| | | ᠬᠡᠰᠢᠭᠳᠡᠨ ᠬᠤᠰᠢᠭᠤ ᠨᠢ ᠡᠷᠳᠡᠨ ᠠᠴᠠ ᠠᠪᠤᠭᠠᠳ ᠤᠳᠤ ᠪᠤᠯᠳᠠᠯ᠎ᠠ ︽ᠨᠠᠷᠠᠰᠤᠨ ᠲᠠᠯᠠᠢ ᠶᠢᠨ | ᠨᠤᠳᠤᠭ︾ ᠬᠡᠵᠤ ᠠᠯᠳᠠᠷᠰᠢᠵᠠᠢ᠃ ᠤᠢ ᠰᠢᠭᠤᠢ ᠶᠢᠨ ᠡᠬᠢ ᠪᠠᠶᠠᠯᠢᠭ ᠡᠯᠪᠡᠭ᠂ ᠮᠤᠳᠤᠨ ᠤ ᠲᠦᠷᠦᠯ ᠵᠦᠢᠯ ᠤᠯᠠᠨ | ᠂ ᠮᠤᠳᠤᠨ ᠤ ᠴᠢᠨᠠᠷ ᠨᠢ ᠰᠠᠶᠢᠨ᠂ ᠤᠢ ᠰᠢᠭᠤᠢ ᠶᠢᠨ ᠲᠠᠯᠠᠪᠠᠢ ᠪᠦᠬᠦ ᠬᠤᠳᠠ ᠳᠠᠭᠠᠨ ᠲᠡᠷᠢᠬᠦᠨ ᠪᠠᠶᠢᠷᠢᠨ ᠳᠤ | ᠤᠷᠤᠵᠤ᠂ ᠤᠯᠠᠭᠠᠨᠬᠠᠳᠠ ᠬᠤᠳᠠ ᠶᠢᠨ ᠬᠡᠷᠡᠭᠯᠡᠬᠡᠨ ᠤ ᠤᠢ ᠶᠢᠨ ᠰᠠᠭᠤᠷᠢᠨ ᠭᠠᠵᠠᠷ ᠤᠨ ᠨᠢᠭᠡ ᠶᠤᠮ᠃ | ᠤᠯᠤᠰ ᠪᠠᠶᠢᠭᠤᠯᠤᠭᠳᠠᠭᠰᠠᠨ ᠠᠴᠠ ᠨᠠᠭᠠᠰᠢ᠂ ᠬᠡᠰᠢᠭᠳᠡᠨ ᠬᠤᠰᠢᠭᠤᠨ ᠤ ᠤᠢ ᠰᠢᠭᠤᠢ ᠶᠢᠨ | ᠦᠢᠯᠡᠳᠪᠤᠷᠢᠯᠡᠯ ᠦᠳᠳᠡᠷ ᠲᠦᠷᠬᠡᠨ ᠰᠡᠷᠬᠦᠨ ᠬᠦᠭᠵᠢᠵᠤ᠂ ᠤᠳᠤ ᠤᠢ ᠰᠢᠭᠤᠢ ᠶᠢᠨ ᠲᠠᠯᠠᠪᠠᠢ 489.5 ᠲᠦᠮᠡᠨ | ᠮᠤ᠋ ᠪᠠᠶᠢᠵᠤ᠂ ᠡᠬᠦᠨ ᠳᠤ ᠪᠠᠶᠢᠭᠠᠯᠢ ᠶᠢᠨ ᠤᠢ 406 ᠲᠦᠮᠡᠨ ᠮᠤ᠋᠂ ᠲᠠᠷᠢᠮᠠᠯ ᠤᠢ 63 ᠲᠦᠮᠡᠨ ᠮᠤ᠋ ᠪᠠᠶᠢᠵᠤ᠂ | ᠤᠯᠤᠰ ᠪᠠᠶᠢᠭᠤᠯᠤᠭᠳᠠᠬᠤ ᠶᠢᠨ ᠡᠬᠢᠨ ᠤ ᠦᠶ᠎ᠡ ᠶᠢᠨ 5.5 ᠲᠡᠬᠢᠨ᠂ ᠤᠯᠠᠭᠠᠨᠬᠠᠳᠠ ᠬᠤᠳᠠ ᠶᠢᠨ ᠤᠶᠢᠳᠤ ᠭᠠᠵᠠᠷ | ᠤᠨ 18.9% ᠶᠢ ᠡᠵᠡᠯᠡᠵᠤ ᠪᠠᠶᠢᠨ᠎ᠠ᠃ ᠪᠦᠬᠦ ᠬᠤᠰᠢᠭᠤᠨ ᠤ ᠤᠢ ᠰᠢᠭᠤᠢ ᠶᠢᠨ ᠪᠦᠷᠬᠦᠴᠠ ᠨᠢ 17.2%᠂ | ᠲᠡᠭᠰᠢ ᠲᠠᠯ᠎ᠠ ᠭᠠᠵᠠᠷ ᠤᠷᠤᠨ ᠳᠤ ᠦᠨᠳᠤᠰᠤᠨ ᠳᠡᠭᠡᠨ ᠲᠠᠷᠢᠶᠠᠯᠠᠩ ᠤᠨ ᠤᠢ ᠶᠢᠨ ᠲᠤᠤᠷ ᠢ ᠪᠡᠶᠡᠯᠡᠬᠦᠯᠪᠡ᠃ | 1993 ᠤᠨ ᠳᠤ ᠲᠦᠪ ᠬᠤᠷᠢᠶᠠᠨ ᠤ ᠨᠤᠭᠤᠭᠠᠷᠠᠭᠤᠯᠤᠯᠳᠠ ᠶᠢᠨ ᠵᠦᠪᠯᠡᠯ ᠠᠴᠠ ᠪᠦᠬᠦ ᠤᠯᠤᠰ ᠤᠨ ᠠᠯᠪᠠᠨ | ᠵᠢᠷᠤᠮ ᠢᠶᠠᠷ ᠮᠤᠳᠤ ᠤᠶᠢᠵᠢᠭᠤᠯᠤᠭᠰᠠᠨ ᠵᠢᠱᠢᠶᠠᠴᠢ ᠬᠤᠱᠢᠭᠤ ᠪᠠᠷ ᠦᠨᠡᠯᠡᠪᠡ᠃ ᠤᠳᠤᠬᠠᠨ ᠳᠤ ᠳ᠋ᠠ ᠵᠢᠤᠢ ᠽᠢ᠃ | ᠬᠤᠸᠠ ᠮᠤ᠋ ᠭᠸᠤ᠂ ᠬᠤᠩᠭᠤ ᠠᠭᠤᠯᠠ᠂ ᠪᠠᠶ᠋ᠬᠠᠤᠪᠤᠭ᠎ᠠ ᠪᠠᠷ ᠭᠤᠤᠯ ᠴᠤᠭᠴᠠ ᠪᠤᠯᠭᠠᠭᠰᠠᠨ ᠡᠮᠤᠨᠡᠳᠤ ᠤᠮᠠᠷᠠᠳᠤ ᠶᠢᠨ | ᠬᠤᠶᠠᠷ ᠶᠡᠭᠡ ᠤᠶᠢᠳᠤ ᠤᠷᠤᠨ ᠪᠠᠶᠢᠳᠠᠭ᠃ ᠡᠨᠡ ᠨᠢ ᠬᠡᠰᠢᠭᠳᠡᠨ ᠬᠤᠰᠢᠭᠤᠨ ᠤ ᠤᠢ ᠰᠢᠭᠤᠢ ᠶᠢᠨ ᠬᠠᠯᠬᠠᠪᠴᠢ | ᠪᠤᠯᠬᠤ ᠪᠦᠬᠡᠳ ᠲᠠᠯ᠎ᠠ ᠨᠤᠳᠤᠭ ᠲᠤ ᠨᠢᠭᠡᠨ ᠦᠵᠡᠮᠵᠢᠳᠤ ᠰᠠᠶᠢᠬᠠᠨ ᠠᠮᠢ ᠠᠬᠤᠢ ᠶᠢᠨ ᠤᠷᠴᠢᠨ ᠲᠤᠭᠤᠷᠢᠨ ᠢ ᠪᠤᠢ | ᠪᠤᠯᠭᠠᠵᠤ ᠦᠭᠪᠡ᠃ | ᠭᠤᠤᠯ ᠪᠤᠯᠬᠤ ᠮᠤᠳᠤᠨ ᠤ ᠲᠦᠷᠦᠯ ᠵᠦᠢᠯ ᠳᠤ ᠤᠯᠢᠶᠡᠰᠤ᠂ ᠤᠳᠠ᠂ ᠬᠠᠶᠢᠯᠠᠰᠤ᠂ ᠴᠠᠷᠠᠰᠤ | ᠂ ᠨᠠᠷᠠᠰᠤ᠂ ᠬᠠᠷᠭᠠᠢ᠂ ᠰᠢᠷ᠎ᠠ ᠨᠠᠷᠠᠰᠤ᠂ ᠴᠠᠭᠠᠨ ᠨᠠᠷᠠᠰᠤ᠂ ᠭᠠᠴᠤᠷ᠎ᠠ᠂ ᠶᠠᠪᠠᠭᠠᠨ ᠬᠤᠰᠤ᠂ ᠪᠤᠷᠤ ᠲᠤᠮᠤ ᠵᠡᠷᠬᠡ | ᠪᠠᠶᠢᠨ᠎ᠠ᠃ ᠴᠠᠭᠠᠨ ᠬᠤᠰᠤ ᠨᠢ ᠤᠨᠴᠠᠭᠠᠢ ᠲᠦᠷᠦᠯ ᠵᠦᠢᠯ ᠪᠠᠶᠢᠵᠤ ᠡᠯᠡᠰᠦᠷᠬᠡᠭ ᠭᠠᠵᠠᠷ ᠲᠤ ᠤᠷᠭᠤᠳᠠᠭ᠂ | ᠲᠠᠭᠳᠠᠭ ᠪᠤᠯᠪᠠᠴᠤ ᠠᠮᠠᠷᠬᠠᠨ ᠰᠢᠳᠠᠳᠠᠭ ᠵᠡᠷᠬᠡ ᠤᠨᠴᠠᠯᠢᠭ ᠲᠠᠢ᠃ ᠠᠳᠠ ᠤᠷᠳᠤ ᠨᠠᠰᠤᠳᠤ ᠡᠷᠳᠡᠨ ᠤ ᠨᠠᠷᠠᠰᠤᠨ | ᠮᠤᠳᠤ ᠤᠷᠭᠤᠵᠤ᠂ ᠨᠡᠷ᠎ᠡ ᠠᠯᠳᠠᠷᠰᠢᠭᠰᠠᠨ ᠦᠪᠦᠷ ᠮᠤᠩᠭᠤᠯ ᠤᠨ ᠬᠤᠶᠠᠳᠤᠭᠠᠷ ︽ᠨᠠᠷᠠᠰᠤᠨ ᠤ ᠸᠠᠩ︾ ① | ᠪᠠᠶᠢᠳᠠᠭ᠃ | | | ﹇ᠲᠠᠶᠢᠯᠪᠤᠷᠢ ①﹈ ᠬᠤᠩ ᠱᠠᠨ ᠽᠢ ᠰᠢᠶᠠᠩ ᠤᠨ ᠲᠠᠩ ᠵᠢᠶᠠ ᠳ᠋ᠢᠶᠠᠨ ᠤ ᠪᠠᠷᠠᠭᠤᠨ | ᠲᠠᠪᠠᠭᠠᠨ ᠲᠡᠭᠡᠷᠡᠬᠢ ᠮᠤᠳᠤᠨ ᠤ ᠨᠠᠰᠤ ᠨᠢ 360 ᠵᠢᠯ᠂ ᠦᠨᠳᠤᠷ ᠨᠢ 18.5 ᠮᠧᠲᠷ᠂ ᠷᠠᠳᠢᠤᠰ ᠨᠢ 11.2, | ᠰᠡᠨᠲ᠋ᠢᠮᠧᠲᠷ ᠪᠠᠶᠢᠳᠠᠭ᠃ | |