᠋ ᠪᠠᠳᠣᠳᠠᠢ ᠰᠠᠭᠤᠷᠶ ᠲᠠᠯᠪᠢᠬᠰᠠᠨ ᠶᠣᠮ | ᠃ ᠠᠯᠣᠨ ᠭᠤᠸ᠎ᠠ ᠡᠭᠡ ᠪᠠᠰᠠ ︽ᠬᠠᠳ ᠪᠡ ᠬᠠᠷᠠᠴᠣᠰ︾ ᠭᠡᠮᠡᠭᠦ ᠣᠬᠠᠬᠳᠠᠬᠤᠨ ᠢ ᠲᠠᠣᠭᠡᠨ ᠰᠣᠷᠪᠤᠯᠵᠢ ᠳᠤ | ᠬᠠᠮᠤᠭ ᠲᠦᠷᠦᠭᠦᠨ ᠳᠤ ᠲᠣᠷᠠᠳᠴᠣ ᠭᠠᠷᠭᠠᠬᠰᠠᠨ ᠭᠦᠮᠦᠨ ᠪᠤᠯᠣᠨ᠎ᠠ᠃ ᠲᠡᠭᠦᠨ ᠤ ︽ᠲᠠᠪᠤᠨ ᠮᠦᠰᠦᠳ ᠢᠶᠠᠷ | ᠭᠦᠪᠡᠭᠦᠳ ᠢᠶᠠᠨ ᠰᠣᠷᠭᠠᠬᠰᠠᠨ︾ ᠰᠣᠷᠭᠠᠯ ᠳᠤ ᠦᠪᠡᠷ ᠤᠨ ᠭᠦᠪᠡᠭᠦᠳ ᠲᠡᠭᠡᠨ ᠬᠠᠮᠤᠭ ᠤᠨ ᠬᠠᠳ ᠪᠤᠯᠬᠤ ᠭᠦᠰᠠᠯ | ᠵᠣᠷᠢᠭ ᠤᠨ ᠭᠦᠮᠦᠵᠢᠯ ᠢ ᠭᠦᠠᠵᠠᠭᠡᠶ ᠣᠯᠭᠤᠵᠣ ᠴᠢᠳᠠᠬᠰᠠᠨ ᠠᠴᠠ ᠲᠠᠪᠤᠨ ᠭᠦᠪᠡᠭᠦᠳ ᠨᠢ ᠬᠠᠳ ᠪᠤᠯᠬᠤ ᠪᠠᠷ | ᠴᠢᠷᠮᠠᠶᠢᠬᠰᠠᠨ ᠪᠦᠭᠡᠳ ᠬᠤᠵᠢᠮ ᠤᠨ ᠮᠣᠩᠭᠤᠯ ᠬᠠᠳ ᠤᠨ ᠮᠠᠠᠳᠣᠨ ᠭᠦᠭᠵᠢᠭᠦ ᠳᠤ ᠭᠦᠰᠠᠯ ᠤᠨ ᠵᠢᠭᠦᠷ ᠢ | ᠣᠷᠭᠤᠭᠤᠯᠥᠬᠰᠠᠨ ᠶᠣᠮ ᠭᠡᠵᠣ ᠦᠵᠠᠵᠣ ᠪᠤᠯᠣᠨ᠎ᠠ᠃ ᠨᠡᠩ ᠲᠣᠷᠠᠳᠣᠭᠤᠰᠢᠳᠠᠶ ᠨᠢ ᠲᠠᠷᠨ ᠪᠠᠰᠠ ︽ᠲᠡᠭᠷᠢ ᠶᠢᠨ | ᠭᠦᠪᠡᠭᠦᠳ︾ ᠭᠡᠮᠡᠭᠦ ᠣᠬᠠᠬᠳᠠᠬᠤᠨ ᠢ ᠲᠠᠣᠭᠡᠨ ᠰᠣᠷᠪᠤᠯᠵᠢ ᠳᠤ ᠬᠠᠮᠤᠭ ᠠᠩᠬ᠎ᠠ ᠲᠣᠷᠠᠳᠴᠣ᠂ ᠮᠣᠩᠭᠤᠯ | ᠦᠨᠳᠦᠰᠦᠳᠡᠨ ᠤ ᠲᠡᠭᠷᠶ ᠰᠢᠳᠦᠭᠦ ᠦᠵᠡᠯ᠂ ︽ᠲᠡᠭᠷᠢᠯᠢᠭ ᠭᠦᠪᠡᠭᠦᠨ︾ ᠤ ᠦᠵᠠᠯᠳᠡ ᠪᠠ ᠬᠠᠳ ᠢᠵᠠᠭᠤᠷᠳᠡᠨ ᠤ | ᠡᠭᠦᠰᠴᠣ ᠭᠦᠭᠵᠢᠭᠦ ᠳᠤ ᠦᠵᠠᠯ ᠰᠠᠨᠠᠭᠠᠨ ᠤ ᠰᠠᠭᠤᠷᠢ ᠶᠢ ᠲᠠᠯᠪᠢᠬᠰᠠᠨ ᠪᠠᠶᠢᠨ᠎ᠠ᠃ | ᠭᠤᠷᠪᠠᠳᠤᠭᠠᠷ ᠲᠤ᠂ ᠠᠯᠤᠨ ᠭᠤᠸ᠎ᠠ ᠡᠬᠡ ᠶᠢᠨ ︽ᠲᠠᠪᠤᠨ ᠮᠦᠰᠦ ᠪᠠᠷ ᠭᠦᠪᠡᠭᠦᠳ ᠢᠶᠠᠨ | ᠰᠤᠷᠭᠠᠡᠡᠰᠠᠨ︾ ᠤ ᠳ᠋ᠦᠡᠭ ᠳᠤ ᠬᠦᠪᠡᠭᠦᠳ ᠤᠨ ᠪᠡᠶ᠎ᠠ ᠶᠢᠨ ᠭᠠᠷᠤᠯ ᠤᠨ ᠰᠡᠵᠢᠭ ᠮᠠᠳᠠᠭ ᠢ ᠠᠯᠳᠠᠷᠭᠠᠵᠦ᠂ ᠲᠡᠳᠡᠨ ᠤ | ᠭᠡᠷ ᠪᠦᠯᠢ ᠳᠠᠬᠢ ᠠᠳᠠᠯᠢ ᠲᠡᠭᠰᠢ ᠡᠷᠭᠡ ᠪᠠ ᠪᠠᠶᠢᠷᠢ ᠰᠠᠭᠤᠷᠢ ᠶᠢ ᠪᠠᠳᠤᠯᠠᠵᠦ ᠴᠢᠳ᠋ᠬᠠᠰᠠᠨ ᠪᠦᠭᠡᠳ ᠬᠦᠪᠡᠭᠦᠳ ᠤᠨ | ᠪᠦᠯᠬᠦᠮᠳᠡᠯ ᠤᠨ ᠠᠰᠠᠭᠤᠳᠠᠯ ᠢ ᠰᠢᠢᠳᠪᠤᠷᠢᠯᠡᠵᠦ᠂ ︽ᠡᠶᠡᠯᠳᠤᠯᠳᠤᠬᠦ ᠲᠦᠷᠢᠮ︾ ᠢ ᠪᠦᠷᠢᠯᠳᠤᠭᠦᠯᠬᠦ ᠳᠤ ᠰᠠᠭᠤᠷᠢ | ᠲᠠᠯᠪᠢᠵᠠᠢ᠃ ᠪᠠᠰᠠ ᠬᠦᠪᠡᠭᠦᠳ ᠤᠨ ︽ᠬᠠᠮᠤᠭ ᠤᠨ ᠬᠠᠭᠠᠳ︾ ᠪᠤᠯᠬᠤ ᠡᠷᠢᠯ ᠬᠦᠰᠡᠯ ᠪᠠ ᠬᠦᠬᠡᠬᠡᠴᠡᠯᠳᠤᠭᠡ ᠶᠢ | ᠬᠦᠭᠵᠢᠭᠡᠵᠦ᠂ ᠵᠤᠷᠢᠡᠡᠳᠡᠢ ᠪᠠᠷ ᠰᠡᠳᠬᠢᠵᠦ ᠵᠤᠷᠢᠡᠡᠳᠡᠢ ᠪᠠᠷ ᠬᠢᠭᠦ ᠪᠤᠯᠭᠠᠡᠡᠰᠠᠨ ᠪᠠᠶᠢᠨ᠎ᠠ᠃ | ᠶᠡᠷᠦᠩᠬᠡᠶᠢᠯᠡᠪᠡᠯ᠂ ᠲᠡᠭᠷᠢ ᠶᠢ ᠰᠢᠳᠦᠬᠦ᠂ ᠬᠦᠮᠦᠨ ᠢ ᠬᠦᠨᠳᠦᠳᠭᠡᠬᠦ᠂ ᠪᠦᠯᠬᠦᠮᠳᠡᠯ ᠢ ᠡᠷᠬᠢᠮᠯᠡᠬᠦ | ᠨᠢ ᠠᠯᠤᠨ ᠭᠤᠸ᠎ᠠ ᠡᠬᠡ ᠶᠢᠨ ᠠᠮᠢᠳᠤᠷᠠᠯ ᠤᠨ ᠰᠤᠷᠭᠠᠨ ᠬᠦᠮᠦᠵᠢᠯ ᠤᠨ ᠦᠵᠡᠯ ᠰᠠᠨᠠᠭ᠎ᠠ ᠪᠤᠯᠬᠤ ᠪᠦᠭᠡᠳ | ᠦᠢᠢᠯᠡᠳᠦᠭᠦᠯᠦᠨ ᠮᠡᠳᠡᠭᠦᠯᠭᠦ᠂ ᠶᠤᠰᠤ ᠪᠠᠷ ᠤᠬᠠᠭᠠᠷᠠᠭᠤᠯᠬᠤ᠂ ᠤᠷᠤᠡᠡᠰᠢ ᠲᠠᠪᠰᠢᠭᠤᠯᠬᠤ ᠨᠢ ᠲᠡᠬᠦᠨ ᠤ ᠵᠤᠬᠢᠴᠠᠯ | ᠲᠠᠢ ᠡᠮᠬᠢ ᠲᠠᠷᠠᠭ᠎ᠠ ᠲᠠᠢ ᠰᠤᠯᠠ ᠲᠠᠯᠪᠢᠭᠤ ᠠᠵᠢᠯᠯᠠᠭᠠᠳᠦ ᠰᠤᠷᠭᠠᠨ ᠬᠦᠮᠦᠵᠢᠯ ᠤᠨ ᠠᠷᠭ᠎ᠠ ᠪᠤᠯᠤᠨ᠎ᠠ᠃ ᠲᠡᠭᠦᠨ ᠤ | ᠰᠤᠷᠭᠠᠨ ᠬᠦᠮᠦᠵᠢᠯ ᠤᠨ ᠦᠷ᠎ᠠ ᠳ᠋ᠦᠡᠭ ᠳᠤ ᠲᠠᠪᠤᠨ ᠭᠦᠪᠡᠭᠦᠳ ᠨᠢ ᠬᠦᠴᠦᠷᠭᠡᠭᠵᠢᠨ ᠮᠠᠨᠳᠦᠵᠦ᠂ ᠲᠡᠪᠦᠨ ᠤᠪᠤᠭ | ᠪᠤᠯᠤᠨ ᠬᠤᠪᠢᠶ᠋ᠬᠠᠳᠠᠵᠦ᠂ ᠰᠡᠭᠦᠯᠡᠷ ᠨᠢ ᠤᠪᠤᠭ ᠠᠶᠢᠮᠠᠭ ᠤᠨ ᠠᠬᠠᠯᠬᠠᠴᠢ ᠪᠤᠯᠵᠦ᠂ ᠮᠤᠩᠭᠤᠯ ᠤᠨ ᠨᠡᠶᠢᠭᠡᠮ ᠢ | ᠤᠪᠤᠭ ᠤᠨ ᠪᠠᠶᠢᠭᠤᠯᠤᠯ ᠠᠴᠠ ᠠᠶᠢᠮᠠᠭ ᠤᠨ ᠬᠤᠯᠪᠤᠭᠠᠨ ᠤ ᠪᠠᠶᠢᠭᠤᠯᠤᠯ ᠳᠤ ᠲᠦᠯᠬᠢᠨ ᠤᠷᠤᠭᠤᠯᠤᠡᠡᠰᠠᠨ ᠶᠤᠮ᠃ | | | |