ᠬᠡᠰᠢᠭᠳᠡᠨ ᠬᠤᠰᠢᠭᠤᠨ ᠤ ᠲᠣᠪᠴᠢᠨ ᠤ ᠦᠪᠡᠷ ᠤᠨ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2013/11/15
         ᠲᠤᠪᠴᠢᠨ  ︵  ᠲᠦᠪᠡᠳ ᠨᠡᠷ᠎ᠡ︶᠂ ᠦᠭᠡᠷ᠎ᠡ ᠨᠡᠷ᠎ᠡ ᠪᠤᠤ ᠿᠦᠢ ᠹᠠᠩ᠃       1946 ᠤᠨ  ᠤ 8 ᠰᠠᠷ᠎ᠠ  ᠶᠢᠨ 30 ᠎ ᠤ ᠡᠳᠦᠷ  ᠶᠢᠷᠳᠢᠨᠴᠤ ᠳᠤ ᠮᠡᠨᠳᠦᠯᠡᠪᠡ᠃ ᠲᠤᠮᠳᠠᠳᠤ ᠰᠤᠷᠭᠠᠭᠤᠯᠢ ᠳᠠᠭᠠᠨ ᠰᠤᠷᠤᠯᠭ᠎ᠠ  ᠠᠯᠳᠠᠪᠠ᠃ 1965 ᠤᠨ ᠠᠴᠠ ᠤᠳᠤ ᠪᠤᠯᠳᠠᠯ᠎ᠠ ᠪᠠᠭᠰᠢᠯᠠᠪᠠ᠃ ᠵᠠᠯᠠᠭᠤ ᠶᠢᠨ ᠦᠶ᠎ᠡ ᠳᠡᠭᠡᠨ ︽  ᠠᠷᠪᠠᠨ ᠵᠢᠯ  ᠤᠨ ᠰᠠᠮᠠᠭᠤᠷᠠᠯ︾᠎ ᠳᠤ ᠲᠠᠭᠠᠷᠠᠯᠳᠤᠨ᠂ ᠬᠡᠳᠦᠷᠮᠡᠭᠡᠢ ᠡᠷᠭᠡ ᠶᠢᠨ ᠦᠵᠡᠯ  ᠤᠨ ᠤᠯᠤᠰ ᠲᠦᠷᠦ  ᠶᠢᠨ ᠲᠠᠯᠬᠢᠭᠳᠠᠯ ᠲᠤᠤᠷ᠎ᠠ ᠰᠤᠷᠤᠯᠭ᠎ᠠ ᠰᠤᠶᠤᠯ  ᠤᠨ ᠮᠦᠷ  ᠢᠶᠠᠨ ᠠᠯᠳᠠᠵᠦ᠂  ᠵᠦᠪᠬᠡᠨ1971 ᠤᠨ ᠠᠴᠠ 1973 ᠤᠨ ᠪᠤᠯᠳᠠᠯ᠎ᠠ ᠮᠦᠭᠳᠡᠨ  ᠤ ᠪᠠᠭᠰᠢ  ᠶᠢᠨ ᠰᠤᠷᠭᠠᠭᠤᠯᠢ ᠳᠤ ᠲᠠᠪᠳᠠᠨ ᠪᠤᠯᠪᠠᠰᠤᠷᠠᠪᠠ᠃ 1988  — 1989 ᠤᠨ  ᠤ ᠵᠤᠨ ᠳᠤ ᠲᠤᠰᠪᠤᠷᠢ ᠴᠢᠩᠳᠤᠤ ᠂ ᠳ᠋ᠠᠯᠢᠶᠠᠨ ᠳᠤ ᠲᠤᠮᠳᠠᠳᠤ ᠤᠯᠤᠰ  ᠤᠨ ᠨᠡᠶᠢᠭᠡᠮ ᠤᠨ ᠰᠢᠨᠵᠢᠯᠡᠬᠦ ᠤᠬᠠᠭᠠᠨ  ᠤ ᠬᠦᠷᠢᠶᠡᠯᠡᠩ  ᠎ ᠤᠨ ᠤᠳᠬ᠎ᠠ ᠵᠤᠬᠢᠶᠠᠯ  ᠤᠨ ᠰᠤᠳᠤᠯᠤᠯ  ᠤᠨ ᠬᠤᠷᠢᠶ᠎ᠠ  ᠠᠴᠠ ᠡᠷᠬᠢᠯᠡᠭᠰᠡᠨ ᠤᠳᠬ᠎ᠠ ᠤᠷᠠᠯᠢᠭ  ᠤᠨ ᠤᠨᠤᠯ  ᠤᠨ ᠶᠠᠷᠢᠯᠴᠠᠨ ᠰᠤᠷᠤᠯᠴᠠᠬᠤ ᠠᠩᠬᠢ ᠳᠤ ᠰᠤᠷᠤᠯᠴᠠᠨ ᠲᠡᠭᠦᠰᠪᠡ᠃ 1997 ᠤᠨ ᠳᠤ ᠤᠯᠤᠰ  ᠤᠨ ᠰᠤᠷᠭᠠᠨ ᠬᠦᠮᠦᠵᠢᠯ  ᠤᠨ ᠵᠦᠪᠯᠡᠯ  ᠠᠴᠠ ᠨᠠᠨᠵᠢᠩ  ᠤᠨ ᠪᠠᠭᠰᠢ  ᠶᠢᠨ ᠶᠡᠭᠡ ᠰᠤᠷᠭᠠᠭᠤᠯᠢ ᠳᠤ ᠡᠷᠬᠢᠯᠡᠭᠰᠡᠨ ︽  ᠦᠷᠦᠨᠡᠳᠡᠬᠢᠨ  ᠤ ᠤᠳᠬ᠎ᠠ ᠵᠤᠬᠢᠶᠠᠯ  ᠢ ᠶᠠᠷᠢᠯᠴᠠᠨ ᠰᠤᠳᠤᠯᠬᠤ ᠪᠤᠯᠪᠠᠰᠤᠷᠠᠯ  ᠤᠨ ᠠᠩᠬᠢ︾᠎ ᠳᠤ ᠤᠷᠤᠯᠴᠠᠪᠠ᠃ 1991 ᠤᠨ  ᠤ 8 ᠰᠠᠷ᠎ᠠ ᠳᠤ ︽  ᠬᠤᠸᠠᠩᠱᠠᠨ ᠨᠠᠶᠢᠷᠠᠭᠤᠯᠤᠯ  ᠤᠨ ᠵᠦᠢ  ᠶᠢᠨ ᠡᠷᠳᠡᠮ ᠰᠢᠨᠵᠢᠯᠡᠭᠡᠨ  ᠤ ᠰᠤᠳᠤᠯᠭᠠᠨ  ᠤ ᠬᠤᠷᠯᠠᠳᠤᠭᠠᠨ︾᠎ ᠳᠤ ᠤᠷᠢᠭᠳᠠᠨ ᠤᠷᠤᠯᠴᠠᠪᠠ᠃ ᠪᠠᠰᠠ 1994 ᠤᠠ  ᠤ 9 ᠰᠠᠷ᠎ᠠ ᠳᠤ ︽  ᠱᠠᠩᠬᠠᠢ  ᠶᠢᠨ ᠤᠯᠠᠨ ᠤᠯᠤᠰ  ᠤᠨ ᠱᠺᠧᠰᠫᠢᠶᠧᠷ  ᠤᠨ ᠬᠤᠱᠤᠩ ᠵᠦᠴᠦᠭᠡ  ᠶᠢᠨ ᠨᠠᠶᠢᠷ︾ ᠵᠢᠴᠢ ᠲᠤᠰ ᠤᠳᠠᠭᠠᠨ  ᠤ ︽  ᠱᠺᠧᠰᠫᠢᠶᠧᠷ  ᠤᠨ ᠤᠳᠬ᠎ᠠ ᠵᠤᠬᠢᠶᠠᠯ  ᠤᠨ ᠶᠠᠷᠢᠯᠴᠠᠨ ᠰᠤᠳᠤᠯᠬᠤ ᠬᠤᠷᠠᠯ︾᠎ ᠳᠤ ᠤᠷᠢᠭᠳᠠᠨ ᠤᠷᠤᠯᠴᠠᠪᠠ᠃ ᠵᠤᠬᠢᠶᠠᠭᠴᠢ  ᠠᠴᠠ ︽  ᠤᠳᠬ᠎ᠠ ᠤᠷᠠᠯᠢᠭ ᠭᠤᠸ᠎ᠠ ᠵᠦᠢ︾  ᠂  ︽ᠨᠠᠶᠢᠷᠠᠭᠤᠯᠤᠯ  ᠵᠦᠢ︾ ᠪᠠ ᠱᠺᠧᠰᠫᠢᠶᠧᠷ  ᠤᠨ ᠰᠤᠳᠤᠯᠤᠯ  ᠤᠨ ᠬᠦᠷᠢᠶ᠎ᠡ ᠬᠡᠪᠴᠢᠶ᠎ᠡ ᠮᠡᠳᠤ  ᠶᠢᠨ ᠤᠯᠠᠨ ᠲᠠᠯ᠎ᠠ ᠎ ᠳᠤ ᠠᠮᠵᠢᠯᠳᠡ ᠪᠠᠷ ᠲᠤᠪᠤᠶᠢᠮ᠎ᠠ ᠪᠠᠶᠢᠵᠦ ᠂ ᠡᠭᠦᠨ  ᠤ ᠲᠤᠬᠠᠢ ᠤᠯᠠᠨ ᠠᠷᠪᠢᠨ ᠵᠤᠬᠢᠶᠠᠯ ᠪᠦᠳᠦᠭᠡᠯ ᠨᠡᠶᠢᠳᠡᠯᠡᠭᠦᠯᠪᠡ ᠃        ᠡᠨᠡᠬᠦ 40 ᠤᠷᠴᠢᠮ ᠵᠢᠯ  ᠤᠨ ᠵᠢᠭᠠᠨ ᠰᠤᠷᠭᠠᠯᠳᠠ  ᠶᠢᠨ ᠶᠠᠪᠤᠴᠠ ᠳᠠᠭᠠᠨ ᠬᠢᠳᠠᠳ ᠬᠡᠯᠡᠨ  ᠤ ᠵᠢᠭᠠᠨ ᠰᠤᠷᠭᠠᠯᠳᠠ ᠎ ᠳᠤ ᠦᠢᠯᠡᠴᠢᠯᠡᠵᠦ᠂ ᠶᠡᠷᠦᠳᠡᠭᠡᠨ ᠨᠡᠷ᠎ᠡ ᠠᠰᠢᠭ ᠲᠤ ᠰᠢᠨᠤᠬᠠᠶᠢᠷᠠᠬᠤ ᠦᠭᠡᠢ ᠂ ᠴᠠᠭ  ᠤᠨ ᠪᠠᠶᠢᠳᠠᠯ ᠳᠤ  ᠰᠠᠨᠠᠭᠠᠰᠢᠷᠠᠭᠰᠠᠨ ᠨᠤᠮ ᠵᠤᠬᠢᠶᠠᠯ ᠳᠤ ᠰᠢᠭᠳᠡᠷᠡᠬᠦ ᠦᠭᠡᠢ᠂ ᠶᠠᠳᠠᠭᠤ ᠨᠢᠴᠦᠭᠦᠨ᠂ ᠭᠠᠭᠴᠠᠷᠳᠠᠩᠭᠤᠢ ᠪᠠᠶᠢᠳᠠᠯ ᠳᠤ ᠲᠡᠰᠪᠦᠷᠢᠳᠠᠢ ᠪᠠᠶᠢᠵᠦ᠂ ︽  ᠰᠤᠯᠠ ᠰᠡᠯᠡᠭᠦᠤ᠂ ᠦᠪᠡᠷ  ᠶᠢ ᠪᠠᠨ  ᠪᠠᠭ᠋ᠠᠳᠤᠬᠤ ᠂ ᠰᠤᠯᠠ ᠰᠡᠯᠡᠭᠦᠤ ᠪᠠᠨ  ᠪᠠᠭ᠋ᠠᠳᠤᠬᠤ︾  ᠰᠡᠯᠡᠭᠦᠤ ᠲᠠᠶᠢᠪᠤᠩ ᠤᠷᠴᠢᠨ ᠠᠬᠤᠢ ᠪᠠ ᠤᠷᠮᠠᠵᠢᠭᠤᠨ ᠪᠠᠶᠢᠳᠠᠯ ᠳᠤ ᠴᠢᠳᠠᠮᠠᠭᠠᠢ ᠪᠠᠷ ᠬᠠᠨᠳᠤᠳᠠᠭ᠃ ᠤᠳᠬ᠎ᠠ ᠤᠷᠠᠯᠢᠭ  ᠤᠨ ᠬᠦᠷᠢᠶ᠎ᠡ ᠬᠡᠪᠴᠢᠶᠠᠨ ᠳᠤ ᠬᠠᠷᠠᠭ᠎ᠠ ᠬᠦᠷᠢᠶ᠎ᠠ ᠭᠦᠨ ᠡᠴᠡᠨ᠎ᠡ ᠤᠬᠢ ᠰᠢᠯᠢᠳᠡᠭ ᠪᠠᠶᠢᠵᠦ ᠂ ᠨᠡᠪᠳᠡᠷᠭᠡᠢ ᠰᠤᠳᠤᠯᠵᠦ ᠴᠢᠳᠠᠮᠠᠭᠠᠢ ᠰᠦᠪᠡᠭᠴᠢᠯᠡᠳᠡᠭ᠃ ᠡᠷᠢᠯ ᠤᠯᠵᠠ ᠮᠠᠨᠢ᠄ ᠰᠢᠯᠦᠭ᠂ ᠨᠠᠶᠢᠷᠠᠭᠤᠯᠤᠯ᠂ ᠲᠠᠳᠠᠯᠤᠭ᠎ᠠ ᠮᠡᠳᠡᠭᠦᠯᠦᠯᠳᠡ  ᠶᠢᠨ ᠤᠷᠠᠨ ᠵᠤᠬᠢᠶᠠᠯ ᠤᠯᠠᠨ ᠪᠤᠢ᠃ ᠵᠤᠬᠢᠶᠠᠯ ᠪᠦᠳᠦᠭᠡᠯ  ᠢ ᠪᠠᠭ᠋ᠠᠷᠬᠠᠨ ᠰᠤᠳᠤᠯᠬᠤ ᠲᠠᠯ᠎ᠠ ᠪᠠᠷ ᠭᠦᠨ᠎ᠡ ᠶᠤᠰᠤᠳᠠᠢ᠃ ᠲᠦᠯᠦᠭᠡᠯᠡᠭᠴᠢ ᠪᠦᠳᠦᠭᠡᠯ ᠰᠢᠯᠦᠭ ᠲᠠᠭᠤᠯᠠᠯ ︽  ᠪᠢᠴᠢᠬᠠᠨ ᠴᠠᠭᠠᠨ ᠨᠦᠷᠦᠭᠡ︾᠎ ᠨᠢ ︽  ᠲᠤᠮᠳᠠᠳᠤ ᠤᠯᠤᠰ ᠎ ᠤᠨ 20 ᠳ᠋ᠤᠭᠠᠷ ᠵᠠᠭᠤᠨ  ᠤ ᠪᠢᠴᠢᠯ ᠬᠡᠯᠪᠡᠷᠢ  ᠶᠢᠨ ᠵᠤᠬᠢᠶᠠᠯ  ᠪᠦᠳᠦᠭᠡᠯ  ᠤᠨ ᠰᠤᠩᠭᠤᠮᠠᠯ︾ ︵  ᠰᠢᠯᠦᠭ ᠲᠠᠭᠤᠯᠠᠯ  ᠤᠨ ᠡᠪᠬᠢᠮᠡᠯ︶ ᠎ ᠳᠤ ᠡᠯᠰᠡᠭᠳᠡᠨ᠂ ᠲᠤᠮᠳᠠᠳᠤ ᠤᠯᠤᠰ  ᠤᠨ ᠤᠳᠬ᠎ᠠ ᠤᠷᠠᠯᠢᠭ  ᠤᠨ ᠬᠤᠯᠪᠤᠭᠠᠨ  ᠤ 2001 ᠤᠨ  ᠤ  ᠬᠡᠪᠯᠡᠯ ᠳᠤ ᠨᠡᠶᠢᠳᠡᠯᠡᠪᠡ᠃ ᠨᠠᠶᠢᠷᠠᠭᠤᠯᠤᠯ   ︽  ᠨᠠᠬᠢᠶ᠎ᠠ  ᠶᠢᠨ ᠡᠷᠬᠢᠴᠡᠭᠦᠯᠦᠯ︾᠎ ᠨᠢ 2004 ᠤᠨ ᠳᠤ᠂ ᠰᠢᠶᠠᠩᠭᠠᠩ  ᠤᠨ ᠤᠳᠬ᠎ᠠ ᠵᠤᠬᠢᠶᠠᠯ  ᠤᠨ ᠬᠡᠪᠯᠡᠯ  ᠤᠨ ᠬᠤᠷᠢᠶ᠎ᠠ  ᠠᠴᠠ ᠬᠡᠪᠯᠡᠭᠰᠡᠨ ︽ᠲᠤᠮᠳᠠᠳᠤ ᠤᠯᠤᠰ  ᠤᠨ ᠬᠤᠸᠠᠰᠢᠶᠠ  ᠶᠢᠨ ᠵᠤᠬᠢᠶᠠᠭᠴᠢ  ᠶᠢᠨ ᠲᠤᠤᠷᠵᠢᠯ  ᠤᠨ ᠰᠢᠯᠢᠳᠡᠭ ᠵᠤᠬᠢᠶᠠᠯ ᠪᠦᠳᠦᠭᠡᠯ  ᠤᠨ ᠰᠤᠩᠭᠤᠮᠠᠯ︾᠎ ᠳᠤ ᠡᠯᠰᠡᠭᠳᠡᠨ ᠨᠡᠶᠢᠳᠡᠯᠡᠭᠳᠡᠪᠡ᠃ ᠡᠭᠦᠨ  ᠠᠴᠠ ᠭᠠᠳᠠᠨ᠎ᠠ᠂ ︽  ᠪᠤᠤ ᠿᠦᠢ ᠹᠠᠩ  ᠤᠨ ᠵᠤᠬᠢᠶᠠᠯ ᠪᠦᠳᠦᠭᠡᠯ  ᠤᠨ ᠡᠮᠬᠢᠳᠭᠡᠯ︾   ︵35 ᠲᠦᠮᠡᠨ ᠦᠰᠦᠭ ᠲᠠᠢ︶᠎ ᠨᠢ ᠨᠠᠨᠵᠢᠩ  ᠤᠨ ᠵᠦᠩᠱᠠᠨ ᠤᠳᠬ᠎ᠠ ᠵᠤᠬᠢᠶᠠᠯ  ᠤᠨ ᠬᠤᠷᠢᠶ᠎ᠠ  ᠠᠴᠠ ᠨᠠᠶᠢᠷᠠᠭᠤᠯᠤᠨ᠂ 2004 ᠤᠨ  ᠤ 9 ᠰᠠᠷ᠎ᠠ ᠳᠤ ᠲᠤᠮᠳᠠᠳᠤ ᠤᠯᠤᠰ  ᠤᠨ ᠤᠳᠬ᠎ᠠ ᠵᠤᠬᠢᠶᠠᠯ ᠲᠡᠤᠬᠡ  ᠶᠢᠨ ᠬᠡᠪᠯᠡᠯ  ᠤᠨ ᠬᠤᠷᠢᠶ᠎ᠠ  ᠠᠴᠠ ᠬᠡᠪᠯᠡᠨ ᠨᠡᠶᠢᠳᠡᠯᠡᠪᠡ᠃ ᠲᠤᠰ ᠨᠤᠮ ᠨᠢ ︽ᠵᠦᠩᠱᠠᠨ ᠨᠤᠮ ᠲᠡᠪᠳᠡᠷ  ᠤᠨ ᠱᠠᠩᠨᠠᠯ︾ ᠬᠦᠷᠳᠡᠵᠦ᠂ ︽  ᠠᠩᠬᠠᠳᠤᠭᠠᠷ ᠤᠳᠠᠭᠠᠨ  ᠤ ᠲᠡᠯᠡᠬᠡᠢ  ᠶᠢᠨ ᠤᠳᠬ᠎ᠠ ᠵᠤᠬᠢᠶᠠᠯ  ᠤᠨ ᠵᠦᠪᠯᠡᠯ︾ ᠎ ᠠᠴᠠ ᠪᠤᠯᠤᠷ ᠬᠤᠨᠳᠠᠭ᠎ᠠ ᠪᠠ ︽  ᠤᠯᠠᠨ ᠤᠯᠤᠰ  ᠤᠨ ᠲᠤᠮᠳᠠᠳᠤ  ᠤᠨ ᠰᠤᠶᠤᠯ ᠎ ᠤᠨ ᠤᠳᠬ᠎ᠠ ᠤᠷᠠᠯᠢᠭ  ᠤᠨ ᠨᠡᠶᠢᠭᠡᠮᠯᠢᠭ  ᠤᠨ ᠭᠠᠪᠢᠶᠠᠳᠤ ᠭᠡᠰᠢᠭᠦᠨ︾  ᠎ ᠤ ᠦᠨᠡᠮᠯᠡᠯ ᠤᠯᠭᠤᠪᠠ᠃ ᠲᠠᠭᠠᠤ ᠎ ᠳᠤᠨᠢ᠂ 2006 ᠤᠨ  ᠤ 2 ᠰᠠᠷ᠎ᠠ ᠳᠤ᠂ ᠰᠢᠶᠠᠩᠭᠠᠩ  ᠠᠴᠠ ᠪᠡᠯᠡ ᠤᠷᠤᠭᠤᠯᠤᠨ ᠨᠡᠶᠢᠳᠡᠯᠡᠭᠰᠡᠨ ︽ᠲᠤᠮᠳᠠᠳᠤ ᠎ ᠶᠢᠨ ᠤᠳᠬ᠎ᠠ ᠤᠷᠠᠯᠢᠭᠴᠢᠳ  ᠤᠨ ᠲᠤᠮᠤ ᠲᠤᠯᠢ ︾ ᠎ ᠤᠨ ᠨᠢᠭᠡᠳᠦᠭᠡᠷ ᠡᠪᠬᠡᠮᠡᠯ ᠎ ᠳᠤ ᠰᠤᠩᠭᠤᠭᠳᠠᠨ  ᠨᠡᠶᠢᠳᠡᠯᠡᠭᠳᠡᠪᠡ ᠃     ᠤᠯᠠᠨ ᠤᠯᠤᠰ  ᠤᠨ ᠲᠤᠮᠳᠠᠳᠤ  ᠶᠢᠨ ᠤᠳᠬ᠎ᠠ ᠵᠤᠬᠢᠶᠠᠯ  ᠤᠨ ᠨᠡᠶᠢᠭᠡᠮᠯᠢᠭ  ᠤᠨ ᠭᠡᠰᠢᠭᠦᠨ  ᠄                    ᠲᠤᠪᠴᠢᠨ ︵  ᠪᠤᠤ ᠿᠦᠢ ᠹᠠᠩ︶               ᠬᠤᠶᠠᠷ ᠮᠢᠩᠭ᠎ᠠ ᠪᠦᠭᠡᠳ ᠵᠢᠷᠭᠤᠭᠠᠨ ᠤᠨ  ᠤ ︽5.1︾ ᠎ ᠤ                ᠲᠡᠯᠡᠭᠡᠢ ᠶᠢᠨ ᠬᠦᠳᠡᠯᠮᠦᠷᠢᠴᠢᠳ  ᠤᠨ ᠪᠠᠶᠠᠷ  ᠤᠨ ᠡᠳᠦᠷ  
 
ᠢᠷᠡᠯᠲᠡ᠄ www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号