| | | ﹇ᠠᠭᠤᠯᠭ᠎ᠠ ᠶᠢᠨ ᠲᠤᠪᠴᠢ﹈ ᠄ ᠤᠯᠠᠮᠵᠢᠯᠠᠯᠳᠦ ᠰᠤᠷᠭᠠᠨ ᠬᠦᠮᠦᠵᠢᠯ | ᠪᠤᠯᠤᠭᠰᠠᠨ ᠮᠤᠩᠭᠤᠯ ᠵᠠᠩ ᠦᠢᠯᠡ ᠨᠢ ᠦᠨᠳᠦᠰᠦᠳᠡᠨ ᠤ ᠤᠨᠴᠠᠯᠢᠭ ᠲᠠᠢ ᠰᠤᠷᠭᠠᠭᠤᠯᠢ ᠶᠢᠨ ᠪᠦᠳᠦᠭᠡᠨ | ᠪᠠᠶᠢᠭᠤᠯᠥᠯᠳᠠ ᠳᠤ ᠡᠯᠪᠡᠭ ᠪᠠᠶᠠᠯᠢᠭ ᠪᠠᠳᠦ ᠪᠠᠬᠢ ᠰᠠᠭᠤᠷᠢ ᠮᠠᠲ᠋ᠧᠷᠢᠶᠠᠯ ᠢ ᠬᠠᠩᠭᠠᠨ᠂ ᠰᠢᠯᠢᠳᠡᠭ ᠰᠠᠶᠢᠬᠠᠨ | ᠮᠤᠩᠭᠤᠯ ᠵᠠᠩ ᠦᠢᠯᠡ ᠬᠢᠭᠡᠳ ︽ᠭᠤᠷᠪᠠᠨ ᠡᠭᠡ ᠬᠦᠮᠦᠵᠢᠯ︾ ᠢ ᠤᠷᠭᠠᠨᠢᠭ ᠨᠢᠭᠳᠠ ᠤᠶᠠᠯᠳᠤᠭᠤᠯᠤᠭᠰᠠᠨ | ᠰᠤᠷᠭᠠᠨ ᠬᠦᠮᠦᠵᠢᠯ ᠵᠢᠭᠠᠨ ᠰᠤᠷᠭᠠᠯᠳᠠ ᠨᠢ ᠦᠨᠳᠦᠰᠦᠳᠡᠨ ᠤ ᠰᠤᠷᠭᠠᠨ ᠬᠦᠮᠦᠵᠢᠯ ᠢ ᠤᠯᠠᠮ ᠨᠢᠭᠡ | ᠠᠯᠬᠤᠮ ᠲᠡᠬᠦᠯᠳᠡᠷᠵᠢᠭᠦᠯᠦᠨ ᠠᠬᠢᠭᠤᠯᠵᠦ᠂ ᠦᠨᠳᠦᠰᠦᠳᠡᠨ ᠤ ᠦᠪ ᠰᠤᠶᠤᠯ ᠢᠶᠠᠨ ᠤᠯᠠᠮᠵᠢᠯᠠᠨ ᠲᠡᠯᠭᠡᠷᠡᠬᠦᠯᠵᠦ᠂ | ᠰᠤᠷᠤᠭᠴᠢ ᠪᠠᠭᠠᠴᠤᠳ ᠤᠨ ᠭᠡᠪ ᠴᠢᠨᠠᠷ ᠤᠨ ᠪᠤᠯᠪᠠᠰᠤᠷᠠᠯ ᠢ ᠴᠢᠩᠭᠠᠳᠬᠠᠨ᠂ ᠡᠭᠡ ᠤᠷᠤᠨ ᠢᠶᠠᠨ ᠪᠦᠳᠦᠭᠡᠨ | ᠪᠠᠶᠢᠭᠤᠯᠬᠤ ᠂ ᠦᠨᠳᠦᠰᠦᠳᠡᠨ ᠶᠠᠰᠤᠳᠠᠨ ᠢᠶᠠᠨ ᠬᠦᠭᠵᠢᠬᠦᠯᠦᠨ ᠮᠠᠨᠳᠤᠭᠤᠯᠬᠤ᠂ ᠡᠭᠡ ᠰᠤᠶᠤᠯ ᠢᠶᠠᠨ | ᠪᠠᠶᠠᠯᠢᠭᠵᠢᠭᠤᠯᠤᠨ ᠴᠢᠬᠢᠷᠠᠭᠵᠢᠭᠤᠯᠬᠤ ᠴᠢᠳᠠᠪᠤᠷᠢᠳᠠᠨ ᠪᠤᠯᠤᠨ ᠬᠦᠮᠦᠵᠢᠭᠳᠡᠬᠦ ᠶᠢᠨ ᠰᠤᠷᠭᠠᠨ ᠬᠦᠮᠦᠵᠢᠯ ᠵᠢᠭᠠᠨ | ᠰᠤᠷᠭᠠᠯᠳᠠ ᠶᠢᠨ ᠦᠭᠡᠷᠡᠴᠢᠯᠡᠯᠳᠡ ᠰᠢᠨᠡᠴᠢᠯᠡᠯᠳᠡ ᠶᠢᠨ ᠪᠠᠰᠠ ᠨᠢᠭᠡᠨ ᠲᠤᠯᠭᠠᠮ᠎ᠠ ᠱᠠᠭᠠᠷᠳᠠᠯᠭ᠎ᠠ ᠪᠤᠯᠤᠭᠰᠠᠨ | ᠪᠠᠶᠢᠨ᠎ᠠ᠃ | | ﹇ᠵᠠᠩᠭᠢᠯᠠᠭ᠎ᠠ ᠶᠢᠨ ᠦᠭᠡᠰ﹈ ᠄ ᠮᠤᠩᠭᠤᠯ ᠵᠠᠩ ᠦᠢᠯᠡ ︽ᠭᠤᠷᠪᠠᠨ ᠡᠭᠡ | ᠬᠦᠮᠦᠵᠢᠯ︾ ᠤᠯᠠᠮᠵᠢᠯᠠᠯᠳᠦ ᠰᠤᠷᠭᠠᠨ ᠬᠦᠮᠦᠵᠢᠯ | | | | ᠰᠢᠯᠢᠳᠡᠭ ᠰᠠᠶᠢᠬᠠᠨ ᠮᠤᠩᠭᠤᠯ ᠵᠠᠩ ᠦᠢᠯᠡ ᠨᠢ ᠪᠠᠶᠢᠭᠠᠯᠢᠯᠢᠭ ᠵᠢᠮ᠎ᠡ ᠶᠢ ᠵᠦᠪ ᠢᠶᠠᠷ | ᠲᠠᠨᠢᠨ᠂ ᠡᠭᠡ ᠪᠠᠶᠢᠭᠠᠯᠢ ᠲᠠᠢ ᠤᠷᠭᠠᠨᠢᠭ ᠵᠤᠬᠢᠴᠠᠯᠳᠤᠨ᠂ ᠠᠮᠢ ᠠᠬᠤᠢ ᠶᠢᠨ ᠲᠡᠩᠴᠡᠬᠦᠷᠢ ᠶᠢ ᠪᠠᠳᠤᠯᠠᠵᠦ᠂ | ᠬᠦᠮᠦᠨ ᠨᠡᠶᠢᠭᠡᠮ ᠤᠨ ᠤᠷᠤᠰᠢᠨᠠᠯ ᠬᠦᠭᠵᠢᠯᠳᠡ ᠶᠢᠨ ᠰᠢᠨᠵᠢᠯᠡᠬᠦ ᠤᠬᠠᠭᠠᠨᠴᠢ ᠠᠷᠭ᠎ᠠ ᠵᠢᠮ᠎ᠡ ᠶᠢ ᠮᠦᠷᠳᠡᠨ᠂ | ᠠᠮᠢᠳᠤᠷᠠᠯ ᠲᠡᠮᠡᠴᠡᠯ ᠤᠨ ᠠᠷᠭ᠎ᠠ ᠲᠤᠷᠰᠢᠯᠭ᠎ᠠ ᠶᠢ ᠦᠷᠭᠡᠨ ᠲᠡᠯᠭᠡᠷ ᠬᠤᠷᠠᠮᠳᠤᠭᠤᠯᠤᠨ ᠳ᠋ᠦᠩᠨᠡᠵᠦ᠂ ᠲᠠᠰᠤᠷᠠᠯᠳᠠ | ᠦᠭᠡᠢ ᠪᠠᠷ ᠰᠢᠨ᠎ᠡ ᠶᠢ ᠡᠬᠦᠳᠦᠭᠰᠡᠨ ᠲᠡᠷᠢᠬᠦᠨ ᠤ ᠰᠢᠨᠵᠢᠯᠡᠬᠦ ᠤᠬᠠᠭᠠᠨᠴᠢ ᠪᠤᠳᠠᠰ ᠤᠨ ᠪᠤᠯᠪᠠᠰᠤᠨ ᠪᠠ ᠤᠶᠤᠨ | ᠤ ᠪᠤᠯᠪᠠᠰᠤᠨ ᠤ ᠰᠤᠶᠤᠯ ᠤᠨ ᠰᠤᠳᠤᠨ ᠪᠦᠳᠦᠭᠡᠯ ᠤᠳ ᠪᠠᠶᠢᠵᠦ ᠲᠠᠶᠠᠭᠠᠷ ᠲᠤ ᠪᠢᠰᠢᠷᠡᠭᠳᠡᠭᠰᠡᠨ ᠶᠤᠮ᠃ ᠡᠨᠡᠬᠦ | ᠤᠯᠠᠮᠵᠢᠯᠠᠯᠳᠦ ᠰᠤᠷᠭᠠᠨ ᠬᠦᠮᠦᠵᠢᠯ ᠤᠨ ᠦᠪ ᠰᠤᠶᠤᠯ — ᠮᠤᠩᠭᠤᠯ ᠵᠠᠩ ᠦᠢᠯᠡ ᠨᠢ ᠤᠷᠳᠦ ᠤᠳᠠᠭᠠᠨ | ᠬᠤᠭᠤᠴᠠᠭᠠᠨ ᠤ ᠬᠦᠮᠦᠨ ᠨᠡᠶᠢᠭᠡᠮ ᠪᠠ ᠡᠭᠡ ᠪᠠᠶᠢᠭᠠᠯᠢ ᠶᠢᠨ ᠬᠤᠪᠢᠷᠠᠯᠳᠠ ᠬᠦᠭᠵᠢᠯᠳᠡ ᠶᠢᠨ ᠶᠠᠪᠤᠴᠠ ᠳᠤ | ᠦᠨᠳᠦᠰᠦᠳᠡᠨ ᠶᠠᠰᠤᠳᠠᠨ ᠤ ᠪᠠᠨ ᠤᠷᠤᠰᠢᠨᠠᠯ ᠬᠦᠭᠵᠢᠯᠳᠡ ᠶᠢᠨ ᠵᠢᠮ᠎ᠡ ᠶᠤᠰᠤ ᠪᠠ ᠠᠷᠭ᠎ᠠ ᠵᠠᠮ ᠢ ᠰᠢᠨᠵᠢᠯᠡᠬᠦ | ᠤᠬᠠᠭᠠᠨᠴᠢ ᠪᠠᠷ ᠤᠯᠠᠮᠵᠢᠯᠠᠨ ᠵᠠᠯᠭᠠᠮᠵᠢᠯᠠᠭᠰᠠᠭᠠᠷ ᠦᠨᠳᠦᠰᠦᠳᠡᠨ ᠤ ᠤᠨᠴᠠᠯᠢᠭ ᠪᠦᠭᠦᠢ ᠰᠤᠷᠭᠠᠭᠤᠯᠢ ᠶᠢᠨ | ᠪᠦᠳᠦᠭᠡᠨ ᠪᠠᠶᠢᠭᠤᠯᠥᠯᠳᠠ ᠳᠤ ᠡᠯᠪᠡᠭᠪᠠᠶᠠᠯᠢᠭ ᠰᠠᠭᠤᠷᠢ ᠮᠠᠲ᠋ᠧᠷᠢᠶᠠᠯ ᠢ ᠬᠠᠩᠭᠠᠨ᠂ ᠰᠢᠯᠢᠳᠡᠭ ᠰᠠᠶᠢᠬᠠᠨ | ᠮᠤᠩᠭᠤᠯ ᠵᠠᠩ ᠦᠢᠯᠡ ᠬᠢᠭᠡᠳ ︽ᠭᠤᠷᠪᠠᠨ ᠡᠭᠡ ᠬᠦᠮᠦᠵᠢᠯ︾ ︵ᠡᠭᠡ ᠤᠷᠤᠨ᠂ ᠡᠭᠡ ᠦᠨᠳᠦᠰᠦᠳᠡᠨ᠂ ᠡᠭᠡ | ᠰᠤᠶᠤᠯ︶ ᠢ ᠤᠷᠭᠠᠨᠢᠭ ᠨᠢᠭᠳᠠ ᠤᠶᠠᠯᠳᠤᠭᠤᠯᠤᠭᠰᠠᠨ ᠰᠤᠷᠭᠠᠨ ᠬᠦᠮᠦᠵᠢᠯ ᠵᠢᠭᠠᠨ ᠰᠤᠷᠭᠠᠯᠳᠠ ᠨᠢ | ᠦᠨᠳᠦᠰᠦᠳᠡᠨ ᠤ ᠰᠤᠷᠭᠠᠨ ᠬᠦᠮᠦᠵᠢᠯ ᠢ ᠤᠯᠠᠮ ᠨᠢᠭᠡ ᠠᠯᠬᠤᠮ ᠲᠡᠬᠦᠯᠳᠡᠷᠵᠢᠭᠦᠯᠦᠨ ᠠᠬᠢᠭᠤᠯᠵᠦ᠂ | ᠦᠨᠳᠦᠰᠦᠳᠡᠨ ᠤ ᠦᠪ ᠰᠤᠶᠤᠯ ᠢᠶᠠᠨ ᠤᠯᠠᠮᠵᠢᠯᠠᠨ ᠲᠡᠯᠭᠡᠷᠡᠬᠦᠯᠵᠦ᠂ ᠰᠤᠷᠤᠭᠴᠢ ᠪᠠᠭᠠᠴᠤᠳ ᠤᠨ ᠭᠡᠪ ᠴᠢᠨᠠᠷ | ᠤᠨ ᠪᠤᠯᠪᠠᠰᠤᠷᠠᠯ ᠢ ᠴᠢᠩᠭᠠᠳᠬᠠᠨ᠂ ᠡᠭᠡ ᠤᠷᠤᠨ ᠢᠶᠠᠨ ᠪᠦᠳᠦᠭᠡᠨ ᠪᠠᠶᠢᠭᠤᠯᠬᠤ᠂ ᠦᠨᠳᠦᠰᠦᠳᠡᠨ ᠶᠠᠰᠤᠳᠠᠨ | ᠢᠶᠠᠨ ᠬᠦᠭᠵᠢᠬᠦᠯᠦᠨ ᠮᠠᠨᠳᠤᠭᠤᠯᠬᠤ᠂ ᠡᠭᠡ ᠰᠤᠶᠤᠯ ᠢᠶᠠᠨ ᠪᠠᠶᠠᠯᠢᠭᠵᠢᠭᠤᠯᠤᠨ ᠴᠢᠬᠢᠷᠠᠭᠵᠢᠭᠤᠯᠬᠤ ᠴᠢᠳᠠᠪᠤᠷᠢᠳᠠᠨ | ᠪᠤᠯᠤᠨ ᠬᠦᠮᠦᠵᠢᠭᠳᠡᠬᠦ ᠳᠤ ᠡᠷᠡᠨ ᠵᠠᠭᠤᠨ ᠤ ᠰᠤᠷᠭᠠᠨ ᠬᠦᠮᠦᠵᠢᠯ ᠵᠢᠭᠠᠨ ᠰᠤᠷᠭᠠᠯᠳᠠ ᠶᠢᠨ ᠦᠭᠡᠷᠡᠴᠢᠯᠡᠯᠳᠡ | ᠰᠢᠨᠡᠴᠢᠯᠡᠯᠳᠡ ᠶᠢᠨ ᠪᠠᠰᠠ ᠨᠢᠭᠡᠨ ᠲᠤᠯᠭᠠᠮ᠎ᠠ ᠱᠠᠭᠠᠷᠳᠠᠯᠭ᠎ᠠ ᠪᠤᠯᠤᠭᠰᠠᠨ ᠪᠠᠶᠢᠨ᠎ᠠ᠃ | ᠡᠭᠡ ᠤᠷᠤᠨ ᠤ ᠢᠷᠡᠭᠡᠳᠦᠢ ᠶᠢᠨ ᠬᠦᠭᠵᠢᠯᠳᠡ ᠲᠠᠪᠰᠢᠯᠳᠠ ᠶᠢᠨ ᠢᠳᠡᠭᠡᠯ ᠬᠦᠰᠡᠯ ᠢ | ᠭᠡᠤᠭᠡᠳ ᠠᠴᠢᠷ ᠲᠤ ᠪᠠᠨ ᠨᠠᠶᠢᠳᠠᠨ᠂ ᠲᠡᠳᠡᠨᠠᠷ ᠤᠨ ᠮᠡᠳᠡᠯᠭᠡ ᠴᠢᠳᠠᠪᠤᠷᠢ ᠶᠢᠨ ᠦᠷᠢᠰᠦᠯᠳᠦᠭᠡᠨ ᠤ ᠲᠠᠯᠠᠪᠤᠷ ᠲᠤ | ᠴᠤᠯᠭᠤᠷᠠᠨ ᠭᠠᠷᠬᠤ ᠶᠢ ᠰᠠᠨᠠᠭᠠᠴᠢᠯᠠᠬᠤ ᠳᠤ ᠡᠩ ᠲᠡᠷᠢᠬᠦᠨᠡ ᠰᠠᠭᠤᠷᠢ ᠰᠤᠷᠭᠠᠨ ᠬᠦᠮᠦᠵᠢᠯ ᠳᠤ ᠭᠡᠪ ᠴᠢᠨᠠᠷ ᠤᠨ | ᠰᠤᠷᠭᠠᠨ ᠬᠦᠮᠦᠵᠢᠯ ᠢ ᠲᠤᠤᠱᠯᠠᠭᠤᠯᠤᠨ ᠭᠡᠷᠡᠭᠵᠢᠬᠦᠯᠬᠦ ᠳᠡᠭᠡᠨ ᠦᠵᠡᠯ ᠰᠠᠨᠠᠭ᠎ᠠ ᠵᠠᠩ ᠮᠤᠷᠠᠯ ᠤᠨ ᠬᠦᠮᠦᠵᠢᠯ ᠢ | ᠴᠢᠩᠭᠠᠳᠬᠠᠨ᠂ᠰᠤᠷᠤᠭᠴᠢᠳ ᠤᠨ ᠵᠦᠪ ᠲᠤᠳᠤ ᠶᠢᠷᠳᠢᠨᠴᠦ ᠶᠢᠨ ᠦᠵᠡᠯᠳᠡ᠂ ᠠᠮᠢᠳᠤᠷᠠᠬᠤᠢ ᠶᠢᠨ ᠦᠵᠡᠯᠳᠡ᠂ | ᠦᠷᠳᠡᠭ ᠤᠨ ᠦᠵᠡᠯᠳᠡ ᠶᠢᠨ ᠬᠦᠮᠦᠵᠢᠯ ᠢ ᠬᠦᠨᠳᠦᠳᠭᠡᠳᠡᠭ᠃ ᠤᠯᠠᠮᠵᠢᠯᠠᠯᠳᠦ ᠰᠤᠷᠭᠠᠨ ᠬᠦᠮᠦᠵᠢᠯ ᠤᠨ ᠦᠪ | ᠰᠤᠶᠤᠯ ᠪᠤᠯᠤᠭᠰᠠᠨ ᠰᠢᠯᠢᠳᠡᠭ ᠰᠠᠶᠢᠬᠠᠨ ᠮᠤᠩᠭᠤᠯ ᠵᠠᠩ ᠦᠢᠯᠡ ᠨᠢ ᠰᠤᠷᠤᠭᠴᠢ ᠪᠠᠭᠠᠴᠤᠳ ᠲᠤ ᠨᠢᠯᠬ᠎ᠠ | ᠪᠠᠯᠴᠢᠷ ᠠᠴᠠ ᠨᠢ ᠭᠡᠷ ᠪᠦᠯᠢ ᠶᠢᠨ ᠰᠤᠷᠭᠠᠨ ᠬᠦᠮᠦᠵᠢᠯ᠂ ᠨᠡᠶᠢᠭᠡᠮ ᠤᠨ ᠰᠤᠷᠭᠠᠨ ᠬᠦᠮᠦᠵᠢᠯ ᠢᠶᠠᠷ ᠠᠭᠤᠰᠤᠨ | ᠰᠢᠮᠡᠳᠴᠦ ᠢᠯᠡᠷᠡᠵᠦ ᠪᠠᠶᠢᠭᠰᠠᠨ ᠢᠶᠠᠨ ᠰᠤᠷᠭᠠᠭᠤᠯᠢ ᠶᠢᠨ ᠪᠤᠱᠤᠭ᠎ᠠ ᠶᠢ ᠠᠯᠬᠤᠨ ᠤᠷᠤᠭᠰᠠᠨ ᠴᠠᠭ ᠠᠴᠠ | ᠰᠤᠷᠬᠤ ᠠᠭᠤᠯᠭ᠎ᠠ ᠪᠠ ᠭᠡᠯᠪᠡᠷᠢ ᠳᠤ ᠬᠤᠪᠢᠷᠠᠯᠳᠠ ᠭᠠᠷᠴᠦ᠂ ᠲᠠᠩᠭᠢᠮ ᠤᠨ ᠬᠢᠴᠢᠶᠡᠯᠯᠡᠭᠡ ᠪᠠᠷ ᠭᠤᠤᠯᠯᠠᠭᠰᠠᠨ | ᠰᠤᠷᠭᠠᠭᠤᠯᠢ ᠶᠢᠨ ᠬᠦᠷᠢᠶᠡᠨ ᠤ ᠰᠤᠷᠤᠯᠭ᠎ᠠ ᠠᠮᠢᠳᠤᠷᠠᠯ ᠤᠨ ᠤᠷᠤᠨ ᠵᠠᠢ ᠳᠤ ᠭᠠᠳᠠᠭᠠᠳᠦ ᠲᠤᠳᠤᠭᠠᠳᠦ ᠶᠢᠨ | ᠨᠦᠬᠦᠴᠡᠯ ᠰᠢᠯᠳᠠᠭᠠᠨ ᠠᠴᠠ ᠪᠤᠯᠵᠦ ᠦᠨᠳᠦᠰᠦᠳᠡᠨ ᠤ ᠤᠯᠠᠮᠵᠢᠯᠠᠯᠳᠦ ᠰᠠᠶᠢᠬᠠᠨ ᠵᠠᠩ ᠦᠢᠯᠡ ᠨᠢ ᠶᠠᠭ | ᠰᠠᠶᠢᠬᠠᠨ ᠤᠬᠠᠭᠠᠷᠠᠵᠦ ᠰᠡᠭᠡᠭᠡᠷᠡᠨ ᠦᠰᠴᠦ ᠪᠤᠶᠢᠵᠢᠭ᠎ᠠ ᠭᠡᠤᠭᠡᠳ ᠤᠳ ᠠᠴᠠ ᠠᠯᠭᠤᠷ ᠠᠭᠠᠵᠢᠮ ᠢᠶᠠᠷ ᠵᠠᠶᠢᠳᠠᠨ᠂ | ᠦᠨᠳᠦᠰᠦᠳᠡᠨ ᠤ ᠤᠯᠠᠮᠵᠢᠯᠠᠯᠳᠦ ᠰᠤᠷᠭᠠᠨ ᠬᠦᠮᠦᠵᠢᠯ ᠤᠨ ᠦᠷᠳᠡᠭ ᠢᠶᠠᠨ ᠠᠯᠳᠠᠳᠠᠭ᠃ ᠡᠶᠢᠮᠦ ᠠᠴᠠ | ᠰᠠᠭᠤᠷᠢ ᠰᠤᠷᠭᠠᠨ ᠬᠦᠮᠦᠵᠢᠯ ᠳᠤ ᠦᠨᠳᠦᠰᠦᠳᠡᠨ ᠤ ᠤᠨᠴᠠᠯᠢᠭ ᠪᠦᠬᠦᠢ ᠰᠤᠷᠭᠠᠭᠤᠯᠢ ᠶᠢ ᠪᠠᠶᠢᠭᠤᠯᠤᠨ | ᠰᠤᠷᠤᠭᠴᠢ ᠪᠠᠭᠠᠴᠤᠳ ᠤᠨ ᠦᠪᠡᠷ ᠤᠨ ᠦᠨᠳᠦᠰᠦᠳᠡᠨ ᠢᠶᠠᠨ ᠬᠠᠶᠢᠷᠠᠯᠠᠬᠤ᠂ ᠡᠭᠡ ᠤᠷᠤᠨ ᠢᠶᠠᠨ ᠬᠠᠶᠢᠷᠠᠯᠠᠬᠤ᠂ | ᠡᠭᠡ ᠰᠤᠶᠤᠯ ᠢᠶᠠᠨ ᠬᠠᠶᠢᠷᠠᠯᠠᠬᠤ ᠬᠦᠮᠦᠵᠢᠯ ᠢ ᠴᠢᠩᠭᠠᠳᠬᠠᠬᠤ ᠳᠤ ᠡᠩ ᠲᠡᠷᠢᠬᠦᠨᠡ ᠦᠨᠳᠦᠰᠦᠳᠡᠨ ᠤ ᠵᠠᠩ | ᠦᠢᠯᠡ ᠶᠢᠨ ᠴᠢᠬᠤᠯᠠ ᠴᠢᠨᠠᠷ ᠢ ᠬᠦᠨ᠎ᠡ ᠲᠠᠨᠢᠵᠦ ᠮᠤᠩᠭᠤᠯ ᠵᠠᠩ ᠦᠢᠯᠡ ᠬᠢᠭᠡᠳ ︽ᠭᠤᠷᠪᠠᠨ ᠡᠭᠡ ᠬᠦᠮᠦᠵᠢᠯ | ︾ ᠢ ᠤᠷᠭᠠᠨᠢᠭ ᠨᠢᠭᠳᠠ ᠤᠶᠠᠯᠳᠤᠭᠤᠯᠤᠭᠰᠠᠨ ᠪᠠᠶᠢᠬᠤ ᠭᠡᠷᠡᠭᠳᠠᠢ᠃ | ᠨᠢᠭᠡ᠂ ᠡᠭᠡ ᠤᠷᠤᠨ ᠤ ᠪᠦᠳᠦᠭᠡᠨ ᠪᠠᠶᠢᠭᠤᠯᠥᠯᠳᠠ ᠳᠤ ᠴᠢᠳᠠᠪᠤᠷᠢᠳᠠᠨ ᠢ ᠬᠦᠮᠦᠵᠢᠬᠦᠯᠬᠦ | ᠰᠠᠭᠤᠷᠢ ᠰᠤᠷᠭᠠᠨ ᠬᠦᠮᠦᠵᠢᠯ ᠤᠨ ᠴᠢᠬᠤᠯᠠ ᠨᠢᠭᠡᠨ ᠠᠭᠤᠯᠭ᠎ᠠ ᠪᠤᠯᠤᠭᠰᠠᠨ ᠪᠠᠶᠢᠳᠠᠭ᠃ | | ᠰᠤᠷᠤᠭᠴᠢᠳ ᠲᠤ ᠲᠦᠷᠦᠭᠰᠡᠨ ᠨᠤᠳᠤᠭ ᠤᠨ ᠬᠢᠨᠢ ᠦᠪᠡᠷᠮᠢᠴᠡ ᠤᠨᠴᠠᠯᠢᠭ ᠪᠦᠭᠦᠢ | ᠰᠢᠯᠢᠳᠡᠭ ᠰᠠᠶᠢᠬᠠᠨ ᠵᠠᠩ ᠦᠢᠯᠡ ᠶᠢᠨ ᠬᠦᠮᠦᠵᠢᠯ ᠢ ᠦᠢᠯᠡᠳᠦᠯᠭᠡᠳᠦ ᠠᠵᠢᠯᠯᠠᠭ᠎ᠠ ᠪᠠᠷ ᠪᠤᠳᠠᠳᠠᠶᠢᠵᠢᠭᠤᠯᠤᠨ | ᠤᠯᠠᠮᠵᠢᠯᠠᠨ᠂ ᠤᠷᠤᠨ ᠨᠤᠳᠤᠭ ᠤᠨ ᠴᠢᠬᠤᠯᠠ ᠴᠢᠨᠠᠷ ︵ᠠᠴᠢ ᠭᠠᠪᠢᠶ᠎ᠠ︶ ᠢ ᠲᠠᠨᠢᠭᠤᠯᠤᠨ᠂ ᠨᠤᠳᠤᠭ ᠤᠷᠤᠨ | ᠢᠶᠠᠨ ᠬᠠᠶᠢᠷᠠᠯᠠᠨ᠂ ᠨᠤᠳᠤᠭ ᠤᠷᠤᠨ ᠤ ᠪᠠᠨ ᠬᠦᠮᠦᠨ ᠨᠡᠶᠢᠭᠡᠮ᠂ ᠪᠠᠶᠢᠭᠠᠯᠢ ᠶᠢᠷᠳᠢᠨᠴᠦ ᠳᠤ ᠡᠶ᠎ᠡ ᠨᠠᠶᠢᠷᠠᠮᠳᠠᠭᠤ | ᠵᠤᠬᠢᠴᠠᠨ ᠤᠷᠤᠰᠢᠵᠦ᠂ ᠡᠭᠡ ᠤᠷᠤᠨ ᠢᠶᠠᠨ ᠬᠠᠶᠢᠷᠠᠯᠠᠵᠦ ᠬᠠᠮᠠᠭᠠᠯᠠᠨ ᠪᠦᠳᠦᠭᠡᠨ ᠪᠠᠶᠢᠭᠤᠯᠬᠤ ᠬᠠᠷᠠᠯᠳᠠ | ᠵᠤᠷᠢᠯᠳᠠ ᠶᠢ ᠨᠢ ᠪᠠᠳᠤᠵᠢᠭᠤᠯᠤᠨ ᠴᠢᠩᠭᠠᠳᠬᠠᠬᠤ ᠳᠤ ᠰᠢᠯᠢᠳᠡᠭ ᠰᠠᠶᠢᠬᠠᠨ ᠮᠤᠩᠭᠤᠯ ᠵᠠᠩ ᠦᠢᠯᠡ ᠶᠢᠨ | ᠲᠡᠤᠭᠡᠳᠦ ᠴᠢᠨᠠᠷ᠂ ᠵᠤᠬᠢᠶᠠᠨ ᠪᠠᠶᠢᠭᠤᠯᠥᠯᠳᠠᠳᠦ ᠴᠢᠨᠠᠷ᠂ ᠨᠡᠶᠢᠭᠡᠮᠴᠢ ᠴᠢᠨᠠᠷ᠂ ᠰᠢᠨᠵᠢᠯᠡᠬᠦ ᠤᠬᠠᠭᠠᠨᠴᠢ ᠴᠢᠨᠠᠷ᠂ | ᠪᠤᠯᠪᠠᠰᠤᠨ ᠴᠢᠨᠠᠷ ᠢ ᠪᠤᠳᠠᠳᠦ ᠦᠢᠯᠡᠳᠦᠯᠭᠡ ᠪᠠᠷ ᠬᠦᠨᠳᠦᠳᠭᠡᠨ ᠢᠯᠡᠷᠡᠬᠦᠯᠵᠦ᠂ ᠡᠳᠦᠷ ᠲᠤᠳᠤᠮ ᠤᠨ ᠰᠤᠷᠤᠯᠭ᠎ᠠ | ᠠᠮᠢᠳᠤᠷᠠᠯ ᠤᠨ ᠲᠤᠮᠳᠠ ᠠᠭᠤᠯᠭ᠎ᠠ ᠭᠡᠯᠪᠡᠷᠢ᠂ ᠠᠷᠭ᠎ᠠ ᠠᠪᠴᠠᠯ ᠢ ᠲᠠᠰᠤᠷᠠᠯᠳᠠ ᠦᠭᠡᠢ ᠦᠷᠭᠡᠳᠭᠡᠨ | ᠰᠢᠯᠢᠳᠡᠭᠵᠢᠬᠦᠯᠵᠦ᠂ ᠰᠢᠨᠵᠢᠯᠡᠬᠦ ᠤᠬᠠᠭᠠᠨᠴᠢ ᠠᠷᠭ᠎ᠠ ᠵᠠᠮ ᠢᠶᠠᠷ ᠰᠤᠷᠤᠭᠴᠢᠳ ᠤᠨ ᠪᠡᠶ᠎ᠡ ᠰᠡᠳᠬᠢᠯ ᠳᠤ | ᠠᠭᠤᠰᠬᠠᠨ ᠰᠢᠮᠡᠳᠭᠡᠵᠦ ᠲᠠᠳᠬᠠᠯᠵᠢᠭᠤᠯᠤᠨ᠂ᠲᠡᠳᠡᠨᠠᠷ ᠤᠨ ᠲᠦᠷᠦᠭᠰᠡᠨ ᠨᠤᠳᠤᠭ ᠢᠶᠠᠨ ᠰᠠᠨᠠᠵᠦ ᠬᠠᠶᠢᠷᠠᠯᠠᠬᠤ | ᠠᠴᠠ ᠡᠬᠢᠯᠡᠨ ᠠᠮᠢ ᠠᠬᠤᠢ ᠶᠢᠨ ᠲᠡᠩᠴᠡᠬᠦᠷᠢ ᠶᠢ ᠪᠠᠳᠤᠯᠠᠬᠤ ᠦᠵᠡᠯᠳᠡ ᠲᠠᠨᠢᠯᠳᠠ ᠶᠢ ᠪᠤᠢ ᠪᠤᠯᠭᠠᠨ᠂ ᠡᠭᠡ | ᠤᠷᠤᠨᠴᠢ ᠦᠵᠡᠯ ᠰᠠᠨᠠᠭ᠎ᠠ ᠶᠢ ᠬᠦᠮᠦᠵᠢᠬᠦᠯᠦᠨ᠂ ᠡᠭᠡ ᠤᠷᠤᠨ ᠢᠶᠠᠨ ᠪᠦᠳᠦᠭᠡᠨ ᠪᠠᠶᠢᠭᠤᠯᠬᠤ ᠴᠢᠳᠠᠪᠤᠷᠢᠳᠠᠨ | ᠪᠤᠯᠤᠨ ᠬᠦᠮᠦᠵᠢᠭᠳᠡᠬᠦ ᠳᠤ ᠰᠠᠭᠤᠷᠢ ᠰᠤᠷᠭᠠᠨ ᠬᠦᠮᠦᠵᠢᠯ ᠤᠨ ᠦᠨᠳᠦᠰᠦᠳᠡᠨ ᠤ ᠤᠨᠴᠠᠯᠢᠭ ᠪᠦᠭᠦᠢ | ᠰᠤᠷᠭᠠᠭᠤᠯᠢ ᠶᠢᠨ ᠪᠦᠳᠦᠭᠡᠨ ᠪᠠᠶᠢᠭᠤᠯᠥᠯᠳᠠ ᠶᠢᠨ ᠲᠤᠳᠠᠭᠳᠠᠵᠦ ᠪᠤᠯᠤᠰᠢ ᠦᠭᠡᠢ ᠴᠢᠬᠤᠯᠠ ᠠᠭᠤᠯᠭ᠎ᠠ ᠭᠡᠯᠪᠡᠷᠢ | ᠪᠤᠯᠤᠭᠰᠠᠨ ᠪᠠᠶᠢᠳᠠᠭ᠃ | ᠬᠤᠶᠠᠷ᠂ ᠦᠨᠳᠦᠰᠦᠳᠡᠨ ᠶᠠᠰᠤᠳᠠᠨ ᠤ ᠦᠢᠯᠡᠰ ᠢᠷᠡᠭᠡᠳᠦᠢ ᠶᠢᠨ ᠦᠭᠡᠳᠡᠯᠡᠯᠳᠡ | ᠬᠦᠭᠵᠢᠯᠳᠡ ᠶᠢᠨ ᠠᠬᠢᠭᠤᠯᠬᠤ ᠬᠦᠴᠦᠨ ᠪᠤᠯᠤᠭᠰᠠᠨ ᠪᠠᠶᠢᠳᠠᠭ᠃ | ︽ᠰᠢᠨᠵᠢᠯᠡᠬᠦ ᠤᠬᠠᠭᠠᠨ ᠪᠤᠯ ᠨᠢᠭᠡᠳᠦᠭᠡᠷ ᠦᠢᠯᠡᠳᠪᠦᠷᠢᠯᠡᠯ ᠤᠨ ᠬᠦᠴᠦᠨ ᠮᠥᠨ︾᠃ | ᠰᠢᠯᠢᠳᠡᠭ ᠰᠠᠶᠢᠬᠠᠨ ᠮᠤᠩᠭᠤᠯ ᠵᠠᠩ ᠦᠢᠯᠡ ᠨᠢ ᠤᠷᠳᠤ ᠤᠳᠠᠭᠠᠨ ᠬᠤᠭᠤᠴᠠᠭᠠᠨ ᠤ ᠠᠮᠢᠳᠤᠷᠠᠯ ᠲᠡᠮᠡᠴᠡᠯ ᠤᠨ | ᠰᠢᠯᠭᠠᠯᠳᠠ ᠲᠠᠪᠳᠠᠯᠳᠠ ᠶᠢ ᠦᠩᠭᠡᠷᠡᠬᠦᠯᠦᠨ᠂ ᠬᠦᠮᠦᠨ ᠨᠡᠶᠢᠭᠡᠮ ᠪᠠ ᠪᠠᠶᠢᠭᠠᠯᠢ ᠬᠤᠷᠸ᠎ᠠ ᠶᠢᠨ ︽ᠰᠢᠭᠤᠷᠭᠠᠨ︾ | ᠤᠳ ᠢ ᠲᠤᠭᠤᠯᠤᠨ ᠭᠡᠰᠡᠭ ᠪᠤᠰᠠᠭ ᠠᠭᠤᠯᠭ᠎ᠠ ᠭᠡᠯᠪᠡᠷᠢ ᠨᠢ ᠬᠠᠶᠢᠯᠵᠦ ᠭᠡᠭᠡᠭᠳᠡᠭᠰᠡᠨ ᠪᠤᠶᠤ ᠬᠤᠪᠢᠷᠠᠯᠳᠠ | ᠦᠭᠡᠷᠡᠴᠢᠯᠡᠯᠳᠡ ᠭᠠᠷᠤᠭᠰᠠᠨ ᠴᠦ ᠦᠨᠳᠦᠰᠦᠳᠡᠨ ᠶᠠᠰᠤᠳᠠᠨ ᠬᠦᠮᠦᠨ ᠠᠷᠠᠳ ᠤᠨ ᠠᠳᠠᠯ ᠠᠮᠢᠳᠤᠷᠠᠯ ᠤᠨ | ᠰᠢᠨᠵᠢᠯᠡᠬᠦ ᠤᠬᠠᠭᠠᠨᠴᠢ ᠲᠤᠷᠰᠢᠯᠭ᠎ᠠ ᠰᠤᠷᠭᠠᠮᠵᠢ ᠶᠢᠨ ᠬᠤᠷᠠᠮᠳᠤᠭᠤᠯᠤᠯ ᠪᠤᠯᠤᠭᠰᠠᠨ ᠰᠢᠯᠢᠳᠡᠭ ᠰᠠᠶᠢᠬᠠᠨ | ᠤᠯᠠᠮᠵᠢᠯᠠᠯᠳᠦ ᠮᠤᠩᠭᠤᠯ ᠵᠠᠩ ᠦᠢᠯᠡ ᠶᠢᠨ ᠪᠦᠳᠦᠭᠡᠭᠳᠡᠬᠦᠨ ᠤᠳ ᠨᠢ ᠲᠡᠤᠭᠡᠳᠦ ᠬᠠᠭᠤᠳᠠᠰᠤᠨ᠎ᠠ ᠭᠡᠷᠡᠴᠢᠯᠡᠭᠳᠡᠬᠦ | ᠪᠤᠶᠤ ᠦᠨᠡᠨ ᠪᠤᠳᠠᠳᠦ ᠠᠮᠢᠳᠤᠷᠠᠯ ᠲᠡᠮᠡᠴᠡᠯ ᠳᠤ ᠦᠷᠬᠦᠯᠵᠢᠯᠡᠨ ᠵᠠᠯᠭᠠᠮᠵᠢᠯᠠᠭᠳᠠᠵᠦ᠂ ᠦᠷᠭᠡᠨ ᠲᠠᠶᠠᠭᠠᠷ ᠲᠤ | ᠪᠢᠰᠢᠷᠡᠭᠳᠡᠨ ᠬᠦᠨᠳᠦᠳᠭᠡᠭᠰᠡᠨ ᠪᠠᠶᠢᠵᠦ᠂ ᠦᠷ᠎ᠡ ᠬᠤᠶᠢᠴᠢᠰ ᠲᠤ ᠪᠠᠨ ᠦᠨᠡᠳᠦ ᠦᠪ ᠪᠤᠯᠤᠭᠰᠠᠨ ᠢ ᠦᠰᠬᠦ | ᠨᠠᠰᠤᠨ ᠠᠴᠠ ᠨᠢ ᠵᠦᠪ ᠢᠶᠠᠷ ᠲᠠᠨᠢᠭᠤᠯᠬᠤ ᠳᠠᠭᠠᠨ ᠡᠪᠦᠭᠡ ᠲᠡᠭᠡᠳᠦᠰ ᠤᠨ ᠢᠶᠠᠨ ᠤᠶᠤᠨ ᠪᠢᠯᠢᠭ᠂ ᠤᠬᠠᠭᠠᠨ | ᠴᠢᠳᠠᠯ᠂ ᠶᠤᠰᠤ ᠨᠤᠮ᠂ ᠤᠷ᠎ᠠ ᠮᠡᠷᠭᠡᠵᠢᠯ ᠵᠡᠷᠭᠡ ᠶᠢᠨ ᠪᠤᠯᠪᠠᠰᠤᠨ ᠰᠢᠯᠢᠳᠡᠭ ᠪᠦᠳᠦᠭᠡᠯ ︵ ᠪᠤᠳᠠᠰ ᠤᠨ ᠪᠠ | ᠪᠤᠳᠠᠰ ᠤᠨ ᠪᠤᠰᠤ︶ ᠤᠨ ᠭᠡᠷᠡᠭᠯᠡᠭᠡᠨ ᠤ ᠦᠷᠳᠡᠭ ᠤᠨ ᠪᠤᠳᠠᠳᠦ ᠠᠮᠢᠳᠤᠷᠠᠯ ᠲᠤᠮᠳᠠᠬᠢ ᠢᠯᠡᠷᠡᠯ ᠢ ᠰᠢᠨᠵᠢᠯᠡᠬᠦ | ᠤᠬᠠᠭᠠᠨᠴᠢ ᠠᠷᠭ᠎ᠠ ᠶᠢᠨ ᠤᠨᠤᠯ ᠪᠠ ᠦᠨᠡᠨ ᠪᠤᠳᠠᠳᠦ ᠠᠮᠢᠳᠤᠷᠠᠯ ᠤᠨ ᠦᠢᠯᠡᠳᠦᠯᠭᠡᠳᠦ ᠰᠤᠷᠭᠠᠨ ᠬᠦᠮᠦᠵᠢᠯ | ᠵᠢᠭᠠᠨ ᠰᠤᠷᠭᠠᠯᠳᠠ ᠪᠠᠷ ᠲᠠᠮᠵᠢᠭᠤᠯᠤᠨ ᠵᠦᠪ ᠢᠶᠠᠷ ᠲᠠᠨᠢᠭᠤᠯᠵᠦ ᠤᠯᠠᠮᠵᠢᠯᠠᠬᠤ ᠨᠢ ᠤᠬᠠᠭᠠᠨᠳᠦ ᠭᠡᠤᠭᠡᠳ ᠤᠳ | ᠤᠨ ᠡᠪᠦᠭᠡ ᠲᠡᠭᠡᠳᠦᠰ ᠦᠨᠳᠦᠰᠦᠳᠡᠨ ᠶᠠᠰᠤᠳᠠᠨ ᠢᠶᠠᠨ ᠰᠢᠳᠦᠨ ᠪᠢᠰᠢᠷᠡᠵᠦ᠂ ᠦᠨᠳᠦᠰᠦᠳᠡᠨ ᠤ ᠪᠠᠨ | ᠢᠷᠡᠭᠡᠳᠦᠢ ᠶᠢᠨ ᠦᠭᠡᠳᠡᠯᠡᠯᠳᠡ ᠬᠦᠭᠵᠢᠯᠳᠡ ᠳᠤ ᠰᠠᠨᠠᠭᠠᠰᠢᠷᠠᠨ᠂ ᠦᠪᠡᠷ ᠪᠡᠶ᠎ᠡ ᠶᠢᠨ ᠬᠦᠴᠦᠨ ᠢᠶᠠᠨ ᠡᠷᠬᠦᠬᠦ | ᠲᠤᠳᠤᠭᠠᠳᠦ ᠬᠦᠳᠡᠯᠭᠡᠬᠦ ᠬᠦᠴᠦᠨ ᠤ ᠡᠨᠧᠷᠬᠢ ᠶᠢᠨ ᠡᠬᠢ ᠰᠤᠷᠪᠤᠯᠵᠢ ᠨᠢ ᠪᠤᠯᠤᠭᠰᠠᠨ ᠪᠠᠶᠢᠳᠠᠭ᠃ | | ᠭᠤᠷᠪᠠ᠂ ᠡᠭᠡ ᠰᠤᠶᠤᠯ ᠢᠶᠠᠨ ᠮᠠᠨᠳᠤᠭᠤᠯᠤᠨ ᠴᠡᠴᠡᠭᠯᠡᠬᠦᠯᠬᠦ ᠳᠤ ᠠᠬᠤᠢ ᠶᠢᠷᠳᠢᠨᠴᠦ ᠳᠤ | ᠷᠠᠰᠢᠶᠠᠨ ᠬᠤᠷ᠎ᠠ ᠨᠢ ᠪᠤᠯᠤᠭᠰᠠᠨ ᠪᠠᠶᠢᠳᠠᠭ᠃ | ᠤᠯᠠᠨ ᠵᠠᠭᠤᠨ ᠤ ᠰᠠᠯᠬᠢ ᠰᠢᠭᠤᠷᠭ᠎ᠠ ᠶᠢ ᠲᠤᠭᠤᠯᠵᠦ ᠢᠷᠡᠭᠰᠡᠨ ᠤᠷᠳᠤ ᠤᠳᠠᠭᠠᠨ | ᠲᠡᠤᠭᠡᠳᠦ ᠦᠩᠭᠡᠷᠡᠭᠡᠯᠳᠡ ᠲᠠᠢ ᠮᠤᠩᠭᠤᠯ ᠰᠤᠶᠤᠯ ᠨᠢ ᠡᠨᠡᠬᠦ ᠵᠠᠭᠤᠨ ᠤ ᠬᠦᠮᠦᠨ ᠨᠡᠶᠢᠭᠡᠮ ᠤᠨ ᠤᠯᠠᠨ ᠲᠠᠯᠠᠳᠦ | ᠬᠤᠷᠴᠠ ᠰᠢᠷᠦᠬᠦᠨ ᠦᠷᠢᠰᠦᠯᠳᠦᠭᠡᠨᠳᠦ ᠠᠬᠤᠢ ᠳᠤ ᠦᠷᠬᠦᠯᠵᠢᠯᠡᠨ ᠤᠯᠠᠮᠵᠢᠯᠠᠭᠳᠠᠬᠤ ᠳᠤ ᠭᠠᠳᠠᠭᠠᠳᠦ | ᠰᠢᠯᠳᠠᠭᠠᠨ ᠪᠤᠶᠤ ᠲᠤᠳᠤᠭᠠᠳᠦ ᠰᠢᠯᠳᠠᠭᠠᠨ ᠠᠴᠠ ᠪᠤᠯᠤᠭᠰᠠᠨ ᠭᠡᠰᠡᠭ ᠴᠦᠭᠡᠨ ᠲᠤᠭᠠᠨ ᠤ ᠭᠡᠷ ᠤᠨ ᠠᠬᠠᠮᠠᠳ | ᠪᠠ ᠰᠤᠷᠤᠭᠴᠢᠳ ᠡᠪᠦᠭᠡ ᠲᠡᠭᠡᠳᠦᠰ ᠠᠴᠠ ᠪᠠᠨ ᠤᠯᠠᠮᠵᠢᠯᠠᠵᠦ ᠢᠷᠡᠭᠰᠡᠨ ᠦᠪᠡᠷ ᠤᠨ ᠦᠨᠳᠦᠰᠦᠳᠡᠨ ᠤ ᠪᠠᠨ | ᠦᠪ ᠰᠤᠶᠤᠯ ᠤᠨ ᠦᠨᠡᠳᠦ ᠴᠢᠨᠠᠷ ᠢ ᠤᠮᠠᠷᠳᠠᠵᠦ ᠠᠬᠤᠢ ᠠᠮᠢᠳᠤᠷᠠᠯ ᠤᠨ ᠲᠤᠮᠳᠠ ᠤᠯᠠᠨ ᠶᠠᠩᠵᠤᠳᠦ ᠵᠦᠴᠦᠭᠡ | ᠲᠤᠭᠯᠠᠵᠦ ᠦᠪᠡᠷᠳᠡᠭᠡᠨ ᠢᠴᠢᠬᠦᠷᠢ ᠡᠷᠢᠵᠦ ᠯᠡ ᠪᠠᠶᠢᠳᠠᠭ᠃ ᠡᠶᠢᠨᠬᠦ ᠪᠢᠳᠡ ︽ᠭᠤᠷᠪᠠᠨ ᠡᠭᠡ ᠬᠦᠮᠦᠵᠢᠯ︾ | ᠤᠨ ᠴᠢᠬᠤᠯᠠ ᠴᠢᠨᠠᠷ ᠢ ᠵᠦᠪ ᠤᠨᠤᠪᠴᠢᠳᠠᠢ ᠬᠦᠨ᠎ᠡ ᠤᠶᠢᠯᠠᠭᠠᠭᠰᠠᠨ ᠰᠠᠭᠤᠷᠢᠨ᠎ᠠ ︽ᠡᠭᠡ ᠶᠢᠨ ᠠᠴᠢ︾ ᠶᠢ | ᠭᠡᠷᠬᠢᠨ ᠬᠠᠷᠢᠭᠤᠯᠬᠤᠳᠥ ᠤᠭ ᠢᠵᠠᠭᠤᠷ ᠢᠶᠠᠨ ᠲᠠᠬᠢᠨ ᠮᠦᠷᠳᠡᠵᠦ᠂ ᠮᠤᠩᠭᠤᠯ ᠰᠤᠶᠤᠯ ᠤᠨ ᠬᠢᠯᠠᠯᠵᠠᠮ᠎ᠠ | ᠭᠡᠯᠳᠡᠰ ᠪᠤᠯᠬᠤ ︽ᠮᠤᠩᠭᠤᠯ ᠵᠠᠩ ᠦᠢᠯᠡ︾ ᠶᠢᠨ ᠰᠢᠯᠢᠳᠡᠭ ᠰᠤᠩᠭᠤᠳᠠᠭ ᠠᠭᠤᠯᠭ᠎ᠠ ᠭᠡᠯᠪᠡᠷᠢ ᠤᠳ ᠢ ︽ | ᠭᠤᠷᠪᠠᠨ ᠡᠭᠡ ᠬᠦᠮᠦᠵᠢᠯ︾ ᠲᠠᠢ ᠤᠷᠭᠠᠨᠢᠭ ᠨᠢᠭᠳᠠ ᠤᠶᠠᠯᠳᠤᠭᠤᠯᠤᠭᠰᠠᠨ ᠰᠤᠷᠭᠠᠨ ᠬᠦᠮᠦᠵᠢᠯ ᠵᠢᠭᠠᠨ | ᠰᠤᠷᠭᠠᠯᠳᠠ ᠨᠢ ᠰᠤᠷᠤᠭᠴᠢᠳ ᠲᠤ ᠤᠯᠠᠮᠵᠢᠯᠠᠯᠳᠦ ᠦᠪ ᠰᠤᠶᠤᠯ ᠤᠨ ᠬᠦᠮᠦᠨ ᠨᠡᠶᠢᠭᠡᠮ ᠤᠨ ᠬᠦᠭᠵᠢᠯᠳᠡ | ᠬᠤᠪᠢᠷᠠᠯᠳᠠ ᠳᠤ ᠦᠵᠡᠬᠦᠯᠬᠦ ᠦᠢᠯᠡᠳᠦᠯ ᠪᠠ ᠭᠡᠷᠡᠭᠴᠡᠭᠡ ᠶᠢ ᠵᠢᠩᠬᠢᠨᠢ ᠪᠠᠷ ᠲᠠᠨᠢᠭᠤᠯᠵᠦ᠂ ᠡᠭᠡ ᠰᠤᠶᠤᠯ ᠤᠨ | ᠠᠰᠢᠭ ᠰᠢᠮ᠎ᠡ ᠶᠢ ᠬᠦᠨ᠎ᠡ ᠬᠦᠷᠳᠡᠭᠡᠨ ᠪᠠᠶᠢᠵᠦ᠂ ᠰᠤᠷᠤᠭᠴᠢᠳ ᠤᠨ ᠡᠪᠦᠭᠡ ᠲᠡᠭᠡᠳᠦᠰ ᠢᠶᠠᠨ ᠬᠦᠨᠳᠦᠳᠭᠡᠬᠦ᠂ | ᠦᠨᠳᠦᠰᠦᠳᠡᠨ ᠶᠠᠰᠤᠳᠠᠨ ᠢᠶᠠᠨ ᠬᠠᠶᠢᠷᠠᠯᠠᠬᠤ᠂ ᠡᠭᠡ ᠤᠷᠤᠨ ᠢᠶᠠᠨ ᠬᠠᠶᠢᠷᠠᠯᠠᠬᠤ ᠦᠵᠡᠯ ᠰᠠᠳᠬᠢᠯᠭᠡ ᠶᠢ | ᠵᠢᠯᠤᠭᠤᠳᠤᠨ ᠬᠦᠭᠵᠢᠭᠡᠨ᠂ ᠠᠬᠤᠢ ᠶᠢᠷᠳᠢᠨᠴᠦ ᠳᠤ ᠤᠷᠤᠰᠢᠨ ᠲᠤᠭᠳᠠᠨᠢᠬᠤ ᠶᠢᠨ ᠰᠡᠭᠡᠭᠡᠷᠡᠯᠳᠡ ᠤᠬᠠᠭᠠᠷᠠᠯᠳᠠ | ᠶᠢ ᠵᠢᠯᠤᠭᠤᠳᠤᠨ᠂ ᠭᠠᠳᠠᠭᠠᠳᠦ ᠲᠤᠳᠤᠭᠠᠳᠦ ᠶᠢᠨ ᠨᠠᠵᠠᠭᠠᠢ ᠪᠤᠷᠤᠭᠤ ᠨᠦᠯᠦᠭᠡᠯᠡᠬᠦ ᠬᠦᠴᠦᠨ ᠢ ᠲᠡᠪᠴᠢᠵᠦ | ᠰᠡᠷᠭᠡᠶᠢᠯᠡᠬᠦᠯᠦᠨ᠂ ᠰᠤᠷᠤᠭᠴᠢᠳ ᠤᠨ ᠵᠦᠪ ᠲᠤᠳᠤ ᠶᠢᠷᠳᠢᠨᠴᠦ ᠶᠢᠨ ᠦᠵᠡᠯᠳᠡ᠂ ᠠᠮᠢᠳᠤᠷᠠᠬᠤᠢ ᠶᠢᠨ ᠦᠵᠡᠯᠳᠡ᠂ | ᠦᠷᠳᠡᠭ ᠤᠨ ᠦᠵᠡᠯᠳᠡ ᠶᠢ ᠪᠤᠢ ᠪᠤᠯᠭᠠᠨ ᠰᠢᠨᠵᠢᠯᠡᠬᠦ ᠤᠬᠠᠭᠠᠨᠴᠢ ᠬᠦᠭᠵᠢᠯᠳᠡ ᠶᠢᠨ ᠦᠵᠡᠯᠳᠡ ᠪᠠᠷ ᠡᠭᠡ | ᠰᠤᠶᠤᠯ ᠢᠶᠠᠨ ᠬᠦᠨᠳᠦᠳᠭᠡᠨ ᠬᠠᠶᠢᠷᠠᠯᠠᠵᠦ ᠮᠠᠨᠳᠤᠭᠤᠯᠤᠨ ᠬᠦᠭᠵᠢᠬᠦᠯᠬᠦ ᠳᠤ ᠲᠦᠯᠬᠢᠴᠡ ᠬᠦᠴᠦᠨ ᠪᠤᠯᠤᠭᠰᠠᠨ | ᠪᠠᠶᠢᠳᠠᠭ᠃ | ᠡᠶᠢᠮᠦ ᠠᠴᠠ ᠮᠤᠩᠭᠤᠯ ᠵᠠᠩ ᠦᠢᠯᠡ ᠬᠢᠭᠡᠳ ︽ᠭᠤᠷᠪᠠᠨ ᠡᠭᠡ ᠬᠦᠮᠦᠵᠢᠯ︾ ᠢ | ᠤᠷᠭᠠᠨᠢᠭ ᠨᠢᠭᠳᠠ ᠤᠶᠠᠯᠳᠤᠭᠤᠯᠤᠭᠰᠠᠨ ᠰᠤᠷᠭᠠᠨ ᠬᠦᠮᠦᠵᠢᠯ ᠵᠢᠭᠠᠨ ᠰᠤᠷᠭᠠᠯᠳᠠ ᠨᠢ ᠡᠷᠡᠨ ᠵᠠᠭᠤᠨ ᠤ | ᠦᠨᠳᠦᠰᠦᠳᠡᠨ ᠤ ᠰᠤᠷᠭᠠᠨ ᠬᠦᠮᠦᠵᠢᠯ ᠢ ᠤᠯᠠᠮ ᠨᠢᠭᠡ ᠠᠯᠬᠤᠮ ᠲᠡᠬᠦᠯᠳᠡᠷᠵᠢᠭᠦᠯᠦᠨ ᠠᠬᠢᠭᠤᠯᠵᠦ᠂ | ᠦᠨᠳᠦᠰᠦᠳᠡᠨ ᠤ ᠦᠪ ᠰᠤᠶᠤᠯ ᠢᠶᠠᠨ ᠤᠯᠠᠮᠵᠢᠯᠠᠨ ᠲᠡᠯᠭᠡᠷᠡᠬᠦᠯᠵᠦ᠂ ᠰᠤᠷᠤᠭᠴᠢ ᠪᠠᠭᠠᠴᠤᠳ ᠤᠨ ᠭᠡᠪ ᠴᠢᠨᠠᠷ | ᠤᠨ ᠪᠤᠯᠪᠠᠰᠤᠷᠠᠯ ᠢ ᠴᠢᠩᠭᠠᠳᠬᠠᠨ᠂ ᠡᠭᠡ ᠤᠷᠤᠨ ᠢᠶᠠᠨ ᠪᠦᠳᠦᠭᠡᠨ ᠪᠠᠶᠢᠭᠤᠯᠬᠤ᠂ ᠦᠨᠳᠦᠰᠦᠳᠡᠨ ᠶᠠᠰᠤᠳᠠᠨ | ᠢᠶᠠᠨ ᠬᠦᠭᠵᠢᠬᠦᠯᠦᠨ ᠮᠠᠨᠳᠤᠭᠤᠯᠬᠤ᠂ ᠡᠭᠡ ᠰᠤᠶᠤᠯ ᠢᠶᠠᠨ ᠪᠠᠶᠠᠯᠢᠭᠵᠢᠭᠤᠯᠤᠨ ᠴᠢᠬᠢᠷᠠᠭᠵᠢᠭᠤᠯᠬᠤ ᠴᠢᠳᠠᠪᠤᠷᠢᠳᠠᠨ | ᠪᠤᠯᠤᠨ ᠬᠦᠮᠦᠵᠢᠭᠳᠡᠬᠦ ᠳᠤ ᠰᠤᠷᠭᠠᠨ ᠬᠦᠮᠦᠵᠢᠯ ᠵᠢᠭᠠᠨ ᠰᠤᠷᠭᠠᠯᠳᠠ ᠶᠢᠨ ᠦᠭᠡᠷᠡᠴᠢᠯᠡᠯᠳᠡ ᠰᠢᠨᠡᠴᠢᠯᠡᠯᠳᠡ ᠶᠢᠨ | ᠪᠠᠰᠠ ᠨᠢᠭᠡᠨ ᠲᠤᠯᠭᠠᠮ᠎ᠠ ᠱᠠᠭᠠᠷᠳᠠᠯᠭ᠎ᠠ ᠪᠤᠯᠤᠭᠰᠠᠨ ᠪᠠᠶᠢᠨ᠎ᠠ᠃ | | | | | ᠵᠣᠬᠢᠶᠠᠭᠴᠢ᠄ ᠬᠡᠰᠢᠭᠳᠡᠨ ᠬᠤᠰᠢᠭᠤᠨ ᠤ ᠮᠣᠩᠭᠤᠯ ᠦᠨᠳᠦᠰᠦᠳᠡᠨ ᠤ ᠲᠣᠮᠳᠠᠳᠣ | ᠰᠣᠷᠭᠠᠭᠤᠯᠢ ᠶᠢᠨ ᠪᠠᠭᠰᠢ | | | |