| | ﹇ᠠᠭᠤᠯᠭ᠎ᠠ ᠶᠢᠨ ᠲᠤᠪᠴᠢ﹈ ᠲᠤᠰ ᠦᠭᠦᠯᠡᠯ ᠳᠤ ᠠᠯᠳᠠᠷᠳᠤ ᠡᠷᠳᠡᠮᠳᠡᠨ ᠪᠦᠭᠡᠳ ᠮᠤᠩᠭᠤᠯ | ᠰᠤᠶᠤᠯ ᠤᠨ ᠦᠢᠯᠡᠰ ᠤᠨ ᠭᠠᠷᠠᠮᠭᠠᠢ ᠤᠳᠤᠷᠢᠳᠤᠬᠴᠢ ᠡᠷᠳᠡᠨᠢᠳᠤᠬᠳᠠᠬᠤ ᠠᠪᠤᠭᠠᠢ ᠶᠢᠨ ᠨᠠᠰᠤᠨ ᠲᠤᠷᠰᠢ ᠶᠢᠨ | ᠦᠢᠯᠡᠰ ᠪᠠ ᠪᠦᠳᠦᠭᠡᠯ ᠢ ᠨᠡᠯᠦᠩᠬᠡᠢ ᠳᠤᠨᠢ ᠰᠢᠨᠵᠢᠬᠦ ᠪᠠᠷ ᠲᠠᠮᠵᠢᠭᠤᠯᠤᠨ ᠲᠡᠭᠦᠨ ᠤ ᠮᠤᠩᠭᠤᠯ ᠰᠤᠶᠤᠯ ᠤᠨ ᠲᠤᠬᠠᠢ | ᠦᠵᠡᠯ ᠰᠠᠨᠠᠭ᠎ᠠ ᠶᠢ ︽ᠠᠷᠠᠳ ᠢ ᠰᠡᠩᠬᠡᠷᠡᠭᠦᠯᠵᠦ ᠤᠬᠰᠠᠭ᠎ᠠ ᠪᠠᠨ ᠮᠠᠨᠳᠤᠭᠤᠯᠬᠤ︾᠂ ᠦᠨᠳᠦᠰᠦᠳᠡᠨ ᠤ ᠦᠪ | ᠰᠤᠶᠤᠯ ᠢᠶᠠᠨ ᠵᠠᠯᠭᠠᠮᠵᠢᠠᠯᠵᠤ ᠬᠠᠮᠭᠠᠯᠠᠬᠤ᠂ ︽ᠰᠤᠶᠤᠯ ᠢ ᠰᠢᠨᠡᠴᠢᠯᠡᠬᠦ ᠪᠠ ᠲᠦᠭᠡᠮᠡᠯ ᠪᠤᠯᠭᠠᠬᠤ︾ ᠵᠡᠷᠭᠡ ᠴᠢᠬᠤᠯᠠ | ᠬᠡᠳᠦᠨ ᠲᠠᠯ᠎ᠠ ᠠᠴᠠ ᠪᠦᠷᠢᠯᠳᠦᠵᠡᠢ ᠭᠡᠵᠦ ᠳ᠋ᠦᠩᠨᠡᠪᠡ᠃ | ﹇ᠵᠠᠩᠭᠢᠯᠭ᠎ᠠ ᠶᠢᠨ ᠦᠭᠡ﹈ ᠡᠷᠳᠡᠨᠢᠳᠤᠬᠳᠠᠬᠤ ᠠᠪᠤᠭᠠᠢ᠂ ᠮᠤᠩᠭᠤᠯ ᠰᠤᠶᠤᠯ ᠤᠨ ᠲᠤᠬᠠᠢ | ᠦᠵᠡᠯ ᠰᠠᠨᠠᠭ᠎ᠠ | | | | ᠡᠷᠳᠡᠨᠢᠳᠤᠬᠳᠠᠬᠤ ᠠᠪᠤᠭᠠᠢ ︵1916-2001︶ ᠪᠤᠯ ᠮᠤᠩᠭᠤᠯ ᠦᠨᠳᠦᠰᠦᠳᠡᠨ ᠤ | ᠤᠷᠴᠢᠨ ᠤᠳᠤ ᠦᠶ᠎ᠡ ᠶᠢ ᠰᠤᠨᠳᠠᠯᠠᠬᠰᠠᠨ ᠠᠯᠳᠠᠷᠳᠤ ᠪᠢᠴᠢᠭ ᠤᠨ ᠬᠦᠮᠦᠨ᠂ ᠰᠤᠶᠤᠯ ᠤᠨ ᠦᠢᠯᠡᠰ ᠤᠨ ᠭᠠᠷᠠᠮᠭᠠᠢ | ᠤᠳᠤᠷᠢᠳᠤᠬᠴᠢ ᠶᠤᠮ᠃ ᠲᠡᠷᠡ ᠪᠠᠷ ᠮᠤᠩᠭᠤᠯ ᠰᠤᠶᠤᠯ ᠤᠨ ᠦᠢᠯᠡᠰ ᠲᠤ ᠵᠢᠳᠬᠦᠭᠰᠡᠨ ᠵᠢᠷᠠ ᠭᠠᠷᠤᠢ ᠵᠢᠯ ᠤᠨ | ᠲᠡᠦᠬᠡᠨ ᠳᠤ ᠪᠠᠨ ᠤᠯᠠᠨ ᠠᠷᠪᠢᠨ ᠨᠤᠮ ᠵᠤᠬᠢᠶᠠᠯ ᠪᠢᠴᠢᠵᠦ᠂ ᠤᠯᠠᠨ ᠠᠷᠪᠢᠨ ᠰᠤᠶᠤᠯ ᠤᠨ ᠦᠪ ᠢ ᠴᠤᠬᠯᠠᠭᠤᠯᠤᠨ | ᠬᠠᠳᠠᠭᠠᠯᠠᠬᠰᠠᠨ ᠵᠶᠡᠷ ᠥᠯᠦ ᠪᠠᠷᠠᠨ ᠮᠤᠩᠭᠤᠯ ᠰᠤᠨᠢᠨ ᠮᠡᠳᠡᠭᠡ᠂ ᠬᠡᠪᠯᠡᠯ᠂ ᠡᠷᠳᠡᠮ ᠰᠢᠨᠵᠢᠯᠡᠭᠡᠨ᠂ ᠮᠤᠩᠭᠤᠯ ᠬᠡᠯᠡ | ᠪᠢᠴᠢᠭ ᠤᠨ ᠲᠥᠷᠦ ᠶᠢᠨ ᠪᠤᠳᠤᠯᠭ᠎ᠠ ᠲᠤᠬᠳᠠᠭᠠᠬᠤ ᠪᠠ ᠬᠡᠷᠡᠭᠵᠢᠭᠦᠯᠬᠦ ᠵᠠᠰᠠᠭ ᠵᠠᠬᠢᠷᠭᠠᠨ ᠤ ᠤᠳᠤᠷᠢᠳᠬᠤ ᠠᠵᠢᠯ ᠢ | ᠪᠡᠶᠡᠴᠢᠯᠡᠨ ᠬᠢᠵᠦ᠂ ᠪᠠᠯᠠᠷᠠᠰᠢ ᠦᠭᠡᠢ ᠭᠠᠪᠢᠶ᠎ᠠ ᠵᠢᠳᠬᠦᠯ ᠪᠠᠶᠢᠭᠤᠯᠵᠤ᠂ ᠠᠷᠠᠳ ᠲᠦᠮᠡᠨ ᠤ ᠪᠠᠨ ᠦᠨᠡᠯᠡᠯᠳᠡ ᠪᠠ | ᠬᠠᠶᠢᠷ᠎ᠠ ᠬᠥᠨᠳᠦᠳᠬᠡᠯ ᠢ ᠭᠦᠨ ᠤᠯᠤᠬᠰᠠᠨ ᠪᠢᠯᠡ᠃ ᠡᠷᠳᠡᠨᠢᠳᠤᠬᠳᠠᠬᠤ ᠠᠪᠤᠭᠠᠢ ᠰᠢᠯᠭᠠᠷᠠᠬᠰᠠᠨ ᠡᠷᠳᠡᠮᠳᠡᠨ᠂ | ᠴᠤᠯᠭᠤᠷᠠᠬᠰᠠᠨ ᠤᠳᠤᠷᠢᠳᠬᠤ ᠺᠠᠳᠠᠷ ᠪᠤᠯᠵᠤ ᠲᠤᠳᠤᠷᠠᠬᠰᠠᠨ ᠤ ᠬᠠᠮᠤᠬ ᠴᠢᠬᠤᠯᠠ ᠰᠢᠯᠳᠠᠭᠠᠨ ᠪᠤᠯ ᠲᠡᠷᠡ ᠪᠠᠷ | ᠵᠠᠯᠠᠭᠤ ᠨᠠᠰᠤᠨ ᠠᠴᠠ ᠪᠠᠨ ᠮᠤᠩᠭᠤᠯ ᠰᠤᠶᠤᠯ ᠤᠨ ᠲᠤᠬᠠᠢ ᠵᠦᠪ ᠦᠵᠡᠯ ᠰᠠᠨᠠᠭ᠎ᠠ ᠶᠢ ᠪᠤᠯᠪᠠᠰᠤᠷᠠᠭᠤᠯᠤᠨ | ᠪᠦᠷᠢᠯᠳᠦᠭᠦᠯᠵᠦ᠂ ᠲᠡᠭᠦᠪᠡᠷ ᠨᠠᠰᠤᠨ ᠤ ᠦᠢᠯᠡᠰ ᠪᠠᠨ ᠵᠢᠯᠤᠭᠤᠳᠤᠭᠤᠯᠵᠤ ᠪᠠᠶᠢᠬᠰᠠᠨ ᠤ ᠤᠴᠢᠷ ᠮᠦᠨ᠃ ᠠᠳᠡ | ᠪᠢᠳᠡ ᠡᠷᠳᠡᠨᠢᠳᠤᠬᠳᠠᠬᠤ ᠠᠪᠤᠭᠠᠢ ᠶᠢᠨ ᠵᠤᠬᠢᠶᠠᠯ ᠦᠭᠦᠯᠡᠯ ᠢ ᠤᠩᠰᠢᠨ ᠰᠤᠳᠤᠯᠵᠤ᠂ ᠲᠡᠭᠦᠨ ᠤ ᠰᠡᠳᠦᠵᠦ | ᠰᠠᠨᠠᠭᠠᠴᠢᠯᠠᠬᠰᠠᠨ ᠪᠠ ᠬᠢᠵᠦ ᠪᠡᠶᠡᠯᠡᠭᠦᠯᠦᠭᠰᠡᠨ ᠠᠵᠢᠯ ᠦᠢᠯᠡᠰ ᠢ ᠡᠷᠭᠢᠴᠡᠭᠦᠯᠦᠨ ᠰᠠᠨᠠᠭᠠᠯᠵᠠᠬᠤ ᠪᠠᠷ ᠲᠠᠮᠵᠢᠭᠤᠯᠵᠤ | ᠮᠤᠩᠭᠤᠯ ᠰᠤᠶᠤᠯ ᠤᠨ ᠲᠤᠬᠠᠢ ᠦᠵᠡᠯ ᠰᠠᠨᠠᠭ᠎ᠠ ᠶᠢ ᠨᠢ ᠲᠤᠷᠰᠢᠨ ᠳ᠋ᠦᠩᠨᠡᠬᠦ ᠶᠢ ᠵᠤᠷᠢᠪᠠ᠃ ᠡᠷᠳᠡᠨᠢᠳᠤᠬᠳᠠᠬᠤ ᠶᠢᠨ | ᠮᠤᠩᠭᠤᠯ ᠰᠤᠶᠤᠯ ᠤᠨ ᠦᠵᠡᠯ ᠰᠠᠨᠠᠭ᠎ᠠ ᠶᠢ ᠰᠤᠳᠤᠯᠤᠨ ᠳ᠋ᠦᠩᠨᠡᠵᠦ ᠤᠯᠠᠮᠵᠢᠯᠠᠨ ᠬᠥᠭᠵᠢᠭᠦᠯᠬᠦ ᠨᠢ ᠤᠳᠤ ᠪᠠ | ᠢᠷᠡᠭᠡᠳᠦᠢ ᠳᠤ ᠴᠢᠬᠤᠯᠠ ᠠᠴᠢ ᠬᠤᠯᠪᠤᠬᠳᠠᠯ ᠲᠠᠢ ᠶᠤᠮ᠃ | ᠨᠢᠭᠡ᠂ ︽ᠠᠷᠠᠳ ᠢ ᠰᠡᠩᠬᠡᠷᠡᠭᠦᠯᠵᠦ ᠤᠬᠰᠠᠭ᠎ᠠ ᠪᠠᠨ ᠮᠠᠨᠳᠤᠭᠤᠯᠬᠤ︾ ᠦᠵᠡᠯ ᠰᠠᠨᠠᠭ᠎ᠠ | ᠡᠷᠳᠡᠨᠢᠳᠤᠬᠳᠠᠬᠤ ᠶᠢᠨ ︽ᠠᠷᠠᠳ ᠢ ᠰᠡᠩᠬᠡᠷᠡᠭᠦᠯᠵᠦ ᠤᠬᠰᠠᠭ᠎ᠠ ᠪᠠᠨ ᠮᠠᠨᠳᠤᠭᠤᠯᠬᠤ︾ ᠦᠵᠡᠯ ᠰᠠᠨᠠᠭ᠎ᠠ ᠲᠤᠤᠷᠠᠬᠢ | ᠬᠡᠳᠦᠨ ᠲᠠᠯ᠎ᠠ ᠪᠠᠷ ᠢᠯᠡᠷᠡᠵᠦ ᠪᠠᠶᠢᠳᠠᠬ᠃ | ᠨᠢᠭᠡ ᠳᠤ᠂ ᠲᠡᠭᠦᠨ ᠤ ᠤᠷᠠᠨ ᠪᠦᠳᠦᠭᠡᠯ ᠠᠴᠠ ᠦᠵᠡᠵᠦ ᠭᠠᠷᠴᠤ ᠪᠤᠯᠤᠨ᠎ᠠ᠃ ᠲᠡᠭᠦᠨ ᠤ | ᠵᠠᠯᠠᠭᠤ ᠪᠠᠭ᠎ᠠ ᠨᠠᠰᠤᠨ ᠳᠤ ᠪᠠᠨ ᠪᠢᠴᠢᠭᠰᠡᠨ ︽ᠬᠦᠬᠡ ᠮᠤᠩᠭᠤᠯ ᠤᠨ ᠬᠦᠳᠡᠭᠡᠭᠢ ᠵᠠᠯᠠᠭᠤᠰ︾ ᠭᠡᠳᠡᠭ ᠰᠢᠯᠦᠭ ᠲᠤ | ᠪᠠᠨ᠄ ︽ᠢᠰᠡᠭᠡᠢ ᠭᠡᠷ ᠲᠤ ᠪᠠᠨ ᠰᠠᠭᠤᠪᠠᠴᠤ ᠡᠭᠦᠨ ᠢ ᠤᠬᠳᠤ ᠵᠢᠭᠰᠢᠬᠦ ᠦᠭᠡᠢ᠂ ᠡᠷᠬᠡᠪᠰᠢ ᠬᠠᠯᠠᠨ | ᠰᠠᠶᠢᠵᠢᠷᠠᠭᠤᠯᠰᠤᠭᠠᠢ ᠭᠡᠮᠡᠨ ᠡᠳᠦᠷ ᠰᠦᠨᠢ ᠦᠭᠡᠢ ᠨᠢᠬᠳᠠᠯᠠᠮᠤᠢ᠂ ᠡᠯᠳᠡᠪ ᠵᠦᠢᠯ ᠤᠨ ᠬᠠᠷᠰᠢᠯᠠᠯ ᠢ ᠴᠤ ᠡᠪᠳᠡᠨ | ᠭᠡᠳᠦᠯᠵᠦ ᠭᠠᠷᠤᠭᠠᠳ᠂ ᠡᠭᠦᠷᠢᠳᠡ ᠮᠢᠳᠠᠯ ᠦᠭᠡᠢ ᠪᠠᠷ ᠡᠷᠡᠮᠡᠯᠵᠡᠯ ᠳᠤ ᠪᠠᠨ ᠬᠦᠷᠦᠭᠦᠯᠦᠶᠡ ᠭᠡᠮᠡᠨ | ᠵᠤᠷᠢᠬᠯᠠᠮᠤᠢ ᠁ ᠁ ᠠᠰᠢᠬ ᠢ ᠬᠥᠩᠭᠡᠯᠡᠨ ᠵᠡᠷᠭᠡ ᠶᠢ ᠲᠡᠪᠴᠢᠵᠦ ᠠᠮᠢᠳᠤᠷᠠᠵᠤ ᠴᠢᠳᠠᠪᠠᠰᠤ ᠲᠠᠷᠤᠢ | ᠪᠠᠶᠠᠰᠤᠮᠤᠢ᠂ ᠠᠷᠠᠳ ᠢ ᠰᠡᠩᠬᠡᠷᠡᠭᠦᠯᠵᠦ ᠤᠬᠰᠠᠭ᠎ᠠ ᠪᠠᠨ ᠮᠠᠨᠳᠤᠭᠤᠯᠬᠤ ᠶᠢᠨ ᠲᠦᠯᠦᠭᠡ ᠠᠮᠢ ᠪᠠᠨ ᠴᠦᠯᠡᠵᠦ | ᠴᠢᠷᠮᠠᠶᠢᠮᠤᠢ︾ [1] ᠭᠡᠵᠤ ᠪᠢᠴᠢᠵᠡᠢ᠃ ᠡᠨᠡ ᠰᠢᠯᠦᠭ ᠨᠢ ᠵᠤᠬᠢᠶᠠᠬᠴᠢ ᠶᠢᠨ ᠭᠠᠯ ᠵᠠᠯᠠᠭᠤ ᠨᠠᠰᠤᠨ ᠳᠤ ᠪᠠᠨ | ᠲᠠᠯᠪᠢᠬᠰᠠᠨ ᠦᠢᠯᠡᠰ ᠤᠨ ᠲᠠᠩᠭᠠᠷᠢᠬ ᠨᠢ ᠪᠠᠶᠢᠵᠤ ᠲᠡᠷᠡ ᠪᠠᠷ ᠨᠠᠰᠤᠨ ᠲᠤᠷᠰᠢ ᠲᠡᠭᠦᠨ ᠵᠶᠡᠨ ᠪᠡᠶᠡᠯᠡᠭᠦᠯᠬᠦ ᠶᠢᠨ | ᠲᠥᠯᠦᠭᠡ ᠮᠡᠷᠡᠶᠢᠨ ᠲᠡᠮᠡᠴᠡᠭᠰᠡᠨ ᠪᠢᠯᠡ᠃ | ᠬᠤᠶᠠᠷ ᠲᠤ᠂ ᠪᠢᠳᠡ ᠲᠡᠭᠦᠨ ᠤ ᠪᠦᠬᠦ ᠨᠠᠰᠤᠨ ᠤ ᠦᠢᠯᠡ ᠠᠵᠢᠯᠯᠠᠭ᠎ᠠ ᠠᠴᠠ ᠰᠤᠷᠭᠠᠨ | ᠬᠦᠮᠦᠵᠢᠯ ᠵᠶᠡᠷ ᠠᠷᠠᠳ ᠢ ᠰᠡᠩᠬᠡᠷᠡᠭᠦᠯᠵᠦ᠂ ᠰᠤᠶᠤᠯ ᠵᠶᠡᠷ ᠤᠬᠰᠠᠭ᠎ᠠ ᠪᠠᠨ ᠮᠠᠳᠤᠭᠤᠯᠬᠤ ᠭᠡᠰᠡᠨ ᠦᠵᠡᠯ ᠰᠠᠨᠠᠭ᠎ᠠ | ᠲᠤᠤᠱᠯᠠᠬᠳᠠᠵᠤ ᠪᠠᠶᠢᠬᠤ ᠶᠢ ᠤᠢᠢᠯᠭᠠᠵᠤ ᠪᠤᠯᠤᠨ᠎ᠠ᠃ ︽ᠠᠷᠠᠳ ᠢ ᠰᠡᠩᠬᠡᠷᠡᠭᠦᠯᠵᠦ ᠤᠬᠰᠠᠭ᠎ᠠ ᠪᠠᠨ | ᠮᠠᠨᠳᠤᠭᠤᠯᠬᠤ︾ ᠳᠤ ᠰᠤᠷᠭᠠᠨ ᠬᠦᠮᠦᠵᠢᠯ ᠬᠠᠮᠤᠬ ᠴᠢᠬᠤᠯᠠ ᠭᠡᠳᠡᠭ ᠢ ᠡᠷᠳᠡᠨᠢᠳᠤᠬᠳᠠᠬᠤ ᠠᠪᠤᠭᠠᠢ ᠵᠠᠯᠠᠭᠤ ᠦᠶ᠎ᠡ | ᠠᠴᠠ ᠪᠠᠨ ᠭᠦᠨᠵᠡᠭᠡᠢ ᠤᠬᠠᠮᠰᠠᠷᠴᠤ ᠦᠨᠳᠦᠰᠦᠳᠡᠨ ᠤ ᠰᠤᠷᠭᠠᠨ ᠬᠦᠮᠦᠵᠢᠯ ᠳᠤ ᠥᠪᠡᠷ ᠤᠨ ᠪᠦᠬᠦ ᠬᠦᠴᠦ ᠴᠢᠳᠠᠯ | ᠵᠶᠡᠨ ᠡᠷᠭᠦᠵᠦ ᠪᠠᠶᠢᠵᠠᠢ᠃ ᠲᠡᠷᠡ ᠪᠠᠷ 1940 ᠤᠨ ᠳᠤ 24 ᠨᠠᠰᠤᠳᠠᠢ ᠬᠢᠩᠭᠠᠨ ᠰᠤᠷᠭᠠᠭᠤᠯᠢ ᠶᠢᠨ ᠬᠤᠷᠢᠶ᠎ᠠ ᠶᠢ | ᠲᠡᠭᠦᠰᠭᠡᠭᠡᠳ ᠤᠷᠢᠳ ᠬᠤᠵᠢᠳ ᠺᠠᠶᠢᠯᠦ ᠳᠠᠬᠢ ᠬᠢᠩᠭᠠᠨ ᠪᠠᠷᠠᠭᠤᠨ ᠮᠤᠵᠢ ᠶᠢᠨ ᠥᠨᠳᠦᠷ ᠵᠡᠷᠭᠡ ᠶᠢᠨ ᠰᠤᠷᠭᠠᠭᠤᠯᠢ᠂ | ᠬᠢᠩᠭᠠᠨ ᠶᠡᠷᠦᠩᠬᠡᠢ ᠮᠤᠵᠢ ᠶᠢᠨ ᠸᠠᠩ ᠤᠨ ᠰᠦᠮ᠎ᠡ ᠶᠢᠨ ᠥᠬᠢᠳ ᠤᠨ ᠰᠤᠷᠭᠠᠭᠤᠯᠢ ᠳᠤ 5 ᠵᠢᠯ ᠪᠠᠭᠰᠢᠯᠠᠵᠤ᠂ | ᠥᠪᠦᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠪᠠᠶᠢᠭᠤᠯᠤᠬᠳᠠᠬᠰᠠᠨ ᠤ ᠲᠠᠷᠠᠭ᠎ᠠ ᠪᠠᠰᠠ ᠴᠢᠴᠢᠬᠠᠷ ᠲᠠᠬᠢ | ᠴᠡᠷᠢᠭ ᠵᠠᠰᠠᠬ ᠤᠨ ᠶᠡᠭᠡ ᠰᠤᠷᠭᠠᠭᠤᠯᠢ ᠳᠤ ᠪᠠᠭᠰᠢᠯᠠᠵᠤ ᠪᠠᠶᠢᠵᠠᠢ᠃ ᠵᠠᠰᠠᠭ ᠵᠠᠬᠢᠷᠭᠠᠨ ᠤ ᠤᠳᠤᠷᠢᠳᠬᠤ ᠠᠵᠢᠯ | ᠬᠢᠵᠦ ᠪᠠᠶᠢᠬᠰᠠᠨ ᠪᠠᠶᠢᠳᠠᠯ᠎ᠠ ᠦᠪᠦᠷ ᠮᠤᠩᠭᠤᠯ ᠤᠨ ᠶᠡᠭᠡ ᠰᠤᠷᠭᠠᠭᠤᠯᠢ᠂ ᠮᠤᠩᠭᠤᠯ ᠬᠡᠯᠡ ᠪᠢᠴᠢᠭ ᠤᠨ ᠲᠤᠰᠬᠠᠢ | ᠮᠡᠷᠭᠡᠵᠢᠯ ᠤᠨ ᠰᠤᠷᠭᠠᠭᠤᠯᠢ ᠳᠤ ᠬᠢᠴᠢᠶᠡᠯᠯᠡᠵᠦ ᠪᠠᠶᠢᠬᠰᠠᠨ ᠪᠦᠭᠡᠳ ᠠᠵᠢᠯ ᠠᠴᠠ ᠪᠠᠨ ᠲᠠᠷᠬᠠᠯᠠᠬᠳᠠᠬᠰᠠᠨ ᠤ | ᠲᠠᠷᠠᠭ᠎ᠠ ᠪᠠᠷᠠᠭᠤᠨ ᠬᠤᠶᠢᠳᠤ ᠶᠢᠨ ᠦᠨᠳᠦᠰᠦᠳᠡᠨ ᠤ ᠲᠡᠭᠡᠳᠦ ᠰᠤᠷᠭᠠᠭᠤᠯᠢ ᠳᠤ ᠤᠷᠢᠬᠳᠠᠨ ᠬᠢᠴᠢᠶᠡᠯᠯᠡᠵᠦ ᠪᠠᠶᠢᠵᠠᠢ | ᠃ ᠡᠷᠳᠡᠨᠢᠳᠤᠬᠳᠠᠬᠤ ᠠᠪᠤᠭᠠᠢ ᠨᠢᠭᠡ ᠨᠠᠰᠤᠨ ᠳᠤ ᠪᠠᠨ ᠤᠯᠠᠨ ᠰᠤᠷᠤᠬᠴᠢ ᠬᠦᠮᠦᠵᠢᠭᠦᠯᠦᠭᠰᠡᠨ ᠬᠦᠨᠳᠦᠳᠡᠢ ᠪᠠᠭᠰᠢ | ᠬᠦᠮᠦᠨ ᠪᠠᠶᠢᠪᠠ᠃ ᠡᠷᠳᠡᠨᠢᠳᠤᠬᠳᠠᠬᠤ ᠠᠪᠤᠭᠠᠢ 1959 ᠤᠨ ᠳᠤ ᠪᠢᠴᠢᠭᠰᠡᠨ ︽ᠬᠤᠪᠢᠰᠬᠠᠯᠳᠤ ᠰᠢᠨ᠎ᠡ | ᠰᠤᠶᠤᠯ ᠤᠨ ᠴᠡᠴᠡᠭ ᠥᠪᠦᠷ ᠮᠤᠩᠭᠤᠯ ᠳᠤ ᠲᠡᠯᠭᠡᠷᠡᠭᠰᠡᠨ ᠨᠢ︾ ᠭᠡᠳᠡᠭ ᠵᠤᠬᠢᠶᠠᠯ ᠳᠤ ᠪᠠᠨ ᠤᠷᠴᠢᠨ ᠦᠶ᠎ᠡ ᠶᠢᠨ | ᠥᠪᠦᠷ ᠮᠤᠩᠭᠤᠯᠴᠤᠳ ᠤᠨ ᠰᠤᠶᠤᠯ ᠭᠡᠭᠡᠷᠡᠯ ᠤᠨ ᠶᠠᠪᠤᠴᠠ ᠶᠢ ᠳ᠋ᠦᠩᠨᠡᠬᠦ ᠳᠤ ᠪᠠᠨ ᠶᠠᠭᠤᠨ ᠤ ᠡᠮᠦᠨ᠎ᠡ ᠰᠢᠨ᠎ᠡ | ᠮᠠᠶᠢᠬ ᠤᠨ ᠰᠤᠷᠭᠠᠭᠤᠯᠢ ᠪᠠᠶᠢᠭᠤᠯᠤᠬᠳᠠᠬᠰᠠᠨ ᠪᠠ ᠰᠤᠷᠬᠤ ᠪᠢᠴᠢᠭ ᠬᠡᠪᠯᠡᠭᠦᠯᠦᠭᠰᠡᠨ ᠶᠠᠪᠤᠳᠠᠯ ᠢ ᠴᠢᠬᠤᠯᠠᠴᠢᠯᠠᠨ | ᠲᠤᠷᠠᠳᠴᠤ ᠪᠠᠶᠢᠬᠰᠠᠨ [2]᠃ ᠲᠡᠭᠡᠷ᠎ᠠ ᠵᠠᠭᠤᠨ ᠤ ᠲᠦᠴᠢᠭᠡᠳ ᠤᠨ ᠤ ᠰᠡᠭᠦᠯᠴᠢ᠂ ᠲᠠᠪᠢᠭᠠᠳ ᠤᠨ ᠤ | ᠡᠬᠢ ᠪᠠᠷ᠂ ᠥᠪᠦᠷ ᠮᠤᠩᠭᠤᠯ ᠳᠤ ᠮᠤᠩᠭᠤᠯ ᠰᠤᠷᠭᠠᠭᠤᠯᠢ᠂ ᠮᠤᠩᠭᠤᠯ ᠪᠠᠭᠰᠢ᠂ ᠮᠤᠩᠭᠤᠯ ᠵᠢᠭᠠᠬᠤ ᠪᠢᠴᠢᠭ ᠲᠤᠩ | ᠬᠤᠪᠤᠷᠬᠠᠨ ᠪᠠᠶᠢᠵᠠᠢ᠃ ︽ᠲᠡᠷᠡ ᠦᠶ᠎ᠡ ᠳᠤ ᠵᠠᠷᠢᠮ ᠬᠦᠮᠦᠨ ᠲᠤᠮᠳᠠᠳᠤ ᠰᠤᠷᠭᠠᠭᠤᠯᠢ ᠶᠢᠨ ᠬᠢᠴᠢᠶᠡᠯ ᠤᠨ ᠪᠢᠴᠢᠭ | ᠢ ᠮᠤᠩᠭᠤᠯ ᠵᠶᠡᠷ ᠬᠡᠪᠯᠡᠭᠦᠯᠬᠦ ᠨᠢ ᠲᠡᠮᠡᠢ ᠬᠡᠷᠡᠭ ᠦᠭᠡᠢ᠂ ᠬᠢᠳᠠᠳ ᠵᠶᠡᠷ ᠰᠤᠷᠪᠠᠴᠤ ᠪᠤᠯᠤᠨ᠎ᠠ᠂ ᠤᠴᠢᠷ ᠨᠢ ᠬᠢᠳᠠᠳ | ᠪᠢᠴᠢᠭ ᠮᠡᠳᠡᠬᠦ ᠦᠭᠡᠢ ᠪᠤᠯ ᠰᠤᠷᠭᠠᠭᠤᠯᠢ ᠳᠤ ᠲᠠᠪᠰᠢᠬᠤ ᠳᠤ ᠬᠦᠴᠢᠷᠳᠡᠢ᠂ ᠲᠠᠬᠢᠪᠠᠯ ᠲᠤᠮᠳᠠᠳᠤ ᠰᠤᠷᠭᠠᠭᠤᠯᠢ ᠶᠢᠨ | ᠬᠢᠴᠢᠶᠡᠯ ᠤᠨ ᠪᠢᠴᠢᠭ ᠨᠠᠶᠢᠷᠠᠭᠤᠯᠬᠤ ᠮᠡᠳᠡᠯᠭᠡ ᠴᠢᠳᠠᠪᠤᠷᠢᠳᠠᠢ ᠬᠦᠮᠦᠰ ᠬᠦᠷᠦᠯᠴᠡᠬᠦ ᠦᠭᠡᠢ᠂ ᠲᠡᠭᠡᠵᠦ ᠬᠢᠬᠦ | ᠨᠥᠬᠦᠴᠡᠯ ᠦᠭᠡᠢ ᠭᠡᠵᠦ ᠪᠠᠶᠢᠪᠠ᠃ ᠭᠡᠪᠡᠴᠦ ᠡᠷᠳᠡᠨᠢᠳᠤᠬᠳᠠᠬᠤ ᠨᠦᠭᠦᠷ ︿ᠮᠤᠩᠭᠤᠯ ᠰᠤᠷᠭᠠᠭᠤᠯᠢ ᠳᠤ ᠮᠤᠩᠭᠤᠯ | ᠬᠢᠴᠢᠶᠡᠯ ᠤᠨ ᠪᠢᠴᠢᠭ ᠬᠠᠩᠭᠠᠬᠤ ᠴᠢᠬᠤᠯᠠᠳᠠᠢ᠂ ᠨᠥᠬᠦᠴᠡᠯ ᠦᠭᠡᠢ ᠴᠦ ᠭᠡᠰᠡᠨ ᠠᠷᠭ᠎ᠠ ᠬᠡᠮᠵᠢᠶ᠎ᠡ ᠠᠪᠴᠤ ᠪᠠᠶᠢᠭᠠᠳ | ᠪᠤᠯᠭᠠᠨ᠎ᠠ﹀ ᠭᠡᠳ᠂ ᠡᠨᠡ ᠲᠠᠯ᠎ᠠ ᠶᠢᠨ ᠮᠡᠳᠡᠯᠭᠡ ᠴᠢᠳᠠᠪᠤᠷᠢᠳᠠᠢ ᠬᠦᠮᠦᠰ ᠢ ᠬᠡᠪᠯᠡᠯ ᠤᠨ ᠬᠤᠷᠢᠶᠠᠨ ᠳᠤ ᠪᠠᠨ ᠤᠷᠢᠵᠤ | ᠢᠷᠡᠭᠦᠯᠦᠭᠡᠳ ᠮᠤᠩᠭᠤᠯ ᠬᠢᠴᠢᠶᠡᠯ ᠤᠨ ᠪᠢᠴᠢᠭ ᠨᠠᠶᠢᠷᠠᠭᠤᠯᠵᠤ ᠡᠬᠢᠯᠡᠭᠰᠡᠨ ᠶᠤᠮ︾ [3]᠃ ᠢᠩᠬᠢᠭᠡᠳ | ᠲᠤᠬᠠᠢ ᠶᠢᠨ ᠦᠶ᠎ᠡ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ ᠠᠩᠬᠠᠨ ᠤ ᠲᠠᠷᠤᠭ᠎ᠠ | ᠪᠠᠶᠢᠬᠰᠠᠨ ᠡᠷᠳᠡᠨᠢᠳᠤᠬᠳᠠᠬᠤ ᠡᠯᠳᠡᠪ ᠪᠤᠷᠤᠭᠤ ᠦᠵᠡᠯᠳᠡ ᠲᠠᠨᠢᠯᠳᠠ ᠢ ᠲᠡᠪᠴᠢᠵᠦ᠂ ᠮᠠᠨ ᠤ ᠤᠷᠤᠨ ᠤ ᠮᠤᠩᠭᠤᠯ | ᠰᠤᠷᠬᠤ ᠪᠢᠴᠢᠭ ᠨᠠᠶᠢᠷᠠᠭᠤᠯᠤᠨ ᠬᠡᠪᠯᠡᠭᠦᠯᠬᠦ ᠦᠢᠯᠡᠰ ᠤᠨ ᠰᠠᠭᠤᠷᠢ ᠶᠢ ᠲᠠᠯᠪᠢᠵᠤ ᠦᠭᠭᠦᠭᠰᠡᠨ ᠪᠠᠶᠢᠨ᠎ᠠ᠃ | ᠲᠡᠷᠡ ᠪᠠᠷ ︽ᠰᠤᠶᠤᠯ ᠤᠨ ᠶᠡᠭᠡ ᠬᠤᠪᠢᠰᠬᠠᠯ︾ ᠤᠨ ᠠᠷᠪᠠᠨ ᠵᠢᠯ ᠤᠨ ᠰᠠᠮᠠᠭᠤᠷᠠᠯ ᠤᠨ | ᠲᠠᠷᠠᠭ᠎ᠠ ᠤᠷᠴᠢᠨ ᠦᠶ᠎ᠡ ᠶᠢᠨ ᠮᠤᠩᠭᠤᠯ ᠤᠨ ᠰᠤᠷᠭᠠᠨ ᠬᠥᠮᠦᠵᠢᠯ ᠤᠨ ᠵᠢᠳᠬᠦᠯᠳᠡᠳ ᠪᠠ ᠲᠡᠳᠡᠨ ᠤ ᠵᠤᠬᠢᠶᠠᠯ | ᠪᠦᠳᠦᠭᠡᠯ ᠢ ᠲᠠᠨᠢᠯᠴᠠᠭᠤᠯᠤᠬᠰᠠᠨ ︽ᠮᠤᠩᠭᠤᠯ ᠦᠨᠳᠦᠰᠦᠳᠡᠨ ᠤ ᠰᠤᠷᠭᠠᠨ ᠬᠥᠮᠦᠵᠢᠯ ᠤᠨ ᠪᠢᠴᠢᠭ ᠮᠠᠲ᠋ᠧᠷᠢᠶᠠᠯ ᠤᠨ | ᠡᠮᠬᠢᠳᠭᠡᠯ︾ ᠢ ᠨᠠᠶᠢᠷᠠᠭᠤᠯᠤᠨ ᠬᠡᠪᠯᠡᠭᠦᠯᠵᠡᠢ᠃ ᠡᠨᠡ ᠨᠤᠮ ᠤᠨ ︽ᠬᠡᠪᠯᠡᠨ ᠨᠡᠶᠢᠳᠡᠯᠡᠭᠴᠢ ᠶᠢᠨ ᠦᠭᠡ︾ ᠪᠤᠯᠤᠨ ︽ | ᠤᠷᠤᠰᠢᠯ︾ ᠳᠤ ᠪᠠᠨ ᠤᠷᠴᠢᠨ ᠦᠶ᠎ᠡ ᠶᠢᠨ ᠰᠤᠶᠤᠨ ᠭᠡᠭᠡᠷᠡᠭᠦᠯᠦᠭᠴᠢ ᠬᠡᠰᠢᠩᠭᠡ᠂ ᠷᠤᠯᠭᠠᠷᠵᠠᠪ᠂ ᠪᠦᠬᠡᠬᠡᠰᠢᠭ ᠨᠠᠷ | ᠪᠤᠯᠤᠨ ᠲᠡᠳᠡᠨ ᠤ ᠵᠤᠬᠢᠶᠠᠯ ᠪᠦᠳᠦᠭᠡᠯ ᠢ ᠵᠦᠪ ᠪᠠᠷ ᠦᠨᠡᠯᠡᠵᠦ᠂ ᠢᠯᠠᠩᠭᠤᠶ᠎ᠠ ᠲᠡᠳᠡᠨ ᠤ ᠲᠤᠬᠠᠢ ᠤᠯᠤᠰ ᠲᠦᠷᠦ | ᠶᠢᠨ ᠲᠠᠯ᠎ᠠ ᠪᠠᠷ ᠬᠢ ᠵᠠᠷᠢᠮ ᠪᠤᠷᠤᠭᠤ ᠦᠵᠡᠯᠳᠡ ᠤᠢᠢᠯᠭᠠᠯᠳᠠ ᠢ ᠵᠠᠯᠠᠷᠠᠭᠤᠯᠵᠤ ᠨᠡᠷ᠎ᠡ ᠬᠥᠨᠳᠦ ᠶᠢ ᠨᠢ ᠰᠡᠷᠭᠦᠭᠡᠭᠰᠡᠨ | ᠶᠤᠮ [4]᠃ ᠡᠷᠳᠡᠨᠢᠳᠤᠬᠳᠠᠬᠤ ᠠᠪᠤᠭᠠᠢ ᠠᠯᠢ ᠡᠷᠳᠡ 1942 ᠤᠨ ᠳᠤ ᠵᠤᠬᠢᠶᠠᠬᠰᠠᠨ ︽ᠮᠤᠩᠭᠤᠯ | ᠦᠰᠦᠭ ᠤᠨ ᠰᠢᠨ᠎ᠡ ᠲᠤᠯᠢ︾ ᠭᠡᠳᠡᠭ ᠨᠤᠮ ᠳᠤ ᠪᠠᠨ ᠮᠤᠩᠭᠤᠯ ᠦᠰᠦᠭ ᠪᠢᠴᠢᠭ ᠢ ᠲᠦᠭᠡᠮᠡᠯᠵᠢᠭᠦᠯᠬᠦ᠂ ᠬᠦᠮᠦᠨ | ᠠᠷᠠᠳ ᠤᠨ ᠵᠶᠡᠨ ᠰᠤᠶᠤᠯ ᠪᠤᠯᠪᠠᠰᠤᠨ ᠤ ᠬᠡᠮᠵᠢᠶ᠎ᠡ ᠶᠢ ᠲᠡᠭᠡᠭᠰᠢᠯᠡᠭᠦᠯᠬᠦ ᠶᠠᠪᠤᠳᠠᠯ ᠢ ︽ᠠᠷᠠᠳ ᠢ ᠰᠡᠩᠬᠡᠷᠡᠭᠦᠯᠵᠦ | ᠤᠬᠰᠠᠭ᠎ᠠ ᠪᠠᠨ ᠮᠠᠨᠳᠤᠭᠤᠯᠬᠤ︾᠂ ᠮᠤᠩᠭᠤᠯᠴᠤᠳ ︽ᠪᠤᠯᠪᠠᠰᠤᠷᠠᠩᠭᠤᠢ ᠤᠯᠤᠰ ᠤᠬᠰᠠᠭᠠᠳᠠᠨ︾ ᠲᠠᠢ ᠮᠦᠷᠦ | ᠵᠡᠷᠭᠡᠴᠡᠬᠦ ᠶᠢᠨ ᠴᠢᠬᠤᠯᠠ ᠨᠥᠬᠦᠴᠡᠯ ᠭᠡᠵᠦ ᠦᠵᠡᠵᠦ ᠪᠠᠶᠢᠪᠠ᠃ ᠥᠪᠡᠷᠳᠡᠭᠡᠨ ᠵᠠᠰᠠᠬᠤ ᠤᠷᠤᠨ ᠪᠠᠶᠢᠭᠤᠯᠤᠬᠳᠠᠬᠰᠠᠨ | ᠤ ᠲᠠᠷᠠᠭ᠎ᠠ᠂ ᠲᠡᠷᠡ ᠪᠠᠷ ᠤᠯᠠᠨ ᠵᠢᠯ ᠲᠢᠩᠬᠢᠮ ᠲᠤᠪᠴᠢᠶᠠᠨ ᠤ ᠲᠡᠰ ᠤᠨ ᠭᠤᠤᠯ ᠤᠳᠤᠷᠢᠳᠬᠤ ᠺᠠᠳᠠᠷ ᠶᠠᠪᠤᠬᠰᠠᠨ | ᠤ ᠬᠤᠪᠢ ᠳᠤ ᠬᠤᠷᠠᠯ ᠴᠤᠬᠯᠠᠭᠠᠨ ᠤ ᠶᠠᠷᠢᠶ᠎ᠠ ᠢᠯᠡᠳᠭᠡᠯ ᠵᠶᠡᠨ ᠬᠢᠳᠠᠳ ᠬᠡᠯᠡ ᠪᠠᠷ ᠬᠢᠳᠡᠭ ᠪᠠᠶᠢᠬᠰᠠᠨ ᠮᠠᠭᠠᠳ | ᠦᠭᠡᠢ᠂ ᠭᠡᠪᠡᠴᠦ ᠲᠡᠭᠦᠨ ᠤ ᠡᠷᠳᠡᠮ ᠰᠢᠨᠵᠢᠯᠡᠭᠡᠨ ᠤ ᠦᠭᠦᠯᠡᠯ ᠤᠳ ᠪᠦᠷ ᠯᠡ ᠮᠤᠩᠭᠤᠯ ᠬᠡᠯᠡᠨ ᠲᠡᠭᠡᠷ᠎ᠡ | ᠪᠢᠴᠢᠭᠳᠡᠭᠰᠡᠨ ᠪᠠᠶᠢᠳᠠᠭ᠃ ᠤᠳᠤ ᠶᠢᠨ ᠵᠠᠷᠢᠮ ᠬᠦᠮᠦᠰ ᠶᠢᠨ ᠬᠡᠯᠡᠳᠡᠭ ᠬᠢᠳᠠᠳ ᠵᠶᠡᠷ ᠵᠤᠬᠢᠶᠠᠯ ᠪᠢᠴᠢᠪᠡᠯ ︽ | ᠨᠦᠯᠦᠭᠡ ᠶᠡᠬᠡᠳᠡᠢ︾ ᠪᠤᠯᠤᠨ᠎ᠠ ᠭᠡᠭᠴᠢ ᠶᠢ ᠮᠡᠳᠡᠬᠦ ᠦᠭᠡᠢ ᠳᠡᠭᠡᠨ ᠪᠢᠰᠢ᠂ ᠬᠠᠷᠢᠨ ᠮᠤᠩᠭᠤᠯ ᠬᠡᠯᠡᠨ ᠲᠡᠭᠡᠷ᠎ᠡ | ᠪᠢᠴᠢᠪᠡᠯ ᠮᠤᠩᠭᠤᠯ ᠰᠤᠶᠤᠯ ᠳᠤ ᠢᠯᠡᠭᠦᠦ ᠠᠰᠢᠬ ᠲᠤᠰᠠ ᠲᠠᠢ ᠭᠡᠵᠦ ᠭᠦᠨᠵᠡᠭᠡᠢ ᠰᠡᠳᠬᠢᠭᠰᠡᠨ ᠤ ᠤᠴᠢᠷ ᠪᠠᠶᠢᠬ᠎ᠠ᠃ | ᠮᠤᠩᠭᠤᠯ ᠨᠡᠷ᠎ᠡ ᠲᠤᠮᠢᠶ᠎ᠠ ᠶᠢ ᠲᠤᠬᠳᠠᠭᠠᠬᠤ ᠠᠰᠠᠭᠤᠳᠠᠯ ᠲᠡᠭᠡᠷ᠎ᠡ᠂ ᠴᠤᠬᠤᠮ ᠬᠢᠳᠠᠳ ᠪᠤᠶᠤ ᠭᠠᠳᠠᠭᠠᠳᠤ ᠬᠡᠯᠡᠨ ᠤ | ᠨᠡᠷ᠎ᠡ ᠲᠤᠮᠢᠶ᠎ᠠ ᠶᠢ ᠰᠢᠭᠤᠳ ᠠᠪᠢᠶᠠᠴᠢᠯᠠᠨ ᠪᠠᠭᠤᠯᠭᠠᠵᠤ ᠠᠪᠬᠤ ᠶᠤᠮ ᠤᠤ᠂ ᠡᠰᠡᠭᠦᠯ᠎ᠡ ᠮᠤᠩᠭᠤᠯᠴᠢᠯᠠᠨ | ᠤᠷᠴᠢᠭᠤᠯᠵᠤ ᠬᠡᠷᠡᠭᠯᠡᠬᠦ ᠤᠤ ᠭᠡᠳᠡᠭ ᠨᠢ ᠶᠡᠬᠡᠬᠡᠨ ᠵᠦᠷᠢᠴᠡᠯ ᠲᠠᠢ ᠪᠠᠶᠢᠬᠰᠠᠨ ᠪᠦᠭᠡᠳ ᠡᠷᠳᠡᠨᠢᠳᠤᠬᠳᠠᠬᠤ ᠠᠪᠤᠭᠠᠢ | ᠰᠡᠭᠦᠯᠴᠢ ᠶᠢᠨ ᠬᠢ ᠶᠢ ᠪᠠᠷᠢᠮᠳᠠᠯᠠᠵᠤ᠂ ᠦᠨᠳᠦᠰᠦᠳᠡᠨ ᠤ ᠬᠡᠯᠡ ᠪᠢᠴᠢᠭ ᠤᠨ ᠲᠤᠬᠠᠢ ᠲᠦᠷᠦ ᠶᠢᠨ ᠪᠤᠳᠤᠯᠭ᠎ᠠ ᠶᠢ | ᠴᠢᠩᠭ᠎ᠠ ᠪᠠᠷᠢᠮᠳᠠᠯᠠᠵᠦ ᠪᠠᠶᠢᠵᠠᠢ [5]᠃ | ᠬᠤᠶᠠᠷ᠂ ᠦᠨᠳᠦᠰᠦᠳᠡᠨ ᠤ ᠦᠪ ᠰᠤᠶᠤᠯ ᠵᠶᠡᠨ ᠵᠠᠯᠭᠠᠮᠵᠢᠯᠠᠵᠤ ᠬᠠᠮᠭᠠᠯᠠᠬᠤ ᠦᠵᠡᠯ | ᠰᠠᠨᠠᠭ᠎ᠠ | ᠡᠷᠳᠡᠨᠢᠳᠤᠬᠳᠠᠬᠤ ᠶᠢᠨ ᠪᠠᠭ᠎ᠠ ᠵᠠᠯᠠᠭᠤ ᠨᠠᠰᠤ ᠪᠤᠯ ᠶᠠᠬ ᠰᠠᠶᠢᠬᠠᠨ ᠮᠤᠩᠭᠤᠯᠴᠤᠳ ᠤᠨ | ᠦᠨᠳᠦᠰᠦᠳᠡᠨ ᠤ ᠤᠬᠠᠮᠰᠠᠷ ᠰᠡᠷᠭᠦᠨ᠂ ᠦᠨᠳᠦᠰᠦᠳᠡᠨ ᠤ ᠴᠢᠯᠦᠭᠡᠯᠡᠯᠳᠡ ᠶᠢᠨ ᠲᠡᠮᠡᠴᠡᠯ ᠢᠳᠡ ᠥᠷᠨᠢᠵᠦ | ᠪᠠᠶᠢᠬᠰᠠᠨ ᠴᠠᠬ ᠡᠷᠡᠨ ᠶᠤᠮ᠃ ᠲᠡᠷᠡ ᠪᠠᠷ ᠲᠤᠬᠠᠢ ᠶᠢᠨ ᠦᠶ᠎ᠡ ᠶᠢᠨ ᠮᠤᠩᠭᠤᠯ ᠤᠨ ᠰᠤᠳᠤᠨ ᠬᠦᠮᠦᠰ᠂ | ᠲᠤᠬᠠᠢᠢᠯᠠᠪᠠᠯ ᠵᠡᠭᠦᠨ ᠮᠤᠩᠭᠤᠯ ᠤᠨ ᠪᠢᠴᠢᠭ ᠤᠨ ᠬᠤᠷᠢᠶ᠎ᠠ ᠶᠢ ᠡᠭᠦᠰᠭᠡᠨ ᠪᠠᠶᠢᠭᠤᠯᠵᠤ ᠮᠤᠩᠭᠤᠯ ᠰᠤᠷᠬᠤ ᠪᠢᠴᠢᠭ ︽ | ᠠᠩᠬᠠᠨ ᠰᠤᠷᠭᠠᠬᠤ ᠤᠯᠤᠰ ᠤᠨ ᠤᠳᠬ᠎ᠠ︾ ᠵᠡᠷᠭᠡ ᠨᠤᠮ ᠪᠢᠴᠢᠭ ᠢ ᠨᠠᠶᠢᠷᠠᠭᠤᠯᠤᠨ ᠬᠡᠪᠯᠡᠵᠦ ᠪᠠᠶᠢᠬᠰᠠᠨ ᠬᠤᠷᠴᠢᠨ | ᠤ ᠬᠡᠰᠢᠩᠭᠡ ︵1888-1950︶᠂ ᠬᠡᠰᠢᠭᠳᠡᠨ ᠤ ᠷᠤᠯᠭᠠᠷᠵᠠᠪ ︵1889-1941︶᠂ ᠮᠤᠩᠭᠤᠯ | ᠤᠳᠬ᠎ᠠ ᠶᠢᠨ ᠰᠤᠷᠭᠠᠯ ᠤᠨ ᠬᠤᠷᠠᠯ ᠢ ᠡᠭᠦᠰᠭᠡᠨ ᠪᠠᠶᠢᠭᠤᠯᠵᠤ᠂ ᠠᠯᠳᠠᠷᠳᠠᠢ ︽ᠤᠯᠠᠭᠠᠨ ᠪᠠᠷᠰ︾ ᠰᠡᠳᠬᠦᠯ ᠢ | ᠨᠠᠶᠢᠷᠠᠭᠤᠯᠤᠨ ᠨᠡᠶᠢᠳᠡᠯᠡᠵᠤ ᠪᠠᠶᠢᠬᠰᠠᠨ ᠨᠠᠢᠮᠠᠨ ᠤ ᠪᠦᠬᠡᠬᠡᠰᠢᠭ ︵1902-1943︶ ᠵᠡᠷᠭᠡ ᠲᠡᠷᠢᠭᠦᠨ ᠤ | ᠰᠡᠭᠡᠭᠡᠳᠡᠨ ᠡᠷᠳᠡᠮᠳᠡᠨ ᠤ ᠲᠡᠷᠭᠡᠳᠡ ᠠᠵᠢᠯᠯᠠᠵᠤ ᠠᠮᠢᠳᠤᠷᠠᠨ ᠲᠡᠳᠡᠨ ᠤ ᠦᠢᠯᠡᠰ ᠬᠡᠷᠡᠭ ᠲᠤ ᠬᠠᠮᠳᠤᠷᠠᠵᠤ᠂ ᠲᠡᠳᠡᠨ | ᠤ ᠨᠥᠯᠦᠭᠡ ᠶᠢ ᠶᠡᠭᠡ ᠬᠦᠷᠳᠡᠵᠦ ᠪᠠᠶᠢᠵᠠᠢ᠃ ᠢᠨᠵᠠᠨᠨᠠᠰᠢ ᠶᠢᠨ ᠦᠨᠳᠦᠰᠦᠳᠡᠨ ᠤ ᠠᠷᠠᠳᠴᠢᠯᠠᠬᠰᠠᠨ ᠦᠵᠡᠯ ᠤᠨ | ᠲᠡᠦᠬᠡᠨ ᠷᠤᠮᠠᠨ ︽ᠬᠦᠬᠡ ᠰᠤᠳᠤᠷ︾ ᠨᠢ ᠲᠡᠷᠡ ᠦᠶ᠎ᠡ ᠳᠤ ᠶᠠᠬ ᠰᠠᠶᠢᠬᠠᠨ ᠬᠡᠪᠯᠡᠭᠳᠡᠭᠡᠳ ᠮᠤᠩᠭᠤᠯᠴᠤᠳ ᠤᠨ | ᠦᠨᠳᠦᠰᠦᠳᠡᠨ ᠤ ᠰᠡᠭᠡᠭᠡᠷᠡᠯ ᠳᠤ ᠮᠠᠰᠢ ᠶᠡᠭᠡ ᠨᠥᠯᠦᠭᠡ ᠦᠵᠡᠭᠦᠯᠵᠦ ᠪᠠᠶᠢᠪᠠ᠃ | 1947 ᠤᠨ ᠳᠤ ᠥᠪᠦᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠪᠠᠶᠢᠭᠤᠯᠤᠬᠳᠠᠵᠤ᠂ | ᠮᠠᠨ ᠤ ᠤᠷᠤᠨ ᠤᠯᠤᠰ ᠲᠦᠷᠦ ᠶᠢᠨ ᠰᠢᠨ᠎ᠡ ᠲᠢᠭᠯᠡᠮ ᠤᠨ ᠲᠤᠤᠷ᠎ᠠ ᠦᠨᠳᠦᠰᠦᠳᠡᠨ ᠤ ᠰᠤᠶᠤᠯ ᠵᠶᠡᠨ ᠬᠡᠷᠬᠢᠨ | ᠤᠯᠠᠮᠵᠢᠯᠠᠨ ᠵᠠᠯᠭᠠᠮᠵᠢᠯᠠᠵᠤ ᠭᠥᠭᠵᠢᠭᠦᠯᠬᠦ ᠠᠰᠠᠭᠤᠳᠠᠯ ᠪᠤᠯ ᠲᠤᠬᠠᠢ ᠶᠢᠨ ᠦᠶ᠎ᠡ ᠶᠢᠨ ᠤᠳᠤᠷᠢᠳᠤᠬᠴᠢᠳ ᠪᠠ | ᠮᠤᠩᠭᠤᠯ ᠤᠨ ᠨᠡᠶᠢᠭᠡᠮ ᠤᠨ ᠰᠤᠳᠤᠨᠴᠤᠳ ᠤᠨ ᠡᠮᠦᠨ᠎ᠡ ᠲᠠᠯᠪᠢᠬᠳᠠᠵᠤ ᠪᠠᠶᠢᠬᠰᠠᠨ ᠴᠢᠬᠤᠯᠠ ᠠᠰᠠᠭᠤᠳᠠᠯ ᠶᠤᠮ᠃ | ᠡᠨᠡ ᠪᠤᠯ ᠦᠨᠳᠦᠰᠦᠳᠡᠨ ᠤ ᠰᠤᠶᠤᠯ ᠤᠨ ᠲᠦᠷᠦ ᠶᠢᠨ ᠪᠤᠳᠤᠯᠭ᠎ᠠ ᠶᠢ ᠶᠠᠭᠠᠬᠢᠵᠤ ᠲᠤᠬᠳᠠᠭᠠᠬᠤ ᠳᠤ ᠬᠤᠯᠪᠤᠬᠳᠠᠬᠤ᠂ | ᠪᠠᠰᠠ ᠴᠤ ᠲᠦᠷᠦ ᠶᠢᠨ ᠪᠤᠳᠤᠯᠭ᠎ᠠ ᠶᠢ ᠵᠦᠪ ᠬᠡᠷᠡᠭᠵᠢᠭᠦᠯᠬᠦ ᠪᠠ ᠤᠳᠤᠷᠢᠳᠬᠤ ᠤᠷ᠎ᠠ ᠤᠬᠠᠭᠠᠨ ᠳᠤ | ᠬᠤᠯᠪᠤᠬᠳᠠᠬᠤ ᠮᠠᠰᠢ ᠬᠥᠨᠳᠦ ᠴᠢᠬᠤᠯᠠ ᠠᠰᠠᠭᠤᠳᠠᠯ ᠶᠤᠮ᠃ ᠡᠷᠳᠡᠨᠢᠳᠤᠬᠳᠠᠬᠤ ᠠᠪᠤᠭᠠᠢ ᠪᠤᠯ ᠥᠪᠡᠷᠳᠡᠭᠡᠨ ᠵᠠᠰᠠᠬᠤ | ᠤᠷᠤᠨ ᠪᠠᠶᠢᠭᠤᠯᠤᠬᠳᠠᠬᠤ ᠠᠩᠬᠠᠨ ᠤ ᠦᠶ᠎ᠡ ᠠᠴᠠ ᠲᠠᠷᠤᠢ ᠤᠯᠠᠭᠠᠬᠦᠦ ᠵᠡᠷᠭᠡ ᠨᠠᠮ ᠤᠨ ᠤᠳᠤᠷᠢᠳᠤᠬᠴᠢᠳ ᠤᠨ | ᠲᠠᠭᠠᠭᠤᠯᠭ᠎ᠠ ᠪᠠᠷ ᠬᠤᠪᠢᠰᠬᠠᠯ ᠤᠨ ᠠᠵᠢᠯ ᠳᠤ ᠤᠷᠤᠯᠴᠠᠵᠤ ᠴᠢᠬᠤᠯᠠ ᠲᠤᠰᠢᠶᠠᠯ ᠡᠭᠦᠷᠭᠡᠯᠡᠭᠰᠡᠨ ᠶᠤᠮ᠃ ᠲᠡᠷᠡ | ᠪᠤᠯ ᠤᠯᠤᠰ ᠲᠦᠷᠦ ᠶᠢᠨ ᠬᠡᠪ ᠴᠢᠨᠠᠷ ᠥᠨᠳᠦᠷ᠂ ᠤᠳᠤᠷᠢᠳᠬᠤ ᠠᠵᠢᠯ ᠳᠤ ᠮᠡᠷᠭᠡᠵᠢᠭᠰᠡᠨ ᠪᠦᠭᠡᠳ ᠡᠷᠳᠡᠮ | ᠰᠢᠨᠵᠢᠯᠡᠭᠡᠨ ᠤ ᠲᠡᠭᠡᠭᠦᠷ ᠬᠢᠷᠢ ᠲᠦᠪᠰᠢᠨ ᠢ ᠪᠥᠷᠢᠳᠦᠭᠦᠯᠦᠭᠰᠡᠨ ᠬᠦᠮᠦᠨ ᠪᠤᠯᠬᠤᠷ ᠮᠤᠩᠭᠤᠯ ᠰᠤᠶᠤᠯ ᠵᠶᠡᠨ ᠶᠠᠮᠠᠷ | ᠴᠤ ᠦᠶ᠎ᠡ ᠳᠤ ᠠᠯᠢ ᠴᠢᠳᠠᠬᠤ ᠪᠠᠷ ᠪᠦᠭᠡᠴᠡᠶᠢᠯᠡᠨ ᠬᠠᠮᠭᠠᠯᠠᠵᠤ ᠲᠡᠳᠬᠦᠨ ᠲᠡᠯᠭᠡᠷᠡᠭᠦᠯᠬᠦ ᠶᠢ ᠬᠢᠴᠢᠶᠡᠭᠰᠡᠭᠡᠷ ᠢᠷᠡᠵᠡᠢ᠃ | | ᠡᠷᠳᠡᠨᠢᠳᠤᠬᠳᠠᠬᠤ ᠶᠢᠨ ᠨᠢᠭᠡ ᠨᠠᠰᠤᠨ ᠤ ᠰᠤᠶᠤᠯ᠂ ᠡᠷᠳᠡᠮ ᠰᠢᠨᠵᠢᠯᠡᠭᠡᠨ ᠤ ᠦᠢᠯᠡᠰ ᠲᠤ | ᠢᠨᠵᠠᠨᠨᠠᠰᠢ ᠶᠢᠨ ᠲᠤᠬᠠᠢ ᠰᠤᠳᠤᠯᠤᠯ ᠬᠠᠮᠤᠬ ᠴᠢᠬᠤᠯᠠ ᠪᠠᠶᠢᠷᠢ ᠶᠢ ᠡᠵᠡᠯᠡᠵᠦ ᠪᠠᠶᠢᠳᠠᠬ᠃ ᠲᠡᠷᠡ ᠪᠠᠷ ᠥᠪᠦᠷ | ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ ᠲᠠᠷᠤᠭ᠎ᠠ ᠪᠠᠶᠢᠬᠤ ᠳᠤ ᠪᠠᠨ 1957 ᠤᠨ ᠳᠤ ᠢᠨᠵᠠᠨᠨᠠᠰᠢ | ᠶᠢᠨ ︽ᠬᠦᠬᠡ ᠰᠤᠳᠤᠷ︾ ᠵᠡᠷᠭᠡ ᠵᠤᠬᠢᠶᠠᠯ ᠪᠦᠳᠦᠭᠡᠯ ᠢ ᠬᠡᠪᠯᠡᠭᠦᠯᠬᠦ ᠠᠵᠢᠯ ᠢ ᠭᠠᠷᠠᠮᠭᠠᠢ ᠰᠠᠶᠢᠬᠠᠨ ᠭᠦᠢᠴᠡᠳᠭᠡᠭᠰᠡᠨ | ᠶᠤᠮ᠃ ᠡᠷᠳᠡᠨᠢᠳᠤᠬᠳᠠᠬᠤ ᠠᠪᠤᠭᠠᠢ 1956 ᠤᠨ ᠤ 10 ᠳ᠋ᠤᠭᠠᠷ ᠰᠠᠷ᠎ᠠ ᠳᠤ ᠦᠪᠡᠷ ᠤᠨ ᠪᠡᠶ᠎ᠡ ᠪᠠᠷ ᠪᠠᠨ | ᠢᠨᠵᠠᠨᠨᠠᠰᠢ ᠶᠢᠨ ᠨᠤᠳᠤᠬ ᠪᠸᠢᠢᠫᠢᠶᠤᠤ ᠶᠢ ᠰᠤᠷᠪᠤᠯᠵᠢᠯᠠᠵᠤ ᠪᠤᠴᠠᠵᠤ ᠢᠷᠡᠭᠰᠡᠨ ᠤ ᠪᠠᠨ ᠲᠠᠷᠠᠭ᠎ᠠ ᠢᠨᠵᠡᠨᠨᠠᠰᠢ ᠶᠢᠨ | ᠲᠤᠬᠠᠢ ᠦᠵᠡᠭᠦᠯᠦᠯᠭᠡ ᠭᠠᠷᠭᠠᠵᠤ᠂ ᠰᠤᠨᠢᠨ ᠲᠡᠭᠡᠷ᠎ᠡ ᠲᠠᠨᠢᠯᠴᠠᠭᠤᠯᠤᠬᠰᠠᠨ ᠵᠤᠬᠢᠶᠠᠯ ᠪᠢᠴᠢᠵᠦ᠂ ᠲᠠᠷᠠᠭ᠎ᠠ ᠨᠢ ︽ | ᠬᠦᠬᠡ ᠰᠤᠳᠤᠷ︾ ᠤᠨ ︽ᠬᠡᠪᠯᠡᠨ ᠨᠡᠶᠢᠳᠡᠯᠡᠭᠴᠢ ᠶᠢᠨ ᠦᠭᠡ︾ ᠶᠢ ᠪᠢᠴᠢᠬᠦ ᠪᠠᠷ ᠲᠠᠮᠵᠢᠭᠤᠯᠤᠨ ᠢᠨᠵᠠᠨᠨᠠᠰᠢ ᠪᠤᠯᠤᠨ | ᠲᠡᠭᠦᠨ ᠤ ᠵᠤᠬᠢᠶᠠᠯ ᠪᠦᠳᠦᠭᠡᠯ ᠤᠨ ᠲᠡᠪᠰᠢᠯᠳᠤ ᠴᠢᠨᠠᠷ᠂ ᠠᠷᠠᠳᠴᠢᠯᠠᠬᠰᠠᠨ ᠴᠢᠨᠠᠷ ᠢ ᠨᠤᠳᠠᠯᠵᠤ᠂ ᠬᠢᠳᠠᠳ ᠮᠤᠩᠭᠤᠯ | ᠦᠨᠳᠦᠰᠦᠳᠡᠨ ᠤ ᠬᠠᠷᠢᠴᠠᠭ᠎ᠠ ᠶᠢᠨ ᠲᠠᠯ᠎ᠠ ᠪᠠᠷ ᠴᠤ ᠢᠳᠡᠪᠬᠢᠳᠡᠢ ᠰᠠᠶᠢᠨ ᠦᠢᠯᠡᠳᠦᠯ ᠦᠵᠡᠭᠦᠯᠦᠭᠰᠡᠨ ᠶᠤᠮ ᠭᠡᠵᠦ | ᠲᠤᠳᠤᠷᠬᠠᠢᠢᠯᠠᠵᠠᠢ [6]᠃ ᠡᠨᠡ ᠨᠢ ᠲᠤᠬᠠᠢ ᠶᠢᠨ ᠦᠶ᠎ᠡ ᠳᠤ ᠡᠨᠡ ᠨᠤᠮ ᠢ ᠬᠡᠪᠯᠡᠨ ᠲᠠᠷᠬᠠᠭᠠᠬᠤ ᠳᠤ ᠵᠠᠪᠠᠯ | ᠬᠢᠬᠦ ᠬᠡᠷᠡᠭᠳᠡᠢ ᠤᠷᠢᠳᠠᠴᠠ ᠨᠥᠬᠦᠴᠡᠯ ᠪᠤᠯᠬᠤ ᠶᠤᠮ᠃ ᠲᠡᠦᠬᠡᠨ ᠷᠤᠮᠠᠨ ︽ᠬᠦᠬᠡ ᠰᠤᠳᠤᠷ︾ ᠪᠤᠯ ᠤᠷᠴᠢᠨ ᠦᠶ᠎ᠡ | ᠳᠤ ᠮᠤᠩᠭᠤᠯᠴᠤᠳ ᠤᠨ ᠲᠤᠮᠳᠠ ᠶᠡᠬᠡᠳᠡ ᠲᠡᠯᠭᠡᠷᠡᠵᠦ ᠲᠡᠳᠡᠨ ᠤ ᠦᠨᠳᠦᠰᠦᠳᠡᠨ ᠤ ᠤᠬᠠᠮᠰᠠᠷ ᠢ ᠰᠡᠷᠭᠦᠭᠡᠨ | ᠬᠥᠭᠵᠢᠭᠡᠬᠦ᠂ ᠦᠨᠳᠦᠰᠦᠳᠡᠨ ᠤ ᠴᠢᠯᠦᠭᠡᠯᠡᠯᠳᠡ ᠶᠢᠨ ᠲᠦᠯᠦᠭᠡ ᠲᠡᠮᠡᠴᠡᠬᠦ ᠳᠤ ᠨᠢ ᠤᠶᠤᠨ ᠰᠠᠨᠠᠭᠠᠨ ᠤ ᠬᠦᠴᠦᠨ | ᠤᠯᠭᠤᠵᠤ ᠪᠠᠶᠢᠬᠰᠠᠨ ᠶᠤᠮ᠃ ᠠᠯᠳᠠᠷᠳᠤ ᠮᠤᠩᠭᠤᠯᠴᠢ ᠡᠷᠳᠡᠮᠳᠡᠨ ᠾᠸᠢᠢᠰᠰᠢᠭ᠄ ︽ᠢᠨᠵᠠᠨᠨᠠᠰᠢ ᠶᠢᠨ ᠵᠤᠬᠢᠶᠠᠯ | ᠰᠢᠬ ᠮᠤᠩᠭᠤᠯᠴᠤᠳ ᠤᠨ ᠢᠷᠠᠭᠤ ᠠᠯᠳᠠᠷ ᠢ ᠮᠠᠨᠳᠤᠭᠤᠯᠤᠬᠰᠠᠨ ᠪᠠ ᠲᠡᠳᠡᠨ ᠤ ᠬᠦᠰᠡᠯ ᠡᠷᠡᠮᠡᠯᠵᠡᠯ ᠢ ᠬᠠᠩᠭᠠᠬᠰᠠᠨ | ᠶᠠᠭᠤᠮ᠎ᠠ ᠥᠭᠡᠷ᠎ᠡ ᠪᠠᠶᠢᠭ᠎ᠠ ᠦᠭᠡᠢ᠃ ᠠᠷᠪᠠ ᠶᠢᠰᠦᠳᠦᠭᠡᠷ ᠵᠠᠭᠤᠨ ᠤ ᠮᠤᠩᠭᠤᠯᠴᠤᠳ ᠢ ᠲᠤᠷᠤᠢ ᠪᠠᠭᠤᠷᠠᠢ᠂ | ᠭᠤᠳᠤᠷᠠᠮᠠᠯ᠂ ᠵᠤᠯ ᠦᠭᠡᠢ ᠪᠠᠶᠢᠳᠠᠯ ᠠᠴᠠ ᠠᠪᠤᠷᠠᠵᠤ᠂ ᠰᠢᠨ᠎ᠡ ᠢᠷᠡᠭᠡᠳᠦᠢ ᠵᠦᠭ ᠲᠡᠳᠡᠨ ᠢ ᠤᠳᠤᠷᠢᠳᠬᠤ ᠭᠡᠰᠡᠨ | ᠨᠢ ᠢᠨᠵᠠᠨᠨᠠᠰᠢ ᠶᠢᠨ ᠵᠤᠷᠢᠯᠳᠠ ᠶᠤᠮ︾ ᠭᠡᠵᠡᠢ᠃ ︽ᠦᠨᠳᠦᠰᠦᠳᠡᠨ ᠤ ᠦᠵᠡᠯᠳᠦ ᠵᠤᠬᠢᠶᠠᠯᠴᠢ︾ ᠬᠡᠮᠡᠭᠳᠡᠭᠴᠢ | ᠢᠨᠵᠠᠨᠨᠠᠰᠢ ᠶᠢᠨ ᠵᠤᠬᠢᠶᠠᠯ ᠪᠦᠳᠦᠭᠡᠯ᠂ ᠢᠯᠠᠩᠭᠤᠶ᠎ᠠ ︽ᠶᠡᠭᠡ ᠶᠤᠸᠠᠨ ᠤᠯᠤᠰ ᠤᠨ ᠮᠠᠨᠳᠤᠬᠰᠠᠨ ᠲᠦᠷᠦ ᠶᠢᠨ ᠬᠦᠬᠡ | ᠰᠤᠳᠤᠷ︾ ᠭᠡᠳᠡᠭ ᠡᠨᠡᠬᠦ ᠲᠤᠮᠤᠬᠠᠨ ᠷᠤᠮᠠᠨ ᠢ ᠬᠡᠪᠯᠡᠬᠦ ᠳᠤ ᠪᠠᠨ ᠠᠷᠠᠳ ᠤᠨ ᠬᠡᠪᠯᠡᠯ ᠤᠨ ᠬᠤᠷᠢᠶᠠᠨ ᠤ ᠠᠩᠬᠠᠨ ᠤ | ᠲᠠᠷᠤᠭ᠎ᠠ ᠮᠠᠨᠢ ᠶᠡᠭᠡ ᠬᠢᠨᠠᠭᠤᠷ ᠯᠠᠪᠳᠠᠭᠤᠨ ᠮᠥᠷᠳᠡᠭᠡᠨ ᠵᠦᠪ ᠠᠷᠭ᠎ᠠ ᠪᠤᠳᠤᠯᠭ᠎ᠠ ᠲᠠᠢ ᠪᠠᠷ ᠠᠵᠢᠯᠯᠠᠵᠤ ᠪᠠᠶᠢᠬᠰᠠᠨ | ᠭᠡᠳᠡᠭ ᠢ ᠪᠢᠳᠡ ᠮᠡᠳᠡᠵᠦ ᠪᠤᠯᠬᠤ ᠶᠤᠮ᠃ ︽ᠰᠤᠶᠤᠯ ᠤᠨ ᠶᠡᠭᠡ ᠬᠤᠪᠢᠰᠬᠠᠯ︾ ᠤᠨ ᠦᠶ᠎ᠡ ᠪᠠᠷ ᠢᠨᠵᠠᠨᠨᠠᠰᠢ ᠶᠢᠨ | ᠵᠤᠬᠢᠶᠠᠯ ︽ᠥᠨᠳᠦᠰᠦᠳᠡᠨ ᠢ ᠬᠠᠭᠠᠴᠠᠭᠤᠯᠬᠤ ᠬᠤᠤᠷᠳᠤ ᠡᠪᠡᠰᠦ︾ ᠶᠢᠨ ᠶᠠᠯᠠᠳᠤ ᠨᠡᠷ᠎ᠡ ᠨᠥᠮᠦᠷᠴᠦ | ᠰᠢᠳᠠᠭᠠᠬᠳᠠᠬᠰᠠᠨ ᠪᠦᠭᠡᠳ ᠲᠡᠭᠦᠨ ᠢ ᠬᠡᠪᠯᠡᠭᠦᠯᠦᠭᠰᠡᠨ ᠶᠠᠪᠤᠳᠠᠯ ᠡᠷᠳᠡᠨᠢᠳᠤᠬᠳᠠᠬᠤ ᠠᠪᠤᠭᠠᠢ ᠶᠢᠨ ᠨᠢᠭᠡ ᠲᠤᠮᠤ ︽ | ᠶᠠᠯ᠎ᠠ︾ ᠪᠤᠯᠵᠤ ᠲᠡᠷᠡ ᠪᠠᠷ ᠲᠠᠮᠤᠯᠠᠬᠳᠠᠨ ᠵᠡᠮᠳᠡᠭᠷᠡᠭᠰᠡᠨ ᠪᠠᠶᠢᠯ᠎ᠠ᠃ ︽ᠡᠷᠳᠡᠨᠢᠳᠤᠬᠳᠠᠬᠤ ᠶᠢᠨ ᠵᠤᠬᠢᠶᠠᠯ ᠤᠨ | ᠲᠡᠭᠦᠪᠦᠷᠢ︾ ᠳᠤ ᠤᠷᠤᠬᠰᠠᠨ 12 ᠤᠳᠬ᠎ᠠ ᠵᠤᠬᠢᠶᠠᠯ ᠰᠤᠳᠤᠯᠤᠯ ᠤᠨ ᠦᠭᠦᠯᠡᠯ ᠤᠨ 7 ᠵᠤᠬᠢᠶᠠᠯ ᠨᠢ ᠢᠨᠵᠠᠨᠨᠠᠰᠢ | ᠶᠢᠨ ᠰᠤᠳᠤᠯᠤᠯ ᠳᠤ ᠬᠤᠯᠪᠤᠬᠳᠠᠨ᠎ᠠ᠃ ᠲᠡᠷᠡ ᠪᠠᠷ ᠢᠨᠵᠠᠨᠨᠠᠰᠢ ᠶᠢᠨ ᠵᠤᠬᠢᠶᠠᠯ ᠪᠦᠳᠦᠭᠡᠯ ᠤᠨ ᠤᠨᠤᠯ ᠦᠢᠯᠡᠳᠦᠯᠭᠡ᠂ | ᠤᠷᠠᠯᠢᠬ ᠤᠨ ᠠᠮᠵᠢᠯᠳᠠ᠂ ᠭᠠᠪᠢᠶ᠎ᠠ ᠵᠢᠳᠬᠦᠯ᠂ ᠶᠢᠷᠳᠢᠨᠴᠦ ᠶᠢᠨ ᠦᠵᠡᠯᠳᠡ᠂ ᠦᠵᠡᠯ ᠰᠠᠨᠠᠭ᠎ᠠ ᠨᠡᠶᠢᠭᠡᠮ ᠤᠨ | ᠵᠤᠬᠰᠤᠯᠳᠠ ᠵᠢᠴᠢ ᠤᠯᠤᠰ ᠲᠦᠷᠦ ᠶᠢᠨ ᠴᠢᠭᠯᠡᠯ ᠵᠡᠷᠭᠡ ᠶᠢ ᠰᠢᠰᠲ᠋ᠧᠮ ᠲᠠᠢ ᠰᠤᠳᠤᠯᠵᠤ᠂ 1959 ᠤᠨ ᠳᠤ | ᠤᠯᠠᠭᠠᠨᠪᠠᠭᠠᠳᠤᠷ ᠲᠤ ᠪᠤᠯᠤᠬᠰᠠᠨ ᠮᠤᠩᠭᠤᠯ ᠰᠤᠳᠤᠯᠤᠯ ᠤᠨ ᠠᠩᠬᠠᠳᠤᠬᠴᠢ ᠤᠯᠠᠨ ᠤᠯᠤᠰ ᠤᠨ ᠬᠤᠷᠠᠯ ᠲᠡᠭᠡᠷ᠎ᠡ ︽ | ᠢᠨᠵᠠᠨᠨᠠᠰᠢ ᠪᠠ ᠲᠡᠭᠦᠨ ᠤ ᠵᠤᠬᠢᠶᠠᠯ ᠤᠨ ᠲᠤᠬᠠᠢ︾ ᠭᠡᠳᠡᠭ ᠦᠭᠦᠯᠡᠯ ᠵᠶᠡᠷ ᠵᠶᠡᠨ ᠥᠷᠭᠡᠨ ᠲᠡᠯᠭᠡᠷ ᠨᠥᠯᠦᠭᠡ | ᠲᠤᠰᠬᠠᠯ ᠭᠠᠷᠭᠠᠵᠤ᠂ ᠢᠨᠵᠠᠨᠨᠠᠰᠢ ᠶᠢᠨ ᠲᠤᠬᠠᠢ ᠦᠨᠡᠯᠡᠯᠳᠡ ᠶᠢᠨ ᠤᠯᠤᠰ ᠤᠨ ᠲᠤᠳᠤᠷ᠎ᠠ ᠭᠠᠳᠠᠨᠠᠬᠢ ᠭᠤᠤᠯ ᠬᠥᠭ | ᠠᠶᠠᠰ ᠢ ᠨᠢ ᠲᠤᠬᠳᠠᠭᠠᠵᠤ ᠥᠭᠴᠡᠢ᠃ | ᠲᠡᠷᠡ 1956 ᠤᠨ ᠤ 10 ᠰᠠᠷ᠎ᠠ ᠪᠠ 1957 ᠤᠨ ᠤ 11 ᠰᠠᠷ᠎ᠠ ᠳᠤ ᠬᠤᠶᠠᠷ | ᠤᠳᠠᠭ᠎ᠠ ᠢᠨᠵᠠᠨᠨᠠᠰᠢ ᠶᠢᠨ ᠨᠤᠳᠤᠬ ᠢ ᠰᠤᠷᠪᠤᠯᠵᠢᠯᠠᠵᠤ᠂ ᠶᠡᠭᠡ ᠤᠯᠠᠨ ᠬᠤᠪᠤᠷ ᠨᠠᠨᠳᠢᠨ ᠰᠤᠷᠪᠤᠯᠵᠢ ᠮᠠᠲ᠋ᠧᠷᠢᠶᠠᠯ ᠪᠠ | ᠲᠤᠷᠠᠰᠬᠠᠯᠳᠤ ᠡᠳ᠋ ᠢ ᠢᠯᠡᠷᠡᠭᠦᠯᠦᠨ ᠤᠯᠵᠤ ᠬᠦᠬᠡᠬᠤᠳᠠ ᠳᠤ ᠠᠪᠠᠴᠢᠨ ᠨᠤᠮ ᠤᠨ ᠰᠠᠩ᠂ ᠮᠦᠽᠸᠢ ᠳᠤ | ᠬᠠᠳᠠᠭᠠᠯᠠᠬᠰᠠᠨ ᠨᠢ ᠢᠨᠵᠠᠨᠨᠠᠰᠢ ᠶᠢᠨ ᠰᠤᠳᠤᠯᠤᠯ ᠲᠡᠳᠦᠢ ᠦᠭᠡᠢ ᠪᠦᠬᠦ᠋ᠢᠯᠡ ᠮᠤᠩᠭᠤᠯ ᠤᠨ ᠰᠤᠳᠤᠯᠤᠯ ᠳᠤ | ᠦᠨᠡᠳᠦ ᠦᠪ ᠪᠤᠯᠤᠨ ᠦᠯᠡᠳᠡᠵᠡᠢ᠃ ᠲᠡᠭᠦᠪᠡᠷ ᠥᠯᠦ ᠪᠠᠷᠠᠨ ᠡᠷᠳᠡᠨᠢᠳᠤᠬᠳᠠᠬᠤ ᠠᠪᠤᠭᠠᠢ ᠪᠠᠰᠠ ᠮᠠᠰᠢ ᠤᠯᠠᠨ | ᠮᠤᠩᠭᠤᠯ ᠠᠮᠠᠨ ᠵᠤᠬᠢᠶᠠᠯ ᠤᠨ ᠪᠠ ᠪᠢᠴᠢᠭ ᠤᠨ ᠵᠤᠬᠢᠶᠠᠯ ᠤᠨ ᠦᠪ ᠢ ᠴᠤᠬᠯᠠᠭᠤᠯᠤᠨ ᠡᠮᠬᠢᠳᠬᠡᠵᠦ ᠨᠡᠶᠢᠳᠡᠯᠡᠭᠰᠡᠨ | ᠶᠤᠮ᠃ ᠠᠺᠠᠳᠧᠮᠢᠴᠢ ᠴ᠊ · ᠲᠠᠮᠳᠢᠨᠰᠦᠷᠦᠩ ᠤᠨ 1959 ᠤᠨ ᠳᠤ ᠨᠠᠶᠢᠷᠠᠭᠤᠯᠤᠨ ᠬᠡᠪᠯᠡᠭᠦᠯᠦᠭᠰᠠᠨ ︽ᠮᠤᠩᠭᠤᠯ | ᠤᠷᠠᠨ ᠵᠤᠬᠢᠶᠠᠯ ᠤᠨ ᠲᠡᠭᠡᠵᠢ ᠵᠠᠭᠤᠨ ᠪᠢᠯᠢᠭ ᠤᠷᠤᠰᠢᠪᠠᠢ︾ ᠳᠤ ᠡᠷᠳᠡᠨᠢᠳᠤᠬᠳᠠᠬᠤ ᠶᠢᠨ ᠨᠡᠶᠢᠳᠡᠯᠡᠯ ᠠᠴᠠ ︽ | ᠴᠢᠩᠭᠢᠰ ᠤᠨ ᠡᠷ᠎ᠡ ᠬᠤᠶᠠᠷ ᠵᠠᠭᠠᠯ ᠤᠨ ᠲᠤᠭᠤᠵᠢ︾ ︵ᠤᠷᠳᠤᠰ ᠠᠴᠠ ᠤᠯᠳᠠᠬᠰᠠᠨ︶᠂ ᠪᠠᠰᠠ ᠢᠨᠵᠠᠨᠨᠠᠰᠢ᠂ | ᠭᠦᠯᠡᠷᠠᠨᠰᠠ᠂ ᠢᠰᠢᠳᠠᠨᠽᠠᠨᠸᠠᠩᠵᠢᠯ᠂ ᠬᠡᠰᠢᠭᠪᠡᠳᠦ ᠵᠡᠷᠭᠡ ᠥᠪᠦᠷ ᠮᠤᠩᠭᠤᠯ ᠤᠨ ᠤᠷᠴᠢᠨ ᠦᠶ᠎ᠡ ᠶᠢᠨ ᠤᠷᠠᠨ | ᠵᠤᠬᠢᠶᠠᠯᠴᠢᠳ ᠤᠨ ᠵᠤᠬᠢᠶᠠᠯ ᠪᠥᠳᠦᠭᠡᠯ ᠰᠤᠩᠭᠤᠬᠳᠠᠨ ᠤᠷᠤᠬᠰᠠᠨ ᠪᠢᠯᠡ [7]᠃ | ᠡᠷᠳᠡᠨᠢᠳᠤᠬᠳᠠᠬᠤ 1981 ᠤᠨ ᠤ 5 ᠰᠠᠷ᠎ᠠ ᠳᠤ ᠨᠠᠢᠮᠠᠨ ᠮᠤᠵᠢ ᠤᠷᠤᠨ ᠤ ᠮᠤᠩᠭᠤᠯ ᠬᠡᠯᠡ | ᠪᠢᠴᠢᠭ ᠤᠨ ᠠᠵᠢᠯ ᠤᠨ ᠤᠳᠤᠷᠢᠳᠬᠤ ᠲᠤᠭᠤᠢᠢᠯᠠᠩ ᠢ ᠲᠦᠯᠦᠭᠡᠯᠡᠵᠦ ᠢᠨᠵᠠᠨᠨᠠᠰᠢ ᠶᠢᠨ ᠨᠤᠳᠤᠭ ᠪᠸᠢᠢᠫᠢᠶᠤᠤ ᠳᠤ | ᠤᠴᠢᠵᠤ ᠠᠵᠢᠯ ᠪᠠᠶᠢᠴᠠᠭᠠᠬᠤ ᠳᠤ ᠪᠠᠨ ᠪᠸᠢᠢᠫᠢᠶᠤᠤ ᠰᠢᠶᠠᠨ᠂ ᠴᠤᠤᠶᠠᠩ ᠤᠷᠤᠨ᠂ ᠯᠢᠶᠤᠤᠨᠢᠩ ᠮᠤᠵᠢ ᠶᠢᠨ | ᠬᠤᠯᠪᠤᠬᠳᠠᠯ ᠪᠦᠬᠦᠢ ᠤᠳᠤᠷᠢᠳᠤᠯᠭ᠎ᠠ ᠳᠤ ᠲᠤᠤᠷ᠎ᠠ ᠬᠤᠷᠤᠭᠠᠨ ᠤ ᠡᠩᠬᠡᠵᠢᠭᠦᠯᠦᠭᠴᠢ ᠰᠦᠮ᠎ᠡ ᠳᠤ ᠢᠨᠵᠠᠨᠨᠠᠰᠢ ᠶᠢᠨ | ᠲᠤᠷᠠᠰᠬᠠᠯ ᠤᠨ ᠤᠷᠳᠤᠨ ᠪᠠᠶᠢᠭᠤᠯᠬᠤ ᠰᠠᠨᠠᠯ ᠢ ᠲᠤᠷᠠᠳᠤᠬᠰᠠᠨ ᠨᠢ ᠲᠡᠳᠡᠨ ᠤ ᠬᠦᠷᠢᠶᠡᠯᠡᠯ ᠢ ᠤᠯᠵᠠᠢ᠂ 1986 | ᠤᠨ ᠳᠤ ᠲᠡᠭᠦᠨ ᠤ ᠲᠤᠷᠠᠳᠤᠯᠭ᠎ᠠ ᠪᠡᠶᠡᠯᠡᠭᠳᠡᠵᠦ ᠢᠨᠵᠠᠨᠨᠠᠰᠢ ᠶᠢᠨ ᠲᠤᠷᠠᠰᠬᠠᠯ ᠤᠨ ᠤᠷᠳᠤᠨ ᠪᠠᠶᠢᠭᠤᠯᠤᠬᠳᠠᠬᠰᠠᠨᠠ | ᠲᠡᠷᠡ ᠪᠠᠷ ︽ᠢᠨᠵᠠᠨᠨᠠᠰᠢ ᠮᠤᠩᠭᠤᠯ ᠰᠤᠶᠤᠯ ᠤᠨ ᠰᠢᠯᠢᠳᠡᠭ ᠤᠯᠠᠮᠵᠢᠯᠠᠯ ᠢ ᠵᠠᠯᠭᠠᠮᠵᠢᠯᠠᠨ ᠪᠠᠳᠠᠷᠠᠭᠤᠯᠪᠠ︾ ᠭᠡᠰᠡᠨ | ᠪᠢᠴᠢᠭᠡᠰᠦ ᠪᠢᠴᠢᠵᠦ ᠥᠭᠭᠦᠭᠰᠡᠨ ᠪᠠᠶᠢᠨ᠎ᠠ᠃ ᠢᠨᠵᠠᠨᠨᠠᠰᠢ ᠶᠢᠨ ᠰᠤᠳᠤᠯᠭᠠᠨ ᠲᠡᠭᠡᠷ᠎ᠡ ᠡᠷᠳᠡᠨᠢᠳᠤᠬᠳᠠᠬᠤ ᠲᠠᠢ ᠤᠯᠠᠨ | ᠵᠢᠯ ᠬᠠᠮᠳᠤᠷᠠᠨ ᠠᠵᠢᠯᠯᠠᠬᠰᠠᠨ ᠡᠷᠳᠡᠮᠳᠡᠨ ᠰᠤᠳᠤᠪᠢᠯᠢᠭ᠌ ᠭᠤᠸᠠᠢ ᠬᠡᠯᠡᠭᠰᠡᠨ ᠨᠢ᠄ ︽ᠡᠨᠡ ᠲᠤᠷᠠᠰᠬᠠᠯ ᠤᠨ ᠤᠷᠳᠤᠨ | ᠪᠠᠶᠢᠭᠤᠯᠤᠬᠳᠠᠬᠤ ᠠᠴᠠ ᠡᠮᠦᠨ᠎ᠡ᠂ ᠲᠡᠷᠡ ᠭᠠᠵᠠᠷ ᠤᠨ ᠤᠳᠤᠷᠢᠳᠤᠯᠭ᠎ᠠ᠂ ᠬᠠᠷᠢᠭᠤᠴᠠᠯᠭ᠎ᠠ ᠲᠠᠢ ᠨᠥᠬᠦᠳ | ᠢᠯᠩᠭᠤᠶᠠ ᠵᠠᠯᠠᠭᠤᠴᠤᠳ ᠢᠨᠵᠠᠨᠨᠠᠰᠢ ᠶᠢᠨ ᠲᠤᠬᠠᠢ ᠮᠡᠳᠡᠯᠭᠡ᠂ ᠰᠡᠳᠬᠢᠯᠭᠡ ᠨᠢᠮᠭᠡᠨ ᠪᠠᠶᠢᠬᠰᠠᠨ ᠪᠦᠭᠡᠳ ᠲᠤᠷᠠᠰᠬᠠᠯ | ᠤᠨ ᠤᠷᠳᠤᠨ ᠪᠠᠶᠢᠭᠤᠯᠬᠤ ᠤᠳᠬ᠎ᠠ ᠠᠭᠤᠯᠭ᠎ᠠ ᠶᠢᠨ ᠲᠠᠯ᠎ᠠ ᠪᠠᠷ ᠲᠤᠳᠤᠷᠬᠠᠢ ᠮᠡᠳᠡᠬᠦ ᠦᠭᠡᠢ ᠪᠠᠶᠢᠪᠠ᠃ ᠭᠡᠳᠡᠯ᠎ᠡ | 1987 ᠤᠨ ᠳᠤ ᠢᠨᠵᠡᠨᠨᠠᠰᠢ ᠶᠢᠨ ᠲᠤᠬᠠᠢ ᠶᠠᠷᠢᠯᠴᠠᠬᠤ ᠬᠤᠷᠠᠯ ᠬᠢᠬᠦ ᠳᠤ ᠪᠢᠳᠡ ᠶᠠᠭᠤ ᠶᠢ ᠦᠵᠡᠵᠦ ᠭᠠᠷᠪᠠ︖ | ᠭᠡᠪᠡᠯ ᠦᠩᠭᠡᠷᠡᠭᠰᠡᠨ ᠳᠤ ᠢᠨᠵᠡᠨᠨᠠᠰᠢ ᠶᠢᠨ ᠲᠤᠬᠠᠢ ᠲᠡᠮᠡᠢ ᠬᠠᠶᠢᠬᠤᠷᠠᠬᠤ ᠦᠭᠡᠢ᠂ ᠲᠡᠮᠡᠢ ᠦᠨᠡᠯᠡᠬᠦ ᠦᠭᠡᠢ | ᠪᠠᠶᠢᠬᠰᠠᠨ ᠪᠠᠶᠢᠳᠠᠯ ᠪᠦᠷ ᠦᠭᠡᠷᠡᠳᠦᠭᠡᠳ᠂ ᠯᠢᠶᠤᠤᠨᠢᠩ ᠳᠤ ᠪᠠᠰᠠ ᠢᠨᠵᠡᠨᠨᠠᠰᠢ ᠶᠢᠨ ᠰᠤᠳᠤᠯᠭᠠᠨ ᠤ ᠡᠪᠯᠡᠯ ᠪᠤᠢ | ᠪᠤᠯᠵᠤ᠂ ᠵᠤᠬᠢᠶᠠᠯ ᠪᠢᠴᠢᠳᠡᠭ ᠨᠢᠭᠡ ᠪᠥᠯᠦᠭ ᠬᠦᠮᠦᠨ ᠭᠠᠷᠴᠢᠬᠠᠵᠠᠢ᠃ ᠮᠤᠩᠭᠤᠯ ᠬᠢᠳᠠᠳ ᠠᠷᠪᠠᠨ ᠬᠡᠳᠦᠨ ᠵᠤᠬᠢᠶᠠᠯ | ᠭᠠᠷᠤᠬᠰᠠᠨ᠃ ᠵᠠᠷᠢᠮ ᠨᠢ ᠶᠡᠭᠡ ᠴᠤ ᠤᠷᠳᠤ᠂ ᠤᠯᠠᠨ ᠲᠠᠯ᠎ᠠ ᠪᠠᠷ ᠦᠨᠡᠯᠡᠵᠦ ᠪᠠᠶᠢᠨ᠎ᠠ᠃ ᠵᠠᠷᠢᠮ ᠵᠠᠯᠠᠭᠤᠴᠤᠳ | ᠢᠨᠵᠡᠨᠨᠠᠰᠢ ᠶᠢ ᠪᠦᠬᠦ ᠲᠠᠯ᠎ᠠ ᠪᠠᠷ ᠦᠨᠡᠯᠡᠬᠦ ᠭᠡᠳ ᠮᠠᠨ ᠢ ᠭᠠᠷᠤᠨ ᠭᠠᠷᠴᠤ ᠢᠷᠡᠳᠡᠯ᠎ᠡ ᠰᠦᠨᠢ ᠪᠤᠯᠳᠠᠯ᠎ᠠ ᠠᠰᠠᠭᠤᠵᠤ | ᠯᠠᠪᠯᠠᠭᠠᠳ ᠪᠠᠶᠢᠪᠠ᠃ ᠢᠨᠵᠡᠨᠨᠠᠰᠢ ᠶᠢᠨ ᠲᠤᠬᠠᠢ ᠵᠦᠴᠦᠭᠡ ᠨᠢᠭᠡᠨᠳᠡ ᠲᠤᠬᠯᠠᠬᠳᠠᠪᠠ᠂ ᠤᠳᠤ ᠺᠢᠨᠤ᠋ ᠪᠢᠴᠢᠨ᠎ᠡ ᠭᠡᠳ | ᠤᠷᠤᠯᠳᠤᠵᠤ ᠪᠠᠶᠢᠬᠤ ᠵᠠᠯᠠᠭᠤᠴᠤᠳ ᠤᠯᠠᠨ᠃ ᠡᠭᠦᠨ ᠤ ᠲᠤᠳᠤᠷ᠎ᠠ ᠤᠯᠠᠩᠬᠢ ᠨᠢ ᠮᠤᠩᠭᠤᠯ ᠨᠦᠬᠦᠳ᠂ ᠵᠠᠷᠢᠮ | ᠴᠦᠬᠡᠨ ᠲᠤᠭᠠᠨ ᠤ ᠬᠢᠳᠠᠳ ᠨᠥᠬᠦᠳ ᠪᠠᠰᠠ ᠪᠠᠶᠢᠨ᠎ᠠ᠃ ᠦᠩᠭᠡᠷᠡᠭᠰᠡᠨ ᠳᠤ ᠪᠢᠳᠡ ᠯᠢᠶᠤᠤᠨᠢᠩ ᠳᠤ ᠤᠴᠢᠵᠤ | ᠢᠨᠵᠡᠨᠨᠠᠰᠢ ᠶᠢᠨ ᠲᠤᠬᠠᠢ ᠰᠤᠷᠪᠤᠯᠵᠢᠯᠠᠵᠤ ᠶᠠᠷᠢᠯᠴᠠᠬᠤ ᠳᠤ ᠲᠡᠳᠡᠨᠡᠷ ᠠᠩᠬᠠᠷᠤᠯ ᠮᠠᠭᠤᠳᠠᠢ ᠪᠠᠶᠢᠬᠰᠠᠨ ᠪᠤᠯ ᠤᠳᠤ | ᠲᠡᠳᠡ ᠶᠡᠭᠡ ᠬᠥᠨᠳᠦᠳᠬᠡᠨ ᠠᠩᠬᠠᠷᠬᠤ ᠪᠤᠯᠤᠬᠰᠠᠨ ᠪᠠᠶᠢᠨ᠎ᠠ᠃ ᠳ᠋ᠦᠩᠨᠡᠭᠡᠳ ᠬᠡᠯᠡᠪᠡᠯ᠂ ᠡᠷᠳᠡᠨᠢᠳᠤᠬᠳᠠᠬᠤ ᠲᠠᠷᠤᠭ᠎ᠠ | ᠪᠤᠯ ᠦᠨᠳᠦᠰᠦᠳᠡᠨ ᠤ ᠰᠤᠶᠤᠯ ᠢ ᠶᠠᠮᠠᠷ ᠶᠠᠩᠵᠤ ᠪᠠᠷ ᠬᠥᠭᠵᠢᠭᠦᠯᠬᠦ᠂ ᠶᠠᠮᠠᠷ ᠵᠦᠪ ᠤᠨᠤᠪᠴᠢᠳᠠᠢ ᠠᠷᠭ᠎ᠠ ᠬᠡᠮᠵᠢᠶ᠎ᠡ | ᠪᠠᠷ ᠬᠦᠭᠵᠢᠭᠦᠯᠬᠦ ᠭᠡᠰᠡᠨ ᠠᠰᠠᠭᠤᠳᠠᠯ ᠢ ᠬᠤᠯᠠ ᠪᠦᠭᠡᠳ ᠭᠦᠨᠵᠡᠬᠡᠢ ᠪᠠᠷ ᠰᠡᠳᠬᠢᠵᠤ ᠪᠠᠶᠢᠬᠰᠠᠨ ᠤ ᠠᠴᠢ ᠲᠤᠰᠠ | ᠪᠤᠯᠵᠠᠢ︾ ᠭᠡᠪᠡ [8]᠃ ᠤᠷᠴᠢᠨ ᠦᠶ᠎ᠡ ᠪᠤᠯ ᠮᠤᠩᠭᠤᠯᠴᠤᠳ ᠭᠤᠷᠪᠠᠨ ᠵᠠᠭᠤᠨ ᠵᠢᠯ ᠮᠠᠨᠵᠤ ᠴᠢᠩ ᠤᠨ | ᠨᠤᠶᠠᠷᠬᠠᠯ ᠲᠤᠤᠷ᠎ᠠ ᠮᠤᠩᠬᠠᠬᠯᠠᠨ ᠪᠤᠭᠤᠯᠴᠢᠯᠠᠬᠳᠠᠬᠰᠠᠨ ᠤ ᠲᠠᠷᠠᠭ᠎ᠠ ᠰᠡᠭᠡᠭᠡᠷᠡᠨ ᠪᠤᠰᠤᠬᠰᠠᠨ ᠴᠠᠬ ᠦᠶ᠎ᠡ ᠶᠤᠮ᠃ | ᠡᠷᠳᠡᠨᠢᠳᠤᠬᠳᠠᠬᠤ ᠠᠪᠤᠭᠠᠢ ᠶᠢᠨ ᠡᠷᠳᠡᠮ ᠰᠢᠨᠵᠢᠯᠡᠭᠡᠨ ᠤ ᠠᠵᠢᠯ ᠤᠨ ᠭᠤᠤᠯ ᠬᠠᠷᠠᠯᠳᠠ ᠮᠤᠩᠭᠤᠯ ᠤᠨ ᠤᠷᠴᠢᠨ | ᠦᠶ᠎ᠡ ᠶᠢᠨ ᠰᠤᠶᠤᠯ ᠰᠤᠷᠭᠠᠨ ᠬᠦᠮᠦᠵᠢᠯ᠂ ᠤᠳᠬ᠎ᠠ ᠵᠤᠬᠢᠶᠠᠯ ᠤᠨ ᠦᠪ ᠢ ᠬᠠᠮᠭᠠᠯᠠᠬᠤ ᠪᠠ ᠤᠯᠠᠮᠵᠢᠯᠠᠬᠤ ᠳᠤ | ᠴᠢᠭᠯᠡᠭᠳᠡᠵᠦ ᠪᠠᠶᠢᠬᠰᠠᠨ ᠪᠦᠭᠡᠳ ᠢᠨᠵᠠᠨᠨᠠᠰᠢ ᠪᠤᠯ ᠭᠤᠤᠯᠳᠠᠯᠭ᠎ᠠ ᠶᠢᠨ ᠲᠤᠳᠤᠷᠠᠬᠢ ᠴᠢᠮᠦᠭᠡ ᠨᠢ ᠪᠠᠶᠢᠬᠰᠠᠨ ᠭᠡᠵᠦ | ᠦᠵᠡᠬᠦ ᠳᠤ ᠪᠤᠯᠬᠤ ᠪᠤᠯᠪᠠᠤ᠃ | ᠭᠤᠷᠪᠠ᠂ ︽ᠰᠤᠶᠤᠯ ᠢ ᠰᠢᠨᠡᠴᠢᠯᠡᠬᠦ ᠪᠠ ᠲᠦᠭᠡᠮᠡᠯ ᠪᠤᠯᠭᠠᠬᠤ︾ ᠦᠵᠡᠯ ᠰᠠᠨᠠᠭ᠎ᠠ | ᠲᠡᠭᠡᠷ᠎ᠡ ᠡᠰᠢ ᠲᠠᠳᠠᠬᠰᠠᠨ ᠰᠢᠯᠦᠭ ᠲᠤ ᠡᠷᠳᠡᠨᠢᠳᠤᠬᠳᠠᠬᠤ ᠠᠪᠤᠭᠠᠢ᠄ ︽ᠢᠰᠡᠭᠡᠢ ᠭᠡᠷ ᠲᠤ | ᠪᠠᠨ ᠰᠠᠭᠤᠪᠠᠴᠤ ᠡᠭᠦᠨ ᠢ ᠤᠬᠳᠤ ᠵᠢᠭᠰᠢᠬᠦ ᠦᠭᠡᠢ᠂ ᠡᠷᠬᠡᠪᠰᠢ ᠬᠠᠯᠠᠨ ᠰᠠᠶᠢᠵᠢᠷᠠᠭᠤᠯᠰᠤᠭᠠᠢ ᠭᠡᠮᠡᠨ ᠡᠳᠦᠷ | ᠰᠦᠨᠢ ᠦᠭᠡᠢ ᠨᠢᠬᠳᠠᠯᠠᠮᠤᠢ︾ ᠭᠡᠵᠡᠢ᠃ ᠲᠡᠷᠡ ᠰᠤᠶᠤᠯ ᠤᠨ ᠬᠡᠪᠰᠢᠮᠡᠯ ᠦᠵᠡᠯᠳᠡᠨ ᠪᠢᠰᠢ ᠬᠠᠷᠢᠨ ᠰᠢᠨᠡᠴᠢᠯᠡᠯ ᠢ | ᠢᠳᠡᠪᠬᠢᠳᠡᠢ ᠰᠡᠳᠦᠨ ᠤᠷᠤᠯᠳᠤᠬᠴᠢ ᠮᠦᠨ᠃ ᠲᠡᠷᠡ ᠪᠠᠷ ᠬᠢᠩᠭᠠᠨ ᠰᠤᠷᠭᠠᠭᠤᠯᠢ ᠶᠢᠨ ᠬᠤᠷᠢᠶ᠎ᠠ ᠠᠴᠠ | ᠲᠡᠭᠦᠰᠦᠭᠡᠳ ᠲᠡᠮᠡᠢ ᠤᠳᠠᠬᠰᠠᠨ ᠦᠭᠡᠢ ᠬᠤᠷᠢᠨ ᠵᠢᠷᠭᠤᠭᠠᠨ ᠨᠠᠰᠤᠨ ᠳᠤ ᠪᠠᠨ 1942 ᠤᠨ ᠤ ᠬᠠᠷ᠎ᠠ ᠮᠤᠷᠢᠨ | ᠵᠢᠯ ︽ᠮᠤᠩᠭᠤᠯ ᠦᠰᠦᠭ ᠤᠨ ᠰᠢᠨ᠎ᠡ ᠲᠤᠯᠢ︾ ᠭᠡᠮᠡᠬᠦ ᠬᠡᠯᠡᠨ ᠤ ᠵᠦᠢ ᠶᠢᠨ ᠲᠤᠰᠬᠠᠢ ᠵᠤᠬᠢᠶᠠᠯ ᠢ ᠪᠢᠴᠢᠨ | ᠬᠡᠪᠯᠡᠭᠦᠯᠵᠡᠢ᠃ ᠡᠷᠳᠡᠮᠳᠡᠳ ᠡᠨᠡ ᠪᠢᠴᠢᠭ ᠢ ︽ᠮᠤᠩᠭᠤᠯ ᠬᠡᠯᠡᠨ ᠤ ᠰᠤᠳᠤᠯᠤᠯ ᠢ ᠬᠠᠭᠤᠴᠢᠨ ᠬᠡᠯᠡ ᠪᠢᠴᠢᠭ ᠤᠨ | ᠰᠤᠳᠤᠯᠤᠯ ᠠᠴᠠ ᠰᠢᠨ᠎ᠡ ᠬᠡᠯᠡ ᠰᠢᠨᠵᠢᠯᠡᠯ ᠤᠨ ᠱᠠᠳᠤᠨᠠ ᠠᠬᠢᠭᠤᠯᠤᠬᠰᠠᠨ ᠴᠠᠭ ᠦᠶ᠎ᠡ ᠶᠢ ᠵᠠᠭᠠᠬᠯᠠᠬᠤ ᠠᠴᠢ | ᠬᠤᠯᠪᠤᠬᠳᠠᠯ ᠪᠦᠬᠦᠢ ᠰᠢᠯᠢᠳᠡᠭ ᠪᠦᠳᠦᠭᠡᠯ︾ [9]᠂ ︽20 ᠳ᠋ᠤᠭᠠᠷ ᠵᠠᠭᠤᠨ ᠤ ᠲᠦᠷᠦᠭᠦᠦ ᠬᠠᠭᠠᠰ ᠲᠤ | ᠤᠯᠤᠰ ᠤᠨ ᠲᠤᠳᠤᠭᠠᠳᠤ ᠶᠢᠨ ᠮᠤᠩᠭᠤᠯ ᠬᠡᠯᠡ ᠰᠤᠳᠤᠯᠤᠯ ᠤᠨ ᠬᠦᠷᠢᠶᠡᠨ ᠳᠠᠬᠢ ᠬᠠᠮᠤᠭ ᠤᠨ ᠰᠠᠶᠢᠨ ᠰᠤᠳᠤᠯᠭᠠᠨ | ᠤ ᠪᠦᠳᠦᠭᠡᠯ︾ [10] ᠭᠡᠵᠦ ᠦᠨᠡᠯᠡᠵᠦ ᠪᠠᠶᠢᠳᠠᠭ᠃ ᠡᠨᠡ ᠨᠤᠮ ᠳᠤ ᠪᠠᠨ ︽ᠰᠢᠨ᠎ᠡ ᠤᠳᠬ᠎ᠠ︾ ᠭᠡᠳᠡᠭ | ᠤᠬᠠᠬᠳᠠᠬᠤᠨ ᠢ ᠲᠤᠷᠠᠳᠤᠨ ᠭᠠᠷᠭᠠᠵᠤ᠂ ︽ᠮᠤᠩᠭᠤᠯ ᠦᠰᠦᠭ ᠢᠨᠦ ᠲᠤᠯᠤᠭᠠᠨ ᠵᠠᠭᠤᠨ ᠤᠨ ᠤ ᠤᠷᠢᠳᠠᠬᠢ | ᠮᠤᠩᠭᠤᠯ ᠦᠭᠡ ᠶᠢ ᠪᠢᠴᠢᠵᠦ ᠪᠠᠶᠢᠬᠰᠠᠨ ᠬᠡᠪ ᠲᠡᠭᠡᠨ ᠲᠤᠬᠳᠠᠨᠢᠭᠠᠳ᠂ ᠲᠡᠮᠡᠢ ᠠᠯᠬᠤᠮ ᠲᠠᠪᠰᠢᠬᠰᠠᠨ ᠦᠭᠡᠢ ᠬᠠᠰᠢ | ᠶᠠᠰᠢ ᠪᠠᠶᠢᠬᠰᠠᠭᠠᠷ ᠮᠤᠩᠭᠤᠯ ᠦᠭᠡ ᠡᠴᠡᠭᠡᠨ ᠪᠠᠷᠤᠬ ᠲᠤᠯᠤᠭᠠᠨ ᠵᠠᠭᠤᠨ ᠤᠨ ᠬᠤᠴᠤᠷᠤᠬᠰᠠᠨ ᠲᠤᠯᠠ ᠦᠭᠡ | ᠦᠰᠦᠭ ᠬᠤᠶᠠᠷ ᠤᠨ ᠬᠤᠯᠪᠤᠬᠳᠠᠯ ᠠᠨᠤ ᠡᠳᠦᠷ ᠢᠷᠡᠬᠦᠶ᠎ᠡ ᠬᠤᠯᠠᠳᠠᠵᠤ ᠪᠤᠢ᠂ ᠲᠡᠶᠢᠨ ᠬᠦ ᠡᠷᠳᠡᠨ ᠤ ᠦᠭᠡ ᠶᠢ | ᠪᠢᠴᠢᠵᠦ ᠪᠠᠶᠢᠬᠤ ᠡᠳᠦᠭᠡᠬᠢ ᠮᠤᠩᠭᠤᠯ ᠤᠳᠬ᠎ᠠ ᠶᠢᠨ ᠨᠢᠭᠡᠨ ᠬᠤᠪᠢ ᠶᠢ ᠬᠠᠯᠠᠨ ᠰᠢᠨᠡᠳᠬᠡᠵᠦ ᠡᠳᠦᠭᠡᠬᠢ ᠤᠯᠠᠨ | ᠮᠤᠩᠭᠤᠯᠴᠤᠳ ᠤᠨ ᠬᠡᠯᠡᠵᠦ ᠪᠠᠶᠢᠬᠤ ᠶᠡᠷᠦ ᠶᠢᠨ ︵ᠬᠠᠷ᠎ᠠ︶ ᠦᠭᠡ ᠶᠢ ᠪᠢᠴᠢᠵᠦ ᠴᠢᠳᠠᠬᠤ ᠪᠠᠷ ᠪᠤᠯᠭᠠᠬᠤ ᠠᠨᠤ | ᠲᠠᠷᠤᠢ ᠡᠨᠡ ᠰᠢᠨ᠎ᠡ ᠤᠳᠬ᠎ᠠ ᠮᠦᠨ ᠪᠤᠶᠤ︾ ᠭᠡᠵᠦ ᠲᠠᠶᠢᠯᠪᠤᠷᠢᠯᠠᠵᠠᠢ᠃ ︽ᠪᠤᠯᠪᠠᠰᠤᠷᠠᠩᠭᠤᠢ ᠤᠯᠤᠰ | ᠤᠬᠰᠠᠭᠠᠳᠠᠨ ᠢ ᠮᠦᠷᠳᠡᠵᠦ ᠤᠳᠬ᠎ᠠ ᠰᠤᠶᠤᠯ ᠢ ᠲᠦᠭᠡᠮᠡᠯ ᠪᠤᠯᠭᠠᠬᠤ︾ ᠨᠢ ᠲᠡᠭᠦᠨ ᠤ ᠰᠡᠳᠦᠭᠰᠡᠨ ︽ᠰᠢᠨ᠎ᠡ | ᠤᠳᠬ᠎ᠠ︾ ᠶᠢᠨ ᠵᠤᠷᠢᠯᠭ᠎ᠠ ᠮᠦᠨ᠃ ᠲᠡᠷᠡ ᠪᠠᠷ ︽ᠴᠢᠳᠠᠬᠤ ᠶᠢᠨ ᠴᠢᠨᠡᠭᠡᠪᠡᠷ ᠡᠳᠦᠭᠡᠬᠢ ᠮᠤᠩᠭᠤᠯ ᠤᠨ ᠬᠠᠷ᠎ᠠ | ᠦᠭᠡ ︵ᠶᠠᠷᠢᠶᠠᠨ ᠤ ᠦᠭᠡ - ᠡᠰᠢ ᠲᠠᠳᠠᠬᠴᠢ︶ ᠶᠢ ᠪᠦᠷᠢᠨ ᠭᠦᠢᠴᠡᠳ ᠵᠶᠡᠷ ᠢᠯᠡᠳᠭᠡᠨ ᠪᠢᠴᠢᠵᠦ ᠴᠢᠳᠠᠬᠤ︔ | ᠪᠢᠴᠢᠬᠦ ᠪᠠ ᠤᠩᠰᠢᠬᠤᠢ ᠳᠤᠷ ᠲᠦᠭᠦᠮ ᠲᠦᠳᠡ ᠪᠦᠭᠡᠳ ᠮᠡᠳᠡᠬᠦᠶ᠎ᠡ ᠬᠢᠯᠪᠠᠷ ᠲᠠᠷᠤᠢ ᠤᠬᠤᠷ ᠬᠤᠭᠤᠴᠠᠭ᠎ᠠ ᠶᠢᠨ | ᠲᠤᠳᠤᠷ᠎ᠠ ᠰᠤᠷᠴᠤ ᠴᠢᠳᠠᠬᠤ︾᠂ ︽ᠦᠭᠡ ᠦᠰᠦᠭ ᠢ ᠨᠢᠭᠡᠨ ᠪᠤᠯᠭᠠᠬᠤ︾᠂ ︽ᠮᠤᠩᠭᠤᠯ ᠤᠨ ᠪᠠᠷᠢᠮᠳᠠ ᠪᠤᠯᠬᠤ | ᠦᠭᠡ ᠶᠢ ᠲᠤᠬᠳᠠᠭᠠᠵᠤ᠂ ᠮᠤᠩᠭᠤᠯ ᠦᠭᠡ ᠶᠢ ᠨᠢᠭᠡᠳᠭᠡᠬᠦᠢ︾ ᠶᠢ ᠵᠤᠷᠢᠵᠤ ᠪᠠᠶᠢᠪᠠ [11]᠃ ᠪᠤᠳᠤᠪᠠᠰᠤ | ᠮᠤᠩᠭᠤᠯ ᠳᠤ ᠪᠢᠴᠢᠭ ᠤᠨ ᠪᠠᠯᠠᠢ ᠤᠯᠠᠨ ᠲᠤᠭ᠎ᠠ ᠪᠠᠷ ᠤᠷᠤᠰᠢᠵᠤ ᠪᠠᠶᠢᠬᠰᠠᠨ᠂ ᠬᠠᠭᠤᠴᠢᠨ ᠮᠤᠩᠭᠤᠯ ᠪᠢᠴᠢᠭ ᠨᠢ | ᠬᠦᠮᠦᠰ ᠤᠨ ᠰᠤᠷᠴᠤ ᠬᠡᠷᠡᠭᠯᠡᠬᠦ ᠳᠤ ᠵᠤᠬᠢᠬᠤ ᠬᠦᠴᠢᠷᠳᠠᠯ ᠤᠴᠠᠷᠠᠭᠤᠯᠵᠤ ᠪᠠᠶᠢᠬᠰᠠᠨ ᠵᠢᠴᠢ ᠮᠤᠩᠭᠤᠯ ᠬᠡᠯᠡᠨ ᠳᠤ | ᠪᠠᠷᠢᠮᠵᠢᠶ᠎ᠠ ᠠᠪᠢᠶ᠎ᠠ ᠭᠡᠵᠦ ᠲᠤᠬᠳᠠᠭᠠ ᠦᠭᠡᠢ ᠪᠠᠶᠢᠬᠰᠠᠨ᠂ ᠡᠯ᠎ᠡ ᠨᠤᠳᠤᠭ ᠤᠨ ᠠᠶᠠᠯᠭᠤ ᠨᠤᠭᠤᠳ ᠤᠨ ᠵᠦᠷᠢᠶᠡᠨ | ᠠᠴᠠ ᠪᠤᠯᠵᠤ ᠮᠤᠩᠭᠤᠯᠴᠤᠳ ᠤᠨ ᠬᠠᠷᠢᠯᠴᠠᠭᠠᠨ ᠳᠤ ᠵᠤᠬᠢᠬᠤ ᠪᠡᠷᠬᠡᠰᠢᠶᠡᠯ ᠤᠴᠠᠷᠠᠭᠤᠯᠵᠤ ᠪᠠᠶᠢᠬᠰᠠᠨ ᠵᠡᠷᠭᠡ | ᠶᠠᠪᠤᠳᠠᠯ ᠨᠢ ᠵᠠᠯᠠᠭᠤ ᠡᠷᠳᠡᠮᠳᠡᠨ ᠡᠷᠳᠡᠨᠢᠳᠤᠬᠳᠠᠬᠤ ᠶᠢᠨ ᠰᠡᠳᠬᠢᠯ ᠢ ᠰᠢᠨᠠᠯᠭᠠᠵᠤ ᠪᠠᠶᠢᠬᠰᠠᠨ ᠠᠵᠠᠢ᠃ ᠤᠯᠠᠨ ᠵᠢᠯ | ᠤᠨ ᠲᠠᠷᠠᠭ᠎ᠠ ᠲᠤᠮᠳᠠᠳᠤ ᠤᠯᠤᠰ ᠲᠤ ᠮᠤᠩᠭᠤᠯ ᠬᠡᠯᠡᠨ ᠤ ᠪᠠᠷᠢᠮᠵᠢᠶ᠎ᠠ ᠠᠪᠢᠶ᠎ᠠ ᠲᠤᠬᠳᠠᠭᠠᠬᠳᠠᠵᠤ ᠲᠡᠭᠦᠨ ᠤ ︽ | ᠮᠤᠩᠭᠤᠯ ᠤᠨ ᠪᠠᠷᠢᠮᠳᠠ ᠪᠤᠯᠬᠤ ᠦᠭᠡ ᠶᠢ ᠲᠤᠬᠳᠠᠭᠠᠬᠤ︾ ᠭᠡᠰᠡᠨ ᠵᠤᠷᠢᠯᠳᠠ ᠨᠢ ᠪᠡᠶᠡᠯᠡᠯ ᠵᠶᠡᠨ ᠤᠯᠤᠬᠰᠠᠨ ᠪᠢᠯᠡ | ᠃ ᠥᠪᠦᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠪᠠᠶᠢᠭᠤᠯᠤᠬᠳᠠᠬᠰᠠᠨ ᠠᠴᠠ ᠬᠤᠶᠢᠰᠢᠬᠢ ᠬᠤᠷᠢ | ᠭᠠᠷᠤᠢ ᠵᠢᠯ ᠤᠨ ᠮᠤᠩᠭᠤᠯ ᠰᠤᠶᠤᠯ ᠤᠨ ᠪᠦᠳᠦᠭᠡᠨ ᠪᠠᠶᠢᠭᠤᠯᠤᠯᠳᠠ ᠶᠢᠨ ᠦᠢᠯᠡᠰ ᠤᠨ ᠡᠮᠦᠨ᠎ᠡ ᠹᠷᠤᠨᠲ ᠲᠤ | ᠡᠷᠳᠡᠨᠢᠳᠤᠬᠳᠠᠬᠤ ᠴᠢᠬᠤᠯᠠ ᠪᠠᠶᠢᠷᠢᠨ ᠳᠤ ᠠᠵᠢᠯᠯᠠᠬᠰᠠᠭᠠᠷ ᠪᠠᠶᠢᠪᠠ᠃ 1947 ᠤᠨ ᠳᠤ ᠤᠯᠠᠭᠠᠨᠬᠤᠳᠠ ᠳᠤ | ᠥᠪᠦᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠪᠠᠶᠢᠭᠤᠯᠤᠬᠳᠠᠬᠤ ᠦᠶ᠎ᠡ ᠳᠤ ᠲᠡᠷᠡ ᠪᠠᠷ ᠵᠠᠰᠠᠬ ᠤᠨ ᠤᠷᠳᠤᠨ | ᠤ ᠠᠯᠪᠠᠨ ᠲᠢᠩᠬᠢᠮ ᠤᠨ ᠨᠢᠭᠡᠳᠦᠭᠡᠷ ᠲᠡᠳ᠋ ᠲᠠᠷᠤᠭ᠎ᠠ ᠪᠠᠷ ᠲᠤᠮᠢᠯᠠᠬᠳᠠᠬᠰᠠᠨ ᠪᠠᠶᠢᠪᠠ᠃ 1949 ᠤᠨ ᠳᠤ ᠥᠪᠦᠷ | ᠮᠤᠩᠭᠤᠯ ᠤᠨ ᠡᠳᠦᠷ ᠤᠨ ᠰᠤᠨᠢᠨ ᠤ ᠬᠤᠷᠢᠶᠠᠨ ᠤ ᠮᠤᠩᠭᠤᠯ ᠨᠠᠶᠢᠷᠠᠭᠤᠯᠬᠤ ᠬᠡᠯᠳᠡᠰ ᠤᠨ ᠲᠡᠳ᠋ ᠡᠷᠬᠢᠯᠡᠭᠴᠢ ᠪᠠᠷ | ᠠᠵᠢᠯᠯᠠᠪᠠ᠃ 1950 ᠤᠨ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠪᠠᠶᠢᠭᠤᠯᠤᠬᠳᠠᠬᠤ | ᠦᠶ᠎ᠡ ᠳᠤ ᠡᠷᠳᠡᠨᠢᠳᠤᠬᠳᠠᠬᠤ ᠠᠪᠤᠭᠠᠢ ᠲᠤᠰ ᠬᠡᠪᠯᠡᠯ ᠤᠨ ᠬᠤᠷᠢᠶ᠎ᠠ ᠶᠢ ᠪᠠᠶᠢᠭᠤᠯᠬᠤ ᠠᠵᠢᠯ ᠳᠤ ᠤᠷᠤᠯᠴᠠᠵᠤ᠂ | ᠪᠠᠶᠢᠭᠤᠯᠤᠬᠰᠠᠨ ᠤ ᠲᠠᠷᠠᠭ᠎ᠠ ᠬᠤᠷᠢᠶᠠᠨ ᠲᠠᠷᠤᠭ᠎ᠠ ᠶᠢᠨ ᠲᠤᠰᠢᠶᠠᠯ ᠢ ᠬᠠᠷᠢᠭᠤᠴᠠᠵᠠᠢ᠃ 1953 ᠤᠨ ᠤ 5 ᠳ᠋ᠤᠭᠠᠷ | ᠰᠠᠷ᠎ᠠ ᠳᠤ ᠲᠤᠮᠳᠠᠳᠤ ᠤᠯᠤᠰ ᠤᠨ ᠡᠪ ᠬᠠᠮᠳᠤ ᠨᠠᠮ ᠤᠨ ᠮᠤᠩᠭᠤᠯ - ᠰᠦᠢᠶᠤᠸᠠᠨ ᠤ ᠬᠤᠪᠢᠶᠠᠷᠢ ᠲᠤᠪᠴᠢᠶᠠᠨ | ᠠᠴᠠ ᠮᠤᠩᠭᠤᠯ ᠬᠡᠯᠡ ᠪᠢᠴᠢᠭ ᠤᠨ ᠠᠵᠢᠯ ᠤᠨ ᠠᠩᠬᠠᠳᠤᠭᠠᠷ ᠬᠤᠷᠠᠯ ᠢ ᠬᠦᠬᠡᠬᠤᠳᠠ ᠳᠤ ᠬᠤᠷᠠᠯᠳᠤᠭᠤᠯᠬᠤ ᠳᠤ | ᠡᠷᠳᠡᠨᠢᠳᠤᠬᠳᠠᠬᠤ ᠪᠡᠯᠡᠳᠬᠡᠯ ᠠᠵᠢᠯ ᠳᠤ ᠨᠢ ᠤᠷᠤᠯᠴᠠᠬᠰᠠᠨ ᠪᠦᠭᠡᠳ ᠲᠡᠭᠦᠨ ᠠᠴᠠ ᠬᠤᠶᠢᠰᠢ ᠥᠪᠦᠷ ᠮᠤᠩᠭᠤᠯ | ᠤᠨ ᠥᠪᠡᠷᠳᠡᠭᠡᠨ ᠵᠠᠰᠠᠬᠤ ᠤᠷᠤᠨ ᠤ ᠮᠤᠩᠭᠤᠯ ᠬᠡᠯᠡ ᠪᠢᠴᠢᠭ ᠤᠨ ᠵᠦᠪᠯᠡᠯ ᠤᠨ ᠨᠠᠮ ᠤᠨ ᠲᠤᠭᠤᠢᠢᠯᠠᠩ ᠤᠨ | ᠱᠦᠵᠢ᠂ ᠲᠡᠳ᠋ ᠡᠷᠬᠢᠯᠡᠭᠴᠢ᠂ ᠮᠤᠩᠭᠤᠯ ᠬᠡᠯᠡ ᠪᠢᠴᠢᠭ ᠰᠤᠳᠤᠯᠬᠤ ᠨᠡᠶᠢᠭᠡᠮᠯᠢᠭ ᠤᠨ ᠬᠠᠷᠢᠭᠤᠴᠠᠯᠭᠠᠳᠠᠨ ᠪᠤᠯᠵᠤ᠂ | 1957 ᠤᠨ ᠳᠤ ᠥᠪᠦᠷ ᠮᠤᠩᠭᠤᠯ ᠤᠨ ᠮᠤᠩᠭᠤᠯ ᠬᠡᠯᠡ ᠤᠳᠬ᠎ᠠ ᠵᠤᠬᠢᠶᠠᠯ ᠲᠡᠦᠬᠡ ᠰᠤᠳᠤᠯᠬᠤ ᠭᠠᠵᠠᠷ | ᠪᠠᠶᠢᠭᠤᠯᠤᠬᠳᠠᠬᠰᠠᠨ ᠳᠤ ᠲᠡᠷᠡ ᠪᠠᠷ ᠮᠦᠨ ᠲᠠᠷᠤᠭ᠎ᠠ ᠶᠢᠨ ᠲᠤᠰᠢᠶᠠᠯ ᠢ ᠲᠠᠪᠬᠤᠷ ᠬᠠᠷᠢᠭᠤᠴᠠᠵᠢ᠃ ᠲᠡᠭᠡᠷ᠎ᠡ ᠵᠠᠭᠤᠨ | ᠤ ᠲᠠᠪᠢᠭᠠᠳ ᠤᠨ ᠳᠤ ᠮᠠᠨ ᠤ ᠥᠪᠡᠷᠳᠡᠭᠡᠨ ᠵᠠᠰᠠᠬᠤ ᠤᠷᠤᠨ ᠤ ᠮᠤᠩᠭᠤᠯ ᠰᠤᠶᠤᠯ ᠤᠨ ᠠᠩᠬᠠᠨ ᠤ ᠰᠡᠳᠬᠦᠯ | ᠨᠦᠭᠦᠳ ︽ᠮᠤᠩᠭᠤᠯ ᠬᠡᠯᠡ ᠪᠢᠴᠢᠭ︾᠂ ︽ᠮᠤᠩᠭᠤᠯ ᠲᠡᠦᠬᠡ ᠬᠡᠯᠡ ᠪᠢᠴᠢᠭ︾᠂ ︽ᠮᠤᠩᠭᠤᠯ ᠬᠡᠯᠡ ᠵᠤᠬᠢᠶᠠᠯ | ᠲᠡᠦᠬᠡ︾ ᠢ ᠡᠭᠦᠰᠭᠡᠨ ᠬᠡᠪᠯᠡᠭᠦᠯᠬᠦ ᠳᠤ ᠰᠠᠨᠠᠭᠠᠴᠢᠯᠠᠨ ᠰᠡᠳᠦᠵᠦ ᠪᠡᠶ᠎ᠡ ᠪᠠᠷ ᠵᠶᠡᠨ ᠤᠳᠤᠷᠢᠳᠤᠨ ᠵᠤᠬᠢᠶᠠᠨ | ᠪᠠᠶᠢᠭᠤᠯᠵᠤ ᠪᠠᠶᠢᠬᠰᠠᠨ᠃ ᠡᠳᠡᠭᠡᠷ ᠠᠵᠢᠯ ᠪᠤᠯ ᠪᠦᠷ ᠯᠡ ᠥᠪᠦᠷ ᠮᠤᠩᠭᠤᠯ ᠤᠨ ᠮᠤᠩᠭᠤᠯ ᠰᠤᠶᠤᠯ ᠤᠨ | ᠡᠭᠦᠳᠦᠯᠳᠡ ᠨᠡᠭᠡᠭᠡᠯᠳᠡ ᠶᠢᠨ ᠴᠢᠨᠠᠷᠳᠠᠢ᠂ ᠰᠠᠭᠤᠷᠢ ᠲᠠᠯᠪᠢᠬᠰᠠᠨ ᠴᠢᠬᠤᠯᠠ ᠠᠵᠢᠯ ᠶᠤᠮ᠃ ᠲᠡᠷᠡᠴᠢᠯᠡᠨ | ᠡᠷᠳᠡᠨᠢᠳᠤᠬᠳᠠᠬᠤ ᠠᠪᠤᠭᠠᠢ ᠪᠤᠯ ᠮᠤᠩᠭᠤᠯ ᠦᠨᠳᠦᠰᠦᠳᠡᠨ ᠤ ᠰᠤᠶᠤᠯ ᠤᠨ ᠡᠷᠬᠡ ᠠᠰᠢᠬ ᠢ ᠬᠠᠮᠭᠠᠯᠠᠵᠤ᠂ | ᠦᠨᠳᠦᠰᠦᠳᠡᠨ ᠤ ᠲᠦᠷᠦ ᠶᠢᠨ ᠪᠤᠳᠤᠯᠭ᠎ᠠ ᠶᠢ ᠴᠢᠩᠭ᠎ᠠ ᠪᠠᠷᠢᠮᠳᠠᠯᠠᠵᠤ᠂ ᠵᠠᠩᠭᠢᠯᠭ᠎ᠠ ᠶᠢᠨ ᠠᠰᠠᠭᠤᠳᠠᠯ ᠲᠡᠭᠡᠷ᠎ᠡ | ᠰᠠᠯᠬᠢᠨ ᠤ ᠠᠶ᠎ᠠ ᠪᠠᠷ ᠭᠤᠶᠢᠪᠢᠳᠠᠭ ᠦᠭᠡᠢ ᠨᠢᠷᠤᠭᠤ ᠰᠠᠶᠢᠳᠠᠢ ᠤᠳᠤᠷᠢᠳᠤᠯᠭ᠎ᠠ ᠪᠠᠶᠢᠬᠰᠠᠨ ᠭᠡᠳᠡᠭ ᠢ ᠲᠡᠭᠦᠨ ᠤ | ᠬᠢᠭᠰᠡᠨ ᠪᠦᠳᠦᠭᠡᠭᠰᠡᠨ ᠦᠢᠯᠡᠰ ᠨᠢ ᠭᠡᠷᠡᠴᠢᠯᠡᠵᠦ ᠪᠠᠶᠢᠨ᠎ᠠ᠃ ᠡᠨᠡ ᠨᠢ ᠲᠡᠭᠦᠨ ᠤ ᠭᠦᠨ ᠪᠤᠯᠪᠠᠰᠤᠷᠠᠩᠭᠤᠢ ᠦᠵᠡᠯ | ᠰᠠᠨᠠᠭ᠎ᠠ᠂ ᠬᠠᠳᠠᠭᠤ ᠰᠢᠯᠭᠠᠯᠳᠠ ᠶᠢ ᠲᠤᠭᠤᠯᠵᠤ ᠭᠠᠷᠤᠬᠰᠠᠨ ᠦᠢᠯᠡᠳᠦᠯᠭᠡ ᠶᠢᠨ ᠬᠢᠨᠢ ᠠᠴᠢ ᠶᠤᠮ ᠭᠡᠵᠦ ᠦᠵᠡᠨ᠎ᠡ᠃ | ︽ᠠᠷᠠᠳ ᠢ ᠰᠡᠩᠬᠡᠷᠡᠭᠦᠯᠵᠦ ᠤᠬᠰᠠᠭ᠎ᠠ ᠪᠠᠨ ᠮᠠᠨᠳᠤᠭᠤᠯᠬᠤ︾᠂ ︽ᠥᠪ ᠰᠤᠶᠤᠯ ᠵᠶᠡᠨ ᠵᠠᠯᠭᠠᠮᠵᠢᠯᠠᠵᠤ | ᠬᠠᠮᠭᠠᠯᠠᠬᠤ︾ ᠪᠠ ︽ᠰᠤᠶᠤᠯ ᠢ ᠰᠢᠨᠡᠴᠢᠯᠡᠵᠦ ᠲᠦᠭᠡᠮᠡᠯ ᠪᠤᠯᠭᠠᠬᠤ︾ ᠪᠤᠯ ᠡᠷᠳᠡᠨᠢᠳᠤᠬᠳᠠᠬᠤ ᠠᠪᠤᠭᠠᠢ ᠶᠢᠨ | ᠮᠤᠩᠭᠤᠯ ᠰᠤᠶᠤᠯ ᠤᠨ ᠲᠤᠬᠠᠢ ᠦᠵᠡᠯ ᠰᠠᠨᠠᠭᠠᠨ ᠤ ᠭᠤᠤᠯ ᠴᠢᠮᠦᠭᠡ ᠪᠤᠯᠤᠨ᠎ᠠ ᠭᠡᠵᠦ ᠪᠢᠳᠡ ᠦᠵᠡᠵᠦ ᠪᠠᠶᠢᠨ᠎ᠠ᠃ | ᠡᠨᠡ ᠦᠵᠡᠯ ᠰᠠᠨᠠᠭ᠎ᠠ ᠶᠢ ᠭᠦᠨᠵᠡᠭᠡᠢ ᠰᠤᠳᠤᠯᠵᠤ ᠰᠤᠷᠤᠯᠴᠠᠬᠤ ᠨᠢ ᠮᠤᠩᠭᠤᠯ ᠰᠤᠶᠤᠯ ᠤᠨ ᠦᠢᠯᠡᠰ ᠲᠤ ᠴᠢᠬᠤᠯᠠ | ᠶᠡᠭᠡ ᠠᠴᠢ ᠬᠤᠯᠪᠤᠬᠳᠠᠯ ᠲᠠᠢ ᠶᠤᠮ᠃ | | | ᠵᠡᠭᠦᠯᠳᠡ᠄ | [1] ᠡᠷᠳᠡᠨᠢᠳᠤᠬᠳᠠᠬᠤ ᠶᠢᠨ ︽ᠬᠦᠬᠡ ᠮᠤᠩᠭᠤᠯ ᠤᠨ ᠬᠦᠳᠡᠭᠡᠬᠢ ᠵᠠᠯᠠᠭᠤᠰ︾ ᠭᠡᠳᠡᠭ ᠰᠢᠯᠦᠭ ᠠᠩᠬ᠎ᠠ | 1941 ᠤᠨ ᠳᠤ ᠺᠠᠶᠢᠯᠦ ᠳᠠᠬᠢ ᠮᠤᠩᠭᠤᠯ ᠤᠳᠬ᠎ᠠ ᠶᠢᠨ ᠰᠤᠷᠭᠠᠯ ᠤᠨ ᠬᠤᠷᠠᠯ ᠠᠴᠠ ᠬᠡᠪᠯᠡᠭᠰᠡᠨ ︽ | ᠤᠯᠠᠭᠠᠨ ᠪᠠᠷᠰ︾ ᠰᠡᠳᠬᠦᠯ ᠤᠨ 6 ᠳ᠋ᠤᠭᠠᠷ ᠲᠤ ᠨᠡᠶᠢᠳᠡᠯᠡᠭᠳᠡᠵᠡᠢ᠃ ︽ᠬᠦᠳᠡᠭᠡᠬᠢ︾ ᠭᠡᠰᠡᠨ ᠨᠢ ︽ᠬᠦᠳᠡᠭᠡ | ᠶᠢᠨ︾ ᠭᠡᠰᠡᠨ ᠦᠭᠡ᠂ ᠵᠠᠷᠢᠮ ᠰᠤᠳᠤᠯᠤᠭᠠᠴᠢ ︽ᠬᠦᠳᠡᠭᠢ ᠪᠢᠳᠠᠭᠤᠯᠢᠬ︾ ᠭᠡᠵᠦ ᠲᠠᠶᠢᠯᠪᠤᠷᠢᠯᠠᠬᠰᠠᠨ ᠨᠢ ᠤᠨᠤᠴᠠ | ᠦᠭᠡᠢ ᠶᠤᠮ᠃ | [2] ᠡᠷᠳᠡᠨᠢᠳᠤᠬᠳᠠᠬᠤ᠄ ︽ᠬᠤᠪᠢᠰᠬᠠᠯᠳᠤ ᠰᠢᠨ᠎ᠡ ᠰᠤᠶᠤᠯ ᠤᠨ ᠴᠡᠴᠡᠭ ᠥᠪᠦᠷ ᠮᠤᠩᠭᠤᠯ ᠳᠤ ᠲᠡᠯᠭᠡᠷᠡᠭᠰᠡᠨ | ᠨᠢ︾᠂ ︽ᠮᠤᠩᠭᠤᠯ ᠬᠡᠯᠡ ᠵᠤᠬᠢᠶᠠᠯ ᠲᠡᠦᠬᠡ︾ ᠰᠡᠳᠬᠦᠯ᠂ 1959 ᠤᠨ ᠤ 7 ᠳ᠋ᠤᠭᠠᠷ ᠬᠤᠭᠤᠴᠠᠭ᠎ᠠ᠃ | [3] ᠰᠤᠳᠨᠠᠮ᠄ ︽ᠨᠥᠬᠦᠷ ᠡᠷᠳᠡᠨᠢᠳᠤᠬᠳᠠᠬᠤ ᠮᠤᠩᠭᠤᠯ ᠬᠡᠯᠡ ᠪᠢᠴᠢᠭ ᠤᠨ ᠹᠷᠤᠨᠲ ᠲᠤ ᠠᠵᠢᠯᠯᠠᠬᠰᠠᠨ | ᠲᠦᠴᠢᠨ ᠵᠢᠯ ᠤᠨ ᠤᠢ ᠶᠢ ᠪᠡᠯᠡᠭᠯᠡᠬᠦ ᠬᠤᠷᠠᠯ ᠲᠡᠭᠡᠷ᠎ᠡ ᠬᠡᠯᠡᠭᠰᠡᠨ ᠦᠭᠡ︾᠂ 1988 ᠤᠨ ᠤ 3 ᠰᠠᠷ᠎ᠠ ᠶᠢᠨ 19 | ᠤ ᠡᠳᠦᠷ᠃ ︽ᠡᠷᠳᠡᠨᠢᠳᠤᠬᠳᠠᠬᠤ · ᠵᠢᠷᠭᠤᠳᠤᠭᠠᠷ ᠪᠤᠳᠢ︾ ︵ᠡᠷᠳᠡᠨᠢᠳᠤᠬᠳᠠᠬᠤ ᠶᠢᠨ ᠲᠤᠬᠠᠢ ᠰᠤᠳᠤᠯᠭᠠᠨ ᠤ | ᠮᠠᠲ᠋ᠧᠷᠢᠶᠠᠯ︶ ᠳᠤ ᠦᠵᠡᠨᠦ᠃ ᠥᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2010 ᠤᠨ᠃ | | [4] ᠡᠷᠳᠡᠨᠢᠳᠤᠬᠳᠠᠬᠤ᠄ ︽ᠮᠤᠩᠭᠤᠯ ᠦᠨᠳᠦᠰᠦᠳᠡᠨ ᠤ ᠰᠤᠷᠭᠠᠨ ᠬᠥᠮᠦᠵᠢᠯ ᠤᠨ ᠪᠢᠴᠢᠭ ᠮᠠᠲ᠋ᠧᠷᠢᠶᠠᠯ ᠤᠨ | ᠡᠮᠬᠢᠳᠭᠡᠯ︾ ᠤᠨ ᠤᠷᠤᠰᠢᠯ᠂ ᠥᠪᠦᠷ ᠮᠤᠩᠭᠤᠯ ᠤᠨ ᠰᠤᠷᠭᠠᠨ ᠬᠥᠮᠦᠵᠢᠯ ᠤᠨ ᠬᠡᠪᠯᠡᠯ ᠤᠨ ᠬᠤᠷᠢᠶ᠎ᠠ᠂ 1983 | ᠤᠨ᠃ | [5] ᠷᠠᠰᠢᠳᠤᠩᠷᠤᠪ᠄ ︽ᠨᠥᠬᠦᠷ ᠡᠷᠳᠡᠨᠢᠳᠤᠬᠳᠠᠬᠤ ᠮᠤᠩᠭᠤᠯ ᠬᠡᠯᠡ ᠪᠢᠴᠢᠭ ᠤᠨ ᠹᠷᠤᠨᠲ ᠲᠤ ᠠᠵᠢᠯᠯᠠᠬᠰᠠᠨ | ᠲᠦᠴᠢᠨ ᠵᠢᠯ ᠤᠨ ᠤᠢ ᠶᠢ ᠪᠡᠯᠡᠭᠯᠡᠬᠦ ᠬᠤᠷᠠᠯ ᠲᠡᠭᠡᠷ᠎ᠡ ᠬᠡᠯᠡᠭᠰᠡᠨ ᠦᠭᠡ︾᠂ 1988 ᠤᠨ ᠤ 3 ᠰᠠᠷ᠎ᠠ ᠶᠢᠨ 19 | ᠤ ᠡᠳᠦᠷ᠃ ︽ᠡᠷᠳᠡᠨᠢᠳᠤᠳᠠᠬᠤ · ᠵᠢᠷᠭᠤᠳᠤᠭᠠᠷ ᠪᠤᠳᠢ︾ ︵ᠡᠷᠳᠡᠨᠢᠳᠤᠬᠳᠠᠬᠤ ᠶᠢᠨ ᠲᠤᠬᠠᠢ ᠰᠤᠳᠤᠯᠭᠠᠨ ᠤ | ᠮᠠᠲ᠋ᠧᠷᠢᠶᠠᠯ︶ ᠳᠤ ᠦᠵᠡᠨᠦ᠃ ᠥᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2010 ᠤᠨ᠃ | | [6] ᠰᠤᠳᠤᠪᠢᠯᠢᠭ᠌᠄ ︽ᠨᠥᠬᠦᠷ ᠡᠷᠳᠡᠨᠢᠳᠤᠬᠳᠠᠬᠤ ᠮᠤᠩᠭᠤᠯ ᠬᠡᠯᠡ ᠪᠢᠴᠢᠭ ᠤᠨ ᠹᠷᠤᠨᠲ ᠲᠤ ᠠᠵᠢᠯᠯᠠᠬᠰᠠᠨ | ᠲᠦᠴᠢᠨ ᠵᠢᠯ ᠤᠨ ᠤᠢ ᠶᠢ ᠪᠡᠯᠡᠭᠯᠡᠬᠦ ᠬᠤᠷᠠᠯ ᠲᠡᠭᠡᠷ᠎ᠡ ᠬᠡᠯᠡᠭᠰᠡᠨ ᠦᠭᠡ︾᠂ 1988 ᠤᠨ ᠤ 3 ᠰᠠᠷ᠎ᠠ ᠶᠢᠨ 19 | ᠤ ᠡᠳᠦᠷ᠃ ︽ᠡᠷᠳᠡᠨᠢᠳᠤᠬᠳᠠᠬᠤ · ᠵᠢᠷᠭᠤᠳᠤᠭᠠᠷ ᠪᠤᠳᠢ︾ ︵ᠡᠷᠳᠡᠨᠢᠳᠤᠬᠳᠠᠬᠤ ᠶᠢᠨ ᠲᠤᠬᠠᠢ ᠰᠤᠳᠤᠯᠭᠠᠨ ᠤ | ᠮᠠᠲ᠋ᠧᠷᠢᠶᠠᠯ︶ ᠳᠤ ᠦᠵᠡᠨᠦ᠃ ᠥᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2010 ᠤᠨ᠃ | [7] ᠴ᠊ · ᠲᠠᠮᠳᠢᠨᠰᠦᠷᠦᠩ᠄ ︽ᠮᠤᠩᠭᠤᠯ ᠤᠷᠠᠨ ᠵᠤᠬᠢᠶᠠᠯ ᠤᠨ ᠲᠡᠭᠡᠵᠢ ᠵᠠᠭᠤᠨ ᠪᠢᠯᠢᠭ ᠤᠷᠤᠰᠢᠪᠠᠢ︾᠂ | ᠤᠯᠠᠭᠠᠨᠪᠠᠭᠠᠳᠤᠷ᠂ 1959 ᠤᠨ᠃ | [8] ᠰᠤᠳᠤᠪᠢᠯᠢᠭ᠌᠄ ︽ᠨᠥᠬᠦᠷ ᠡᠷᠳᠡᠨᠢᠳᠤᠬᠳᠠᠬᠤ ᠮᠤᠩᠭᠤᠯ ᠬᠡᠯᠡ ᠪᠢᠴᠢᠭ ᠤᠨ ᠹᠷᠤᠨᠲ ᠲᠤ ᠠᠵᠢᠯᠯᠠᠬᠰᠠᠨ | ᠲᠦᠴᠢᠨ ᠵᠢᠯ ᠤᠨ ᠤᠢ ᠶᠢ ᠪᠡᠯᠡᠭᠯᠡᠬᠦ ᠬᠤᠷᠠᠯ ᠲᠡᠭᠡᠷ᠎ᠡ ᠬᠡᠯᠡᠭᠰᠡᠨ ᠦᠭᠡ︾᠂ 1988 ᠤᠨ ᠤ 3 ᠰᠠᠷ᠎ᠠ ᠶᠢᠨ 19 | ᠤ ᠡᠳᠦᠷ᠃ ︽ᠡᠷᠳᠡᠨᠢᠳᠤᠬᠳᠠᠬᠤ · ᠵᠢᠷᠭᠤᠳᠤᠭᠠᠷ ᠪᠤᠳᠢ︾ ︵ᠡᠷᠳᠡᠨᠢᠳᠤᠬᠳᠠᠬᠤ ᠶᠢᠨ ᠲᠤᠬᠠᠢ ᠰᠤᠳᠤᠯᠭᠠᠨ ᠤ | ᠮᠠᠲ᠋ᠧᠷᠢᠶᠠᠯ︶ ᠳᠤ ᠦᠵᠡᠨᠦ᠃ ᠥᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2010 ᠤᠨ᠃ | [9] ᠴ᠊ · ᠬᠡᠰᠢᠭᠳᠦᠬᠳᠠᠬᠤ᠄ ︽ᠮᠤᠩᠭᠤᠯ ᠬᠡᠯᠡ ᠪᠢᠴᠢᠭ ᠤᠨ ᠶᠡᠭᠡ ᠪᠠᠭᠰᠢ ᠡᠷᠳᠡᠨᠢᠳᠤᠬᠳᠠᠬᠤ︾᠂ ︽ | ᠡᠷᠳᠡᠨᠢᠳᠤᠬᠳᠠᠬᠤ · ᠨᠢᠭᠡᠳᠦᠭᠡᠷ ᠪᠤᠳᠢ︾ ︵ᠮᠤᠩᠭᠤᠯ ᠬᠡᠯᠡ ᠪᠢᠴᠢᠭ ᠤᠨ ᠰᠤᠳᠤᠯᠤᠯ︶ ᠳᠤ ᠦᠵᠡᠨᠦ᠃ ᠥᠪᠦᠷ | ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2010 ᠤᠨ᠃ [10] 道布¨ ︽二十 | 世纪的中国蒙古语族语言研究︾ , 中国社会科学院学 | 术委员文库, ︽道布文集︾ ,上海辞书出版社, 二 | OO五年 [11] ᠡᠷᠳᠡᠨᠢᠳᠤᠬᠳᠠᠬᠤ᠄ ︽ᠮᠤᠩᠭᠤᠯ ᠦᠰᠦᠭ ᠤᠨ ᠰᠢᠨ᠎ᠡ ᠲᠤᠯᠢ︾᠂ ᠪᠦᠬᠡᠬᠡᠰᠢᠭ | ᠤᠨ ᠡᠷᠬᠢᠯᠡᠭᠰᠡᠨ ᠮᠤᠩᠭᠤᠯ ᠤᠳᠬ᠎ᠠ ᠶᠢᠨ ᠰᠤᠷᠭᠠᠯ ᠤᠨ ᠬᠤᠷᠠᠯ ᠤᠨ 1942 ᠤᠨ ᠤ ᠺᠠᠶᠢᠯᠦ ᠶᠢᠨ ᠬᠡᠪᠯᠡᠯ᠂ | 1944 ᠤᠨ ᠤ ᠲᠠᠷᠤᠮᠯᠠᠯ᠂ ᠥᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠨᠤᠮ ᠤᠨ ᠰᠠᠩ ᠤᠨ | ᠬᠠᠳᠠᠭᠠᠯᠠᠮᠵᠢ᠃ | | |