| | | | | | ᠨᠢᠬᠡ᠂ ᠬᠤᠷᠤᠭᠤ ᠪᠠᠨ ᠭᠠᠷᠭᠠᠵᠤ ᠳᠤᠭ᠎ᠠ ᠳᠤᠭᠠᠯᠠᠬᠤ ᠶᠢ ᠨᠢ ᠬᠤᠷᠢᠭᠯᠠᠬᠤ᠄ | ᠵᠠᠷᠢᠮ ᠭᠡᠷ ᠤᠨ ᠠᠬᠠᠮᠠᠳ ᠭᠡᠤᠭᠡᠳ ᠲᠡᠭᠡᠨ ᠳᠤᠭ᠎ᠠ ᠳᠤᠭᠠᠯᠠᠬᠤ ᠶᠢ ᠵᠢᠭᠠᠬᠤ ᠳᠠᠭᠠᠨ ᠲᠡᠳᠡᠨ ᠤ ᠬᠤᠷᠤᠭᠤ | ᠪᠠᠨ ᠭᠠᠷᠭᠠᠵᠤ ᠳᠤᠭ᠎ᠠ ᠳᠤᠭᠠᠯᠠᠬᠤ ᠶᠢ ᠨᠢ ᠦᠵᠡᠪᠡᠯ ᠬᠤᠷᠢᠭᠯᠠᠵᠤ᠂ ᠳᠤᠭ᠎ᠠ ᠳᠤᠭᠠᠯᠠᠬᠤ ᠳᠠᠭᠠᠨ ᠬᠤᠷᠤᠭᠤ ᠪᠠᠨ | ᠭᠡᠷᠡᠭᠯᠡᠬᠦ ᠦᠬᠡᠢ᠂ ᠰᠡᠳᠬᠢᠯ ᠳᠤᠳᠤᠷ᠎ᠠ ᠪᠠᠨ ᠳᠤᠭᠠᠯᠠᠬᠤ ᠶᠢ ᠱᠠᠭᠠᠷᠳᠠᠳᠠᠭ᠃ ᠭᠡᠳᠡᠯ᠎ᠠ ᠢᠩᠬᠢᠵᠦ ᠱᠠᠭᠠᠷᠳᠠᠬᠤ | ᠨᠢ ᠳᠡᠳᠡᠨ ᠳᠤ ᠠᠰᠢᠭ ᠦᠬᠡᠢ ᠶᠤᠮ᠂ ᠰᠡᠳᠬᠢᠴᠡ ᠶᠢᠨ ᠮᠡᠷᠭᠡᠵᠢᠯᠳᠡᠨ ᠤ ᠦᠵᠡᠬᠦ ᠪᠠᠷ᠂ 2 — 5 | ᠨᠠᠰᠤᠨ ᠤ ᠬᠤᠭᠤᠷᠤᠨᠳᠤᠬᠢ ᠪᠠᠭ᠎ᠠ ᠭᠡᠤᠭᠡᠳ ᠲᠤ ᠠᠪᠴᠤ ᠭᠡᠯᠡᠪᠡᠯ᠂ ᠳᠤᠭ᠎ᠠ ᠪᠤᠳᠤᠯᠭᠠᠨ ᠤ ᠳᠤᠬᠠᠢ | ᠤᠢᠢᠯᠠᠭᠠᠯᠳᠠ ᠨᠢ ᠬᠠᠮᠤᠭ ᠠᠩᠬ᠎ᠠ ᠳᠤᠭ᠎ᠠ ᠳᠤᠭᠠᠯᠠᠵᠤ ᠰᠤᠷᠬᠤ ᠠᠴᠠ ᠡᠬᠢᠯᠡᠭᠡᠳ ᠳᠠᠬᠢᠨ ᠪᠤᠳᠠᠳᠤ ᠶᠠᠭᠤᠮ᠎ᠠ ᠶᠢ | ᠳᠤᠭᠠᠯᠠᠵᠤ᠂ ᠳᠠᠬᠢᠨ ᠨᠡᠶᠢᠳᠡ ᠳᠤᠭ᠎ᠠ ᠶᠢ ᠪᠤᠳᠤᠵᠤ ᠴᠢᠳᠠᠬᠤ ᠭᠡᠮᠵᠢᠶ᠎ᠠ ᠵᠦᠭ ᠬᠦᠭᠵᠢᠳᠡᠭ᠃ ᠪᠠᠭ᠎ᠠ ᠭᠡᠤᠭᠡᠳ | ᠳᠤᠭ᠎ᠠ ᠪᠤᠳᠤᠯᠭᠠᠨ ᠳᠤ ᠤᠬᠠᠭᠳᠠᠬᠤᠨ ᠲᠠᠢ ᠪᠤᠯᠬᠤ ᠨᠢ ᠤᠷᠢᠳᠠᠪᠠᠷ ᠪᠤᠳᠠᠳᠠᠢ ᠤᠢᠢᠯᠠᠭᠠᠯᠳᠠ ᠲᠠᠢ ᠪᠤᠯᠵᠤ | ᠳᠠᠬᠢᠨ ᠬᠡᠶᠢᠰᠪᠦᠷᠢ ᠰᠡᠳᠬᠢᠬᠦᠢ ᠵᠦᠭ ᠬᠦᠭᠵᠢᠳᠡᠭ᠃ ᠪᠤᠳᠠᠳᠠᠢ ᠠᠴᠠ ᠬᠡᠶᠢᠰᠪᠦᠷᠢ ᠵᠦᠭ ᠬᠦᠭᠵᠢᠬᠦ ᠪᠤᠯ | ᠭᠡᠤᠭᠡᠳ ᠤᠨ ᠦᠰᠦᠯᠳᠡ ᠪᠤᠶᠢᠵᠢᠯᠳᠠ ᠳᠤᠮᠳᠠᠬᠢ ᠳᠠᠨᠢᠯᠳᠠ ᠶᠢᠨ ᠪᠤᠢ ᠪᠤᠯᠬᠤ ᠶᠠᠪᠤᠴᠠ ᠶᠤᠮ᠂ ᠡᠶᠢᠮᠦ ᠠᠴᠠ | ᠠᠩᠬ᠎ᠠ ᠡᠬᠢᠯᠡᠭᠡᠳ ᠪᠤᠳᠠᠳᠠᠢ ᠵᠦᠢᠯ ᠢ ᠦᠵᠡᠵᠦ ᠲᠤᠭᠠᠯᠠᠵᠤ ᠴᠢᠳᠠᠬᠤ ᠠᠴᠠ ᠪᠠᠨ ᠬᠦᠭᠵᠢᠬᠡᠳ ᠬᠡᠶᠢᠰᠪᠦᠷᠢ | ᠰᠡᠳᠬᠢᠬᠦᠢ ᠲᠠᠢ ᠪᠤᠯᠵᠤ᠂ ᠳᠤᠷᠰᠢᠯᠭ᠎ᠠ ᠨᠡᠮᠡᠭᠳᠡᠬᠦ ᠶᠢ ᠳᠠᠭᠠᠯᠳᠤᠨ ᠭᠡᠤᠭᠡᠳ ᠤᠨ ᠬᠡᠶᠢᠰᠪᠦᠷᠢ ᠰᠡᠳᠬᠢᠬᠦᠢ | ᠤᠯᠠᠮ ᠢᠶᠠᠷ ᠳᠡᠬᠦᠯᠳᠡᠷᠵᠢᠨ ᠬᠦᠭᠵᠢᠵᠦ ᠡᠬᠢᠯᠡᠳᠡᠭ᠃ ᠡᠶᠢᠮᠦ ᠠᠴᠠ ᠭᠡᠤᠭᠡᠳ ᠲᠡᠭᠡᠨ ᠳᠤᠭ᠎ᠠ ᠵᠢᠭᠠᠬᠤ | ᠳᠠᠭᠠᠨ ᠬᠤᠷᠤᠭᠤ᠂ ᠳᠤᠪᠴᠢ᠂ ᠨᠠᠭᠠᠳᠤᠮ ᠵᠡᠷᠭᠡ ᠪᠠᠷ ᠨᠢ ᠵᠢᠱᠢᠶ᠎ᠠ ᠳᠠᠳᠠᠵᠤ᠂ ᠳᠤᠭᠠᠯᠠᠵᠤ ᠰᠤᠷᠭᠠᠪᠠᠯ ᠨᠡᠩ | ᠢᠯᠡᠬᠦᠦ ᠦᠷ᠎ᠠ ᠪᠦᠳᠦᠮᠵᠢ ᠲᠠᠢ ᠶᠤᠮ᠃ | ᠬᠤᠶᠠᠷ᠂ ᠳᠡᠩᠳᠡᠬᠦᠦ ᠡᠷᠬᠡᠯᠡᠬᠦᠯᠬᠦ᠄ ᠵᠠᠷᠢᠮ ᠦᠶᠡᠰ ᠠᠪᠤ ᠡᠵᠢ ᠪᠤᠯᠤᠭᠰᠠᠳ ᠤᠨ | ᠭᠡᠳᠦᠷᠬᠡᠢ ᠡᠷᠬᠡᠯᠡᠬᠦᠯᠬᠦ ᠨᠢ ᠭᠡᠤᠭᠡᠳ ᠲᠤ ᠭᠡᠳᠡᠷᠭᠡᠨ ᠬᠤᠤᠷ ᠬᠦᠨᠦᠬᠡᠯ ᠪᠤᠯᠳᠠᠭ᠃ ᠵᠢᠱᠢᠶᠡᠯᠡᠪᠡᠯ᠂ ᠵᠠᠷᠢᠮ | ᠭᠡᠷ ᠤᠨ ᠠᠬᠠᠮᠠᠳ ᠭᠡᠤᠭᠡᠳ ᠢᠶᠠᠨ ᠤᠢᠢᠴᠢᠬᠤ ᠪᠤᠶᠤ ᠶᠠᠳᠠᠷᠠᠬᠤ ᠠᠴᠠ ᠪᠤᠯᠭᠤᠮᠵᠢᠯᠠᠵᠤ ᠭᠡᠵᠢᠶᠡᠳᠡ ᠵᠢᠳᠬᠦᠬᠦᠷ | ᠲᠡᠷᠭᠡ ᠪᠠᠷ ᠵᠢᠳᠬᠦᠬᠦ ᠪᠤᠶᠤ ᠲᠡᠪᠡᠷᠢᠵᠦ ᠶᠠᠪᠤᠳᠠᠭ᠃ ᠬᠡᠳᠡᠯ᠎ᠠ ᠢᠩᠬᠢᠬᠦ ᠨᠢ ᠭᠡᠤᠭᠡᠳ ᠤᠨ ᠪᠤᠯᠴᠢᠩ | ᠰᠢᠷᠪᠤᠰᠤᠨ ᠤ ᠪᠤᠶᠢᠵᠢᠯᠳᠠ ᠳᠤ ᠠᠰᠢᠭ ᠦᠬᠡᠢ ᠪᠠᠶᠢᠵᠦ᠂ ᠬᠦᠳᠡᠯᠬᠡᠬᠡᠨ ᠤ ᠳᠡᠩᠴᠡᠬᠦᠷᠢᠳᠦ ᠴᠢᠨᠠᠷ ᠢ ᠨᠢ ᠴᠤ | ᠨᠦᠯᠦᠬᠡᠯᠡᠵᠦ ᠪᠠᠶᠢᠳᠠᠭ᠃ ᠳᠠᠬᠢᠪᠠᠯ ᠭᠡᠤᠭᠡᠳ ᠪᠤᠳᠠᠭ᠎ᠠ ᠢᠳᠡᠬᠦ᠂ ᠬᠤᠪᠴᠠᠰᠤ ᠡᠮᠦᠰᠬᠦ᠂ ᠨᠠᠭᠠᠳᠤᠮ ᠢᠶᠠᠨ | ᠬᠤᠷᠢᠶᠠᠬᠤ ᠳᠤ ᠬᠡᠷ ᠤᠨ ᠠᠬᠠᠮᠠᠳ ᠨᠢ ᠪᠦᠬᠦᠨ ᠢ ᠤᠷᠤᠯᠠᠵᠤ ᠬᠢᠬᠦ᠂ ᠪᠢᠴᠢᠬᠠᠨ ᠨᠠᠶᠢᠵᠠ ᠨᠠᠷ ᠲᠠᠢ ᠪᠠᠨ | ᠵᠦᠷᠢᠴᠠᠯ ᠭᠠᠷᠬᠤ ᠦᠶᠡᠰ ᠭᠡᠷ ᠤᠨ ᠠᠬᠠᠮᠠᠳ ᠤᠷᠤᠯᠠᠨ ᠶᠤᠰᠤ ᠭᠡᠯᠡᠯᠴᠡᠬᠦ ᠪᠤᠶᠤ ᠬᠡᠤᠬᠡᠳ ᠢᠶᠠᠨ ᠦᠮᠦᠭᠡᠷᠡᠬᠦ | ᠵᠡᠷᠭᠡ ᠨᠢ ᠭᠡᠤᠭᠡᠳ ᠤᠨ ᠪᠡᠶ᠎ᠠ ᠪᠠᠨ ᠳᠠᠭᠠᠭᠠᠬᠤ ᠴᠢᠳᠠᠪᠤᠷᠢ ᠶᠢ ᠪᠠᠭᠤᠷᠠᠭᠤᠯᠬᠤ ᠪᠦᠭᠡᠳ ᠪᠤᠰᠤᠳ ᠲᠠᠢ | ᠬᠠᠷᠢᠯᠴᠠᠬᠤ ᠴᠢᠳᠠᠪᠤᠷᠢ ᠶᠢ ᠨᠢ ᠨᠦᠯᠦᠭᠡᠯᠡᠳᠡᠭ᠃ ᠦᠨᠡᠨ ᠢ ᠬᠡᠯᠡᠬᠦ ᠳᠤ ᠭᠡᠤᠭᠡᠳ ᠲᠤ ᠬᠦᠮᠦᠨ ᠢ | ᠰᠤᠴᠢᠭᠠᠮ᠎ᠠ ᠳᠤᠬᠢᠷᠠᠯᠴᠠᠬᠤ ᠴᠢᠳᠠᠪᠤᠷᠢ ᠲᠠᠢ᠂ ᠳᠡᠳᠡ ᠳᠠᠮᠢᠷ ᠤᠨ ᠬᠦᠳᠡᠯᠭᠡᠭᠡᠨ ᠳᠤ ᠤᠷᠤᠯᠴᠠᠵᠤ᠂ | ᠨᠡᠶᠢᠬᠡᠮ ᠤᠨ ᠬᠠᠷᠢᠯᠴᠠᠭᠠᠨ ᠳᠤ ᠴᠤ ᠤᠷᠤᠯᠴᠠᠬᠤ ᠱᠠᠭᠠᠷᠳᠠᠯᠭ᠎ᠠ ᠲᠠᠢ᠂ ᠳᠡᠭᠡᠬᠦ ᠮᠦᠷᠳᠡᠭᠡᠨ ᠪᠠᠭ᠎ᠠ ᠰᠠᠭ᠎ᠠ | ᠦᠷᠢᠰᠦᠯᠳᠦᠬᠡᠨ ᠳᠤ ᠴᠤ ᠤᠷᠤᠯᠴᠠᠬᠤ ᠭᠡᠷᠡᠭᠳᠡᠢ᠂ ᠢᠩᠬᠢᠬᠦ ᠨᠢ ᠳᠡᠳᠡᠨ ᠤ ᠪᠡᠶ᠎ᠠ ᠳᠡᠭᠡᠷᠡᠬᠢ ᠳᠠᠯᠳᠠ ᠬᠦᠴᠦᠨ ᠢ | ᠠᠭᠤᠳᠠᠯᠯᠠᠬᠤ ᠳᠤ ᠠᠰᠢᠭᠳᠠᠢ ᠶᠤᠮ᠃ ᠭᠡᠤᠭᠡᠳ ᠢᠶᠠᠨ ᠦᠪᠡᠷ ᠢᠶᠠᠨ ᠨᠠᠭᠠᠳᠤᠭᠤᠯᠵᠤ᠂ ᠪᠤᠳᠠᠭ᠎ᠠ ᠢᠳᠡᠬᠦ᠂ | ᠪᠦᠳᠦᠷᠢᠵᠦ ᠤᠢᠢᠴᠢᠪᠡᠯ ᠦᠪᠡᠷ ᠢᠶᠠᠨ ᠪᠤᠰᠬᠤ ᠶᠢ ᠵᠤᠷᠢᠬᠵᠢᠭᠤᠯᠪᠠᠯ ᠭᠡᠤᠭᠡᠳ ᠴᠢᠩᠭᠠᠵᠢᠨ | ᠳᠤᠮᠤᠭᠠᠵᠢᠬᠤ ᠳᠤ ᠠᠰᠢᠭᠳᠠᠢ ᠪᠠᠶᠢᠳᠠᠭ᠃ | ᠭᠤᠷᠪᠡ᠂ ᠭᠡᠤᠭᠡᠳ ᠢᠶᠠᠨ ᠭᠡᠳᠦᠷᠭᠡᠢ ᠳᠠᠷᠤᠩᠭᠤᠢᠢᠯᠠᠬᠤ᠄ ᠵᠠᠷᠢᠮ ᠭᠡᠷ ᠤᠨ ᠠᠬᠠᠮᠠᠳ | ᠤᠨ ᠦᠵᠡᠬᠦ ᠪᠠᠷ ᠭᠡᠤᠭᠡᠳ ᠢᠶᠠᠨ ᠬᠠᠷᠠᠬᠠᠨ ᠪᠠᠭ᠎ᠠ ᠠᠴᠠ ᠨᠢ ᠴᠢᠩᠭ᠎ᠠ ᠰᠤᠷᠭᠠᠨ ᠬᠦᠮᠦᠵᠢᠬᠦᠯᠬᠦ ᠨᠢ ᠮᠠᠰᠢ | ᠴᠢᠬᠤᠯᠠ ᠪᠠᠶᠢᠵᠦ᠂ ᠡᠯ᠎ᠠ ᠲᠠᠯ᠎ᠠ ᠪᠠᠷ ᠴᠦᠮ ᠦᠪᠡᠷ ᠤᠨ ᠢᠶᠠᠨ ᠦᠵᠡᠯ ᠪᠤᠳᠤᠯ ᠢᠶᠠᠷ ᠭᠡᠤᠭᠡᠳ ᠢᠶᠠᠨ | ᠳᠠᠷᠤᠩᠭᠤᠢᠢᠯᠠᠳᠠᠭ᠃ ᠭᠡᠤᠭᠡᠳ ᠨᠢ ᠤᠯᠠᠭᠠᠨ ᠦᠩᠬᠡᠳᠡᠢ ᠨᠠᠭᠠᠳᠤᠮ ᠠᠪᠬᠤ ᠭᠡᠪᠡᠯ ᠡᠵᠢ ᠨᠢ ᠨᠤᠭᠤᠭᠠᠨ ᠢ | ᠳᠤᠭᠤᠵᠤ ᠵᠠᠪᠠᠯ ᠨᠤᠭᠤᠭᠠᠨ ᠢ ᠠᠪᠴᠤ ᠦᠭᠬᠦ︔ ᠭᠡᠤᠭᠡᠳ ᠨᠢ ᠳᠤᠷᠠᠳᠠᠢ ᠺᠠᠷᠲ᠋ᠤᠨ ᠵᠦᠴᠦᠬᠡ ᠪᠠᠨ ᠦᠵᠡᠬᠦ | ᠭᠡᠪᠡᠯ ᠠᠵᠢ ᠨᠢ ᠵᠠᠪᠠᠯ ᠳᠡᠤᠭᠡ ᠶᠢᠨ ᠦᠯᠢᠬᠡᠷ ᠦᠵᠡᠬᠦᠯᠬᠦ ᠬᠡᠬᠦ︔ ᠭᠡᠤᠭᠡᠳ ᠨᠢ ᠶᠠᠮᠠᠷ ᠴᠤ ᠰᠤᠩᠭᠤᠯᠳᠠ | ᠬᠢᠬᠦ ᠴᠢᠯᠦᠬᠡ ᠵᠠᠢ ᠦᠬᠡᠢ ᠪᠤᠯᠵᠤ ᠡᠳᠦᠷ ᠤᠨ ᠤᠳᠠᠭᠠᠨ ᠳᠠᠭᠠᠨ ᠭᠡᠤᠭᠡᠳ ᠤᠨ ᠦᠵᠡᠯ ᠪᠤᠳᠤᠯ ᠳᠤ ᠠᠶᠤᠮᠠᠳᠠᠭᠠᠢ | ᠂ ᠦᠪᠡᠷ ᠤᠨ ᠭᠡᠰᠡᠨ ᠦᠵᠡᠯᠳᠡ ᠳᠠᠨᠢᠯᠳᠠ ᠪᠠᠷ ᠳᠤᠳᠠᠮᠠᠭ ᠪᠤᠯᠵᠤ᠂ ᠰᠡᠳᠬᠢᠯ ᠰᠠᠨᠠᠭᠠᠨ ᠳᠡᠭᠡᠷ᠎ᠠ ᠪᠠᠨ ᠭᠡᠵᠢᠶᠡᠳᠡ | ᠳᠠᠷᠤᠭᠳᠠᠵᠤ ᠬᠤᠷᠢᠭᠳᠠᠵᠤ ᠪᠠᠶᠢᠬᠤ ᠪᠠᠶᠢᠳᠠᠯ ᠳᠤ ᠤᠷᠤᠰᠢᠳᠠᠭ᠃ ᠡᠶᠢᠮᠦ ᠠᠴᠠ ᠭᠡᠤᠭᠡᠳ ᠤᠨ ᠴᠢᠨᠢ | ᠱᠠᠭᠠᠷᠳᠠᠯᠭ᠎ᠠ ᠵᠦᠢ ᠵᠤᠬᠢᠰᠳᠠᠢ ᠪᠠᠶᠢᠬᠤ ᠦᠶᠡᠰ ᠲᠤ ᠪᠤᠯᠬᠤ ᠶᠢᠨ ᠳᠤᠳᠤᠷ᠎ᠠ ᠲᠡᠭᠦᠨ ᠤ ᠦᠪᠡᠷ ᠤᠨ | ᠰᠤᠩᠭᠤᠯᠳᠠ ᠶᠢ ᠬᠦᠨᠳᠦᠳᠭᠡᠵᠦ᠂ ᠬᠠᠷᠢᠨ ᠳᠤᠮᠤᠴᠤᠤᠯ ᠤᠨ ᠰᠡᠳᠬᠢᠬᠦᠢ ᠪᠠᠷ ᠳᠡᠳᠡᠨ ᠢ ᠬᠡᠮᠵᠢᠶᠡᠯᠡᠵᠦ | ᠪᠤᠯᠬᠤ ᠦᠬᠡᠢ ᠶᠤᠮ᠃ | ᠳᠦᠷᠪᠡ᠂ ᠳᠠᠷᠢᠶᠠᠨ ᠴᠢᠬᠢ ᠶᠢ ᠳᠠᠳᠠᠵᠤ ᠦᠰᠭᠡᠬᠦ᠄ ᠵᠠᠷᠢᠮ ᠭᠡᠷ ᠤᠨ ᠠᠬᠠᠮᠠᠳ | ᠭᠡᠤᠭᠡᠳ ᠤᠨ ᠢᠶᠠᠨ ᠤᠶᠤᠨ ᠳᠠᠷᠢᠬᠢ ᠪᠠ ᠤᠢ ᠪᠢᠯᠢᠭ ᠲᠤ ᠭᠡᠳᠦ ᠶᠡᠭᠡ ᠬᠦᠰᠡᠯ ᠡᠷᠡᠮᠡᠯᠵᠡᠯ ᠳᠠᠯᠪᠢᠵᠦ᠂ ᠰᠤᠷᠭᠠᠨ | ᠬᠦᠮᠦᠵᠢᠬᠦᠯᠬᠦ ᠪᠠᠷ ᠶᠠᠭᠠᠷᠠᠵᠤ ᠰᠠᠨᠳᠤᠷᠳᠠᠭ᠃ ᠭᠡᠳᠡᠯ᠎ᠠ ᠢᠩᠬᠢᠵᠦ ᠬᠢᠬᠦ ᠨᠢ ᠦᠷᠬᠦᠯᠵᠢ ᠭᠡᠤᠭᠡᠳ ᠲᠤ ᠯᠤᠳᠤ | ᠶᠡᠭᠡ ᠳᠠᠷᠤᠭᠠᠰᠤ ᠪᠤᠯᠵᠤ ᠭᠡᠳᠡᠷᠭᠡᠨ ᠳᠡᠳᠡᠨ ᠤ ᠰᠤᠷᠤᠯᠴᠠᠬᠤ ᠤᠷᠮ᠎ᠠ ᠶᠢ ᠮᠢᠳᠠᠷᠠᠭᠤᠯᠳᠠᠭ᠃ ᠵᠢᠱᠢᠶᠡᠯᠡᠪᠡᠯ ᠵᠠᠷᠢᠮ | ᠬᠦᠮᠦᠨ 2 ᠨᠠᠰᠤᠳᠠᠢ ᠭᠡᠤᠭᠡᠳ ᠲᠡᠭᠡᠨ ᠠᠩᠭ᠍ᠯᠢ ᠬᠡᠯᠡ ᠵᠢᠭᠠᠵᠤ ᠦᠭᠬᠦ᠂ ᠵᠠᠷᠢᠮ ᠨᠢ 3 ᠨᠠᠰᠤᠳᠠᠢ ᠬᠡᠤᠭᠡᠳ | ᠲᠤ ᠲᠠᠩ ᠤᠯᠤᠰ ᠤᠨ ᠰᠢᠯᠦᠭ ᠴᠡᠭᠡᠵᠢᠯᠡᠬᠦᠯᠬᠦ᠂ ᠳᠤᠭ᠎ᠠ ᠪᠤᠳᠤᠯᠭ᠎ᠠ ᠶᠢᠨ ᠰᠡᠳᠦᠪ ᠬᠢᠯᠬᠡᠬᠦ᠂ ᠡᠶᠢᠮᠦᠷᠬᠦ ᠠᠷᠭ᠎ᠠ | ᠪᠠᠷᠢᠯ ᠨᠢ ᠦᠨᠡᠨ ᠳᠡᠭᠡᠨ ᠳᠡᠶᠢᠮᠦ ᠰᠠᠶᠢᠨ ᠪᠢᠰᠢ ᠶᠤᠮ᠃ ᠬᠡᠤᠬᠡᠳ ᠲᠤ ᠠᠪᠴᠤ ᠬᠡᠯᠡᠪᠡᠯ ᠨᠠᠭᠠᠳᠴᠤ ᠳᠤᠭᠯᠠᠬᠤ | ᠨᠢ ᠬᠠᠮᠤᠭ ᠰᠠᠶᠢᠨ ᠰᠤᠷᠤᠯᠴᠠᠬᠤ ᠶᠠᠪᠤᠴᠠ ᠶᠤᠮ᠂ ᠪᠦᠮᠪᠦᠭᠡ ᠨᠠᠭᠠᠳᠬᠤ ᠪᠠᠷ ᠳᠡᠮᠵᠢᠨ ᠪᠡᠶ᠎ᠠ᠂ ᠰᠡᠳᠬᠢᠴᠡ᠂ | ᠳᠡᠩᠴᠡᠬᠦᠷᠢᠳᠦ ᠴᠢᠨᠠᠷ ᠵᠡᠷᠭᠡ ᠶᠢ ᠪᠦᠷ ᠪᠤᠯᠪᠠᠰᠤᠷᠠᠭᠤᠯᠵᠤ ᠴᠢᠳᠠᠳᠠᠭ ᠪᠦᠭᠡᠳ ᠵᠡᠷᠭᠡᠯᠡᠬᠦ ᠮᠤᠳᠤᠨ | ᠳᠤᠭᠯᠠᠭᠠᠮ ᠢᠶᠠᠷ ᠳᠡᠮᠵᠢᠭᠤᠯᠤᠨ ᠭᠠᠷ ᠬᠦᠳᠡᠯᠭᠡᠬᠦ ᠴᠢᠳᠠᠪᠤᠷᠢ᠂ ᠡᠬᠦᠳᠦᠨ ᠪᠦᠳᠦᠬᠡᠬᠦ ᠴᠢᠳᠠᠪᠤᠷᠢ ᠪᠠᠨ | ᠪᠤᠯᠪᠠᠰᠤᠷᠠᠭᠤᠯᠳᠠᠭ᠃ ᠬᠠᠷᠢᠮ ᠡᠳᠡᠭᠡᠷ ᠴᠢᠳᠠᠪᠤᠷᠢ ᠶᠢ ᠪᠤᠯᠪᠠᠰᠤᠷᠠᠭᠤᠯᠬᠤ ᠨᠢ ᠬᠤᠵᠢᠮ ᠬᠤᠶᠢᠰᠢᠳᠡ ᠶᠢᠨ ᠡᠷᠳᠡᠮ | ᠮᠡᠳᠡᠯᠬᠡ ᠰᠤᠷᠤᠯᠴᠠᠬᠤ ᠳᠤ ᠪᠦᠷ ᠳᠤᠰᠠᠳᠠᠢ ᠶᠤᠮ᠃ | ᠲᠠᠪᠤ᠂ ᠨᠤᠮ ᠪᠢᠴᠢᠭ ᠢ ᠦᠬᠦᠨ ᠪᠠᠷᠢᠮᠳᠠᠯᠠᠵᠤ ᠭᠡᠤᠭᠡᠳ ᠢᠶᠠᠨ ᠦᠰᠭᠡᠬᠦ᠄ ᠮᠠᠰᠢ | ᠤᠯᠠᠨ ᠵᠠᠯᠠᠭᠤ ᠭᠡᠷ ᠤᠨ ᠠᠬᠠᠮᠠᠳ ᠪᠦᠷᠢᠮᠦᠰᠦᠨ ᠨᠤᠮ ᠪᠢᠴᠢᠭ ᠢ ᠦᠨᠳᠦᠰᠦᠯᠡᠵᠦ ᠬᠡᠤᠬᠡᠳ ᠢᠶᠠᠨ ᠦᠰᠭᠡᠳᠡᠭ᠂ | ᠵᠢᠱᠢᠶᠡᠯᠡᠪᠡᠯ ᠨᠤᠮ ᠳᠡᠭᠡᠷ᠎ᠠ 8 ᠰᠠᠷ᠎ᠠ ᠲᠠᠢ ᠮᠦᠯᠬᠦᠵᠦ ᠴᠢᠳᠠᠳᠠᠭ᠂ 1 ᠨᠠᠰᠤᠳᠠᠢ ᠮᠦᠬᠦᠯᠢᠭ ᠬᠡᠯᠬᠢᠵᠦ | ᠳᠡᠶᠢᠯᠳᠡᠭ ᠭᠡᠵᠦ ᠪᠢᠴᠢᠵᠦ ᠪᠤᠢ᠂ ᠬᠠᠷᠢᠨ ᠦᠪᠡᠷ ᠤᠨ ᠬᠢᠨᠢ ᠭᠡᠤᠭᠡᠳ ᠢᠩᠬᠢᠵᠦ ᠬᠢᠵᠦ ᠳᠡᠶᠢᠯᠬᠦ ᠦᠬᠡᠢ ᠪᠤᠯᠪᠠᠯ | ᠠᠶᠤᠵᠤ ᠰᠠᠨᠳᠤᠷᠠᠭᠠᠳ ᠪᠠᠴᠢᠮᠳᠠᠵᠤ ᠵᠤᠪᠠᠨᠢᠳᠠᠭ᠃ ᠦᠨᠡᠨ ᠢ ᠬᠡᠯᠡᠬᠦ ᠳᠤ ᠨᠤᠮ ᠪᠢᠴᠢᠭ ᠳᠡᠭᠡᠷᠡᠬᠢ ᠨᠢᠬᠡᠯᠬᠡᠨ | ᠳᠤᠮᠢᠶ᠎ᠠ ᠪᠠᠷ ᠠᠯᠢᠪᠠ ᠭᠡᠤᠭᠡᠳ ᠢ ᠱᠠᠭᠠᠷᠳᠠᠵᠤ ᠪᠤᠯᠬᠤ ᠦᠬᠡᠢ᠂ ᠪᠤᠢ ᠪᠦᠬᠦᠢ ᠭᠡᠤᠭᠡᠳ ᠪᠦᠷ ᠬᠤᠭᠤᠷᠤᠨᠳᠤ ᠪᠠᠨ | ᠠᠳᠠᠯᠢ ᠦᠬᠡᠢ᠂ ᠵᠠᠷᠢᠮ ᠨᠢ ᠡᠷᠳᠡ ᠬᠡᠯᠡ ᠳᠤ ᠤᠷᠤᠵᠤ᠂ ᠵᠠᠷᠢᠮ ᠨᠢ ᠤᠷᠤᠢ ᠬᠦᠯ ᠳᠤ ᠤᠷᠤᠳᠠᠭ᠂ ᠬᠠᠷᠢᠨ | ᠨᠢᠬᠡᠯᠡ ᠪᠠᠷᠢᠮᠵᠢᠶ᠎ᠠ ᠪᠠᠷ ᠪᠤᠢ ᠪᠦᠬᠦᠢ ᠬᠡᠤᠬᠡᠳ ᠢ ᠬᠡᠮᠵᠢᠶᠡᠯᠡᠵᠦ ᠪᠤᠯᠬᠤ ᠦᠬᠡᠢ ᠰᠢᠤ᠃ ᠡᠶᠢᠮᠦ ᠠᠴᠠ ᠡᠴᠢᠬᠡ | ᠡᠬᠡ ᠪᠤᠯᠤᠭᠰᠠᠳ ᠨᠤᠮ ᠪᠢᠴᠢᠭ ᠢᠶᠠᠷ ᠳᠡᠩᠳᠡᠬᠦᠦ ᠭᠡᠤᠭᠡᠳ ᠢᠶᠠᠨ ᠱᠠᠭᠠᠷᠳᠠᠵᠤ ᠪᠤᠯᠬᠤ ᠦᠬᠡᠢ᠂ ᠬᠠᠷᠢᠨ | ᠪᠤᠳᠠᠳᠠᠢ ᠪᠠᠶᠢᠳᠠᠯ ᠠᠴᠠ ᠭᠠᠷᠳᠠᠵᠤ ᠤᠴᠢᠷ ᠶᠠᠪᠤᠳᠠᠯ ᠢ ᠰᠡᠳᠬᠢᠬᠦ ᠬᠡᠷᠡᠭᠳᠡᠢ᠃ ᠵᠢᠱᠢᠶᠡᠯᠡᠪᠡᠯ ᠮᠦᠯᠬᠦᠵᠦ ᠳᠡᠶᠢᠯᠬᠦ | ᠦᠬᠡᠢ ᠪᠠᠶᠢᠬᠤ ᠨᠢ ᠭᠡᠳᠦᠷᠭᠡᠢ ᠵᠤᠵᠠᠭᠠᠨ ᠡᠮᠦᠰᠦᠭᠰᠡᠨ ᠠᠴᠠ ᠪᠤᠯᠤᠭᠰᠠᠨ ᠮᠠᠭᠠᠳ᠂ ᠬᠡᠯᠡ ᠤᠷᠤᠬᠤ ᠨᠢ | ᠤᠷᠤᠢ ᠪᠠᠶᠢᠭ᠎ᠠ ᠨᠢ ᠲᠡᠭᠦᠨ ᠲᠠᠢ ᠠᠷᠪᠢᠨ ᠶᠠᠷᠢᠯᠴᠠᠭᠰᠠᠨ ᠦᠬᠡᠢ ᠠᠴᠠ ᠪᠤᠯᠤᠭᠰᠠᠨ ᠮᠠᠭᠠᠳ᠃ | | ᠵᠢᠷᠭᠤᠭ᠎ᠠ᠂ ᠭᠡᠤᠭᠡᠳ ᠢᠶᠠᠷ ᠠᠯᠢᠪᠠ ᠪᠦᠬᠦᠨ ᠤ ᠪᠠᠨ ᠭᠤᠤᠯ ᠪᠤᠯᠭᠠᠬᠤ᠄ ᠵᠠᠷᠢᠮ | ᠭᠡᠷ ᠤᠨ ᠠᠬᠠᠮᠠᠳ ᠭᠡᠤᠭᠡᠳ ᠤᠨ ᠬᠢᠨᠢ ᠢᠳᠡᠬᠦ ᠳᠤᠷᠠᠳᠠᠢ ᠵᠦᠢᠯ ᠪᠠᠶᠢᠪᠠᠯ ᠦᠪᠡᠷᠰᠡᠳ ᠢᠶᠠᠨ ᠶᠡᠷᠦ ᠭᠠᠷ ᠬᠦᠷᠬᠦ | ᠦᠬᠡᠢ᠂ ᠪᠦᠬᠦᠨ ᠢ ᠲᠡᠭᠦᠨ ᠳᠤ ᠦᠯᠡᠳᠡᠭᠡᠵᠦ ᠢᠳᠡᠬᠦᠯᠳᠡᠭ᠂ ᠡᠳᠦᠷ ᠤᠳᠠᠭᠠᠨ ᠳᠠᠭᠠᠨ ᠭᠡᠤᠭᠡᠳ ᠢᠩᠬᠢᠵᠦ ᠬᠢᠬᠦ | ᠨᠢ ᠵᠦᠢ ᠶᠤᠰᠤᠨ ᠤ ᠤᠴᠢᠷ ᠭᠡᠵᠦ ᠦᠵᠡᠭᠡᠳ᠂ ᠠᠯᠢ ᠨᠢᠬᠡ ᠡᠳᠦᠷ ᠡᠴᠢᠬᠡ ᠡᠬᠡ ᠨᠢ ᠢᠩᠬᠢᠬᠦ ᠦᠬᠡᠢ ᠪᠤᠯ | ᠤᠬᠢᠯᠠᠵᠤ ᠤᠨᠵᠢᠬᠤ ᠪᠤᠯᠤᠨ᠎ᠠ᠂ ᠭᠠᠳᠠᠨ᠎ᠠ ᠭᠠᠷᠴᠤ ᠪᠤᠰᠤᠳ ᠪᠢᠴᠢᠬᠠᠨ ᠨᠠᠶᠢᠵᠠ ᠨᠠᠷ ᠲᠠᠢ ᠪᠠᠨ ᠬᠠᠷᠢᠯᠴᠠᠬᠤ | ᠳᠤᠮᠳᠠ ᠴᠤ ᠦᠪᠡᠷ ᠤᠨ ᠪᠡᠶ᠎ᠠ ᠪᠠᠨ ᠭᠤᠤᠯ ᠪᠤᠯᠭᠠᠵᠤ ᠪᠤᠰᠤᠳ ᠲᠠᠢ ᠬᠤᠪᠢᠶᠠᠯᠴᠠᠬᠤ ᠶᠢ ᠮᠡᠳᠡᠬᠦ ᠦᠬᠡᠢ᠂ | ᠬᠠᠶᠢᠷ᠎ᠠ ᠬᠠᠯᠠᠮᠵᠢ ᠭᠡᠳᠡᠭ ᠢ ᠮᠡᠳᠡᠬᠦ ᠦᠬᠡᠢ ᠪᠤᠯᠳᠠᠭ᠃ | ᠳᠤᠯᠤᠭ᠎ᠠ᠂ ᠭᠡᠤᠭᠡᠳ ᠤᠨ ᠢᠶᠠᠨ ᠠᠯᠢᠪᠠ ᠬᠦᠰᠡᠯ ᠢ ᠪᠦᠬᠦᠨ ᠢ ᠬᠠᠩᠭᠠᠬᠤ᠄ | ᠭᠡᠤᠭᠡᠳ ᠨᠢ ᠶᠠᠮᠠᠷ ᠨᠢᠬᠡ ᠨᠠᠭᠠᠳᠤᠮ ᠠᠪᠬᠤ ᠭᠡᠬᠦ ᠪᠤᠶᠤ ᠶᠠᠮᠠᠷ ᠠᠮᠳᠠᠳᠠᠢ ᠢᠳᠡᠭᠡᠨ ᠢᠳᠡᠬᠦ ᠭᠡᠪᠡᠯ ᠪᠦᠬᠦᠨ ᠢ | ᠲᠡᠭᠦᠨ ᠤ ᠰᠠᠨᠠᠭᠠᠨ ᠳᠤ ᠬᠦᠷᠬᠡᠬᠦ ᠭᠡᠷᠡᠭᠳᠡᠢ ᠤᠤ︖ ᠳᠡᠶᠢᠮᠦ ᠪᠢᠰᠢ ᠶᠤᠮ᠃ ᠭᠡᠷᠪᠡ ᠶᠠᠮᠠᠷ ᠴᠤ ᠬᠢᠵᠠᠭᠠᠷᠯᠠᠯ | ᠦᠬᠡᠢ ᠪᠠᠷ ᠭᠡᠤᠭᠡᠳ ᠤᠨ ᠢᠶᠠᠨ ᠪᠤᠢ ᠪᠦᠬᠦᠢ ᠱᠠᠭᠠᠷᠳᠠᠯᠭ᠎ᠠ ᠶᠢ ᠬᠠᠩᠭᠠᠭᠠᠳ ᠯᠡ ᠪᠠᠶᠢᠪᠠᠯ ᠭᠡᠤᠭᠡᠳ ᠴᠢᠨᠢ | ᠠᠯᠢᠪᠠ ᠪᠦᠬᠦᠨ ᠴᠦᠮ ᠳᠡᠩᠳᠡᠬᠦᠦ ᠤᠷᠤᠭᠰᠢᠳᠠᠢ ᠪᠤᠯᠵᠤ᠂ ᠠᠯᠢᠪᠠ ᠪᠦᠬᠦᠨ ᠳᠡᠩᠳᠡᠬᠦᠦ ᠬᠢᠯᠪᠡᠷ ᠤᠯᠬᠤ | ᠭᠡᠵᠦ ᠪᠤᠳᠤᠭᠠᠳ ᠤᠯᠤᠭᠰᠠᠨ ᠵᠦᠢᠯ ᠢᠶᠠᠨ ᠨᠠᠨᠳᠢᠩᠨᠠᠬᠤ ᠦᠬᠡᠢ ᠮᠦᠷᠳᠡᠭᠡᠨ ᠳᠡᠬᠦᠨ ᠤ ᠳᠤᠮᠳᠠ ᠠᠴᠠ ᠤᠯᠬᠤ | ᠪᠠᠬ᠎ᠠ ᠬᠠᠨᠤᠮᠵᠢ ᠨᠢ ᠴᠤ ᠳᠤᠷᠤᠭᠰᠢᠯᠠᠬᠤ ᠪᠤᠯᠤᠨ᠎ᠠ᠃ ᠭᠡᠷᠪᠡ ᠭᠡᠤᠭᠡᠳ ᠨᠢ ᠶᠠᠮᠠᠷ ᠨᠢᠬᠡᠨ ᠨᠠᠭᠠᠳᠤᠮ ᠠᠪᠬᠤ | ᠭᠡᠪᠡᠯ ᠲᠡᠭᠦᠨ ᠳᠤ᠄ ︽ᠦᠷᠬᠦᠯᠵᠢᠯᠡᠨ ᠨᠢᠬᠡ ᠭᠠᠷᠠᠭ ᠭᠡᠤᠭᠡᠳ ᠤᠨ ᠴᠡᠴᠡᠷᠯᠢᠭ ᠲᠤ ᠪᠠᠨ ᠤᠴᠢᠪᠠᠯ ᠡᠵᠢ ᠨᠢ | ᠠᠪᠴᠤ ᠦᠭᠬᠦᠶ᠎ᠠ︾︔ ᠶᠠᠮᠠᠷ ᠨᠢᠬᠡ ᠢᠳᠡᠭᠡᠨ ᠢ ᠢᠳᠡᠬᠦ ᠭᠡᠪᠡᠯ᠂ ᠲᠡᠭᠦᠨ ᠳᠤ᠄ ︽ᠳᠦᠷᠦᠭᠰᠡᠨ ᠡᠳᠦᠷ ᠤᠨ | ᠴᠢᠨᠢ ᠪᠠᠶᠠᠷ ᠪᠤᠯᠬᠤ ᠦᠶᠡᠰ ᠡᠵᠢ ᠠᠪᠤ ᠨᠢ ᠠᠳᠡ ᠠᠪᠴᠢᠷᠠᠵᠤ ᠢᠳᠡᠬᠦᠯᠦᠶᠠ︾ ᠭᠡᠵᠦ ᠬᠡᠯᠡᠪᠡᠯ ᠭᠡᠤᠭᠡᠳ ᠨᠢᠬᠡ | ᠵᠦᠢᠯ ᠤᠨ ᠬᠦᠰᠡᠯ ᠬᠦᠬᠡᠬᠡᠴᠡᠯᠳᠦᠯ ᠲᠠᠢ ᠪᠤᠯᠳᠠᠭ᠃ ᠡᠨᠡ ᠶᠠᠪᠤᠴᠠ ᠳᠤ ᠠᠪᠤ ᠡᠵᠢ ᠪᠤᠯᠤᠭᠰᠠᠳ ᠴᠤ | ᠦᠪᠡᠷ ᠤᠨ ᠠᠮᠠᠯᠳᠤᠭᠰᠠᠨ ᠵᠦᠢᠯ ᠢᠶᠠᠨ ᠵᠠᠪᠠᠯ ᠪᠡᠶᠡᠯᠡᠬᠦᠯᠬᠦ ᠭᠡᠷᠡᠭᠳᠡᠢ ᠭᠡᠳᠡᠭ ᠢ ᠴᠡᠭᠡᠵᠢᠯᠡᠵᠦ ᠠᠪᠤᠭᠠᠷᠠᠢ᠂ ᠬᠠᠷᠢᠨ | ᠭᠡᠤᠭᠡᠳ ᠢᠶᠠᠨ ᠬᠤᠳᠠᠯ ᠬᠡᠯᠡᠵᠦ ᠪᠤᠯᠬᠤ ᠦᠬᠡᠢ ᠰᠢᠤ᠃ | ᠨᠠᠢᠮᠠ᠂ ᠠᠪᠤ ᠡᠵᠢ ᠨᠢ ᠭᠡᠤᠭᠡᠳ ᠢᠶᠠᠨ ᠤᠷᠤᠯᠠᠵᠤ ᠤᠰᠤᠯ ᠬᠦᠯᠢᠶᠡᠬᠦ᠄ ᠬᠤᠶᠠᠷ | ᠭᠤᠷᠪᠡᠨ ᠨᠠᠰᠤᠳᠠᠢ ᠭᠡᠤᠭᠡᠳ ᠬᠠᠮᠳᠤ ᠨᠠᠭᠠᠳᠴᠤ ᠪᠠᠶᠢᠭᠠᠳ ᠨᠢᠬᠡᠨ ᠨᠢᠬᠡᠨ ᠢᠶᠠᠨ ᠴᠤᠬᠢᠵᠦ ᠤᠬᠢᠯᠠᠭᠤᠯᠬᠤ | ᠤᠴᠢᠷ ᠵᠦᠩᠳᠡᠭᠡᠨ ᠭᠠᠷᠳᠠᠭ᠂ ᠡᠨᠡ ᠦᠶᠡᠰ ᠵᠠᠷᠢᠮ ᠬᠡᠷ ᠤᠨ ᠠᠬᠠᠮᠠᠳ ᠭᠡᠤᠭᠡᠳ ᠢᠶᠠᠨ ᠤᠷᠤᠯᠠᠨ ᠤᠰᠤᠯ | ᠬᠦᠯᠢᠶᠡᠳᠡᠭ᠃ ᠭᠡᠳᠡᠯ᠎ᠠ ᠢᠩᠬᠢᠵᠦ ᠬᠢᠬᠦ ᠨᠢ ᠬᠡᠤᠬᠡᠳ ᠲᠤ ᠮᠠᠭᠤ ᠨᠦᠯᠦᠬᠡ ᠪᠤᠯᠵᠤ᠂ ᠳᠡᠳᠡ ᠢᠩᠬᠢᠵᠦ ᠬᠢᠬᠦ ᠨᠢ | ᠶᠠᠮᠠᠷ ᠴᠤ ᠬᠠᠮᠢᠶ᠎ᠠ ᠦᠬᠡᠢ᠂ ᠡᠬᠦᠨ ᠤ ᠤᠯᠠᠮ ᠠᠴᠠ ᠬᠠᠷᠢᠭᠤᠴᠠᠯᠭ᠎ᠠ ᠶᠢ ᠮᠡᠳᠡᠬᠦ ᠦᠬᠡᠢ ᠪᠤᠯᠳᠠᠭ᠃ ᠪᠤᠷᠤᠭᠤ | ᠭᠠᠷᠭᠠᠭᠰᠠᠨ ᠦᠶᠡᠰ ᠲᠤ ᠠᠪᠤ ᠡᠵᠢ ᠪᠤᠯᠤᠭᠰᠠᠳ ᠴᠠᠭ ᠳᠤᠬᠠᠢ ᠳᠤᠨᠢ ᠳᠡᠳᠡᠨ ᠳᠤ ᠠᠯᠢ ᠨᠢ ᠵᠦᠪ ᠠᠯᠢ ᠨᠢ | ᠪᠤᠷᠤᠭᠤ ᠭᠡᠳᠡᠭ ᠢ ᠬᠡᠯᠡᠵᠦ ᠦᠭᠬᠦ ᠭᠡᠷᠡᠭᠳᠡᠢ᠂ ᠦᠨᠡᠨ ᠳᠡᠭᠡᠨ ᠳᠡᠳᠡᠨ ᠤ ᠳᠠᠨᠢᠯᠳᠠ ᠳᠤ ᠵᠦᠪ ᠪᠤᠷᠤᠭᠤ ᠶᠢ | ᠢᠯᠭᠠᠵᠤ ᠳᠡᠶᠢᠯᠬᠦ ᠦᠬᠡᠢ ᠶᠤᠮ᠂ ᠠᠪᠤ ᠡᠵᠢ ᠪᠤᠯᠤᠭᠰᠠᠳ ᠭᠡᠤᠭᠡᠳ ᠨᠢ ᠬᠦᠮᠦᠨ ᠢ ᠴᠤᠬᠢᠭᠰᠠᠨ ᠦᠶᠡᠰ | ᠳᠡᠳᠡᠨ ᠳᠤ ᠬᠦᠮᠦᠨ ᠴᠤᠬᠢᠬᠤ ᠨᠢ ᠪᠤᠷᠤᠭᠤ ᠭᠡᠳᠡᠭ ᠢ ᠮᠡᠳᠡᠬᠦᠯᠵᠦ᠂ ᠳᠡᠳᠡᠨ ᠢ ᠦᠪᠡᠷ ᠢᠶᠠᠨ ᠪᠤᠷᠤᠭᠤ | ᠮᠡᠳᠡᠬᠦᠯᠵᠦ ᠦᠷ᠎ᠠ ᠳ᠋ᠦ᠋ᠩ ᠢ ᠨᠢ ᠡᠬᠦᠷᠭᠡᠯᠡᠬᠦᠯᠬᠦ ᠭᠡᠷᠡᠭᠳᠡᠢ᠃ | ᠶᠢᠰᠦ᠂ ᠰᠠᠶ᠋ᠢᠬᠠᠨ ᠳᠦᠷᠦᠭᠰᠡᠨ ᠭᠡᠤᠭᠡᠳ ᠲᠠᠢ ᠶᠡᠷᠢᠯᠴᠠᠬᠤ ᠨᠢ ᠭᠡᠷᠡᠭ ᠦᠬᠡᠢ | ᠭᠡᠵᠦ ᠦᠵᠡᠳᠡᠭ᠄ ᠠᠪᠤ ᠡᠵᠢ ᠪᠤᠯᠤᠭᠰᠠᠳ ᠪᠤᠯ ᠭᠡᠤᠭᠡᠳ ᠤᠨ ᠦᠬᠡ ᠬᠡᠯᠡ ᠰᠤᠷᠬᠤ ᠠᠩᠬᠠᠨ ᠤ ᠪᠠᠭᠰᠢ ᠶᠤᠮ᠂ | ᠲᠡᠷᠡ ᠨᠢ ᠭᠡᠤᠭᠡᠳ ᠤᠨ ᠦᠬᠡ ᠬᠡᠯᠡᠨ ᠤ ᠪᠦᠷᠢᠯᠳᠦᠴᠡ ᠪᠡ ᠬᠦᠭᠵᠢᠯᠳᠡ ᠳᠤ ᠮᠠᠰᠢ ᠶᠡᠭᠡ ᠬᠠᠪᠰᠤᠷᠤᠯᠭ᠎ᠠ ᠲᠠᠢ | ᠪᠠᠶᠢᠳᠠᠭ᠃ ᠨᠢᠯᠬ᠎ᠠ ᠭᠡᠤᠭᠡᠳ ᠤᠨ ᠰᠤᠨᠤᠷ ᠤᠨ ᠰᠡᠷᠡᠯ ᠨᠢ 1 ᠨᠠᠰᠤ ᠤᠷᠴᠢᠮ ᠤᠨ ᠦᠶᠡᠰ ᠲᠤ ᠪᠦᠷᠢᠯᠳᠦᠳᠡᠭ᠂ | ᠡᠨᠡ ᠦᠶᠡᠰ ᠲᠡᠭᠦᠨ ᠳᠤ ᠠᠯᠢ ᠪᠤᠯᠬᠤᠢᠢᠴᠠ ᠢᠯᠡᠬᠦᠬᠡᠨ ᠦᠬᠡ ᠬᠡᠯᠡᠨ ᠤ ᠴᠢᠮᠡᠭᠡ ᠵᠠᠩᠬᠢ ᠬᠦᠷᠳᠡᠭᠡᠪᠡᠯ | ᠲᠡᠭᠦᠨ ᠤ ᠰᠤᠨᠤᠷ ᠤᠨ ᠰᠡᠷᠡᠯ ᠤᠨ ᠪᠦᠷᠢᠯᠳᠦᠬᠦ ᠳᠤ ᠳᠤᠰᠠ ᠪᠤᠯᠳᠠᠭ᠃ ᠳᠡᠬᠢᠪᠠᠯ ᠨᠢᠯᠬ᠎ᠠ ᠭᠡᠤᠭᠡᠳ ᠤᠨ ᠦᠬᠡ | ᠡᠵᠡᠮᠰᠢᠬᠦ ᠬᠡᠮᠵᠢᠶ᠎ᠠ ᠨᠢ ᠡᠬᠡ ᠶᠢᠨ ᠬᠢᠨᠢ ᠲᠡᠭᠦᠨ ᠯᠦᠭᠡ ᠶᠠᠷᠢᠯᠴᠠᠵᠤ ᠵᠤᠭᠤᠭᠳᠠᠬᠤ ᠭᠡᠮᠵᠢᠶ᠎ᠠ ᠲᠠᠢ ᠮᠠᠰᠢ | ᠶᠡᠭᠡ ᠬᠤᠯᠪᠤᠭᠳᠠᠯ ᠲᠠᠢ ᠶᠤᠮ᠃ ᠡᠶᠢᠮᠦ ᠠᠴᠠ ᠭᠡᠤᠭᠡ ᠲᠡᠭᠡᠨ ᠬᠤᠪᠴᠠᠰᠤ ᠡᠮᠦᠰᠦᠬᠦᠯᠬᠦ᠂ ᠭᠡᠤᠭᠡᠳ ᠢᠶᠠᠨ | ᠳᠡᠵᠢᠬᠡᠬᠦ᠂ ᠰᠢᠬᠡᠰᠦᠨ ᠪᠦᠰ ᠰᠤᠯᠢᠬᠤ ᠵᠡᠷᠭᠡ ᠦᠶᠡᠰ ᠲᠡᠭᠦᠨ ᠲᠠᠢ ᠢᠯᠡᠬᠦᠬᠡᠨ ᠶᠠᠷᠢᠯᠴᠠᠵᠤ᠂ ᠡᠬᠦᠨ ᠤ ᠤᠯᠠᠮ | ᠠᠴᠠ ᠵᠤᠬᠢᠬᠤ ᠴᠠᠭ ᠳᠤᠯᠪᠠᠯ ᠭᠡᠤᠭᠡᠳ ᠴᠢᠨᠢ ᠭᠡᠨᠡᠳᠳᠡ ᠦᠬᠡ ᠶᠠᠷᠢᠵᠦ ᠴᠢᠳᠠᠬᠤ ᠪᠤᠯᠤᠭᠠᠳ ᠰᠠᠨᠠᠭᠠᠨ ᠠᠴᠠ | ᠭᠠᠳᠠᠭᠤᠷ ᠮᠠᠰᠢ ᠤᠯᠠᠨ ᠦᠬᠡ ᠶᠠᠷᠢᠵᠦ ᠴᠢᠳᠠᠬᠤ ᠪᠤᠯᠤᠨ᠎ᠠ᠃ | ᠠᠷᠪᠠ᠂ ᠨᠢᠬᠡ ᠨᠢ ᠵᠠᠩᠳᠤᠷᠪᠠᠯ ᠨᠦᠬᠦᠬᠡ ᠨᠢ ᠦᠮᠦᠭᠡᠷᠡᠵᠦ ᠪᠤᠯᠬᠤ ᠦᠬᠡᠢ᠄ ᠵᠠᠷᠢᠮ | ᠬᠡᠷ ᠤᠨ ᠠᠬᠠᠮᠠᠳ ᠶᠡᠷᠦ ᠨᠢ ᠭᠡᠤᠭᠡᠳ ᠢᠶᠠᠨ ᠰᠤᠷᠭᠠᠬᠤ ᠶᠠᠪᠤᠳᠠᠯ ᠳᠡᠭᠡᠷ᠎ᠠ ᠬᠠᠮᠳᠤ ᠶᠢᠨ ᠦᠵᠡᠯᠳᠡ ᠲᠠᠢ | ᠪᠤᠯᠵᠤ ᠳᠡᠶᠢᠯᠬᠦ ᠦᠬᠡᠢ ᠪᠠᠶᠢᠳᠠᠭ᠃ ᠡᠶᠢᠮᠦ ᠠᠴᠠ ᠤᠯᠠᠩᠬᠢ ᠳᠠᠭᠠᠨ ᠡᠵᠢ ᠨᠢ ᠬᠡᠤᠬᠡᠳ ᠢᠶᠠᠨ ᠵᠠᠩᠳᠤᠷᠪᠤᠠᠯ ᠠᠪᠤ | ᠨᠢ ᠦᠮᠦᠬᠡᠷᠡᠵᠦ᠂ ᠡᠰᠡᠬᠦᠯ᠎ᠠ ᠠᠪᠤ ᠨᠢ ᠭᠡᠤᠭᠡᠳ ᠢᠶᠠᠨ ᠰᠤᠷᠭᠠᠬᠤ ᠦᠶᠡᠰ ᠡᠵᠢ ᠨᠢ ᠭᠡᠤᠭᠡᠳ ᠢᠶᠠᠨ ᠤᠷᠤᠯᠠᠨ | ᠵᠦᠪ ᠢ ᠨᠢ ᠦᠭᠳᠡᠭ᠃ ᠭᠡᠳᠡᠯ᠎ᠠ ᠤᠷᠤᠳ ᠬᠤᠭᠤᠴᠠᠭ᠎ᠠ ᠢᠩᠬᠢᠵᠦ ᠰᠤᠷᠪᠠᠯ ᠭᠡᠤᠭᠡᠳ ᠠᠪᠤ ᠡᠵᠢ ᠪᠠᠨ | ᠬᠦᠨᠳᠦᠯᠡᠬᠦ ᠪᠠᠨ ᠪᠤᠯᠢᠵᠦ᠂ ᠡᠰᠡᠬᠦᠯ᠎ᠠ ᠭᠡᠨ ᠨᠢ ᠳᠡᠳᠡᠨ ᠢ ᠦᠮᠦᠭᠡᠷᠡᠪᠡᠯ ᠭᠡᠨ ᠤ ᠬᠢᠨᠢ ᠲᠠᠯ᠎ᠠ ᠳᠤ ᠵᠤᠭᠰᠤᠵᠤ | ᠨᠢᠭᠤᠷ ᠤᠯᠬᠤ ᠪᠠᠷ ᠴᠢᠷᠮᠠᠶᠢᠳᠠᠭ᠃ ᠡᠶᠢᠮᠦ ᠠᠴᠠ ᠭᠡᠤᠭᠡᠳ ᠢᠶᠠᠨ ᠰᠤᠷᠭᠠᠬᠤ ᠤᠴᠢᠷ ᠳᠡᠭᠡᠷ᠎ᠠ ᠠᠪᠤ ᠡᠵᠢ | ᠪᠤᠯᠤᠭᠰᠠᠳ ᠵᠠᠪᠠᠯ ᠨᠢᠬᠡᠳᠦᠯᠳᠡᠢ ᠪᠠᠶᠢᠵᠦ᠂ ᠶᠠᠭᠠᠬᠢᠭᠰᠠᠨ ᠴᠤ ᠭᠡᠤᠭᠡᠳ ᠤᠨ ᠢᠶᠠᠨ ᠡᠮᠦᠨ᠎ᠠ ᠭᠡᠷᠡᠯᠳᠦᠵᠦ ᠪᠤᠯᠬᠤ | ᠦᠬᠡᠢ᠂ ᠨᠢᠬᠡ ᠨᠢ ᠬᠡᠤᠬᠡᠳ ᠢᠶᠠᠨ ᠰᠤᠷᠭᠠᠵᠤ ᠪᠠᠶᠢᠬᠤ ᠦᠶᠡᠰ ᠭᠡᠳᠦ᠋ᠢᠪᠡᠷ ᠪᠤᠷᠤᠭᠤᠳᠠᠭᠰᠠᠨ ᠪᠤᠯᠪᠠᠴᠤ | ᠬᠡᠤᠭᠡᠳ ᠤᠨ ᠢᠶᠠᠨ ᠡᠮᠦᠨ᠎ᠠ ᠪᠢᠳᠡᠭᠡᠢ ᠬᠡᠯᠡᠭᠡᠷᠡᠢ᠂ ᠦᠩᠭᠡᠷᠡᠵᠦ ᠭᠠᠷᠤᠭᠠᠳ ᠬᠤᠶᠠᠭᠤᠯᠠ ᠰᠠᠶᠢᠬᠠᠨ ᠪᠤᠳᠤᠯ | ᠢᠶᠠᠨ ᠰᠤᠯᠢᠯᠴᠠᠭᠠᠷᠠᠢ᠃ | ᠠᠷᠪᠠᠨ ᠨᠢᠬᠡ᠂ ᠠᠪᠤ ᠡᠵᠢ ᠪᠤᠯᠤᠭᠰᠠᠳ ᠤᠨ ᠵᠦᠷᠢᠴᠡᠯ ᠭᠡᠤᠭᠡᠳ ᠢ ᠨᠦᠯᠦᠬᠡᠯᠡᠬᠦ | ᠦᠬᠡᠢ ᠭᠡᠵᠦ ᠦᠵᠡᠬᠦ᠄ ᠤᠯᠠᠩᠬᠢ ᠠᠪᠤ ᠡᠵᠢ ᠪᠤᠯᠤᠭᠰᠠᠳ ᠰᠤᠷᠬᠤ ᠨᠠᠰᠤᠨ ᠠᠴᠠ ᠡᠮᠦᠨᠡᠬᠢ ᠭᠡᠤᠭᠡᠳ ᠤᠨ ᠢᠶᠠᠨ | ᠡᠮᠦᠨ᠎ᠠ ᠭᠡᠷᠡᠯᠳᠦᠵᠦ ᠮᠠᠷᠭᠤᠯᠳᠤᠬᠤ ᠨᠢ ᠭᠡᠤᠭᠡᠳ ᠢ ᠮᠠᠰᠢ ᠪᠠᠴᠢᠮᠳᠠᠭᠤᠯᠳᠠᠭ ᠭᠡᠵᠦ ᠮᠡᠳᠡᠨ᠎ᠠ᠂ ᠭᠡᠳᠡᠯ᠎ᠠ ᠳᠡᠳᠡᠨ ᠤ | ᠤᠯᠠᠩᠬᠢ ᠨᠢ ᠰᠠᠶᠢ ᠳᠦᠷᠦᠭᠰᠡᠨ ᠭᠡᠤᠭᠡᠳ ᠪᠤᠶᠤ ᠨᠢᠯᠬ᠎ᠠ ᠭᠡᠤᠭᠡᠳ ᠤᠨ ᠡᠮᠦᠨ᠎ᠠ ᠭᠡᠷᠡᠯᠳᠦᠬᠦ ᠨᠢ ᠪᠠᠰᠠ | ᠳᠡᠳᠡᠨ ᠤ ᠰᠡᠳᠬᠢᠴᠡ ᠶᠢ ᠨᠦᠯᠦᠬᠡᠯᠡᠨ᠎ᠠ ᠭᠡᠵᠦ ᠮᠡᠳᠡᠬᠦ ᠦᠬᠡᠢ ᠪᠠᠶᠢᠳᠠᠭ᠃ ᠰᠡᠳᠬᠢᠴᠡ ᠶᠢᠨ ᠮᠡᠷᠭᠡᠵᠢᠯᠳᠡᠨ ᠤ | ᠰᠤᠳᠤᠯᠤᠭᠰᠠᠨ ᠢᠶᠠᠷ᠂ ᠭᠡᠷ ᠵᠠᠭᠤᠷ᠎ᠠ ᠭᠡᠷᠡᠬᠦᠯ ᠵᠢᠭᠤᠷᠠᠭᠠᠨ ᠭᠠᠷᠬᠤ ᠦᠶᠡᠰ 8 ᠰᠠᠷ᠎ᠠ ᠠᠴᠠ 2 ᠨᠠᠰᠤᠨ ᠤ | ᠬᠤᠭᠤᠷᠤᠨᠳᠤᠬᠢ ᠬᠡᠤᠭᠡᠳ ᠪᠦᠷ ᠪᠠᠴᠢᠮᠳᠠᠵᠤ ᠰᠠᠨᠳᠤᠷᠠᠳᠠᠭ᠂ ᠳᠡᠭᠡᠬᠦ ᠮᠦᠷᠳᠡᠭᠡᠨ ᠠᠪᠤ ᠡᠵᠢ ᠶᠢᠨ ᠢᠶᠠᠨ | ᠮᠦᠷᠬᠦᠯᠳᠦᠭᠡᠨ ᠢ ᠨᠠᠮᠳᠠᠭᠤᠯᠬᠤ ᠪᠠᠷ ᠴᠢᠷᠮᠠᠶᠢᠳᠠᠭ᠃ ᠨᠦᠬᠦᠬᠡ ᠲᠠᠯ᠎ᠠ ᠪᠠᠷ 2 ᠨᠠᠰᠤᠨ ᠠᠴᠠ ᠳᠡᠭᠡᠭᠰᠢᠬᠢ | ᠭᠡᠤᠭᠡᠳ ᠠᠪᠤ ᠡᠵᠢ ᠶᠢᠨ ᠢᠶᠠᠨ ᠭᠡᠷᠡᠬᠦᠯ ᠪᠤᠶᠤ ᠠᠪᠤ ᠡᠵᠢ ᠶᠢᠨ ᠢᠶᠠᠨ ᠪᠤᠰᠤᠳ ᠬᠦᠮᠦᠨ ᠲᠠᠢ ᠬᠡᠷᠡᠯᠳᠦᠵᠦ | ᠪᠠᠶᠢᠬᠤ ᠶᠢ ᠦᠵᠡᠪᠡᠯ ᠦᠪᠡᠷ ᠲᠡᠭᠡᠨ ᠪᠤᠰᠤᠳ ᠬᠦᠮᠦᠨ ᠲᠠᠢ ᠬᠠᠷᠢᠯᠴᠠᠬᠤ ᠦᠶᠡᠰ ᠳᠤᠮᠤᠴᠤᠤᠯᠯ ᠤᠨ ᠳᠡᠶᠢᠮᠦᠷᠬᠦ | ᠦᠬᠡ ᠶᠠᠷᠢᠬᠤ ᠠᠷᠭ᠎ᠠ ᠮᠠᠶ᠋ᠢᠭ ᠢ ᠳᠠᠭᠤᠷᠢᠶᠠᠵᠤ᠂ ᠪᠦᠳᠦᠬᠦᠯᠢᠭ ᠪᠤᠯᠵᠤ ᠡᠬᠢᠯᠡᠳᠡᠭ᠃ ᠡᠶᠢᠮᠦ ᠠᠴᠠ ᠠᠪᠤ ᠡᠵᠢ | ᠪᠤᠯᠤᠭᠰᠠᠳ ᠭᠡᠤᠭᠡᠳ ᠤᠨ ᠢᠶᠠᠨ ᠡᠮᠦᠨ᠎ᠠ ᠪᠠᠶᠢᠬᠤ ᠳᠤ ᠦᠪᠡᠷ ᠤᠨ ᠠᠭᠤᠷ ᠤᠮᠤᠭ ᠢᠶᠠᠨ ᠳᠠᠷᠤᠵᠤ ᠰᠤᠷᠬᠤ | ᠭᠡᠷᠡᠭᠳᠡᠢ᠂ ᠭᠡᠷᠪᠡ ᠶᠠᠭ ᠳᠠᠷᠤᠵᠤ ᠳᠡᠶᠢᠯᠬᠦ ᠦᠬᠡᠢ ᠪᠤᠯ ᠭᠡᠷ ᠠᠴᠠ ᠪᠠᠨ ᠳᠦᠷ ᠭᠠᠷᠴᠤ ᠰᠡᠳᠬᠢᠯ ᠰᠠᠨᠠᠭ᠎ᠠ ᠴᠢᠨᠢ | ᠨᠠᠮᠳᠠᠭᠰᠠᠭᠠᠷ ᠬᠠᠷᠢᠵᠦ ᠢᠷᠡᠭᠡᠷᠡᠢ᠃ | ᠠᠷᠪᠠᠨ ᠬᠤᠶᠠᠷ᠂ ᠡᠳ᠋ ᠪᠤᠳᠠᠰ ᠢᠶᠠᠷ ᠬᠦᠬᠢᠬᠦᠯᠬᠦ᠄ ᠭᠡᠤᠭᠡᠳ ᠢ ᠱᠠᠩᠨᠠᠨ ᠬᠦᠬᠢᠬᠦᠯᠬᠦ | ᠨᠢ ᠮᠦᠨ ᠴᠢᠨᠠᠷ ᠳᠡᠭᠡᠷ᠎ᠠ ᠪᠠᠨ ᠮᠠᠭᠤ ᠶᠠᠪᠤᠳᠠᠯ ᠪᠢᠰᠢ ᠶᠤᠮ᠂ ᠭᠡᠪᠡᠴᠤ᠂ ᠲᠠ ᠡᠷᠭᠡᠪᠰᠢ ᠶᠠᠮᠠᠷ ᠴᠠᠭ ᠲᠤ ᠶᠠᠮᠠᠷ | ᠭᠡᠯᠪᠡᠷᠢ ᠪᠠᠷ ᠭᠡᠤᠭᠡᠳ ᠢᠶᠠᠨ ᠱᠠᠩᠨᠠᠨ ᠵᠤᠷᠢᠬᠵᠢᠭᠤᠯᠤᠨ᠎ᠠ ᠭᠡᠳᠡᠭ ᠢ ᠳᠤᠳᠤᠷᠬᠠᠢ ᠮᠡᠳᠡᠬᠦ ᠭᠡᠷᠡᠭᠳᠡᠢ᠃ ᠭᠡᠷᠪᠡ | ᠭᠡᠤᠭᠡᠳ ᠴᠢᠨᠢ ᠶᠠᠭᠤ ᠬᠢᠭᠰᠡᠨ ᠴᠤ ᠪᠦᠷ ᠡᠳ᠋ ᠪᠤᠳᠠᠰ ᠤᠨ ᠲᠠᠯ᠎ᠠ ᠪᠠᠷ ᠬᠢ ᠬᠦᠬᠢᠬᠦᠯᠦᠯ ᠬᠦᠷᠳᠡᠬᠦ ᠭᠡᠪᠡᠯ | ᠠᠯᠢ ᠨᠢᠬᠡᠨ ᠡᠳᠦᠷ ᠪᠤᠳᠠᠰ ᠤᠨ ᠬᠦᠬᠢᠬᠦᠯᠦᠯ ᠤᠯᠤᠭᠰᠠᠨ ᠦᠬᠡᠢ ᠦᠶᠡᠰ ᠮᠠᠰᠢ ᠵᠤᠷᠢᠭ ᠴᠦᠬᠦᠬᠦ ᠪᠤᠯᠤᠨ᠎ᠠ᠂ | ᠡᠬᠦᠨ ᠢᠶᠠᠷ ᠪᠠᠷᠠᠬᠤ ᠦᠬᠡᠢ ᠳᠡᠳᠡ ᠵᠠᠷᠢᠮ ᠳᠠᠭᠠᠨ ᠪᠠᠰᠠ ᠡᠳ᠋ ᠪᠤᠳᠠᠰ ᠤᠨ ᠬᠦᠬᠢᠬᠦᠯᠦᠯ ᠦᠬᠡᠢ ᠠᠵᠢᠯ ᠢ ᠬᠢᠭᠡᠳ | ᠤᠳᠬ᠎ᠠ ᠠᠭᠤᠯᠭ᠎ᠠ ᠦᠬᠡᠢ ᠭᠡᠵᠦ ᠦᠵᠡᠳᠡᠭ᠃ ᠡᠳ᠋ ᠪᠤᠳᠠᠰ ᠤᠨ ᠰᠡᠳᠡᠯᠳᠡ ᠨᠢ ᠭᠡᠤᠭᠡᠳ ᠲᠤ ᠯᠤᠳᠤ ᠶᠡᠭᠡ | ᠨᠦᠯᠦᠬᠡ ᠪᠤᠯᠬᠤ ᠨᠢ ᠶᠠᠷᠢᠶᠠᠨ ᠦᠬᠡᠢ᠂ ᠭᠡᠤᠭᠡᠳ ᠤᠨ ᠢᠳᠡᠪᠬᠢᠵᠢᠯ ᠢ ᠳᠡᠶᠢᠴᠢᠯᠡᠵᠦ ᠳᠡᠶᠢᠯᠬᠦ ᠨᠢ ᠶᠠᠷᠢᠶᠠᠨ | ᠦᠬᠡᠢ᠂ ᠭᠡᠪᠡᠴᠤ ᠦᠷ᠎ᠠ ᠠᠰᠢᠭ ᠨᠢ ᠮᠠᠰᠢ ᠤᠬᠤᠷ ᠬᠤᠭᠤᠴᠠᠭᠠᠨ ᠤ ᠪᠠᠶᠢᠳᠠᠭ᠃ ᠭᠡᠷ ᠤᠨ ᠠᠬᠠᠮᠠᠳ ᠵᠦᠪᠬᠡᠨ | ᠡᠳ᠋ ᠪᠤᠳᠠᠰ ᠤᠨ ᠭᠡᠤᠭᠡᠳ ᠲᠤ ᠦᠵᠡᠬᠦᠯᠬᠦ ᠤᠬᠤᠷ ᠬᠤᠭᠤᠴᠠᠭᠠᠨ ᠤ ᠦᠷ᠎ᠠ ᠨᠦᠯᠦᠬᠡ ᠶᠢ ᠪᠤᠳᠤᠯᠬᠢᠯᠠᠭᠠᠳ | ᠬᠠᠷᠢᠨ ᠬᠤᠵᠢᠮ ᠬᠤᠶᠢᠰᠢᠳᠡ ᠶᠢᠨ ᠮᠠᠭᠤ ᠨᠦᠯᠦᠬᠡ ᠶᠢ ᠪᠤᠳᠤᠯᠬᠢᠯᠠᠬᠤ ᠦᠬᠡᠢ ᠪᠤᠯ ᠪᠤᠷᠤᠭᠤᠳᠠᠨ᠎ᠠ ᠰᠢᠤ᠃ | ᠤᠷᠳᠤ ᠤᠳᠠᠭᠠᠨ ᠬᠤᠭᠤᠴᠠᠭᠠᠨ ᠤ ᠪᠠᠶᠢᠳᠠᠯ ᠠᠴᠠ ᠭᠠᠷᠳᠠᠵᠤ ᠦᠵᠡᠪᠡᠯ ᠡᠶᠢᠮᠦᠷᠬᠦ ᠡᠳ᠋ ᠪᠤᠳᠠᠰ ᠤᠨ | ᠬᠦᠬᠢᠬᠦᠯᠦᠯ ᠨᠢ ᠭᠡᠤᠭᠡᠳ ᠲᠤ ᠮᠠᠭᠤ ᠨᠦᠯᠦᠬᠡ ᠠᠪᠴᠢᠷᠠᠵᠤ᠂ ᠳᠡᠳᠡ ᠤᠯᠠᠮ ᠢᠶᠠᠷ ᠡᠳ᠋ ᠪᠤᠳᠠᠰ ᠤᠨ | ᠬᠦᠬᠢᠬᠦᠯᠦᠯ ᠳᠤ ᠨᠡᠶᠢᠳᠡᠬᠤ ᠪᠤᠯᠵᠤ᠂ ᠢᠯᠢᠮ ᠦᠬᠡᠢ ᠪᠠᠭ᠎ᠠ ᠶᠠᠪᠤᠳᠠᠯ ᠬᠢᠴᠢᠭᠡᠭᠡᠳ ᠴᠤ ᠪᠤᠳᠠᠰ ᠤᠨ ᠬᠦᠬᠢᠬᠦᠯᠦᠯ | ᠤᠯᠬᠤ ᠪᠠᠷ ᠴᠢᠷᠮᠠᠶᠢᠬᠤ ᠪᠤᠯᠳᠠᠭ᠃ ᠡᠶᠢᠮᠦ ᠠᠴᠠ ᠪᠤᠳᠠᠰ ᠤᠨ ᠪᠠ ᠦᠵᠡᠯ ᠰᠠᠨᠠᠭᠠᠨ ᠤ ᠬᠦᠬᠢᠬᠦᠯᠦᠯ ᠢ | ᠤᠶᠠᠯᠳᠤᠭᠤᠯᠵᠤ᠂ ᠭᠡᠤᠭᠡᠳ ᠦᠪᠡᠷ ᠲᠡᠭᠡᠨ ᠬᠤᠪᠴᠠᠰᠤ ᠪᠠᠨ ᠡᠮᠦᠰᠴᠤ᠂ ᠴᠠᠭ ᠲᠠᠭᠠᠨ ᠪᠤᠰᠴᠤ ᠴᠢᠳᠠᠪᠠᠯ᠄ | ︽ᠮᠢᠨᠦ ᠬᠦᠦ ᠪᠤᠯᠵᠤ ᠪᠠᠶᠢᠨ᠎ᠠ︾ ᠬᠡᠵᠦ ᠰᠠᠶᠢᠰᠢᠶᠡᠬᠤ ᠪᠤᠶᠤ ᠦᠨᠦᠰᠴᠤ ᠳᠠᠭᠠᠯᠠᠵᠤ ᠪᠤᠯᠤᠨ᠎ᠠ᠃ | | | | |