ᠡᠭᠡ ᠪᠤᠯᠤᠭᠰᠠᠨ ᠬᠡᠰᠢᠭᠳᠡᠨ ᠮᠢᠨᠢ
ᠨᠡᠶᠢᠲᠡᠯᠡᠭᠰᠡᠨ ᠴᠠᠭ᠄
2013/10/26
   ᠬᠦᠮᠦᠨ ᠪᠤᠯᠵᠤ ᠬᠦᠮᠦᠵᠢᠭᠳᠡᠭᠦ ᠳᠤ  ᠬᠡᠰᠢᠭᠳᠡᠨ ᠮᠢᠨᠢ ᠮᠡᠳᠡᠯᠭᠡ ᠶᠢᠨ ᠦᠯᠦᠭᠡᠢ ᠪᠠᠶᠢᠯ᠎ᠠ  ᠲᠡᠪᠰᠢᠵᠤ ᠮᠦᠬᠦᠬᠦ ᠶᠤᠰᠤᠨ ᠢ  ᠬᠡᠰᠢᠭᠳᠡᠨ ᠤ ᠮᠢᠨᠢ ᠴᠢᠯᠠᠭᠤᠳ ᠵᠢᠭᠠᠵᠤ ᠪᠢᠯᠡ  ᠡᠭᠡ ᠪᠤᠯᠤᠭᠰᠠᠨ ᠬᠡᠰᠢᠭᠳᠡᠨ ᠮᠢᠨᠢ ᠡᠬᠦᠷᠢᠳᠠ ᠲᠠᠨ ᠳᠤ ᠪᠠᠨ ᠬᠠᠶᠢᠷᠠᠳᠠᠢ ᠪᠢ   ᠴᠡᠩᠬᠡᠷ ᠲᠡᠭᠷᠢ ᠳᠤ ᠨᠢ ᠰᠢᠪᠠᠭᠤᠳ ᠵᠢᠷᠬᠢᠵᠤ  ᠨᠤᠮᠢᠨ ᠲᠠᠯ᠎ᠠ ᠳᠤ ᠨᠢ ᠪᠤᠭᠤ ᠲᠤᠭᠯᠠᠵᠤ  ᠬᠦᠬᠡᠮᠳᠦᠭ ᠠᠭᠤᠯᠠᠨ ᠳᠤ ᠨᠢ ᠤᠨᠢᠶᠠᠷ ᠪᠦᠵᠢᠭᠯᠡᠵᠤ  ᠬᠦᠭᠵᠢᠯ ᠪᠠᠶᠠᠷ ᠤᠨ ᠲᠤᠮᠳᠠ ᠮᠠᠯᠴᠢᠳ ᠮᠦᠰᠢᠶᠠᠨ᠎ᠠ  ᠡᠭᠡ ᠪᠤᠯᠤᠭᠰᠠᠨ ᠬᠡᠰᠢᠭᠳᠡᠨ ᠮᠢᠨᠢ ᠡᠬᠦᠷᠢᠳᠠ ᠲᠠᠨ ᠳᠤ ᠪᠠᠨ ᠬᠠᠶᠢᠷᠠᠳᠠᠢ ᠪᠢ   ᠪᠤᠰᠤᠭ᠎ᠠ ᠮᠤᠩᠭᠤᠯ ᠦᠰᠦᠭ ᠢᠶᠠᠷ ᠢᠶᠠᠨ  ᠨᠤᠳᠤᠭ ᠢᠶᠠᠨ ᠭᠤᠶᠤᠭᠰᠠᠨ ᠬᠡᠰᠢᠭᠳᠡᠨ  ᠲᠡᠭᠰᠢ ᠮᠤᠩᠭᠤᠯ ᠬᠡᠯᠡ ᠪᠠᠷ ᠢᠶᠠᠨ  ᠰᠤᠶᠤᠯᠵᠢᠨ ᠰᠠᠭᠤᠷᠢᠰᠢᠭᠰᠡᠨ ᠬᠡᠰᠢᠭᠳᠡᠨ  ᠡᠭᠡ ᠪᠤᠯᠤᠭᠰᠠᠨ ᠬᠡᠰᠢᠭᠳᠡᠨ ᠮᠢᠨᠢ  ᠡᠬᠦᠷᠢᠳᠠ ᠲᠠᠨ ᠳᠤ ᠪᠠᠨ ᠬᠠᠶᠢᠷᠠᠳᠠᠢ ᠪᠢ  ᠮᠢᠷᠠᠯᠵᠠᠨ ᠭᠠᠩᠬᠤᠬᠤ ᠴᠡᠴᠡᠭ ᠲᠠᠢ  ᠮᠦᠬᠦᠨ ᠴᠠᠭᠠᠨ ᠮᠤᠩᠭᠤᠯ ᠬᠡᠷ ᠲᠠᠢ  ᠮᠦᠩᠭᠡ ᠮᠠᠨᠳᠤᠬᠤ ᠰᠤᠶᠤᠯ ᠲᠠᠢ  ᠮᠠᠷᠭᠠᠰᠢ ᠶᠢᠨ ᠰᠠᠶᠢᠬᠠᠨ ᠢᠷᠡᠭᠡᠳᠦᠢ ᠲᠠᠢ  ᠡᠭᠡ ᠪᠤᠯᠤᠭᠰᠠᠨ ᠬᠡᠰᠢᠭᠳᠡᠨ ᠮᠢᠨᠢ  ᠡᠬᠦᠷᠢᠳᠠ ᠲᠠᠨ ᠳᠤ ᠪᠠᠨ ᠬᠠᠶᠢᠷᠠᠳᠠᠢ ᠪᠢ          ᠪᠶᠠᠨᠴᠠᠭᠠᠨ ᠪᠦᠷᠢᠨ ᠪᠠᠭ᠎ᠠ ᠰᠤᠷᠭᠠᠭᠤᠯᠢ        ᠵᠢᠷᠭᠤᠳᠤᠭᠠᠷ ᠤᠨ ᠤ ᡀᠮᠦᠵᠪ         ᠵᠢᠯᠤᠭᠤᠳᠤᠭᠰᠠᠨ ᠪᠠᠭᠰᠢ᠄ ᠤᠶᠤᠨᠪᠤᠯᠠᠭ  
 
ᠢᠷᠡᠯᠲᠡ᠄ www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号