ᠲᠡᠬᠦᠰᠬᠦ ᠵᠤᠨ
ᠨᠡᠶᠢᠲᠡᠯᠡᠭᠰᠡᠨ ᠴᠠᠭ᠄
2013/10/29
ᠠᠶᠠᠯᠭᠤ ᠬᠤᠭᠤᠷ ᠤᠨ ᠵᠢᠷᠭᠤᠭᠠᠨ ᠡᠬᠡᠰᠢᠭ ᠰᠢᠭ ᠠᠮᠢᠳᠤᠷᠠᠯ ᠤᠨ ᠨᠤᠲ ᠶᠢ ᠴᠢᠪᠬᠠᠳᠠᠨ ᠠᠩᠬᠢᠷᠬᠠᠨ ᠨᠠᠮᠤᠷ ᠤᠨ ᠨᠡᠬᠦᠳᠡᠯ ᠰᠢᠭ ᠬᠤᠩᠭᠤᠷᠬᠠᠨ ᠡᠳᠦᠷ ᠤᠳ ᠮᠢᠨᠢ ᠬᠤᠯᠠᠳᠤᠭᠰᠠᠨ ᠶᠤᠮ᠃ ᠠᠯᠢᠶᠠᠬᠠᠨ ᠪᠠᠭ᠎ᠠ ᠨᠠᠰᠤᠨ ᠤ ᠮᠢᠨᠢ ᠴᠡᠴᠡᠬᠡᠰ ᠤᠨ ᠰᠢᠬᠦᠳᠡᠷᠢ ᠶᠢ ᠲᠤᠭᠠᠯᠠᠵᠤ ᠠᠯᠤᠰ ᠤᠨ ᠠᠶᠠᠨ ᠤ ᠡᠬᠢᠨ ᠤ ᠦᠷᠳᠡᠭᠡ ᠲᠡᠬᠦᠰᠬᠦ ᠵᠤᠨ ᠮᠢᠨᠢ ᠢᠷᠡᠭᠰᠡᠨ ᠶᠤᠮ᠃ ᠤᠰᠤᠨ ᠴᠡᠩᠬᠡᠷ ᠮᠦᠷᠠᠨ ᠤ ᠲᠡᠯᠡᠮᠡᠨ ᠵᠢᠷᠤᠭ᠎ᠠ ᠤᠷᠤᠰᠬᠠᠯ ᠰᠢᠭ᠋ ᠦᠩᠬᠡᠷᠡᠨ ᠤᠳᠬᠤ ᠴᠠᠭ ᠮᠦᠴᠡ ᠶᠢ ᠪᠤᠴᠠᠭᠠᠵᠤ ᠴᠢᠳᠠᠬᠤ ᠦᠬᠡᠢ ᠨᠠᠷᠠᠯᠠᠭ ᠬᠤᠷᠸ᠎ᠠ ᠶᠢᠨ ᠵᠢᠮ᠎ᠠ ᠪᠠᠷ ᠤᠬᠠᠭᠠᠨ ᠪᠤᠳᠤᠯ ᠠᠴᠠ ᠤᠨᠳᠤᠷᠤᠭ᠎ᠠ ᠲᠠᠢ ᠤᠷᠠᠨ ᠰᠢᠯᠦᠭ ᠨᠠᠶᠢᠷᠠᠭ ᠢᠶᠠᠷ ᠢᠶᠠᠨ ᠤᠶᠠᠩᠭ᠎ᠠ ᠴᠠᠭᠠᠨ ᠲᠤᠷᠠᠳᠬᠠᠯ ᠢᠶᠠᠨ ᠰᠡᠳᠬᠢᠯ ᠳᠡᠭᠡᠨ ᠬᠦᠪᠦᠷᠢᠬᠦᠯᠵᠦ ᠰᠠᠭᠤᠨᠠᠮ ᠪᠢ᠃ ᠪᠠᠶᠠᠨᠮᠡᠨᠳᠦ ᠰᠤᠷᠭᠠᠭᠤᠯᠢ ᠮᠢᠨᠢ — ᠠᠩᠬᠠᠨ ᠤ ᠪᠠᠭᠤᠴᠠ ᠪᠠᠷ᠎ᠠ ᠨᠢ ᠦᠯᠦ ᠲᠠᠰᠤᠷᠠᠬᠤ ᠰᠡᠬᠦᠳᠡᠷ ᠤᠨ ᠮᠢᠨᠢ ᠲᠤᠯᠠᠭᠠᠨ ᠰᠠᠭᠤᠴᠠ ᠤᠶᠠᠩᠭ᠎ᠠ ᠶᠢᠨ ᠠᠯᠳᠠᠨ ᠰᠤᠭᠤᠨᠤᠭ ᠰᠢᠭ᠋ ᠰᠠᠶᠢᠬᠠᠨ ᠲᠤᠷᠠᠳᠬᠠᠯ ᠢ ᠡᠪᠦᠷᠯᠡᠵᠦ ᠤᠯᠠᠨ ᠰᠠᠶᠢᠬᠠᠨ ᠲᠡᠬᠦᠨᠠᠷ ᠮᠢᠨᠢ ᠵᠢᠯ ᠵᠢᠯ ᠲᠠᠬᠦᠰᠦᠨ᠎ᠡ᠃ ᠲᠡᠬᠡᠬᠦ ᠳᠤ ᠪᠢᠳᠡ ᠨᠠᠷ ᠮᠢᠨᠢ ᠬᠦᠬᠡᠷᠦᠬᠦᠢ ᠡᠷᠬᠢᠨ ᠰᠠᠨᠠᠬᠤ ᠲᠤᠷᠠᠳᠬᠠᠯ ᠲᠠᠢ ᠲᠡᠦᠬᠡ ᠲᠤᠮᠤᠭ ᠴᠤ ᠶᠤᠮ ᠰᠢᠭ᠋ ᠲᠤᠯᠤᠭᠠᠨ ᠵᠢᠯ ᠤᠨ ᠲᠤᠷᠠᠳᠬᠠᠯ ᠲᠠᠢ᠃ ᠲᠡᠬᠦᠰᠬᠦ ᠵᠤᠨ ᠤ ᠡᠳᠦᠷ ᠤᠳ ᠰᠤᠮᠤ ᠰᠢᠭ᠋ ᠲᠦᠷᠬᠡᠨ ᠢᠷᠡᠬᠦ ᠪᠠᠷ ᠨᠢ ᠲᠡᠬᠦᠵᠦ ᠡᠪᠦᠷᠯᠡᠭᠰᠡᠨ ᠰᠡᠳᠬᠢᠯ ᠢᠶᠠᠨ ᠠᠮᠵᠢᠵᠤ ᠰᠢᠪᠡᠨᠡᠬᠦ ᠤᠴᠢᠷ ᠲᠠᠢ᠃ ᠦᠰᠴᠦ ᠲᠡᠭᠵᠢᠬᠦ ᠨᠠᠰᠤᠨ ᠤ ᠮᠢᠨᠢ ᠬᠡᠷᠡᠯᠳᠦ ᠨᠢᠬᠡᠨ ᠪᠠᠭᠤᠴᠠ ᠦᠯᠦᠬᠡᠢ ᠮᠤᠩᠭᠤᠯ ᠰᠤᠷᠭᠠᠭᠤᠯᠢ ᠢᠶᠠᠨ ᠰᠢᠯᠦᠭ ᠢᠶᠠᠷ ᠲᠤᠷᠠᠰᠬᠠᠬᠤ ᠨᠠᠨᠳᠢᠨ ᠪᠡᠯᠡᠭ ᠲᠠᠢ᠃ ᠦᠵᠡᠯ ᠨᠢᠮᠬᠡᠨ ᠴᠡᠬᠡᠵᠢ ᠮᠢᠨᠢ ᠡᠷᠳᠡᠮ ᠢᠶᠠᠷ ᠬᠡᠶᠢᠬᠦᠯᠦᠭᠰᠡᠨ ᠠᠴᠢ ᠲᠠᠢ ᠦᠯᠢᠬᠡᠷ ᠪᠤᠷᠬᠠᠳ ᠰᠢᠭ᠋ ᠪᠠᠭᠰᠢ ᠨᠠᠷ ᠲᠤ ᠪᠠᠨ ᠮᠡᠭᠦᠶᠢᠨ ᠶᠤᠰᠤᠯᠠᠬᠤ ᠲᠠᠩᠭᠠᠷᠢᠭ ᠲᠠᠢ᠃ ᠨᠠᠪᠴᠢ ᠰᠢᠷᠭᠠᠯᠰᠢᠬᠤ ᠤᠯᠠᠷᠢᠯ ᠢᠶᠠᠷ ᠮᠤᠩᠭᠤᠯ ᠰᠤᠷᠭᠠᠭᠤᠯᠢ ᠳᠠᠭᠠᠨ ᠢᠷᠡᠭᠰᠡᠨ ᠶᠤᠮ ᠨᠶᠢᠮᠠᠨ ᠵᠦᠭ ᠤᠨ ᠨᠦᠬᠦᠳ ᠲᠠᠢ ᠪᠠᠨ ᠠᠨᠳᠠ ᠶᠢᠨ ᠵᠢᠷᠤᠮ ᠢᠶᠠᠷ ᠤᠴᠠᠷᠠᠭᠰᠠᠨ ᠶᠤᠮ᠃ ᠨᠠᠷᠬᠢᠶᠠᠨ ᠶᠡᠬᠡᠳᠡᠢ ᠠᠮᠢᠳᠤᠷᠠᠯ ᠮᠢᠨᠢ ᠲᠡᠷᠡ ᠯᠠ ᠮᠦᠴᠡ ᠠᠴᠠ ᠡᠬᠢᠯᠡᠬᠡᠳ ᠨᠠᠷᠠᠯᠠᠭ ᠬᠤᠷᠸ᠎ᠠ ᠶᠢᠨ ᠵᠢᠮ᠎ᠡ ᠪᠠᠷ ᠦᠨᠦᠳᠦᠷ ᠲᠤ ᠬᠦᠷᠴᠦ ᠢᠷᠡᠭᠰᠡᠨ ᠶᠤᠮ᠃ ᠠᠩᠬᠢ ᠪᠠᠶᠢᠷᠢ ᠶᠢᠨ ᠵᠠᠢ ᠳᠤ ᠠᠯᠳᠠᠨ ᠴᠡᠭᠴᠦᠭᠡᠢ ᠰᠢᠭ ᠲᠡᠷᠪᠡᠨ ᠠᠮᠢᠳᠤᠷᠠᠯ ᠰᠤᠷᠤᠯᠭ᠎ᠠ ᠬᠤᠶᠠᠷ ᠤᠨ ᠠᠷᠠᠯ ᠬᠦᠷᠳᠦ ᠶᠢ ᠨᠡᠶᠢᠯᠡᠬᠦᠯᠵᠦ ᠠᠯᠢᠶᠠᠯᠠᠵᠤ ᠲᠤᠭᠯᠠᠬᠤ ᠨᠠᠰᠤᠨ ᠤ ᠮᠢᠨᠢ ᠠᠶᠠᠨ ᠤ ᠲᠠᠷᠬᠠᠨ ᠪᠠᠭᠤᠴᠠ ᠠᠯᠢ ᠴᠤ ᠦᠶ᠎ᠡ ᠲᠤᠷᠠᠰᠤᠭᠳᠠᠬᠤ ᠠᠮᠢᠳᠤᠷᠠᠯ ᠤᠨ ᠮᠢᠨᠢ ᠨᠤᠲ ᠪᠠᠶᠠᠷᠳᠡᠢ ᠬᠡᠵᠦ ᠰᠢᠪᠡᠨᠡᠬᠦ ᠵᠠᠭᠤᠷ᠎ᠠ ᠰᠡᠬᠦᠯᠴᠢ ᠶᠢᠨ ᠬᠤᠩᠬᠤ ᠬᠠᠩᠬᠢᠨᠠᠵᠤ ᠲᠠᠭᠤᠰᠤᠭ᠎ᠠ ᠦᠬᠡᠢ ᠰᠢᠯᠦᠭ ᠤᠨ ᠮᠢᠨᠢ ᠲᠤᠳᠠᠭᠤ ᠮᠦᠷ ᠤᠳ ᠲᠤᠳᠤᠷᠠᠵᠤ ᠲᠡᠬᠦᠰᠬᠦ ᠵᠤᠨ ᠢᠷᠡᠬᠦ ᠶᠤᠮ᠃          ᠪᠢᠷᠠᠭᠤ ᠳᠠᠬᠢ ᠮᠤᠩᠭᠤᠯ ᠲᠤᠮᠳᠠᠳᠤ ᠰᠤᠷᠭᠠᠭᠤᠯᠢ          ᠠᠩᠬ᠎ᠠ ᠨᠢᠭᠡ ᠶᠢᠨ ᠬᠤᠶᠠᠷ᠂ ᠠᠯᠢᠶ᠎ᠠ          ᠵᠢᠯᠤᠭᠤᠳᠤᠭᠰᠠᠨ ᠪᠠᠭᠰᠢ᠄ ᠬᠠᠰᠭᠤᠸ᠎ᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号