| | ᠲᠠᠯᠤᠨᠠᠭᠤᠷ ᠨᠢ ᠲᠠᠩᠰᠤᠭ ᠰᠠᠶᠢᠬᠠᠨ ᠥᠵᠡᠮᠵᠢ᠂ ᠥᠪᠡᠷᠮᠢᠴᠡ ᠭᠤᠸ᠎ᠠ ᠥᠩᠭᠡ ᠲᠥᠷᠬᠦ | ᠪᠠᠷ ᠪᠤᠰᠤᠳ ᠨᠠᠭᠤᠷ ᠲᠠᠩᠭᠢᠰ ᠠᠴᠠ ᠤᠨᠴᠠ ᠢᠯᠭᠠᠪᠤᠷᠢᠳᠠᠢ ᠪᠠᠶᠢᠳᠠᠭ ᠢᠶᠠᠷ ᠢᠶᠠᠨ ᠡᠩ ᠦᠭᠡᠢ ᠠᠭᠤᠳᠠᠮ ᠬᠥᠩᠭᠡᠷ | ᠤᠨ ᠲᠠᠯ᠎ᠠ ᠶᠢᠨ ᠴᠢᠮᠡᠭ ᠪᠤᠯᠤᠨ ᠲᠤᠷᠮᠤᠶᠢᠵᠤ᠂ ᠱᠠᠷ ᠤᠨ ᠭᠤᠤᠯ ᠪᠤᠯᠤᠨ ᠬᠤᠭᠤᠯᠠᠢ ᠶᠢᠨ ᠭᠤᠤᠯ ᠢᠶᠠᠷ ᠭᠠᠩᠭᠠᠨ | ᠨᠠᠭᠤᠷ ᠪᠤᠯᠤᠨ ᠲᠥᠷᠤᠭᠡᠨᠠᠭᠤᠷ ᠲᠠᠢ ᠵᠠᠯᠭᠠᠯᠳᠤᠨ᠂ ᠬᠥᠩᠭᠡᠷ ᠤᠨ ᠭᠤᠤᠯ᠂ ᠰᠢᠷᠭᠤᠭ᠎ᠠ ᠶᠢᠨ ᠭᠤᠤᠯ ᠴᠢᠳᠬᠤᠭᠰᠠᠨ | ᠠᠴᠠ ᠶᠤᠰᠤᠳᠠᠢ ᠤᠭ᠍ᠶᠤ ᠨᠤᠭᠤᠭᠠᠨ ᠲᠠᠯ᠎ᠠ ᠳᠠᠬᠢ ᠱᠤᠭᠤᠵᠤ ᠰᠢᠳᠬᠡᠭᠰᠡᠨ ᠮᠥᠩᠭᠦᠨ ᠲᠤᠯᠢ ᠰᠢᠤᠬᠠᠨ ᠪᠥᠳᠤᠨ | ᠵᠢᠷᠤᠭ ᠪᠤᠯᠵᠤ ᠬᠠᠷᠠᠭᠳᠠᠨ᠎ᠠ᠃ ᠶᠠᠭ ᠡᠶᠢᠮᠤ ᠪᠤᠯᠬᠤᠷ ᠲᠠᠯᠤᠨᠠᠭᠤᠷ ᠢ《 ᠭᠠᠵᠠᠷ ᠤᠨ ᠰᠥ》 ᠬᠡᠮᠡᠨ ᠵᠥᠢᠷᠯᠡᠳᠡᠭ | ᠠᠵᠠᠢ᠃ ᠡᠨᠡ ᠬᠦ ᠨᠠᠭᠤᠷ ᠤᠨ ᠵᠢᠩᠭᠢᠨᠢ ᠨᠡᠷ᠎ᠡ ᠨᠢ《 ᠲᠠᠯᠤᠨᠠᠭᠤᠷ》 ᠮᠥᠨ᠃ ᠬᠠᠷᠢᠨ《 ᠲᠠᠯᠠᠶᠢᠨᠠᠭᠤᠷ》 ᠪᠢᠰᠢ | ᠶᠤᠮ᠃ ᠨᠠᠭᠤᠷ ᠤᠨ ᠵᠡᠬᠦᠨ ᠲᠠᠯ᠎ᠠ ᠳᠤ ᠪᠠᠶᠢᠭ᠎ᠠ ᠭᠠᠴᠠᠭ᠎ᠠ ᠶᠢ ᠠᠳᠡᠬᠢ ᠮᠤᠩᠭᠤᠯᠴᠤᠳ ᠤᠳᠤ ᠴᠣ᠋ ᠭᠡᠰᠡᠨ ᠮᠠᠰᠢ | ᠲᠤᠳᠤᠷᠬᠠᠢ《 ᠲᠠᠯᠤ ᠭᠠᠴᠠᠭ᠎ᠠ》 ᠭᠡᠵᠤ ᠲᠠᠭᠤᠳᠠᠳᠠᠭ ᠠᠴᠠ ᠪᠢᠰᠢ ᠬᠠᠷᠢᠨ《 ᠲᠠᠯᠠᠢ ᠭᠠᠴᠠᠭ᠎ᠠ》 ᠭᠡᠵᠤ | ᠨᠡᠷᠡᠯᠡᠳᠡᠭ ᠦᠭᠡᠢ᠃ ᠨᠠᠭᠤᠷ ᠤᠨ ᠬᠡᠯᠪᠡᠷᠢ ᠲᠥᠷᠬᠦ ᠶᠢ ᠭᠠᠵᠠᠷ ᠤᠨ ᠵᠢᠷᠤᠭ ᠠᠴᠠ ᠰᠢᠨᠵᠢᠪᠡᠯ ᠬᠤᠨᠢᠨ ᠤ ᠲᠠᠯᠤ | ᠶᠠᠰᠤᠨ ᠤ ᠰᠢᠨᠵᠢ ᠲᠠᠢ ᠰᠢᠭ᠋ ᠬᠠᠷᠠᠭᠳᠠᠳᠠᠭ᠃ ᠲᠡᠶᠢᠮᠤ ᠳᠡᠭᠡᠨ《 ᠲᠠᠯᠤ ᠨᠠᠭᠤᠷ》 ᠭᠡᠵᠤ ᠲᠠᠭᠤᠳᠠᠭᠰᠠᠨ ᠪᠠᠶᠢᠨ᠎ᠠ᠃ | ᠬᠡᠰᠢᠭᠳᠡᠨ ᠳᠤ ᠲᠠᠯᠤᠨᠠᠭᠤᠷ ᠤᠨ ᠲᠤᠬᠠᠢ ᠡᠶᠢᠮᠤ ᠨᠢᠬᠡᠨ ᠲᠤᠮᠤᠭ ᠤᠯᠠᠮᠵᠢᠯᠠᠭᠳᠠᠵᠤ ᠪᠠᠶᠢᠳᠠᠭ᠃ | ᠡᠷᠳᠡ ᠤᠷᠢᠳᠤ ᠶᠢᠨ ᠴᠠᠭ ᠲᠤ ᠲᠠᠯᠤᠨᠠᠭᠤᠷ ᠭᠡᠵᠤ ᠪᠠᠶᠢᠭ᠎ᠠ ᠦᠭᠡᠢ᠂ ᠠᠳᠡ ᠥᠷᠭᠡᠨ | ᠠᠭᠤᠳᠠᠮ ᠲᠠᠯ᠎ᠠ ᠪᠠᠶᠢᠵᠤ᠂ ᠠᠷᠣᠰᠢᠳᠠᠢ ᠪᠠᠶᠠᠨ ᠤ ᠬᠢᠨ ᠭᠡᠳᠡᠭ ᠠᠶᠢᠯ ᠠᠳᠤᠭᠤ ᠮᠠᠯ ᠥᠨᠢᠷ᠂ ᠠᠮᠤᠷ ᠵᠢᠷᠭᠠᠯᠳᠠᠢ | ᠠᠮᠢᠳᠤᠷᠠᠵᠤ ᠪᠠᠶᠢᠵᠠᠢ᠃ | ᠨᠢᠬᠡᠨ ᠡᠳᠤᠷ ᠡᠮᠣᠨ᠎ᠡ ᠭᠠᠵᠠᠷ ᠠᠴᠠ ᠨᠠᠨ ᠫᠠᠨ ᠽᠢ ᠭᠡᠭᠴᠢ ᠭᠠᠵᠠᠷ ᠰᠢᠨᠵᠢᠭᠡᠴᠢ | ᠬᠥᠶᠤᠬᠦᠷ ᠬᠥᠮᠤᠨ ᠢᠷᠡᠵᠤ ᠠᠷᠣᠰᠢᠳᠠᠢ ᠪᠠᠶᠠᠨ ᠤ ᠬᠤᠨᠢ ᠶᠢ ᠬᠠᠷᠢᠭᠤᠯᠤᠶ᠎ᠠ ᠭᠡᠵᠤ ᠭᠤᠶᠤᠭᠠᠳ ᠬᠤᠨᠢᠴᠢᠨ ᠪᠤᠯᠵᠤ | ᠬᠡᠳᠤᠨ ᠵᠢᠯ ᠰᠠᠭᠤᠵᠠᠢ᠃ | ᠡᠨᠡ ᠬᠥᠮᠤᠨ ᠰᠠᠶᠢᠨ ᠭᠠᠵᠠᠷ ᠰᠢᠨᠵᠢᠳᠡᠭ ᠪᠤᠯᠬᠤᠷ ᠡᠨᠡ ᠤᠷᠤᠨ ᠤ ᠭᠠᠵᠠᠷ ᠣᠰᠣ ᠶᠢ | ᠰᠢᠨᠵᠢᠨ᠂ ᠪᠤᠷᠬᠠᠨ ᠬᠠᠳᠠ ᠪᠤᠯᠤᠨ ᠰᠡᠷᠪᠡᠩ ᠬᠠᠳᠠᠨ ᠤ ᠬᠤᠭᠤᠷᠤᠨᠳᠤ ᠨᠢᠬᠡᠨ ᠠᠯᠳᠠᠨ ᠤᠨᠠᠭ᠎ᠠ ᠠᠯᠢᠶᠠᠯᠠᠨ | ᠲᠤᠭᠯᠠᠵᠤ ᠪᠠᠶᠢᠬᠤ ᠶᠢ ᠮᠡᠳᠡᠭᠡᠳ ᠪᠠᠷᠢᠵᠤ ᠠᠪᠬᠤ ᠰᠠᠨᠠᠭ᠎ᠠ ᠲᠠᠢ ᠬᠤᠨᠢᠴᠢᠨ ᠪᠤᠯᠵᠤ ᠡᠨᠡᠭᠦᠷ ᠡᠷᠬᠢᠴᠡᠨ ᠪᠠᠶᠢᠭ᠎ᠠ | ᠠᠵᠠᠢ᠃ ᠭᠡᠳᠡᠯ᠎ᠡ ᠲᠡᠷᠡ ᠠᠯᠳᠠᠨ ᠤᠨᠠᠭ᠎ᠠ ᠮᠠᠰᠢ ᠰᠡᠷᠬᠡᠢ᠂ ᠲᠡᠬᠦᠨ ᠤ ᠬᠥᠯ ᠤᠨ ᠴᠢᠮᠡᠭᠡ᠂ ᠬᠥᠯᠤᠰᠤᠨ ᠤ ᠥᠨᠣᠷ | ᠢᠶᠠᠷ ᠵᠢᠭᠤᠳᠠᠳᠠᠭ ᠲᠤᠯᠠ ᠨᠠᠨ ᠫᠠᠨ ᠽᠢ ᠡᠳᠤᠷ ᠤᠨ ᠤᠳᠠᠭᠠᠨ ᠳᠤ ᠴᠥᠬᠦᠷᠡᠩ ᠢᠶᠠᠨ ᠪᠠᠷᠠᠵᠠᠢ᠃ | ᠲᠡᠭᠡᠭᠡᠳ ᠲᠡᠷᠡ᠂ ᠤᠨᠠᠭ᠎ᠠ ᠪᠠᠷᠢᠬᠤ ᠰᠠᠨᠠᠭ᠎ᠠ ᠪᠠᠨ ᠬᠤᠷᠢᠶᠠᠵᠤ ᠠᠭᠤᠯᠠ ᠶᠢᠨ ᠵᠡᠬᠦᠨ | ᠰᠣᠭᠤ ᠪᠠᠷ ᠪᠡᠯᠴᠢᠳᠡᠭ ᠡᠷᠳᠡᠨᠢ ᠶᠢᠨ ᠲᠤᠯᠤᠭᠠᠨ ᠪᠤᠷᠤᠯᠠᠭ ᠬᠤᠨᠢ ᠶᠢ ᠨᠤᠮᠤᠬᠠᠨ ᠢᠶᠠᠷ ᠨᠢ ᠪᠠᠷᠢᠵᠤ ᠠᠪᠠᠴᠢᠬᠤ ᠪᠠᠷ | ᠪᠠᠶᠢᠨ ᠪᠠᠶᠢᠨ ᠤᠴᠢᠬᠤ ᠳᠤ ᠡᠳᠡᠭᠡᠷ ᠬᠤᠨᠢ ᠪᠠᠰᠠ ᠲᠡᠬᠦᠨ ᠢ ᠥᠢᠷᠠᠳᠤᠭᠤᠯᠬᠤ ᠦᠭᠡᠢ ᠪᠠᠶᠢᠭ᠎ᠠ ᠳᠤ ᠨᠠᠨ ᠫᠠᠨ ᠽᠢ | ᠪᠡᠯᠡᠳᠭᠡᠵᠤ ᠠᠪᠤᠭᠰᠠᠨ ᠲᠤᠯᠤᠭᠠᠨ ᠨᠤᠭᠳᠤ᠂ ᠲᠤᠯᠤᠭᠠᠨ ᠪᠤᠷᠳᠤᠭᠠᠨ ᠲᠡᠪᠢᠬᠦᠷ ᠢᠶᠠᠨ ᠠᠪᠴᠤ ᠡᠳᠤᠷ ᠪᠤᠯᠭᠠᠨ | ᠬᠠᠷᠢᠭᠤᠯᠤᠭᠰᠠᠨ ᠬᠤᠨᠢ ᠲᠠᠢ ᠪᠠᠨ ᠢᠵᠢᠯᠢᠰᠢᠬᠦᠯᠵᠤ᠂ ᠲᠡᠪᠢᠭᠦᠷ ᠲᠤ ᠬᠢᠭᠰᠡᠨ ᠠᠮᠳᠠᠳᠠᠢ ᠪᠤᠷᠳᠤᠭ᠎ᠠ ᠪᠠᠨ ᠪᠠᠭ᠎ᠠ | ᠪᠠᠭ᠎ᠠ ᠪᠠᠷ ᠢᠳᠡᠭᠦᠯᠤᠨ ᠪᠡᠶ᠎ᠡ ᠥᠵᠡᠬᠦᠯᠤᠨ ᠠᠭᠠᠵᠢᠮ ᠳᠠᠭᠠᠨ ᠬᠤᠨᠢ ᠪᠥᠬᠦᠳᠡ ᠶᠢ ᠡᠳᠤᠷ ᠲᠤ ᠲᠤᠯᠤᠭᠠᠨ | ᠲᠤᠯᠤᠭ᠎ᠠ ᠲᠥᠴᠢ ᠶᠢᠰᠤ ᠤᠳᠠᠭ᠎ᠠ ᠢᠯᠪᠢᠨ ᠮᠠᠭᠠᠵᠢᠵᠤ ᠠᠷᠭᠠᠳᠠᠭᠰᠠᠭᠠᠷ ᠪᠠᠶᠢᠭᠠᠳ ᠪᠡᠶ᠎ᠡ ᠳᠡᠭᠡᠨ ᠲᠠᠰᠬᠠᠭᠰᠠᠨ | ᠪᠤᠯᠪᠠᠴᠤ ᠭᠠᠭᠴᠠᠭᠠᠷ ᠲᠡᠬᠦᠨ ᠢ ᠨᠤᠭᠳᠤᠯᠠᠨ ᠠᠪᠴᠤ ᠪᠥᠷ ᠲᠡᠶᠢᠯᠥᠭᠰᠡᠨ ᠦᠭᠡᠢ᠃ ᠨᠠᠨ ᠫᠠᠨ ᠽᠢ ᠲᠤᠰ ᠭᠠᠵᠠᠷ | ᠤᠨ ᠬᠠᠮᠤᠭ ᠤᠨ ᠭᠤᠤᠯᠴᠢ ᠰᠢᠳᠤᠷᠭᠤ ᠬᠥᠮᠤᠨ ᠪᠤᠯᠬᠤ ᠬᠥᠷᠡᠯᠳᠠᠢ ᠬᠥᠤ ᠲᠠᠢ ᠨᠠᠶᠢᠵᠠ ᠪᠤᠯᠪᠠ᠃ ᠲᠡᠭᠡᠭᠡᠳ ᠨᠢᠬᠡ | ᠡᠳᠤᠷ ᠬᠤᠨᠢ ᠪᠠᠷᠢᠬᠤ ᠤᠴᠢᠷ ᠢᠶᠠᠨ ᠬᠡᠯᠡᠵᠤ ᠮᠠᠷᠭᠠᠰᠢ ᠥᠷᠯᠤᠭᠡ ᠨᠢ ᠨᠠᠷᠠᠨ ᠢᠶᠠᠷ ᠣᠴᠢᠵᠤ ᠪᠠᠷᠢᠯᠴᠠᠬᠤ ᠪᠠᠷ | ᠬᠥᠷᠡᠯᠳᠠᠢ ᠬᠥᠤ ᠲᠠᠢ ᠪᠤᠯᠵᠣᠵᠤ ᠭᠡᠨ᠎ᠡ᠃ | ᠲᠡᠷᠡ ᠥᠳᠡᠰᠢ ᠬᠥᠷᠡᠯᠳᠠᠢ ᠬᠥᠤ ᠣᠨᠳᠠᠬᠤ ᠪᠤᠯᠬᠤ ᠳᠤ ᠲᠡᠬᠦᠨ ᠤ ᠬᠠᠯᠳᠠᠷ ᠲᠠᠶᠢᠭ᠎ᠠ ᠨᠢ | ᠬᠠᠳᠠᠪᠴᠢ ᠪᠠᠨ ᠲᠠᠷᠤᠨ ᠭᠠᠰᠠᠯᠵᠤ ᠭᠠᠩᠭᠢᠨᠠᠭᠠᠳ ᠨᠢᠬᠡ ᠵᠢᠭᠳᠡᠢ ᠬᠤᠷᠭᠤᠭᠤᠬᠤ ᠲᠤᠯᠠ ᠲᠡᠷᠡ ᠶᠠᠭᠤ ᠪᠤᠯᠤᠭᠰᠠᠨ ᠢ | ᠮᠡᠳᠡᠭᠦ ᠭᠡᠵᠤ ᠭᠡᠷ ᠠᠴᠠ ᠭᠠᠷᠳᠠᠯ᠎ᠠ᠂ ᠥᠨᠤᠬᠢ ᠨᠤᠬᠠᠢ ᠤᠷᠢᠳᠠᠢ ᠠᠶᠢᠯ ᠤᠷᠤᠭᠤ ᠪᠠᠨ ᠬᠤᠷᠭᠤᠭᠠᠭᠰᠠᠭᠠᠷ ᠬᠥᠶᠤᠵᠠᠢ | ᠃ ᠬᠥᠷᠡᠯᠳᠠᠢ ᠶᠢᠨ ᠭᠡᠷ ᠤᠨ ᠣᠷᠢᠳᠠᠢ ᠨᠢ ᠲᠠᠯᠠᠨ ᠨᠠᠰᠤᠳᠠᠢ ᠲᠠᠯ᠎ᠠ ᠡᠮᠡᠭᠡᠨ ᠭᠡᠵᠤ ᠪᠣᠳᠠᠭ᠎ᠠ ᠭᠤᠶᠤᠵᠤ ᠢᠳᠡᠳᠡᠭ | ᠭᠤᠶᠢᠷᠠᠨᠴᠢ ᠡᠮᠡᠬᠡᠨ ᠮᠠᠶᠢᠵᠢᠬᠢ ᠭᠡᠷ ᠲᠠᠢ ᠰᠠᠭᠤᠵᠤ ᠪᠠᠶᠢᠵᠠᠢ᠃ ᠨᠤᠬᠠᠢ ᠨᠢ ᠲᠡᠳᠡᠨ ᠤ ᠭᠠᠳᠠᠨ᠎ᠠ ᠤᠴᠢᠭᠠᠳ ᠨᠢᠬᠡ | ᠬᠥᠭ ᠢᠶᠠᠷ ᠬᠤᠷᠭᠤᠭᠠᠬᠤ ᠳᠤᠨᠢ ᠬᠥᠷᠡᠯᠳᠠᠢ ᠬᠥᠤ ᠲᠤᠳᠤᠷ᠎ᠠ ᠪᠠᠨ ᠶᠠᠭᠤ ᠪᠤᠯᠪᠠ︖ ᠭᠡᠵᠤ ᠪᠤᠳᠤᠭᠠᠳ | ᠭᠤᠶᠢᠷᠠᠨᠴᠢ ᠡᠮᠡᠭᠡᠨ ᠤ ᠳᠤ ᠣᠷᠣᠵᠣ ᠤᠴᠢᠮᠠᠭᠴᠠ ᠨᠤᠬᠠᠢ ᠬᠤᠷᠭᠤᠭᠠᠬᠤ ᠪᠠᠨ ᠪᠤᠯᠢᠵᠠᠢ᠃ | ᠡᠮᠡᠭᠡᠨ ᠬᠥᠷᠡᠯᠳᠠᠢ ᠬᠥᠤ ᠶᠢ ᠥᠵᠡᠭᠡᠳ ᠶᠡᠭᠡ ᠯᠡ ᠪᠠᠶᠠᠷᠯᠠᠵᠤ ᠬᠠᠨ᠎ᠠ ᠶᠢᠨ ᠲᠤᠯᠤᠭᠠᠢ | ᠳᠤ ᠲᠡᠭᠦᠵᠢᠯᠡᠭᠰᠡᠨ ᠬᠠᠷ᠎ᠠ ᠬᠡᠤᠳᠠᠢ ᠲᠠᠢ ᠭᠤᠯᠢᠷ᠂ ᠬᠠᠭᠠᠷᠬᠠᠢ ᠸᠠᠭᠠᠷ ᠲᠤ ᠴᠡᠷᠴᠠᠭᠠᠭᠰᠠᠨ ᠰᠢᠷ᠎ᠠ ᠲᠤᠰᠤ ᠪᠠᠨ | ᠬᠠᠮᠳᠤ ᠳᠤᠨᠢ ᠲᠡᠬᠦᠨ ᠤ ᠡᠮᠤᠨ᠎ᠡ ᠥᠷᠣᠭᠡᠳ ᠴᠠᠢ ᠤᠤᠭᠤᠯᠭᠠᠬᠤ ᠳᠠᠭᠠᠨ᠄《 ᠬᠥᠤ ᠮᠢᠨᠢ ᠲᠠ ᠶᠡᠭᠡ ᠯᠡ ᠬᠥᠳᠤᠰ | ᠰᠢᠳᠤᠷᠭᠤ ᠬᠥᠮᠤᠨ ᠪᠠᠶᠢᠨ᠎ᠠ ᠳ᠋ᠠ︕》 ᠭᠡᠳ᠄《 ᠮᠠᠷᠭᠠᠰᠢ ᠶᠠᠮᠠᠷ ᠠᠵᠢᠯ ᠬᠢᠬᠦ ᠪᠠᠨ ᠡᠵᠢ ᠳᠡᠭᠡᠨ ᠬᠡᠯᠡᠭᠡᠳ ᠠᠯᠢ | ᠳ᠋ᠠ》 ᠭᠡᠵᠤ ᠬᠡᠯᠡᠬᠦ ᠳᠤᠨᠢ᠂ ᠬᠥᠷᠡᠯᠳᠠᠢ ᠬᠥᠤ ᠨᠠᠨ ᠫᠠᠨ ᠽᠢ ᠳᠤ ᠬᠤᠨᠢ ᠡᠪᠰᠡᠵᠤ ᠪᠠᠷᠢᠵᠤ ᠥᠭᠬᠦ ᠤᠴᠢᠷ ᠢᠶᠠᠨ | ᠥᠨᠡᠨ ᠢᠶᠠᠷ ᠬᠡᠯᠡᠬᠦ ᠳᠤ᠂ ᠡᠮᠡᠭᠡᠨ᠄《 ᠲᠡᠷᠡ ᠬᠥᠤ ᠬᠤᠨᠢ ᠪᠠᠨ ᠠᠯᠳᠠᠵᠠᠢ ᠤᠤ︖》 ᠭᠡᠵᠤ ᠠᠰᠠᠭᠤᠪᠠᠯ᠂ | ᠬᠥᠷᠡᠯᠳᠠᠢ 《ᠲᠡᠶᠢᠮᠤ 》ᠭᠡᠵᠤ ᠬᠠᠷᠢᠭᠤᠯᠵᠠᠢ᠃《 ᠲᠡᠭᠡᠪᠡᠯ ᠲᠠ ᠡᠯᠪᠡᠵᠤ ᠪᠠᠷᠢᠵᠤ ᠥᠭ︕ ᠵᠠᠪᠠᠯ ᠵᠡᠭᠦᠨ ᠵᠠᠮ | ᠢᠶᠠᠷ ᠨᠢ ᠨᠠᠨ ᠫᠠᠨ ᠽᠢ ᠶᠢ ᠭᠠᠷᠭᠠᠵᠤ ᠥᠭᠭᠦᠨ᠎ᠡ ᠰᠢᠤ︕ ᠡᠬᠦᠨ ᠢ ᠮᠠᠷᠳᠠᠵᠤ ᠪᠤᠯᠬᠤ ᠦᠭᠡᠢ》 ᠭᠡᠵᠤ ᠵᠠᠬᠢᠵᠠᠢ᠃ | | ᠲᠠᠷᠠᠭ᠎ᠠ ᠥᠷᠯᠤᠭᠡ ᠨᠢ ᠬᠥᠷᠡᠯᠳᠠᠢ ᠬᠥᠤ ᠪᠤᠯᠵᠣᠭᠰᠠᠨ ᠶᠤᠰᠤᠭᠠᠷ ᠤᠴᠢᠵᠤ ᠨᠠᠨ ᠫᠠᠨ ᠽᠢ ᠳᠤ ᠲᠤᠯᠣᠭᠠᠨ ᠪᠤᠷᠤᠯᠠᠭ | ᠬᠤᠨᠢ ᠶᠢ ᠴᠥᠮ ᠨᠤᠭᠳᠤᠯᠠᠨ ᠥᠭᠴᠤ ᠡᠵᠢ ᠶᠢᠨ ᠵᠠᠬᠢᠭᠰᠠᠨ ᠶᠤᠰᠤᠭᠠᠷ ᠵᠡᠬᠦᠨ ᠵᠠᠮ ᠤᠷᠤᠭᠤ ᠭᠠᠷᠭᠠᠵᠤ ᠥᠭᠬᠦ | ᠭᠡᠭᠦ ᠳᠤ᠂ ᠨᠠᠨ ᠫᠠᠨ ᠽᠢ ᠶᠠᠭᠠᠬᠢᠭᠰᠠᠨ ᠴᠣ᠋ ᠵᠥᠪᠰᠢᠶᠡᠷᠡᠭᠰᠡᠨ ᠦᠭᠡᠢ ᠥᠬᠡ ᠲᠠᠭᠤᠨ ᠦᠭᠡᠢ ᠡᠮᠤᠨᠡᠰᠢ ᠬᠥᠳᠤᠯᠤᠨ | ᠤᠳᠴᠠᠢ᠃ ᠬᠥᠷᠡᠯᠳᠠᠢ ᠬᠥᠤ ᠡᠵᠢ ᠶᠢᠨ ᠵᠠᠬᠢᠶ᠎ᠠ ᠶᠢ ᠪᠡᠶᠡᠯᠡᠬᠦᠯᠵᠤ ᠲᠡᠶᠢᠯᠥᠭᠰᠡᠨ ᠦᠭᠡᠢ ᠬᠤᠳᠠᠯ ᠬᠡᠯᠡᠵᠤ ᠪᠤᠯᠬᠤ | ᠦᠭᠡᠢ ᠲᠤᠯᠠ ᠨᠠᠨ ᠫᠠᠨ ᠽᠢ ᠶᠢᠨ ᠠᠷᠣ ᠠᠴᠠ ᠰᠡᠮᠡᠭᠡᠷ ᠬᠥᠷᠴᠤ ᠬᠤᠷᠮᠤᠢ ᠪᠠᠨ ᠬᠥᠪᠢᠵᠤ ᠬᠤᠨᠢᠳ ᠢ | ᠥᠷᠭᠦᠭᠡᠭᠰᠡᠨ ᠳᠤ ᠲᠤᠯᠤᠭᠠᠨ ᠪᠤᠷᠤᠯᠠᠭ ᠬᠤᠨᠢ ᠨᠠᠨ ᠫᠠᠨ ᠽᠢ ᠶᠢ ᠴᠢᠷᠤᠨ ᠪᠤᠵᠢᠬᠢᠨᠠᠯᠳᠤᠨ ᠬᠥᠶᠤᠪᠡ᠃ ᠨᠠᠨ ᠫᠠᠨ | ᠽᠢ ᠬᠤᠨᠢ ᠶᠢ ᠠᠮᠢ ᠲᠠᠢ ᠪᠠᠨ ᠬᠤᠯᠪᠤᠵᠤ ᠵᠢᠭᠤᠷᠠᠨ ᠴᠢᠷᠤᠯᠳᠥᠭᠰᠡᠭᠡᠷ ᠪᠠᠶᠢᠵᠤ ᠲᠥᠩᠭᠡᠭᠡᠳ ᠵᠢᠷᠭᠤᠭ᠎ᠠ ᠶᠢ ᠨᠢ | ᠲᠤᠭᠳᠠᠭᠠᠨ ᠠᠪᠴᠤ ᠨᠢᠬᠡ ᠶᠢ ᠠᠯᠳᠠᠵᠤ ᠶᠠᠪᠤᠭᠤᠯᠵᠠᠢ᠃ ᠲᠡᠭᠡᠭᠡᠳ ᠲᠡᠷᠡ ᠡᠷᠳᠡᠨᠢ ᠶᠢᠨ ᠵᠢᠷᠭᠤᠭᠠᠨ ᠬᠤᠨᠢ ᠶᠢ | ᠠᠪᠠᠴᠢᠵᠤ ᠨᠤᠳᠤᠭ ᠤᠨ ᠢᠶᠠᠷ ᠠᠭᠤᠯᠠ ᠪᠤᠯᠭᠠᠨ ᠳᠤ ᠲᠠᠯᠪᠢᠵᠤ᠂ ᠤᠰᠤ ᠪᠥᠬᠦᠨ ᠳᠤ ᠲᠠᠰᠠᠬᠠᠭᠰᠠᠨ ᠪᠤᠯᠪᠠᠴᠤ | ᠨᠢᠬᠡ ᠡᠷᠳᠡᠨᠢ ᠶᠢᠨ ᠬᠤᠨᠢ ᠶᠢ ᠠᠯᠳᠠᠵᠤ ᠶᠠᠪᠤᠭᠤᠯᠤᠭᠰᠠᠨ ᠤ ᠤᠷᠰᠢᠭ ᠠᠴᠠ ᠪᠤᠰᠤᠳ ᠨᠢ ᠲᠡᠳᠡᠨ ᠤ ᠨᠤᠳᠤᠭ ᠲᠤ | ᠡᠴᠤᠰ ᠲᠡᠭᠡᠨ ᠲᠤᠭᠳᠠᠭᠰᠠᠨ ᠦᠭᠡᠢ᠃ | ᠨᠠᠨ ᠫᠠᠨ ᠽᠢ ᠡᠬᠦᠨ ᠳᠤ ᠬᠤᠷᠤᠰᠤᠯᠳᠠᠢ ᠪᠠᠷ ᠪᠤᠴᠠᠵᠤ ᠢᠷᠡᠭᠡᠳ ᠬᠥᠷᠡᠯᠳᠠᠢ ᠬᠥᠤ ᠳᠤ | ᠄《 ᠲᠠᠨ ᠤ ᠠᠳᠡ ᠨᠢᠬᠡ ᠤᠳᠠᠭᠠᠨ ᠤ ᠤᠰᠤᠨ ᠭᠠᠮᠰᠢᠭ ᠭᠠᠷᠤᠨ᠎ᠠ᠃ ᠲᠠᠨᠤᠰ ᠠᠳᠡ ᠠᠴᠠ ᠡᠷᠳᠡᠬᠡᠨ ᠵᠠᠶᠢᠯᠠᠵᠤ | ᠶᠠᠪᠤᠪᠠᠯ ᠲᠠᠭᠠᠷᠠᠨ᠎ᠠ》 ᠭᠡᠵᠤ ᠶᠠᠷᠢᠬᠤ ᠳᠤ ᠬᠥᠷᠡᠯᠳᠠᠢ᠄《 ᠭᠠᠮᠰᠢᠭ ᠬᠡᠵᠢᠶ᠎ᠡ ᠭᠠᠷᠬᠤ ᠪᠤᠢ︖》 ᠭᠡᠵᠤ | ᠠᠰᠠᠭᠤᠬᠤ ᠳᠤ᠄《 ᠠᠶᠢᠯ ᠤᠨ ᠪᠠᠷᠠᠭᠤᠨ ᠡᠮᠤᠨᠡᠬᠢ ᠬᠤᠳᠳᠤᠭ ᠤᠨ ᠲᠡᠷᠭᠡᠳᠡᠬᠢ ᠴᠢᠯᠠᠭᠤᠨ ᠠᠷᠰᠠᠯᠠᠨ ᠤ ᠨᠢᠳᠤ | ᠬᠡᠵᠢᠶ᠎ᠡ ᠤᠯᠠᠶᠢᠪᠠᠯ ᠲᠡᠷᠡ ᠴᠠᠭ ᠲᠤ ᠬᠤᠳᠳᠤᠭ ᠠᠴᠠ ᠶᠡᠭᠡ ᠤᠰᠤ ᠥᠢᠯᠵᠤ ᠭᠠᠮᠰᠢᠭ ᠪᠤᠯᠤᠨ᠎ᠠ》 ᠭᠡᠵᠠᠢ᠃ | ᠬᠥᠷᠡᠯᠳᠠᠢ ᠬᠥᠤ ᠲᠡᠬᠦᠨ ᠤ ᠶᠠᠪᠤᠭᠰᠠᠨ ᠠᠴᠠ ᠰᠡᠭᠦᠯᠡᠷ᠂ ᠡᠳᠤᠷ ᠪᠤᠯᠭᠠᠨ ᠴᠢᠯᠠᠭᠤᠨ ᠠᠷᠰᠠᠯᠠᠨ ᠤ ᠨᠢᠳᠤ ᠤᠯᠠᠶᠢᠵᠤ | ᠪᠠᠶᠢᠬᠤ ᠡᠰᠡᠬᠦ ᠶᠢ ᠪᠠᠶᠢᠴᠠᠭᠠᠵᠣ ᠥᠵᠡᠳᠡᠭ ᠪᠤᠯᠵᠠᠢ ᠭᠡᠨ᠎ᠡ᠃ ᠭᠡᠳᠡᠯ᠎ᠡ ᠭᠤᠷᠪᠠᠨ ᠵᠢᠯ ᠥᠩᠭᠡᠷᠡᠳᠡᠯ᠎ᠡ ᠠᠷᠰᠠᠯᠠᠨ ᠤ | ᠨᠢᠳᠤ ᠶᠡᠷᠤ ᠨᠢ ᠤᠯᠠᠶᠢᠭᠰᠠᠨ ᠦᠭᠡᠢ᠃ ᠲᠡᠷᠡ ᠢᠳᠡᠭᠡᠵᠤ ᠶᠠᠳᠠᠨ ᠪᠢ ᠤᠴᠢᠭᠠᠳ ᠠᠷᠰᠠᠯᠠᠨ ᠤ ᠨᠢᠳᠤ ᠶᠢ ᠤᠯᠠᠭᠠᠨ | ᠰᠢᠩᠬᠤ ᠪᠠᠷ ᠪᠤᠳᠤᠴᠢᠬᠠᠶᠠ᠂ ᠲᠡᠭᠡᠪᠡᠯ ᠶᠠᠭᠠᠬᠢᠳᠠᠭ ᠪᠤᠯ ᠭᠡᠵᠤ ᠬᠥᠷᠡᠯᠳᠠᠢ ᠲᠤᠳᠤᠷ᠎ᠠ ᠪᠠᠨ ᠪᠤᠳᠤᠭᠰᠠᠨ ᠴᠢᠭ ᠢᠶᠠᠷ | ᠢᠶᠠᠨ ᠬᠥᠷᠴᠤ ᠠᠷᠰᠠᠯᠠᠨ ᠤ ᠨᠢᠳᠤ ᠶᠢ ᠪᠤᠳᠤᠵᠤ ᠪᠠᠶᠢᠳᠠᠯ᠎ᠠ ᠴᠢᠯᠠᠭᠤᠨ ᠠᠷᠰᠠᠯᠠᠨ ᠤ ᠨᠢᠳᠤᠨ ᠠᠴᠠ ᠨᠢᠯᠪᠤᠰᠤ | ᠲᠣᠰᠣᠯᠠᠵᠤ ᠬᠤᠳᠳᠤᠭ ᠠᠴᠠ ᠤᠰᠤ ᠥᠢᠯᠵᠤ ᠶᠡᠭᠡ ᠥᠶᠡᠷ ᠪᠤᠯᠵᠠᠢ ᠭᠡᠨ᠎ᠡ᠃ | ᠡᠬᠦᠨ ᠳᠤ ᠭᠤᠶᠢᠷᠠᠨᠴᠢ ᠡᠮᠡᠭᠡᠨ ᠲᠠᠯᠠᠨ ᠨᠠᠰᠤᠳᠠᠢ ᠲᠠᠯ᠎ᠠ ᠡᠵᠢ ᠠᠶᠢᠮᠠᠭ ᠤᠰᠤᠨ ᠤ ᠬᠥᠮᠤᠰ | ᠢᠶᠠᠨ ᠲᠠᠭᠠᠭᠤᠯᠵᠤ ᠲᠠᠯᠪᠢᠭᠳᠠᠭᠰᠠᠨ ᠤᠰᠤᠨ ᠰᠤᠳᠠᠰᠤ ᠶᠢ ᠪᠥᠭᠯᠡᠬᠦᠯᠵᠤ ᠴᠠᠭᠠᠨ ᠰᠣᠪᠤᠷᠭ᠎ᠠ ᠪᠤᠰᠬᠠᠭᠠᠳ | ᠰᠣᠪᠤᠷᠭᠠᠨ ᠤ ᠠᠯᠳᠠᠨ ᠭᠠᠨᠵᠤᠷᠠ ᠶᠢ ᠲᠠᠯᠪᠢᠳᠠᠯᠠ ᠠᠮᠠᠭᠠᠢ ᠵᠢᠯᠤᠭᠤ ᠦᠭᠡᠢ ᠥᠶᠡᠷ ᠤᠨ ᠤᠰᠤ ᠢᠳᠡᠭ ᠢᠳᠡᠭ | ᠢᠶᠠᠷ ᠲᠠᠳᠠᠭᠤᠷᠠᠵᠤ ᠬᠡᠳᠤ ᠬᠡᠳᠤᠨ ᠨᠠᠭᠤᠷ ᠪᠤᠯᠵᠤ ᠲᠤᠭᠳᠠᠵᠠᠢ᠃ ᠲᠡᠳᠡᠭᠡᠷ ᠨᠠᠭᠤᠷ ᠨᠢ ᠤᠳᠤ ᠶᠢᠨ ᠲᠠᠯᠤᠨᠠᠭᠤᠷ᠂ | ᠲᠠᠭ᠎ᠠ ᠶᠢᠨ ᠨᠠᠭᠤᠷ᠂ ᠬᠠᠩᠭᠠᠨ ᠨᠠᠭᠤᠷ᠂ ᠤᠯᠥᠩ ᠨᠠᠭᠤᠷ᠂ ᠲᠥᠷᠤᠭᠡ ᠨᠠᠭᠤᠷ ᠮᠥᠨ ᠭᠡᠨ᠎ᠡ᠃ | | | |