| | ᠭᠦᠷᠡᠯ᠂ ᠡᠷᠡᠭᠲᠠᠢ᠂ ᠮᠤᠩᠭᠤᠯ ᠦᠨᠲᠦᠰᠦᠲᠡᠨ᠂ ᠳᠤᠮᠳᠠᠲᠦ ᠤᠯᠤᠰ ᠤᠨ ᠡᠪ ᠬᠠᠮᠲᠦ ᠨᠠᠮ ᠤᠨ | ᠭᠡᠰᠢᠭᠦᠨ᠂ ᠶᠡᠭᠡ ᠰᠤᠷᠭᠠᠭᠤᠯᠢ ᠶᠢᠨ ᠰᠤᠷᠤᠯᠭ᠎ᠠ ᠶᠢᠨ ᠨᠠᠮᠲᠠᠷ ᠲᠠᠢ᠃ 2010 ᠤᠨ ᠳᠤ ᠬᠤᠲᠠ ᠶᠢᠨ ᠶᠠᠳᠠᠭᠤ ᠶᠢ | ᠳᠡᠳᠭᠦᠭᠦ ᠠᠵᠢᠯ ᠤᠨ ᠠᠯᠪᠠᠨ ᠭᠡᠷ ᠤᠨ ᠡᠷᠬᠢᠯᠡᠭᠴᠢ ︵ᠵᠢᠩᠭᠢᠨᠢ ᠭᠠᠵᠠᠷ ᠤᠨ ᠳᠡᠰ︶ ᠶᠢᠨ ᠲᠤᠰᠢᠶᠠᠯ ᠠᠴᠠ ᠠᠵᠢᠯ | ᠤᠨ ᠠᠮᠠᠷᠠᠯᠲᠠ ᠠᠪᠤᠭᠰᠠᠨ ᠤᠲᠦᠷᠢᠳᠬᠤ ᠺᠠᠳ᠋ᠷ᠃ | ᠭᠦᠷᠡᠯ ᠨᠦᠬᠦᠷ 1949 ᠤᠨ ᠤ 2 ᠰᠠᠷ᠎ᠠ ᠶᠢᠨ 7 ᠤ ᠡᠲᠦᠷ ᠬᠡᠰᠢᠭᠲᠡᠨ ᠬᠤᠰᠢᠭᠤᠨ ᠤ | ᠠᠷᠪᠠᠲᠦᠭᠠᠷ ᠨᠤᠲᠤᠭ ᠤᠨ ᠪᠠᠶᠠᠨᠪᠠᠶᠢᠰᠢᠩ ᠠᠶᠢᠯ ᠤᠨ ᠪᠤᠷᠵᠢᠭᠢᠨ ᠤᠪᠤᠭᠲᠦ ᠪᠤᠤ ᠭᠦ᠋ ︵ ᠯᠢᠤᠰᠦ᠋ᠸᠧᠷ︶ ᠤᠨ | ᠤᠳᠬᠤᠨ ᠬᠦᠦ ᠪᠤᠯᠵᠦ ᠵᠠᠶᠠᠭᠠᠪᠠ᠃ 1956 ᠤᠨ ᠳᠤ ᠦᠨᠲᠦᠰᠦᠲᠡᠨ ᠤ ᠠᠰᠠᠭᠤᠳᠠᠯ ᠤᠨ ᠰᠢᠯᠲᠠᠭᠠᠨ ᠠᠴᠠ | ᠪᠤᠯᠵᠦ᠂ ᠲᠤᠬᠠᠢ ᠶᠢᠨ ᠬᠤᠰᠢᠭᠤ ᠵᠠᠰᠠᠭ ᠤᠨ ᠤᠷᠲᠦᠨ ᠤ ᠨᠢᠭᠡᠲᠦᠯᠲᠠᠢ ᠲᠤᠬᠢᠷᠠᠭᠤᠯᠭ᠎ᠠ ᠪᠠᠷ ᠪᠠᠷᠠᠭᠤᠨ ᠠᠷᠦ | ᠨᠤᠲᠤᠭ ᠤᠨ ᠭᠤᠷᠪᠠᠲᠦᠭᠠᠷ ᠶᠡᠭᠡ ᠪᠠᠷᠢᠭᠠᠳᠠ ᠳᠤ ︵ᠪᠠᠶᠠᠨᠪᠤᠯᠠᠭ᠂ ᠪᠠᠶᠠᠨᠬᠤᠰᠢᠭᠤ᠂ ᠵᠠᠭᠦᠨ ᠬᠦᠭᠵᠢᠯᠲᠦ ᠪᠠᠭᠳᠠᠨ᠎ᠠ︶ | ᠨᠡᠭᠦᠨ ᠰᠢᠯᠵᠢᠵᠦ᠂ ᠴᠤᠯ ᠮᠠᠯᠵᠢᠬᠤ ᠤᠷᠤᠨ ᠤ ᠠᠮᠢᠲᠦᠷᠠᠯ ᠢᠶᠠᠨ ᠡᠭᠢᠯᠡᠭᠦᠯᠦᠭᠰᠡᠨ ᠪᠠᠶᠢᠨ᠎ᠠ᠃ 1957 ᠤᠨ ᠤ | ᠨᠠᠮᠤᠷ ᠠᠴᠠ ᠳᠠᠯᠠᠶᠢᠨᠠᠭᠤᠷ ᠨᠢᠭᠡᠲᠦᠯ ᠤᠨ ᠪᠦᠷᠢᠨ ᠪᠠᠭ᠎ᠠ ᠰᠤᠷᠭᠠᠭᠤᠯᠢ ᠳᠤ ᠰᠤᠷᠤᠯᠴᠠᠵᠦ ︽ᠰᠤᠶᠤᠯ ᠤᠨ | ᠬᠤᠪᠢᠰᠬᠠᠯ︾ ᠤᠨ ᠰᠠᠮᠠᠭᠤᠷᠠᠯ ᠠᠴᠠ ᠪᠤᠯᠵᠦ᠂ 1968 ᠤᠨ ᠤ 9 ᠰᠠᠷ᠎ᠠ ᠳᠤ ᠰᠠᠶ᠋ᠢ ᠳᠤᠮᠳᠠᠲᠦ ᠰᠤᠷᠭᠠᠭᠤᠯᠢ | ᠪᠠᠨ ᠳᠡᠭᠦᠰᠴᠦ᠂ ᠨᠤᠲᠤᠭ ᠲᠠᠭᠠᠨ ᠪᠤᠴᠠᠭᠰᠠᠨ ᠪᠠᠶᠢᠨ᠎ᠠ᠃ | | | ᠭᠡᠰᠢᠭᠲᠡᠨ ᠨᠤᠲᠤᠭ ᠲᠠᠭᠠᠨ ᠠᠩᠬᠠᠨ ᠤ ᠠᠳᠠᠯ ᠤᠶᠢᠯᠡᠰ ᠤᠨ ᠠᠯᠲᠠᠨ ᠵᠢᠯᠤᠭᠤ ᠪᠠᠨ | ᠡᠷᠬᠢᠭᠦᠯᠦᠭᠰᠡᠨ | | 1968 ᠤᠨ ᠤ ᠨᠠᠮᠤᠷ ᠨᠤᠲᠤᠭ ᠲᠠᠭᠠᠨ ᠪᠤᠴᠠᠵᠦ᠂ ᠮᠠᠯᠵᠢᠬᠤ ᠤᠷᠤᠨ ᠢᠶᠠᠨ ᠪᠦᠲᠦᠭᠡᠨ | ᠪᠠᠶᠢᠭᠤᠯᠬᠤ ᠤᠶᠢᠯᠡᠰ ᠲᠤ ᠤᠷᠭᠢᠯᠤᠮ᠎ᠠ ᠬᠠᠯᠠᠭᠤᠨ ᠵᠤᠷᠢᠭ ᠢᠶᠠᠷ ᠠᠩᠬᠠᠨ ᠤ ᠠᠳᠠᠯ ᠤᠶᠢᠯᠡᠰ ᠢᠶᠠᠨ ᠡᠬᠢᠯᠡᠭᠰᠡᠨ | ᠪᠢᠯᠡ᠃ ᠲᠤᠬᠠᠢ ᠶᠢᠨ ᠦᠶ᠎ᠡ ᠶᠢᠨ ᠭᠡᠰᠢᠭᠲᠡᠨ ᠤ ᠮᠠᠯᠵᠢᠬᠤ ᠤᠷᠤᠨ ᠳᠤ ︽ᠮᠤᠷᠢᠨ ᠡᠮᠡᠭᠡᠯ ᠳᠡᠭᠡᠷᠡᠭᠢ ᠰᠤᠷᠭᠠᠭᠤᠯᠢ︾ | ᠬᠡᠳᠡᠭ ᠰᠢᠨ᠎ᠡ ᠬᠡᠷᠡᠭ ᠪᠤᠳᠠᠰ ᠴᠤᠯᠭᠤᠷᠠᠨ ᠭᠠᠷᠴᠦ᠂ ᠡᠯ᠎ᠡ ᠪᠠᠷᠢᠭᠠᠳᠠ ᠳᠤ ᠪᠦᠷ ᠠᠶᠢᠯ ᠤᠨ ᠰᠤᠷᠭᠠᠭᠤᠯᠢ | ᠪᠠᠶᠢᠭᠤᠯᠵᠦ ᠡᠭᠢᠯᠡᠪᠡ᠃ ᠮᠡᠨ ᠤ ᠵᠡᠭᠦᠨ ᠬᠦᠭᠵᠢᠯᠲᠦ ᠪᠠᠷᠢᠭᠠᠳᠠ ᠭᠡᠲᠦᠶᠢᠪᠡᠷ ᠨᠢᠭᠡᠲᠦᠯ ᠤᠨ ᠬᠠᠵᠠᠭᠤ ︵ᠭᠤᠷᠪᠠᠨ | ᠭᠠᠵᠠᠷ ᠵᠠᠶᠢᠲᠠᠢ︶ ᠪᠠᠶᠢᠯ᠎ᠠ ᠭᠡᠰᠡᠨ ᠴᠦ ᠳᠡᠭᠡᠷᠡᠭᠢ ᠶᠢᠨ ᠱᠠᠭᠠᠷᠳᠠᠯᠭ᠎ᠠ ᠪᠠᠷ ᠪᠠᠷᠢᠭᠠᠳᠠ ᠳᠠᠭᠠᠨ ᠠᠶᠢᠯ ᠤᠨ | ᠰᠤᠷᠭᠠᠭᠤᠯᠢ ᠡᠷᠬᠢᠯᠡᠵᠦ᠂ 1966 ᠤᠨ ᠠᠴᠠ ᠠᠷᠪᠠᠨ ᠬᠡᠲᠦᠨ ᠰᠤᠷᠤᠭᠴᠢ ᠡᠯᠡᠰᠡᠭᠰᠡᠨ ᠪᠠᠶᠢᠯ᠎ᠠ᠃ ᠪᠠᠷᠢᠭᠠᠳᠠ ᠶᠢᠨ | ᠨᠠᠮ ᠤᠨ ᠡᠭᠦᠷ ᠪᠤᠯᠤᠨ ᠠᠷᠠᠳ ᠤᠨ ᠰᠤᠩᠭᠤᠯᠲᠠ ᠪᠠᠷ ᠠᠶᠢᠯ ᠤᠨ ᠰᠤᠷᠭᠠᠭᠤᠯᠢ ᠤᠨ ᠪᠠᠭᠰᠢ ᠪᠤᠯᠵᠦ᠂ ᠤᠤᠯ ᠤᠨ | ᠲᠤᠶᠠᠭ᠎ᠠ᠂ ᠱᠦᠢ ᠵᠢᠩ ᠬᠤᠶᠠᠷ ᠠᠯᠪᠠᠨ ᠤ ᠪᠠᠭᠰᠢ ᠲᠠᠢ ᠬᠠᠮᠲᠦ᠂ ᠬᠢᠴᠢᠶᠡᠯ ᠤᠨ ᠭᠡᠷ ᠬᠦᠢᠴᠡᠳ ᠦᠬᠡᠢ᠂ ᠰᠤᠷᠬᠤ | ᠪᠢᠴᠢᠭ ᠦᠬᠡᠢ ᠪᠠᠶᠢᠳᠠᠯ ᠲᠤᠤᠷ᠎ᠠ᠂ ᠪᠠᠷᠢᠭᠠᠳᠠ ᠶᠢᠨ ᠳᠡᠮᠵᠢᠯᠭᠡ ᠪᠠᠷ ᠤᠤᠯ ᠤᠨ ᠬᠦᠮᠦᠷᠭᠡ ᠬᠢᠵᠦ ᠪᠠᠶᠢᠭᠰᠠᠨ 6 | ᠵᠢᠵᠢᠭ ᠭᠡᠷ ᠢ ᠵᠠᠰᠠᠵᠦ᠂ ᠪᠠᠷᠢᠭᠠᠳᠠ ᠶᠢᠨ ᠬᠤᠷᠠᠯ ᠤᠨ ᠭᠡᠷ ᠢ ᠪᠦᠬᠦᠨ ᠢ ᠠᠰᠢᠭᠯᠠᠵᠦ᠂ ᠬᠤᠷᠢᠶ᠎ᠠ ᠭᠠᠵᠠᠷ ᠢᠶᠠᠨ | ᠦᠪᠡᠷᠲᠡᠭᠡᠨ ᠳᠡᠭᠰᠢᠯᠡᠵᠦ᠂ ᠦᠪᠡᠷ ᠤᠨ ᠬᠦᠴᠦ ᠪᠠᠷ ᠳᠡᠭᠵᠢᠷᠡᠵᠦ᠂ ᠨᠦᠭᠦᠴᠡᠯ ᠪᠦᠷᠢᠯᠲᠦᠭᠦᠯᠦᠨ ᠰᠤᠷᠭᠠᠭᠤᠯᠢ ᠪᠠᠨ | ᠡᠷᠭᠢᠯᠡᠭᠰᠡᠨ ᠪᠠᠶᠢᠨ᠎ᠠ᠃ 4 ᠵᠢᠯ ᠤᠨ ᠲᠤᠲᠦᠷᠠ ᠲᠤᠬᠠᠢ ᠶᠢᠨ ᠪᠠᠷᠢᠮᠵᠢᠶ᠎ᠠ ᠳᠤ ᠨᠡᠶᠢᠴᠡᠭᠰᠡᠨ 5 ᠵᠢᠯ ᠤᠨ ᠲᠦᠷᠢᠮᠲᠦ | ᠪᠠᠭ᠎ᠠ ᠰᠤᠷᠭᠠᠭᠤᠯᠢ ᠪᠠᠶᠢᠭᠤᠯᠵᠦ᠂ ᠵᠠᠭᠤ ᠭᠠᠷᠤᠢ ᠰᠤᠷᠤᠭᠴᠢ ᠲᠠᠢ᠂ ᠠᠷᠠᠳ ᠤᠨ ᠰᠠᠶᠢᠰᠢᠶᠠᠯ ᠢ ᠤᠯᠤᠭᠰᠠᠨ ᠠᠷᠠᠳ | ᠠᠴᠠ ᠡᠷᠬᠢᠯᠡᠭᠰᠡᠨ ᠰᠤᠷᠭᠠᠭᠤᠯᠢ ᠪᠠᠶᠢᠭᠤᠯᠵᠦ᠂ ᠨᠢᠭᠡᠲᠦᠯ ᠤᠨ ᠺᠠᠳ᠋ᠷ ᠨᠠᠷ ᠤᠨ ᠦᠷ᠎ᠡ ᠬᠡᠤᠬᠡᠳ ᠠᠴᠠ ᠨᠡᠯᠢᠶᠡᠳ ᠨᠢ | ᠪᠦᠷ ᠠᠳᠡᠭᠢ ᠠᠶᠢᠯ ᠤᠨ ᠰᠤᠷᠭᠠᠭᠤᠯᠢ ᠳᠤ ᠢᠷᠡᠭᠦ ᠪᠤᠯᠤᠭᠰᠠᠨ ᠪᠠᠶᠢᠨ᠎ᠠ᠃ | 1971 ᠤᠨ ᠤ ᠡᠪᠦᠯ᠂ ᠨᠢᠭᠡᠲᠦᠯ ᠤᠨ ᠨᠢᠭᠡᠲᠦᠯᠲᠠᠢ ᠲᠤᠭᠢᠷᠠᠭᠤᠯᠭ᠎ᠠ ᠪᠠᠷ ᠲᠠᠷᠢᠶᠠᠨᠬᠤᠸᠠ | ᠪᠠᠷᠢᠭᠠᠳᠠ ᠳᠤ ︽ᠲᠡᠮᠡᠴᠡᠬᠦ᠂ ᠪᠤᠷᠤᠭᠤᠰᠢᠶᠠᠨ ᠰᠢᠭᠦᠮᠵᠢᠯᠡᠭᠦ᠂ ᠦᠭᠡᠷᠡᠴᠢᠯᠡᠭᠦ︾ ᠬᠦᠳᠡᠯᠭᠡᠭᠡᠨ ᠤ ᠠᠵᠢᠯᠯᠠᠬᠤ | ᠲᠤᠭᠤᠶᠢᠯᠠᠩ ᠤᠨ ᠨᠠᠷᠢᠨ ᠪᠢᠴᠢᠭᠡᠴᠢ ᠪᠠᠷ ᠲᠤᠮᠢᠯᠠᠭᠳᠠᠵᠦ᠂ ᠬᠦᠳᠡᠯᠭᠡᠭᠡᠨ ᠳᠡᠭᠦᠰᠦᠭᠰᠡᠨ ᠤ ᠬᠤᠶᠢᠨ᠎ᠠ᠂ ᠨᠢᠭᠡᠲᠦᠯ | ᠤᠨ ᠨᠠᠮ ᠤᠨ ᠬᠤᠷᠢᠶᠠᠨ ᠤ ᠲᠤᠬᠢᠷᠠᠭᠤᠯᠤᠯᠲᠠ ᠪᠠᠷ ᠳᠤᠰ ᠪᠠᠷᠢᠭᠠᠳᠠ ᠶᠢᠨ ᠨᠠᠮ ᠤᠨ ᠡᠭᠦᠷ ᠤᠨ ᠱᠦᠵᠢ ᠪᠠᠷ | ᠲᠤᠮᠢᠯᠠᠭᠳᠠᠵᠦ᠂ ᠠᠩᠬ᠎ᠠ ᠡᠭᠢᠯᠡᠵᠦ ᠦᠨᠲᠦᠰᠦᠨ ᠱᠠᠲᠦᠨ ᠤ ᠤᠲᠦᠷᠢᠲᠦᠯᠭᠠ ᠶᠢᠨ ᠠᠵᠢᠯ ᠤᠨ ᠪᠠᠶᠢᠷᠢ ᠳᠤ | ᠭᠠᠷᠤᠭᠰᠠᠨ ᠪᠠᠶᠢᠨ᠎ᠠ᠃ ᠲᠤᠬᠠᠢ ᠶᠢᠨ ᠦᠶ᠎ᠡ ᠳᠤ ᠲᠤᠰ ᠪᠠᠷᠢᠭᠠᠳᠠ ᠨᠢ ᠪᠦᠭᠦ ᠨᠢᠭᠡᠲᠦᠯ ᠤᠨ ᠲᠤᠲᠦᠷᠠᠬᠢ ᠬᠠᠮᠤᠭ | ᠬᠤᠴᠤᠷᠤᠩᠭᠤᠢ ᠪᠠᠷᠢᠭᠠᠳᠠ ᠪᠠᠶᠢᠵᠦ᠂ ᠭᠤᠷᠪᠠᠨ ᠵᠢᠯ ᠤᠨ ᠳᠠᠷᠠᠭ᠎ᠠ ᠮᠠᠯ ᠠᠵᠦ ᠠᠬᠤᠢ ᠶᠢᠨ ᠦᠨᠲᠦᠰᠦᠨ ᠪᠦᠲᠦᠭᠡᠨ | ᠪᠠᠶᠢᠭᠤᠯᠤᠯᠲᠠ ᠬᠢᠭᠦ ᠪᠠᠷ ᠳᠠᠮᠵᠢᠵᠦ᠂ ᠮᠠᠯ ᠤᠨ ᠡᠭᠦᠯᠳᠡᠷ ᠢ ᠰᠠᠶᠢᠵᠢᠷᠠᠭᠤᠯᠵᠦ᠂ ᠫᠧᠩ ᠬᠤᠷᠢᠶ᠎ᠠ ᠪᠠᠶᠢᠭᠤᠯᠵᠦ᠂ | ᠰᠠᠭᠤᠷᠢᠰᠢᠬᠤ ᠪᠤᠯᠤᠨ ᠤᠲᠤᠷᠯᠠᠨ ᠮᠠᠯᠵᠢᠬᠤ ᠶᠢ ᠤᠶᠠᠯᠲᠦᠭᠤᠯᠵᠦ᠂ ᠬᠠᠮᠲᠦ ᠨᠡᠶᠢᠲᠡ ᠶᠢᠨ ᠠᠵᠦ ᠠᠬᠤᠢ | ᠬᠦᠴᠦᠷᠭᠡᠭᠵᠢᠵᠦ᠂ ᠮᠠᠯᠴᠢᠨ ᠬᠡᠰᠢᠭᠦᠳ ᠤᠨ ᠤᠷᠤᠯᠭ᠎ᠠ ᠨᠡᠮᠡᠭᠳᠡᠨ᠂ ᠨᠢᠭᠡ ᠯᠡ ᠳᠡᠭᠡᠷ᠎ᠡ ᠳᠠᠯᠠᠶᠢᠨᠠᠭᠤᠷ ᠨᠢᠭᠡᠲᠦᠯ ᠤᠨ | ᠲᠡᠷᠢᠭᠦᠨ ᠪᠠᠷᠢᠭᠠᠳᠠ ᠪᠤᠯᠤᠭᠰᠠᠨ ᠪᠠᠶᠢᠨ᠎ᠠ᠃ | 1974 ᠤᠨ ᠤ ᠡᠪᠦᠯ ᠠᠴᠠ ᠲᠠᠷᠢᠶᠠᠨᠬᠤᠸᠠ ᠪᠠᠷᠢᠭᠠᠳᠠ ᠶᠢᠨ ᠠᠵᠢᠯ ᠤᠨ ᠲᠤᠪᠤᠶᠢᠮ᠎ᠠ | ᠠᠮᠵᠢᠯᠲᠠ ᠪᠠᠷ ᠨᠢᠭᠡᠲᠦᠯ ᠲᠤ ᠠᠵᠢᠯ ᠰᠢᠯᠵᠢᠨ᠂ 75 ᠤᠨ ᠤ ᠵᠢᠯ ᠤᠨ ᠡᠬᠢᠨ ᠤ ᠨᠠᠮ ᠤᠨ ᠬᠤᠷᠢᠶ᠎ᠠ ᠶᠢ ᠬᠠᠯᠠᠵᠦ | ᠰᠤᠩᠭᠤᠬᠤ ᠳᠤ ᠨᠢᠭᠡᠲᠦᠯ ᠤᠨ ᠨᠠᠮ ᠤᠨ ᠬᠤᠷᠢᠶᠠᠨ ᠤ ᠱᠦᠵᠢ ᠪᠠᠷ ᠰᠤᠩᠭᠤᠭᠳᠠᠵᠦ᠂ ᠨᠠᠮᠦᠷ ᠨᠢ ᠬᠤᠰᠢᠭᠤᠨ ᠤ | ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠬᠤᠪᠢᠰᠬᠠᠯ ᠤᠨ ᠵᠦᠪᠯᠡᠯ ᠤᠨ ᠳᠡᠳ᠋ ᠡᠷᠬᠢᠯᠡᠭᠴᠢ ᠶᠢᠨ ᠲᠤᠰᠢᠶᠠᠯ | ᠳᠤ ᠭᠠᠷᠴᠦ᠂ ᠨᠡᠩ ᠭᠦᠨᠲᠦ ᠡᠭᠦᠷᠭᠡ ᠶᠢ ᠭᠦᠢᠴᠡᠳᠭᠡᠭᠦ ᠪᠤᠯᠤᠭᠰᠠᠨ ᠪᠠᠶᠢᠨ᠎ᠠ᠃ ᠳᠠᠯᠠᠶᠢᠨᠠᠭᠤᠷ ᠲᠤ ᠭᠤᠷᠪᠠᠨ ᠵᠢᠯ | ᠠᠵᠢᠯᠯᠠᠵᠦ᠂ ᠭᠤᠷᠪᠠ ᠤᠳᠠᠭᠠᠨ ᠤ ︽ᠶᠡᠭᠡ ᠲᠤᠯᠤᠯᠲᠦᠭᠠᠨ︾᠂ ᠳᠠᠷᠤᠢ 56 ᠭᠠᠵᠠᠷ ᠤᠨ ᠪᠠᠬᠢᠲᠠᠢ ᠶᠢᠨ ᠤᠰᠤᠨ | ᠰᠤᠪᠤᠭ ᠮᠠᠯᠲᠠᠭᠰᠠᠨ᠂ ᠵᠡᠭᠦᠨ ᠲᠠᠶᠢᠽᠢ ᠶᠢᠨ 10 ᠲᠦᠮᠡᠨ ᠮᠤ᠋ ᠶᠢᠨ ᠴᠢᠯᠠᠭᠤᠨ ᠭᠡᠷ ᠤᠨ ᠡᠪᠡᠰᠦᠨ ᠭᠦᠷᠢᠶ᠎ᠡ | ᠪᠠᠶᠢᠭᠤᠯᠤᠭᠰᠠᠨ᠂ ᠤᠨᠴᠠᠭᠠᠶᠢᠯᠠᠨ ᠪᠠᠶᠠᠨᠬᠤᠰᠢᠭᠤ ᠪᠤᠭᠤᠷᠵᠢᠩ ᠤᠨ 2.6 ᠲᠦᠮᠡᠨ ᠮᠤ᠋ ᠦᠨᠲᠦᠷ ᠪᠠᠷᠢᠮᠵᠢᠶᠠᠲᠦ | ᠡᠪᠡᠰᠦ᠂ ᠮᠤᠲᠦ᠂ ᠤᠰᠦ᠂ ᠮᠠᠰᠢᠨ ︽ᠲᠦᠷᠪᠡ ᠤᠶᠠᠯᠲᠤᠭᠰᠠᠨ︾ ᠡᠪᠡᠰᠦᠨ ᠭᠦᠷᠢᠶ᠎ᠡ ᠪᠠᠶᠢᠭᠤᠯᠬᠤ᠂ ᠬᠦᠭᠦᠭᠡ | ᠡᠪᠦᠯ ᠤᠨ ᠴᠠᠰᠦ ᠰᠢᠭᠤᠷᠭᠠᠨ ᠤ ᠳᠤᠮᠳᠠ ᠮᠢᠩᠭ᠎ᠠ ᠢᠯᠡᠭᠦᠦ ᠭᠦᠮᠦᠨ᠂ ᠭᠤᠷᠪᠠᠨ ᠰᠠᠷ᠎ᠠ ᠬᠠᠳᠠᠭᠤᠵᠢᠯᠲᠠᠢ ᠰᠢᠷᠭᠠᠭᠤ | ᠳᠡᠮᠡᠴᠡᠭᠦ 32 ᠭᠠᠵᠠᠷ ᠤᠨ ᠴᠢᠯᠠᠭᠤᠨ ᠬᠡᠷᠡᠮ ᠪᠠᠶᠢᠭᠤᠯᠵᠦ᠂ ᠬᠤᠰᠢᠭᠤ ᠪᠤᠯᠤᠨ ᠬᠤᠲᠠ ᠶᠢᠨ ᠮᠠᠯᠵᠢᠬᠤ ᠤᠷᠤᠨ ᠤ | ᠳ᠋ᠠᠵᠠᠢ ᠠᠴᠠ ᠰᠤᠷᠤᠯᠴᠠᠭᠰᠠᠨ ᠨᠡᠶᠢᠳᠡᠯᠢᠭ ᠵᠢᠱᠢᠶ᠎ᠡ ᠪᠤᠯᠤᠭᠰᠠᠨ ᠪᠠᠶᠢᠨ᠎ᠠ᠃ ᠡᠭᠦᠨ ᠠᠴᠠ ᠪᠤᠯᠵᠦ᠂ ᠭᠡᠰᠢᠭᠲᠡᠨ | ᠬᠤᠰᠢᠭᠤᠨ ᠤ ᠬᠠᠮᠤᠭ ᠠᠩᠬᠠᠨ ᠤ ︽ᠳ᠋ᠠᠵᠠᠢ ᠮᠠᠶ᠋ᠢᠭ ᠤᠨ ᠨᠢᠭᠡᠲᠦᠯ︾ ᠤᠨ ᠡᠩᠨᠡᠭᠡ ︵ᠲᠠᠷᠢᠶᠠᠯᠠᠩ ᠤᠷᠤᠨ ᠠᠴᠠ | ᠬᠤᠩ ᠭᠤᠸᠠᠩ ᠭᠦᠩᠱᠧ︶ ᠳᠤ ᠠᠯᠬᠤᠨ ᠤᠷᠤᠵᠦ᠂ ᠯᠢᠶᠤᠤᠨᠢᠩ ᠮᠤᠵᠢ ᠠᠴᠠ ︽ᠴᠢᠯᠦᠭᠡᠯᠡᠯᠲᠡ ᠳᠡᠮᠳᠡᠭᠲᠦ︾ | ᠮᠠᠰᠢᠨ ᠲᠡᠷᠭᠡ ᠪᠠᠷ ᠱᠠᠩᠨᠠᠭᠳᠠᠭᠰᠠᠨ ᠪᠠᠶᠢᠨ᠎ᠠ᠃ | 1977 ᠤᠨ ᠤ ᠨᠠᠮᠦᠷ ᠠᠴᠠ ᠨᠢᠭᠡᠲᠦᠯ ᠤᠨ ᠨᠠᠮ ᠤᠨ ᠬᠤᠷᠢᠶᠠᠨ ᠤ ᠱᠦᠵᠢ ᠶᠢᠨ ᠲᠤᠰᠢᠶᠠᠯ | ᠢᠶᠠᠨ ᠬᠠᠪᠰᠦᠷᠭᠠᠬᠤ ᠪᠠᠨ ᠪᠤᠯᠢᠵᠦ᠂ ᠰᠢᠭᠤᠳ ᠬᠤᠰᠢᠭᠤᠨ ᠳᠤ ᠠᠵᠢᠯ ᠰᠢᠯᠵᠢᠨ᠂ ᠬᠤᠰᠢᠭᠤᠨ ᠤ ᠮᠠᠯ ᠲᠠᠷᠢᠶᠠᠯᠠᠩ | ᠤᠨ ᠠᠵᠢᠯ ᠢ ᠬᠠᠷᠢᠭᠤᠴᠠᠬᠤ ᠤᠲᠦᠷᠢᠲᠦᠬᠤ ᠠᠵᠢᠯ ᠬᠢᠭᠰᠡᠨ ᠪᠠᠶᠢᠨ᠎ᠠ᠃ ᠡᠨᠡᠭᠦ ᠬᠤᠭᠤᠴᠠᠭᠠᠨ ᠳᠤ ᠭᠤᠷᠪᠠᠨ | ᠦᠭᠡᠷᠡᠴᠢᠯᠡᠯᠲᠡ ᠶᠢᠨ ᠴᠢᠨᠠᠷᠲᠠᠢ ᠠᠵᠢᠯ ᠢ ᠭᠤᠤᠯᠳᠠᠯᠭ᠎ᠠ ᠲᠠᠢ ᠠᠳᠬᠤᠵᠦ ᠲᠤᠪᠤᠶᠢᠮ᠎ᠠ ᠠᠮᠵᠢᠯᠲᠠ ᠶᠢ ᠤᠯᠤᠭᠰᠠᠨ | ᠪᠠᠶᠢᠨ᠎ᠠ᠃ ᠨᠢᠭᠡ ᠨᠢ᠂ ᠤᠤᠯ ᠤᠨ 2.6 ᠲᠦᠮᠡᠨ ᠮᠤ᠋ ᠡᠪᠡᠰᠦᠨ ᠭᠦᠷᠢᠶ᠎ᠡ ᠶᠢᠨ ᠪᠠᠷᠢᠮᠵᠢᠶ᠎ᠠ ᠶᠢ ᠳᠡᠭᠡᠭᠰᠢᠯᠡᠭᠦᠯᠵᠦ᠂ | ᠭᠦᠩᠭᠡᠷ ᠤᠨ ᠲᠠᠯ᠎ᠠ ᠳᠤ ᠪᠠᠰᠠ 4 ᠲᠦᠮᠡᠨ ᠮᠤ᠋ ︽ᠲᠦᠷᠪᠡ ᠤᠶᠠᠯᠲᠤᠭᠰᠠᠨ︾ ︵ᠡᠪᠡᠰᠦ᠂ ᠤᠰᠦ᠂ ᠤᠢ ᠶᠢᠨ | ᠪᠦᠰᠡ᠂ ᠮᠠᠰᠢᠨᠴᠢᠯᠠᠯᠲᠠ︶ ᠡᠪᠡᠰᠦᠨ ᠭᠦᠷᠢᠶ᠎ᠡ ᠪᠠᠶᠢᠭᠤᠯᠵᠦ᠂ ᠪᠦᠬᠦ ᠠᠶᠢᠮᠠᠭ ᠤᠨ ᠲᠡᠷᠢᠭᠦᠨ ᠤ ᠡᠩᠨᠡᠭᠡ ᠳᠤ | ᠤᠷᠤᠭᠰᠠᠨ︔ ᠬᠤᠶᠠᠷ ᠲᠤ᠂ ᠮᠠᠯ ᠠᠵᠦ ᠠᠬᠤᠢ ᠶᠢᠨ ᠦᠨᠲᠦᠰᠦᠨ ᠪᠦᠲᠦᠭᠡᠨ ᠪᠠᠶᠢᠭᠤᠯᠤᠯᠲᠠ ᠶᠢ ᠴᠢᠬᠤᠯᠠᠴᠢᠯᠠᠵᠦ | ᠮᠠᠯᠵᠢᠬᠤ ᠤᠷᠤᠨ ᠤ 39 ᠪᠠᠷᠢᠭᠠᠳᠠ ᠳᠤ᠂ 20 — 30 ᠵᠠᠩ ᠤᠷᠲᠤᠮᠵᠢ ᠶᠢᠨ ᠴᠢᠨᠠᠷᠲᠠᠢ ᠴᠢᠯᠠᠭᠤ᠂ | ᠲᠤᠭᠤᠰᠤᠭᠠ᠂ ᠰᠢᠷᠤᠢ ᠶᠢᠨ ᠭᠡᠴᠡ ᠲᠠᠢ ᠫᠧᠩ ᠬᠤᠷᠢᠶ᠎ᠠ ᠪᠠᠶᠢᠭᠤᠯᠤᠭᠰᠠᠨ︔ ᠭᠤᠷᠪᠠ ᠳᠤ᠂ ᠪᠦᠬᠦ ᠬᠤᠰᠢᠭᠤᠨ ᠤ | ᠮᠠᠯᠵᠢᠬᠤ ᠤᠷᠤᠨ ᠳᠤ ᠮᠠᠯ ᠠᠵᠦ ᠠᠬᠤᠢ ᠶᠢᠨ ᠮᠠᠰᠢᠨᠴᠢᠯᠠᠯᠲᠠ ᠶᠢ ᠦᠨᠲᠦᠰᠦᠨ ᠳᠡᠭᠡᠨ ᠪᠡᠶᠡᠯᠡᠭᠦᠯᠵᠦ᠂ ᠲᠠᠷᠢᠶᠠᠯᠠᠩ | ᠤᠨ ᠮᠠᠰᠢᠨᠴᠢᠯᠠᠯᠲᠠ ᠶᠢᠨ ᠶᠠᠮᠦᠨ ᠤ ᠰᠠᠶᠢᠰᠢᠶᠠᠯ ᠢ ᠤᠯᠤᠭᠰᠠᠨ ᠪᠠᠶᠢᠨ᠎ᠠ᠃ ᠵᠦᠭᠡᠭᠡᠪᠦᠷᠢ᠂ ᠡᠪᠡᠰᠦ ᠬᠠᠲᠦᠵᠦ | ᠬᠤᠷᠢᠶᠠᠬᠤ᠂ ᠬᠤᠨᠢ ᠬᠠᠶᠢᠴᠢᠯᠠᠬᠤ᠂ ᠮᠠᠯ ᠢ ᠡᠮ ᠢᠶᠠᠷ ᠤᠬᠢᠶᠠᠬᠤ ᠶᠢ ᠪᠦᠬᠦᠨ ᠢ ᠮᠠᠰᠢᠨᠴᠢᠯᠠᠭᠰᠠᠨ ᠶᠠᠪᠤᠳᠠᠯ ᠪᠤᠯ | ᠲᠤᠬᠠᠢ ᠶᠢᠨ ᠦᠶ᠎ᠡ ᠳᠤ ᠰᠢᠨ᠎ᠡ ᠡᠭᠦᠲᠦᠯᠲᠡ ᠪᠤᠯᠤᠨ᠎ᠠ᠃ | ᠪᠠᠰᠠ ᠲᠤᠷᠠᠳᠤᠭᠤᠰᠢᠲᠠᠢ ᠶᠠᠪᠤᠳᠠᠯ ᠭᠡᠪᠡᠯ᠂ 77 ᠤᠨ ᠤ ᠡᠪᠦᠯ ᠤᠨ ᠵᠠᠭᠤᠨ ᠵᠢᠯ ᠳᠤ ᠭᠠᠷᠤᠭ᠎ᠠ | ᠦᠬᠡᠢ ᠲᠡᠮᠦᠷ ᠵᠤᠳ ᠲᠠᠢ ᠵᠢᠯ᠂ ᠭᠠᠮᠰᠢᠭ ᠲᠠᠢ ᠲᠡᠮᠡᠴᠡᠭᠦ ᠡᠮᠦᠨ᠎ᠡ ᠹᠠᠷᠤᠨᠲ ᠶᠢᠨ ᠶᠡᠷᠤᠩᠭᠡᠢ ᠵᠢᠯᠤᠭᠤᠲᠤᠭᠴᠢ ᠶᠢᠨ | ᠬᠤᠪᠢ ᠪᠠᠷ ᠦᠷᠭᠡᠨ ᠤᠯᠠᠨ ᠺᠠᠳ᠋ᠷ ᠪᠤᠯᠤᠨ ᠮᠠᠯᠴᠢᠨ ᠲᠦᠮᠡᠨ ᠢ ᠲᠠᠶᠢᠴᠢᠯᠠᠵᠦ᠂ ᠭᠦᠨᠲᠦ ᠭᠠᠮᠰᠢᠭᠳᠠᠭᠰᠠᠨ | ᠪᠠᠶᠠᠨᠴᠠᠭᠠᠨ ᠨᠢᠭᠡᠲᠦᠯ ᠤᠨ 8 ᠲᠦᠮᠡᠨ ᠪᠤᠭ ᠮᠠᠯ ᠢ 200 ᠢᠯᠡᠭᠦᠦ ᠴᠢᠷᠢᠭ ᠤᠳ ᠮᠠᠰᠢᠨ ᠲᠡᠷᠭᠡ ᠪᠠᠷ | ᠵᠦᠭᠡᠭᠡᠪᠦᠷᠢᠯᠡᠨ ᠭᠠᠷᠭᠠᠵᠦ᠂ ᠪᠠᠷᠠᠭᠤᠨ ᠡᠯᠡᠰᠦᠨ ᠳᠤ ᠤᠲᠦᠷ ᠶᠠᠪᠤᠵᠦ᠂ ᠪᠦᠬᠦ ᠬᠤᠰᠢᠭᠤᠨ ᠤ 87% ᠶᠢᠨ ᠮᠠᠯ ᠢ | ᠭᠠᠮᠰᠢᠭ ᠠᠴᠠ ᠠᠪᠤᠷᠠᠵᠦ᠂ ᠠᠶᠢᠮᠠᠭ ᠪᠤᠯᠤᠨ ᠯᠢᠶᠤᠤᠨᠢᠩ ᠮᠤᠵᠢ ᠶᠢᠨ ᠰᠠᠶᠢᠰᠢᠶᠠᠯ ᠢ ᠤᠯᠤᠭᠰᠠᠨ ᠪᠠᠶᠢᠨ᠎ᠠ᠃ | | | ᠮᠠᠯ ᠠᠵᠦ ᠠᠬᠤᠢ ᠶᠢᠨ ᠠᠵᠢᠯ ᠤᠨ ᠹᠠᠷᠤᠨᠲ ᠲᠤ 13 ᠵᠢᠯ ᠰᠢᠷᠭᠠᠭᠤ ᠠᠵᠢᠯᠯᠠᠵᠦ᠂ ᠮᠠᠯᠴᠢᠳ | ᠲᠤ ᠰᠢᠨ᠎ᠡ ᠮᠡᠷᠭᠡᠵᠢᠯ ᠡᠵᠡᠩᠨᠡᠯᠲᠡ ᠶᠢ ᠡᠵᠡᠮᠰᠢᠭᠦᠯᠦᠭᠰᠡᠨ | | | 1981 ᠤᠨ ᠤ ᠵᠤᠨ ᠠᠴᠠ ᠬᠦᠷᠡᠯ ᠨᠦᠭᠦᠷ ᠠᠶᠢᠮᠠᠭ ᠤᠨ ᠮᠠᠯ ᠠᠵᠦ ᠠᠬᠤᠢ ᠶᠢᠨ ᠲᠤᠪᠴᠢᠶ᠎ᠠ | ᠳᠤ ᠠᠵᠢᠯ ᠰᠢᠯᠵᠢᠨ ᠬᠤᠶᠢᠨ᠎ᠠ ᠡᠮᠦᠨ᠎ᠡ ᠨᠤᠲᠤᠭ ᠪᠡᠯᠴᠢᠭᠡᠷ ᠤᠨ ᠦᠷᠲᠡᠭᠡᠨ ᠳᠠᠷᠤᠭ᠎ᠠ᠂ ᠮᠠᠯᠵᠢᠬᠤ ᠤᠷᠤᠨ ᠤ | ᠡᠵᠡᠩᠨᠡᠨ ᠬᠠᠮᠢᠶᠠᠷᠦᠯᠲᠠ ᠶᠢᠨ ᠦᠷᠲᠡᠭᠡᠨ ᠳᠠᠷᠤᠭ᠎ᠠ ᠶᠢᠨ ᠠᠵᠢᠯ ᠢ 13 ᠵᠢᠯ ᠬᠠᠷᠢᠭᠤᠴᠠᠭᠰᠠᠨ ᠪᠢᠯᠡ᠃ ᠲᠡᠷᠡ ᠪᠤᠯ | ᠬᠠᠮᠤᠭ ᠠᠩᠬᠠᠨ ᠤ ᠨᠤᠲᠤᠭ ᠪᠡᠯᠴᠢᠭᠡᠷ ᠤᠨ ᠦᠷᠲᠡᠭᠡᠨ ᠳᠠᠷᠤᠭ᠎ᠠ᠂ ᠪᠦᠬᠦ ᠬᠤᠲᠠ ᠶᠢᠨ ᠲᠠᠯ᠎ᠠ ᠨᠤᠲᠤᠭ ᠢ | ᠪᠦᠲᠦᠭᠡᠨ ᠪᠠᠶᠢᠭᠤᠯᠬᠤ ᠤᠶᠢᠯᠡᠰ ᠲᠤ ᠴᠢᠬᠤᠯᠠ ᠬᠤᠪᠢ ᠨᠡᠮᠡᠭᠦᠷᠢ ᠭᠠᠷᠭᠠᠭᠰᠠᠨ ᠬᠦᠮᠦᠨ᠃ ᠲᠤᠬᠠᠢ ᠶᠢᠨ ᠦᠶ᠎ᠡ | ᠶᠢᠨ ᠪᠠᠶᠠᠨᠲᠠᠯ᠎ᠠ ᠶᠢᠨ 3 ᠲᠦᠮᠡᠨ ᠮᠤ᠋ ᠡᠪᠡᠰᠦᠨ ᠭᠦᠷᠢᠶ᠎ᠡ᠂ ᠪᠠᠶ᠋ᠬᠠᠷᠳᠡᠨᠢ ᠶᠢᠨ 3 ᠲᠦᠮᠡᠨ ᠮᠤ᠋ ᠡᠪᠡᠰᠦᠨ ᠭᠦᠷᠢᠶ᠎ᠡ᠂ | ᠪᠦᠬᠦ ᠬᠤᠲᠠ ᠶᠢᠨ 33 ᠠᠷᠠᠳ ᠠᠴᠠ ᠡᠷᠬᠢᠯᠡᠭᠰᠡᠨ ᠨᠤᠲᠤᠭ ᠪᠡᠯᠴᠢᠭᠡᠷ ᠤᠨ ᠦᠷᠲᠡᠭᠡ᠂ 4 ᠡᠪᠡᠰᠦᠨ ᠦᠷ᠎ᠡ ᠶᠢᠨ | ᠲᠠᠯᠠᠪᠠᠢ ᠳᠤ ᠮᠡᠷᠭᠡᠵᠢᠯ ᠤᠨ ᠵᠢᠯᠤᠭᠤᠲᠦᠯᠭᠠ ᠬᠢᠵᠦ᠂ ᠪᠦᠬᠦ ᠬᠤᠲᠠ ᠶᠢᠨ ᠨᠤᠲᠤᠭ ᠪᠡᠯᠴᠢᠭᠡᠷ ᠤᠨ ᠪᠦᠲᠦᠭᠡᠨ | ᠪᠠᠶᠢᠭᠤᠯᠤᠯᠲᠠ ᠶᠢᠨ ᠦᠷ᠎ᠡ ᠪᠦᠲᠦᠮᠵᠢ ᠨᠢ ᠲᠠᠷᠢᠶᠠᠯᠠᠩ ᠤᠨ ᠶᠠᠮᠦᠨ ᠤ ᠰᠠᠶᠢᠰᠢᠶᠠᠯ ᠢ ᠤᠯᠵᠦ ᠦᠩᠭᠡᠷᠡᠭᠰᠡᠨ ᠪᠠᠶᠢᠨ᠎ᠠ | ᠃ | 1984 ᠤᠨ ᠠᠴᠠ ᠬᠤᠲᠠ ᠶᠢᠨ ᠮᠠᠯᠵᠢᠬᠤ ᠤᠷᠤᠨ ᠤ ᠡᠵᠡᠩᠨᠡᠨ ᠬᠠᠮᠢᠶᠠᠷᠦᠯᠲᠠ ᠶᠢᠨ | ᠦᠷᠲᠡᠭᠡᠨ ᠳᠠᠷᠤᠭ᠎ᠠ ᠪᠠᠷ ᠪᠦᠬᠦ ᠬᠤᠲᠠ ᠶᠢᠨ ᠲᠠᠷᠢᠶᠠᠯᠠᠩ᠂ ᠮᠠᠯ ᠠᠵᠦ ᠠᠬᠤᠢ ᠶᠢᠨ ᠡᠵᠡᠩᠨᠡᠯᠲᠡ ᠬᠠᠮᠢᠶᠠᠷᠦᠯᠲᠠ ᠶᠢ | ᠡᠷᠴᠢᠮᠲᠠᠢ ᠠᠳᠬᠤᠵᠦ᠂ ᠤᠯᠠᠩᠳᠠ ᠤᠷᠤᠨ ᠤ ᠰᠠᠶᠢᠰᠢᠶᠠᠯ ᠭᠦᠬᠢᠭᠦᠯᠦᠯ ᠢ ᠤᠯᠵᠦ᠂ ᠤᠨᠴᠠᠭᠠᠶᠢᠯᠠᠨ ᠰᠦᠯᠢᠶᠤᠤ | ᠫᠧᠩ ᠳᠤ ᠮᠠᠯ ᠲᠡᠵᠢᠭᠡᠪᠦᠷᠢ ᠠᠷᠴᠢᠯᠠᠬᠤ ᠮᠡᠷᠭᠡᠵᠢᠯ ᠢ ᠬᠠᠮᠤᠭ ᠠᠩᠬ᠎ᠠ ᠪᠠᠭᠠᠷᠢᠨ ᠪᠠᠷᠠᠭᠤᠨ ᠬᠤᠰᠢᠭᠤᠨ ᠤ | ᠪᠠᠶᠠᠨᠲᠠᠯ᠎ᠠ ᠰᠤᠮᠤ ᠶᠢᠨ ᠮᠠᠯᠴᠢᠨ ᠤᠷᠲᠦ ᠶᠢᠨ ᠬᠢᠨ ᠳᠤ ᠲᠤᠷᠰᠢᠨ ᠪᠦᠲᠦᠭᠡᠵᠦ᠂ ᠡᠨᠡᠭᠦ ᠲᠤᠷᠰᠢᠯᠲᠠ ᠪᠠᠨ ᠪᠦᠬᠦ | ᠬᠤᠳᠠ ᠳᠤ ᠳᠡᠯᠭᠡᠷᠡᠭᠦᠯᠵᠦ᠂ ᠮᠠᠯ ᠠᠵᠦ ᠠᠬᠤᠢ ᠶᠢᠨ ᠤᠶᠢᠯᠡᠳᠪᠦᠷᠢᠯᠡᠯ ᠳᠡᠭᠡᠷ᠎ᠡ ᠲᠤᠶᠢᠯ ᠤᠨ ᠶᠡᠭᠡ ᠦᠷ᠎ᠡ ᠠᠰᠢᠭ | ᠤᠯᠵᠦ᠂ ᠤᠲᠤᠬᠠᠨ ᠳᠤ ᠪᠦᠬᠦ ᠬᠤᠲᠠ ᠳᠤ 9 ᠲᠦᠮᠡᠨ ᠰᠠᠭᠤᠷᠢ ᠦᠨᠲᠦᠷ ᠪᠠᠷᠢᠮᠵᠢᠶ᠎ᠠ ᠲᠠᠢ ᠰᠦᠯᠢᠶᠤᠤ ᠫᠧᠩ | ᠭᠡᠷᠡᠭᠯᠡᠵᠦ ᠪᠠᠶᠢᠭ᠎ᠠ ᠶᠢᠨ ᠬᠠᠮᠤᠭ ᠠᠩᠬᠠᠨ ᠤ ᠰᠠᠭᠤᠷᠢ ᠶᠢ ᠲᠠᠯᠪᠢᠭᠰᠠᠨ ᠭᠦᠮᠦᠨ ᠪᠤᠯᠤᠨ᠎ᠠ᠃ | ᠰᠢᠨᠵᠢᠯᠡᠭᠦ ᠤᠬᠠᠭᠠᠨ ᠲᠧᠭᠨᠢᠭ ᠮᠡᠷᠭᠡᠵᠢᠯ ᠢ ᠨᠡᠭᠡᠭᠡᠨ ᠠᠰᠢᠭᠯᠠᠬᠤ ᠪᠤᠯᠤᠨ ᠲᠤᠷᠰᠢᠨ ᠳᠡᠯᠭᠡᠷᠡᠭᠦᠯᠭᠦ | ᠤᠶᠢᠯᠡᠰ ᠲᠤ 6 ᠵᠢᠯ ᠭᠦᠴᠦᠨ ᠢᠶᠠᠨ ᠡᠷᠭᠦᠭᠰᠡᠨ ᠨᠢ | 1990 ᠤᠨ ᠳᠤ ᠬᠤᠲᠠ ᠶᠢᠨ ᠮᠠᠯ ᠠᠵᠦ ᠠᠬᠤᠢ ᠶᠢᠨ ᠲᠤᠪᠴᠢᠶᠠᠨ ᠳᠤ ᠠᠵᠢᠯᠯᠠᠵᠦ ᠪᠠᠶᠢᠭ᠎ᠠ | ᠬᠤᠭᠤᠴᠠᠭᠠᠨ ᠳᠤ ᠬᠤᠲᠠ ᠶᠢᠨ ᠭᠤᠤ ᠯᠢᠶᠠᠨ ᠶᠤᠸᠠᠨ ᠳᠠᠷᠤᠭ᠎ᠠ ᠶᠢᠨ ᠲᠤᠮᠢᠯᠠᠯᠲᠠ ᠪᠠᠷ ᠪᠠᠭᠠᠷᠢᠨ ᠪᠠᠷᠠᠭᠤᠨ | ᠬᠤᠰᠢᠭᠤᠨ ᠤ ᠲᠦᠰᠢ ᠰᠤᠮᠤᠨ ᠳᠤ ᠬᠤᠲᠠ ᠶᠢᠨ ᠵᠠᠰᠠᠭ ᠤᠨ ᠤᠷᠲᠦᠨ ᠠᠴᠠ ᠡᠷᠬᠢᠯᠡᠭᠰᠡᠨ ᠮᠠᠯᠵᠢᠬᠤ ᠤᠷᠤᠨ ᠤ | ᠰᠢᠨᠵᠢᠯᠡᠭᠦ ᠤᠬᠠᠭᠠᠨ ᠲᠧᠭᠨᠢᠭ ᠮᠡᠷᠭᠡᠵᠢᠯ ᠢ ᠨᠡᠭᠡᠭᠡᠨ ᠠᠰᠢᠭᠯᠠᠬᠤ ᠲᠤᠷᠰᠢᠯᠲᠠ ᠶᠢᠨ ᠴᠢᠭ ᠤᠨ ᠠᠵᠢᠯ ᠢ | ᠬᠠᠷᠢᠭᠤᠴᠠᠵᠦ᠂ ᠳᠤᠰ ᠬᠦᠮᠦᠨ ᠳᠤ ᠲᠠᠷᠢᠶᠠᠯᠠᠩ ᠮᠠᠯ ᠠᠵᠦ ᠠᠬᠤᠢ ᠶᠢᠨ ᠦᠨᠲᠦᠰᠦᠨ ᠤᠶᠢᠯᠡᠳᠪᠦᠷᠢᠯᠡᠯ ᠤᠨ | ᠨᠦᠭᠦᠴᠡᠯ ᠢ ᠰᠠᠶᠢᠵᠢᠷᠠᠭᠤᠯᠵᠦ᠂ ᠮᠠᠯᠴᠢᠳ ᠲᠤ ᠰᠢᠨᠵᠢᠯᠡᠭᠦ ᠤᠬᠠᠭᠠᠨ ᠲᠧᠭᠨᠢᠭ ᠮᠡᠷᠭᠡᠵᠢᠯ ᠢ ᠡᠵᠡᠮᠰᠢᠭᠦᠯᠵᠦ᠂ | ᠲᠤᠶᠢᠯ ᠤᠨ ᠶᠡᠭᠡ ᠠᠵᠦ ᠠᠬᠤᠢ ᠶᠢᠨ ᠦᠷ᠎ᠡ ᠠᠰᠢᠭ ᠢ ᠤᠯᠤᠭᠰᠠᠨ ᠪᠠᠶᠢᠨ᠎ᠠ᠃ | ᠵᠠᠯᠭᠠᠭᠠᠳ 1993 ᠤᠨ ᠠᠴᠠ ᠪᠠᠭᠠᠷᠢᠨ ᠪᠠᠷᠠᠭᠤᠨ ᠬᠤᠰᠢᠭᠤᠨ ᠤ ᠵᠠᠰᠠᠭ ᠤᠨ ᠤᠷᠲᠦᠨ ᠤ | ᠰᠢᠨᠵᠢᠯᠡᠭᠦ ᠤᠬᠠᠭᠠᠨ ᠲᠧᠭᠨᠢᠭ ᠮᠡᠷᠭᠡᠵᠢᠯ ᠤᠨ ᠳᠡᠳ᠋ ᠬᠤᠰᠢᠭᠤᠨ ᠳᠠᠷᠤᠭ᠎ᠠ ᠪᠠᠷ 3 ᠵᠢᠯ ᠠᠵᠢᠯᠯᠠᠵᠦ᠂ ᠪᠦᠬᠦ | ᠬᠤᠰᠢᠭᠤᠨ ᠤ ᠠᠵᠦ ᠤᠶᠢᠯᠡᠳᠪᠦᠷᠢ᠂ ᠲᠠᠷᠢᠶᠠᠯᠠᠩ ᠡᠯ᠎ᠡ ᠠᠵᠢᠯ ᠲᠦᠷᠦᠯ ᠳᠤ 18 ᠲᠦᠷᠦᠯ ᠤᠨ ᠭᠡᠷᠡᠭᠯᠡᠭᠡᠨ ᠤ | ᠮᠡᠷᠭᠡᠵᠢᠯ ᠢ ᠳᠡᠯᠭᠡᠷᠡᠭᠦᠯᠵᠦ᠂ ᠪᠦᠬᠦ ᠬᠤᠰᠢᠭᠤᠨ ᠤ ᠰᠢᠨᠵᠢᠯᠡᠭᠦ ᠤᠬᠠᠭᠠᠨ ᠲᠧᠭᠨᠢᠭ ᠮᠡᠷᠭᠡᠵᠢᠯ ᠤᠨ ᠠᠵᠦ ᠠᠬᠤᠢ ᠳᠤ | ᠦᠵᠡᠭᠦᠯᠭᠦ ᠬᠤᠪᠢ ᠨᠡᠮᠡᠭᠦᠷᠢ ᠨᠢ 42.5 % ᠳᠤ ᠭᠦᠷᠴᠦ᠂ 95 ᠤᠨ ᠳᠤ ᠪᠦᠬᠦ ᠬᠤᠲᠠ ᠳᠤ ᠬᠠᠮᠤᠭ ᠲᠡᠷᠢᠭᠦᠨ | ᠳᠤ ᠤᠯᠤᠰ ᠤᠨ ᠰᠢᠨᠵᠢᠯᠡᠭᠦ ᠤᠬᠠᠭᠠᠨ ᠲᠧᠭᠨᠢᠭ ᠮᠡᠷᠭᠡᠵᠢᠯ ᠤᠨ ᠪᠠᠷᠢᠮᠵᠢᠶ᠎ᠠ ᠳᠤ ᠭᠦᠷᠦᠭᠰᠡᠨ ᠬᠤᠰᠢᠭᠤ ᠪᠤᠯᠤᠭᠰᠠᠨ | ᠪᠠᠶᠢᠨ᠎ᠠ᠃ | | | ᠮᠠᠯ ᠲᠠᠷᠢᠶᠠᠯᠠᠩ᠂ ᠶᠠᠳᠠᠭᠤ ᠶᠢ ᠳᠡᠳᠭᠦᠭᠦ ᠠᠵᠢᠯ ᠤᠶᠢᠯᠡᠰ ᠲᠤ 15 ᠵᠢᠯ ᠵᠢᠳᠭᠦᠭᠰᠡᠨ ᠨᠢ | | | 1996 ᠤᠨ ᠤ ᠡᠬᠢᠨ ᠳᠤ ᠬᠤᠲᠠ ᠶᠢᠨ ᠮᠠᠯ ᠲᠠᠷᠢᠶᠠᠯᠠᠩ ᠤᠨ ᠠᠯᠪᠠᠨ ᠭᠡᠷ ᠤᠨ ᠳᠡᠳ᠋ | ᠡᠷᠬᠢᠯᠡᠭᠴᠢ ᠶᠢᠨ ᠲᠤᠰᠢᠶᠠᠯ ᠳᠤ 7 ᠵᠢᠯ ᠠᠵᠢᠯᠯᠠᠵᠦ᠂ ᠪᠦᠬᠦ ᠬᠤᠲᠠ ᠶᠢᠨ ᠲᠠᠷᠢᠶᠠᠯᠠᠩ ᠮᠠᠯ ᠠᠵᠦ ᠠᠬᠤᠢ᠂ ᠤᠰᠦᠨ | ᠠᠰᠢᠭᠯᠠᠯᠲᠠ ᠶᠢᠨ ᠠᠵᠢᠯ ᠢ ᠪᠦᠬᠦ ᠲᠠᠯ᠎ᠠ ᠪᠠᠷ ᠤᠶᠢᠯᠭᠠᠵᠦ᠂ ᠤᠨᠴᠠᠭᠠᠶᠢᠯᠠᠨ ᠲᠠᠷᠢᠶᠠᠯᠠᠩ᠂ ᠨᠤᠲᠤᠭ ᠪᠡᠯᠴᠢᠭᠡᠷ᠂ | ᠤᠰᠦᠨ ᠠᠰᠢᠭᠯᠠᠯᠲᠠ ᠶᠢᠨ ︽ᠶᠡᠭᠡ ᠲᠤᠯᠤᠯᠲᠦᠭᠠᠨ︾ ᠤ ᠲᠦᠰᠦᠪ ᠭᠠᠷᠭᠠᠬᠤ ᠪᠠ ᠠᠵᠢᠯ ᠢ ᠴᠠᠭ ᠲᠤᠬᠠᠢ ᠳᠤᠨᠢ | ᠪᠠᠶᠢᠴᠠᠭᠠᠬᠤ ᠠᠵᠢᠯ ᠢ ᠭᠠᠷᠳᠠᠵᠦ᠂ ᠬᠤᠲᠠ ᠶᠢᠨ ᠤᠲᠦᠷᠢᠲᠦᠯᠭᠠ ᠶᠢᠨ ᠵᠦᠪᠯᠡᠭᠴᠢ ᠲᠤᠰᠠᠯᠠᠭᠴᠢ ᠶᠢᠨ ᠤᠶᠢᠯᠡᠲᠦᠯ | ᠢ ᠭᠦᠢᠴᠡᠳ ᠭᠠᠷᠭᠠᠭᠰᠠᠨ ᠪᠠᠶᠢᠨ᠎ᠠ᠃ ᠡᠨᠡᠭᠦ ᠬᠤᠭᠤᠴᠠᠭᠠᠨ ᠳᠤ ᠪᠦᠬᠦ ᠬᠤᠲᠠ ᠶᠢᠨ ᠲᠠᠯ᠎ᠠ ᠨᠤᠲᠤᠭ ᠢ ᠡᠪᠳᠡᠵᠦ᠂ | ᠠᠲᠠᠷ ᠬᠠᠭᠠᠯᠪᠤᠷᠢᠯᠠᠭᠰᠠᠨ ᠭᠡᠷᠡᠭ ᠶᠠᠪᠤᠳᠠᠯ ᠢ ᠬᠡᠲᠦ ᠤᠳᠠᠭ᠎ᠠ ᠭᠠᠷᠳᠠᠨ ᠪᠠᠶᠢᠴᠠᠭᠠᠵᠦ᠂ ᠤᠷᠤᠨ ᠤ ᠠᠳᠠᠷ | ᠬᠠᠭᠠᠯᠪᠤᠷᠢᠯᠠᠬᠤ ᠶᠢ ᠵᠤᠭᠰᠦᠭᠠᠬᠤ ︽ᠵᠠᠷᠯᠢᠭ︾ ᠢ ᠨᠡᠶᠢᠲᠡᠯᠡᠭᠰᠡᠨ ᠬᠤᠶᠢᠨ᠎ᠠ ᠦᠷᠭᠦᠯᠵᠢᠯᠠᠨ ᠠᠲᠠᠷ ᠬᠠᠭᠠᠯᠪᠤᠷᠢᠯᠠᠵᠦ | ᠪᠠᠶᠢᠭᠰᠠᠨ ᠬᠡᠰᠢᠭᠲᠡᠨ ᠤ ᠮᠠᠯᠵᠢᠬᠤ ᠤᠷᠤᠨ ᠳᠠᠬᠢ 4 ᠲᠦᠮᠡᠨ ᠮᠤ᠋ ᠠᠳᠠᠷ ᠬᠠᠭᠠᠯᠪᠤᠷᠢᠯᠠᠭᠰᠠᠨ ᠨᠢᠮ᠎ᠠ ᠰᠧᠯᠢᠩ ᠤᠨ | ᠲᠤᠬᠠᠢ ᠬᠤᠪᠢ ᠶᠢᠨ ᠨᠡᠷ᠎ᠡ ᠪᠠᠷ ᠬᠤᠲᠠ ᠶᠢᠨ ᠵᠠᠰᠠᠭ ᠤᠨ ᠤᠷᠲᠦᠨ ᠳᠤ ᠪᠠᠶᠢᠴᠠᠭᠠᠯᠲᠠ ᠶᠢᠨ ᠮᠡᠳᠡᠭᠦᠯᠦᠯᠲᠡ | ᠪᠢᠴᠢᠵᠦ᠂ ᠬᠠᠮᠤᠭ ᠡᠴᠦᠰ ᠲᠤ ᠬᠤᠲᠠ ᠶᠢᠨ ᠳᠠᠷᠤᠭ᠎ᠠ ᠭᠤᠤ ᠶᠢᠨ ᠴᠢᠩ ᠤᠨ ᠳᠡᠮᠵᠢᠯᠭᠡ ᠶᠢ ᠤᠯᠵᠦ᠂ ᠨᠢᠮ᠎ᠠ | ᠰᠧᠯᠢᠩ ᠢ ᠬᠡᠰᠢᠭᠲᠡᠨ ᠠᠴᠠ ᠬᠦᠭᠡᠭᠡᠵᠦ ᠭᠠᠷᠭᠠᠭᠰᠠᠨ ᠪᠠᠶᠢᠨ᠎ᠠ᠃ ᠡᠨᠡᠭᠦ ᠶᠠᠪᠤᠳᠠᠯ ᠨᠢ ᠳᠤᠰ ᠤᠷᠤᠨ ᠤ ᠮᠠᠯᠴᠢᠳ | ᠤᠨ ᠰᠠᠶᠢᠰᠢᠶᠠᠯ ᠢ ᠤᠯᠵᠦ᠂ ᠤᠲᠦ ᠦᠶ᠎ᠡ ᠶᠢᠨ ︽ᠭᠠᠳᠠ ᠮᠡᠶᠢᠷᠡᠨ︾ ᠬᠡᠵᠦ ᠲᠡᠤᠬᠡᠨ ᠳᠤ ᠦᠨᠢᠳᠡ | ᠳᠡᠮᠳᠡᠭᠯᠡᠭᠳᠡᠭᠰᠡᠨ ᠪᠢᠯᠡ᠃ | 2002 ᠤᠨ ᠠᠴᠠ ᠭᠦᠷᠡᠯ ᠨᠦᠬᠦᠷ ᠬᠤᠲᠠ ᠶᠢᠨ ᠶᠠᠳᠠᠭᠤ ᠶᠢ ᠳᠡᠳᠭᠦᠭᠦ ᠠᠯᠪᠠᠨ ᠭᠡᠷ ᠤᠨ | ᠪᠠᠶᠢᠩᠭᠤ ᠶᠢᠨ ᠳᠡᠳ᠋ ᠡᠷᠬᠢᠯᠡᠭᠴᠢ ᠶᠢᠨ ᠪᠠᠶᠢᠷᠢ ᠳᠤ ᠠᠵᠢᠯᠯᠠᠵᠦ ︵ᠤᠤᠯ ᠨᠢ ᠲᠠᠷᠢᠶᠠᠯᠠᠩ ᠤᠨ ᠠᠯᠪᠠᠨ ᠭᠡᠷ ᠪᠤᠯᠤᠨ | ᠶᠠᠳᠠᠭᠤ ᠶᠢ ᠳᠡᠳᠭᠦᠭᠦ ᠠᠯᠪᠠᠨ ᠭᠡᠷ ᠨᠢ ᠨᠢᠭᠡ ᠪᠠᠶᠢᠭᠤᠯᠤᠮᠵᠢ ᠪᠠᠶᠢᠯ᠎ᠠ︶᠂ 2009 ᠤᠨ ᠳᠤ ᠡᠨᠡᠭᠦ ᠠᠵᠢᠯ ᠤᠨ | ᠪᠠᠶᠢᠷᠢ ᠳᠡᠭᠡᠷ᠎ᠡ 7 ᠵᠢᠯ ᠠᠵᠢᠯᠯᠠᠵᠦ᠂ ᠠᠵᠢᠯ ᠤᠨ ᠠᠮᠠᠷᠠᠯᠲᠠ ᠪᠠᠨ ᠠᠪᠤᠭᠰᠠᠨ ᠪᠠᠶᠢᠨ᠎ᠠ᠃ ᠡᠨᠡᠭᠦ ᠬᠤᠭᠤᠴᠠᠭᠠᠨ ᠳᠤ | ᠠᠯᠪᠠᠨ ᠭᠡᠷ ᠤᠨ ᠨᠠᠮ ᠤᠨ ᠲᠤᠭᠤᠶᠢᠯᠠᠩ ᠤᠨ ᠠᠵᠢᠯ ᠤᠨ ᠬᠤᠪᠢᠶᠠᠷᠢᠯᠠᠯᠲᠠ ᠪᠠᠷ ᠨᠡᠶᠢᠭᠡᠮ ᠪᠠᠶᠢᠭᠤᠯᠤᠯᠭ᠎ᠠ ᠶᠢᠨ | ᠶᠠᠳᠠᠭᠤ ᠶᠢ ᠳᠡᠳᠭᠦᠭᠦ ᠪᠤᠯᠤᠨ ᠭᠠᠵᠠᠷ ᠨᠤᠲᠤᠭ ᠰᠢᠯᠵᠢᠭᠦᠯᠵᠦ ᠶᠠᠳᠠᠭᠤ ᠶᠢ ᠳᠡᠳᠭᠦᠭᠦ ᠠᠵᠢᠯ ᠢ ᠭᠤᠤᠯᠴᠢᠯᠠᠨ | ᠬᠠᠮᠢᠶᠠᠷᠴᠦ ᠭᠢᠯᠠᠯᠵᠠᠭᠰᠠᠨ ᠠᠮᠵᠢᠯᠲᠠ ᠤᠯᠤᠭᠰᠠᠨ ᠪᠠᠶᠢᠨ᠎ᠠ᠃ ᠨᠡᠶᠢᠭᠡᠮ ᠤᠨ ᠶᠠᠳᠠᠭᠤ ᠶᠢ ᠳᠡᠳᠭᠦᠭᠦ ᠠᠵᠢᠯ ᠤᠨ | ᠲᠠᠯ᠎ᠠ ᠪᠠᠷ ᠪᠦᠬᠦ ᠬᠤᠲᠠ ᠶᠢᠨ 140 ᠬᠡᠲᠦᠨ ᠭᠠᠵᠠᠷ ᠤᠨ ᠳᠡᠰ ᠠᠴᠠ ᠳᠡᠭᠡᠭᠰᠢᠬᠢ ᠪᠠᠶᠢᠭᠤᠯᠤᠯᠭ᠎ᠠ ᠨᠢᠭᠡᠴᠡ ᠶᠢ | ᠭᠦᠳᠡᠯᠭᠡᠵᠦ᠂ ᠵᠢᠯ ᠪᠦᠷᠢ 3000 ᠢᠯᠡᠭᠦᠦ ᠲᠦᠮᠡᠨ ᠲᠦᠭᠦᠷᠢᠭ ︵ᠡᠳ᠋ ᠪᠤᠳᠠᠰ ᠪᠠᠭᠳᠠᠨ᠎ᠠ︶ ᠢ ᠶᠠᠳᠠᠭᠤ | ᠭᠦᠴᠢᠷᠲᠠᠢ ᠭᠠᠵᠠᠷ ᠳᠤᠰᠠᠯᠠᠵᠦ᠂ ᠮᠠᠰᠢ ᠰᠠᠶᠢᠨ ᠶᠠᠳᠠᠭᠤ ᠶᠢ ᠳᠡᠳᠭᠦᠭᠦ ᠦᠷ᠎ᠡ ᠪᠦᠲᠦᠮᠵᠢ ᠤᠯᠵᠦ᠂ ᠤᠷᠤᠨ ᠪᠤᠯᠤᠨ | ᠤᠯᠤᠰ ᠤᠨ ᠰᠠᠶᠢᠰᠢᠶᠠᠯ ᠢ ᠤᠯᠤᠭᠰᠠᠨ ᠪᠠᠶᠢᠨ᠎ᠠ᠃ ᠭᠠᠵᠠᠷ ᠨᠤᠲᠤᠭ ᠰᠢᠯᠵᠢᠭᠦᠯᠵᠦ ᠶᠠᠳᠠᠭᠤ ᠶᠢ ᠳᠡᠳᠭᠦᠭᠦ ᠲᠠᠯ᠎ᠠ | ᠪᠠᠷ ᠬᠤᠶᠢᠨ᠎ᠠ ᠡᠮᠦᠨ᠎ᠡ 4 ᠤᠳᠠᠭ᠎ᠠ 900 ᠭᠠᠷᠤᠢ ᠠᠮᠢᠲᠦᠷᠠᠬᠤ ᠶᠢᠨ ᠠᠷᠭ᠎ᠠ ᠦᠬᠡᠢ ᠪᠤᠯᠤᠭᠰᠠᠨ ᠡᠷᠦᠭᠡ ᠶᠢ | ᠬᠤᠲᠠ ᠪᠠᠯᠭᠠᠰᠦᠨ ᠤ ᠤᠶᠢᠷᠠᠯᠴᠠᠭ᠎ᠠ᠂ ᠵᠠᠮ ᠨᠡᠪᠳᠡᠷᠡᠯᠭᠡ᠂ ᠤᠶᠢᠯᠡᠳᠪᠦᠷᠢᠯᠡᠯ ᠤᠨ ᠨᠦᠭᠦᠴᠡᠯ ᠰᠠᠶᠢᠲᠠᠢ ᠭᠠᠵᠠᠷ | ᠰᠢᠯᠵᠢᠭᠦᠯᠵᠦ᠂ ᠬᠤᠲᠠ ᠶᠢᠨ ᠶᠠᠳᠠᠭᠤ ᠶᠢ ᠳᠡᠳᠭᠦᠭᠦ ᠠᠯᠪᠠᠨ ᠭᠡᠷ 4 ᠤᠳᠠᠭ᠎ᠠ ᠤᠷᠤᠨ ᠤ ᠨᠢᠭᠡᠲᠦᠭᠡᠷ ᠳᠡᠰ ᠤᠨ | ᠱᠠᠩᠨᠠᠯ ︵6 ᠲᠦᠮᠡᠨ ᠲᠦᠭᠦᠷᠢᠭ ᠤᠨ ᠱᠠᠩᠨᠠᠯ︶ ᠭᠦᠷᠲᠡᠵᠦ᠂ ᠬᠤᠪᠢ ᠭᠦᠮᠦᠨ 2007 ᠤᠨ ᠳᠤ ᠭᠠᠵᠠᠷ | ᠰᠢᠯᠵᠢᠭᠦᠯᠵᠦ ᠶᠠᠳᠠᠭᠤ ᠶᠢ ᠳᠡᠳᠭᠦᠭᠦ ᠠᠵᠢᠯ ᠤᠨ ᠵᠢᠱᠢᠶᠠᠴᠢ ᠶᠢᠨ ᠱᠠᠩᠨᠠᠯ ︵3000 ᠲᠦᠭᠦᠷᠢᠭ ᠤᠨ | ᠰᠠᠭᠦᠳᠡᠷᠯᠡᠭᠦ ᠮᠠᠰᠢᠨ ︶ ᠢ ᠭᠦᠷᠲᠡᠭᠰᠡᠨ ᠪᠠᠶᠢᠨ᠎ᠠ᠃ | | | ᠤᠶᠤᠨ ᠪᠢᠯᠢᠭ ᠢᠶᠠᠨ ᠬᠤᠷᠴᠠᠯᠠᠵᠦ᠂ ᠠᠵᠢᠯ ᠤᠨ ᠴᠢᠯᠦᠭᠡ ᠪᠠᠷ ᠲᠤᠰᠬᠠᠢ ᠮᠡᠷᠭᠡᠵᠢᠯ ᠪᠤᠯᠤᠨ | ᠤᠷᠤᠨ ᠵᠤᠬᠢᠶᠠᠯ ᠤᠨ ᠨᠤᠮ ᠪᠦᠲᠦᠭᠡᠯ ᠪᠢᠴᠢᠭᠰᠡᠨ ᠨᠢ | | | ᠭᠦᠷᠡᠯ ᠨᠦᠭᠦᠷ ᠶᠠᠮᠠᠷ ᠠᠵᠢᠯ ᠤᠨ ᠪᠠᠶᠢᠷᠢ ᠳᠡᠭᠡᠷ᠎ᠡ ᠴᠦ ᠦᠪᠡᠷ ᠤᠨ ᠠᠵᠢᠯ ᠳᠠᠭᠠᠨ | ᠬᠠᠷᠢᠭᠤᠴᠠᠯᠭ᠎ᠠ ᠲᠠᠢ᠂ ᠤᠷᠬᠢᠯᠤᠮ᠎ᠠ ᠬᠠᠯᠠᠭᠤᠨ ᠵᠤᠷᠢᠭ ᠢᠶᠠᠷ ᠠᠵᠢᠯᠯᠠᠵᠦ᠂ ᠰᠢᠯᠢᠳᠡᠭ ᠠᠮᠵᠢᠯᠲᠠ ᠪᠦᠲᠦᠭᠡᠯ | ᠭᠠᠷᠭᠠᠭᠰᠠᠨ ᠤ ᠬᠠᠮᠲᠦ᠂ ᠠᠵᠢᠯ ᠤᠨ ᠵᠠᠪ ᠴᠢᠯᠦᠭᠡ ᠪᠠᠷ ᠮᠠᠰᠢ ᠤᠯᠠᠨ ᠦᠭᠦᠯᠡᠯ᠂ ᠪᠠᠶᠢᠴᠠᠭᠠᠯᠲᠠ ᠶᠢᠨ | ᠮᠡᠳᠡᠭᠦᠯᠦᠯᠲᠡ᠂ ᠲᠤᠰᠬᠠᠢ ᠮᠡᠷᠭᠡᠵᠢᠯ ᠤᠨ ᠨᠤᠮ ᠵᠤᠭᠢᠶᠠᠯ ᠪᠢᠴᠢᠵᠦ᠂ ᠤᠷᠠᠨ ᠵᠤᠬᠢᠶᠠᠯ ᠳᠤ ᠪᠠᠰᠠ ᠶᠡᠭᠡ ᠪᠠᠭ᠋ᠠᠲᠠᠢ | ᠪᠠᠶᠢᠳᠠᠭ᠃ ᠮᠠᠯ ᠠᠵᠦ ᠠᠬᠤᠢ ᠶᠢᠨ ᠹᠠᠷᠤᠨᠲ ᠳᠤ ᠠᠵᠢᠯᠯᠠᠵᠦ ᠪᠠᠶᠢᠬᠤ ᠬᠤᠭᠤᠴᠠᠭᠠᠨ ᠳᠤ 20 ᠬᠡᠲᠦᠨ ᠦᠭᠦᠯᠡᠯ᠂ | ᠪᠠᠶᠢᠴᠠᠭᠠᠯᠲᠠ ᠶᠢᠨ ᠮᠡᠳᠡᠭᠦᠯᠦᠯᠲᠡ ᠪᠢᠴᠢᠵᠦ᠂ ᠬᠤᠲᠠ᠂ ᠤᠷᠤᠨ᠂ ᠤᠯᠤᠰ ᠤᠨ ᠳᠡᠰ ᠤᠨ ᠰᠤᠨᠢᠨ ᠰᠡᠳᠭᠦᠯ ᠳᠤ | ᠨᠡᠶᠢᠲᠡᠯᠡᠵᠦ ᠦᠩᠭᠡᠷᠡᠭᠰᠡᠨ ᠪᠠᠶᠢᠨ᠎ᠠ᠃ ᠪᠠᠰᠠ ︽ᠵᠤᠤ ᠤᠳᠠ ᠶᠢᠨ ᠰᠢᠮᠡᠯᠢᠭ ᠡᠪᠡᠰᠦ︾ ︵8 ᠲᠦᠮᠡᠨ ᠦᠰᠦᠭ | ᠲᠠᠢ︶ ︽ᠰᠦᠯᠢᠶᠤᠤ ᠫᠧᠩ ᠳᠤ ᠮᠡᠯ ᠳᠡᠵᠢᠭᠡᠪᠦᠷᠢ ᠠᠷᠴᠢᠯᠠᠬᠤ ᠮᠡᠷᠭᠡᠵᠢᠯ︾ ︵12 ᠲᠦᠮᠡᠨ ᠦᠰᠦᠭ ᠲᠠᠢ︶ | ᠬᠤᠶᠠᠷ ᠨᠤᠮ ᠢ ᠮᠤᠩᠭᠤᠯ ᠢᠶᠠᠷ ᠭᠡᠪᠯᠡᠨ ᠨᠡᠶᠢᠲᠡᠯᠡᠭᠰᠡᠨ ᠪᠠᠶᠢᠨ᠎ᠠ᠃ | 1984 ᠤᠨ ᠳᠤ ᠤᠯᠠᠭᠠᠨᠬᠠᠳᠠ ᠶᠢᠨ ᠳᠡᠭᠡᠲᠦ ᠰᠤᠷᠭᠠᠭᠤᠯᠢ ᠤᠨ ᠮᠤᠩᠭᠤᠯ ᠬᠡᠯᠡ ᠤᠳᠬ᠎ᠠ | ᠵᠤᠬᠢᠶᠠᠯ ᠤᠨ ᠰᠠᠯᠪᠦᠷᠢ ᠳᠤ ᠬᠤᠶᠠᠷ ᠵᠢᠯ ᠰᠤᠷᠤᠯᠴᠠᠵᠦ᠂ ᠦᠪᠡᠷ ᠤᠨ ᠵᠤᠬᠢᠶᠠᠨ ᠪᠢᠴᠢᠭᠦ ᠬᠢᠷᠢ ᠬᠡᠮᠵᠢᠶ᠎ᠡ ᠪᠠᠨ | ᠳᠡᠭᠡᠭᠰᠢᠯᠡᠭᠦᠯᠵᠦ᠂ ︽ᠪᠠᠶᠠᠨᠵᠢᠷᠦᠭᠡ ᠶᠢᠨ ᠭᠠᠴᠤᠷ᠎ᠠ︾ ᠬᠡᠬᠦ ᠨᠠᠶᠢᠷᠠᠭᠤᠯᠤᠯ ᠢᠶᠠᠨ ︽ᠰᠢᠷ᠎ᠠ ᠮᠦᠷᠡᠨ︾ ᠰᠡᠳᠭᠦᠯ | ᠳᠤ ᠨᠡᠶᠢᠲᠡᠯᠡᠭᠰᠡᠨ ᠪᠦᠭᠡᠳ ᠡᠭᠦᠨ ᠠᠴᠠ ᠡᠮᠦᠨ᠎ᠡ᠂ ᠪᠦᠯᠦ ᠠᠬ᠎ᠠ ᠰᠧᠯᠡᠵᠠᠪ ᠲᠠᠢ ᠬᠠᠮᠲᠦᠷᠠᠵᠦ ︽ ᠬᠠᠯᠴᠠᠭᠠᠢ | ᠬᠤᠯᠠᠭᠠᠶᠢᠴᠢ ᠶᠢᠨ ᠦᠯᠢᠭᠡᠷ︾ ᠬᠡᠭᠦ 10 ᠪᠦᠯᠦᠭ ᠲᠠᠢ ᠠᠷᠠᠳ ᠤᠨ ᠠᠮᠠᠨ ᠦᠯᠢᠬᠡᠷ ᠢ ᠡᠮᠬᠢᠳᠭᠡᠵᠦ᠂ ︽ᠰᠢᠷ᠎ᠠ | ᠮᠦᠷᠡᠨ︾ ᠰᠡᠳᠭᠦᠯ ᠳᠤ ᠨᠡᠶᠢᠲᠡᠯᠡᠵᠦ᠂ ᠰᠡᠭᠦᠯᠡᠷ ᠨᠢ ︽ᠪᠠᠶᠠᠯᠢᠭ ᠰᠠᠶᠢᠬᠠᠨ ᠬᠡᠰᠢᠭᠲᠡᠨ︾ ᠬᠡᠭᠦ ᠨᠤᠲᠤᠭ ᠤᠨ | ᠰᠡᠳᠭᠦᠯ ᠳᠤ ᠨᠡᠶᠢᠲᠡᠯᠡᠵᠦ ᠦᠩᠭᠡᠷᠡᠭᠰᠡᠨ ᠤᠳᠠᠭ᠎ᠠ ᠪᠤᠢ᠃ 2009 ᠤᠨ ᠳᠤ ᠠᠵᠢᠯ ᠤᠨ ᠠᠮᠠᠷᠠᠯᠲᠠ ᠠᠪᠬᠤ | ᠠᠴᠠ ᠡᠮᠦᠨ᠎ᠡ᠂ ︽ᠲᠠᠯ᠎ᠠ ᠨᠤᠲᠤᠭ ᠤᠨ ᠤᠯᠠᠭᠠᠨ ᠰᠦᠲᠦ︾ — ᠨᠢᠭᠡᠨ ᠪᠦᠭᠦᠲᠡ ᠨᠠᠶᠢᠷᠠᠮᠳᠠᠬᠤ ᠤᠯᠤᠰ ᠲᠠᠢ | ᠪᠠᠨ ᠨᠠᠰᠦ ᠰᠠᠴᠤᠭᠤ ᠬᠦᠮᠦᠨ ᠤ 60 ᠵᠢᠯ ᠤᠨ ᠡᠷᠭᠢᠴᠡᠭᠦᠯᠦᠯ ᠭᠡᠭᠦ 13 ᠲᠦᠮᠡᠨ ᠦᠰᠦᠭ ᠲᠠᠢ ᠨᠠᠮᠲᠠᠷᠴᠢᠯᠠᠭᠰᠠᠨ | ᠵᠤᠬᠢᠶᠠᠯ ᠢ ᠬᠢᠳᠠᠳ ᠢᠶᠠᠷ ᠭᠡᠪᠯᠡᠨ ᠲᠠᠷᠬᠠᠵᠦ᠂ ᠦᠷᠭᠡᠨ ᠳᠡᠯᠭᠡᠷ ᠨᠦᠯᠦᠭᠡ ᠲᠤᠰᠬᠠᠯ ᠢ ᠤᠯᠤᠯ᠎ᠠ᠃ ᠳᠤᠰ ᠨᠤᠮ ᠲᠤ | ᠂ ᠦᠪᠡᠷ ᠤᠨ ᠨᠢᠭᠡ ᠨᠠᠰᠦᠨ ᠤ ᠦᠩᠭᠡᠷᠡᠯᠲᠡ ᠪᠠᠨ ᠲᠡᠷᠡ ᠭᠡᠪ ᠢᠶᠠᠷ ᠲᠤᠰᠬᠠᠵᠦ᠂ ᠲᠡᠭᠦᠨᠴᠢᠯᠡᠨ ᠲᠡᠷᠡᠭᠦ ᠴᠠᠭ ᠦᠶ᠎ᠡ | ᠶᠢᠨ ᠨᠡᠶᠢᠭᠡᠮ᠂ ᠭᠦᠮᠦᠨ ᠤᠷᠴᠢᠨ ᠲᠤᠭᠤᠷᠢᠨ ᠤ ᠪᠠᠶᠢᠳᠠᠯ ᠢ ᠦᠨᠡᠨ ᠢᠶᠠᠷ ᠲᠤᠰᠬᠠᠵᠦ᠂ ᠤᠯᠠᠨ ᠬᠦᠮᠦᠰ ᠤᠨ | ᠦᠨᠲᠦᠷ ᠦᠨᠡᠯᠡᠯᠲᠡ ᠶᠢ ᠤᠯᠤᠭᠰᠠᠨ ᠪᠠᠶᠢᠨ᠎ᠠ᠃ | |