| | | ᠥᠯᠥᠭᠡᠢ ᠪᠣᠯ ᠮᠣᠩᠭᠤᠯᠴᠤᠳ ᠤᠨ ᠡᠷᠲᠡ ᠦᠶ᠎ᠡ ᠠᠴᠠ ᠤᠯᠠᠮᠵᠢᠯᠠᠨ ᠬᠡᠷᠡᠭᠯᠡᠭᠰᠡᠭᠡᠷ | ᠢᠷᠡᠭᠰᠡᠨ ᠬᠡᠦᠬᠡᠳ ᠥᠰᠬᠡᠬᠦ ᠪᠠᠭᠠᠵᠢ ᠬᠡᠷᠡᠭᠰᠡᠯ ᠮᠥᠨ᠃ ᠥᠯᠥᠭᠡᠢ ᠪᠣᠯ ᠮᠣᠩᠭᠤᠯᠴᠤᠳ ᠤᠨ ᠦᠢᠯᠡᠳᠪᠦᠷᠢᠯᠡᠯ | ᠠᠮᠢᠳᠤᠷᠠᠯ ᠤᠨ ᠤᠷᠲᠤ ᠤᠳᠠᠭᠠᠨ ᠲᠡᠦᠬᠡᠨ ᠶᠠᠪᠤᠴᠠ ᠳᠤ ᠪᠣᠢ ᠪᠣᠯᠣᠭᠰᠠᠨ ᠪᠣᠳᠠᠰ ᠤᠨ ᠣᠶᠣᠨ ᠤ ᠰᠣᠶᠣᠯ | ᠪᠣᠯᠪᠠᠰᠤᠨ ᠤ ᠪᠦᠲᠦᠭᠡᠭᠳᠡᠬᠦᠨ ᠶᠤᠮ᠃ ᠥᠯᠥᠭᠡᠢ ᠨᠢ ᠮᠣᠩᠭᠤᠯᠴᠤᠳ ᠤᠨ ᠤᠯᠠᠮᠵᠢᠯᠠᠯᠲᠤ ᠠᠩᠨᠠᠯ᠂ ᠮᠠᠯᠵᠢᠯ᠂ | ᠲᠠᠷᠢᠶᠠᠯᠠᠩ ᠤᠨ ᠠᠵᠤ ᠠᠬᠤᠢ ᠵᠢᠴᠢ ᠲᠡᠭᠦᠨ ᠤ ᠰᠠᠭᠤᠷᠢᠨ ᠳᠡᠭᠡᠷ᠎ᠡ ᠪᠣᠢ ᠪᠣᠯᠣᠭᠰᠠᠨ ᠠᠮᠢᠳᠤᠷᠠᠯ ᠤᠨ ᠬᠡᠯᠪᠡᠷᠢ | ᠮᠠᠶ᠋ᠢᠭ ᠲᠠᠢ ᠨᠢᠭᠲᠠ ᠤᠶᠠᠯᠳᠤᠵᠤ᠂ ᠬᠡᠦᠬᠡᠳ ᠤᠨ ᠪᠡᠶ᠎ᠡ ᠮᠠᠬᠠᠪᠤᠳ᠂ ᠰᠡᠳᠬᠢᠬᠦᠢ ᠶᠢᠨ ᠦᠰᠦᠨ | ᠪᠣᠶᠢᠵᠢᠯᠲᠠ ᠳᠤ ᠴᠢᠬᠤᠯᠠ ᠦᠢᠯᠡᠳᠦᠯ ᠢᠶᠠᠨ ᠦᠵᠡᠭᠦᠯᠵᠦ ᠪᠠᠶᠢᠳᠠᠭ᠃ ᠡᠭᠦᠰᠦᠯ ᠬᠥᠭᠵᠢᠯ ᠤᠨ ᠶᠠᠪᠤᠴᠠ ᠳᠠᠭᠠᠨ | ᠠᠳᠠᠯᠢ ᠪᠤᠰᠤ ᠬᠡᠯᠪᠡᠷᠢ ᠳᠦᠷᠰᠦ᠂ ᠬᠢᠴᠡ ᠪᠦᠲᠦᠴᠡ ᠪᠠ ᠠᠳᠠᠯᠢ ᠪᠤᠰᠤ ᠭᠠᠵᠠᠷ ᠣᠷᠣᠨ ᠂ ᠴᠠᠭ ᠦᠶ᠎ᠡ ᠶᠢᠨ | ᠵᠠᠩ ᠵᠠᠩᠰᠢᠯ ᠤᠨ ᠥᠪᠡᠷᠮᠢᠴᠡ ᠣᠨᠴᠠᠯᠢᠭ ᠢ ᠪᠦᠷᠢᠯᠳᠦᠭᠦᠯᠦᠭᠰᠡᠨ ᠪᠠᠶᠢᠨ᠎ᠠ᠃ | ᠲᠡᠦᠬᠡᠨ ᠮᠠᠲ᠋ᠧᠷᠢᠶᠠᠯ ᠠᠴᠠ ᠦᠵᠡᠬᠦ ᠳᠤ ᠮᠣᠩᠭᠤᠯᠴᠤᠳ ᠤᠨ ᠥᠯᠥᠭᠡᠢ ᠪᠠ | ᠥᠯᠥᠭᠡᠢ ᠶᠢᠨ ᠰᠣᠶᠣᠯ ᠨᠢ ᠮᠣᠩᠭᠤᠯ ᠤᠭᠰᠠᠭᠠᠲᠠᠨ ᠲᠡᠦᠬᠡ ᠶᠢᠨ ᠲᠠᠪᠴᠠᠩ ᠳᠤ ᠮᠠᠨᠳᠤᠭᠰᠠᠨ ᠠᠷᠪᠠᠨ | ᠭᠤᠷᠪᠠᠳᠤᠭᠠᠷ ᠵᠠᠭᠤᠨ ᠠᠴᠠ ᠡᠮᠦᠨ᠎ᠡ ᠨᠢᠭᠡᠨᠲᠡ ᠡᠭᠦᠰᠦᠨ ᠪᠦᠷᠢᠯᠳᠦᠵᠦ᠂ ᠨᠡᠶᠢᠳᠡᠮ ᠬᠡᠷᠡᠭᠯᠡᠭᠳᠡᠵᠦ ᠪᠠᠶᠢᠭᠰᠠᠨ ᠨᠢ | ᠲᠣᠳᠣᠷᠬᠠᠢ᠃ ᠮᠣᠩᠭᠤᠯᠴᠤᠳ ᠤᠨ ᠥᠯᠥᠭᠡᠢ ᠶᠢᠨ ᠲᠥᠷᠥᠯ ᠵᠦᠢᠯ ᠣᠯᠠᠨ᠃ ᠠᠷᠠᠳ ᠤᠨ ᠦᠯᠢᠭᠡᠷ ᠳᠣᠮᠤᠭ | ᠪᠠ ᠠᠮᠢᠳᠤᠷᠠᠯ ᠤᠨ ᠤᠯᠠᠮᠵᠢᠯᠠᠯᠲᠤ ᠵᠠᠩᠰᠢᠯ ᠢ ᠮᠥᠷᠳᠡᠪᠡᠯ᠂ ᠥᠩᠭᠡᠷᠡᠭᠰᠡᠨ ᠳᠤ ᠮᠣᠩᠭᠤᠯ ᠨᠤᠲᠤᠭ ᠲᠤ᠂ ᠨᠡᠩ | ᠢᠯᠠᠩᠭᠤᠶ᠎ᠠ ᠠᠩ ᠠᠩᠨᠠᠯ᠂ ᠮᠠᠯᠵᠢᠯ ᠠᠵᠤ ᠠᠬᠤᠢ ᠪᠠᠷ ᠭᠤᠣᠯᠯᠠᠭᠰᠠᠨ ᠣᠷᠣᠨ ᠳᠤ ᠠᠩᠬ᠎ᠠ ᠡᠬᠢᠨ ᠳᠡᠭᠡᠨ | ᠳᠡᠭᠦᠵᠢᠩ ᠥᠯᠥᠭᠡᠢ ᠶᠢ ᠨᠡᠶᠢᠳᠡᠮ ᠬᠡᠷᠡᠭᠯᠡᠵᠦ ᠪᠠᠶᠢᠭᠰᠠᠨ ᠶᠤᠮ᠃ ᠲᠤᠬᠠᠶᠢᠯᠠᠪᠠᠯ ᠴᠣᠷᠣᠰ ᠳᠥᠷᠪᠡᠳ ᠤᠨ | ᠤᠭᠰᠠᠭ᠎ᠠ ᠭᠠᠷᠤᠯ ᠤᠨ ᠲᠤᠬᠠᠢ ᠳᠣᠮᠤᠭ ᠲᠤ ᠥᠨᠳᠥᠷ ᠮᠣᠳᠣᠨ ᠳᠡᠭᠦᠵᠢᠩ ᠥᠯᠥᠭᠡᠢ ᠳᠤ ᠨᠢᠯᠬ᠎ᠠ | ᠬᠡᠦᠬᠡᠳ ᠢᠶᠠᠨ ᠤᠨᠲᠠᠭᠤᠯᠵᠤ ᠪᠠᠶᠢᠭᠰᠠᠨ ᠢᠶᠠᠷ ᠤᠯᠠᠮᠵᠢᠯᠠᠨ ᠶᠠᠷᠢᠳᠠᠭ᠃ ᠬᠤᠵᠢᠮ ᠨᠢ ᠬᠡᠰᠡᠭ ᠮᠣᠩᠭᠤᠯᠴᠤᠳ | ᠰᠠᠭᠤᠷᠢᠰᠢᠯ ᠤᠨ ᠠᠮᠢᠳᠤᠷᠠᠯ ᠵᠦᠭ ᠠᠶᠠᠨᠳᠠᠭᠠᠨ ᠰᠢᠯᠵᠢᠬᠦ ᠶᠢ ᠳᠠᠭᠠᠯᠳᠤᠨ ᠬᠠᠨᠵᠤᠨ ᠳᠡᠭᠡᠷ᠎ᠡ ᠲᠠᠯᠪᠢᠬᠤ | ᠲᠠᠯᠪᠢᠭᠤᠷ ᠥᠯᠥᠭᠡᠢ ᠪᠣᠢ ᠪᠣᠯᠵᠤ ᠥᠷᠭᠡᠨ ᠢᠶᠠᠷ ᠳᠡᠯᠭᠡᠷᠡᠵᠡᠢ᠃ ᠡᠶᠢᠮᠦ ᠠᠴᠠ ᠮᠣᠩᠭᠤᠯᠴᠤᠳ ᠤᠨ ᠥᠯᠥᠭᠡᠢ ᠶᠢ | ᠬᠡᠷᠡᠭᠯᠡᠭᠡᠨ ᠤ ᠬᠢᠨᠢ ᠬᠤᠪᠢ ᠠᠴᠠ ᠳᠡᠭᠦᠵᠢᠩ ᠥᠯᠥᠭᠡᠢ ᠪᠠ ᠲᠠᠯᠪᠢᠭᠤᠷ ᠥᠯᠥᠭᠡᠢ ᠭᠡᠵᠤ ᠬᠤᠶᠠᠷ ᠲᠥᠷᠥᠯ ᠳᠤ | ᠬᠤᠪᠢᠶᠠᠨ ᠦᠵᠡᠵᠦ ᠪᠣᠯᠣᠨ᠎ᠠ ᠃ ᠬᠡᠷᠡᠭᠯᠡᠭᠡᠨ ᠤ ᠮᠠᠲ᠋ᠧᠷᠢᠶᠠᠯ ᠪᠠ ᠬᠡᠯᠪᠡᠷᠢ ᠳᠦᠷᠰᠦ ᠶᠢᠨ ᠬᠤᠪᠢ ᠠᠴᠠ ᠨᠢ | ᠳᠡᠭᠦᠵᠢᠩ ᠥᠯᠥᠭᠡᠢ ᠶᠢ ᠠᠷᠠᠰᠤᠨ ᠳᠡᠭᠦᠵᠢᠩ ᠂ ᠪᠥᠰ ᠳᠡᠭᠦᠵᠢᠩ ᠭᠡᠵᠤ ᠬᠤᠪᠢᠶᠠᠨ ᠦᠵᠡᠵᠦ ᠪᠣᠯᠬᠤ ᠪᠥᠭᠡᠳ | ᠲᠠᠯᠪᠢᠭᠤᠷ ᠥᠯᠥᠭᠡᠢ ᠶᠢ ᠪᠤᠷᠭᠠᠰᠤᠨ ᠥᠯᠥᠭᠡᠢ᠂ ᠠᠷᠠᠯ ᠦᠭᠡᠢ ᠥᠯᠥᠭᠡᠢ᠂ ᠬᠤᠶᠠᠷ ᠠᠷᠠᠯᠲᠤ ᠥᠯᠥᠭᠡᠢ ᠪᠠ | ᠳᠥᠷᠪᠡᠨ ᠠᠷᠠᠯᠲᠤ ᠥᠯᠥᠭᠡᠢ ᠭᠡᠵᠤ ᠬᠡᠳᠦᠨ ᠵᠦᠢᠯ ᠳᠤ ᠬᠤᠪᠢᠶᠠᠵᠤ ᠪᠣᠯᠣᠨ᠎ᠠ᠃ ᠥᠯᠥᠭᠡᠢ ᠶᠢᠨ ᠬᠢᠴᠡ | ᠪᠦᠲᠦᠴᠡ ᠳᠤ ᠬᠠᠷᠠᠭ᠎ᠠ᠂ ᠬᠥᠪᠴᠢ᠂ ᠠᠷᠠᠯ ᠪᠠ ᠬᠠᠪᠢᠷᠭ᠎ᠠ᠂ ᠢᠯᠡᠦ᠂ ᠭᠤᠭᠴᠤᠭ᠎ᠠ᠂ ᠲᠠᠲᠠᠭᠤᠷ ᠪᠠ ᠳ᠋ᠠᠶᠢᠰᠠ᠂ | ᠮᠥᠭᠡᠷ᠂ ᠬᠤᠯᠪᠣᠭᠠᠰᠤ ᠪᠠ ᠲᠤᠰᠢᠶ᠎ᠠ᠂ ᠬᠠᠪᠲᠠᠰᠤ᠂ ᠳᠡᠷᠡ᠂ ᠬᠤᠴᠢᠯᠭ᠎ᠠ ᠵᠡᠷᠭᠡ ᠪᠠᠭᠲᠠᠨ᠎ᠠ᠃ | | ᠮᠣᠩᠭᠤᠯᠴᠤᠳ ᠥᠯᠥᠭᠡᠢ ᠶᠢ ᠣᠳᠣ ᠪᠣᠯᠲᠠᠯ᠎ᠠ ᠤᠯᠠᠮᠵᠢᠯᠠᠨ ᠬᠡᠷᠡᠭᠯᠡᠵᠦ᠂ ᠮᠠᠯᠵᠢᠬᠤ | ᠲᠠᠷᠢᠶᠠᠯᠠᠬᠤ ᠬᠥᠳᠡᠭᠡ ᠨᠤᠲᠤᠭ ᠲᠤ ᠠᠮᠢᠳᠤᠷᠠᠵᠤ ᠪᠠᠶᠢᠭ᠎ᠠ ᠮᠣᠩᠭᠤᠯᠴᠤᠳ ᠴᠦ ᠭᠡᠰᠡᠨ ᠬᠤᠲᠠ ᠪᠠᠯᠭᠠᠰᠤᠨ ᠳᠤ | ᠠᠮᠢᠳᠤᠷᠠᠵᠤ ᠪᠠᠶᠢᠭ᠎ᠠ ᠮᠣᠩᠭᠤᠯᠴᠤᠳ ᠴᠦ ᠭᠡᠰᠡᠨ ᠵᠥᠩᠳᠡᠭᠡᠨ ᠬᠡᠷᠡᠭᠯᠡᠳᠡᠭ᠃ ᠡᠶᠢᠮᠦᠷᠬᠦᠦ ᠪᠣᠳᠠᠲᠤ ᠪᠠᠶᠢᠳᠠᠯ ᠨᠢ | ᠮᠣᠩᠭᠤᠯᠴᠤᠳ ᠤᠨ ᠦᠷ᠎ᠡ ᠬᠡᠦᠬᠡᠳ ᠢᠶᠠᠨ ᠥᠰᠬᠡᠨ ᠪᠣᠶᠢᠵᠢᠭᠤᠯᠬᠤ ᠳᠤ ᠥᠯᠥᠭᠡᠢ ᠲᠤᠩ ᠶᠡᠭᠡ ᠠᠴᠢ | ᠬᠤᠯᠪᠣᠭᠳᠠᠯ ᠲᠠᠢ ᠭᠡᠳᠡᠭ ᠢ ᠬᠠᠷᠠᠭᠤᠯᠵᠤ ᠪᠠᠶᠢᠬᠤ ᠶᠤᠮ᠃ ᠥᠯᠥᠭᠡᠢ ᠶᠢᠨ ᠦᠢᠯᠡᠳᠦᠯ ᠬᠡᠷᠡᠭᠴᠡᠭᠡ ᠶᠢ | ᠬᠡᠦᠬᠡᠳ ᠤᠨ ᠥᠰᠦᠯᠲᠡ ᠪᠣᠶᠢᠵᠢᠯᠲᠠ ᠳᠤ ᠦᠵᠡᠭᠦᠯᠬᠦ ᠦᠢᠯᠡᠳᠦᠯ ᠪᠠ ᠦᠢᠯᠡᠳᠪᠦᠷᠢᠯᠡᠯ ᠠᠮᠢᠳᠤᠷᠠᠯ ᠳᠤ | ᠦᠵᠡᠭᠦᠯᠬᠦ ᠦᠢᠯᠡᠳᠦᠯ ᠭᠡᠵᠤ ᠬᠤᠶᠠᠷ ᠲᠠᠯ᠎ᠠ ᠠᠴᠠ ᠰᠢᠨᠵᠢᠵᠦ ᠪᠣᠯᠣᠨ᠎ᠠ ᠃ | | ᠨᠢᠭᠡ᠂ ᠬᠡᠦᠬᠡᠳ ᠤᠨ ᠥᠰᠦᠯᠲᠡ ᠪᠣᠶᠢᠵᠢᠯᠲᠠ ᠳᠤ ᠦᠵᠡᠭᠦᠯᠬᠦ ᠦᠢᠯᠡᠳᠦᠯ | | ᠠᠨᠠᠭᠠᠬᠤ ᠤᠬᠠᠭᠠᠨ᠂ ᠰᠡᠳᠬᠢᠬᠦᠢ ᠶᠢᠨ ᠤᠬᠠᠭᠠᠨ ᠳᠤ ᠬᠡᠦᠬᠡᠳ ᠤᠨ ᠭᠤᠷᠪᠠᠨ | ᠨᠠᠰᠤᠨ ᠠᠴᠠ ᠡᠮᠦᠨᠡᠬᠢ ᠬᠤᠭᠤᠴᠠᠭᠠᠨ ᠤ ᠪᠡᠶ᠎ᠡ ᠶᠢᠨ ᠪᠠ ᠣᠶᠣᠨ ᠤ ᠪᠣᠶᠢᠵᠢᠯᠲᠠ ᠶᠢ ᠬᠥᠮᠥᠨ ᠤ ᠨᠢᠭᠡ ᠨᠠᠰᠤᠨ ᠤ | ᠪᠣᠶᠢᠵᠢᠯᠲᠠ ᠶᠢᠨ ᠬᠠᠮᠤᠭ ᠤᠨ ᠵᠠᠩᠭᠢᠯᠠᠭ᠎ᠠ ᠶᠢᠨ ᠱᠠᠲᠤ ᠦᠶ᠎ᠡ ᠮᠥᠨ ᠭᠡᠵᠤ ᠥᠭᠦᠯᠡᠳᠡᠭ᠃ ᠮᠣᠩᠭᠤᠯᠴᠤᠳ | ᠲᠤᠰ ᠬᠤᠭᠤᠴᠠᠭᠠᠨ ᠤ ᠬᠡᠦᠬᠡᠳ ᠤᠨ ᠪᠣᠶᠢᠵᠢᠯᠲᠠ ᠶᠢ ᠲᠤᠩ ᠠᠩᠬᠠᠷᠴᠤ᠂ ᠥᠪᠡᠷᠰᠡᠳ ᠤᠨ ᠦᠢᠯᠡᠳᠪᠦᠷᠢᠯᠡᠯ | ᠠᠮᠢᠳᠤᠷᠠᠯ ᠤᠨ ᠪᠣᠳᠠᠲᠤ ᠪᠠᠶᠢᠳᠠᠯ ᠳᠠᠭᠠᠨ ᠵᠣᠬᠢᠴᠠᠭᠰᠠᠨ ᠬᠡᠦᠬᠡᠳ ᠪᠣᠶᠢᠵᠢᠭᠤᠯᠬᠤ ᠠᠷᠭ᠎ᠠ ᠶᠢ ᠡᠭᠦᠳᠦᠭᠰᠡᠨ | ᠪᠠᠶᠢᠳᠠᠭ᠃ ᠡᠨᠡ ᠬᠦ ᠠᠷᠭ᠎ᠠ ᠶᠢᠨ ᠴᠢᠬᠤᠯᠠ ᠢᠯᠡᠷᠡᠯ ᠪᠣᠯ ᠥᠯᠥᠭᠡᠢ ᠶᠢ ᠬᠡᠷᠡᠭᠯᠡᠭᠰᠡᠨ ᠶᠠᠪᠤᠳᠠᠯ ᠪᠣᠯᠣᠨ᠎ᠠ᠃ | | ᠥᠯᠥᠭᠡᠢ ᠶᠢᠨ ᠬᠠᠷᠠᠭ᠎ᠠ ᠪᠠᠷ ᠠᠪᠴᠤ ᠦᠵᠡᠭᠰᠡᠨ ᠴᠦ ᠲᠡᠷᠡ ᠨᠢ ᠬᠡᠦᠬᠡᠳ | ᠥᠯᠥᠭᠡᠢ ᠠᠴᠠ ᠳᠡᠭᠡᠭᠰᠢ ᠰᠤᠭᠤᠷᠠᠨ ᠭᠠᠷᠬᠤ ᠶᠢ ᠬᠢᠴᠢᠶᠡᠭᠰᠡᠨ ᠤ ᠬᠠᠮᠲᠤ ᠬᠡᠦᠬᠡᠳ ᠤᠨ ᠵᠤᠯᠠᠢ ᠪᠠᠷ ᠵᠢᠪᠠᠷ | ᠣᠷᠣᠬᠤ ᠶᠢ ᠰᠡᠷᠭᠡᠶᠢᠯᠡᠬᠦ ᠦᠢᠯᠡᠳᠦᠯ ᠲᠠᠢ᠃ ᠨᠢᠷᠠᠢ ᠬᠡᠦᠬᠡᠳ ᠵᠤᠯᠠᠢ ᠨᠢᠮᠭᠡᠨ ᠪᠠᠶᠢᠳᠠᠭ ᠪᠣᠯᠬᠤᠷ ᠰᠠᠯᠬᠢ | ᠣᠷᠣᠪᠠᠯ ᠠᠮᠠᠷᠬᠠᠨ ᠬᠢᠮᠤᠷᠠᠳᠠᠭ᠃ ᠬᠠᠷᠠᠭ᠎ᠠ ᠨᠢ ᠪᠠᠰᠠ ᠬᠡᠦᠬᠡᠳ ᠤᠨ ᠭᠠᠪᠠᠯᠠ ᠶᠢᠨ ᠬᠡᠰᠡᠭ ᠲᠡᠭᠰᠢ ᠰᠠᠶᠢᠬᠠᠨ | ᠪᠣᠶᠢᠵᠢᠬᠤ ᠳᠤ ᠲᠤᠩ ᠶᠡᠭᠡ ᠦᠢᠯᠡᠳᠦᠯ ᠲᠠᠢ᠃ ᠤᠴᠢᠷ ᠨᠢ ᠥᠨᠳᠥᠷ ᠬᠦᠵᠦᠭᠦᠦ ᠶᠢ ᠣᠬᠤᠷ ᠪᠣᠯᠭᠠᠬᠤ᠂ | ᠭᠤᠵᠣᠭᠤᠷ ᠲᠣᠯᠣᠭᠠᠢ ᠶᠢ ᠲᠥᠭᠦᠷᠢᠭ ᠪᠣᠯᠭᠠᠬᠤ᠂ ᠬᠠᠵᠠᠭᠠᠢ ᠲᠣᠯᠣᠭᠠᠢ ᠶᠢ ᠲᠡᠭᠰᠢ ᠪᠣᠯᠭᠠᠬᠤ᠂ ᠭᠠᠪᠠᠯᠠ ᠶᠢᠨ | ᠶᠠᠰᠤ ᠶᠢ ᠲᠡᠭᠰᠢᠬᠡᠨ ᠤᠷᠭᠤᠭᠤᠯᠬᠤ ᠨᠢ ᠬᠠᠷᠠᠭ᠎ᠠ ᠶᠢᠨ ᠪᠥᠰ ᠤᠨ ᠴᠢᠩᠭ᠎ᠠ ᠰᠤᠯᠠ ᠲᠠᠢ ᠰᠢᠭᠤᠳ ᠬᠤᠯᠪᠣᠭ᠎ᠠ | ᠲᠠᠢ ᠶᠤᠮ᠃ ᠡᠶᠢᠮᠦ ᠠᠴᠠ ᠬᠡᠦᠬᠡᠳ ᠢ ᠥᠯᠥᠭᠡᠶᠢᠳᠡᠬᠦ ᠳᠡᠭᠡᠨ ᠦᠷᠭᠦᠯᠵᠢ ᠬᠠᠷᠠᠭ᠎ᠠ ᠶᠢᠨ ᠪᠥᠰ ᠢ ᠵᠠᠰᠠᠵᠤ᠂ | ᠬᠡᠦᠬᠡᠳ ᠤᠨ ᠲᠣᠯᠣᠭᠠᠢ ᠬᠠᠵᠠᠭᠠᠢ ᠪᠣᠯᠬᠤ᠂ ᠮᠥᠷᠥ ᠳᠠᠯᠤ ᠱᠣᠪᠳᠤᠩ ᠪᠣᠯᠬᠤ ᠶᠢ ᠣᠨᠴᠠ ᠬᠢᠴᠢᠶᠡᠳᠡᠭ᠃ | ᠥᠯᠥᠭᠡᠢ ᠳᠤ ᠥᠰᠦᠭᠰᠡᠨ ᠬᠡᠦᠬᠡᠳ ᠤᠨ ᠮᠥᠷᠥ ᠳᠠᠯᠤ ᠲᠡᠭᠰᠢ᠂ ᠲᠣᠯᠣᠭᠠᠢ ᠨᠢ ᠲᠡᠭᠰᠢᠬᠡᠨ ᠡᠪᠯᠢᠭ᠂ ᠬᠥᠯ | ᠭᠠᠷ ᠤᠨ ᠪᠣᠶᠢᠵᠢᠯᠲᠠ ᠡᠷᠡᠭᠦᠯ ᠪᠠᠶᠢᠳᠠᠭ᠃ | ᠥᠯᠥᠭᠡᠢ ᠶᠢᠨ ᠳᠡᠷᠡ ᠶᠢ ᠴᠠᠭᠠᠨ᠂ ᠬᠥᠬᠡ᠂ ᠤᠯᠠᠭᠠᠨ ᠪᠥᠰ ᠢᠶᠠᠷ ᠣᠶᠣᠵᠤ᠂ ᠳᠣᠲᠣᠷ᠎ᠠ | ᠨᠢ ᠬᠠᠷ᠎ᠠ ᠮᠣᠩᠭᠤᠯ ᠠᠮᠤ ᠪᠤᠶᠤ ᠨᠠᠷᠢᠮᠤ᠂ ᠰᠠᠭᠠᠭ ᠤᠨ ᠬᠠᠯᠢᠰᠤ ᠵᠡᠷᠭᠡ ᠶᠢ ᠬᠢᠳᠡᠭ᠃ ᠡᠷᠳᠡᠮᠲᠡᠳ ᠤᠨ | ᠰᠤᠳᠤᠯᠭᠠᠨ ᠢ ᠦᠨᠳᠦᠰᠦᠯᠡᠪᠡᠯ ᠮᠣᠩᠭᠤᠯ ᠠᠮᠤ᠂ ᠨᠠᠷᠢᠮᠤ᠂ ᠰᠠᠭᠠᠭ ᠵᠡᠷᠭᠡ ᠨᠢ ᠰᠢᠮ᠎ᠡ ᠲᠡᠵᠢᠭᠡᠯ ᠡᠯᠪᠡᠭ᠂ | ᠬᠥᠮᠥᠨ ᠤ ᠪᠡᠶ᠎ᠡ ᠶᠢᠨ ᠡᠷᠡᠭᠦᠯ ᠮᠡᠨᠳᠦ ᠳᠤ ᠲᠤᠰᠠᠲᠠᠢ ᠡᠯᠧᠮᠧᠨ᠋ᠲ ᠣᠯᠠᠨ ᠠᠭᠤᠯᠤᠭᠳᠠᠵᠤ ᠪᠠᠶᠢᠳᠠᠭ᠃ | ᠡᠶᠢᠮᠦ ᠠᠴᠠ ᠬᠡᠦᠬᠡᠳ ᠤᠨ ᠳᠡᠷᠡ ᠳᠤ ᠡᠳᠡᠭᠡᠷ ᠠᠮᠤ ᠶᠢ ᠬᠢᠬᠦ ᠨᠢ ᠨᠢᠷᠠᠢ ᠬᠡᠦᠬᠡᠳ ᠤᠨ ᠲᠠᠷᠢᠬᠢ ᠰᠡᠷᠭᠡᠭ᠂ ᠪᠡᠶ᠎ᠡ | ᠡᠷᠡᠭᠦᠯ ᠢᠶᠠᠷ ᠦᠰᠦᠨ ᠪᠣᠶᠢᠵᠢᠬᠤ ᠳᠤ ᠴᠢᠬᠤᠯᠠ ᠦᠢᠯᠡᠳᠦᠯ ᠦᠵᠡᠭᠦᠯᠦᠨ᠎ᠡ᠃ ᠠᠷᠠᠳ ᠤᠨ ᠶᠠᠷᠢᠶᠠᠨ ᠳᠤ ︽ | ᠮᠣᠩᠭᠤᠯ ᠠᠮᠤ ᠶᠢ ᠵᠠᠭᠤᠨ ᠣᠨ ᠬᠠᠳᠠᠭᠠᠯᠠᠭᠰᠠᠨ ᠴᠦ ᠢᠯᠵᠢᠷᠡᠳᠡᠭ ᠦᠭᠡᠢ︾ ᠭᠡᠳᠡᠭ᠃ ᠡᠶᠢᠮᠦ ᠠᠴᠠ | ᠥᠯᠥᠭᠡᠢ ᠳᠤ ᠬᠡᠷᠡᠭᠯᠡᠬᠦ ᠬᠡᠦᠬᠡᠳ ᠤᠨ ᠳᠡᠷᠡ ᠳᠤ ᠴᠢᠨᠠᠷ ᠨᠢ ᠰᠠᠶᠢᠨ᠂ ᠥᠩᠭᠡ ᠨᠢ ᠭᠢᠯᠲᠠᠭᠠᠨᠠᠭᠰᠠᠨ ᠮᠣᠩᠭᠤᠯ | ᠠᠮᠤ᠂ ᠨᠠᠷᠢᠮᠤ᠂ ᠰᠠᠭᠠᠭ ᠵᠡᠷᠭᠡ ᠶᠢ ᠰᠣᠩᠭᠤᠨ ᠬᠡᠷᠡᠭᠯᠡᠳᠡᠭ ᠵᠠᠩᠰᠢᠯ ᠲᠠᠢ᠃ ᠮᠠᠨ ᠤ ᠤᠯᠤᠰ ᠤᠨ ᠵᠡᠭᠦᠨ | ᠬᠤᠶᠢᠲᠤ ᠣᠷᠣᠨ ᠤ ᠮᠠᠨᠵᠤ ᠦᠨᠳᠦᠰᠦᠲᠡᠨ ᠴᠦ ᠬᠡᠦᠬᠡᠳ ᠢᠶᠠᠨ ᠥᠯᠥᠭᠡᠶᠢᠳᠡᠬᠦ ᠵᠠᠩᠰᠢᠯ ᠲᠠᠢ ᠪᠥᠭᠡᠳ ︽ | ᠬᠡᠦᠬᠡᠳ ᠤᠨ ᠳᠡᠷᠡ ᠳᠤ ᠨᠣᠭᠤᠭᠠᠨ ᠪᠤᠷᠴᠠᠭ ᠬᠢᠵᠦ ᠳᠡᠷᠡᠯᠡᠭᠦᠯᠦᠨ᠂ ᠬᠡᠦᠬᠡᠳ ᠤᠨ ᠲᠣᠯᠣᠭᠠᠢ ᠭᠤᠵᠣᠭᠤᠷ | ᠪᠣᠯᠬᠤ ᠶᠢ ᠰᠡᠷᠭᠡᠶᠢᠯᠡᠳᠡᠭ︾ ① ᠵᠠᠩᠰᠢᠯ ᠪᠠᠶᠢᠳᠠᠭ᠃ | ᠬᠠᠩ ᠬᠡᠤᠳᠡᠢ ︵糠口袋 ᠭᠡᠰᠡᠨ ᠬᠢᠲᠠᠳ ᠦᠭᠡ ᠪᠣᠯᠣᠯᠲᠠᠢ︶ ᠨᠢ ᠴᠠᠭᠠᠨ | ᠪᠥᠰ ᠢ ᠤᠭᠤᠲᠠ ᠪᠣᠯᠭᠠᠨ ᠬᠥᠰᠢᠵᠦ᠂ ᠳᠣᠲᠣᠷ᠎ᠠ ᠨᠢ ᠰᠠᠭᠠᠭ ᠤᠨ ᠬᠠᠯᠢᠰᠤ ᠪᠤᠶᠤ ᠠᠭᠠᠭ ᠢ ᠳᠦᠭᠦᠷᠭᠡᠭᠡᠳ | ᠥᠯᠥᠭᠡᠢ ᠶᠢᠨ ᠳᠣᠲᠣᠷ᠎ᠠ ᠳᠡᠪᠢᠰᠬᠡᠷ ᠪᠣᠯᠭᠠᠨ ᠲᠠᠭᠠᠷᠠᠭᠤᠯᠤᠭᠰᠠᠨ ᠵᠦᠢᠯ ᠶᠤᠮ᠃ ᠲᠡᠷᠡ ᠨᠢ ᠬᠡᠪᠲᠡᠬᠦ ᠳᠤ | ᠵᠥᠭᠡᠯᠡᠨ᠂ ᠴᠢᠭᠢᠭ ᠨᠣᠶᠢᠲᠠᠨ ᠢ ᠰᠡᠷᠭᠡᠶᠢᠯᠡᠬᠦ ᠳᠤ ᠰᠠᠶᠢᠨ᠂ ᠬᠡᠦᠬᠡᠳ ᠤᠨ ᠰᠢᠭᠡᠰᠦ ᠶᠢ ᠰᠢᠩᠭᠡᠭᠡᠵᠦ ᠴᠢᠳᠠᠬᠤ | ᠮᠥᠷᠲᠡᠭᠡᠨ ᠬᠠᠯᠠᠭᠤᠨ ᠬᠦᠢᠲᠡᠨ ᠢ ᠵᠣᠬᠢᠴᠠᠭᠤᠯᠬᠤ ᠳᠤ ᠴᠢᠬᠤᠯᠠ ᠦᠢᠯᠡᠳᠦᠯ ᠦᠵᠡᠭᠦᠯᠳᠡᠭ᠃ ᠡᠭᠦᠨ ᠤ ᠬᠠᠮᠲᠤ | ᠡᠷᠭᠦᠵᠦ ᠰᠢᠯᠵᠢᠭᠦᠯᠬᠦ ᠳᠤ ᠬᠥᠩᠭᠡᠨ᠂ ᠬᠠᠲᠠᠬᠤ ᠨᠢ ᠬᠤᠷᠳᠤᠨ ᠵᠡᠷᠭᠡ ᠣᠯᠠᠨ ᠰᠠᠶᠢᠨ ᠲᠠᠯ᠎ᠠ ᠲᠠᠢ ᠪᠠᠶᠢᠭ᠎ᠠ ᠶᠤᠮ | ᠃ | ᠥᠯᠥᠭᠡᠢ ᠶᠢᠨ ᠲᠠᠲᠠᠭᠤᠷ ᠪᠠ ᠳ᠋ᠠᠶᠢᠰᠨ ᠦᠢᠯᠡᠳᠦᠯ ᠬᠡᠷᠡᠭᠴᠡᠭᠡ ᠨᠡᠩ ᠣᠯᠠᠨ ᠪᠠᠶᠢᠳᠠᠭ᠃ | ᠬᠡᠦᠬᠡᠳ ᠢᠶᠠᠨ ᠥᠯᠥᠭᠡᠶᠢᠳᠡᠬᠦ ᠳᠤ ᠡᠷᠬᠡᠪᠰᠢ ᠬᠤᠶᠠᠷ ᠬᠥᠯ ᠢ ᠨᠢ ᠲᠡᠭᠰᠢ ᠴᠢᠴᠠᠤᠯᠠᠨ᠂ ᠬᠤᠴᠢᠯᠭ᠎ᠠ ᠪᠠᠷ ᠴᠢᠩᠭ᠎ᠠ | ᠪᠠᠭᠯᠠᠭᠠᠳ ᠲᠠᠲᠠᠭᠤᠷ ᠢᠶᠠᠨ ᠨᠢᠭᠡ ᠦᠵᠦᠭᠦᠷ ᠠᠴᠠ ᠨᠢ ᠭᠤᠭᠴᠤᠭ᠎ᠠ ᠠᠯᠤᠰᠯᠠᠯ ᠦᠭᠡᠢ ᠴᠢᠩᠭ᠎ᠠ ᠰᠦᠯᠵᠢᠨ | ᠲᠠᠲᠠᠳᠠᠭ ᠪᠥᠭᠡᠳ ᠭᠤᠣᠯᠳᠠᠭᠤ ᠬᠥᠯ ᠭᠠᠷ ᠤᠨ ᠠᠰᠬᠠᠨ ᠪᠠᠶᠢᠬᠤ ᠪᠠ ᠲᠠᠲᠠᠭᠤᠷ ᠤᠨ ᠴᠢᠩᠭ᠎ᠠ ᠰᠤᠯᠠ ᠶᠢ | ᠬᠢᠴᠢᠶᠡᠳᠡᠭ᠃ ᠥᠯᠥᠭᠡᠢ ᠶᠢᠨ ᠭᠤᠭᠴᠤᠭ᠎ᠠ ᠳᠤ ᠶᠡᠷᠦ ᠳᠡᠭᠡᠨ ᠴᠡᠭᠡᠵᠢ᠂ ᠳᠠᠪᠤᠰᠠᠩ᠂ ᠬᠥᠯ ᠤᠨ ᠭᠤᠭᠴᠤᠭ᠎ᠠ | ᠭᠡᠵᠤ ᠪᠣᠢ ᠪᠣᠯᠬᠤᠷ ᠲᠡᠭᠦᠨ ᠳᠤ ᠲᠣᠬᠢᠷᠠᠭᠰᠠᠨ ᠴᠡᠭᠡᠵᠢ ᠶᠢᠨ ᠳ᠋ᠠᠶᠢᠰᠠ᠂ ᠲᠠᠪᠤᠰᠠᠩ ᠤᠨ ᠳ᠋ᠠᠶᠢᠰᠠ ᠪᠠ ᠬᠥᠯ ᠤᠨ | ᠳ᠋ᠠᠶᠢᠰᠠ ᠭᠡᠵᠤ ᠪᠠᠶᠢᠳᠠᠭ᠃ ᠡᠳᠡᠭᠡᠷ ᠳ᠋ᠠᠶᠢᠰᠠ ᠨᠤᠭᠤᠳ ᠨᠢ ᠬᠡᠦᠬᠡᠳ ᠤᠨ ᠮᠥᠷᠥ ᠳᠠᠯᠤ ᠶᠢᠨ ᠲᠡᠭᠰᠢᠬᠡᠨ᠂ | ᠭᠡᠳᠡᠰᠦᠨ ᠤ ᠪᠠ ᠬᠥᠯ ᠤᠨ ᠪᠤᠯᠴᠢᠷᠬᠠᠢ ᠶᠢᠨ ᠥᠰᠦᠯᠲᠡ ᠪᠣᠶᠢᠵᠢᠯᠲᠠ ᠶᠢ ᠪᠠᠲᠤᠯᠠᠳᠠᠭ᠂ ᠢᠯᠠᠩᠭᠤᠶ᠎ᠠ | ᠬᠡᠦᠬᠡᠳ ᠤᠨ ᠬᠥᠯ ᠮᠤᠷᠤᠢ ᠥᠰᠬᠦ ᠠᠴᠠ ᠰᠡᠷᠭᠡᠶᠢᠯᠡᠬᠦ ᠳᠤ ᠣᠨᠴᠠ ᠲᠤᠰᠠᠲᠠᠢ ᠭᠡᠳᠡᠭ᠃ ︽ᠥᠯᠥᠭᠡᠢ ᠠᠴᠠ | ᠬᠡᠦᠬᠡᠳ ᠢᠶᠠᠨ ᠲᠠᠶᠢᠯᠵᠤ ᠠᠪᠬᠤ ᠳᠠᠭᠠᠨ ᠲᠠᠪᠤᠰᠠᠩ ᠢ ᠨᠢ ᠬᠥᠩᠭᠡᠬᠡᠨ ᠢᠯᠢᠵᠦ ︿ᠲᠠᠪᠤᠰᠠᠩ ᠴᠢᠩᠭ᠎ᠠ᠂ | ᠲᠠᠪᠤᠰᠠᠩ ᠴᠢᠩᠭ᠎ᠠ﹀ ᠭᠡᠵᠤ ᠬᠡᠳᠦ ᠤᠳᠠᠭ᠎ᠠ ᠬᠡᠯᠡᠳᠡᠭ᠃ ᠢᠩᠭᠢᠪᠡᠯ ᠬᠡᠦᠬᠡᠳ ᠤᠨ ᠲᠠᠪᠤᠰᠠᠩ ᠨᠢ ᠴᠢᠩᠭ᠎ᠠ | ᠪᠣᠯᠵᠤ ᠬᠤᠵᠢᠮ ᠴᠠᠭ ᠬᠤᠭᠤᠴᠠᠭ᠎ᠠ ᠦᠭᠡᠢ ᠰᠢᠭᠡᠬᠦ ᠮᠠᠭᠤ ᠵᠠᠩᠰᠢᠯ ᠲᠠᠢ ᠪᠣᠯᠬᠤ ᠦᠭᠡᠢ ᠭᠡᠨ᠎ᠡ︾ ②᠃ | ᠮᠣᠩᠭᠤᠯᠴᠤᠳ ᠬᠡᠦᠬᠡᠳ ᠢᠶᠠᠨ ᠥᠯᠥᠭᠡᠢ ᠳᠤ ᠬᠡᠵᠢᠶᠡᠳᠡ ᠴᠢᠩᠭ᠎ᠠ ᠤᠶᠠᠵᠤ ᠥᠯᠥᠭᠡᠶᠢᠳᠡᠳᠡᠭ ᠪᠣᠯᠬᠤᠷ ᠬᠡᠦᠬᠡᠳ | ᠤᠨᠠᠵᠤ ᠲᠤᠰᠬᠤ᠂ ᠬᠤᠳᠣᠭᠤᠳᠤ ᠭᠡᠳᠡᠰᠦ ᠤᠷᠪᠠᠭ᠋ᠤ ᠵᠡᠷᠭᠡ ᠠᠴᠠ ᠰᠡᠷᠭᠡᠶᠢᠯᠡᠵᠦ ᠴᠢᠳᠠᠳᠠᠭ᠃ | | ᠬᠠᠷᠠᠭ᠎ᠠ ᠶᠢᠨ ᠳᠡᠭᠡᠷ᠎ᠡ ᠦᠵᠦᠭᠦᠷ ᠪᠣᠯᠣᠨ ᠥᠯᠥᠭᠡᠢ ᠶᠢᠨ ᠲᠤᠰᠢᠶ᠎ᠠ ᠶᠢ ᠬᠤᠯᠪᠣᠭᠰᠠᠨ | ᠬᠥᠪᠴᠢ ᠨᠢ ᠬᠡᠦᠬᠡᠳ ᠤᠨ ᠨᠢᠳᠦᠨ ᠬᠠᠷᠠᠭ᠎ᠠ ᠶᠢ ᠰᠠᠶᠢᠵᠢᠷᠠᠭᠤᠯᠬᠤ ᠳᠤ ᠮᠠᠰᠢ ᠰᠠᠶᠢᠨ ᠦᠢᠯᠡᠳᠦᠯ ᠲᠠᠢ ᠶᠤᠮ᠃ | ᠡᠭᠦᠨ ᠤ ᠳᠠᠭᠤ ᠬᠠᠯᠠᠭᠤᠨ ᠵᠤᠨ ᠤ ᠴᠠᠭ ᠲᠤ᠂ ᠬᠥᠪᠴᠢ ᠶᠢᠨ ᠳᠡᠭᠡᠷ᠎ᠡ ᠦᠷᠭᠦᠯᠵᠢ ᠨᠢᠮᠭᠡᠨ ᠱᠠ ᠪᠥᠰ ᠲᠠᠯᠪᠢᠵᠤ | ᠥᠯᠥᠭᠡᠢ ᠲᠠᠢ ᠬᠡᠦᠬᠡᠳ ᠢᠶᠠᠨ ᠪᠦᠲᠡᠭᠡᠳᠡᠭ ᠵᠠᠩᠰᠢᠯ ᠲᠠᠢ ᠪᠣᠯᠬᠤᠷ ᠪᠠᠲᠠᠭᠠᠨ᠎ᠠ᠂ ᠰᠢᠮᠠᠭᠤᠯ ᠤᠨ ᠬᠠᠵᠠᠬᠤ ᠪᠠ | ᠬᠡᠦᠬᠡᠳ ᠤᠨ ᠨᠢᠭᠤᠷ ᠴᠢᠷᠠᠢ ᠳᠤ ᠢᠯᠠᠭ᠎ᠠ ᠰᠠᠭᠤᠬᠤ ᠠᠴᠠ ᠰᠡᠷᠭᠡᠶᠢᠯᠡᠨ ᠠᠮᠤᠷ ᠵᠢᠮᠤᠷ ᠤᠨᠲᠠᠬᠤ ᠶᠢ ᠨᠢ | ᠪᠠᠲᠤᠯᠠᠵᠤ ᠴᠢᠳᠠᠬᠤ ᠮᠥᠷᠲᠡᠭᠡᠨ ᠠᠭᠤᠷ ᠤᠲᠤᠭᠠᠨ ᠠᠴᠠ ᠴᠦ ᠵᠠᠶᠢᠯᠠᠭᠤᠯᠵᠤ ᠴᠢᠳᠠᠨ᠎ᠠ᠃ | | ᠥᠯᠥᠭᠡᠢ ᠶᠢᠨ ᠮᠥᠭᠡᠷ ᠨᠢ ᠭᠠᠵᠠᠷ ᠪᠤᠶᠤ ᠬᠠᠨᠵᠤᠨ ᠤ ᠴᠢᠭᠢᠭ᠂ ᠬᠠᠯᠠᠭᠤᠨ ᠠᠴᠠ | ᠬᠡᠦᠬᠡᠳ ᠤᠨ ᠪᠡᠶ᠎ᠡ ᠳᠤ ᠦᠵᠡᠭᠦᠯᠬᠦ ᠬᠤᠣᠷ ᠬᠥᠨᠥᠭᠡᠯ ᠢ ᠰᠡᠷᠭᠡᠶᠢᠯᠡᠨ ᠬᠠᠨᠵᠤ ᠬᠡᠳᠦᠢ ᠬᠠᠯᠠᠭᠤᠨ᠂ ᠭᠠᠵᠠᠷ | ᠬᠡᠳᠦᠢ ᠴᠢᠭᠢᠭ ᠲᠠᠢ ᠪᠠᠶᠢᠭᠰᠠᠨ ᠳᠤ ᠬᠡᠦᠬᠡᠳ ᠠᠮᠤᠷ ᠲᠠᠶᠢᠪᠤᠩ ᠤᠨᠲᠠᠨ ᠠᠮᠠᠷᠠᠵᠤ ᠳᠡᠶᠢᠯᠳᠡᠭ᠃ ᠥᠯᠥᠭᠡᠢ ᠲᠠᠢ | ᠬᠡᠦᠬᠡᠳ ᠤᠨ ᠪᠡᠶ᠎ᠡ ᠶᠢᠨ ᠳᠤᠯᠠᠭᠠᠨ ᠢ ᠭᠤᠣᠯᠳᠠᠭᠤ ᠭᠡᠷ ᠤᠨ ᠳᠤᠯᠠᠭᠠᠨ ᠤ ᠬᠡᠮᠵᠢᠶ᠎ᠡ ᠪᠠᠷ ᠵᠣᠬᠢᠴᠠᠭᠤᠯᠳᠠᠭ᠃ | ᠢᠩᠭᠢᠭᠰᠡᠨ ᠠᠴᠠ ᠭᠠᠵᠠᠷ ᠬᠠᠨᠵᠤᠨ ᠤ ᠬᠠᠯᠠᠭᠤᠨ ᠬᠦᠢᠲᠡᠨ ᠲᠡᠭᠰᠢ ᠦᠭᠡᠢ᠂ ᠴᠢᠭᠢᠭ ᠨᠣᠶᠢᠲᠠᠨ ᠠᠴᠠ ᠪᠣᠯᠵᠤ | ᠲᠠᠭᠰᠢᠭᠤᠷ ᠬᠦᠷᠬᠦ᠂ ᠪᠠᠭᠠᠰᠤ ᠠᠯᠳᠠᠬᠤ᠂ ᠴᠠᠭᠠᠰᠢᠯᠠᠪᠠᠯ ᠠᠭᠤᠰᠬᠢᠨ ᠰᠦᠷᠢᠶ᠎ᠡ ᠮᠡᠲᠦ ᠶᠢᠨ ᠦᠷᠭᠦᠯᠵᠢ ᠶᠢᠨ | ᠴᠢᠨᠠᠷᠲᠠᠢ ᠡᠪᠡᠳᠴᠢᠨ ᠲᠠᠬᠤᠯ ᠳᠤ ᠨᠡᠷᠪᠡᠭᠳᠡᠬᠦ ᠪᠣᠯᠣᠯᠴᠠᠭ᠎ᠠ ᠶᠢ ᠶᠡᠭᠡ ᠪᠠᠷ ᠪᠠᠭᠠᠰᠬᠠᠵᠤ ᠴᠢᠳᠠᠨ᠎ᠠ᠃ | ᠥᠯᠥᠭᠡᠢ ᠶᠢᠨ ᠮᠥᠭᠡᠷ ᠨᠢ ᠬᠠᠭᠠᠰ ᠲᠣᠭᠤᠷᠢᠭ ᠬᠡᠯᠪᠡᠷᠢ ᠲᠠᠢ ᠪᠣᠯᠬᠤᠷ ᠰᠠᠭᠠᠲᠠᠭᠤᠯᠤᠨ ᠬᠥᠳᠡᠯᠭᠡᠬᠦ ᠳᠤ ᠠᠮᠠᠷ᠂ | ᠳᠡᠭᠦᠵᠢᠩ ᠰᠢᠭ ᠨᠠᠭᠠᠰᠢ ᠴᠠᠭᠠᠰᠢ ᠰᠠᠵᠢᠯᠠᠬᠤ ᠨᠢ ᠬᠡᠦᠬᠡᠳ ᠤᠨ ᠪᠡᠶ᠎ᠡ ᠳᠤ ᠲᠠᠭᠠᠯᠠᠮᠵᠢᠲᠠᠢ᠂ ᠬᠡᠦᠬᠡᠳ ᠤᠨ | ᠲᠠᠶᠢᠪᠤᠩ ᠤᠨᠲᠠᠬᠤ ᠳᠤ ᠠᠰᠢᠭᠲᠠᠢ᠃ ᠥᠯᠥᠭᠡᠢ ᠶᠢᠨ ᠡᠮᠦᠨ᠎ᠡ ᠬᠤᠶᠢᠨ᠎ᠠ ᠮᠥᠭᠡᠷ ᠤᠨ ᠶᠡᠭᠡ ᠪᠠᠭ᠎ᠠ ᠨᠢ ᠠᠳᠠᠯᠢ | ᠦᠭᠡᠢ᠂ ᠳᠡᠷᠡ ᠲᠠᠯ᠎ᠠ ᠶᠢᠨ ᠮᠥᠭᠡᠷ ᠨᠢ ᠲᠣᠮᠣ᠂ ᠬᠥᠯ ᠲᠠᠯ᠎ᠠ ᠶᠢᠨ ᠬᠢᠨᠢ ᠵᠢᠵᠢᠭ᠂ ᠡᠨᠡ ᠨᠢ ᠬᠡᠦᠬᠡᠳ ᠤᠨ | ᠪᠡᠶ᠎ᠡ ᠶᠢᠨ ᠴᠢᠰᠤ ᠲᠣᠯᠣᠭᠠᠢ ᠵᠦᠭ ᠬᠦᠨᠳᠤᠷᠬᠦ ᠶᠢ ᠰᠡᠷᠭᠡᠶᠢᠯᠡᠵᠦ ᠴᠢᠳᠠᠬᠤ ᠪᠣᠯᠣᠨ᠎ᠠ᠃ | ᠮᠣᠩᠭᠤᠯᠴᠤᠳ ᠬᠡᠦᠬᠡᠳ ᠢᠶᠠᠨ ᠥᠯᠥᠭᠡᠶᠢᠳᠡᠬᠦ ᠳᠡᠭᠡᠨ ᠡᠯᠡᠰᠦ ᠳᠡᠪᠢᠰᠳᠡᠭ ᠵᠠᠩᠰᠢᠯ ᠲᠠᠢ᠃ | ᠠᠷᠠᠳ ᠤᠨ ᠦᠭᠡᠨ ᠳᠤ ︽ᠤᠨᠠᠭᠰᠠᠨ ᠰᠢᠷᠣᠢ ᠠᠯᠲᠠ᠂ ᠤᠤᠭᠤᠭᠰᠠᠨ ᠤᠰᠤ ᠷᠠᠰᠢᠶᠠᠨ︾ ᠭᠡᠳᠡᠭᠴᠢᠯᠡᠨ | ᠬᠤᠷᠴᠢᠨ ᠨᠤᠲᠤᠭ ᠤᠨ ᠪᠦᠰᠡᠭᠦᠶᠢᠴᠦᠳ ᠬᠥᠩᠭᠡᠵᠢᠬᠦ ᠳᠡᠭᠡᠨ ᠴᠡᠪᠡᠷ ᠰᠠᠶᠢᠬᠠᠨ ᠴᠠᠭᠠᠨ ᠡᠯᠡᠰᠦᠨ ᠳᠡᠭᠡᠷ᠎ᠡ | ᠬᠡᠦᠬᠡᠳ ᠢᠶᠠᠨ ᠲᠤᠰᠴᠤ᠂ ᠬᠡᠦᠬᠡᠳ ᠢᠶᠠᠨ ᠪᠠᠰᠠ ᠡᠯᠡᠰᠦᠨ ᠳᠡᠭᠡᠷ᠎ᠡ ᠥᠯᠥᠭᠡᠶᠢᠳᠡᠳᠡᠭ ᠪᠢᠯᠡ᠃ ᠥᠯᠥᠭᠡᠢ ᠳᠤ | ᠬᠡᠷᠡᠭᠯᠡᠬᠦ ᠡᠯᠡᠰᠦ ᠰᠢᠷᠣᠢ ᠪᠠᠨ ᠮᠠᠩᠬᠠᠨ ᠡᠩᠭᠡᠷ ᠤᠨ ᠴᠡᠪᠡᠷ ᠭᠠᠵᠠᠷ ᠠᠴᠠ ᠰᠣᠩᠭᠤᠵᠤ᠂ ᠬᠠᠯᠠᠭᠤᠯᠵᠤ ᠴᠢᠭᠢᠭ ᠢ | ᠨᠢ ᠭᠠᠷᠭᠠᠭᠠᠳ ᠬᠡᠷᠡᠭᠯᠡᠳᠡᠭ ᠪᠣᠯᠬᠤᠷ ᠬᠡᠦᠬᠡᠳ ᠤᠨ ᠪᠡᠶ᠎ᠡ ᠳᠤ ᠬᠤᠣᠷ ᠬᠥᠨᠥᠭᠡᠯ ᠦᠭᠡᠢ᠂ ᠬᠠᠷᠢᠨ ᠡᠶᠢᠮᠦᠷᠬᠦᠦ | ᠡᠯᠡᠰᠦ ᠰᠢᠷᠣᠢ ᠶᠢ ᠬᠡᠷᠡᠭᠯᠡᠬᠦ ᠨᠢ ᠬᠡᠦᠬᠡᠳ ᠤᠨ ᠪᠡᠶ᠎ᠡ ᠶᠢᠨ ᠳᠤᠯᠠᠭᠠᠨ ᠢ ᠪᠠᠲᠤᠯᠠᠵᠤ᠂ ᠬᠥᠯ ᠨᠢᠷᠤᠭᠤ᠂ ᠦᠶ᠎ᠡ | ᠭᠡᠰᠢᠭᠦᠦ ᠶᠢᠨ ᠥᠰᠦᠯᠲᠡ ᠪᠣᠶᠢᠵᠢᠯᠲᠠ ᠳᠤ ᠲᠤᠩ ᠶᠡᠭᠡ ᠠᠴᠢ ᠲᠤᠰᠠ ᠲᠠᠢ ᠪᠠᠷ ᠪᠠᠷᠠᠬᠤ ᠦᠭᠡᠢ ᠪᠠᠭᠠᠰᠤ | ᠰᠢᠭᠡᠰᠦᠨ ᠳᠡᠭᠡᠨ ᠪᠢᠯᠳᠠᠬᠤ ᠶᠢ ᠰᠡᠷᠭᠡᠶᠢᠯᠡᠨ᠂ ᠪᠠᠭᠠᠰᠤ ᠰᠢᠭᠡᠰᠦ ᠶᠢ ᠨᠢ ᠠᠷᠢᠯᠭᠠᠵᠤ ᠴᠡᠪᠡᠷᠯᠡᠬᠦ ᠳᠤ ᠲᠥᠬᠦᠮ | ᠪᠠᠶᠢᠳᠠᠭ᠃ | ᠥᠯᠥᠭᠡᠢ ᠶᠢ ᠬᠠᠶᠢᠯᠠᠰᠤ᠂ ᠶᠠᠰᠢᠯ ᠮᠡᠲᠦ ᠶᠢᠨ ᠮᠣᠳᠣ ᠪᠠᠷ ᠬᠢᠳᠡᠭ ᠤᠨ ᠤᠴᠢᠷ ᠨᠢ | ᠬᠠᠶᠢᠯᠠᠰᠤ᠂ ᠶᠠᠰᠢᠯ ᠮᠣᠳᠣ ᠪᠠᠲᠤ ᠪᠠᠬᠢᠯᠢᠭ᠌᠂ ᠴᠢᠭᠢᠭ ᠨᠣᠶᠢᠲᠠᠨ ᠳᠤ ᠭᠠᠵᠢᠵᠤ ᠮᠤᠷᠤᠶᠢᠬᠤ ᠦᠭᠡᠢ ᠵᠡᠷᠭᠡ | ᠣᠨᠴᠠᠯᠢᠭ ᠲᠠᠢ ᠪᠠᠶᠢᠬᠤ ᠠᠴᠠ ᠭᠠᠳᠠᠨ᠎ᠠ ᠨᠠᠷᠠᠰᠤᠨ ᠮᠣᠳᠣ ᠰᠢᠭ᠋ ᠣᠨᠴᠠᠭᠠᠢ ᠦᠨᠦᠷ ᠲᠠᠨᠢᠷ ᠪᠠᠶᠢᠬᠤ ᠦᠭᠡᠢ᠃ | ᠡᠨᠡ ᠣᠨᠴᠠᠯᠢᠭ ᠨᠢ ᠬᠡᠦᠬᠡᠳ ᠤᠨ ᠬᠠᠮᠠᠷ ᠲᠤ ᠰᠡᠳᠡᠯᠳᠠ ᠥᠭᠬᠦ ᠦᠭᠡᠢ᠂ ᠥᠷᠭᠡᠰᠦ ᠭᠠᠷᠬᠤ ᠦᠭᠡᠢ ᠪᠣᠯᠬᠤᠷ | ᠬᠡᠦᠬᠡᠳ ᠤᠨ ᠭᠠᠷ ᠬᠥᠯ ᠢ ᠰᠢᠯᠪᠤᠯᠵᠤ ᠭᠡᠮᠲᠦᠭᠡᠬᠦ ᠦᠭᠡᠢ ᠪᠠᠶᠢᠳᠠᠭ᠃ | ᠬᠡᠦᠬᠡᠳ ᠥᠯᠥᠭᠡᠶᠢᠳᠡᠬᠦ ᠳᠡᠭᠡᠨ ᠲᠣᠯᠣᠭᠠᠢ ᠶᠢᠨ ᠦᠵᠦᠭᠦᠷ ᠤᠨ ᠬᠠᠷᠠᠭᠠᠨ ᠪᠥᠰ ᠤᠨ | ᠳᠡᠭᠡᠷ᠎ᠡ ᠵᠦᠢᠯ ᠪᠦᠷᠢ ᠶᠢᠨ ᠬᠤᠩᠬᠤ ᠳᠠᠮᠠᠷᠤ ᠲᠠᠭᠠᠷᠠᠭᠤᠯᠳᠠᠭ᠃ ᠡᠳᠡᠭᠡᠷ ᠬᠤᠩᠬᠤ ᠳᠠᠮᠠᠷᠤ ᠨᠢ ᠥᠯᠥᠭᠡᠢ ᠶᠢᠨ | ᠰᠠᠵᠢᠯᠠᠬᠤ ᠶᠢ ᠳᠠᠭᠠᠯᠳᠤᠨ ᠰᠣᠨᠣᠰᠪᠤᠷᠢᠲᠠᠢ ᠰᠠᠶᠢᠬᠠᠨ ᠬᠥᠭ ᠠᠶᠢᠵᠠᠮ ᠭᠠᠷᠭᠠᠬᠤ ᠪᠣᠯᠬᠤᠷ ᠬᠡᠦᠬᠡᠳ ᠤᠨ ᠳᠠᠭᠤ | ᠴᠢᠮᠡᠭᠡ ᠶᠢ ᠢᠯᠭᠠᠨ ᠲᠠᠨᠢᠬᠤ ᠰᠣᠨᠣᠷ ᠤᠨ ᠰᠡᠷᠡᠯ ᠤᠨ ᠴᠢᠳᠠᠪᠤᠷᠢ ᠶᠢ ᠪᠣᠶᠢᠵᠢᠭᠤᠯᠤᠨ᠂ ᠬᠤᠷᠴᠠ ᠰᠡᠷᠭᠡᠭ | ᠪᠣᠯᠬᠤ ᠳᠤ ᠨᠢ ᠲᠤᠰᠠ ᠲᠠᠢ ᠪᠠᠶᠢᠳᠠᠭ᠃ ᠨᠡᠩ ᠢᠯᠠᠩᠭᠤᠶ᠎ᠠ ᠨᠠᠮᠵᠢᠭᠤᠨ ᠲᠠᠶᠢᠪᠤᠩ ᠠᠶᠠᠰ ᠬᠥᠭᠵᠢᠮ ᠤᠨ | ᠳᠤᠮᠳᠠ ᠭᠦᠨ ᠨᠣᠶᠢᠷ ᠲᠠᠭᠠᠨ ᠣᠷᠣᠬᠤ ᠨᠢ ᠬᠡᠦᠬᠡᠳ ᠤᠨ ᠤᠨᠲᠠᠵᠤ ᠠᠮᠠᠷᠠᠬᠤ ᠳᠤ ᠲᠠᠭᠠᠯᠠᠮᠵᠢᠲᠠᠢ ᠰᠠᠶᠢᠬᠠᠨ | ᠭᠠᠳᠠᠭᠠᠳᠤ ᠨᠥᠬᠦᠴᠡᠯ ᠢ ᠪᠦᠷᠢᠯᠳᠦᠭᠦᠯᠵᠦ ᠥᠭᠳᠡᠭ᠃ | | ᠬᠤᠶᠠᠷ᠂ ᠦᠢᠯᠡᠳᠪᠦᠷᠢᠯᠡᠯ ᠠᠮᠢᠳᠤᠷᠠᠯ ᠳᠤ ᠦᠵᠡᠭᠦᠯᠬᠦ | ᠦᠢᠯᠡᠳᠦᠯ | | | ᠬᠡᠦᠬᠡᠳ ᠥᠯᠥᠭᠡᠶᠢᠳᠡᠬᠦ ᠵᠠᠩᠰᠢᠯ ᠨᠢ ᠮᠣᠩᠭᠤᠯ ᠭᠠᠵᠠᠷ ᠤᠨ ᠣᠷᠴᠢᠨ ᠲᠣᠭᠤᠷᠢᠨ᠂ | ᠡᠳ᠋ ᠭᠠᠷᠤᠯᠲᠠ᠂ ᠠᠵᠤ ᠠᠬᠤᠢ ᠶᠢᠨ ᠨᠥᠬᠦᠴᠡᠯ ᠲᠠᠢ ᠮᠠᠰᠢ ᠲᠣᠬᠢᠷᠠᠭᠰᠠᠨ ᠪᠠᠶᠢᠳᠠᠭ᠃ ᠥᠯᠥᠭᠡᠢ ᠬᠢᠬᠦ ᠳᠤ | ᠣᠯᠠᠩᠬᠢ ᠳᠠᠭᠠᠨ ᠲᠤᠬᠠᠢ ᠶᠢᠨ ᠭᠠᠵᠠᠷ ᠲᠤ ᠤᠷᠭᠤᠳᠠᠭ ᠮᠣᠳᠣ ᠶᠢ ᠬᠡᠷᠡᠭᠯᠡᠳᠡᠭ᠃ ᠬᠡᠦᠬᠡᠳ ᠤᠨ ᠳᠡᠷᠡ ᠪᠠ ᠬᠠᠩ | ᠬᠡᠦᠳᠠᠢ ᠵᠡᠷᠭᠡ ᠳᠤ ᠬᠢᠳᠡᠭ ᠠᠮᠤ ᠶᠢᠨ ᠵᠦᠢᠯ ᠠᠴᠠ ᠠᠪᠴᠤ ᠦᠵᠡᠭᠰᠡᠨ ᠴᠦ ᠪᠦᠷ ᠮᠣᠩᠭᠤᠯ ᠨᠤᠲᠤᠭ ᠲᠤ ᠯᠡ | ᠪᠠᠶᠢᠳᠠᠭ ᠣᠨᠴᠠ ᠭᠠᠷᠤᠯᠲᠠ ᠪᠣᠯᠣᠨ᠎ᠠ᠃ ᠡᠶᠢᠮᠦ ᠠᠴᠠ ᠥᠯᠥᠭᠡᠢ ᠬᠢᠬᠦ ᠪᠠ ᠬᠡᠦᠬᠡᠳ ᠢᠶᠠᠨ ᠥᠯᠥᠭᠡᠶᠢᠳᠡᠬᠦ | ᠨᠥᠬᠦᠴᠡᠯ ᠢ ᠪᠦᠷᠢᠯᠳᠦᠭᠦᠯᠬᠦ ᠳᠤ ᠵᠣᠭᠤᠰ ᠮᠥᠩᠭᠦ᠂ ᠡᠳ᠋ ᠬᠤᠭᠰᠢᠯ ᠲᠡᠳᠦᠢ ᠣᠯᠠᠨ ᠬᠡᠷᠡᠭᠰᠡᠬᠦ ᠦᠭᠡᠢ᠂ ᠠᠵᠤ | ᠠᠬᠤᠢ ᠶᠢᠨ ᠡᠭᠦᠷᠭᠡᠯᠡᠯ ᠲᠡᠶᠢᠮᠦ ᠬᠦᠨᠳᠦ ᠪᠢᠰᠢ ᠶᠤᠮ᠃ | ᠥᠩᠭᠡᠷᠡᠭᠰᠡᠨ ᠦᠶ᠎ᠡ ᠶᠢᠨ ᠮᠣᠩᠭᠤᠯ ᠨᠤᠲᠤᠭ ᠲᠤ᠂ ᠢᠯᠠᠩᠭᠤᠶ᠎ᠠ ᠨᠡᠭᠦᠳᠡᠯ ᠮᠠᠯᠵᠢᠯ ᠤᠨ | ᠠᠵᠤ ᠠᠬᠤᠢ ᠪᠠᠷ ᠭᠤᠣᠯᠯᠠᠭᠰᠠᠨ ᠭᠠᠵᠠᠷ ᠣᠷᠣᠨ ᠳᠤ ᠥᠯᠥᠭᠡᠢ ᠪᠠᠨ ᠭᠡᠷ ᠤᠨ ᠣᠨᠢ ᠠᠴᠠ ᠳᠡᠭᠦᠵᠢᠯᠡᠨ | ᠬᠡᠷᠡᠭᠯᠡᠳᠡᠭ ᠵᠠᠩᠰᠢᠯ ᠵᠥᠩᠳᠡᠭᠡᠨ ᠪᠠᠶᠢᠵᠠᠢ᠃ ᠡᠨᠡ ᠨᠢ ᠳᠡᠭᠦᠵᠢᠩ ᠥᠯᠥᠭᠡᠢ ᠶᠢᠨ ᠬᠡᠯᠪᠡᠷᠢ ᠪᠣᠯᠣᠨ᠎ᠠ᠃ ᠢᠩᠭᠢᠵᠦ | ᠭᠡᠷ ᠤᠨ ᠣᠨᠢ ᠪᠤᠶᠤ ᠨᠢᠷᠤᠭᠤᠨ ᠠᠴᠠ ᠳᠡᠭᠦᠵᠢᠯᠡᠬᠦ ᠳᠡᠭᠦᠵᠢᠩ ᠥᠯᠥᠭᠡᠢ ᠨᠢ ᠬᠡᠦᠬᠡᠳ ᠰᠠᠭᠠᠲᠠᠭᠤᠯᠬᠤ ᠳᠤ | ᠬᠢᠯᠪᠠᠷ ᠲᠥᠬᠦᠮ᠂ ᠣᠨᠴᠠᠭᠠᠶᠢᠯᠠᠨ ᠬᠡᠦᠬᠡᠳ ᠢᠶᠠᠨ ᠤᠨᠲᠠᠭᠤᠯᠤᠭᠠᠳ ᠭᠡᠷ ᠵᠠᠭᠤᠷ᠎ᠠ ᠶᠢᠨ ᠪᠣᠯᠣᠨ ᠬᠡᠭᠡᠷ᠎ᠡ ᠶᠢᠨ | ᠠᠵᠢᠯ ᠬᠢᠳᠡᠭ ᠪᠦᠰᠡᠭᠦᠶᠢᠴᠦᠳ ᠲᠤ ᠠᠪᠴᠤ ᠬᠡᠯᠡᠪᠡᠯ᠂ ᠬᠡᠦᠬᠡᠳ ᠢᠶᠠᠨ ᠬᠡᠭᠡᠷ᠎ᠡ ᠶᠢᠨ ᠨᠣᠬᠠᠢ᠂ ᠮᠤᠤᠷ ᠵᠡᠷᠭᠡ | ᠠᠷᠢᠶᠠᠲᠠᠨ ᠠᠮᠢᠲᠠᠨ ᠤ ᠬᠤᠣᠷ ᠬᠥᠨᠥᠭᠡᠯ ᠠᠴᠠ ᠰᠡᠷᠭᠡᠶᠢᠯᠡᠬᠦ ᠮᠠᠰᠢ ᠰᠠᠶᠢᠨ ᠠᠷᠭ᠎ᠠ ᠪᠣᠯᠬᠤ ᠶᠤᠮ᠃ | | ᠥᠯᠥᠭᠡᠢ ᠨᠢ ᠮᠥᠭᠡᠷ ᠲᠠᠢ ᠪᠠᠶᠢᠳᠠᠭ ᠪᠣᠯᠬᠤᠷ ᠰᠠᠭᠠᠲᠠᠭᠤᠯᠬᠤ ᠳᠤ ᠳᠡᠮᠡᠢ ᠬᠦᠴᠦ | ᠬᠡᠷᠡᠭᠰᠡᠬᠦ ᠦᠭᠡᠢ᠂ ᠨᠠᠰᠤ ᠠᠬᠢᠭᠰᠠᠨ ᠪᠤᠭᠤᠷᠤᠯ ᠠᠴᠠ ᠨᠠᠢᠮᠠ᠂ ᠶᠢᠰᠦᠲᠡᠢ ᠪᠠᠭ᠎ᠠ ᠬᠡᠦᠬᠡᠳ ᠬᠦᠷᠲᠡᠯ᠎ᠡ ᠪᠦᠷ | ᠨᠢᠯᠬ᠎ᠠ ᠬᠡᠦᠬᠡᠳ ᠢ ᠠᠷᠭᠠᠳᠠᠵᠤ ᠴᠢᠳᠠᠨ᠎ᠠ᠃ ᠥᠭᠡᠷ᠎ᠡ ᠪᠠᠷ ᠬᠡᠯᠡᠪᠡᠯ᠂ ᠨᠢᠯᠬ᠎ᠠ ᠬᠡᠦᠬᠡᠳ ᠢ ᠬᠠᠷᠠᠵᠤ | ᠬᠠᠷᠠᠭᠠᠯᠵᠠᠬᠤ ᠳᠤ ᠬᠢᠯᠪᠠᠷ ᠲᠥᠬᠦᠮ᠂ ᠲᠡᠪᠡᠷᠢᠵᠦ ᠡᠭᠦᠷᠬᠦ ᠶᠠᠷᠰᠢᠭ ᠲᠦᠪᠡᠭ ᠢ ᠪᠠᠭᠠᠰᠬᠠᠭᠰᠠᠨ ᠶᠤᠮ᠃ ᠶᠠᠭ | ᠡᠶᠢᠮᠦ ᠠᠴᠠ ᠡᠨᠡ ᠨᠢ ᠠᠵᠢᠯᠴᠢ ᠪᠣᠷᠣᠭᠵᠢᠭᠤᠨ ᠮᠣᠩᠭᠤᠯ ᠪᠦᠰᠡᠭᠦᠢ ᠶᠢᠨ ᠦᠨᠢᠶ᠎ᠡ ᠰᠠᠭᠠᠬᠤ᠂ ᠲᠤᠭᠤᠯ | ᠬᠠᠷᠢᠭᠤᠯᠬᠤ᠂ ᠬᠤᠷᠤᠳ ᠬᠢᠬᠦ᠂ ᠠᠷᠭᠠᠯ ᠲᠡᠭᠦᠬᠦ᠂ ᠴᠠᠢ ᠴᠢᠨᠠᠵᠤ ᠪᠤᠳᠠᠭ᠎ᠠ ᠪᠣᠯᠭᠤᠬᠤ᠂ ᠭᠤᠲᠤᠯ ᠣᠶᠣᠵᠤ | ᠠᠷᠠᠰᠤ ᠡᠯᠳᠡᠬᠦ ᠵᠢᠴᠢ ᠵᠣᠴᠢᠨ ᠳᠠᠶᠢᠯᠠᠬᠤ ᠵᠡᠷᠭᠡ ᠡᠳᠦᠷ ᠳᠣᠳᠥᠮ ᠤᠨ ᠠᠵᠢᠯ ᠳᠤ ᠨᠢ ᠬᠠᠪᠰᠤᠷᠤᠮᠵᠢ ᠪᠣᠯᠬᠤ | ᠮᠥᠷᠲᠡᠭᠡᠨ ᠴᠠᠭ ᠤᠨ ᠲᠠᠯ᠎ᠠ ᠪᠠᠷ ᠠᠷᠪᠢᠲᠠᠢ ᠶᠤᠮ᠃ ᠡᠨᠡ ᠨᠢ ᠭᠡᠷ ᠪᠦᠯᠢ ᠶᠢᠨ ᠣᠯᠠᠨ ᠵᠦᠢᠯ ᠤᠨ ᠠᠵᠢᠯ ᠢ ᠭᠡᠷ | ᠳᠣᠲᠣᠷᠠᠬᠢ ᠬᠥᠭᠰᠢᠨ ᠵᠠᠯᠠᠭᠤ ᠪᠦᠭᠦᠳᠡᠭᠡᠷ ᠬᠠᠮᠵᠢᠯᠴᠠᠨ ᠪᠡᠶᠡᠯᠡᠭᠦᠯᠵᠦ ᠴᠢᠳᠠᠬᠤ ᠨᠥᠬᠦᠴᠡᠯ ᠢ ᠪᠣᠢ ᠪᠣᠯᠭᠠᠭᠰᠠᠨ | ᠪᠠᠶᠢᠨ᠎ᠠ᠃ | ᠥᠯᠥᠭᠡᠢ ᠲᠠᠢ ᠬᠡᠦᠬᠡᠳ ᠢᠶᠠᠨ ᠬᠥᠬᠦᠭᠦᠯᠬᠦ ᠦᠶ᠎ᠡ ᠳᠤ ᠥᠯᠥᠭᠡᠢ ᠶᠢᠨ ᠥᠨᠳᠥᠷ ᠤᠨ | ᠬᠡᠮᠵᠢᠶ᠎ᠡ ᠶᠠᠭ ᠲᠣᠬᠢᠷᠠᠭᠰᠠᠨ ᠠᠴᠠ ᠬᠡᠦᠬᠡᠳ ᠬᠥᠬᠦᠨ ᠰᠦ ᠳᠡᠭᠡᠨ ᠬᠠᠭ᠋ᠠᠵᠤ ᠴᠠᠴᠠᠬᠤ ᠦᠭᠡᠢ᠂ ᠪᠦᠰᠡᠭᠦᠶᠢᠴᠦᠳ | ᠬᠡᠦᠬᠡᠳ ᠢᠶᠠᠨ ᠡᠪᠦᠷ ᠳᠡᠭᠡᠷ᠎ᠡ ᠪᠠᠨ ᠲᠡᠪᠡᠷᠢᠬᠦ ᠦᠭᠡᠢ ᠴᠦ ᠬᠥᠬᠦᠭᠦᠯᠵᠦ ᠴᠢᠳᠠᠳᠠᠭ ᠶᠤᠮ᠃ | | ᠥᠯᠥᠭᠡᠢ ᠨᠢ ᠪᠠᠰᠠ ᠮᠣᠩᠭᠤᠯᠴᠤᠳ ᠤᠨ ᠮᠠᠯᠵᠢᠯ ᠠᠵᠤ ᠠᠬᠤᠢ ᠶᠢᠨ ᠣᠲᠣᠷ | ᠨᠡᠭᠦᠳᠡᠯ ᠤᠨ ᠦᠢᠯᠡᠳᠪᠦᠷᠢᠯᠡᠯ ᠠᠮᠢᠳᠤᠷᠠᠯ ᠤᠨ ᠣᠨᠴᠠᠯᠢᠭ ᠲᠠᠢ ᠨᠢᠭᠲᠠ ᠤᠶᠠᠯᠳᠤᠭᠰᠠᠨ ᠪᠠᠶᠢᠳᠠᠭ᠃ ᠤᠯᠠᠷᠢᠯ ᠢ | ᠲᠠᠭᠠᠨ ᠨᠡᠭᠦᠳᠡᠯᠯᠡᠬᠦ ᠳᠡᠭᠡᠨ ᠨᠢᠯᠬ᠎ᠠ ᠬᠡᠦᠬᠡᠳ ᠢ ᠥᠯᠥᠭᠡᠶᠢᠳᠡᠭᠰᠡᠨ ᠬᠡᠪ ᠢᠶᠠᠷ ᠨᠢ ᠠᠪᠴᠤ ᠶᠠᠪᠤᠵᠤ ᠪᠣᠯᠳᠠᠭ᠃ | ᠢᠩᠭᠢᠬᠦ ᠨᠢ ᠬᠡᠦᠬᠡᠳ ᠢ ᠠᠪᠴᠤ ᠶᠠᠪᠤᠬᠤ ᠳᠤ ᠲᠥᠬᠦᠮ᠂ ᠨᠡᠭᠦᠳᠡᠯ ᠪᠠᠭᠤᠳᠠᠯ ᠤᠨ ᠶᠠᠪᠤᠴᠠ ᠳᠤ ᠬᠢᠴᠢᠶᠡᠮᠵᠢ | ᠦᠭᠡᠢ ᠪᠠᠷ ᠬᠡᠦᠬᠡᠳ ᠤᠨ ᠭᠠᠷ ᠬᠥᠯ᠂ ᠦᠶ᠎ᠡ ᠭᠡᠰᠢᠭᠦᠦ ᠶᠢ ᠭᠡᠮᠲᠦᠭᠡᠬᠦ ᠪᠠ ᠡᠪᠦᠯ ᠤᠨ ᠬᠦᠢᠲᠡᠨ ᠳᠤ ᠭᠠᠷ | ᠬᠥᠯ ᠢ ᠨᠢ ᠬᠥᠯᠳᠡᠭᠡᠬᠦ᠂ ᠵᠤᠨ ᠤ ᠬᠠᠯᠠᠭᠤᠨ ᠳᠤ ᠢᠯᠠᠭ᠎ᠠ ᠪᠠᠲᠠᠭᠠᠨ᠎ᠠ ᠣᠶᠢᠷᠠᠳᠬᠤ ᠠᠴᠠ ᠰᠡᠷᠭᠡᠶᠢᠯᠡᠵᠦ ᠴᠢᠳᠠᠨ᠎ᠠ | ᠃ ᠬᠠᠰᠠᠭ ᠲᠡᠷᠭᠡᠨ ᠳᠤ ᠪᠠᠶᠢᠲᠤᠭᠠᠢ᠂ ᠬᠠᠲᠠᠷᠢᠭ᠎ᠠ ᠮᠣᠷᠢᠨ ᠳᠡᠭᠡᠷ᠎ᠡ ᠴᠦ ᠥᠯᠥᠭᠡᠢ ᠲᠠᠢ ᠬᠡᠦᠬᠡᠳ ᠢᠶᠠᠨ | ᠰᠤᠭᠤᠪᠴᠢᠯᠠᠨ ᠶᠠᠪᠤᠵᠤ ᠪᠣᠯᠳᠠᠭ ᠨᠢ ᠲᠤᠩ ᠭᠠᠶᠢᠬᠠᠯᠲᠠᠢ ᠶᠤᠮ᠃ | ᠡᠷᠲᠡᠨ ᠠᠴᠠ ᠠᠪᠤᠭᠠᠳ ᠮᠣᠩᠭᠤᠯᠴᠤᠳ ᠳᠠᠶᠢᠨ ᠪᠠᠶᠢᠯᠳᠤᠭᠠᠨ ᠳᠤ ᠭᠠᠪᠰᠢᠭᠠᠢ᠂ | ᠨᠡᠭᠦᠳᠡᠯᠯᠡᠨ ᠪᠠᠭᠤᠬᠤ ᠳᠠᠭᠠᠨ ᠪᠤᠰᠢᠭᠤ ᠱᠠᠯᠠᠮᠠᠭᠠᠢ᠂ ᠬᠥᠳᠡᠯᠭᠡᠭᠡᠨᠲᠦ ᠴᠢᠨᠠᠷ ᠢᠶᠠᠷ ᠶᠡᠭᠡ ᠪᠠᠶᠢᠭᠰᠠᠨ᠃ ᠡᠭᠦᠨ ᠳᠤ | ᠥᠯᠥᠭᠡᠢ ᠨᠢ ᠪᠠᠰᠠ ᠣᠷᠣᠯᠠᠭᠤᠯᠵᠤ ᠪᠣᠯᠣᠰᠢ ᠦᠭᠡᠢ ᠦᠢᠯᠡᠳᠦᠯ ᠢᠶᠠᠨ ᠪᠠᠳᠠᠷᠠᠭᠤᠯᠤᠭᠰᠠᠨ ᠶᠤᠮ᠃ ᠨᠡᠭᠦᠨ | ᠪᠠᠭᠤᠳᠠᠯᠯᠠᠬᠤ ᠶᠠᠪᠤᠴᠠ ᠳᠤ ᠠᠭᠲᠠ ᠮᠣᠷᠢ᠂ ᠠᠷᠠᠯᠲᠤ ᠲᠡᠷᠭᠡ ᠨᠢ ᠬᠡᠳᠦᠢ ᠬᠤᠷᠳᠤᠨ ᠳᠠᠪᠬᠢᠭᠰᠠᠨ ᠴᠦ ᠬᠡᠦᠬᠡᠳ | ᠨᠢ ᠥᠯᠥᠭᠡᠢ ᠳᠣᠲᠣᠷ᠎ᠠ ᠪᠠᠨ ᠪᠠᠶᠢᠪᠠᠯ ᠬᠡᠦᠬᠡᠳ ᠤᠨ ᠭᠡᠳᠡᠰᠦ ᠤᠷᠪᠠᠭ᠋ᠤ᠂ ᠬᠤᠳᠣᠭᠤᠳᠤ ᠰᠢᠯᠵᠢᠬᠦ ᠠᠶᠤᠯ | ᠭᠠᠷᠬᠤ ᠦᠭᠡᠢ᠃ ᠳᠠᠶᠢᠨ ᠪᠠᠶᠢᠯᠳᠤᠭᠠᠨ ᠤ ᠳᠤᠮᠳᠠ ᠳᠤ ᠴᠦ ᠬᠡᠦᠬᠡᠳ ᠨᠢ ᠠᠮᠤᠷ ᠲᠠᠶᠢᠪᠤᠩ ᠤᠨᠲᠠᠨ ᠠᠮᠠᠷᠠᠵᠤ᠂ | ᠬᠤᠣᠷ ᠬᠥᠨᠥᠭᠡᠯ ᠠᠮᠰᠠᠬᠤ ᠦᠭᠡᠢ ᠪᠠᠶᠢᠳᠠᠭ᠃ ᠡᠭᠦᠨ ᠤ ᠬᠠᠮᠲᠤ ᠳᠠᠶᠢᠨ ᠪᠠᠶᠢᠯᠳᠤᠭᠠᠨ᠂ ᠣᠲᠣᠷ ᠨᠡᠭᠦᠳᠡᠯ ᠳᠤ | ᠶᠠᠪᠤᠵᠤ ᠪᠠᠶᠢᠭ᠎ᠠ ᠪᠦᠰᠡᠭᠦᠶᠢᠴᠦᠳ ᠴᠦ ᠭᠡᠷ ᠪᠦᠯᠢ᠂ ᠦᠷ᠎ᠡ ᠬᠡᠦᠬᠡᠳ ᠤᠨ ᠢᠶᠠᠨ ᠬᠠᠮᠲᠤ ᠶᠠᠪᠤᠬᠤ ᠪᠣᠯᠬᠤᠷ ᠠᠷᠤ | ᠲᠠᠯ᠎ᠠ ᠶᠢᠨ ᠭᠡᠷ ᠡᠷᠦᠬᠡ᠂ ᠦᠷ᠎ᠡ ᠨᠢᠯᠬ᠎ᠠ ᠭᠡᠵᠤ ᠰᠠᠨᠠᠭ᠎ᠠ ᠪᠣᠯᠬᠤ ᠦᠭᠡᠢ᠂ ᠨᠢᠭᠡ ᠰᠡᠳᠬᠢᠯ ᠭᠠᠭᠴᠠ | ᠵᠣᠷᠢᠭ ᠢᠶᠠᠷ ᠠᠵᠢᠯ ᠬᠥᠳᠡᠯᠮᠦᠷᠢ ᠳᠡᠭᠡᠨ ᠵᠢᠳᠬᠦᠳᠡᠭ᠃ | ᠮᠣᠩᠭᠤᠯᠴᠤᠳ ᠬᠡᠦᠬᠡᠳ ᠤᠨ ᠥᠯᠥᠭᠡᠢ ᠶᠢᠨ ᠬᠠᠷᠠᠭ᠎ᠠ᠂ ᠠᠷᠠᠯ᠂ ᠢᠯᠡᠦ᠂ ᠮᠥᠭᠡᠷ᠂ | ᠳ᠋ᠡᠶᠢᠰᠨ᠂ ᠭᠤᠭᠴᠤᠭ᠎ᠠ ᠵᠡᠷᠭᠡ ᠭᠠᠵᠠᠷ ᠲᠤ ᠥᠯᠵᠡᠢ ᠵᠠᠩᠭᠢᠶ᠎ᠠ᠂ ᠬᠠᠰ ᠲᠠᠮᠠᠭ᠎ᠠ᠂ ᠳᠥᠷᠪᠡᠨ ᠬᠦᠴᠦᠲᠡᠨ᠂ ᠲᠤᠩ | ᠂ ᠨᠠᠷᠠ ᠰᠠᠷ᠎ᠠ᠂ ᠨᠠᠪᠴᠢ ᠴᠡᠴᠡᠭ ᠵᠡᠷᠭᠡ ᠶᠢᠨ ᠬᠡ ᠤᠭᠠᠯᠵᠠ ᠵᠢᠷᠤᠵᠤ ᠰᠡᠶᠢᠯᠬᠦ᠂ ᠣᠶᠣᠵᠤ ᠪᠠᠷᠢᠬᠤ᠂ | ᠬᠠᠳᠬᠤᠵᠤ ᠴᠢᠳᠬᠤᠬᠤ ᠵᠠᠩᠰᠢᠯ ᠲᠠᠢ ᠪᠠ ᠨᠤᠮᠤ ᠰᠤᠮᠤ᠂ ᠲᠡᠭᠷᠢ ᠶᠢᠨ ᠰᠤᠮᠤ᠂ ᠭᠠᠤᠯᠢᠨ ᠵᠣᠭᠤᠰ᠂ ᠮᠥᠩᠭᠦᠨ | ᠬᠢᠲᠤᠭ᠎ᠠ᠂ ᠬᠦᠷᠡᠯ ᠲᠣᠯᠢ ᠵᠡᠷᠭᠡ ᠲᠡᠮᠦᠷᠯᠢᠭ ᠤᠨ ᠵᠦᠢᠯ ᠬᠢᠭᠡᠳ ᠱᠠᠭ᠎ᠠ᠂ ᠬᠡᠦᠬᠡᠳ ᠤᠨ ᠬᠦᠢᠰᠦ᠂ ᠦᠷᠪᠡᠭᠡ | ᠵᠡᠷᠭᠡ ᠶᠢ ᠳᠡᠭᠦᠵᠢᠯᠡᠨ ᠡᠯᠭᠦᠵᠦ ᠪᠡᠯᠭᠡᠳᠡᠯ ᠪᠣᠯᠭᠠᠳᠠᠭ᠃ ᠡᠭᠦᠨ ᠠᠴᠠ ᠭᠠᠳᠠᠨ᠎ᠠ ᠥᠯᠥᠭᠡᠢ ᠶᠢ ᠪᠦᠲᠦᠭᠡᠭᠰᠡᠨ | ᠡᠯ᠎ᠡ ᠲᠥᠷᠥᠯ ᠤᠨ ᠮᠣᠳᠣᠨ ᠤᠷᠭᠤᠮᠠᠯ᠂ ᠠᠮᠤ ᠪᠥᠰ ᠵᠡᠷᠭᠡ ᠨᠢ ᠪᠠᠰᠠ ᠭᠦᠨ ᠭᠦᠨᠵᠡᠭᠡᠢ ᠪᠡᠯᠭᠡᠳᠡᠯ ᠤᠨ ᠤᠳᠬ᠎ᠠ | ᠲᠠᠢ ᠪᠠᠶᠢᠳᠠᠭ᠃ ᠥᠯᠥᠭᠡᠢ ᠶᠢᠨ ᠵᠠᠰᠠᠯ ᠵᠢᠮᠰᠡᠭ ᠪᠠ ᠡᠳ᠋ᠯᠡᠯ ᠬᠡᠷᠡᠭᠰᠡᠯ ᠨᠢ ᠲᠡᠭᠦᠨ ᠳᠤ ᠠᠭᠤᠯᠤᠭᠰᠠᠨ ᠪᠡᠯᠭᠡᠳᠡᠯ | ᠤᠳᠬ᠎ᠠ ᠲᠠᠢ ᠪᠠᠨ ᠨᠥᠬᠦᠴᠡᠯᠳᠦᠨ ᠠᠭᠤᠰᠤᠯᠴᠠᠵᠤ ᠪᠠᠶᠢᠳᠠᠭ᠃ ᠬᠡᠦᠬᠡᠳ ᠤᠨ ᠢᠶᠠᠨ ᠡᠷᠡᠭᠦᠯ ᠮᠡᠨᠳᠦ᠂ ᠰᠠᠶᠢᠨ | ᠰᠠᠶᠢᠬᠠᠨ ᠢ ᠢᠷᠦᠭᠡᠨ ᠳᠠᠭᠠᠳᠬᠠᠵᠤ᠂ ᠬᠠᠮᠠᠭᠠᠯᠠᠨ ᠪᠠᠲᠤᠯᠠᠬᠤ ᠭᠤᠣᠯ ᠵᠣᠷᠢᠯᠭ᠎ᠠ ᠳᠤ ᠦᠢᠯᠡᠴᠢᠯᠡᠵᠦ ᠪᠠᠶᠢᠭ᠎ᠠ | ᠶᠤᠮ᠃ ᠡᠨᠡ ᠨᠢ ᠬᠠᠭᠤᠴᠢᠨ ᠴᠠᠭ ᠲᠤ ᠦᠷ᠎ᠡ ᠬᠡᠦᠬᠡᠳ ᠤᠨ ᠡᠷᠡᠭᠦᠯ ᠰᠠᠶᠢᠬᠠᠨ ᠥᠰᠦᠯᠲᠡ ᠪᠣᠶᠢᠵᠢᠯᠲᠠ | ᠪᠠᠲᠤᠯᠠᠭ᠎ᠠ ᠦᠭᠡᠢ ᠪᠠᠶᠢᠭᠰᠠᠨ᠂ ᠪᠠᠶᠢᠭᠠᠯᠢ ᠶᠢᠨ ᠭᠠᠢ ᠭᠠᠮᠰᠢᠭ ᠪᠠ ᠡᠪᠡᠳᠴᠢᠨ ᠲᠠᠬᠤᠯ ᠢ ᠪᠦᠷᠢᠮᠦᠰᠦᠨ ᠢᠯᠠᠵᠤ | ᠳᠡᠶᠢᠯᠬᠦ ᠦᠭᠡᠢ ᠪᠠᠶᠢᠭᠰᠠᠨ ᠲᠠᠢ ᠬᠤᠯᠪᠣᠭᠠᠲᠠᠢ ᠪᠥᠭᠡᠳ ᠬᠥᠮᠥᠰ ᠪᠡᠯᠭᠡᠳᠡᠯ ᠢᠶᠠᠷ ᠳᠠᠮᠵᠢᠨ ᠭᠠᠢ ᠪᠠᠷᠴᠢᠳ ᠢ | ᠦᠯᠳᠡᠨ ᠠᠷᠢᠯᠭᠠᠵᠤ᠂ ᠠᠵᠠ ᠵᠢᠷᠭᠠᠯ᠂ ᠵᠣᠯ ᠵᠠᠪᠰᠢᠶᠠᠨ ᠢ ᠤᠷᠢᠨ ᠳᠠᠭᠤᠳᠠᠬᠤ ᠳᠣᠮ ᠰᠢᠪᠰᠢᠯᠭᠡ ᠪᠣᠯᠬᠤ | ᠦᠢᠯᠡᠳᠦᠯ ᠲᠠᠢ ᠶᠤᠮ᠃ | ᠪᠠᠭᠴᠠᠯᠠᠭᠠᠳ ᠬᠡᠯᠡᠪᠡᠯ᠂ ᠥᠯᠥᠭᠡᠢ ᠨᠢ ᠮᠣᠩᠭᠤᠯᠴᠤᠳ ᠤᠨ ᠪᠣᠳᠠᠰ ᠤᠨ ᠪᠠ ᠣᠶᠣᠨ ᠤ | ᠰᠣᠶᠣᠯ ᠤᠨ ᠥᠪ ᠬᠥᠷᠥᠩᠭᠡ ᠪᠣᠯᠣᠭᠰᠠᠨ ᠤ ᠬᠤᠪᠢ ᠳᠤ ᠮᠣᠩᠭᠤᠯ ᠨᠤᠲᠤᠭ ᠤᠨ ᠢᠶᠠᠨ ᠵᠤᠵᠠᠭᠠᠨ | ᠬᠥᠷᠥᠰᠥᠨ ᠳᠤ ᠤᠷᠭᠤᠵᠤ᠂ ᠮᠣᠩᠭᠤᠯᠴᠤᠳ ᠤᠨ ᠠᠵᠤ ᠠᠬᠤᠢ᠂ ᠰᠣᠶᠣᠯ᠂ ᠦᠵᠡᠯ ᠤᠬᠠᠮᠰᠠᠷ ᠤᠨ | ᠣᠨᠴᠠᠯᠢᠭ ᠢ ᠪᠦᠷᠢᠨ ᠬᠠᠳᠠᠭᠠᠯᠠᠵᠤ᠂ ᠮᠣᠩᠭᠤᠯ ᠬᠥᠮᠥᠨ ᠤ ᠠᠵᠤ ᠠᠮᠢᠳᠤᠷᠠᠯ᠂ ᠦᠢᠯᠡᠳᠪᠦᠷᠢᠯᠡᠯ ᠤᠨ ᠠᠷᠭ᠎ᠠ | ᠪᠠᠷᠢᠯ᠂ ᠤᠷᠠᠨ ᠰᠡᠳᠬᠢᠮᠵᠢ᠂ ᠣᠶᠣᠨ ᠪᠢᠯᠢᠭ᠂ ᠭᠤᠸ᠎ᠠ ᠵᠦᠢ᠂ ᠶᠣᠰᠣ ᠮᠣᠷᠠᠯ᠂ ᠵᠠᠩ ᠳᠠᠳᠬᠠᠯ ᠢ | ᠲᠥᠪᠯᠡᠷᠡᠭᠦᠯᠦᠨ ᠲᠤᠰᠬᠠᠵᠤ ᠪᠠᠶᠢᠭ᠎ᠠ ᠶᠤᠮ᠃ ᠡᠶᠢᠨ ᠬᠦ ᠥᠯᠥᠭᠡᠢ ᠨᠢ ᠤᠷᠲᠤ ᠤᠳᠠᠭᠠᠨ ᠲᠡᠦᠬᠡᠨ | ᠬᠥᠭᠵᠢᠯᠲᠡ ᠶᠢᠨ ᠶᠠᠪᠤᠴᠠ ᠳᠤ ᠮᠣᠩᠭᠤᠯᠴᠤᠳ ᠤᠨ ᠦᠷ᠎ᠡ ᠬᠡᠦᠬᠡᠳ ᠢᠶᠠᠨ ᠥᠰᠬᠡᠨ ᠪᠣᠶᠢᠵᠢᠭᠤᠯᠬᠤ ᠣᠯᠠᠨ | ᠲᠠᠯ᠎ᠠ ᠳᠤ ᠢᠳᠡᠪᠬᠢ ᠦᠢᠯᠡᠳᠦᠯ ᠦᠵᠡᠭᠦᠯᠵᠦ᠂ ᠥᠨᠥᠳᠥᠷ ᠲᠤ ᠢᠷᠠᠲᠠᠯᠠ ᠤᠯᠠᠮᠵᠢᠯᠠᠭᠳᠠᠨ ᠬᠠᠳᠠᠭᠠᠯᠠᠭᠳᠠᠵᠤ᠂ | ᠤᠷᠲᠤ ᠤᠳᠠᠭᠠᠨ ᠠᠮᠢᠯᠠᠯ ᠤᠨ ᠬᠦᠴᠦᠨ ᠢᠶᠠᠨ ᠢᠯᠡᠷᠡᠭᠦᠯᠦᠭᠰᠡᠭᠡᠷ ᠪᠠᠶᠢᠨ᠎ᠠ᠃ | | ᠵᠡᠭᠦᠯᠲᠡ᠄ | ① 佟靖仁:《内蒙古的满族》内蒙古大学出版社,一九 | 九三年,第二七一页。 | ② ᠬᠦᠷᠡᠯᠪᠠᠭᠠᠲᠤᠷ᠂ ᠤᠷᠠᠨᠴᠢᠮᠡᠭ᠄ ︽ᠬᠤᠷᠴᠢᠨ ᠤ ᠵᠠᠩ ᠠᠭᠠᠯᠢ︾᠂ ᠥᠪᠥᠷ ᠮᠣᠩᠭᠤᠯ ᠤᠨ ᠠᠷᠠᠳ ᠤᠨ | ᠬᠡᠪᠯᠡᠯ ᠤᠨ ᠬᠤᠷᠢᠶ᠎ᠠ᠂ 1988 ᠣᠨ᠂ 108 ᠳ᠋ᠤᠭᠠᠷ ᠨᠢᠭᠤᠷ᠃ | | ︵ᠪᠠᠢ ᠮᠸᠢ ᠶᠦᠨ᠂ ᠴᠤᠪᠤᠭ᠎ᠠ︶ | | | |