| | ᠸ᠊ · ᠰᠠᠶᠢᠨᠴᠤᠭᠳᠤ ᠪᠤᠯ ᠡᠷᠬᠡ ᠶᠢᠨ ᠦᠵᠡᠯ ᠤᠬᠠᠮᠰᠡᠷ ᠤᠨ | ᠰᠣᠷᠳᠡᠯᠴᠢᠯᠠᠯ ᠬᠢᠭᠡᠳ ᠨᠡᠶᠢᠬᠡᠮ ᠤᠨ ᠲᠡᠯᠬᠡᠷᠡᠮᠡᠯ ᠤᠶᠢᠯᠠᠭᠠᠭᠳᠠᠬᠤᠨ ᠤ ᠨᠦᠯᠤᠬᠡᠯᠡᠯ ︵ᠬᠠᠯᠳᠠᠪᠤᠷᠢᠯᠠᠯ︶ | ᠠᠴᠠ ᠦᠪᠡᠷ ᠢ ᠪᠠᠨ ᠲᠤᠳᠤᠷᠬᠠᠢ ᠴᠢᠯᠦᠬᠡᠯᠡᠭᠰᠠᠨ ᠮᠦᠷᠳᠡᠬᠡᠨ ᠦᠪᠡᠷ ᠤᠨ ᠦᠵᠡᠯ ᠰᠠᠨᠠᠭᠠᠨ ᠤ | ᠶᠢᠷᠳᠢᠨᠴᠤ ᠪᠠᠨ ᠰᠢᠰᠲ᠋ᠧᠮ ᠲᠠᠢ ᠴᠤᠭᠴᠠᠯᠠᠭᠰᠠᠨ ᠤᠷᠠᠨ ᠵᠤᠬᠢᠶᠠᠯᠴᠢ᠂ ᠰᠡᠳᠬᠦᠯᠴᠢ᠂ ᠰᠢᠬᠦᠮᠵᠢᠯᠡᠭᠴᠢ᠂ ᠰᠤᠶᠤᠯ | ᠵᠦᠢᠴᠢ ᠮᠦᠷᠲᠡᠭᠡᠨ ᠰᠡᠳᠬᠢᠭᠴᠢ ᠪᠠᠶᠢᠭ᠎ᠠ ᠶᠤᠮ᠃ ᠮᠠᠨ ᠤ ᠦᠶ᠎ᠡ ᠶᠢᠨ ᠬᠢᠨ ᠤ ᠠᠪᠢᠶᠠᠰ ᠪᠢᠯᠢᠭᠳᠡᠨ᠂ | ᠮᠠᠨ ᠤ ᠦᠨᠳᠣᠰᠣᠳᠠᠨ ᠤ ᠤᠮᠤᠭᠰᠢᠯ ᠪᠠᠭ᠋ᠠᠷᠬᠠᠯ ᠶᠤᠮ᠃ ᠲᠡᠬᠦᠨ ᠤ ᠤᠳᠤ ᠪᠤᠯᠳᠠᠯ᠎ᠠ ᠬᠡᠪᠯᠡᠭᠳᠡᠭᠡᠳ ᠪᠠᠶᠢᠭ᠎ᠠ | ᠬᠤᠷᠢᠭᠠᠳ ᠲᠦᠷᠤᠯ ᠤᠨ ᠨᠤᠮ ᠵᠤᠬᠢᠶᠠᠯ ᠠᠴᠠ ᠦᠵᠡᠪᠡᠯ᠂ ᠲᠡᠷᠡ ᠪᠢᠴᠢᠭ ᠤᠨ ᠤᠷᠠᠨ ᠵᠤᠬᠢᠶᠠᠯ᠂ ᠠᠮᠠᠨ | ᠤᠷᠠᠨ ᠵᠤᠬᠢᠶᠠᠯ᠂ ᠵᠠᠩ ᠦᠢᠯᠠ᠂ ᠱᠠᠰᠢᠨ ᠰᠢᠳᠣᠯᠬᠡ᠂ ᠬᠡᠬᠡᠷ᠎ᠡ ᠶᠢᠨ ᠰᠢᠨᠵᠢᠯᠡᠭᠡ ᠶᠢ | ᠪᠠᠭᠳᠠᠭᠠᠭᠰᠠᠨ ᠨᠡᠶᠢᠬᠡᠮ ᠤᠨ ᠪᠠ ᠰᠤᠶᠤᠯ ᠢᠷᠭᠡᠨᠰᠢᠯ ᠤᠨ ᠬᠦᠷᠢᠶᠠᠨ ᠳᠤ ᠤᠯᠠᠨ ᠲᠠᠯ᠎ᠠ ᠶᠢᠨ ᠦᠷᠬᠡᠨ | ᠬᠦᠨᠵᠡᠬᠡᠢ ᠰᠣᠳᠣᠯᠭᠠᠨ ᠬᠢᠵᠠᠢ᠃ ᠲᠡᠬᠦᠨ ᠤ ᠵᠤᠬᠢᠶᠠᠯ᠂ ᠬᠡᠯᠡ ᠨᠠᠶᠢᠷᠠᠭᠤᠯᠭ᠎ᠠ ᠶᠢᠨ ᠤᠷᠠᠨ ᠤᠨᠤᠪᠴᠢᠳᠠᠢ᠂ | ᠯᠤᠬᠢᠭ ᠰᠡᠳᠬᠢᠬᠦᠢ ᠶᠢᠨ ᠬᠤᠷᠴᠡ ᠲᠤᠳᠤᠷᠬᠠᠢ᠂ ᠮᠤᠬᠤᠭᠠᠨ ᠪᠤᠳᠤᠬᠤᠢ ᠶᠢᠨ ᠨᠡᠪᠳᠡ | ᠬᠦᠨᠵᠡᠬᠡᠢ ᠪᠠᠷ ᠢᠶᠠᠨ ᠬᠦᠮᠤᠰ ᠢ ᠦᠪᠡᠷ ᠤᠨ ᠡᠷᠬᠡ ᠦᠬᠡᠢ ᠭᠠᠶᠢᠬᠠᠰᠢ ᠠᠯᠳᠠᠭᠤᠯᠤᠨ᠎ᠠ᠃ | ᠲᠡᠷᠡ ᠪᠠᠷ ᠤᠷᠠᠨ ᠵᠤᠬᠢᠶᠠᠯ᠂ ᠡᠷᠳᠡᠮ ᠰᠢᠨᠵᠢᠯᠡᠬᠡᠨ ᠤ ᠪᠦᠳᠣᠭᠡᠯ ᠬᠢᠭᠡᠳ ᠨᠡᠶᠢᠬᠡᠮ ᠤᠨ | ᠰᠢᠬᠦᠮᠵᠢᠯᠡᠯ ᠤᠨ ᠬᠡᠯᠪᠡᠷᠢ ᠪᠠᠷ ᠡᠨᠡᠬᠦ ᠴᠠᠭ ᠦᠶ᠎ᠡ ᠶᠢᠨ ᠦᠪᠤᠷ ᠮᠤᠩᠭᠤᠯᠴᠤᠳ ᠤᠨ ᠤᠷᠤᠰᠢᠬᠤᠢ ᠶᠢᠨ | ᠪᠠᠶᠢᠳᠠᠯ ᠢ ᠰᠣᠳᠣ ᠮᠡᠷᠬᠡᠨ ᠤᠨᠤᠭᠠᠨ ᠲᠦᠷᠰᠣᠯᠡᠵᠤ᠂ ᠬᠤᠷᠴᠡ ᠬᠦᠨᠵᠡᠬᠡᠢ ᠰᠣᠪᠢᠨ | ᠰᠡᠳᠬᠢᠵᠤ᠂ ᠡᠷᠳᠡᠮ ᠰᠢᠨᠵᠢᠯᠡᠬᠡᠨ ᠤ ᠦᠵᠡᠯ ᠰᠠᠨᠠᠭ᠎ᠠ ᠬᠢᠭᠡᠳ ᠤᠳᠬ᠎ᠠ ᠤᠶᠠᠩᠭ᠎ᠠ ᠶᠢᠨ | ᠠᠪᠢᠶᠠᠰ ᠪᠢᠯᠢᠭ ᠤᠨ ᠣᠶᠠᠯᠳᠣᠯ ᠤᠨ ᠦᠯᠢᠬᠡᠷ ᠵᠢᠱᠢᠶ᠎ᠡ᠂ ᠬᠡᠪ ᠲᠠᠭᠤᠷᠢᠶᠠᠯ ᠪᠤᠯᠵᠤ ᠪᠠᠶᠢᠭ᠎ᠠ ᠶᠤᠮ᠃ | ᠲᠡᠭᠦᠨ ᠢ ︽ᠬᠠᠮᠤᠭ ᠤᠨ ᠬᠦᠨᠵᠡᠬᠡᠢ ᠦᠵᠡᠯ ᠰᠠᠨᠠᠭ᠎ᠠ᠂ ᠬᠠᠮᠤᠭ ᠤᠨ ᠵᠤᠪᠠᠭᠤᠷᠢᠳᠡᠢ ᠤᠶᠤᠨ ᠰᠦᠨᠡᠰᠣ︾ | ᠬᠡᠮᠡᠨ ᠦᠨᠡᠯᠡᠬᠦ ᠳᠤ ᠢᠯᠡᠬᠦᠳᠡᠬᠦ ᠦᠬᠡᠢ᠃ | | ᠨᠢᠬᠡ᠂ ᠢᠷᠠᠭᠤ ᠨᠠᠶᠢᠷᠠᠭ᠄ ︽ᠴᠦᠯᠡᠭᠳᠡᠭᠰᠠᠨ ᠵᠦᠩᠨᠡᠭᠴᠢ︾ ᠶᠢᠨ ᠤᠶᠤᠨ | ᠰᠦᠨᠡᠰᠣᠨ ᠤ ᠲᠡᠮᠳᠡᠭᠯᠡᠯ | | ᠸ᠊ · ᠰᠠᠶᠢᠨᠴᠤᠭᠳᠤ ᠶᠢᠨ ᠰᠢᠯᠦᠭ ᠤᠨ ᠤᠳᠬ᠎ᠠ ᠰᠡᠳᠣᠪᠯᠡᠬᠦᠨ ᠨᠢ ᠰᠣᠶᠣᠯ ᠤᠨ | ᠤᠯᠠᠮᠵᠢᠯᠠᠯ ᠤᠨ ᠬᠢ᠂ ᠦᠵᠡᠯ ᠰᠠᠨᠠᠭ᠎ᠠ ᠨᠢ ᠤᠳᠤᠬᠢᠴᠢ ᠬᠦᠨ ᠤᠬᠠᠭᠠᠨ ᠤ ᠬᠢ ᠪᠠᠶᠢᠳᠠᠭ᠃ | ᠠᠮᠠᠨ ᠵᠤᠬᠢᠶᠠᠯ ᠤᠨ ᠡᠬᠡ ᠰᠡᠳᠣᠪ ︵ᠲᠤᠮᠤᠭ ᠤᠨ ᠯᠤᠷᠵᠤᠤ︶ ᠢ᠂ ᠰᠣᠶᠣᠯ ᠤᠨ | ᠤᠯᠠᠮᠵᠢᠯᠠᠯ ᠤᠨ ᠤᠳᠤᠬᠢᠴᠢ ᠤᠴᠠᠷᠠᠯ ᠢ᠂ ᠤᠳᠤᠬᠢᠴᠢ ᠤᠬᠠᠮᠰᠡᠷ ᠢᠶᠠᠷ ᠠᠮᠢᠯᠠᠭᠤᠯᠵᠤ ᠦᠨᠳᠣᠰᠣᠳᠠᠨ ᠤ | ᠵᠢᠩᠬᠢᠨᠢ ᠣᠳᠣᠬᠢᠴᠢ ᠰᠢᠯᠦᠭ ᠢ ᠲᠤᠭᠤᠷᠪᠢᠵᠠᠢ᠃ ᠡᠵᠡᠬᠦᠢ ᠤᠬᠠᠮᠰᠡᠷ ᠤᠨ ᠰᠡᠳᠬᠢᠯ ᠮᠡᠳᠡᠷᠡᠯ ᠤᠨ | ᠡᠴᠢᠨ᠎ᠡ ᠨᠢᠭᠤᠴᠠ ᠠᠶᠤᠮᠰᠢᠭᠳᠠᠢ ᠦᠨᠡᠨ ᠢ ᠢᠷᠡᠨ ᠦᠵᠡᠬᠦᠯᠦᠭᠰᠠᠨ ᠲᠡᠳᠣᠢ ᠦᠬᠡᠢ᠂ | ᠣᠭᠰᠠᠭᠠᠳᠠᠨ ᠤ ᠤᠷᠤᠰᠢᠬᠤᠢ ᠶᠢᠨ ᠲᠡᠯᠳᠡ ᠶᠢᠨ ᠬᠢᠮᠤᠷᠠᠯ ᠢ ᠰᠡᠷᠡᠵᠤ᠂ ᠬᠦᠮᠤᠨ ᠲᠦᠷᠤᠯᠬᠢᠳᠡᠨ ᠤ | ᠲᠦᠬᠡᠮᠡᠯ ᠤᠳᠬ᠎ᠠ ᠠᠭᠤᠯᠭ᠎ᠠ ᠶᠢ ᠬᠦᠨᠳᠡᠵᠠᠢ᠃ ᠡᠬᠦᠨ ᠢ ᠪᠠᠨ ᠤᠳᠤᠬᠢᠴᠢ ᠦᠵᠡᠯ ᠤᠨ | ᠠᠷᠭ᠎ᠠ ᠪᠠᠷᠢᠯ ᠢᠶᠠᠷ ᠵᠢᠭᠡᠭᠦᠨ ᠬᠦᠢᠳᠡᠮᠰᠦᠭ᠂ ᠬᠠᠴᠢᠨ ᠬᠠᠭᠤᠮᠠᠭᠠᠢ᠂ ᠬᠦᠨ ᠨᠢᠭᠤᠴᠠᠭᠠᠢ ᠪᠡᠯᠭᠡᠳᠡᠯ ᠤᠨ | ᠶᠢᠷᠲᠢᠨᠴᠤ ᠪᠤᠯᠭᠠᠨ ᠴᠤᠭᠴᠠᠯᠠᠵᠠᠢ᠃ ᠭᠠᠵᠢ ᠪᠤᠷᠤᠭᠤ ᠲᠠᠢ ᠬᠠᠷᠢᠭᠤᠴᠠᠨ ᠲᠤᠯᠤᠯᠳᠤᠵᠤ ᠪᠠᠶᠢᠭ᠎ᠠ ᠬᠤᠪᠢ | ᠴᠤᠭᠴᠠ ᠶᠢᠨ ᠡᠰᠡᠷᠬᠦᠴᠡᠯ ᠲᠡᠮᠡᠴᠡᠯ᠂ ᠭᠠᠭᠴᠠᠭᠠᠷᠳᠡᠯ᠂ ᠡᠴᠢᠨ᠎ᠡ ᠴᠦᠬᠦᠷᠠᠯ᠂ ᠬᠦᠨ ᠭᠤᠨᠢᠭ᠂ ᠠᠵᠠ ᠪᠤᠰᠤ | ᠠᠷᠭ᠎ᠠ ᠦᠬᠡᠶᠢᠳᠡᠯ ᠬᠢᠭᠡᠳ ᠦᠬᠦᠯ ᠮᠦᠬᠦᠯ ᠤᠨ ᠠᠶᠤᠮᠰᠢᠭᠳᠣ ᠬᠤᠭᠤᠰᠣᠷᠠᠯ ᠤᠨ ᠵᠢᠬᠡᠬᠦᠨ | ᠦᠢᠳᠬᠠᠷ᠂ ᠪᠠᠷᠠᠭᠠᠨ ᠰᠡᠷᠡᠭᠳᠡᠯ ᠢ ᠳᠦᠷᠰᠦᠯᠡᠭᠰᠡᠨ ᠵᠢᠷᠤᠬᠡ ᠰᠡᠳᠬᠢᠯ ᠢ ᠲᠠᠭᠵᠢᠭᠤᠯᠬᠤ ᠬᠦᠴᠤᠨ ᠲᠠᠢ ᠢᠷᠠᠭᠤ | ᠨᠠᠶᠢᠷᠠᠭ ᠲᠤᠭᠤᠷᠪᠢᠵᠠᠢ᠃ ᠲᠡᠬᠦᠨ ᠤ ᠰᠢᠯᠦᠭ ᠪᠤᠯ ᠤᠯᠠᠮᠵᠢᠯᠠᠯ ᠬᠢᠭᠡᠳ ᠤᠳᠤᠬᠢᠴᠢᠯᠡᠯ ᠤᠨ | ᠤᠶᠠᠯᠳᠣᠯ ᠢ ᠬᠠᠮᠤᠭ ᠤᠨ ᠠᠮᠵᠢᠯᠳᠠᠳᠠᠢ ᠪᠡᠶᠡᠯᠡᠬᠦᠯᠦᠭᠰᠠᠨ ᠤᠳᠤᠬᠢᠴᠢ ᠰᠢᠯᠦᠭ ᠪᠤᠯᠤᠨ᠎ᠠ᠃ ᠲᠡᠷᠡ | ᠠᠮᠢ ᠨᠠᠰᠣᠨ ᠤ ᠪᠤᠳᠤᠯᠢᠶᠠᠨᠳᠠᠢ ᠲᠤᠷᠰᠢᠯᠭ᠎ᠠ ᠶᠢ ᠦᠬᠡ ᠬᠡᠯᠡᠨ ᠤ ᠭᠠᠶᠢᠬᠠᠮᠰᠢᠭᠳᠣ | ᠨᠡᠶᠢᠯᠡᠯᠴᠡᠭᠡ ᠪᠠᠷ ᠲᠤᠪᠴᠢ ᠠᠪᠰᠡᠷ᠂ ᠬᠤᠷᠢᠶᠡᠩᠭᠤᠢ ᠪᠠᠭᠳᠠᠭᠠᠮᠵᠢᠳᠠᠢ ᠢᠯᠡᠳᠬᠡᠵᠤ᠂ ᠠᠮᠢ ᠨᠠᠰᠣᠨ ᠤ | ᠤᠬᠠᠭᠠᠷᠠᠯ᠂ ᠤᠶᠤᠨ ᠰᠦᠨᠡᠰᠣᠨ ᠤ ᠭᠠᠭᠴᠠᠭᠠᠷᠳᠠᠯ ᠬᠢᠭᠡᠳ ᠤᠤᠭᠠᠯ ᠰᠤᠶᠤᠯ ᠤᠨ ᠴᠡᠬᠡᠵᠢᠯᠡᠯ ᠢ | ᠲᠠᠯᠳᠠ ᠵᠦᠢᠷᠯᠡᠯ ᠤᠨ ᠰᠡᠳᠬᠢᠬᠦᠢ ᠪᠠᠷ᠂ ᠬᠠᠴᠢᠨ ᠭᠠᠶᠢᠬᠠᠯᠳᠠᠢ ᠲᠦᠰᠣᠬᠡᠯᠡᠯ ᠢᠶᠠᠷ ᠰᠡᠳᠬᠢᠮᠵᠢᠯᠡᠨ | ᠵᠤᠬᠢᠶᠠᠮᠵᠢᠠᠯᠵᠤ᠂ ᠲᠦᠷᠰᠣ ᠬᠤᠪᠢᠷᠭᠠᠯ ᠤᠨ ᠤᠷ᠎ᠡ ᠮᠡᠷᠬᠡᠰᠢᠯ ᠢ ᠴᠢᠳᠠᠮᠠᠭᠠᠢ ᠡᠵᠡᠮᠳᠡᠵᠤ᠂ ︽ᠰᠡᠬᠦᠳᠡᠷ ᠪᠤᠢ | ᠪᠦᠭᠡᠳ ᠲᠦᠷᠰᠣ ᠦᠬᠡᠢ︾ ᠤᠳᠬ᠎ᠠ ᠤᠶᠠᠩᠭ᠎ᠠ ᠶᠢᠨ ᠤᠷᠠᠨ ᠭᠠᠶᠢᠬᠠᠮᠰᠢᠭᠲᠠᠢ ᠦᠷ᠎ᠡ ᠨᠦᠯᠦᠭᠡ ᠪᠦᠬᠦᠢ | ᠰᠢᠯᠦᠭ ᠲᠤᠭᠤᠷᠪᠢᠪᠡ᠃ ᠨᠢᠬᠡ ᠯᠡ ᠦᠬᠡ ᠪᠠᠷ ᠬᠡᠯᠡᠪᠡᠯ᠂ ᠢᠷᠠᠭᠤ ᠨᠠᠶᠢᠷᠠᠭ ᠨᠢ ᠲᠡᠬᠦᠨ ᠤ ᠤᠶᠤᠨ | ᠰᠦᠨᠡᠰᠣᠨ ᠤ ᠬᠡᠯᠪᠡᠷᠢ ᠪᠠᠶᠢᠭᠰᠠᠨ ᠶᠤᠮ᠃ ᠲᠡᠷᠡ ᠪᠠᠷ ︽ᠮᠢᠨᠤ ᠰᠢᠯᠦᠭ ᠤᠨ ᠦᠵᠡᠯ ᠰᠠᠨᠠᠭ᠎ᠠ | ᠪᠤᠯ ᠬᠦᠮᠤᠡᠯᠢᠭ ᠰᠡᠳᠬᠢᠯᠬᠡ ᠬᠢᠭᠡᠳ ᠬᠠᠶᠢᠷ᠎ᠡ ᠶᠢᠨ ᠰᠣᠷᠳᠠᠯᠴᠢᠯᠠᠭ᠎ᠠ ᠮᠦᠨ ᠬᠡᠵᠤ ᠪᠢ ᠪᠤᠳᠤᠨ᠎ᠠ︾ | [1] ︵p36︶ ᠬᠡᠵᠠᠢ᠃ ᠬᠦᠮᠦᠡᠯᠢᠭ ᠬᠠᠯᠠᠮᠵᠢᠯᠠᠯ ᠨᠢ ᠲᠡᠭᠦᠨ ᠤ ᠤᠷᠠᠨ ᠵᠤᠬᠢᠶᠠᠯ ᠤᠨ ᠪᠦᠲᠦᠭᠡᠯ ᠪᠠ ᠡᠷᠳᠡᠮ | ᠰᠢᠨᠵᠢᠯᠡᠭᠡᠨ ᠤ ᠪᠦᠲᠦᠭᠡᠯ ᠢ ᠨᠢ ᠬᠤᠯᠪᠤᠨ ᠨᠡᠪᠲᠡᠷᠡᠭᠦᠯᠵᠦ ᠪᠠᠶᠢᠭ᠎ᠠ ᠨᠡᠶᠢᠲᠡᠯᠢᠭ ᠤᠨᠴᠠᠯᠢᠭ ᠶᠤᠮ᠃ | | ᠬᠤᠶᠠᠷ᠂ ᠨᠡᠶᠢᠬᠡᠮ ᠤ ᠰᠢᠬᠦᠮᠵᠢ᠄ ᠦᠨᠳᠣᠰᠣᠳᠠᠨ ᠤ ᠨᠡᠶᠢᠳᠡᠯᠢᠭ ᠰᠡᠳᠬᠢᠯᠬᠡ ᠶᠢᠨ ᠲᠠᠬᠢᠨ | ᠴᠤᠭᠴᠠᠯᠠᠯ | | ᠨᠡᠶᠢᠬᠡᠮ ᠤᠨ ᠰᠢᠬᠦᠮᠵᠢ ᠨᠢ ᠮᠠᠷᠭᠤᠭᠠᠨ ᠤ ᠵᠤᠬᠢᠶᠠᠯ ᠬᠢᠭᠡᠳ ᠴᠢᠯᠦᠬᠡᠳᠣ ᠪᠢᠴᠢᠯᠭᠡ ᠪᠠᠷ | ᠭᠤᠤᠯᠯᠠᠨ᠎ᠠ᠃ ᠸ᠊ · ᠰᠠᠶᠢᠨᠴᠤᠭᠲᠤ ᠨᠡᠶᠢᠬᠡᠮ ᠤᠨ ᠰᠢᠬᠦᠮᠵᠢ ᠶᠢᠨ ᠠᠷᠭ᠎ᠠ ᠪᠠᠷ ᠦᠪᠤᠷ ᠮᠤᠩᠭᠤᠯᠴᠤᠳ ᠤᠨ | ︽ᠢᠳᠡᠬᠡᠯ ᠪᠢᠰᠢᠷᠠᠯ ᠬᠢᠭᠡᠳ ᠶᠤᠰᠤ ᠮᠤᠷᠠᠯ︾ [2] ︵p61︶᠂ ︽ᠦᠨᠳᠣᠰᠣᠳᠠᠨ ᠤ ᠨᠡᠶᠢᠳᠡᠯᠢᠭ | ᠰᠡᠳᠬᠢᠯᠬᠡ ᠶᠢ ᠲᠠᠬᠢᠨ ᠴᠤᠭᠴᠠᠯᠠᠬᠤ︾ [3] ︵p305︶ ᠱᠠᠭᠠᠷᠳᠡᠯᠭ᠎ᠠ ᠲᠠᠢ ᠬᠡᠵᠤ ᠦᠵᠡᠬᠡᠳ | ᠲᠡᠬᠦᠨᠴᠢᠯᠡᠨ︽ᠬᠠᠷᠠᠩᠭᠤᠢ ᠶᠢᠨ ᠡᠵᠡᠨ︾᠂ ︽ᠴᠠᠭᠠᠨ ᠨᠤᠮ︾ ᠬᠡᠬᠦ ᠬᠤᠶᠠᠷ ᠨᠤᠮ ᠬᠡᠪᠯᠡᠬᠦᠯᠦᠭᠰᠠᠨ ᠪᠠᠶᠢᠵᠠᠢ᠃ | ᠲᠡᠬᠦᠨ ᠤ ᠬᠡᠯᠡᠵᠤ ᠪᠠᠶᠢᠭ᠎ᠠ ︽ᠨᠡᠶᠢᠬᠡᠮ ᠤᠨ ᠰᠢᠬᠦᠮᠵᠢ︾ ᠨᠢ ︽ᠨᠡᠶᠢᠬᠡᠮ ᠤ ᠳ᠋ᠢᠰᠺᠣᠣᠰ ᠤᠨ | ᠲᠤᠳᠤᠷᠠᠬᠢ ᠡᠷᠬᠡ ᠶᠢᠨ ᠬᠡᠯᠡᠯᠬᠡ ᠶᠢ ᠢᠯᠭᠠᠨ ᠰᠢᠬᠦᠮᠵᠢᠯᠡᠭᠰᠠᠨ ᠵᠤᠬᠢᠶᠠᠯ ᠪᠤᠯᠤᠨ᠎ᠠ︾ [3] | ︵p192︶᠃ ᠡᠬᠦᠨ ᠳᠤ ᠡᠷᠬᠡ ᠬᠦᠴᠤᠨ ᠤ ᠰᠤᠷᠲᠠᠯᠴᠢᠯᠠᠭ᠎ᠠ᠂ ᠵᠠᠭᠤᠴᠢ ᠮᠢᠳᠢᠶᠠ ᠶᠢᠨ | ᠨᠡᠪᠳᠡᠷᠡᠬᠦᠯᠬᠡ ᠬᠢᠭᠡᠳ ᠨᠡᠶᠢᠭᠡᠮ ᠤᠨ ᠡᠯᠰᠡᠬᠦ ᠰᠡᠳᠬᠢᠯᠬᠡ ᠵᠡᠷᠬᠡ ᠮᠤᠩᠭᠤᠯᠴᠤᠳ ᠤᠨ | ᠨᠡᠶᠢᠳᠡᠯᠢᠭ ᠰᠡᠳᠬᠢᠯᠭᠡ ︵identity︶ ᠶᠢ ᠬᠤᠪᠢᠷᠠᠭᠤᠯᠤᠨ ᠵᠠᠳᠠᠷᠠᠭᠤᠯᠵᠤ ᠪᠤᠢ ᠨᠠᠷᠢᠨ ᠨᠢᠭᠤᠴᠠ ᠮᠦᠷᠲᠡᠭᠡᠨ | ᠬᠦᠴᠦᠷᠬᠡᠭ ᠶᠡᠭᠡ ᠬᠡᠯᠡᠬᠦᠢ ᠶᠢ ᠵᠠᠳᠠᠯᠤᠨ ᠰᠢᠬᠦᠮᠵᠢᠯᠡᠵᠤ ᠴᠤᠴᠠᠯᠠᠨ ᠰᠦᠬᠦᠭᠡᠭᠰᠠᠨ ᠪᠠᠶᠢᠳᠠᠭ᠃ ᠡᠳᠡᠭᠡᠷ ᠬᠡᠯᠡᠬᠦᠢ | ᠨᠢ ᠬᠦᠴᠦᠷᠬᠡᠭ ᠶᠡᠭᠡ ᠠᠷᠤ ᠲᠠᠯ᠎ᠠ ᠲᠠᠢ ᠮᠦᠷᠲᠡᠭᠡᠨ ᠤᠯᠠᠨ ᠠᠷᠪᠢᠨ ᠵᠠᠮ ᠱᠤᠭᠤᠮ ᠠᠷᠭ᠎ᠠ ᠬᠡᠯᠪᠡᠷᠢ ᠪᠠᠷ ᠢᠯᠡ | ᠪᠠᠷ ᠳᠠᠭᠠᠷᠢᠬᠤ ᠮᠦᠷᠲᠡᠭᠡᠨ ᠨᠢᠭᠤᠴᠠ ᠪᠠᠷ ᠨᠡᠪᠲᠡᠷᠡᠵᠦ ᠦᠪᠦᠷ ᠮᠤᠩᠭᠤᠯ ᠤᠨ ᠪᠢᠴᠢᠭᠲᠡᠳ ᠤᠨ ᠬᠡᠯᠡᠯᠭᠡ ᠶᠢ ᠭᠦᠨ | ᠲᠡᠭᠲᠡᠷᠯᠢᠭ ᠠᠴᠠ ᠡᠵᠡᠮᠳᠡᠨ ᠡᠷᠬᠡᠰᠢᠶᠡᠭᠰᠡᠨ ᠪᠠᠶᠢᠳᠠᠭ᠃ ᠲᠡᠶᠢᠮᠦ ᠠᠴᠠ ᠸ᠊ · ᠰᠠᠶᠢᠨᠴᠤᠭᠲᠤ ᠶᠢᠨ ᠨᠡᠶᠢᠭᠡᠮ | ᠤᠨ ᠰᠢᠭᠦᠮᠵᠢ ᠳᠤ ᠨᠢ ᠮᠠᠷᠭᠤᠭᠠᠨ ᠤ ᠠᠭᠤᠯᠭ᠎ᠠ ᠡᠯᠪᠡᠭ ᠪᠠᠶᠢᠳᠠᠭ ᠪᠢᠯᠡ᠃ | ᠸ᠊ · ᠰᠠᠶᠢᠨᠴᠤᠭᠲᠤ ︽ᠬᠠᠷᠢᠭᠤᠴᠠᠯᠭ᠎ᠠ ᠶᠢᠨ ᠬᠤᠪᠢ ᠳᠤ ᠪᠢᠳᠡ ᠡᠬᠡ | ᠤᠷᠤᠨ ᠲᠠᠢ ᠪᠠᠨ ᠲᠡᠩᠴᠡᠬᠦᠤ᠂ ᠡᠷᠬᠡ ᠶᠢᠨ ᠬᠤᠪᠢ ᠳᠤ ᠪᠢᠳᠠ ᠵᠦᠪᠬᠡᠨ ᠡᠬᠡ ᠤᠷᠤᠨ ᠤ ᠪᠠᠨ ᠨᠢᠭᠡᠨ | ᠬᠡᠰᠢᠬᠦᠨ︾ [4] ︵p154︶ ᠬᠡᠵᠤ ᠰᠣᠳᠣ ᠮᠡᠷᠬᠡᠨ ᠦᠬᠦᠯᠡᠵᠤ ᠡᠷᠳᠡᠮ ᠰᠢᠨᠵᠢᠯᠡᠭᠡᠨ ᠤ ᠠᠵᠢᠯᠲᠠᠨ ᠨᠢ | ᠨᠡᠶᠢᠭᠡᠮ ᠤᠨ ᠨᠢᠭᠡ ᠭᠡᠰᠢᠭᠦᠨ ᠪᠤᠯᠤᠭᠰᠠᠨ ᠤ ᠬᠤᠪᠢ ᠳᠤ ᠨᠡᠶᠢᠭᠡᠮ ᠤᠨ ᠷᠤᠯᠯᠧ ᠪᠠ ᠨᠡᠶᠢᠭᠡᠮ ᠤᠨ | ᠬᠠᠷᠢᠭᠤᠴᠠᠯᠭ᠎ᠠ ᠪᠠᠨ ᠤᠬᠠᠮᠰᠠᠷ ᠲᠠᠢ ᠪᠠᠷ ᠡᠭᠦᠷᠭᠡᠯᠡᠵᠦ᠂ ᠴᠠᠭ ᠦᠶ᠎ᠡ ᠪᠠ ᠦᠨᠳᠦᠰᠦᠲᠡᠨ ᠤ ᠪᠠᠨ ᠬᠤᠪᠢ | ᠵᠠᠶᠠᠭᠠᠨ ᠤ ᠳᠤᠯᠭᠢᠶᠠᠨ ᠳᠠᠪᠠᠯᠭᠠᠨ ᠢ ᠬᠠᠮᠲᠤ ᠪᠠᠷ ᠲᠤᠭᠤᠯᠬᠤ ᠬᠡᠷᠡᠭᠲᠡᠢ ᠭᠡᠳᠡᠭ ᠢ ᠬᠦᠮᠦᠰ ᠲᠤ | ᠤᠬᠠᠭᠠᠷᠠᠭᠤᠯᠤᠭᠰᠠᠨ ᠶᠤᠮ᠃ | ᠲᠡᠷᠡ ᠪᠠᠰᠠ ᠵᠠᠯᠠᠭᠤ ᠦᠶ᠎ᠡ ᠶᠢᠨ ᠬᠢᠨ ᠢ ︽ᠰᠠᠶᠢᠨ ᠳᠤᠷ | ᠤᠳᠤᠷᠢᠳᠬᠤ︾ ᠪᠠᠷ ᠰᠡᠭᠡᠭᠡᠳᠡᠨ ᠤ ᠨᠡᠶᠢᠬᠡᠮ ᠤᠨ ᠬᠠᠷᠢᠭᠤᠴᠠᠯᠭ᠎ᠠ᠂ ᠲᠡᠷᠡᠴᠢᠯᠡᠨ ︽ᠵᠢᠷᠤᠮ ᠤᠨ ᠡᠬᠦᠷᠬᠡ | ︾ ᠪᠤᠯᠭᠠᠭᠰᠠᠨ ᠪᠠᠶᠢᠪᠠ᠃ ᠲᠡᠷᠡ ᠦᠨᠡᠨ ᠶᠤᠰᠤᠨ ᠤ ᠢᠳᠡᠬᠡᠯ ᠪᠢᠰᠢᠷᠠᠯ ᠪᠤᠯᠤᠨ ᠬᠦᠮᠤᠡᠯᠢᠭ ᠢᠶᠠᠷ ᠬᠠᠯᠠᠮᠵᠢᠯᠠᠬᠤ | ᠵᠠᠷᠴᠢᠮ ᠢ ᠪᠠᠷᠢᠮᠳᠠᠯᠠᠵᠤ᠂ ᠡᠷᠳᠡᠮ ᠮᠡᠳᠡᠯᠬᠡ ᠪᠤᠯᠤᠨ ᠶᠤᠰᠤ ᠮᠤᠷᠠᠯ ᠤᠨ ᠬᠤᠶᠠᠷ ᠲᠠᠯ᠎ᠠ | ᠶᠢᠨ ᠰᠡᠩᠬᠡᠷᠡᠭᠦᠯᠦᠯ ᠢ ᠵᠤᠷᠢᠵᠦ ᠵᠠᠯᠠᠭᠤ ᠦᠶ᠎ᠡ ᠶᠢᠨ ᠬᠢᠨ ᠤ ᠦᠵᠡᠯ ᠰᠡᠳᠬᠢᠯᠬᠡ ᠶᠢ ︽ᠦᠨᠡᠨ᠂ | ᠰᠢᠳᠣᠷᠭᠤ᠂ ᠬᠦᠮᠦᠡᠯᠢᠭ︾ [4] ︵p61︶ ᠦᠷᠳᠡᠭ ᠴᠢᠨᠡᠷ ᠤᠨ ᠮᠠᠭᠠᠳᠯᠠᠯ ᠵᠦᠭ ᠬᠦᠳᠣᠯᠵᠠᠢ᠃ | | ᠠᠷᠠᠪ ᠭᠠᠷᠤᠯᠳᠠᠢ ᠠᠮᠧᠷᠢᠺᠠ ᠡᠷᠳᠡᠮᠳᠡᠨ ᠡ᠊ · ᠸ᠊ · ᠰᠠᠶᠢᠳ᠋ ᠰᠡᠭᠡᠭᠡᠳᠡᠨ ᠢ ᠭᠤᠤᠯᠳᠠᠭᠤ | ︽ᠪᠠᠶᠢᠭᠤᠯᠤᠮᠵᠢ ᠠᠴᠠ ᠤᠨᠳᠤᠤ ᠵᠤᠭᠰᠣᠯᠳᠠ ᠲᠠᠢ᠂ ᠨᠡᠶᠢᠭᠡᠮ ᠤᠨ ᠬᠠᠷᠢᠭᠤᠴᠠᠯᠭᠠᠳᠣ ᠤᠬᠠᠮᠰᠡᠷ ᠲᠠᠢ᠂ | ᠰᠡᠵᠢᠭᠯᠡᠬᠦ ᠵᠤᠷᠢᠭ ᠰᠠᠨᠠᠭ᠎ᠠ᠂ ᠰᠢᠬᠦᠮᠵᠢᠯᠡᠬᠦ ᠵᠤᠷᠢᠭ ᠵᠢᠷᠤᠬᠡ᠂ ᠲᠤᠰᠠᠭᠠᠷ ᠬᠦᠮᠤᠨ ᠮᠦᠰᠣ ᠪᠠ ᠦᠵᠡᠯ | ᠰᠠᠨᠠᠭ᠎ᠠ ᠲᠠᠢ᠂ ᠰᠢᠳᠤᠷᠭᠤ ᠪᠤᠰᠤ ᠵᠠᠰᠠᠭ ᠢ ᠡᠰᠡᠷᠭᠦᠴᠡᠵᠤ᠂ ᠬᠦᠮᠤᠨ ᠲᠦᠷᠤᠯᠬᠢᠳᠡᠨ ᠤ ᠡᠷᠬᠡ | ᠴᠢᠯᠦᠭᠡᠨ ᠤ ᠲᠦᠯᠦᠭᠡ ᠠᠯᠪᠠᠳᠠᠯᠭ᠎ᠠ ᠶᠢᠨ ᠪᠤᠰᠤ ᠮᠡᠳᠡᠯᠭᠡ ᠮᠡᠳᠡᠴᠡ ᠶᠢ ᠲᠠᠷᠬᠠᠭᠠᠳᠠᠭ ᠬᠦᠮᠤᠰ︾ [5] ︵p207︶ | ᠭᠡᠵᠤ ᠦᠵᠡᠳᠡᠭ᠃ ᠪᠠᠶᠢᠭᠤᠯᠤᠮᠵᠢ ᠶᠢᠨ ᠰᠢᠭᠦᠮᠵᠢᠯᠡᠯ ᠪᠤᠯ ᠰᠠᠶᠢᠳ᠋ ᠤᠨ ᠰᠡᠭᠡᠭᠡᠳᠡᠨ ᠤ ᠲᠤᠬᠠᠢ | ᠦᠵᠡᠯᠳᠡ ᠦᠢᠯᠠᠭᠠᠯᠳᠠ ᠶᠢᠨ ᠬᠢᠨᠢ ᠴᠦᠮ᠎ᠡ ᠪᠤᠯᠤᠨ᠎ᠠ᠃ ᠪᠢᠳᠡ ᠯᠦᠶ᠋ᠢᠰ᠂ ᠺᠷᠡᠮᠰᠠᠢ᠂ ᠰᠠᠶᠢᠳ᠋ | ᠵᠡᠷᠭᠡ ᠡᠷᠳᠡᠮᠳᠡᠳ ᠤᠨ ᠦᠵᠡᠯᠳᠡ ᠶᠢ ᠨᠢᠭ᠌ᠳᠡᠯᠡᠨ ᠰᠢᠨᠵᠢᠯᠡᠭᠰᠠᠨ ᠤ ᠰᠠᠭᠤᠷᠢᠨ ᠲᠡᠭᠡᠷ᠎ᠡ᠂ ᠰᠡᠭᠡᠭᠡᠳᠡᠨ ᠢ | ᠮᠡᠳᠡᠯᠭᠡ ᠶᠢᠨ ᠬᠦᠴᠤᠨ ᠴᠢᠳᠠᠯ ᠳᠤ ᠲᠦᠰᠢᠭᠯᠡᠨ᠂ ᠡᠷᠬᠡᠳᠤ ᠬᠡᠯᠡᠬᠦᠢ ᠶᠢᠨ ︵ᠦᠵᠠᠯ ᠤᠬᠠᠮᠰᠡᠷ ᠤᠨ ᠬᠡᠯᠪᠡᠷᠢᠯ ᠤᠨ︶ | ᠵᠦᠢ ᠪᠤᠰᠤ ᠴᠢᠨᠡᠷ ᠢ ᠰᠡᠵᠢᠭᠯᠡᠨ ᠰᠦᠭᠦᠭᠡᠵᠤ᠂ ᠨᠡᠶᠢᠭᠡᠮ ᠨᠡᠶᠢᠳᠡ ᠶᠢ | ᠬᠠᠯᠠᠮᠵᠢᠯᠡᠵᠤ ᠵᠦᠢ ᠵᠤᠬᠢᠰᠳᠠᠢ ᠣᠷᠣᠰᠢᠬᠤᠢ ᠶᠢᠨ ᠬᠡᠯᠪᠡᠷᠢ ᠶᠢ ᠲᠠᠨᠢᠨ ᠮᠡᠳᠡᠬᠦᠯᠬᠦ ᠬᠠᠷᠢᠭᠤᠴᠠᠯᠭᠠᠳᠣ | ᠤᠬᠠᠮᠰᠡᠷ ᠪᠦᠬᠦᠢ ᠬᠦᠮᠤᠰ ᠬᠡᠮᠡᠨ ᠦᠢᠯᠡᠭᠠᠵᠤ ᠪᠤᠯᠤᠨ᠎ᠠ᠃ ᠭᠡᠬᠦ ᠳᠡᠭᠡᠨ ᠰᠡᠭᠡᠭᠡᠳᠡᠨ ᠨᠢ | ᠰᠢᠬᠦᠮᠵᠢᠯᠡᠯ ᠬᠢᠭᠡᠳ ᠰᠡᠩᠬᠡᠷᠡᠬᠦᠯᠤᠯ ᠤᠨ ᠦᠨᠳᠣᠰᠣᠨ ᠬᠤᠶᠠᠷ ᠤᠨᠴᠠᠯᠢᠭ ᠢ | ᠵᠠᠪᠠᠯ ᠪᠦᠷᠢᠯᠳᠣᠬᠦᠯᠣᠭ᠍ᠰᠠᠨ ᠪᠠᠶᠢᠬᠤ ᠶᠤᠰᠤᠳᠠᠢ᠃ ᠬᠡᠷᠪᠡ ᠰᠢᠬᠦᠮᠵᠢᠯᠡᠯ ᠨᠢ ᠰᠡᠭᠡᠭᠡᠳᠡᠨ ᠤ ᠨᠡᠶᠢᠭᠡᠮ ᠤᠨ | ᠬᠠᠷᠢᠭᠤᠴᠠᠯᠭ᠎ᠠ ᠭᠡᠬᠦ ᠳᠤ ᠬᠦᠷᠪᠡᠯ᠂ ᠰᠡᠩᠬᠡᠷᠡᠭᠦᠯᠦᠯ ᠨᠢ ᠰᠡᠭᠡᠭᠡᠳᠡᠨ ᠤ ᠦᠷᠳᠡᠭ ᠤᠨ ᠬᠠᠨᠳᠣᠯᠭ᠎ᠠ ᠬᠡᠮᠡᠯᠳᠡᠢ᠃ ᠸ᠊ | · ᠰᠠᠶᠢᠨᠴᠤᠭᠳᠤ ᠪᠤᠯ ᠰᠠᠶᠢᠳ᠋ ᠤᠨ ᠤᠳᠬ᠎ᠠ ᠲᠡᠬᠡᠷᠡᠬᠢ ᠵᠢᠩᠬᠢᠨᠢ ᠰᠡᠬᠡᠬᠡᠳᠡᠨ ᠶᠤᠮ᠃ ᠲᠡᠷᠡ︽ᠰᠡᠬᠡᠬᠡᠳᠡᠨ | ᠨᠢ ᠵᠠᠰᠠᠭ ᠤᠨ ᠲᠤᠭᠳᠠᠯᠴᠠᠭᠠᠨ ᠤ ᠭᠠᠳᠠᠨ᠎ᠠ ᠪᠠᠶᠢᠳᠠᠭ ᠪᠦᠭᠡᠳ ᠪᠡᠶ᠎ᠡ ᠪᠠᠨ ᠲᠠᠭᠠᠭᠠᠵᠤ | ᠰᠢᠬᠦᠮᠵᠢᠯᠡᠳᠡᠭ︾ [3] ︵p111︶ ᠬᠡᠵᠤ ᠰᠡᠭᠡᠭᠡᠳᠡᠨ ᠤ ᠲᠤᠬᠠᠢ ᠬᠦᠨᠵᠡᠬᠡᠢ ᠦᠢᠯᠠᠭᠠᠵᠤ ᠪᠠᠶᠢᠭᠰᠠᠨ ᠲᠡᠳᠣᠢ ᠦᠬᠡᠢ | ᠦᠪᠡᠷ ᠢ ᠪᠠᠨ ᠠᠯᠪᠠᠨ ᠤ ᠪᠢᠴᠢᠭᠲᠡᠳ ᠠᠴᠠ ᠲᠤᠳᠤᠷᠬᠠᠢ ᠢᠯᠭᠠᠵᠤ ᠪᠠᠶᠢᠪᠠ᠃ ᠡᠶᠢᠨ | ᠬᠦ ᠲᠡᠷᠡ ᠢᠷᠠᠭᠤ ᠠᠯᠳᠠᠷ ᠤᠨ ᠰᠤᠷᠳᠡᠯᠴᠢᠯᠡᠯ ᠢᠶᠠᠷ ᠦᠵᠡᠯ ᠰᠠᠨᠠᠭ᠎ᠠ ᠶᠢ ᠨᠢ ᠪᠤᠬᠢᠷᠳᠠᠭᠤᠯᠬᠤ ᠶᠢ | ᠡᠰᠡᠷᠬᠦᠴᠡᠵᠤ᠂ ᠪᠠᠶᠢᠭᠤᠯᠤᠮᠵᠢ ᠶᠢᠨ ᠭᠠᠳᠠᠨ᠎ᠠ ᠤᠷᠤᠰᠢᠬᠤᠢ ᠶᠢᠨ ᠤᠷᠤᠨ ᠵᠠᠢ ᠶᠢ ᠡᠷᠢᠯᠬᠢᠯᠡᠪᠡ᠃ ᠡᠶᠢᠨ ᠬᠦ | ᠲᠡᠷᠡ ᠦᠪᠡᠷ ᠤᠨ ᠠᠮᠢᠳᠣᠷᠠᠯ ᠢᠶᠠᠨ ︽ᠢᠳᠡᠭᠡᠯ ᠪᠢᠰᠢᠷᠡᠯ ᠤᠨ ᠲᠠᠬᠢᠯᠭ᠎ᠠ︾᠂ ︽ᠡᠬᠡᠯ | ᠶᠡᠷᠤᠮᠳᠡᠭ ᠤᠨ ᠡᠴᠢᠨ᠎ᠡ ᠲᠠᠯᠳᠠ ᠳᠠᠬᠢ ᠡᠪᠯᠡᠷᠡᠰᠢ ᠦᠬᠡᠢ ᠬᠠᠳᠠᠭᠤ ᠪᠠᠶᠢᠯᠳᠣᠭᠠᠨ︾ [2] ︵p71︶ ᠬᠡᠵᠠᠢ᠃ | ᠬᠡᠷᠪᠡ ᠦᠬᠡᠷ᠎ᠡ ᠪᠤᠰᠤᠳ ᠰᠣᠳᠣᠯᠣᠭᠴᠢᠳ ᠢ ᠪᠠᠶᠢᠭᠤᠯᠤᠮᠵᠢ ᠶᠢᠨ ᠲᠤᠳᠤᠷᠠᠬᠢ | ᠮᠡᠷᠭᠡᠵᠢᠯᠳᠡᠨ ᠬᠡᠪᠡᠯ᠂ ᠸ᠊ · ᠰᠠᠶᠢᠨᠴᠤᠭᠳᠤ ᠬᠠᠷᠢᠨ ᠪᠠᠶᠢᠭᠤᠯᠤᠮᠵᠢ ᠶᠢᠨ ᠭᠠᠳᠠᠨᠠᠬᠢ | ᠡᠷᠳᠡᠮᠳᠡᠨ ᠪᠠᠶᠢᠭ᠎ᠠ ᠶᠤᠮ᠃ ᠲᠡᠷᠡ ᠪᠠᠶᠢᠭᠤᠯᠤᠮᠵᠢ ᠶᠢᠨ ᠭᠠᠳᠡᠨ᠎ᠡ ᠮᠤᠩᠭᠤᠯ ᠤᠳᠬ᠎ᠠ ᠰᠣᠶᠣᠯ ᠤᠨ | ᠤᠷᠤᠰᠢᠬᠤᠢ ᠶᠢᠨ ᠠᠷᠭ᠎ᠠ ᠵᠠᠮ ᠢ ᠡᠷᠢᠯᠬᠢᠯᠡᠵᠤ᠂ ᠠᠮᠢᠳᠣᠷᠠᠬᠤᠢ ᠶᠢᠨ ᠤᠷᠤᠨ ᠵᠠᠢ ᠶᠢ ᠨᠠᠭᠡᠭᠡᠵᠠᠢ᠃ ᠸ᠊ · | ᠰᠠᠶᠢᠨᠴᠤᠭᠲᠤ ᠬᠤᠪᠢ ᠶᠢᠨ ᠰᠦᠢᠳᠬᠡᠯ ᠢᠶᠠᠷ ᠤᠯᠠᠨ ᠨᠤᠮ ᠬᠡᠪᠯᠡᠬᠦᠯᠦᠭᠰᠠᠨ ᠲᠡᠳᠣᠢ ᠦᠬᠡᠢ᠂ | ᠬᠤᠪᠢ ᠶᠢᠨ ᠰᠡᠳᠬᠦᠯ ᠢ ᠬᠡᠳᠣᠨ ᠬᠤᠭᠤᠴᠠᠭ᠎ᠠ ᠡᠷᠬᠢᠯᠡᠨ ᠬᠡᠪᠯᠡᠬᠦᠯᠵᠠᠢ᠃ ︽ᠤᠤᠭᠠᠯ ᠰᠤᠶᠤᠯ︾ | ᠰᠡᠳᠬᠦᠯ ᠪᠤᠯ ᠲᠡᠬᠦᠨ ᠤ ᠡᠷᠬᠢᠯᠡᠨ ᠨᠠᠶᠢᠷᠠᠭᠤᠯᠤᠭᠰᠠᠨ ᠴᠣᠯᠣ ᠴᠡᠪᠡᠷ ᠢᠷᠭᠡᠨ ᠤ ᠰᠢᠨᠵᠢᠳᠠᠢ ᠡᠷᠳᠡᠮ | ᠰᠢᠨᠵᠢᠯᠡᠭᠡᠨ ᠤ ᠰᠡᠳᠬᠦᠯ ᠪᠤᠯᠤᠨ᠎ᠠ᠃ ᠰᠡᠳᠬᠦᠯ ᠤᠨ ᠡᠷᠬᠢᠯᠡᠭᠰᠠᠨ ᠵᠤᠷᠢᠯᠳᠡ ᠭᠡᠰᠠᠨ ᠦᠬᠡᠢ᠂ ᠡᠬᠡ | ᠪᠢᠴᠢᠭ ᠤᠨ ᠢᠷᠡᠯᠳᠡ ᠭᠡᠰᠡᠨ ᠦᠬᠡᠢ ᠪᠦᠷ ᠴᠣᠯᠣ ᠴᠡᠪᠡᠷ ᠢᠷᠭᠡᠨ ᠤ ᠰᠢᠨᠵᠢᠳᠠᠢ ᠡᠷᠳᠡᠮ ᠰᠢᠨᠵᠢᠯᠡᠭᠡᠨ ᠤ | ᠰᠡᠳᠬᠦᠯ ᠪᠤᠯᠤᠭᠰᠠᠨ ᠢ ᠭᠡᠷᠡᠴᠢᠯᠡᠨ᠎ᠡ᠃ | | ᠭᠤᠷᠪᠠ᠂ ᠡᠷᠳᠡᠮ ᠰᠢᠨᠵᠢᠯᠡᠭᠡ᠄ ᠤᠤᠭᠠᠯ ᠰᠣᠶᠣᠯ ᠤᠨ ᠬᠦᠮᠤᠨ ᠵᠦᠢ ᠶᠢᠨ ᠤᠨᠤᠯ ᠤᠨ | ᠴᠤᠭᠴᠠᠯᠠᠯ | | ᠮᠢᠨᠤ ᠦᠵᠡᠬᠦ ᠳᠤ᠂ ᠸ᠊ · ᠰᠠᠶᠢᠨᠴᠤᠭᠳᠤ ᠶᠢᠨ ᠡᠷᠳᠡᠮ ᠰᠢᠨᠵᠢᠯᠡᠭᠡ ᠶᠢ ᠤᠳᠤᠬᠠᠨ᠎ᠠ | ᠬᠤᠶᠡᠷ ᠱᠠᠳᠤ ᠬᠤᠪᠢᠶᠠᠵᠤ ᠪᠤᠯᠤᠨ᠎ᠠ᠄ | ᠨᠢᠬᠡᠳᠡᠬᠢ ᠱᠠᠳᠣ ᠨᠢ᠄ ᠰᠣᠶᠣᠯ ᠤᠨ ᠤᠯᠠᠮᠵᠢᠯᠠᠯ ᠤᠨ ᠠᠷᠢᠭᠤᠳᠬᠠᠯ | ︵1988 ᠤᠨ ᠠᠴᠠ 2002 ᠤᠨ ᠬᠦᠷᠳᠡᠯᠡᠬᠢ ᠬᠤᠭᠤᠴᠠᠭ᠎ᠠ︶᠃ ᠨᠢᠭᠡᠳᠡᠬᠢ ᠱᠠᠳᠣᠨ ᠳᠤ ︽ᠲᠤᠮᠤᠭ | ᠦᠯᠢᠭᠡᠷ ᠤᠨ ᠰᠣᠳᠣᠯᠣᠯ︾ ︵1998︶᠂ ︽ᠠᠮᠢ ᠶᠢᠨ ᠰᠢᠳᠣᠯᠭᠡ︾ ︵1998︶᠂ ︽ᠮᠤᠩᠭᠤᠯᠴᠤᠳ ᠤᠨ ᠲᠤᠮ︾ | ︵1999︶᠂ ︽ᠲᠡᠮᠳᠡᠭ ᠤᠨ ᠰᠣᠶᠣᠯ︾ ︵2000︶ ᠵᠡᠷᠬᠡ ᠪᠦᠳᠣᠬᠡᠯ ᠪᠠᠭᠳᠠᠨ᠎ᠠ᠃ | ᠬᠤᠶᠡᠳᠡᠬᠢ ᠱᠠᠳᠣ ᠨᠢ᠄ ᠤᠨᠤᠯ ᠤᠨ ᠲᠤᠭᠳᠠᠯᠴᠠᠭᠠᠨ ᠤ ᠴᠤᠭᠴᠠᠯᠠᠯ | ︵2003 ᠠᠴᠠ ᠪᠤᠯᠳᠡᠯᠡᠬᠢ ᠬᠤᠭᠤᠴᠠᠭ᠎ᠠ︶᠃ ᠬᠤᠶᠠᠳᠡᠬᠢ ᠱᠠᠳᠣᠨ ᠳᠤ ︽ᠤᠤᠭᠠᠯ ᠰᠣᠶᠣᠯ ᠤᠨ ᠬᠦᠮᠤᠨ | ᠵᠦᠢ︾ ︵2003︶᠂ ︽ᠡᠯ ᠪᠠᠶᠢᠴᠠ ᠳᠤ ᠰᠠᠭᠤᠬᠤ ᠶᠢᠨ ᠶᠤᠰᠤᠨ︾ ︵2004︶᠂ ᠤᠤᠭᠠᠯ | ᠰᠣᠶᠣᠯ ᠤᠨ ᠴᠤᠪᠤᠷᠠᠯ ᠪᠢᠴᠢᠭ — ︽ᠰᠣᠶᠣᠯ ᠤᠨ ᠰᠢᠬᠦᠮᠵᠢᠯᠡᠯ︾ ︵2006︶᠂ | ︽ᠤᠤᠭᠠᠯ ᠰᠣᠶᠣᠯ ᠤᠨ ᠬᠦᠮᠤᠨ ᠵᠦᠢ ᠶᠢᠨ ᠬᠠᠷᠠᠴᠠ︾ ︵2006︶᠂ ︽︿ ᠮᠤᠩᠭᠤᠯ ᠤᠨ ᠨᠢᠭᠤᠴᠠ | ᠲᠤᠪᠴᠢᠶᠠᠨ ﹀ ᠤ ᠰᠣᠶᠣᠯ ᠤᠨ ᠲᠠᠶᠢᠯᠤᠯᠭᠠ︾ ︵2006︶᠂ ︽ᠰᠦᠨᠤᠭ᠍ᠰᠠᠨ ᠲᠠᠶᠢᠭ᠎ᠠ︾ ︵2007︶᠂ | ︽ᠠᠵᠠᠢ ᠮᠦᠮᠤ ᠶᠢᠨ ᠬᠡᠯᠡᠭᠰᠠᠨ ᠦᠯᠢᠭᠡᠷ︾ ︵2008︶᠂ ︽ᠮᠤᠩᠭᠤᠯ ᠤᠨ ᠨᠡᠪᠳᠡᠷᠬᠡᠢ ᠲᠡᠤᠬᠡ ᠪᠠ ︿ | ᠮᠤᠩᠭᠤᠯ ᠤᠨ ᠨᠢᠭᠤᠴᠠ ᠲᠤᠪᠴᠢᠶᠠᠨ﹀︾ ︵2011︶ ᠬᠢᠭᠡᠳ 2006 ᠤᠨ ᠠᠴᠠ ᠸ᠊ · ᠰᠠᠶᠢᠨᠴᠤᠭᠳᠤ ᠡᠷᠬᠢᠯᠡᠨ | ᠨᠠᠶᠢᠷᠠᠭᠤᠯᠤᠭᠰᠠᠨ ︽ᠤᠤᠭᠠᠯ ᠰᠤᠶᠤᠯ︾ ᠡᠷᠳᠡᠮ ᠰᠢᠨᠵᠢᠯᠡᠬᠡᠨ ᠤ ᠰᠡᠳᠬᠦᠯ ︵ᠨᠠᠶᠢᠳᠠ ᠲᠦᠷᠪᠡᠨ | ᠬᠤᠭᠤᠴᠠᠭ᠎ᠠ ᠬᠡᠪᠯᠡᠭᠳᠡᠪᠡ︶ ᠵᠡᠷᠬᠡ ᠪᠤᠢ᠃ | ︽ᠪᠢ ᠬᠤᠪᠢ ᠳᠠᠭᠠᠨ ᠦᠪᠤᠷ ᠮᠤᠩᠭᠤᠯ ᠤᠨ ᠬᠡᠬᠡᠷᠡᠯ ᠤᠨ ᠡᠷᠡᠮᠡᠯᠵᠡᠯ ᠡᠷᠳᠡᠮ | ᠰᠢᠨᠵᠢᠯᠡᠬᠡᠨ ᠤ ᠬᠢᠨ ᠳᠤ ᠪᠤᠢ ᠬᠡᠵᠤ ᠪᠤᠳᠦᠳᠠᠭ︾ [4] (p143)᠃ ︽ᠡᠷᠳᠡᠮ ᠰᠢᠨᠵᠢᠯᠡᠭᠡ ᠬᠡᠳᠡᠭ ᠪᠤᠯ | ᠦᠨᠡᠨ ᠢ ᠤᠯᠬᠤ ᠵᠤᠷᠢᠯᠭ᠎ᠠ ᠲᠠᠢ ᠠᠵᠢᠯ ᠮᠦᠨ ᠲᠤᠯᠠᠳᠡ ᠮᠡᠳᠡᠯᠬᠡ ᠶᠢᠨ ᠲᠡᠬᠡᠳᠤ ᠬᠡᠮᠵᠢᠶ᠎ᠡ ᠶᠢ | ᠲᠦᠯᠦᠬᠡᠯᠡᠳᠡᠭ ᠪᠦᠭᠡᠳ ᠶᠤᠰᠤ ᠮᠤᠷᠠᠯ ᠤᠨ ᠦᠨᠳᠣᠰᠣᠨ ᠪᠠᠷᠢᠮᠵᠢᠶ᠎ᠠ ᠶᠢ ᠠᠶᠠᠨᠳᠠᠭᠠᠨ | ᠢᠯᠡᠷᠬᠡᠶᠢᠯᠡᠳᠡᠭ᠃︾ [4] (p144)᠂ ︽ᠡᠷᠳᠡᠮ ᠰᠢᠨᠵᠢᠯᠡᠭᠡ ᠬᠡᠳᠡᠭ ᠪᠤᠯ ᠠᠮᠢ ᠵᠢᠭᠤᠬᠤ ᠠᠷᠭ᠎ᠠ ᠬᠡᠯᠪᠡᠷᠢ ᠲᠡᠳᠣᠢ | ᠪᠢᠰᠢ᠂ ᠨᠡᠩ ᠴᠢᠬᠤᠯᠠ ᠨᠢ ᠮᠡᠳᠡᠯᠭᠡ ᠶᠢᠨ ᠬᠦᠨᠵᠡᠬᠡᠶᠢᠷᠡᠯ ᠠᠴᠠ ᠶᠤᠰᠤ ᠮᠤᠷᠠᠯ ᠤᠨ | ᠲᠡᠬᠦᠯᠳᠡᠷᠵᠢᠯ ᠳᠤ ᠬᠦᠷᠬᠦ ᠶᠠᠪᠤᠳᠠᠯ ᠶᠤᠮ᠃︾ [6] (p34)᠃ ᠡᠶᠢᠨ ᠬᠦ ᠡᠷᠳᠡᠮ ᠰᠢᠨᠵᠢᠯᠡᠬᠡᠨ ᠤ | ᠠᠵᠢᠯ ᠨᠢ ᠦᠨᠡᠨ ᠢ ᠪᠠᠷᠢᠮᠳᠠᠯᠠᠬᠤ ᠠᠴᠠ ᠪᠢᠰᠢ ᠡᠷᠬᠡ ᠳᠤ ᠠᠶᠠᠯᠳᠠᠨ ᠳᠠᠭᠠᠵᠤ ᠪᠤᠯᠬᠤ ᠦᠬᠡᠢ᠂ ᠡᠷᠳᠡᠮ | ᠰᠢᠨᠵᠢᠯᠡᠭᠡᠨ ᠤ ᠶᠤᠰᠤ ᠮᠤᠷᠠᠯ ᠤᠨ ᠵᠠᠷᠴᠢᠮ ᠨᠢ ᠦᠨᠡᠨ ᠢ ᠤᠯᠬᠤ ᠵᠤᠷᠢᠯᠲᠠ ᠳᠤ ᠦᠨᠳᠣᠰᠣᠯᠡᠭᠰᠡᠨ | ᠪᠠᠶᠢᠬᠤ ᠶᠤᠰᠤᠳᠠᠢ ᠬᠡᠵᠤ ᠦᠵᠡᠳᠡᠭ᠃ | ᠲᠡᠷᠡ ᠦᠪᠤᠷ ᠮᠤᠩᠭᠤᠯ ᠤᠨ ᠬᠠᠳᠠᠭᠤ ᠪᠡᠷᠬᠡ ᠨᠡᠶᠢᠬᠡᠮ ᠤᠨ ᠤᠷᠴᠢᠨ | ᠨᠦᠬᠦᠴᠡᠯ ᠳᠤ ᠬᠤᠷᠢᠭᠠᠳ ᠵᠢᠯ ᠬᠠᠯᠠᠰᠢᠷᠠᠯ ᠦᠬᠡᠢ ᠵᠢᠳᠬᠦᠨ ᠴᠢᠷᠮᠠᠶᠢᠵᠤ᠂ ᠤᠤᠭᠠᠯ ᠰᠤᠶᠤᠯ ᠤᠨ | ᠬᠦᠮᠤᠨ ᠵᠦᠢ ᠶᠢᠨ ᠡᠷᠳᠡᠮ ᠰᠢᠨᠵᠢᠯᠡᠭᠡ ᠶᠢ ᠡᠭᠦᠰᠭᠡᠨ ᠪᠠᠶᠢᠭᠤᠯᠪᠠ᠃ ᠵᠢᠱᠢᠶᠡᠯᠡᠪᠡᠯ᠂ ᠤᠷᠠᠨ | ᠵᠤᠬᠢᠶᠠᠯ ᠤᠨ ᠬᠦᠮᠤᠨ ᠵᠦᠢ᠂ ᠠᠮᠢ ᠠᠬᠤᠢ ᠶᠢᠨ ᠬᠦᠮᠤᠨ ᠵᠦᠢ᠂ ᠲᠡᠤᠬᠡᠨ ᠬᠦᠮᠤᠨ ᠵᠦᠢ᠂ ᠱᠠᠰᠢᠨ ᠤ ᠬᠦᠮᠤᠨ | ᠵᠦᠢ᠂ ᠰᠤᠶᠤᠯ ᠤᠨ ᠬᠦᠮᠤᠨ ᠵᠦᠢ ᠬᠡᠬᠦ ᠮᠡᠳᠣ᠃ ᠡᠶᠢᠨ ᠬᠦ ᠲᠡᠬᠦᠨ ᠤ ᠦᠪᠤᠷ | ᠮᠤᠩᠭᠤᠯ ᠤᠨ ᠡᠷᠳᠡᠮ ᠰᠢᠨᠵᠢᠯᠡᠬᠡᠨ ᠤ ᠬᠦᠷᠢᠶᠡᠨ ᠳᠤ ᠬᠢᠭᠰᠡᠨ ᠰᠢᠨᠡᠴᠢᠯᠡᠯ ᠨᠢ ᠤᠷᠢᠳ ᠡᠮᠤᠨ᠎ᠡ ᠪᠠᠶᠢᠭ᠎ᠠ | ᠦᠬᠡᠢ ᠬᠤᠪᠢᠰᠬᠠᠯ ᠤᠨ ᠴᠢᠨᠡᠷᠳᠠᠢ ᠶᠤᠮ᠃ ᠡᠬᠦᠨ ᠢ ᠲᠡᠬᠦᠨ ᠤ ᠦᠪᠡᠷ ᠤᠨ ᠬᠢᠨᠢ ᠦᠬᠡ ᠪᠠᠷ ᠬᠡᠯᠡᠪᠡᠯ᠂ | ︽ᠦᠪᠤᠷ ᠮᠤᠩᠭᠤᠯ ᠳᠤ ᠰᠢᠨ᠎ᠡ ᠡᠷᠳᠡᠮ ᠰᠢᠨᠵᠢᠯᠡᠬᠡᠨ ᠤ ᠬᠦᠳᠡᠯᠬᠡᠬᠡᠨ ᠢ ᠰᠡᠳᠣᠵᠤ | ᠰᠠᠨᠠᠭᠠᠴᠢᠯᠡᠭᠰᠠᠨ︾ [2] (p18) ᠪᠠᠶᠢᠭ᠎ᠠ ᠶᠤᠮ᠃ | ᠦᠨᠤᠳᠤᠷ ᠤᠨ ᠦᠪᠤᠷ ᠮᠤᠩᠭᠤᠯ ᠪᠢᠴᠢᠭᠳᠡᠨ ᠤ ᠲᠤᠳᠤᠷ᠎ᠡ ᠠᠴᠠ ᠬᠠᠷᠢᠴᠠᠭᠤᠯᠵᠤ | ᠦᠵᠡᠪᠡᠯ ᠸ᠊ · ᠰᠠᠶᠢᠨᠴᠤᠭᠳᠤ ᠶᠢᠨ ᠡᠷᠳᠡᠮ ᠰᠢᠨᠵᠢᠯᠡᠬᠡᠨ ᠤ ᠪᠤᠯᠪᠠᠰᠣᠷᠠᠯ ᠪᠦᠬᠦ ᠲᠠᠯ᠎ᠠ ᠶᠢᠨ ᠬᠢ ᠪᠠᠶᠢᠳᠠᠭ᠃ | ᠬᠡᠷᠪᠡ ᠪᠠᠶᠢᠭᠤᠯᠤᠮᠵᠢ ᠶᠢᠨ ᠲᠤᠳᠤᠷᠠᠬᠢ ᠮᠡᠷᠭᠡᠵᠢᠯᠳᠡᠨ ᠢ ᠮᠡᠷᠭᠡᠵᠢᠯ ᠤᠨ ᠪᠠᠷᠢᠮᠵᠢᠶᠠᠳᠣ ᠪᠦᠳᠣᠭᠡᠭᠳᠡᠬᠦᠨ | ᠬᠡᠬᠦ ᠳᠤ ᠬᠦᠷᠪᠡᠯ᠂ ᠸ᠊ · ᠰᠠᠶᠢᠨᠴᠤᠭᠳᠤ ᠬᠠᠷᠢᠨ ᠮᠡᠷᠬᠡᠵᠢᠯ ᠰᠣᠨᠳᠠᠯᠠᠭᠰᠠᠨ ᠦᠪᠡᠷᠮᠢᠴᠡ ᠤᠷᠤᠰᠢᠬᠤᠢ ᠶᠤᠮ᠃ | ᠡᠨᠡ ᠨᠢ ᠲᠡᠬᠦᠨ ᠤ ᠰᠣᠶᠣᠯ ᠬᠦᠮᠤᠨ ᠵᠦᠢ ᠶᠢᠨ ᠰᠣᠳᠣᠯᠭᠠᠨ ᠤ ᠪᠠᠭᠳᠠᠭᠠᠮᠵᠢᠳᠣ | ᠴᠢᠨᠡᠷ ᠠᠴᠠ ᠲᠤᠭᠳᠠᠭᠠᠭᠳᠠᠭᠰᠠᠨ ᠪᠤᠯ᠂ ᠤᠯᠠᠨ ᠬᠦᠷᠢᠶᠡᠨ ᠤ ᠤᠨᠤᠯ ᠰᠣᠳᠣᠯᠭᠠᠨ ᠤ | ᠰᠢᠨ᠎ᠡ ᠨᠡᠭᠡᠭᠡᠯᠳᠡ ᠪᠠᠷ ᠢᠶᠠᠨ ᠲᠡᠷᠡ ᠪᠦᠷᠢᠨ ᠴᠢᠳᠡᠪᠤᠷᠢ ᠪᠠᠨ ᠢᠯᠡᠷᠡᠬᠦᠯᠪᠠ᠃ ᠲᠡᠬᠦᠨ ᠤ ᠡᠬᠦᠰᠬᠡᠨ | ᠪᠠᠶᠢᠭᠤᠯᠤᠭᠰᠠᠨ ︽ᠤᠤᠭᠠᠯ ᠰᠣᠶᠣᠯ ᠤᠨ ᠬᠦᠮᠤᠨ ᠵᠦᠢ ᠶᠢᠨ ᠤᠨᠤᠯ ᠤᠨ ᠲᠤᠭᠳᠠᠯᠴᠠᠭ᠎ᠠ︾ ᠨᠢ ᠬᠠᠮᠤᠭ | ᠨᠠᠭᠠᠲᠤ ᠵᠠᠬ᠎ᠠ ᠳᠠᠭᠠᠨ ︽ᠲᠡᠮᠳᠡᠭ ᠤᠨ ᠬᠦᠮᠤᠨ ᠵᠦᠢ᠂ ᠠᠮᠢ ᠶᠢᠨ ᠬᠦᠮᠤᠨ ᠵᠦᠢ᠂ ᠵᠢᠴᠢ ᠲᠤᠮᠤᠭ ᠵᠦᠢ᠂ ᠲᠡᠤᠬᠡᠨ | ᠬᠦᠮᠤᠨ ᠵᠦᠢ᠂ ᠠᠮᠢ ᠠᠬᠤᠢ ᠶᠢᠨ ᠬᠦᠮᠤᠨ ᠵᠦᠢ᠂ ᠱᠠᠰᠢᠨ ᠤ ᠬᠦᠮᠤᠨ ᠵᠦᠢ᠂ ᠤᠷᠴᠢᠨ ᠦᠶ᠎ᠡ ᠶᠢᠨ ᠡᠲᠨᠤᠭ᠍ᠷᠡᠹᠢ | ︵ᠬᠦᠮᠤᠨ ᠵᠦᠢ ᠶᠢᠨ ᠪᠢᠴᠢᠮᠡᠯ ᠬᠡᠷᠡᠭᠯᠡᠭᠳᠡᠬᠦᠨ — ᠡᠰᠢᠯᠡᠭᠴᠢ︶︾ [6] (p191) ᠵᠡᠷᠬᠡ ᠠᠭᠤᠯᠭ᠎ᠠ | ᠪᠦᠷᠢᠯᠳᠣᠬᠦᠨ ᠲᠠᠢ᠃ ᠲᠡᠷᠡ ᠰᠢᠳᠣᠯᠬᠡ ᠮᠦᠷᠬᠦᠯ ᠤᠨ ᠵᠠᠩ ᠦᠢᠯᠡ᠂ ᠠᠮᠠᠨ ᠵᠤᠬᠢᠶᠠᠯ ᠤᠨ | ᠡᠬᠡ ᠰᠡᠳᠣᠪ ᠵᠡᠷᠬᠡ ᠰᠣᠶᠣᠯ ᠤᠨᠤᠯᠠᠮᠵᠢᠯᠠᠯ ᠢ ᠭᠦᠨᠵᠡᠭᠡᠢ ᠠᠭᠤᠳᠠᠯᠠᠵᠤ᠂ ︽ᠲᠡᠮᠳᠡᠭ ᠤᠨ | ᠦᠨᠳᠣᠰᠣᠨ ᠡᠬᠦᠷᠭᠡᠴᠢᠯᠡᠯ ᠪᠤᠯ ᠰᠣᠶᠣᠯ ᠤᠨ ᠣᠷᠣᠰᠢᠬᠤᠢ ᠶᠢ ᠬᠠᠮᠠᠭᠠᠯᠠᠬᠤ᠂ ᠤᠯᠠᠮᠵᠢᠯᠠᠯ ᠢ | ᠦᠷᠬᠦᠯᠵᠢᠯᠡᠬᠦᠯᠬᠦ ᠶᠠᠪᠤᠳᠠᠯ ᠮᠦᠨ︾ [6] (p152) ᠬᠡᠪᠡ᠃ ᠲᠡᠷᠡ ᠪᠠᠷ ᠤᠤᠭᠠᠯ ᠰᠣᠶᠣᠯ ᠤᠨ ᠵᠤᠭᠰᠤᠯᠳᠠ ᠪᠠᠨ | ︽ᠪᠢᠳᠡᠨ ᠤ ᠤᠤᠭᠠᠯ ᠰᠣᠶᠣᠯ ᠤᠨ ᠵᠤᠭᠰᠤᠯᠳᠠ ᠪᠤᠯ᠂ ᠪᠡᠶ᠎ᠡ ᠪᠠᠨ ᠲᠠᠭᠠᠭᠠᠭᠰᠠᠨ ᠤᠯᠠᠮᠵᠢᠯᠠᠯ ᠢᠶᠠᠨ ᠲᠠᠬᠢᠨ | ᠲᠤᠩᠬᠠᠭᠯᠠᠬᠤ ᠶᠠᠪᠤᠳᠠᠯ ᠪᠤᠯᠤᠨ᠎ᠠ︾ [3](p213)᠃ ︽ᠤᠤᠭᠠᠯ ᠰᠣᠶᠣᠯ ᠤᠨ ᠬᠦᠮᠤᠨ ᠵᠦᠢ ᠶᠢᠨ ᠦᠨᠳᠣᠰᠣᠨ | ᠵᠤᠭᠰᠣᠯᠳᠠ ᠭᠡᠪᠡᠯ᠂ ᠬᠠᠷᠢ ᠬᠡᠯᠡᠳᠣ ᠡᠷᠳᠡᠮ ᠰᠢᠨᠵᠢᠯᠡᠬᠡᠨ ᠤ ᠨᠦᠯᠦᠭᠡᠨ ᠠᠴᠠ ᠮᠤᠯᠳᠤᠷᠠᠵᠤ ᠵᠢᠩᠬᠢᠨᠢ | ᠮᠤᠩᠭᠤᠯ ᠦᠨᠳᠣᠰᠣᠳᠠᠨ ᠤ ᠨᠠᠲ᠋ᠢᠸᠢᠰᠲ᠋ᠢᠭ ︵ᠤᠤᠭᠠᠯ ᠰᠣᠶᠣᠯ ᠬᠡᠳᠡᠭ ᠠᠩᠯᠢ ᠦᠬᠡ — ᠡᠰᠢᠯᠡᠭᠴᠢ︶ | ᠬᠦᠮᠤᠨ ᠵᠦᠢ ᠶᠢ ᠴᠤᠭᠴᠠᠯᠠᠨ ᠪᠠᠶᠢᠭᠤᠯᠬᠤ ᠶᠠᠪᠤᠳᠠᠯ ᠮᠦᠨ᠃︾[6](p192) ᠬᠡᠵᠤ | ᠲᠤᠳᠤᠷᠬᠠᠶᠢᠯᠠᠭᠰᠠᠨ ᠪᠠᠶᠢᠪᠠ᠃ ᠡᠶᠢᠨ ᠬᠦ ᠲᠡᠷᠡ ᠤᠷᠴᠢᠨ ᠦᠶ᠎ᠡ ᠶᠢᠨ ᠦᠪᠤᠷ | ᠮᠤᠩᠭᠤᠯ ᠤᠨ ᠨᠡᠶᠢᠭᠡᠮ ᠰᠣᠶᠣᠯ ᠤᠨ ᠬᠤᠪᠢᠷᠠᠯᠳᠠ ᠶᠢ ᠤᠨᠣᠪᠴᠢᠳᠠᠢ᠂ ᠦᠢᠯᠠᠭᠠᠮᠵᠢᠳᠠᠢ ᠪᠦᠬᠡᠳ | ᠨᠡᠪᠳᠡᠷᠬᠡᠢ ᠲᠦᠷᠰᠣᠯᠡᠬᠦ ᠪᠠᠷ ᠦᠪᠡᠷ ᠤᠨ ᠡᠷᠳᠡᠮ ᠰᠢᠨᠵᠢᠯᠡᠬᠡᠨ ᠤ ᠬᠦᠬᠡᠬᠡᠴᠡᠯᠳᠣᠯ ᠪᠠᠨ | ᠪᠤᠯᠭᠠᠭᠰᠠᠨ ᠪᠠᠶᠢᠪᠠ᠃ | ᠲᠡᠷᠡ ᠤᠤᠭᠠᠯ ᠰᠣᠶᠣᠯ ᠤᠨ ᠬᠦᠮᠤᠨ ᠵᠦᠢᠴᠢ ᠦᠪᠡᠷ ᠤᠨ | ᠰᠣᠶᠣᠯ ᠢᠶᠠᠨ ᠰᠣᠳᠣᠯᠵᠣ ︽ᠰᠣᠶᠣᠯ ᠤᠨ ᠬᠦᠨ ᠪᠦᠳᠣᠴᠠ ᠶᠢ ᠤᠨᠤᠭᠠᠭᠰᠠᠨ ᠬᠦᠴᠤᠨ | ᠲᠡᠬᠦᠯᠳᠡᠷ ᠲᠠᠶᠢᠯᠪᠤᠷᠢᠯᠡᠯ ᠤᠨ ᠦᠯᠢᠬᠡᠷ ᠬᠡᠪ ᠢ ᠪᠦᠳᠣᠭᠡᠬᠦ ᠪᠤᠯᠤᠮᠵᠢᠳᠠᠢ︾[6] (p131) | ᠬᠡᠵᠤ ᠦᠵᠡᠪᠡ᠃ ᠲᠡᠷᠡ ︽ᠲᠤᠮᠤᠭ︾᠂ ︽ᠲᠤᠮᠤᠭ ᠦᠯᠢᠬᠡᠷ︾᠂ ︽ᠠᠮᠢ︾᠂ ︽ᠠᠮᠢᠯᠠᠭ᠎ᠠ︾᠂ | ︽ᠰᠢᠨᠵᠢ︾᠂ ︽ᠲᠡᠮᠳᠡᠭ︾᠂ ︽ᠪᠢᠴᠢᠭᠳᠡᠨ︾᠂ ︽ᠰᠡᠭᠡᠭᠡᠳᠡᠨ︾᠂ ︽ᠤᠤᠭᠠᠯ ᠰᠤᠶᠤᠯ︾ ᠪᠠ ︽ᠬᠠᠷᠢ ᠰᠤᠶᠤᠯ︾ | ︽ᠠᠯᠪᠠᠨ ᠤ ᠡᠷᠳᠡᠮ ᠰᠢᠨᠵᠢᠯᠡᠭᠡ︾ ᠪᠠ ︽ᠢᠷᠬᠡᠨ ᠤ ᠡᠷᠳᠡᠮ ᠰᠢᠨᠵᠢᠯᠡᠭᠡ︾ ᠵᠡᠷᠬᠡ ᠮᠠᠰᠢ ᠤᠯᠠᠨ ᠠᠢ | ᠤᠬᠠᠭᠳᠠᠬᠤᠨ ᠢ ᠲᠤᠷᠠᠤᠴᠤ᠂ ᠦᠪᠡᠷ ᠤᠨ ᠤᠨᠤᠯ ᠤᠨ ᠬᠡᠯᠡ ᠪᠠᠷ ᠤᠤᠭᠠᠯ ᠰᠣᠶᠣᠯ ᠤᠨ ᠮᠦᠨ | ᠴᠢᠨᠡᠷ ᠢ ᠤᠨᠤᠭᠠᠨ ᠲᠦᠷᠰᠣᠯᠡᠵᠤ᠂ ᠦᠵᠡᠯ ᠰᠠᠨᠠᠭᠠᠨ ᠤ ᠦᠪᠡᠷᠮᠢᠴᠡ ᠤᠯᠠᠮᠵᠢᠯᠠᠯ ᠢ | ᠵᠢᠷᠤᠮᠵᠢᠭᠤᠯᠤᠨ ᠲᠤᠳᠤᠷᠠᠭᠤᠯᠵᠤ᠂ ᠰᠢᠨ᠎ᠡ ᠳ᠋ᠦᠩᠨᠡᠯᠳᠡ ᠰᠢᠨ᠎ᠡ ᠦᠵᠡᠯᠳᠡ ᠶᠢ ᠲᠡᠪᠰᠢᠬᠦᠯᠦᠭᠰᠠᠨ ᠲᠡᠳᠣᠢ ᠦᠬᠡᠢ᠂ | ᠦᠪᠡᠷᠮᠢᠴᠡ ᠲᠠᠶᠢᠯᠪᠤᠷᠢᠯᠡᠯ ᠤᠨ ᠬᠦᠴᠤᠨ ᠴᠢᠳᠠᠯ ᠪᠦᠬᠦᠢ ᠦᠪᠡᠷ ᠤᠨ ᠤᠨᠤᠯ ᠤᠨ ᠲᠤᠭᠳᠠᠯᠴᠠᠭ᠎ᠠ ᠪᠠᠨ | ᠴᠤᠭᠴᠠᠯᠠᠨ ᠪᠠᠶᠢᠭᠤᠯᠵᠠᠢ᠃ ᠲᠡᠭᠡᠷᠡᠬᠢ ᠦᠬᠦᠯᠡᠯᠳᠡ ᠶᠢ ᠬᠤᠷᠢᠶᠠᠩᠭᠤᠶᠢᠯᠠᠪᠡᠯ᠂ | ᠲᠡᠬᠦᠨ ᠤ ᠲᠤᠷᠠᠳᠤᠭᠰᠠᠨ ᠠᠢ ᠤᠬᠠᠭᠳᠠᠬᠤᠨ ᠬᠢᠭᠡᠳ ᠤᠨᠤᠯ ᠤᠨ ᠬᠡᠯᠡᠬᠦᠢ ᠨᠢ ᠤᠵᠠᠭᠤᠷ ᠪᠦᠳᠤᠬᠡᠯᠴᠢ | ᠰᠢᠨᠵᠢᠳᠠᠢ᠂ ᠦᠪᠡᠷᠮᠢᠴᠡ ᠲᠠᠶᠢᠯᠪᠤᠷᠢᠯᠡᠯ ᠤᠨ ᠰᠢᠨᠵᠢᠳᠠᠢ᠂ ᠪᠠᠶᠠᠯᠢᠭ ᠪᠤᠳᠤᠯᠢᠶᠠᠨᠳᠣ ᠰᠢᠨᠵᠢᠳᠠᠢ ᠮᠦᠷᠳᠡᠬᠡᠨ | ᠰᠢᠰᠲ᠋ᠧᠮ ᠲᠤᠭᠳᠠᠯᠴᠠᠭᠠᠳᠣ ᠰᠢᠨᠵᠢᠳᠠᠢ᠃ ᠸ᠊ · ᠰᠠᠶᠢᠨᠴᠤᠭᠳᠤ ᠪᠤᠯ ᠮᠤᠩᠭᠤᠯ ᠦᠨᠳᠣᠰᠣᠳᠠᠨ ᠤ | ᠤᠷᠴᠢᠨ ᠤᠳᠤ ᠦᠶ᠎ᠡ ᠶᠢᠨ ᠲᠡᠤᠬᠡᠨ ᠲᠡᠬᠡᠷᠡᠬᠢ ᠴᠤᠷ ᠤᠨ ᠭᠠᠭᠴᠠ ᠬᠦᠮᠤᠨ ᠵᠦᠢ ᠶᠢᠨ ᠤᠨᠤᠯ ᠤᠨ | ᠲᠤᠭᠳᠠᠯᠴᠠᠭ᠎ᠠ ᠲᠠᠢ ᠰᠣᠶᠣᠯ ᠵᠦᠢᠴᠢ ᠪᠤᠯᠤᠨ᠎ᠠ᠃ ᠨᠡᠩ ᠤᠨᠤᠪᠴᠢᠳᠠᠢ ᠬᠡᠯᠡᠪᠡᠯ᠂ ᠬᠦᠮᠤᠨ ᠵᠦᠢ ᠶᠢᠨ | ᠮᠡᠷᠬᠡᠵᠢᠯ ᠦᠪᠤᠷ ᠮᠤᠩᠭᠤᠯ ᠳᠤ ᠨᠡᠪᠳᠡᠷᠡᠭᠰᠠᠨ ᠠᠴᠠ ᠰᠡᠬᠦᠯᠡᠷ᠂ ᠬᠠᠮᠤᠭ ᠲᠡᠷᠢᠬᠦᠨ ᠳᠤ | ᠦᠪᠡᠷ ᠤᠨ ᠤᠨᠤᠯ ᠤᠨ ᠲᠤᠭᠳᠠᠯᠴᠠᠭ᠎ᠠ ᠪᠠᠨ ᠪᠠᠶᠢᠭᠤᠯᠤᠭᠰᠠᠨ ᠡᠷᠳᠡᠮᠳᠡᠨ ᠪᠤᠯᠤᠨ᠎ᠠ᠃ | ᠸ᠊ · ᠰᠠᠶᠢᠨᠴᠤᠭᠳᠤ ᠶᠢᠨ ᠰᠣᠳᠣᠯᠭᠠᠨ ᠤ ᠠᠵᠢᠯ ᠤᠨ ᠤᠳᠬ᠎ᠠ ᠠᠭᠤᠯᠭ᠎ᠠ ᠬᠢᠭᠡᠳ ᠬᠤᠪᠢ ᠨᠡᠮᠡᠬᠦᠷᠢ ᠨᠢ ᠴᠤ | ᠡᠬᠦᠨ ᠳᠤ ᠪᠤᠢ᠃ ᠵᠠᠷᠢᠮ ᠡᠷᠳᠡᠮᠳᠡᠳ ᠦᠪᠡᠷᠮᠢᠴᠡ ᠦᠵᠡᠯᠲᠡ ᠲᠠᠢ ᠪᠤᠯᠪᠠᠴᠤ᠂ ᠦᠪᠡᠷ ᠤᠨ ᠤᠨᠤᠯ ᠤᠨ | ᠲᠤᠭᠳᠠᠯᠴᠠᠭ᠎ᠠ ᠪᠠᠨ ᠪᠦᠷᠢᠯᠳᠣᠬᠦᠯᠵᠤ ᠴᠢᠳᠠᠭ᠎ᠠ ᠦᠬᠡᠢ ᠪᠠᠶᠢᠳᠠᠭ᠃ ᠨᠡᠩ ᠦᠪᠡᠷᠮᠢᠴᠡ ᠠᠢ ᠤᠬᠠᠭᠳᠠᠬᠤᠨ ᠢ | ᠴᠤ ᠲᠤᠷᠠᠳᠤᠭ᠎ᠠ ᠦᠬᠡᠢ ᠬᠢᠴᠢᠶᠠᠯ ᠤᠨ ᠪᠢᠴᠢᠭ ᠤᠨ ᠬᠢᠷᠢ ᠬᠡᠮᠵᠢᠶ᠎ᠡ ᠲᠠᠢ ᠵᠤᠬᠢᠶᠠᠯ ᠢ ᠬᠡᠷᠬᠢᠨ ᠸ᠊ · | ᠰᠠᠶᠢᠨᠴᠤᠭᠳᠤ ᠶᠢᠨ ᠰᠣᠶᠣᠯ ᠤᠨ ᠬᠦᠨᠴᠠ ᠪᠠ ᠣᠨᠣᠯ ᠤᠨ ᠦᠨᠳᠣᠷᠴᠡ ᠪᠦᠬᠦᠢ ᠡᠷᠳᠡᠮ | ᠰᠢᠨᠵᠢᠯᠡᠬᠡᠨ ᠤ ᠪᠦᠳᠣᠭᠡᠯ ᠲᠠᠢ ᠵᠡᠷᠬᠡᠴᠡᠬᠦᠯᠤᠨ ᠬᠡᠯᠡᠯᠴᠠᠵᠤ ᠪᠤᠯᠬᠤ ᠠᠵᠢ᠃ | | | ᠵᠡᠬᠦᠯᠳᠡ᠄ | [1] ᠪᠤ · ᠰᠢᠭᠤᠢ ᠡᠮᠬᠢᠳᠬᠡᠨ ᠨᠠᠶᠢᠷᠠᠭᠤᠯᠤᠭᠰᠠᠨ ︽ᠸ᠊ · ᠰᠠᠶᠢᠨᠴᠤᠭᠳᠤ᠄ ᠡᠷᠳᠡᠮ ᠰᠢᠨᠵᠢᠯᠡᠬᠡᠨ ᠤ ᠦᠬᠦᠯᠡᠯ ᠢ | ᠶᠠᠭᠠᠬᠢᠵᠤ ᠪᠢᠴᠢᠬᠦ ᠪᠤᠢ︖︾᠂ ᠬᠦᠬᠡᠬᠤᠳᠠ᠂ 2009 ᠤᠨ᠃ | [2] ᠤᠨᠠᠭ᠎ᠠ ᠰᠣᠷᠪᠤᠯᠵᠢᠯᠠᠭᠰᠠᠨ ︽ᠸ᠊ · ᠰᠠᠶᠢᠨᠴᠤᠭᠳᠤ᠄ ᠦᠪᠤᠷ ᠮᠤᠩᠭᠤᠯ ᠤᠨ | ᠰᠦᠨᠡᠰᠣ ᠶᠢ ᠪᠢ ᠲᠠᠬᠢᠵᠤ ᠲᠦᠷᠤᠬᠦᠯᠦᠭᠰᠠᠨ︾᠂ ᠬᠦᠬᠡᠬᠤᠳᠠ᠂ 2008 ᠤᠨ᠃ | | [3] ᠸ᠊ · ᠰᠠᠶᠢᠨᠴᠤᠭᠳᠤ᠄ ︽ᠴᠠᠭᠠᠨ ᠨᠤᠮ︾᠂ ᠬᠦᠬᠡᠬᠤᠳᠠ᠂ 2007 ᠤᠨ᠃ | [4] ᠸ᠊ · ᠰᠠᠶᠢᠨᠴᠤᠭᠳᠤ᠄ ︽ᠬᠠᠷᠠᠩᠭᠤᠢ ᠶᠢᠨ ᠡᠵᠡᠨ︾᠂ ᠬᠦᠬᠡᠬᠤᠳᠠ᠂ 2004 ᠤᠨ᠃ | | [5] ᠬᠠᠶᠢᠷᠬᠠᠨ᠄ ︽ᠤᠳᠤ ᠦᠶ᠎ᠡ ᠶᠢᠨ ᠮᠤᠩᠭᠤᠯ ᠰᠢᠯᠦᠭ ᠤᠨ ᠶᠡᠷᠤᠩᠬᠡᠶᠢᠯᠡᠭᠰᠠᠨ | ᠰᠣᠳᠣᠯᠣᠯ︾᠂ ᠦᠪᠤᠷ ᠮᠤᠩᠭᠤᠯ ᠤᠨ ᠰᠣᠷᠭᠠᠨ ᠬᠦᠮᠤᠵᠢᠯ ᠤᠨ ᠬᠡᠪᠯᠠᠯ ᠤᠨ ᠬᠤᠷᠢᠶ᠎ᠡ᠂ 2010 ᠤᠨ᠃ | | [6] ᠸ᠊ · ᠰᠠᠶᠢᠨᠴᠤᠭᠳᠤ᠄ ︽ᠤᠤᠭᠠᠯ ᠰᠣᠶᠣᠯ ᠤᠨ ᠬᠦᠮᠤᠨ ᠵᠦᠢ︾᠂ ᠦᠨᠳᠣᠰᠣᠳᠠᠨ ᠤ | ᠬᠡᠪᠯᠡᠯ ᠤᠨ ᠬᠤᠷᠢᠶ᠎ᠡ᠂ 2003 ᠤᠨ᠃ | ︵ᠵᠤᠬᠢᠶᠠᠭᠴᠢ ᠪᠤᠯ ᠦᠪᠤᠷ ᠮᠤᠩᠭᠤᠯ ᠤᠨ ᠶᠡᠭᠡ ᠰᠣᠷᠭᠠᠭᠤᠯᠢ ᠶᠢᠨ ᠮᠤᠩᠭᠤᠯ | ᠰᠣᠳᠣᠯᠣᠯ ᠤᠨᠲ᠋ᠡᠬᠡᠳᠣ ᠰᠣᠷᠭᠠᠭᠤᠯᠢ ᠶᠢᠨ ᠮᠤᠩᠭᠤᠯ ᠤᠷᠠᠨ ᠵᠤᠬᠢᠶᠠᠯ ᠤᠨ ᠣᠨᠣᠯ ᠤᠨᠳᠤᠺᠲ᠋ᠤᠷᠠᠨᠲ᠂ | ᠦᠪᠤᠷ ᠮᠤᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠮᠤᠩᠭᠤᠯ ᠰᠣᠳᠣᠯᠣᠯ ᠤᠨ ᠲᠡᠬᠡᠳᠣ | ᠰᠣᠷᠭᠠᠭᠤᠯᠢ ᠶᠢᠨ ᠪᠠᠭᠰᠢ ︶ | | |