ᠦᠪᠦᠷ ᠮᠤᠩᠭᠤᠯ ᠤᠨ ᠬᠡᠰᠢᠭᠲᠡᠨ ᠬᠤᠰᠢᠭᠤᠨ ᠤ ᠬᠤᠩᠭᠤ ᠶᠢᠨ ᠳᠠᠪᠠᠭ᠎ᠠ ᠶᠢᠨ ᠲᠡᠮᠦᠷ ᠴᠠᠭᠠᠨ ᠲᠤᠭᠤᠯᠭ᠎ᠠ ᠶᠢᠨ ᠠᠭᠤᠷᠬᠠᠢ ᠶᠢᠨ  ᠲᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2013/12/1
      ᠨᠢᠭᠡ᠂ ᠭᠠᠵᠠᠷ ᠵᠦᠢ ᠶᠢᠨ ᠪᠠᠶᠢᠷᠢᠯᠠᠯ ᠵᠢᠴᠢ ᠤᠷᠴᠢᠨ ᠲᠤᠭᠤᠷᠢᠨ      ᠠᠭᠤᠷᠬᠠᠢ ᠶᠢᠨ ᠲᠤᠭᠤᠷᠢᠭ ᠨᠢ ᠦᠪᠦᠷ ᠮᠤᠩᠭᠤᠯ ᠤᠨ ᠭᠡᠰᠢᠭᠲᠡᠨ ᠬᠤᠰᠢᠭᠤᠨ ᠤ ᠤᠮᠠᠷᠠᠲᠦ ᠬᠡᠰᠡᠭ ᠤᠨ ᠲᠦᠩ ᠰᠢᠩ ᠰᠢᠶᠠᠩ ᠤᠨ ᠬᠠᠷᠢᠶᠠᠨ ᠳᠤ ᠪᠠᠶᠢᠵᠦ᠂ ᠭᠠᠵᠠᠷ ᠵᠦᠢ ᠶᠢᠨ ᠪᠠᠶᠢᠷᠢᠯᠠᠯ ᠨᠢ ᠵᠡᠭᠦᠨ  ᠤᠷᠲᠦᠷᠢᠭ᠋ ᠤᠨ 117   22' 30" ~117   33 ' 45 " ᠂  ᠤᠮᠠᠷᠠᠲᠦ ᠦᠷᠭᠡᠷᠢᠭ ᠤᠨ 43 35 ' 00 " ~ 43   42 ' 30" ᠎ ᠶᠢᠨ ᠬᠤᠭᠤᠷᠦᠨᠲᠦ ᠪᠠᠶᠢᠷᠢᠯᠠᠵᠦ᠂ ᠤᠯᠠᠭᠠᠨᠬᠠᠳᠠ ᠠᠴᠠ ᠠᠭᠤᠷᠬᠠᠢ ᠶᠢᠨ ᠲᠤᠭᠤᠷᠢᠭ ᠬᠦᠷᠲᠡᠯ᠎ᠡ 310 km᠂ ᠵᠢᠢ ︵ᠵᠢᠨᠢᠩ︶ — ᠲᠦᠩ ︵  ᠲᠥᠩᠯᠢᠤᠤ︶ ᠲᠡᠮᠦᠷ ᠵᠠᠮ ᠤᠨ ᠢᠦᠢ ᠵᠧᠦ ᠳ᠋ᠢ ᠦᠷᠲᠡᠭᠡ ᠠᠴᠠ 60 km᠂ ᠵᠢᠩ ᠹᠧᠩ ᠦᠷᠲᠡᠭᠡ ᠠᠴᠠ 70 km  ᠵᠠᠶᠢᠲᠠᠢ ᠪᠠᠶᠢᠳᠠᠭ᠃      ᠬᠤᠶᠠᠷ᠂ ᠭᠠᠵᠠᠷ ᠰᠢᠨᠵᠢᠯᠡᠭᠡᠨ ᠤ ᠪᠠᠶᠢᠳᠠᠯ       ᠬᠤᠩᠭᠤ ᠶᠢᠨ ᠳᠠᠪᠠᠭ᠎ᠠ ᠶᠢᠨ ᠲᠡᠮᠦᠷ ᠴᠠᠭᠠᠨ ᠲᠤᠭᠤᠯᠭ᠎ᠠ ᠶᠢᠨ ᠠᠭᠤᠷᠬᠠᠢ ᠪᠤᠯ  ᠮᠠᠨ ᠤ ᠤᠯᠤᠰ ᠤᠨ ᠶᠡᠭᠡ ᠬᠢᠩᠭᠠᠨ ᠳᠠᠪᠠᠭ᠎ᠠ ᠶᠢᠨ ᠠᠭᠤᠷᠬᠠᠢ ᠎ ᠶᠢᠨ ᠪᠦᠰᠡ ᠎ ᠶᠢᠨ ᠴᠢᠬᠤᠯᠠ ᠪᠤᠯᠬᠤ ᠬᠦᠳᠡᠷ ᠤᠨ ᠬᠡᠪᠲᠡᠰᠢ ᠪᠤᠯᠤᠨ᠎ᠠ᠃ ᠬᠦᠳᠡᠷ ᠤᠨ ᠴᠤᠭᠴᠠ ᠨᠢ ᠡᠷᠲᠡᠨ ᠤ ᠠᠮᠢᠲᠦ  ᠪᠦᠯᠦᠭ ᠎ ᠤᠨ ᠬᠤᠶᠠᠲᠦᠭᠠᠷ ᠳᠠᠪᠬᠤᠷᠭ᠎ᠠ ᠎ ᠶᠢᠨ  ᠡᠯᠡᠰᠦᠨ ᠴᠢᠯᠠᠭᠤᠯᠢᠭ᠂ ᠭᠠᠨᠳᠢᠭ ᠴᠢᠯᠠᠭᠤᠯᠢᠭ ᠬᠢᠭᠡᠳ ᠶᠡᠨᠱᠠᠨ ᠤ ᠪᠤᠷᠵᠢᠨ ᠴᠢᠯᠠᠭᠤᠯᠢᠭ ᠤᠨ ᠠᠭᠤᠯᠵᠠᠷ ᠤᠷᠤᠨ ᠳᠤ ᠪᠤᠢ᠃ ᠬᠦᠳᠡᠷ ᠤᠨ ᠴᠤᠭᠴᠠ ᠨᠢ ᠬᠤᠶᠢᠨ᠎ᠠ ᠠᠴᠠ ᠵᠡᠭᠦᠨᠰᠢ ᠲᠠᠷᠬᠠᠵᠦ᠂ ᠠᠭᠤᠷᠬᠠᠢ ᠶᠢᠨ ᠪᠦᠰᠡ ᠶᠢᠨ ᠤᠷᠲᠦ ᠪᠠᠷ 19 km᠂ ᠦᠷᠬᠡᠨ ᠢᠶᠠᠷ 0.2  — 2.5 km᠎ ᠶᠢ ᠡᠵᠡᠯᠡᠵᠦ ᠪᠤᠢ᠃  ᠡᠷᠦᠳᠡᠰᠦ ᠶᠢᠨ ᠲᠦᠷᠦᠯ ᠵᠤᠶᠢᠯ ᠨᠢ ᠪᠤᠲᠦᠯᠢᠶᠠᠨᠲᠠᠢ ᠪᠠᠶᠢᠵᠦ᠂ ᠠᠵᠦ ᠤᠶᠢᠯᠡᠳᠪᠦᠷᠢ ᠶᠢᠨ ᠡᠷᠦᠳᠡᠰᠦᠨ ᠳᠤ ᠰᠤᠷᠢᠨᠵᠢᠨ ᠲᠡᠮᠦᠷ ᠤᠨ ᠬᠦᠳᠡᠷ᠂ ᠴᠠᠭᠠᠨ ᠲᠤᠭᠤᠯᠭᠠᠨ ᠬᠦᠳᠡᠷ᠂ ᠰᠢᠷ᠎ᠠ ᠲᠤᠭᠤᠯᠭᠠᠨ ᠬᠦᠳᠡᠷ᠂ ᠴᠠᠶᠢᠷ ᠤᠨ ᠭᠢᠯᠪᠠᠭᠠᠲᠦ ᠭᠦᠳᠡᠷ᠂ ᠭᠤᠯᠢᠨ ᠬᠦᠳᠡᠷ ᠵᠡᠷᠬᠡ ᠪᠤᠢ᠃  ᠬᠠᠮᠲᠦ ᠤᠷᠤᠰᠢᠬᠤ ᠵᠢᠴᠢ ᠳᠠᠭᠠᠯᠲᠦᠨ ᠤᠷᠤᠰᠢᠭᠰᠠᠨ ᠠᠰᠢᠭᠲᠦ ᠡᠯᠧᠮᠧᠨ᠋ᠲ ᠨᠡᠯᠢᠶᠡᠳ ᠪᠠᠶᠢᠵᠦ᠂  ᠡᠭᠦᠨ ᠳᠤ Fe ︵ᠲᠡᠮᠦᠷ︶᠂ Sn ︵ᠴᠠᠭᠠᠨ ᠲᠤᠭᠤᠯᠭ᠎ᠠ︶᠂ W ︵ᠸᠤᠯᠹᠷᠠᠮ︶᠂ Zn ︵ᠴᠠᠶᠢᠷ︶ ᠂ As ︵ᠠᠷᠰᠧᠨ︶᠂   Cu ︵ᠵᠡᠰ︶  ᠵᠡᠷᠭᠡ ᠪᠤᠢ᠂  ᠡᠵᠡᠯᠡᠭᠦ ᠬᠠᠷᠢᠴᠠᠯ ᠨᠢ  TFe ︵ᠲᠡᠮᠦᠷ︶ 23.4 —45.59 %᠂  Sn ︵ᠴᠠᠭᠠᠨ ᠲᠤᠭᠤᠯᠭ᠎ᠠ︶ 0.11 — 0. 83 %᠃ ᠡᠭᠦᠨ ᠠᠴᠠ ᠭᠠᠳᠠᠨ᠎ᠠ ᠪᠠᠰᠠ  Zn  ︵ᠴᠠᠶᠢᠷ︶ 0.5 —2.0%᠂ W ︵ᠸᠤᠯᠹᠷᠠᠮ︶ 0.057 —0.179%   ᠪᠤᠯᠤᠨ᠎ᠠ᠃      ᠬᠠᠳᠠᠭᠠᠯᠠᠭᠳᠠᠴᠠ ᠨᠢ᠄ ᠬᠦᠳᠡᠷ ᠤᠨ ᠬᠡᠮᠵᠢᠶ᠎ᠡ ᠨᠢ 1.08 ᠳ᠋ᠦᠩᠰᠢᠭᠤᠷ ᠳᠤᠨ᠂ C+D  ᠳᠡᠰ ᠤᠨ 9100 ᠲᠥᠮᠡᠨ ᠲᠤᠨ᠂  ᠬᠦᠷᠦᠰᠦᠨ ᠳᠠᠬᠢ ᠬᠠᠳᠠᠭᠠᠯᠠᠭᠳᠠᠴᠠ ᠨᠢ 1700 ᠲᠦᠮᠡᠨ ᠲᠤᠨ᠂ ᠴᠠᠭᠠᠨ ᠲᠤᠭᠤᠯᠭ᠎ᠠ ᠶᠢᠨ ᠬᠡᠮᠵᠢᠶ᠎ᠡ 44.7  ᠲᠦᠮᠡᠨ ᠳᠤᠨ᠂ D ᠳᠡᠰ ᠤᠨ 29. 3 ᠲᠦᠮᠡᠨ ᠲᠤᠨ᠂  ᠬᠦᠷᠦᠰᠦᠨ ᠳᠠᠬᠢ ᠬᠠᠳᠠᠭᠠᠯᠠᠭᠳᠠᠴᠠ ᠨᠢ 15 .5 ᠲᠦᠮᠡᠨ ᠳᠤᠨ᠂  ᠸᠤᠯᠹᠷᠠᠮ ᠤᠨ ᠬᠡᠮᠵᠢᠶ᠎ᠡ 5.4 ᠲᠦᠮᠡᠨ ᠲᠤᠨ᠂ ᠴᠠᠶᠢᠷ ᠤᠨ ᠬᠡᠮᠵᠢᠶ᠎ᠡ 11.6 ᠲᠦᠮᠡᠨ ᠲᠤᠨ᠂ ᠵᠡᠰ ᠤᠨ ᠬᠡᠮᠵᠢᠶ᠎ᠡ 1140  ᠲᠤᠨ᠂ ᠭᠧᠷᠮᠠᠨ 54.9 ᠲᠤᠨ᠂  ᠺᠠᠳ᠋ᠮᠢ 568 ᠲᠤᠨ᠂ ᠪᠧᠷᠢᠯᠢ 44900 ᠲᠤᠨ᠂ ᠮᠤᠯᠢᠪᠳᠧᠨ 1262 ᠲᠤᠨ᠂ ᠳᠤᠰ ᠬᠥᠳᠡᠷ ᠤᠨ ᠬᠡᠪᠳᠡᠰᠢ ᠳᠤ  ᠨᠢᠭᠡᠨᠲᠡ ᠬᠦᠳᠡᠷ ᠰᠤᠩᠭᠤᠬᠤ ᠲᠤᠷᠰᠢᠯᠲᠠ ᠬᠢᠵᠦ᠂ ᠦᠷ᠎ᠡ ᠠᠰᠢᠭ ᠨᠢ ᠨᠡᠯᠢᠶᠡᠳ ᠰᠠᠶᠢᠨ᠃      ᠤᠳᠤᠬᠠᠨ ᠳᠤ ᠨᠢᠭᠡᠨᠲᠡ  ᠵᠢᠯ ᠤᠨ ᠭᠠᠷᠭᠠᠯᠲᠠ ᠨᠢ 403 ᠲᠤᠨ ᠬᠦᠷᠬᠦ ᠠᠭᠤᠷᠬᠠᠢ ᠶᠢ ᠪᠦᠲᠦᠭᠡᠨ ᠪᠠᠶᠢᠭᠤᠯᠵᠦ᠂ ᠬᠡᠪᠴᠢᠶ᠎ᠡ ᠶᠢ ᠨᠢ ᠤᠯᠠᠮ ᠴᠢᠨᠠᠭᠰᠢᠲᠠ ᠦᠷᠭᠡᠳᠬᠡᠭᠦ ᠴᠢᠬᠤᠯᠠ ᠲᠠᠢ ᠪᠠᠶᠢᠨ᠎ᠠ᠃
 
ᠢᠷᠡᠯᠲᠡ᠄ http://www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号