ᠪᠡᠯᠴᠢᠭᠡᠷ ᠨᠤᠲᠤᠭ ᠤᠨ ᠲᠠᠴᠢᠷᠰᠢᠯ ᠤᠨ ᠰᠢᠯᠲᠠᠭᠠᠨ ᠵᠢᠴᠢ ᠨᠡᠭᠦᠳᠡᠯ ᠮᠠᠯᠵᠢᠯ ᠤᠨ ᠠᠷᠭ᠎ᠠ ᠬᠡᠯᠪᠡᠷᠢ
ᠨᠡᠶᠢᠲᠡᠯᠡᠭᠰᠡᠨ ᠴᠠᠭ᠄
2012/12/17
           ᠥᠪᠥᠷ ᠮᠤᠩᠭᠤᠯ ᠤᠨ ᠠᠮᠢ ᠠᠬᠤᠢ ᠶᠢᠨ ᠮᠠᠭᠤᠲᠠᠯ ᠵᠢᠴᠢ ᠲᠡᠭᠦᠨ ᠤ ᠰᠢᠯᠲᠠᠭᠠᠨ ᠤ ᠲᠤᠬᠠᠢ ᠰᠤᠳᠤᠯᠭᠠᠨ ᠪᠤᠶᠤ ᠦᠵᠡᠯᠲᠡ ᠲᠠᠨᠢᠯᠲᠠ ᠶᠢᠨ ᠬᠤᠪᠢ ᠳᠤ ᠶᠡᠷᠦᠩᠬᠡᠶᠢᠯᠡᠨ ᠦᠵᠡᠪᠡᠯ᠂ ᠶᠡᠷᠤ ᠨᠢ ᠥᠪᠥᠷ ᠮᠤᠩᠭᠤᠯ ᠤᠨ ᠠᠮᠢ ᠠᠬᠤᠢ ᠶᠢᠨ ᠮᠠᠭᠤᠲᠠᠯ ᠵᠢᠴᠢ ᠰᠢᠯᠲᠠᠭᠠᠨ ᠨᠢ ᠭᠤᠤᠯᠳᠠᠭᠤ ᠪᠠᠶᠢᠭᠠᠯᠢ ᠶᠢᠨ ᠭᠠᠮᠰᠢᠭ ᠵᠤᠳ᠂ ᠠᠮᠢ ᠠᠬᠤᠢ ᠶᠢᠨ ᠠᠶᠠᠨᠳᠠᠭᠠᠨ ᠤ ᠮᠠᠭᠤᠲᠠᠯ ᠵᠡᠷᠭᠡ ᠪᠤᠰᠤᠳᠴᠢ ᠰᠢᠯᠲᠠᠭᠠᠨ ᠠᠴᠠ ᠭᠠᠳᠠᠨ᠎ᠠ᠂ ᠪᠠᠶᠢᠭᠠᠯᠢ ᠶᠢᠨ ᠵᠢᠮ᠎ᠡ ᠶᠤᠰᠤᠨ ᠠᠴᠠ ᠳᠡᠷᠰᠯᠡᠭᠰᠡᠨ᠂ ᠠᠵᠤ ᠠᠬᠤᠢ ᠶᠢᠨ ᠵᠢᠮ᠎ᠡ ᠶᠤᠰᠤ ᠶᠢ ᠰᠦᠷᠭᠦᠯᠡᠭᠰᠡᠨ ᠬᠦᠮᠦᠨ ᠤ ᠵᠤᠷᠢᠭᠤᠳᠠ ᠶᠢᠨ ᠠᠵᠢᠯᠯᠠᠭ᠎ᠠ ᠪᠤᠯ ᠳᠤᠲᠤᠭᠠᠳᠤ ᠰᠢᠯᠲᠠᠭᠠᠨ ᠪᠤᠯᠤᠨ᠎ᠠ ᠭᠡᠵᠦ ᠦᠵᠡᠭᠰᠡᠨ ᠪᠠᠶᠢᠪᠠ᠃ ᠮᠤᠩᠭᠤᠯᠴᠤᠳ ᠪᠠᠶᠢᠭᠠᠯᠢ ᠲᠡᠯᠡᠭᠡᠢ ᠶᠢ ᠲᠡᠶᠢᠯᠥᠨ᠎ᠡ ᠭᠡᠵᠦ ᠠᠮᠠᠨ ᠤ ᠤᠴᠢᠬᠤᠶᠢᠴᠠ ᠬᠡᠯᠡᠳᠡᠭ ᠦᠭᠡᠢ᠃ ᠬᠠᠷᠢᠨ ᠪᠠᠶᠢᠭᠠᠯᠢ ᠲᠡᠯᠭᠡᠢ ᠪᠠᠨ ᠠᠷᠭᠠᠳᠠᠨ ᠳᠤᠮᠨᠠᠵᠦ᠂ ᠠᠭᠤᠯ᠎ᠠ ᠤᠰᠤ ᠪᠠᠨ ᠳᠠᠬᠢᠵᠦ ᠰᠢᠲᠦᠨ᠂ ᠬᠦᠮᠦᠨ ᠪᠠᠶᠢᠭᠠᠯᠢ ᠶᠢᠨ ᠡᠶ᠎ᠡ ᠵᠤᠬᠢᠴᠠᠯ ᠢ ᠡᠷᠬᠢᠮᠯᠡᠨ ᠠᠬᠢᠭᠤᠯᠳᠠᠭ᠂ ᠨᠤᠳᠤᠭ ᠪᠡᠯᠴᠢᠭᠡᠷ ᠪᠤᠯ ᠨᠡᠬᠦᠳᠡᠯᠯᠡᠨ ᠮᠠᠯᠵᠢᠬᠤ ᠠᠵᠦ ᠠᠬᠤᠢ ᠪᠤᠢ ᠪᠤᠯᠤᠭᠰᠠᠨ ᠠᠴᠠ ᠠᠪᠤᠭᠠᠳ ᠨᠢᠭᠡᠨᠳᠡ ᠠᠰᠢᠭᠯᠠᠯᠳᠠ ᠳᠤ ᠤᠷᠤᠭᠰᠠᠨ ᠦᠢᠯᠳᠪᠦᠷᠢᠯᠡᠯ ᠤᠨ ᠭᠡᠷᠡᠭᠰᠡᠯ ᠪᠤᠯᠤᠨ᠎ᠠ᠃ ᠡᠶᠢᠮᠦ ᠠᠴᠠ ᠦᠢᠯᠡᠳᠪᠦᠷᠢᠯᠡᠯ ᠤᠨ ᠭᠡᠷᠡᠭᠰᠡᠯ — ᠨᠤᠳᠤᠭ ᠪᠡᠯᠴᠢᠭᠡᠷ ᠢᠶᠠᠨ ᠬᠡᠷᠬᠢᠨ ᠠᠰᠢᠭᠯᠠᠬᠤ᠂ ᠭᠡᠷᠬᠢᠨ ᠳᠤᠬᠢᠷᠠᠭᠤᠯᠬᠤ ᠵᠢᠴᠢ ᠡᠬᠦᠨ ᠤ ᠤᠯᠠᠮ ᠠᠴᠠ ᠬᠡᠷᠬᠢᠨ ᠦᠷᠬᠦᠯᠵᠢᠯᠡᠬᠦᠶᠢᠴᠡ ᠨᠡᠩ ᠦᠨᠳᠤᠷ ᠦᠷ᠎ᠡ ᠠᠰᠢᠭ ᠢ ᠤᠯᠬᠤ ᠪᠤᠢ ᠭᠡᠳᠡᠭ ᠪᠤᠯ ᠨᠤᠳᠤᠭ ᠪᠡᠯᠴᠢᠭᠡᠷ ᠤᠨ ᠮᠠᠭᠤᠳᠠᠯ ᠦᠷᠬᠦᠯᠵᠢᠯᠡᠨ ᠬᠦᠨᠳᠦᠷᠡᠵᠦ ᠪᠠᠶᠢᠭ᠎ᠠ ᠦᠨᠦᠳᠤᠷ ᠮᠠᠯᠵᠢᠬᠤ ᠦᠢᠯᠡᠳᠪᠦᠷᠢᠯᠡᠯ ᠡᠷᠬᠢᠯᠡᠵᠦ ᠪᠠᠶᠢᠭ᠎ᠠ ᠮᠠᠯᠴᠢᠨ ᠮᠤᠩᠭᠤᠯᠴᠤᠳ ᠤᠨ ᠨᠢᠳᠤᠨ ᠡᠮᠦᠨ᠎ᠡ ᠳᠤᠯᠭᠠᠷᠠᠵᠦ ᠪᠠᠶᠢᠭ᠎ᠠ ᠪᠤᠳᠠᠳᠤ ᠠᠰᠠᠭᠤᠳᠠᠯ ᠪᠤᠯᠤᠨ᠎ᠠ᠃ ᠨᠤᠳᠤᠭ ᠪᠡᠯᠴᠢᠭᠡᠷ ᠨᠢ ᠨᠡᠬᠦᠳᠡᠯ ᠮᠠᠯ ᠠᠵᠦ ᠠᠬᠤᠢ ᠶᠢᠨ ᠦᠢᠯᠡᠳᠪᠦᠷᠢᠯᠡᠯ ᠤᠨ ᠬᠦᠴᠦᠨ ᠤ ᠨᠢᠭᠡᠨ ᠡᠯᠧᠮᠧᠨ᠋ᠲ ᠶᠢᠨ ᠬᠤᠪᠢ ᠳᠤ᠂ ᠲᠡᠷ᠎ᠡ ᠨᠢ ᠮᠠᠰᠢ ᠶᠡᠭᠡ ᠰᠤᠳᠤᠯᠭᠠᠨ ᠤ ᠠᠴᠢ ᠬᠤᠯᠪᠤᠭᠳᠠᠯ ᠲᠠᠢ ᠨᠢ ᠳᠠᠮᠵᠢᠭ ᠦᠭᠡᠢ ᠶᠤᠮ᠃ ᠠᠮᠢ ᠠᠬᠤᠢ ᠶᠢᠨ ᠮᠠᠭᠤᠳᠠᠯ᠂ ᠨᠤᠳᠤᠭ ᠪᠡᠯᠴᠢᠭᠡᠷ ᠤᠨ ᠳᠠᠴᠢᠷᠰᠢᠯ ᠡᠯᠡᠰᠦᠷᠭᠡᠭᠵᠢᠯ ᠤᠨ ᠳᠤᠬᠠᠢ ︽ᠦᠪᠦᠷ ᠮᠤᠩᠭᠤᠯ ᠤᠨ ᠠᠮᠢ ᠠᠬᠤᠢ ᠶᠢᠨ ᠰᠡᠩᠭᠡᠷᠡᠬᠦᠯᠥᠯ︾ ᠭᠡᠬᠦ ᠨᠤᠮ ᠳᠤ ︽ᠦᠪᠦᠷ ᠮᠤᠩᠭᠤᠯ ᠤᠨ ᠨᠤᠳᠤᠭ ᠪᠡᠯᠴᠢᠭᠡᠷ ᠡᠶᠢᠨ ᠬᠦ ᠬᠦᠨᠳᠤ ᠨᠤᠴᠢᠳᠠᠢ ᠳᠠᠴᠢᠷᠳᠠᠵᠦ ᠡᠯᠡᠰᠦᠷᠭᠡᠭᠵᠢᠭᠰᠡᠨ ᠳᠤᠬᠠᠢ ᠶᠠᠷᠢᠬᠤ ᠳᠤ᠂ ᠲᠡᠤᠭᠡ ᠶᠢᠨ ᠰᠢᠯᠳᠠᠭᠠᠨ ᠴᠤ ᠪᠤᠯᠤᠭ᠂ ᠪᠠᠶᠢᠭᠠᠯᠢ ᠶᠢᠨ ᠭᠠᠮᠰᠢᠭ ᠴᠤ ᠪᠤᠯᠤᠭ᠂ ᠬᠠᠮᠤᠭ ᠤᠨ ᠵᠠᠩᠬᠢᠯᠠᠭ᠎ᠠ ᠨᠢ ᠬᠦᠮᠦᠰ ᠤᠨ ᠦᠵᠡᠯ ᠳᠠᠨᠢᠯᠳᠠ ᠎ ᠠᠴᠠ ᠰᠢᠯᠳᠠᠭᠠᠯᠠᠨ᠎ᠠ᠃ ᠡᠨᠡ ᠨᠢ ᠳᠠᠷᠤᠢ ᠪᠠᠶᠢᠭᠠᠯᠢ ᠶᠢᠨ ᠵᠢᠮ᠎ᠡ ᠬᠠᠤᠯᠢ ᠠᠴᠠ ᠵᠥᠷᠢᠴᠡᠵᠦ᠂ ᠳᠠᠯ᠎ᠠ ᠨᠤᠳᠤᠭ ᠤᠨ ᠠᠮᠢ ᠠᠬᠤᠢ ᠶᠢᠨ ᠴᠢᠬᠤᠯᠠ ᠦᠢᠯᠡᠳᠦᠯ ᠢ ᠳᠠᠨᠢᠭ᠎ᠠ ᠦᠭᠡᠢ᠂ ᠡᠪᠡᠰᠦᠨ ᠶᠢᠨ ᠳᠤ ᠦᠢᠯᠡᠰ ᠤᠨ ᠠᠵᠦ ᠠᠬᠤᠢ ᠶᠢᠨ ᠪᠦᠲᠦᠭᠡᠨ ᠪᠠᠶᠢᠭᠤᠯᠤᠯᠳᠠ ᠪᠠ ᠬᠦᠮᠦᠰ ᠤᠨ ᠬᠦᠭᠵᠢᠯ ᠠᠷᠠᠳ ᠤᠨ ᠠᠮᠢᠳᠤᠷᠠᠯ ᠳᠤ ᠦᠵᠡᠬᠦᠯᠬᠦ ᠴᠢᠬᠤᠯᠠ ᠦᠢᠯᠡᠳᠦᠯ ᠢ ᠳᠠᠨᠢᠭ᠎ᠠ ᠦᠭᠡᠢ᠂ ᠠᠪᠴᠤ ᠠᠰᠢᠭᠯᠠᠬᠤ ᠶᠢ ᠯᠠ ᠮᠡᠳᠡᠭᠡᠳ ᠠᠴᠢ ᠬᠠᠷᠢᠭᠤᠯᠳᠠ ᠶᠢ ᠤᠮᠳᠤᠭᠤᠶᠢᠯᠠᠵᠦ᠂ ᠪᠦᠷᠢᠯᠭᠡᠵᠦ ᠰᠦᠢᠳᠭᠡᠬᠦ ᠶᠢ ᠮᠡᠳᠡᠭᠡᠳ ᠪᠦᠲᠦᠭᠡᠨ ᠪᠠᠶᠢᠭᠤᠯᠤᠯᠳᠠ ᠬᠢᠬᠦ ᠶᠢ ᠤᠮᠳᠤᠭᠤᠶᠢᠯᠠᠭᠰᠠᠨ ᠳᠤ ᠤᠷᠤᠰᠢᠨ᠎ᠠ︾ ᠭᠡᠪᠡ᠃ ᠡᠶᠢᠮᠦ ᠠᠴᠠ ᠠᠮᠢ ᠠᠬᠤᠢ᠂ ᠨᠤᠳᠤᠭ ᠪᠡᠯᠴᠢᠭᠡᠷ ᠤᠨ ᠮᠠᠭᠤᠳᠠᠯ᠂ ᠳᠠᠴᠢᠷᠰᠢᠯ ᠡᠯᠡᠰᠦᠷᠭᠡᠭᠵᠢᠯ ᠤᠨ ᠳᠤᠬᠠᠢ ᠎ ᠳᠤ᠂ ᠬᠦᠮᠦᠰ ᠤᠨ ᠦᠵᠡᠯᠳᠡ ᠳᠠᠨᠢᠯᠳᠠ ᠶᠢᠨ ᠬᠤᠪᠢ ᠠᠴᠠ ᠭᠠᠷᠳᠠᠨ ᠰᠤᠳᠤᠯᠵᠦ᠂ ᠳᠠᠯ᠎ᠠ ᠨᠤᠳᠤᠭ ᠤᠨ ᠠᠮᠢ ᠠᠬᠤᠢ ᠶᠢᠨ ᠴᠢᠬᠤᠯᠠ ᠦᠢᠯᠡᠳᠦᠯ ᠢ ᠳᠠᠬᠢᠨ ᠬᠦᠢᠴᠡᠳ ᠰᠢᠨ᠎ᠡ ᠪᠠᠷ ᠳᠠᠨᠢᠬᠤ᠂ ᠡᠪᠡᠰᠦᠨ ᠤ ᠦᠢᠯᠡᠰ ᠤᠨ ᠠᠵᠦ ᠠᠬᠤᠢ ᠪᠠ ᠬᠦᠮᠦᠰ ᠤᠨ ᠬᠦᠭᠵᠢᠯ ᠠᠷᠠᠳ ᠤᠨ ᠠᠮᠢᠳᠤᠷᠠᠯ ᠳᠤ ᠦᠵᠡᠬᠦᠯᠬᠦ ᠴᠢᠬᠤᠯᠠ ᠦᠢᠯᠡᠳᠦᠯ ᠢ ᠳᠠᠬᠢᠨ ᠰᠢᠨ᠎ᠡ ᠎ ᠪᠠᠷ ᠳᠠᠨᠢᠬᠤ ᠵᠢᠴᠢ ᠳᠠᠯ᠎ᠠ ᠨᠤᠳᠤᠭ ᠤᠨ ᠠᠮᠢ ᠠᠬᠤᠢ᠂ ᠨᠤᠳᠤᠭ ᠪᠡᠯᠴᠢᠭᠡᠷ ᠤᠨ ᠮᠠᠭᠤᠳᠠᠯ ᠳᠤ ᠠᠪᠴᠤ ᠪᠠᠶᠢᠭ᠎ᠠ ᠵᠠᠷᠮ ᠬᠡᠯᠪᠡᠶᠢᠬᠦᠦ ᠠᠳᠡᠬᠦᠦ ᠦᠵᠡᠯᠳᠡ ᠳᠠᠨᠢᠯᠳᠠ ᠶᠢ ᠳᠠᠬᠢᠨ ᠰᠢᠨ᠎ᠡ ᠪᠠᠷ ᠳᠠᠨᠢᠵᠦ᠂ ᠦᠨᠡᠨ ᠪᠤᠳᠠᠳᠤ ᠳ᠋ᠦᠩᠨᠡᠯᠳᠡ ᠎ ᠶᠢ ᠤᠯᠬᠤ ᠨᠢ ᠡᠷᠡᠭᠡᠯᠵᠡᠭᠡ ᠦᠭᠡᠢ ᠴᠢᠬᠤᠯᠠ ᠠᠰᠠᠭᠤᠳᠠᠯ ᠪᠤᠯᠵ ᠪᠠᠶᠢᠭ᠎ᠠ ᠶᠤᠮ᠃                 ᠶᠠᠭᠤᠨ ᠤ ᠤᠷᠢᠳᠠ᠂ ᠬᠦᠮᠦᠰ ᠤᠨ ᠶᠡᠭᠡ ᠳᠠᠷᠢᠬᠢ ᠪᠠᠷ ᠳᠠᠮᠵᠢᠨ ᠪᠡᠶᠡᠯᠡᠭᠳᠡᠯ ᠢᠶᠠᠨ ᠤᠯᠬᠤ ᠬᠦᠮᠦᠨ ᠤ ᠦᠢᠯᠡ ᠠᠵᠢᠯᠯᠠᠭ᠎ᠠ ᠨᠢ ᠬᠦᠮᠦᠰ ᠤᠨ ᠦᠵᠡᠯ ᠤᠬᠠᠮᠰᠠᠷ᠂ ᠦᠵᠡᠯ ᠳᠠᠨᠢᠯᠳᠠ ᠶᠢᠨ ᠵᠢᠯᠤᠭᠤᠳᠤᠯᠭ᠎ᠠ ᠶᠢ ᠬᠦᠯᠢᠶᠡᠳᠡᠭ ᠪᠤᠯᠬᠤᠷ᠂ ᠬᠦᠮᠦᠰ ᠤᠨ ᠦᠵᠡᠯ ᠤᠬᠠᠮᠰᠠᠠᠷ ᠤᠨ ᠬᠦᠷᠢᠶᠡᠨ ᠠᠴᠠ ᠭᠠᠷᠳᠠᠵᠦ᠂ ᠬᠦᠮᠦᠰ ᠤᠨ ᠵᠥᠪ ᠦᠵᠡᠯ ᠤᠬᠠᠮᠰᠠᠷ ᠤᠨ ᠵᠢᠯᠤᠭᠤᠳᠤᠮᠵᠢ ᠶᠢ ᠪᠤᠢ ᠪᠤᠯᠭᠠᠬᠤ ᠪᠤᠯ ᠠᠮᠢ ᠠᠬᠤᠢ ᠶᠢᠨ ᠮᠠᠭᠤᠳᠠᠯ ᠳᠤ ᠠᠪᠴᠢᠷᠠᠵᠦ ᠪᠤᠯᠬᠤ ᠵᠤᠬᠢᠰᠳᠠᠢ ᠦᠵᠡᠯ ᠳᠠᠨᠢᠯᠳᠠ ᠭᠡᠵᠦ ᠪᠤᠯᠤᠨ᠎ᠠ᠃ ᠡᠬᠦᠨ ᠳᠤ ᠨᠡᠬᠦᠳᠡᠯᠯᠡᠨ ᠮᠠᠯᠵᠢᠬᠤ ᠦᠨᠳᠦᠰᠦᠳᠡᠨ ᠪᠤᠯᠤᠭᠰᠠᠨ ᠮᠤᠩᠭᠤᠯᠴᠤᠳ ᠤᠨ ᠡᠷᠬᠢᠮ ᠨᠠᠨᠳᠢᠨ  ᠠᠮᠢ ᠠᠬᠤᠢ ᠶᠢᠨ ᠦᠵᠡᠯ ᠰᠤᠷᠳᠠᠬᠤᠨ ᠪᠠ ᠮᠠᠯᠵᠢᠬᠤ ᠶᠤᠰᠤᠨ ᠤ ᠰᠤᠶᠤᠯ ᠪᠤᠯᠪᠠᠰᠤᠨ ᠨᠢ ᠳᠠᠯ᠎ᠠ ᠨᠤᠳᠤᠭ ᠤᠨ  ᠮᠠᠯᠵᠢᠬᠤ ᠤᠷᠤᠨ ᠤ ᠠᠮᠢ ᠠᠬᠤᠢ ᠶᠢ ᠳᠤᠭᠳᠠᠪᠤᠷᠢᠳᠠᠢ ᠠᠰᠢᠭᠯᠠᠬᠤ᠂ ᠳᠠᠯ᠎ᠠ ᠨᠤᠳᠤᠭ ᠤᠨ ᠠᠮᠢ ᠠᠬᠤᠢ ᠮᠠᠯ ᠠᠵᠦ ᠠᠬᠤᠢ ᠶᠢ ᠳᠤᠭᠳᠠᠪᠤᠷᠢᠳᠠᠢ ᠬᠦᠭᠵᠢᠬᠦᠯᠬᠦ᠂ ᠮᠠᠯᠵᠢᠬᠤ ᠤᠷᠤᠨ ᠤ ᠨᠡᠶᠢᠭᠡᠮ ᠢ ᠳᠤᠭᠳᠠᠪᠤᠷᠢᠳᠠᠢ ᠵᠤᠬᠢᠴᠠᠭᠤᠯᠬᠤ ᠵᠡᠷᠭᠡ ᠳᠠᠯ᠎ᠠ ᠳᠤ  ᠬᠦᠨᠵᠡᠭᠡᠢ ᠦᠨ᠎ᠡ ᠦᠷᠲᠡᠭ ᠢ ᠦᠵᠡᠬᠦᠯᠬᠦ ᠪᠤᠯᠤᠯ᠎ᠠ᠃ ᠶᠡᠷᠦ ᠨᠢ ᠮᠤᠩᠭᠤᠯᠴᠤᠳ ᠤᠨ ᠡᠷᠬᠢᠮ ᠨᠠᠨᠳᠢᠨ ᠠᠮᠢ ᠠᠬᠤᠢ ᠎ ᠶᠢᠨ ᠦᠵᠡᠯ ᠰᠤᠷᠳᠠᠬᠤᠨ ᠭᠡᠵᠦ ᠳᠤᠷᠠᠳᠬᠤ ᠠᠴᠠ ᠲᠡᠷᠡ ᠪᠤᠯ ᠮᠤᠩᠭᠤᠯᠴᠤᠳ ᠤᠨ ᠦᠵᠡᠯ ᠤᠬᠠᠮᠰᠠᠷ ᠤᠨ ᠴᠠᠷ᠎ᠠ  ᠎ ᠳᠠᠬᠢ ᠪᠢᠴᠢᠭᠳᠡᠭᠡ ᠦᠭᠡᠢ ᠳᠠᠷᠬᠠᠨ ᠬᠠᠤᠯᠢ ᠪᠤᠯᠵᠦ ᠪᠠᠶᠢᠳᠠᠯ ᠲᠡᠭᠷᠢᠯᠢᠭ ᠦᠵᠡᠯ ᠤᠨ ᠬᠢᠨᠢ ᠨᠢᠭᠡᠨ ᠭᠡᠷᠡᠯᠳᠤ ᠰᠤᠪᠤᠳ ᠪᠤᠯᠬᠤ ᠶᠤᠮ᠃ ᠶᠠᠭ ᠡᠨ᠎ᠡ ᠬᠦ ᠪᠢᠴᠢᠭᠳᠡᠭᠡ ᠦᠭᠡᠢ ᠳᠠᠷᠬᠠᠨ ᠬᠠᠤᠯᠢ ᠨᠢ ᠮᠢᠩᠭ᠎ᠠ ᠲᠦᠮᠡᠨ ᠮᠤᠩᠭᠤᠯᠴᠤᠳ ᠎ ᠤᠨ   ᠦᠵᠡᠯ ᠤᠬᠠᠮᠰᠠᠷ ᠤᠨ ᠬᠢᠨᠢ ᠵᠥᠪ ᠵᠢᠯᠤᠭᠤᠳᠤᠮᠵᠢ ᠪᠤᠯᠵᠦ ᠪᠠᠶᠢᠳᠠᠭ ᠠᠴᠠ ᠭᠠᠭᠴᠠ ᠮᠤᠩᠭᠤᠯᠴᠤᠳ ᠯᠠ ᠡᠴᠢᠭᠡ  ᠲᠡᠭᠷᠢ ᠡᠭᠡ ᠲᠡᠯᠡᠭᠡᠢ ᠲᠠᠢ ᠪᠠᠨ ᠡᠶᠡᠯᠳᠦᠨ ᠵᠤᠬᠢᠴᠠᠯᠳᠤᠵᠦ ᠴᠢᠳᠠᠭᠰᠠᠨ ᠢᠶᠠᠷ ᠪᠠᠷᠠᠬᠤ ᠦᠭᠡᠢ᠂ ᠡᠬᠦᠨ ᠠᠴᠠ ᠡᠬᠦᠰᠦᠭᠰᠡᠨ ᠠᠮᠢ ᠠᠬᠤᠢ ᠪᠠᠨ ᠬᠠᠮᠠᠭᠠᠯᠠᠵᠦ ᠬᠠᠶᠢᠷᠠᠯᠠᠬᠤ ᠭᠠᠶᠢᠬᠠᠮᠰᠢᠭᠳᠤ ᠠᠷᠭ᠎ᠠ ᠤᠬᠠᠭᠠᠨ ᠪᠦᠲᠦᠭᠡᠭᠳᠡᠵᠦ ᠴᠠᠭᠠᠰᠤᠨ ᠳᠤ ᠪᠢᠰᠢ ᠬᠦᠮᠦᠨ ᠠᠷᠠᠳ ᠤᠨ ᠬᠢᠨᠢ ᠤᠭᠤᠷᠠᠭ ᠳᠠᠷᠢᠬᠢ᠂ ᠰᠡᠳᠬᠢᠯ ᠵᠢᠷᠦᠭᠡᠨ ᠳᠤ ᠨᠢ ᠤᠷᠤᠳᠠᠯ᠎ᠠ ᠳᠠᠮᠠᠭᠠᠯᠠᠭᠳᠠᠨ ᠦᠯᠡᠳᠡᠵᠦ ᠴᠠᠭᠠᠰᠤᠨ ᠳᠤ ᠪᠢᠴᠢᠭᠳᠡᠭᠡ ᠦᠭᠡᠢ ᠬᠠᠤᠯᠢ ᠪᠤᠯᠤᠨ ᠤᠯᠠᠮᠵᠢᠯᠠᠭᠳᠠᠵᠦ ᠢᠷᠡᠵᠠᠢ᠃ ᠳᠠᠷᠤᠢ ᠪᠠᠶᠢᠭᠠᠯᠢ ᠶᠢᠨ ᠵᠦᠢ ᠳᠤᠭᠳᠠᠭᠠᠯ ᠢ ᠳᠠᠨᠢᠨ ᠤᠬᠠᠭᠠᠷᠠᠵᠦ᠂ ᠪᠠᠶᠢᠭᠠᠯᠢ ᠶᠢ ᠬᠠᠶᠢᠷᠠᠯᠠᠨ ᠬᠦᠨᠳᠦᠯᠡᠵᠦ᠂ ᠬᠤᠷᠢᠭᠯᠠᠭᠰᠠᠨ ᠴᠡᠭᠡᠷᠯᠡᠭᠰᠡᠨ ᠢ ᠰᠠᠬᠢᠨ ᠳᠠᠭᠠᠪᠠᠰᠤ ᠰᠠᠶᠢᠨ ᠦᠢᠯᠡ᠂ ᠬᠠᠷᠢᠨ ᠭᠠᠵᠢᠳᠠᠭᠤᠯᠤᠨ ᠲᠡᠷᠰᠯᠡᠪᠡᠰᠤ ᠮᠠᠭᠤ ᠦᠢᠯᠡ ᠪᠤᠯᠳᠠᠭ ᠭᠡᠳᠡᠭ ᠢ ᠬᠤᠪᠢ ᠬᠦᠮᠦᠨ ᠳᠤ ᠢᠳᠡᠭᠡᠬᠦᠯᠥᠨ ᠦᠨᠡᠮᠰᠢᠬᠦᠯᠬᠦ ᠤᠯᠠᠮᠵᠢᠯᠠᠯᠳᠤ ᠠᠷᠭ᠎ᠠ ᠤᠬᠠᠭᠠᠨ ᠢ ᠠᠪᠤ ᠡᠵᠢ ᠨᠢ ᠭᠡᠤᠭᠡᠳ ᠤᠳ ᠲᠡᠭᠡᠨ᠂ ᠠᠬᠠᠮᠠᠳ ᠪᠤᠭᠤᠷᠤᠯ ᠤᠳ ᠨᠢ ᠵᠠᠯᠠᠭᠤᠴᠤᠳ ᠳᠠᠭᠠᠨ ᠦᠪᠯᠡᠬᠦᠯᠥᠭᠰᠡᠭᠡᠷ ᠢᠷᠡᠭᠰᠡᠨ ᠪᠠᠶᠢᠭᠠᠯᠢ ᠤᠷᠴᠢᠨ ᠲᠠᠢ ᠪᠠᠨ ᠬᠠᠷᠢᠴᠠᠬᠤ ᠬᠠᠷᠢᠯᠴᠠᠭ᠎ᠠ ᠨᠢ ᠶᠤᠰᠤ ᠵᠠᠩᠰᠢᠯ ᠬᠡᠮᠡᠬᠦ ᠦᠪᠡᠷ ᠬᠤᠭᠤᠷᠤᠨᠳᠤ ᠪᠠᠨ ᠰᠢᠳᠦᠯᠴᠡᠭᠡ ᠲᠠᠢ᠂ ᠨᠢᠭᠡ ᠨᠢ ᠨᠦᠬᠦᠭᠡ ᠳᠡᠭᠡᠨ ᠰᠢᠩᠭᠡᠭᠰᠡᠨ ᠬᠡᠯᠪᠡᠷᠢ ᠪᠦᠬᠦᠢ ᠦᠪᠡᠷᠮᠢᠴᠡ ᠰᠤᠶᠤᠯ ᠢ ᠪᠦᠷᠢᠯᠳᠦᠬᠦᠯᠥᠭᠰᠡᠨ ᠨᠢ ᠡᠴᠤᠰ ᠳ᠋ᠦᠩ ᠳᠤ ᠤᠯᠠᠮᠵᠢᠯᠠᠭᠳᠠᠵᠦ ᠪᠠᠶᠢᠭᠠᠯᠢ ᠶᠢ ᠬᠠᠮᠠᠭᠠᠯᠠ ᠭᠡᠰᠡᠨ ᠨᠢᠭᠡᠨ ᠴᠤᠭᠴᠠ ᠬᠠᠨᠳᠤᠯᠭ᠎ᠠ ᠶᠢ ᠪᠤᠢ ᠪᠤᠯᠭᠠᠵᠠᠢ᠃                 ᠤᠳᠤᠬᠢ ᠠᠮᠢ ᠠᠬᠤᠢ ᠶᠢᠨ ᠮᠠᠭᠤᠳᠠᠯ᠂ ᠳᠠᠴᠢᠷᠰᠢᠯ ᠡᠯᠡᠰᠦᠷᠭᠡᠭᠵᠢᠯ ᠤᠨ ᠬᠦᠨᠳᠤ ᠨᠤᠴᠢᠳᠠᠢ ᠪᠠᠶᠢᠳᠠᠯ ᠳᠤ᠂ ᠬᠦᠮᠦᠨ ᠨᠢᠭᠡᠪᠦᠷᠢ ᠦᠵᠡᠯ ᠰᠠᠨᠠᠭ᠎ᠠ ᠪᠠᠨ ᠴᠢᠯᠥᠭᠡᠯᠡᠵᠦ᠂ ᠲᠡᠤᠭᠡᠨ ᠤᠯᠠᠮᠵᠢᠯᠠᠯᠳᠤ ᠳᠠᠪᠰᠢᠩᠭᠤᠢ ᠦᠵᠡᠯ ᠤᠬᠠᠮᠰᠠᠷ ᠠᠴᠠ ᠬᠠᠮᠢᠶ᠎ᠠ ᠪᠦᠬᠦᠢ ᠬᠡᠷᠡᠭᠴᠡᠭᠡᠲᠦ ᠵᠦᠢᠯ ᠢ ᠬᠦᠯᠢᠶᠡᠨ ᠵᠥᠪᠰᠢᠶᠡᠷᠡᠬᠦ ᠵᠢᠴᠢ ᠴᠢᠨᠠᠭᠰᠢᠯᠠᠨ ᠲᠡᠬᠦᠨ ᠢ ᠲᠡᠬᠦᠯᠳᠡᠷᠵᠢᠬᠦᠯᠥᠨ ᠠᠰᠢᠭᠯᠠᠬᠤ ᠨᠢ ᠴᠤ ᠮᠠᠰᠢ ᠴᠢᠬᠤᠯ᠎ᠠ ᠪᠤᠯᠤᠨ᠎ᠠ᠃ ᠪᠠᠶᠢᠭᠠᠯᠢ ᠲᠡᠯᠡᠭᠡᠢ ᠎ ᠪᠠᠨ ᠬᠠᠶᠢᠷᠠᠯᠠᠨ ᠬᠠᠮᠠᠭᠠᠯᠠᠬᠤ ᠳᠠᠷᠬᠠᠨ ᠬᠠᠷᠢᠭᠤᠴᠠᠯᠭ᠎ᠠ ᠪᠤᠯ ᠬᠦᠮᠦᠨ ᠲᠦᠷᠦᠯᠬᠢᠳᠡᠨ ᠤ ᠬᠠᠮᠳᠤ ᠶᠢᠨ ᠡᠬᠦᠷᠭᠡ ᠪᠠᠶᠢᠭ᠎ᠠ ᠶᠤᠮ᠃                 ᠶᠡᠷᠦ ᠨᠢ ᠪᠠᠶᠢᠭᠠᠯᠢ ᠤᠷᠴᠢᠨ ᠢᠶᠠᠨ ᠬᠠᠶᠢᠷᠠᠯᠠᠨ ᠬᠠᠮᠠᠭᠠᠯᠠᠬᠤ᠂ ᠨᠦᠭᠡᠴᠡ ᠪᠠᠶᠠᠯᠢᠭ ᠎ ᠢᠶᠠᠨ ᠤᠬᠠᠭᠠᠯᠢᠭ ᠢᠶᠠᠷ ᠦᠷ᠎ᠡ ᠦᠭᠬᠦᠭᠡᠴᠢ ᠲᠠᠢ ᠠᠰᠢᠭᠯᠠᠬᠤ ᠵᠥᠪ ᠦᠵᠡᠯ ᠪᠤᠳᠤᠯ ᠲᠠᠢ ᠬᠦᠮᠦᠨ ᠳᠤ ᠪᠤᠷᠤᠭᠤ ᠦᠵᠡᠯ ᠢ ᠳᠤᠯᠭᠠᠨ ᠬᠦᠯᠢᠶᠡᠯᠭᠡᠵᠦ ᠴᠢᠳᠠᠬᠤ ᠦᠭᠡᠢ ᠶᠤᠮ᠃ ᠶᠠᠭ ᠯᠠ ᠡᠷᠳᠡ ᠲᠡᠭᠡᠳᠤ ᠮᠤᠩᠭᠤᠯᠴᠤᠳ ᠤᠨ ᠬᠤᠪᠢ ᠎ ᠳᠤ ᠠᠭᠤᠯᠠ ᠤᠰᠤ ᠶᠢ ᠤᠬᠤᠵᠦ ᠲᠦᠩᠬᠢᠬᠦ ᠶᠢ ᠪᠢᠳᠡᠭᠡᠢ ᠬᠡᠯ᠎ᠡ ᠠᠮᠢᠨ ᠤ ᠤᠰᠤᠨ ᠬᠤᠳᠳᠤᠭ ᠭᠠᠷᠭᠠᠬᠤ ᠳᠤ ᠵᠢᠷᠤᠭ ᠨᠤᠮ ᠤᠳ ᠠᠴᠠ ᠨᠠᠷᠢᠪᠴᠢᠯᠠᠨ ᠰᠢᠨᠵᠢᠵᠦ᠂ ᠠᠭᠤᠯᠠ ᠤᠰᠤ ᠶᠢ ᠯᠤᠤᠰ ᠰᠠᠪᠳᠠᠭ ᠬᠡᠮᠡᠬᠦ ᠭᠡᠢ ᠪᠤᠭᠳᠠ ᠡᠵᠡᠨ ᠲᠠᠢ ᠤᠪᠤᠭ᠎ᠠ ᠪᠤᠰᠬᠠᠨ᠂ ᠨᠤᠳᠤᠭ ᠤᠨ ᠠᠷᠠᠳ ᠤᠯᠠᠨ ᠢ ᠦᠷᠭᠡᠨ ᠢᠶᠠᠷ ᠤᠷᠤᠯᠴᠠᠭᠤᠯᠤᠨ ᠪᠠᠶᠢᠭᠠᠯᠢ ᠶᠢ ᠬᠡᠮᠲᠦᠭᠡᠨ ᠯᠤᠤᠰ ᠰᠠᠪᠳᠠᠭ ᠢ ᠳᠤᠭᠰᠢᠷᠠᠭᠤᠯᠪᠠᠰᠤ ᠭᠠᠢ ᠪᠠᠷᠴᠢᠳ ᠢᠷᠡᠨ᠎ᠡ ᠭᠡᠮᠡᠨ ᠵᠢᠭᠠᠵᠦ ᠰᠤᠤᠷᠭᠠᠵᠦ ᠪᠠᠶᠢᠭᠰᠠᠨ ᠎ ᠨᠢ ᠪᠠᠶᠢᠭᠠᠯᠢ᠂ ᠨᠤᠳᠤᠭ ᠤᠰᠤ ᠪᠠᠨ ᠬᠠᠮᠠᠭᠠᠯᠠᠬᠤ ᠰᠢᠯᠢᠳᠡᠭ ᠠᠷᠭ᠎ᠠ ᠲᠠᠢ ᠪᠠᠶᠢᠵᠠᠢ᠃ ᠶᠠᠭ ᠯᠠ ᠡᠶᠢᠮᠦ ᠴᠢᠩᠭ᠎ᠠ ᠵᠥᠪ ᠦᠵᠡᠯ ᠤᠬᠠᠮᠰᠠᠷ ᠪᠦᠬᠦᠢ ᠡᠷᠳᠡ ᠲᠡᠭᠡᠳᠤ ᠶᠢᠨ ᠮᠤᠩᠭᠤᠯᠴᠤᠳ ᠲᠤ ᠨᠤᠳᠤᠭ ᠤᠰᠤ᠂ ᠭᠠᠵᠠᠷ ᠬᠦᠷᠦᠰᠦ ᠶᠢ ᠎ ᠪᠠᠨ ᠭᠤᠤᠯ ᠳᠤ ᠨᠢ ᠳᠤᠯᠳᠠᠯ᠎ᠠ ᠤᠬᠤᠵᠦ ᠰᠠᠨᠳᠠᠶᠢᠯᠠᠵᠦ᠂ ᠨᠦᠭᠡᠴᠡ ᠪᠠᠶᠠᠯᠢᠭ ᠢ ᠨᠢ ᠬᠤᠭᠤᠰᠤᠷᠠᠳᠠᠯ᠎ᠠ ᠮᠠᠯᠳᠠᠭᠤᠯᠤᠨ᠎ᠠ ᠭᠡᠬᠦ ᠭᠠᠷᠴᠠᠭ᠎ᠠ ᠦᠭᠡᠢ ᠭᠠᠵᠢᠭᠤ ᠪᠤᠳᠤᠯ ᠢ ᠦᠪᠡᠷ ᠢᠶᠠᠷ ᠨᠢ ᠰᠡᠳᠬᠢᠬᠦᠯᠵᠦ ᠳᠤᠯᠭᠠᠨ ᠬᠦᠯᠢᠶᠡᠯᠭᠡᠬᠦᠯᠥᠨ᠎ᠡ ᠭᠡᠳᠡᠭ ᠲᠡᠩᠳᠡᠬᠦᠦ ᠪᠦᠲᠦᠮᠵᠢ ᠮᠠᠭᠤᠳᠠᠢ ᠲᠡᠨᠡᠭ ᠡᠵᠡᠨ ᠪᠤᠯᠬᠤ ᠨᠢ ᠮᠡᠳᠡᠭᠡᠵᠢ᠃ ᠭᠡᠬᠦ ᠳᠤ ᠠᠵᠦ ᠠᠬᠤᠢ ᠶᠢᠨ ᠤᠳᠤ ᠴᠠᠭ ᠲᠤ᠂ ᠪᠠᠶᠢᠳᠠᠭ ᠰᠠᠶᠢᠬᠠᠨ ᠦᠵᠡᠯ ᠤᠬᠠᠮᠰᠠᠷ ᠢᠶᠠᠨ ᠦᠷᠲᠡᠭ ᠤᠨ ᠬᠡᠮᠵᠢᠶᠡᠯᠡᠪᠦᠷᠢ ᠪᠤᠯᠭᠠᠭᠰᠠᠨ ᠦᠨᠦ ᠴᠠᠭ ᠲᠤ ᠪᠠᠶᠢᠭᠠᠯᠢ ᠲᠡᠯᠡᠭᠡᠢ ᠶᠢᠨ ᠢᠶᠠᠨ ᠭᠤᠤᠯ ᠴᠦᠮ᠎ᠡ ᠳᠤ ᠨᠢ ᠤᠷᠤᠳᠠᠯ᠎ᠠ ᠤᠬᠤᠭᠤᠯᠵᠦ ᠮᠠᠯᠳᠠᠭᠤᠯᠬᠤ ᠶᠢ ᠪᠤᠦ ᠬᠡᠯᠡ᠂ ᠰᠦᠨᠡᠰᠦ ᠭᠡᠵᠦ ᠤᠷᠤᠰᠢᠳᠠᠭ ᠪᠤᠯ ᠰᠦᠨᠡᠰᠦ ᠪᠠᠨ ᠴᠤ ᠦᠷᠲᠡᠭᠡᠯᠡᠨ ᠬᠤᠳᠠᠯᠳᠤᠭᠠᠯᠠᠬᠤ ᠠᠴᠠ ᠪᠤᠴᠠᠰᠢ ᠦᠭᠡᠢ ᠪᠤᠯᠤᠭᠰᠠᠨ ᠭᠡᠨᠡᠨ ᠦᠵᠡᠯ ᠤᠬᠠᠮᠰᠠᠷ ᠪᠦᠬᠦᠢ ᠴᠠᠭ ᠦᠶ᠎ᠡ᠃ ᠮᠤᠩᠭᠤᠯᠴᠤᠳ ᠤᠨ ᠡᠷᠳᠡ ᠲᠡᠭᠡᠳᠤ ᠦᠶ᠎ᠡ ᠠᠴᠠ ᠤᠯᠠᠮᠵᠢᠯᠠᠭᠳᠠᠵᠦ ᠢᠷᠡᠭᠰᠡᠨ ᠪᠠᠶᠢᠭᠠᠯᠢ ᠤᠷᠴᠢᠨ ᠢ ᠡᠷᠬᠢᠮᠯᠡᠨ ᠬᠠᠮᠠᠭᠠᠯᠠᠬᠤ ᠲᠡᠬᠦᠨ ᠢ ᠡᠪᠳᠡᠵᠦ ᠬᠦᠨᠦᠭᠡᠬᠦ ᠶᠢ ᠬᠢᠴᠢᠶᠡᠨ ᠴᠡᠭᠡᠷᠯᠡᠬᠦ᠂ ᠵᠦᠢ ᠵᠤᠬᠢᠰᠳᠠᠢ ᠨᠡᠭᠡᠭᠡᠨ ᠠᠰᠢᠭᠯᠠᠬᠤ ᠵᠡᠷᠭᠡ ᠠᠯᠢ ᠤᠯᠠᠨ ᠳᠠᠯ᠎ᠠ ᠶᠢᠨ ᠦᠨ᠎ᠡ ᠴᠠᠨ᠎ᠠ ᠲᠠᠢ ᠨᠠᠷᠢᠨ ᠤᠯᠠᠮᠵᠢᠯᠠᠯ ᠪᠤᠯᠪᠠᠰᠤᠷᠠᠯ ᠢ ᠡᠷᠳᠡᠨ ᠤ ᠬᠠᠤᠯᠢ ᠴᠠᠭᠠᠵᠠ ᠶᠢᠨ ᠪᠢᠴᠢᠭ ᠪᠠᠷᠢᠮᠳᠠ᠂ ᠪᠤᠷᠬᠠᠨ ᠤ ᠱᠠᠰᠢᠨ ᠤ ᠨᠤᠮᠯᠠᠯ ᠰᠤᠷᠭᠠᠯ᠂ ᠠᠷᠠᠳ ᠢᠷᠭᠡᠳ ᠤᠨ ᠵᠠᠩ ᠦᠢᠯᠡ᠂ ᠴᠢᠨᠠᠭᠰᠢᠯᠠᠨ ᠦᠯᠢᠭᠡᠷ ᠳᠤᠮᠤᠭ᠂ ᠢᠷᠦᠭᠡᠯ ᠮᠠᠭᠲᠠᠭᠠᠯ᠂ ᠨᠠᠶᠢᠷ ᠳᠠᠬᠢᠯᠭ᠎ᠠ ᠶᠢ ᠪᠠᠭᠲᠠᠭᠠᠭᠰᠠᠨ ᠠᠷᠠᠳ ᠤᠨ ᠠᠮᠠᠨ ᠵᠤᠬᠢᠶᠠᠯ ᠪᠤᠯᠤᠨ ᠪᠢᠴᠢᠭ ᠤᠨ ᠵᠤᠬᠢᠶᠠᠯ ᠳᠤ ᠦᠷ᠎ᠡ ᠬᠤᠶᠢᠴᠢᠰ ᠳᠠᠭᠠᠨ ᠰᠡᠷᠡᠮᠵᠢᠯᠡᠭᠦᠯᠦᠨ ᠰᠤᠷᠭᠠᠭᠰᠠᠨ ᠳᠦᠭᠡᠮᠡᠯ ᠠᠴᠢ ᠬᠤᠯᠪᠤᠭᠳᠠᠯ ᠎ ᠲᠠᠢ ᠠᠷᠭ᠎ᠠ ᠤᠬᠠᠭᠠᠨ ᠤᠳ ᠳᠤᠭᠠᠰᠢᠯᠠᠰᠢ ᠦᠭᠡᠢ ᠤᠯᠠᠨ ᠪᠠᠶᠢᠳᠠᠭ᠃ ᠲᠡᠭᠦᠨ ᠠᠴᠠ ᠵᠢᠰᠢᠶᠡᠯᠡᠨ ᠳᠤᠷᠠᠳᠬᠤ ᠳᠤ ︽ᠴᠢᠩᠬᠢᠰ ᠬᠠᠭᠠᠨ ᠤ ᠵᠠᠷᠯᠢᠭ︾ ᠬᠡᠮᠡᠬᠦ ᠭᠡᠰᠡᠭ ᠤᠨ ᠵᠢᠭᠠᠯᠳᠠ ᠳᠤ᠄ ᠬᠦᠷᠦᠰᠦ ᠰᠢᠷᠦᠢ ᠶᠢ ᠠᠯᠳᠠᠵᠦ ᠡᠪᠡᠰᠦ ᠪᠡᠯᠴᠢᠭᠡᠷ ᠢ ᠬᠤᠬᠢᠷᠠᠭᠤᠯᠬᠤ ᠶᠢ ᠬᠤᠷᠢᠭᠯᠠᠨ᠎ᠠ᠃ ︽ᠴᠢᠩᠭᠢᠰ ᠬᠠᠭᠠᠨ ᠤ ᠵᠠᠰᠠᠭ︾ ᠭᠡᠮᠡᠬᠦ ᠭᠡᠰᠡᠭ ᠤᠨ ᠵᠢᠭᠠᠯᠲᠠ ᠎ ᠤᠨ28 ᠳ᠋ᠤᠭᠠᠷ ᠵᠦᠢᠯ ᠤᠨ ᠵᠢᠭᠠᠯᠳᠠ ᠳᠤ᠄ ᠭᠠᠯ ᠠᠯᠳᠠᠵᠦ᠂ ᠲᠦᠢᠮᠡᠷ ᠭᠠᠷᠭᠠᠪᠠᠰᠤ ᠭᠡᠷ ᠤᠷᠤᠨ ᠢᠶᠠᠷ ᠨᠢ ᠴᠠᠭᠠᠵᠠ ᠪᠠᠷ ᠠᠪᠰᠤᠭᠠᠢ ᠭᠡᠮᠡᠨ ᠵᠢᠭᠠᠭᠰᠠᠨ ᠪᠠᠶᠢᠳᠠᠭ᠃ ᠲᠡᠷᠡᠴᠢᠯᠡᠨ ᠶᠤᠸᠠᠨ ᠤᠯᠤᠰ ᠤᠨ ᠦᠶ᠎ᠡ ᠳᠤ ︽ᠶᠡᠭᠡ ᠶᠤᠸᠠᠨ ᠤ ᠨᠡᠪᠳᠡᠷᠭᠡᠢ ᠬᠠᠤᠯᠢ︾᠎ ᠳᠤ ᠠᠩ ᠠᠪᠠ ᠬᠢᠬᠦ ᠵᠠᠩᠰᠢᠯ ᠤᠨ ᠵᠢᠭᠠᠯᠳᠠ ᠳᠤ ᠬᠤᠪᠢᠯᠠᠢ ᠬᠠᠭᠠᠨ ᠤ ᠵᠠᠷᠯᠢᠭ ᠎ ᠲᠤ᠄ ︽ᠶᠡᠭᠡ ᠬᠠᠭᠠᠨ ᠤ ᠵᠠᠬᠢᠷᠭ᠎ᠠ ᠶᠢᠨ ᠪᠦᠬᠦ ᠭᠠᠵᠠᠷ ᠨᠤᠳᠤᠭ ᠲᠤ ᠭᠤᠷᠪᠠᠳᠤᠭᠠᠷ ᠰᠠᠷ᠎ᠠ ᠠᠴᠠ ᠠᠷᠪᠠᠨ ᠬᠤᠶᠠᠳᠤᠭᠠᠷ ᠰᠠᠷ᠎ᠠ ᠬᠦᠷᠲᠡᠯ᠎ᠡ ᠠᠩ ᠠᠮᠢᠳᠠᠨ ᠦᠷᠡᠵᠢᠵᠦ ᠲᠦᠯᠵᠢᠬᠦ ᠦᠶ᠎ᠡ ᠳᠤ ᠶᠠᠮᠠᠷ ᠴᠤ ᠬᠠᠨ ᠸᠠᠩ᠂ ᠨᠤᠶᠠᠳ ᠰᠠᠶᠢᠳ ᠡᠷ᠎ᠡ ᠭᠡᠨ ᠬᠦᠮᠦᠨ ᠪᠦᠬᠦ ᠲᠦᠷᠦᠯ ᠤᠨ ᠠᠩ ᠠᠮᠢᠳᠠᠨ᠂ ᠮᠠᠷᠠᠯ ᠪᠤᠭᠤ᠂ ᠳᠠᠤᠯᠠᠢ᠂ ᠴᠢᠨᠳᠠᠭ᠎ᠠ᠂ ᠵᠡᠭᠡᠷ᠎ᠡ ᠬᠦᠷᠦᠭᠡᠰᠦ ᠮᠡᠲᠦ ᠶᠢ ᠠᠪᠠᠯᠠᠬᠤ ᠶᠢ ᠬᠤᠷᠢᠭᠯᠠᠨ᠎ᠠ᠂ ᠭᠡᠷᠪᠡ ᠵᠥᠷᠢᠴᠡᠪᠡᠯ ᠬᠠᠳᠠᠭᠤ ᠴᠡᠭᠡᠷᠯᠡᠬᠦᠯᠥᠨ᠎ᠡ︾ ᠭᠡᠵᠦ ᠵᠢᠭᠠᠭᠰᠠᠨ ᠪᠠᠶᠢᠳᠠᠭ ᠢ ᠲᠡᠬᠦᠨ ᠢ ᠪᠠᠨ ᠪᠡᠶᠡᠯᠡᠬᠦᠯᠬᠦ ᠶᠢ ᠬᠠᠳᠠᠭᠤ ᠱᠠᠭᠠᠷᠳᠠᠳᠠᠭ ᠳᠤᠬᠠᠢ ᠳᠤ ︽ᠵᠢᠯ ᠪᠦᠷᠢ᠂ ᠭᠤᠷᠪᠠ ᠠᠴᠠ ᠠᠷᠪᠠᠨ ᠰᠠᠷ᠎ᠠ ᠬᠦᠷᠲᠡᠯ᠎ᠡ ᠳᠠᠤᠯᠠᠢ᠂ ᠪᠤᠭᠤ᠂ ᠪᠤᠷᠤ ᠬᠦᠷᠦᠭᠡᠰᠦ᠂ ᠴᠠᠭᠠᠨ ᠵᠡᠭᠡᠷ᠎ᠡ᠂ ᠬᠠᠷ᠎ᠠ ᠰᠡᠬᠦᠯᠲᠦ ᠵᠡᠷᠭᠡ ᠶᠢ ᠲᠦᠷᠦᠬᠦ ᠦᠷᠡᠵᠢᠬᠦ ᠴᠠᠭ ᠲᠤᠨᠢ ᠬᠠᠨ ᠸᠠᠩ᠂ ᠡᠷᠭᠡᠳᠡᠨ ᠳᠠᠷᠬᠠᠳᠠᠨ ᠶᠠᠮᠠᠷ ᠴᠤ ᠬᠦᠮᠦᠨ ᠠᠩᠨᠠᠬᠤ ᠡᠷᠭᠡ ᠭᠡᠰᠡᠨ ᠬᠠᠤᠯᠢ ᠲᠦᠷᠢᠮ ᠮᠤᠩᠭᠤᠯ ᠳᠤ ᠪᠠᠶᠢᠬᠤ ᠶᠤᠮ︾ ᠭᠡᠵᠦ ᠮᠤᠩᠭᠤᠯ ᠳᠤ 25 ᠵᠢᠯ ᠠᠮᠢᠳᠤᠷᠠᠨ ᠰᠠᠭᠤᠭᠰᠠᠨ ᠢᠲ᠋ᠠᠯᠢ ᠶᠢᠨ ᠢᠷᠭᠡᠨ ᠮᠠᠷᠺᠦ ᠫᠤᠯᠤ ᠨᠤᠮ ᠳᠠᠭᠠᠨ ᠳᠤᠷᠠᠳᠤᠨ ᠪᠢᠴᠢᠭᠰᠡᠨ ᠪᠠᠶᠢᠨ᠎ᠠ᠃ ᠡᠳᠡᠭᠡᠷ ᠴᠢᠩᠭ᠎ᠠ ᠲᠦᠷᠢᠮᠵᠢᠯᠡᠯ ᠪᠦᠬᠦᠢ ᠬᠠᠤᠯᠢ ᠴᠠᠭᠠᠵᠠ᠂ ᠬᠠᠤᠯᠢ ᠳᠤᠭᠳᠠᠭᠠᠯ ᠨᠢ ᠡᠷᠳᠡ ᠮᠤᠩᠭᠤᠯᠴᠤᠳ ᠤᠨ ᠦᠶ᠎ᠡ ᠳᠤ ᠰᠠᠶᠢᠨ ᠪᠡᠶᠡᠯᠡᠭᠳᠡᠵᠦ ᠪᠠᠶᠢᠭᠰᠠᠨ ᠢᠶᠠᠷ ᠪᠠᠷᠠᠬᠤ ᠦᠭᠡᠢ᠂ ᠦᠶ᠎ᠡ ᠶᠢᠨ ᠦᠶ᠎ᠡ ᠤᠯᠠᠮᠵᠢᠯᠠᠭᠳᠠᠨ ᠵᠠᠯᠭᠠᠮᠵᠢᠯᠠᠭᠳᠠᠬᠤ ᠳᠠᠭᠠᠨ ᠨᠡᠶᠢᠳᠡ ᠮᠤᠩᠭᠤᠯᠴᠤᠳ ᠤᠨ ᠨᠠᠨᠳᠢᠨ ᠰᠠᠶᠢᠬᠠᠨ ᠦᠵᠡᠯ ᠰᠤᠷᠳᠠᠯ᠂ ᠦᠵᠡᠯ ᠤᠬᠠᠮᠰᠠᠷ ᠎ ᠤᠨ ᠬᠢᠨᠢ ᠲᠦᠷᠢᠮᠵᠢᠯᠡᠯ ᠪᠤᠯᠵᠦ᠂ ᠮᠤᠩᠭᠤᠯᠴᠤᠳ ᠤᠨ ᠨᠢᠭᠡᠨ ᠵᠦᠢᠯ ᠤᠨ ᠶᠤᠰᠤ ᠵᠠᠩᠰᠢᠯ ᠤᠨ ᠬᠡᠯᠪᠡᠷᠢ ᠪᠤᠯᠤᠨ ᠬᠤᠪᠢᠷᠠᠵᠦ᠂ ᠲᠡᠭᠡᠬᠦ ᠳᠤᠰᠤᠮ ᠢᠶᠠᠨ ︽ᠪᠢᠴᠢᠭᠳᠡᠭᠡ ᠦᠭᠡᠢ ᠬᠠᠤᠯᠢ︾ ᠪᠤᠯᠵᠦ᠂ ᠪᠠᠶᠢᠭᠠᠯᠢ ᠤᠷᠴᠢᠨ ᠤ ᠪᠠᠨ ᠪᠦᠬᠦᠯᠢ ᠪᠦᠲᠦᠨ᠂ ᠤᠩᠭᠤᠨ ᠳᠠᠷᠬᠠᠨ ᠦᠩᠭᠡ ᠲᠦᠷᠬᠦ ᠪᠠᠨ ᠬᠠᠮᠠᠭᠠᠯᠠᠬᠤ ᠳᠤ ᠬᠠᠮᠤᠭ ᠭᠤᠴᠤ ᠤᠯᠠᠮᠵᠢᠯᠠᠯᠳᠤ ᠠᠮᠢ ᠠᠬᠤᠢ ᠶᠢᠨ ᠦᠵᠡᠯ ᠰᠤᠷᠳᠠᠬᠤᠨ᠂ ᠪᠠᠶᠢᠭᠠᠯᠢ ᠤᠷᠴᠢᠨ ᠶᠢ ᠬᠠᠮᠠᠭᠠᠯᠠᠬᠤ ᠤᠯᠠᠮᠵᠢᠯᠠᠯᠳᠤ ᠠᠷᠭ᠎ᠠ ᠤᠬᠠᠭᠠᠨ ᠪᠤᠯᠵᠦ ᠢᠷᠡᠵᠠᠢ᠃                 ᠳᠠᠷᠠᠭᠠᠯᠠᠪᠠᠯ᠂ ᠡᠷᠳᠡᠨ ᠤ ᠨᠤᠮ ᠰᠤᠳᠤᠷ ᠲᠤ ᠪᠢᠴᠢᠭᠳᠡᠨ ᠦᠯᠡᠳᠡᠭᠰᠡᠨ ᠠᠴᠠ ᠦᠵᠡᠪᠡᠯ ︽ᠪᠠᠶᠢᠭᠠᠯᠢ ᠪᠠᠨ ᠬᠠᠮᠠᠭᠠᠯᠬᠤ ᠭᠡᠳᠡᠭ ᠨᠢ ᠳᠠᠩ ᠭᠠᠭᠴᠠ ᠠᠰᠢᠭᠯᠠᠵᠦ ᠪᠤᠯᠬᠤ ᠦᠭᠡᠢ ᠭᠡᠰᠡᠨ ᠦᠭᠡ ᠪᠢᠰᠢ ᠪᠦᠭᠡᠳ ᠬᠠᠷᠢᠨ ᠵᠦᠢ ᠵᠤᠬᠢᠰᠳᠠᠢ ᠪᠠᠷ ᠠᠰᠢᠭᠯᠠᠵᠦ᠂ ᠠᠷᠠᠴᠢᠯᠠᠨ ᠬᠠᠮᠠᠭᠠᠯᠠᠬᠤ ᠶᠢ ᠬᠡᠯᠡᠨ᠎ᠡ︾ ᠭᠡᠰᠡᠨ ᠨᠢ ᠤᠯᠠᠨ᠃ ᠪᠠᠶᠢᠭᠠᠯᠢ ᠲᠡᠯᠡᠭᠡᠢ᠂ ᠨᠤᠳᠤᠭ ᠪᠡᠯᠴᠢᠭᠡᠷ ᠢᠶᠠᠨ ᠬᠠᠮᠠᠭᠠᠯᠠᠨ᠎ᠠ ᠭᠡᠬᠦ ᠠᠴᠠ᠂ ᠨᠡᠬᠦᠳᠡᠯ ᠮᠠᠯᠵᠢᠯ ᠤᠨ ᠠᠷᠭ᠎ᠠ ᠬᠡᠯᠪᠡᠷᠢ ᠪᠤᠯ ᠮᠤᠩᠭᠤᠯᠴᠤᠳ ᠤᠨ ᠦᠶ᠎ᠡ ᠤᠨ ᠦᠶ᠎ᠡ ᠳᠤ ᠤᠯᠠᠮᠵᠢᠯᠠᠭᠳᠠᠨ ᠢᠷᠡᠭᠰᠡᠨ ᠨᠤᠳᠤᠭ ᠪᠡᠯᠴᠢᠭᠡᠷ ᠢᠶᠠᠨ ᠰᠡᠯᠬᠦᠨ ᠰᠡᠷᠬᠦᠭᠡᠬᠦ᠂ ᠬᠠᠶᠢᠷᠠᠯᠠᠨ ᠬᠦᠨᠳᠦᠯᠡᠬᠦ᠂ ᠬᠠᠮᠠᠭᠠᠯᠠᠨ ᠡᠳᠡᠭᠡᠷᠡᠬᠦᠯᠬᠦ ᠠᠷᠭ᠎ᠠ ᠤᠬᠠᠭᠠᠨ ᠤ ᠬᠢᠨᠢ ᠵᠥᠪ ᠰᠤᠩᠭᠤᠯᠳᠠ ᠪᠠᠶᠢᠳᠠᠭ᠃ ᠨᠡᠬᠦᠳᠡᠯ ᠮᠠᠯᠵᠢᠯ ᠪᠤᠯ ᠡᠭᠡ ᠪᠠᠶᠢᠭᠠᠯᠢ ᠶᠢ ᠲᠦᠰᠢᠭᠯᠡᠨ ᠠᠰᠢᠭᠯᠠᠬᠤ᠂ ᠬᠠᠮᠠᠭᠠᠯᠠᠨ ᠡᠳᠡᠭᠡᠷᠡᠬᠦᠯᠬᠦ ᠶᠢᠨ ᠳᠠᠬᠢᠨ ᠳᠠᠪᠳᠠᠯᠳᠠ ᠪᠠ ᠳᠠᠰᠤᠷᠠᠰᠢ ᠦᠭᠡᠢ ᠦᠷᠬᠦᠯᠵᠢᠯᠡᠯ ᠢᠶᠠᠷ ᠬᠦᠮᠦᠨ ᠲᠦᠷᠦᠯᠬᠢᠳᠡᠨ ᠤ ᠠᠮᠢᠵᠢᠷᠠᠯ ᠪᠤᠯᠳᠠᠭ᠃ ᠭᠡᠬᠦ ᠳᠤ᠂ ᠠᠮᠢ ᠠᠬᠤᠢ ᠤᠷᠴᠢᠨ ᠳᠤᠭᠤᠷᠢᠨ ᠡᠪᠳᠡᠭᠳᠡᠵᠦ ᠪᠠᠶᠢᠭ᠎ᠠ ᠰᠢᠯᠳᠠᠭᠠᠨ ᠳᠤ ᠨᠡᠬᠦᠳᠡᠯ ᠮᠠᠯᠵᠢᠯ ᠤᠨ ᠰᠤᠶᠤᠯ ᠠᠮᠢᠳᠤᠷᠠᠯ ᠰᠠᠭᠤᠷᠢᠰᠢᠯ ᠮᠠᠯᠵᠢᠯ ᠤᠨ ᠰᠤᠶᠤᠯ ᠪᠤᠯᠵᠦ ᠬᠤᠪᠢᠷᠠᠭᠰᠠᠨ ᠰᠢᠯᠳᠠᠭᠠᠨ ᠨᠢ ᠭᠤᠤᠯ ᠰᠢᠯᠳᠠᠭᠠᠨ ᠳᠡᠲᠦᠢ ᠪᠢᠰᠢ ᠪᠠᠶᠢᠵᠦ᠂ ᠬᠠᠷᠢᠨ ᠭᠡᠲᠡᠷᠬᠦ ᠪᠠᠨ ᠦᠢᠯᠡᠳᠪᠦᠷᠢᠯᠡᠯ ᠤᠨ ᠬᠦᠴᠦᠨ ᠤ ᠪᠠᠰᠠ ᠨᠢᠭᠡᠨ ᠡᠯᠧᠮᠧᠨ᠋ᠲ ᠪᠤᠯᠬᠤ ᠮᠠᠯ ᠤᠨ ᠬᠢᠨᠢ ᠭᠠᠢ ᠪᠤᠯᠤᠨ ᠬᠤᠷᠢᠶᠠᠩᠭᠤᠶᠢᠯᠠᠭᠳᠠᠯ᠎ᠠ᠃ ᠵᠢᠱᠢᠶᠡᠯᠡᠵᠦ ᠳᠤᠷᠠᠳᠬᠤ ᠠᠴᠠ ᠳᠠᠪᠤᠨ ᠬᠤᠰᠢᠭᠤ ᠮᠠᠯ ᠤᠨ ᠳᠤᠳᠤᠷᠠᠬᠢ᠂ ᠢᠮᠠᠭ᠎ᠠ ᠪᠤᠯᠤᠨ ᠮᠤᠷᠢ ᠮᠤᠷᠢ ᠬᠤᠶᠠᠷ ᠨᠤᠳᠤᠭ ᠪᠡᠯᠴᠢᠭᠡᠷ ︽ᠡᠪᠳᠡᠨ ᠳᠠᠯᠬᠢᠳᠠᠭᠰᠠᠨ︾ ᠬᠡᠮᠲᠦᠨ ᠭᠡᠷᠡᠭ ᠤᠨ ᠲᠦᠷᠦᠬᠦᠦ ᠪᠤᠯᠵᠦ ᠲᠡᠮᠳᠡᠭᠯᠡᠭᠳᠡᠭᠰᠡᠨ᠂ ᠤᠳᠠᠭᠰᠠᠨ ᠦᠭᠡᠢ ᠪᠦᠬᠦᠶᠢᠯᠡ ᠳᠠᠪᠤᠨ ᠬᠤᠰᠢᠭᠤ ᠮᠠᠯ ᠤᠨ ᠳᠤᠭ᠎ᠠ ᠳᠤᠯᠤᠭᠠᠢ ᠶᠢᠨ ᠠᠷᠪᠢᠳᠤᠯ ᠨᠢ ᠪᠡᠯᠴᠢᠭᠡᠷ ᠨᠤᠳᠤᠭ ᠤᠨ ᠳᠠᠭᠠᠭᠠᠴᠠ ᠠᠴᠠ ᠬᠡᠲᠦᠷᠡᠭᠰᠡ ᠭᠡᠬᠦ ᠳ᠋ᠦᠩᠨᠡᠯᠳᠡ ᠠᠪᠴᠤ᠂ ᠮᠠᠯ ᠨᠢ ᠬᠢᠯᠢᠰᠳᠡᠯ ᠢᠶᠠᠷ᠂ ᠮᠠᠯᠴᠢᠳ ᠨᠢ ᠭᠤᠮᠤᠳᠠᠯ ᠢᠶᠠᠷ ᠲᠦᠬᠦᠷᠡᠩ᠂ ᠮᠤᠩᠭᠤᠯ ᠨᠤᠳᠤᠭ ᠨᠢ ᠵᠢᠯ ᠠᠴᠠ ᠵᠢᠯ ᠳᠤ ᠳᠠᠴᠢᠷᠳᠠᠬᠤ ᠪᠠᠷ ᠢᠶᠠᠨ ᠪᠤᠯᠵᠦ ᠶᠠᠪᠤᠨ᠎ᠠ᠃ ᠦᠨᠡᠨ ᠳᠡᠭᠡᠨ ᠠᠮᠢ ᠠᠬᠤᠢ ︽ᠤᠷᠴᠢᠨ ᠳᠤᠭᠤᠷᠢᠨ ᠡᠪᠳᠡᠭᠳᠡᠵᠦ ᠪᠠᠶᠢᠭ᠎ᠠ ᠦᠨᠳᠦᠰᠦᠨ ᠰᠢᠯᠳᠠᠭᠠᠨ ᠪᠤᠯ ᠬᠦᠮᠦᠨ ᠠᠮᠠ ᠶᠢᠨ ᠢᠯᠡᠬᠦᠳᠡᠯ ᠪᠠ ᠬᠦᠮᠦᠨ ᠤ ᠴᠢᠨᠠᠷ ᠴᠢᠨᠰᠠᠭ᠎ᠠ ᠳᠤᠷᠤᠢ ᠪᠠᠶᠢᠭ᠎ᠠ ᠳᠤ ᠰᠢᠯᠳᠠᠭᠠᠯᠠᠵᠦ ᠪᠠᠶᠢᠭ᠎ᠠ ᠦᠨᠡᠨ ᠪᠤᠳᠠᠳᠤ ᠪᠠᠶᠢᠳᠠᠯ ᠳᠤ ᠤᠯᠵᠦ ᠬᠠᠷᠠᠭ᠎ᠠ ᠦᠭᠡᠢ᠃ ᠤᠴᠢᠷ ᠨᠢ ᠴᠢᠬᠤᠯᠠ ᠰᠢᠯᠳᠠᠭᠠᠨ ᠨᠢ ᠬᠦᠮᠦᠨ ᠠᠷᠪᠢᠳᠤᠭᠰᠠᠨ ᠠᠴᠠ ᠪᠤᠯᠤᠭᠰᠠᠨ ᠶᠤᠮ᠃ ᠬᠦᠮᠦᠰ ᠠᠮᠢᠳᠤᠷᠠᠬᠤ ᠶᠢᠨ ᠳᠤᠰᠠᠳᠠ ᠨᠡᠩ ᠠᠷᠪᠢᠨ ᠮᠠᠯ ᠮᠠᠯᠵᠢᠬᠤ ᠴᠢᠬᠤᠯᠠ ᠲᠠᠢ᠃ ᠬᠦᠮᠦᠰ ᠮᠠᠯ ᠭᠡᠷᠡᠭᠰᠡᠨ᠎ᠡ᠂ ᠮᠠᠯ ᠡᠪᠡᠰᠦ ᠪᠡᠯᠴᠢᠭᠡᠷ ᠭᠡᠷᠡᠭᠰᠡᠨ᠎ᠡ᠃ ᠭᠡᠬᠦ ᠳᠤ ᠡᠪᠡᠰᠦ ᠪᠡᠯᠴᠢᠭᠡᠷ ᠤᠨ ᠬᠠᠩᠭᠠᠯᠭ᠋ ᠎ᠠ ᠨᠢ ᠬᠦᠮᠦᠨ ᠮᠠᠯ ᠤᠨ ᠭᠡᠷᠡᠭᠴᠡᠭᠡ ᠶᠢ ᠬᠠᠩᠭᠠᠵᠦ ᠲᠡᠶᠢᠯᠬᠦ ᠦᠭᠡᠢ ᠠᠴᠠ ᠪᠤᠯᠤᠭᠠᠳ ᠡᠯᠡᠰᠦᠷᠭᠡᠭᠵᠢᠯ ᠳᠠᠴᠢᠷᠰᠢᠯ ᠢ ᠡᠬᠦᠰᠭᠡᠳᠡᠭ᠃ ᠬᠦᠮᠦᠨ ᠂ ᠮᠠᠯ᠂ ᠪᠡᠯᠴᠢᠭᠡᠷ ᠭᠤᠷᠪᠠ ᠶᠢᠨ ᠲᠡᠩᠴᠡᠬᠦᠷᠢ ᠶᠢ ᠪᠠᠳᠤᠯᠠᠬᠤ ᠪᠤᠯ ᠮᠠᠯ ᠠᠵᠦ ᠠᠬᠤᠢ ᠶᠢᠨ ᠦᠢᠯᠡᠳᠪᠦᠷᠢᠯᠡᠯ ᠤᠨ ᠬᠦᠴᠦᠨ ᠢ ᠬᠦᠴᠦᠨ ᠢ ᠬᠦᠭᠵᠢᠬᠦᠯᠬᠦ ᠤᠷᠢᠳᠠᠯ ᠮᠥᠨ᠃ ᠦᠨᠡᠨ ᠪᠤᠳᠠᠳᠤ ᠪᠠᠶᠢᠳᠠᠯ ᠳᠤ ᠪᠢᠳᠡ ᠪᠤᠳᠠᠳᠠᠢ ᠪᠠᠷ ᠬᠠᠨᠳᠤᠬᠤ ᠶᠤᠰᠤᠳᠠᠢ᠃ ᠳᠠᠪᠤᠨ ᠬᠤᠰᠢᠭᠤ ᠮᠠᠯ ᠨᠤᠳᠤᠭ ᠪᠡᠯᠴᠢᠭᠡᠷ ᠡᠪᠳᠡᠭᠰᠡᠨ ᠭᠡᠷᠡᠭᠳᠡᠨ ᠪᠤᠯᠵᠦ ᠶᠠᠪᠤᠬᠤ ᠳᠤ᠂ ᠭᠡᠷᠡᠭ ᠤᠨ ᠬᠤᠶᠠᠷ ᠲᠦᠷᠦᠬᠦᠦ ᠠᠴᠠ ᠡᠬᠢᠯᠡᠨ ᠳᠠᠪᠤᠨ ᠬᠤᠰᠢᠭᠤ ᠮᠠᠯ ᠮᠢᠨᠢ ᠴᠦᠭᠡᠳᠭᠡᠬᠦ ᠠᠴᠠ ᠪᠠᠨ ᠪᠤᠯᠤᠯ᠎ᠠ᠂ ᠡᠴᠦᠰ ᠳ᠋ᠦᠩ ᠳᠤ ᠨᠤᠳᠤᠭ ᠪᠡᠯᠴᠢᠭᠡᠷ ᠡᠬᠦᠨ ᠠᠴᠠ ᠪᠤᠯᠵᠦ ᠰᠠᠶᠢᠵᠢᠷᠠᠵᠦ ᠤᠷᠭᠤᠮᠠᠯ ᠬᠤᠴᠢᠯᠭ᠎ᠠ ᠨᠢ ᠰᠡᠷᠭᠦᠭᠡ ᠦᠭᠡᠢ᠂ ᠮᠠᠯᠴᠢᠨ ᠲᠦᠮᠡᠨ ᠮᠢᠨᠢ ᠡᠬᠦᠨ ᠠᠴᠠ ᠪᠤᠯᠵᠦ ᠪᠠᠶᠠᠵᠢᠵᠦ ᠴᠢᠨᠡᠭᠡᠯᠢᠭᠵᠢᠭᠡ ᠦᠭᠡᠢ᠂ ᠬᠠᠷᠢᠨ ᠴᠤ ᠪᠦᠷ ᠰᠤᠷᠤᠭᠰᠠᠨ ᠰᠠᠭᠤᠭᠰᠠᠨ ᠭᠡᠷ ᠤᠷᠤᠨ ᠲᠡᠨᠦᠬᠦᠯ ᠴᠤ ᠭᠡᠮᠡᠷ ᠶᠠᠳᠠᠷᠠᠭᠠᠨ ᠲᠠᠢ ᠠᠮᠢᠳᠤᠷᠠᠯ ᠳᠤ ᠦᠷᠲᠡᠭᠳᠡᠨ᠎ᠡ᠃ ᠨᠤᠳᠤᠭ ᠪᠡᠯᠴᠢᠭᠡᠷ ᠳᠠᠴᠢᠷᠳᠠᠬᠤ ᠪᠠᠷ ᠳᠠᠴᠢᠷᠳᠠᠭᠰᠠᠭᠠᠷ᠂ ᠬᠦᠮᠦᠰ ᠡᠬᠢᠯᠡᠨ ᠰᠤᠳᠤᠯᠭᠠᠨ ᠪᠠᠶᠢᠴᠠᠭᠠᠯᠳᠠ ᠢᠶᠠᠨ ᠬᠢᠵᠦ ᠰᠢᠨ᠎ᠡ ᠳᠠᠨᠢᠯᠳᠠ᠂ ᠰᠢᠨ᠎ᠡ ᠦᠵᠡᠯ ᠪᠤᠳᠤᠯ ᠤᠨ ᠮᠥᠷᠲᠡᠯᠭᠡ ᠢᠶᠠᠷ ᠳᠠᠪᠤᠨ ᠬᠤᠰᠢᠭᠤ ᠮᠠᠯ ᠤᠨ ᠶᠠᠯ᠎ᠠ ᠬᠦᠩᠭᠡᠷᠡᠵᠦ ᠡᠬᠢᠯᠡᠨ᠂ ᠨᠤᠳᠤᠭ ᠪᠡᠯᠴᠢᠭᠡᠷ ᠠᠮᠢ ᠠᠬᠤᠢ ᠶᠢᠨ ᠮᠠᠭᠤᠳᠠᠯ ᠤᠨ ᠦᠨᠡᠨ ᠮᠥᠨ ᠠᠰᠠᠭᠤᠳᠠᠯ ᠳᠤ ᠪᠤᠳᠠᠳᠠᠢ ᠬᠠᠨᠳᠤᠵᠦ ᠡᠬᠢᠯᠡᠨ᠎ᠡ᠃ ᠭᠡᠬᠦ ᠳᠤ ᠪᠠᠨ ᠤᠯᠠᠮᠵᠢᠯᠠᠯᠳᠤ ᠮᠠᠯ ᠮᠠᠯᠵᠢᠯ ᠤᠨ ᠵᠠᠩ ᠵᠠᠩᠰᠢᠯ᠂ ᠰᠤᠶᠤᠯ ᠪᠤᠯᠪᠠᠰᠤᠨ ᠦᠨᠦᠳᠤᠷ ᠠᠭᠠᠵᠢᠮ ᠢᠶᠠᠷ ᠤᠯᠠᠨ ᠳᠤ ᠮᠡᠳᠡᠷᠡᠭᠳᠡᠵᠦ ᠡᠬᠢᠯᠡᠬᠦ ᠬᠠᠨᠳᠤᠰᠢ ᠲᠠᠢ ᠪᠤᠯᠵᠦ ᠪᠠᠶᠢᠨ᠎ᠠ᠃                 ᠨᠡᠬᠦᠳᠡᠯ ᠮᠠᠯᠵᠢᠯ ᠤᠨ ᠠᠷᠭ᠎ᠠ ᠬᠡᠯᠪᠡᠷᠢ ᠪᠤᠯ ᠮᠠᠯ ᠠᠵᠦ ᠠᠬᠤᠢ ᠶᠢᠨ ᠦᠢᠯᠡᠳᠪᠦᠷᠢᠯᠡᠯ ᠎ ᠤᠨ  ᠦᠢᠯᠡ ᠠᠵᠢᠯᠯᠠᠭᠠᠨ ᠤ ᠬᠡᠯᠪᠡᠷᠢ ᠪᠦᠭᠡᠳ ᠨᠦᠬᠦᠴᠡᠯ ᠪᠠᠶᠠᠯᠢᠭ ᠢ ᠠᠰᠢᠭᠯᠠᠬᠤ᠂ ᠪᠡᠯᠴᠢᠭᠡᠷ ᠢ  ᠨᠠᠷᠢᠨ ᠭᠠᠮᠳᠠᠢ ᠡᠳᠡᠯᠡᠬᠦ ᠠᠷᠭ᠎ᠠ ᠪᠦᠭᠡᠳ ᠪᠠᠶᠢᠭᠠᠯᠢ᠂ ᠴᠠᠭ ᠠᠭᠤᠷ᠂ ᠪᠡᠯᠴᠢᠭᠡᠷ ᠤᠨ ᠨᠦᠬᠦᠴᠡᠯ ᠳᠤ ᠬᠦᠮᠦᠰ ᠤᠨ ᠬᠦᠳᠡᠯᠮᠦᠷᠢ ᠪᠠᠷ ᠢᠶᠠᠨ ᠨᠢᠭᠡᠳᠭᠡᠬᠦ ᠠᠴᠠ ᠡᠬᠦᠰᠦᠭᠰᠡᠨ᠃ ᠮᠠᠯᠴᠢᠳ ᠤᠨ ᠨᠡᠬᠦᠳᠡᠯ ᠨᠢ ᠮᠠᠯ ᠠᠵᠦ ᠠᠬᠤᠢ ᠶᠢᠨ ᠦᠢᠯᠡᠳᠪᠦᠷᠢᠯᠡᠯ ᠡᠷᠬᠢᠯᠡᠬᠦ᠂ ᠪᠡᠯᠴᠢᠭᠡᠷ ᠠᠰᠢᠭᠯᠠᠬᠤ᠂ ᠮᠠᠯ ᠮᠠᠯᠠᠯᠭ᠎ᠠ ᠭᠡᠰᠡᠨ ᠭᠤᠷᠪᠠᠨ ᠰᠠᠯᠤᠰᠢ ᠦᠭᠡᠢ ᠬᠤᠯᠪᠤᠭ᠎ᠠ ᠎ ᠶᠢ ᠢᠯᠡᠷᠭᠡᠶᠢᠯᠡᠵᠦ ᠪᠤᠢ᠃ ᠪᠡᠯᠴᠢᠭᠡᠷ ᠠᠰᠢᠭᠯᠠᠬᠤ᠂ ᠮᠠᠯ ᠮᠠᠯᠠᠯᠭ᠎ᠠ ᠨᠢ ᠤᠷᠭᠤᠮᠠᠯ ᠠᠮᠢᠳᠠᠨ ᠤ ᠳᠤᠰ ᠪᠡᠶ᠎ᠡ ᠳᠤ ᠠᠶᠠᠨᠳᠠᠭᠠᠨ ᠤᠷᠤᠰᠢᠬᠤ ᠪᠠᠶᠢᠭᠠᠯᠢ ᠶᠢᠨ ᠦᠢᠯᠡᠳᠪᠦᠷᠢᠯᠡᠯ ᠤᠨ ᠬᠦᠴᠦᠨ ᠢ ᠬᠠᠮᠠᠭᠠᠯᠠᠨ ᠠᠰᠢᠭᠯᠠᠬᠤ ᠡᠷᠴᠢᠮᠳᠤ ᠠᠷᠭ᠎ᠠ ᠮᠥᠨ ᠭᠡᠵᠦ ᠳᠠᠨᠢᠭᠰᠠᠨ ᠪᠠᠶᠢᠪᠠ᠃    ᠮᠠᠯᠵᠢᠬᠤ ᠦᠢᠯᠡᠳᠪᠦᠷᠢᠯᠡᠯ ᠨᠢ ᠭᠠᠵᠠᠷ ᠵᠦᠢ ᠶᠢᠨ ᠤᠷᠴᠢᠨ ᠳᠤᠭᠤᠷᠢᠨ᠂ ᠪᠠᠶᠢᠭᠠᠯᠢ ᠶᠢᠨ ᠨᠦᠬᠦᠴᠡᠯ᠂ ᠪᠡᠯᠴᠢᠭᠡᠷ ᠤᠨ ᠳᠠᠭᠠᠭᠠᠴᠠ ᠶᠢᠨ ᠬᠢᠵᠠᠭᠠᠷᠯᠠᠯ ᠠᠴᠠ ᠪᠤᠯᠵᠦ ᠵᠤᠬᠢᠬᠤ ᠬᠤᠭᠤᠴᠠᠭᠠᠨ ᠳᠤ ᠵᠠᠪᠠᠯ ᠨᠡᠬᠦᠳᠡᠯᠯᠡᠨ ᠰᠢᠯᠵᠢᠬᠦ ᠭᠡᠷᠡᠭᠳᠠᠢ ᠪᠠᠶᠢᠳᠠᠭ᠃ ᠬᠡᠷᠪᠡ ᠵᠢᠯ ᠳᠤ ᠭᠡᠲᠦ ᠤᠳᠠᠭ᠎ᠠ ᠨᠡᠬᠦᠳᠡᠯᠯᠡᠨ ᠰᠢᠯᠵᠢᠬᠦ ᠦᠭᠡᠢ ᠪᠤᠯ ᠭᠡᠷᠡᠭᠯᠡᠵᠦ ᠦᠩᠭᠡᠷᠡᠭᠰᠡᠨ ᠪᠡᠯᠴᠢᠭᠡᠷ ᠨᠢ ᠬᠤᠪᠠᠭ᠋ᠠᠶᠢᠷᠠᠨ ᠳᠠᠬᠢᠨ ᠭᠡᠷᠡᠭᠯᠡᠭᠳᠡᠵᠦ ᠴᠢᠳᠠᠬᠤ ᠪᠠᠨ ᠪᠤᠯᠢᠨ᠎ᠠ᠃ ᠤᠷᠳᠤ ᠬᠤᠭᠤᠴᠠᠭᠠᠨ᠎ᠠ ᠤᠳᠠᠭᠠᠨ ᠵᠢᠯ ᠠᠰᠢᠭᠯᠠᠬᠤ ᠶᠢᠨ ᠲᠦᠯᠥᠭᠡ ᠡᠷᠭᠡᠪᠰᠢ ᠨᠡᠬᠦᠳᠡᠯᠯᠡᠨ ᠮᠠᠯᠵᠢᠬᠤ ᠰᠤᠩᠭᠤᠯᠳᠠ ᠶᠢ ᠵᠠᠶᠢᠯᠠᠰᠢ ᠦᠭᠡᠢ ᠠᠪᠬᠤ ᠶᠤᠰᠤᠳᠠᠢ᠃ ᠡᠨᠡ ᠪᠤᠯ ᠮᠠᠯᠴᠢᠳ ᠳᠤᠷᠰᠢᠯᠭ᠎ᠠ ᠪᠠᠨ ᠳ᠋ᠦᠩᠨᠡᠭᠡᠳ ᠤᠯᠵᠦ ᠮᠡᠳᠡᠭᠰᠡᠨ ᠮᠠᠯ ᠪᠠ ᠨᠡᠯᠴᠢᠭᠡᠷ ᠤᠨ  ᠬᠠᠷᠢᠴᠠᠯ ᠢ ᠡᠵᠡᠮᠰᠢᠭᠰᠡᠨ ᠤᠨᠴᠠᠭᠠᠢ ᠬᠡᠯᠪᠡᠷᠢ ᠮᠥᠨ᠃ ᠨᠡᠬᠦᠳᠡᠯᠯᠡᠬᠦ ᠶᠢᠨ ᠳᠤᠰ ᠪᠡᠶ᠎ᠡ ᠨᠢ ᠳᠠᠷᠤᠢ ᠨᠤᠳᠤᠭ ᠪᠡᠯᠴᠢᠭᠡᠷ ᠢ ᠠᠰᠢᠭᠯᠠᠬᠤ ᠳᠤ ᠵᠠᠷᠤᠴᠠᠭᠤᠯᠤᠭᠰᠠᠨ ᠬᠦᠳᠡᠯᠮᠦᠷᠢ ᠭᠡᠰᠡᠨ ᠢ  ᠨᠤᠳᠤᠭᠰᠢᠨ ᠰᠠᠭᠤᠷᠢᠰᠢᠭᠰᠠᠨ ᠳᠠᠷᠢᠶᠠᠯᠠᠩ ᠤᠨ ᠬᠢᠨ ᠮᠡᠳᠡᠬᠦ ᠶᠢᠨ ᠠᠷᠭ᠎ᠠ ᠦᠭᠡᠢ ᠶᠤᠮ᠃ ᠨᠤᠳᠤᠭ ᠪᠡᠯᠴᠢᠭᠡᠷ ᠤᠨ ᠰᠡᠯᠬᠦᠵᠢᠯᠳᠡ ᠶᠢ ᠪᠡᠶᠡᠯᠡᠬᠦᠯᠵᠦ ᠠᠮᠵᠢᠬᠤ ᠦᠭᠡᠢ ᠪᠤᠶᠤ ᠪᠡᠶᠡᠯᠡᠬᠦᠯᠬᠦ ᠦᠭᠡᠢ ᠪᠤᠯ ᠤᠬᠤᠷᠬᠠᠨ ᠬᠤᠭᠤᠴᠠᠭᠠᠨ ᠤ ᠳᠤᠳᠤᠷ᠎ᠠ ᠡᠪᠡᠰᠦ ᠪᠡᠯᠴᠢᠭᠡᠷ ᠬᠤᠪᠠᠭ᠋ᠠᠶᠢᠷᠠᠵᠦ᠂ ᠡᠯᠡᠰᠦ ᠰᠢᠷᠤᠢ ᠲᠡᠭᠳᠡᠵᠦ ᠴᠦᠯᠰᠢᠵᠢᠬᠦ ᠪᠤᠶᠤ ᠳᠠᠬᠢᠨ ᠠᠰᠢᠭᠯᠠᠵᠦ ᠪᠤᠯᠬᠤ ᠪᠠᠨ ᠪᠠᠶᠢᠨ᠎ᠠ᠃ ᠢᠩᠬᠢᠬᠦ ᠳᠤ ᠬᠦᠷᠪᠡᠯ᠂ ᠮᠠᠯ ᠠᠵᠦ ᠠᠬᠤᠢ ᠶᠢᠨ ᠰᠠᠭᠤᠷᠢ ᠶᠢ ᠦᠪᠡᠰᠦᠪᠡᠨ ᠰᠦᠢᠷᠡᠬᠦᠯᠵᠦ ᠪᠠᠶᠢᠭ᠎ᠠ ᠶᠠᠪᠤᠳᠠᠯ ᠪᠤᠯᠤᠨ᠎ᠠ᠃ ᠡᠶᠢᠮᠦ ᠠᠴᠠ ᠪᠠᠶᠢᠭᠠᠯᠢ ᠶᠢᠨ ᠪᠡᠯᠴᠢᠭᠡᠷ ᠲᠤ ᠲᠦᠰᠢᠭᠯᠡᠨ ᠪᠡᠯᠴᠢᠭᠡᠷ ᠤᠨ ᠮᠠᠯ ᠠᠵᠦ ᠠᠬᠤᠢ ᠡᠷᠬᠢᠯᠡᠵᠦ ᠪᠠᠶᠢᠭ᠎ᠠ ᠨᠦᠬᠦᠴᠡᠯ ᠳᠤᠤᠷ᠎ᠠ᠂ ᠳᠤᠭᠳᠠᠭᠰᠠᠨ ᠬᠤᠭᠤᠴᠠᠭ᠎ᠠ ᠲᠠᠢ ᠪᠠᠷ ᠨᠡᠬᠦᠳᠡᠯᠯᠡᠨ ᠰᠢᠯᠵᠢᠬᠦ ᠪᠤᠯ ᠪᠦᠬᠦᠶᠢᠯᠡ ᠮᠠᠯ ᠠᠵᠦ ᠠᠬᠤᠢ ᠶᠢᠨ ᠦᠢᠯᠡᠳᠪᠦᠷᠢᠯᠡᠯ ᠤᠨ ᠴᠢᠬᠤᠯᠠ ᠨᠢᠭᠡᠨ ᠠᠭᠤᠯᠭ᠎ᠠ ᠮᠥᠨ᠃ ᠮᠥᠨ ᠴᠤ ᠪᠦᠬᠦᠶᠢᠯᠡ ᠦᠢᠯᠡᠳᠪᠦᠷᠢᠯᠡᠯ ᠤᠨ ᠴᠢᠨᠠᠷᠳᠠᠢ ᠬᠦᠳᠡᠯᠮᠦᠷᠢ ᠶᠢᠨ ᠬᠢᠨᠢ ᠴᠢᠬᠤᠯ᠎ᠠ ᠪᠦᠷᠢᠯᠲᠦᠬᠦᠨ ᠭᠡᠰᠡᠭ ᠪᠤᠯᠤᠨ᠎ᠠ᠃ ᠨᠡᠬᠦᠳᠡᠯ ᠮᠠᠭᠤ ᠰᠠᠭᠤᠷᠢᠰᠢᠯ ᠰᠠᠶᠢᠨ ᠭᠡᠳᠡᠭ ᠦᠵᠡᠯᠳᠠ ᠶᠢᠨ ᠪᠤᠷᠤᠭᠤᠳᠠᠯ ᠨᠢ ᠡᠷᠳᠡ ᠤᠷᠤᠢ ᠦᠭᠡᠢ ᠬᠦᠮᠦᠰ ᠢ ᠰᠡᠩᠭᠡᠷᠡᠬᠦᠯᠬᠦ ᠶᠤᠮ᠃ ᠨᠤᠳᠤᠭᠰᠢᠨ ᠰᠠᠭᠤᠷᠢᠰᠢᠵᠦ ᠲᠡᠵᠢᠭᠡᠯ ᠪᠤᠷᠳᠤᠭ᠎ᠠ ᠳᠠᠷᠢᠵᠦ ᠪᠠᠶᠢᠭᠠᠳ ᠬᠠᠰᠢᠶᠠᠯᠠᠵᠦ ᠮᠠᠯ ᠮᠠᠯᠵᠢᠨ᠎ᠠ ᠭᠡᠳᠡᠭ ᠨᠢ ᠨᠡᠬᠦᠳᠡᠯ ᠮᠠᠯ ᠬᠦᠮᠦᠨ ᠤ ᠬᠤᠭᠤᠰᠤᠨ ᠶᠠᠷᠢᠶ᠎ᠠ ᠶᠤᠮ᠂ ᠲᠡᠬᠦᠨ ᠤ ᠠᠵᠦ ᠠᠬᠤᠢ ᠶᠢ ᠮᠡᠳᠡᠬᠦ ᠦᠭᠡᠢ ᠦᠷ᠎ᠡ ᠳ᠋ᠦᠩ ᠨᠢ ᠪᠡᠯᠴᠢᠭᠡᠷ ᠤᠨ ᠮᠠᠭᠤᠳᠠᠯ᠂ ᠠᠮᠢ ᠠᠬᠤᠢ ᠶᠢᠨ ᠮᠠᠭᠤᠳᠠᠯ᠂ ᠮᠠᠯ ᠠᠵᠦ ᠠᠬᠤᠢ ᠶᠢᠨ ᠳᠤᠷᠤᠶᠢᠳᠠᠯ ᠪᠤᠯᠤᠨ᠎ᠠ᠃                 ᠳᠠᠷᠢᠶᠠᠯᠠᠩ ᠰᠤᠶᠤᠯ ᠤᠨ ᠬᠢᠨᠢ ᠬᠦᠷᠦᠰᠦ ᠰᠢᠷᠤᠢ ᠳᠠᠷᠢᠶᠠᠯᠠᠩ ᠠᠴᠠ ᠪᠠᠨ ᠰᠠᠯᠵᠦ ᠪᠤᠯᠬᠤ ᠦᠭᠡᠢ ᠲᠠᠢ ᠠᠳᠠᠯᠢ ᠪᠠᠷ ᠮᠠᠯᠵᠢᠯ ᠤᠨ ᠰᠤᠶᠤᠯ ᠨᠢ ᠴᠤ ᠮᠠᠯ᠂ ᠪᠡᠯᠴᠢᠭᠡᠷ ᠨᠤᠳᠤᠭ ᠠᠴᠠ ᠪᠠᠨ ᠰᠠᠯᠵᠦ ᠪᠤᠯᠤᠰᠢ ᠦᠭᠡᠢ ᠬᠠᠷᠢᠴᠠᠭ᠎ᠠ ᠲᠠᠢ ᠶᠤᠮ᠃ ᠮᠠᠯᠵᠢᠯ ᠤᠨ ᠠᠷᠭ᠎ᠠ ᠬᠡᠯᠪᠡᠷᠢ ᠪᠠᠨ ᠵᠦᠢ ᠵᠤᠬᠢᠰᠳᠠᠢ ᠳᠤᠬᠢᠷᠠᠭᠤᠯᠬᠤ᠂ ᠮᠠᠯ᠂ ᠪᠡᠯᠴᠢᠭᠡᠷ ᠨᠤᠳᠤᠭ᠂ ᠬᠦᠮᠦᠨ ᠭᠤᠷᠪᠠ ᠤᠨ ᠬᠠᠷᠢᠴᠠᠭ᠎ᠠ ᠶᠢ ᠵᠤᠬᠢᠰᠳᠠᠢ ᠪᠠᠶᠢᠯᠭᠠᠬᠤ᠂ ᠦᠵᠡᠯ ᠳᠠᠨᠢᠯᠳᠠ ᠪᠠᠨ ᠴᠢᠯᠥᠭᠡᠯᠡᠨ᠂ ᠮᠠᠯ ᠠᠵᠦ ᠠᠬᠤᠢ ᠶᠢᠨ ᠦᠢᠯᠡᠳᠪᠦᠷᠢᠯᠡᠯ ᠳᠠᠬᠢ ᠦᠵᠡᠯᠳᠡ ᠳᠠᠨᠢᠯᠳᠠ ᠪᠠᠨ ᠰᠢᠨᠡᠳᠭᠡᠨ ᠵᠥᠪ ᠬᠠᠷᠠᠭᠠᠰᠤ ᠠᠴᠠ ᠵᠥᠪ ᠳᠠᠨᠢᠯᠳᠠ ᠪᠠᠷ ᠬᠠᠨᠳᠤᠬᠤ ᠪᠤᠯ ᠬᠠᠮᠤᠭ ᠴᠢᠬᠤᠯ᠎ᠠ᠃ ᠪᠤᠳᠠᠰ ᠨᠢᠭᠡᠳᠤᠭᠡᠷ᠂ ᠦᠵᠡᠯ ᠤᠬᠠᠮᠰᠠᠷ ᠬᠤᠶᠠᠳᠤᠭᠠᠷ ᠪᠠᠶᠢᠳᠠᠭ ᠨᠢ ᠦᠨᠡᠨ ᠵᠥᠪ ᠪᠠᠶᠢᠳᠠᠭ ᠴᠤ᠂ ᠶᠡᠭᠡ ᠳᠠᠷᠢᠬᠢ ᠪᠠᠷ ᠳᠠᠮᠵᠢᠬᠤ ᠦᠵᠡᠯ ᠤᠬᠠᠮᠰᠠᠷ᠂ ᠬᠦᠮᠦᠰ ᠤᠨ ᠦᠢᠯᠡ ᠠᠵᠢᠯᠯᠠᠭ᠎ᠠ ᠶᠢ ᠵᠢᠯᠤᠭᠤᠳᠴᠤ ᠪᠠᠶᠢᠳᠠᠭ ᠭᠡᠳᠡᠭ ᠢ ᠬᠦᠮᠦᠰ ᠶᠠᠭᠠᠬᠢᠭᠰᠠᠨ ᠴᠤ ᠤᠮᠳᠤᠭᠤᠶᠢᠯᠠᠵᠦ ᠪᠤᠯᠬᠤ ᠦᠭᠡᠢ᠃      
 
ᠢᠷᠡᠯᠲᠡ᠄ http://www.holvoo.net/ehlelt0106
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号