| | | ᠠᠳᠡ ᠦᠭᠦᠡᠯᠬᠦ ᠭᠤᠷᠪᠠᠨ ᠵᠦᠢᠯ ᠤᠨ ᠦᠢᠯᠡ ᠶᠠᠪᠤᠳᠠᠯ ᠤᠨ ᠠᠯᠢ ᠨᠢᠭᠡ ᠶᠢ | ᠭᠦᠢᠴᠡᠳᠭᠡᠭᠰᠡᠨ ᠪᠠᠶᠢᠪᠠᠯ ᠪᠢᠳᠡ ᠲᠡᠭᠦᠨ ᠢ ᠲᠡᠦᠬᠡᠴᠢ ᠶᠢᠨ ᠠᠵᠢᠯ ᠪᠤᠶᠤ ᠲᠡᠦᠬᠡ ᠶᠢᠨ ᠰᠤᠳᠤᠯᠭ᠎ᠠ ᠭᠡᠵᠤ ᠬᠡᠯᠡᠵᠦ | ᠪᠤᠯᠳᠠᠭ᠃ ᠨᠢᠭᠡᠳᠦᠭᠡᠷ ᠵᠦᠢᠯ ᠨᠢ᠂ ᠲᠡᠦᠬᠡ ᠶᠢᠨ ᠮᠠᠲ᠋ᠧᠷᠢᠶᠠᠯ ᠤᠨ ᠲᠠᠯ᠎ᠠ ᠳᠤ ᠰᠢᠨ᠎ᠡ ᠨᠡᠭᠡᠭᠡᠯᠲᠡ ᠬᠢᠬᠦ᠂ ᠵᠢᠱᠢᠶ᠎ᠡ | ᠨᠢ ᠠᠷᠬᠢᠤᠯᠤᠭᠢ ᠶᠢᠨ ᠠᠷᠭ᠎ᠠ ᠬᠡᠯᠪᠡᠷᠢ ᠪᠠᠷ ᠡᠳ᠋ ᠦᠯᠦᠭ ᠤᠨ ᠰᠢᠨ᠎ᠡ ᠪᠠᠷᠢᠮᠲᠠ ᠤᠯᠵᠤ ᠠᠪᠬᠤ ᠪᠤᠶᠤ | ᠨᠢᠭᠤᠴᠠᠯᠠᠭᠳᠠᠵᠤ ᠪᠠᠶᠢᠭᠰᠠᠨ ᠠᠷᠬᠢᠪ ᠤᠨ ᠪᠢᠴᠢᠭ ᠪᠠᠷᠢᠮᠲᠠ ᠶᠢ ᠢᠯᠡᠷᠡᠭᠦᠯᠦᠨ ᠨᠡᠭᠡᠭᠡᠬᠦ ᠶᠠᠪᠤᠳᠠᠯ ᠪᠤᠢ᠃ | ᠬᠤᠶᠠᠳᠤᠭᠠᠷ ᠵᠦᠢᠯ ᠨᠢ᠂ ᠲᠡᠦᠬᠡ ᠶᠢᠨ ᠪᠠᠷᠢᠮᠲᠠ ᠳᠤ ᠦᠪᠡᠷᠮᠢᠴᠡ ᠰᠤᠩᠭᠤᠯᠲᠠ ᠪᠠ ᠦᠪᠡᠷᠮᠢᠴᠡ ᠲᠠᠶᠢᠯᠪᠤᠷᠢᠯᠠᠯ | ᠬᠢᠬᠦ ᠶᠠᠪᠤᠳᠠᠯ ᠪᠤᠢ᠃ ᠭᠤᠷᠪᠠᠳᠤᠭᠠᠷ ᠵᠦᠢᠯ ᠨᠢ᠂ ᠲᠡᠦᠬᠡ ᠪᠢᠴᠢᠬᠦ ᠬᠠᠷᠠᠭᠠᠨ ᠴᠢᠭ᠂ ᠠᠷᠭ᠎ᠠ ᠬᠡᠯᠪᠡᠷᠢ ᠶᠢ | ᠬᠤᠪᠢᠷᠠᠭᠤᠯᠬᠤ ᠶᠠᠪᠤᠳᠠᠯ ᠪᠤᠢ᠃ ᠮᠢᠨᠦ ᠡᠨᠡ ᠪᠠᠭ᠎ᠠ ︽ᠨᠡᠪᠲᠡᠷᠬᠡᠢ ᠲᠡᠦᠬᠡ︾ ᠪᠣᠯ ᠬᠤᠶᠠᠳᠤᠭᠠᠷ ᠵᠦᠢᠯ ᠳᠡᠭᠡᠷ᠎ᠡ᠂ | ᠦᠭᠡᠷ᠎ᠡ ᠪᠠᠷ ᠬᠡᠯᠡᠪᠡᠯ ᠤᠨ ᠳᠠᠷᠠᠭᠠᠯᠠᠭᠰᠠᠨ ᠲᠡᠦᠬᠡ ᠪᠢᠴᠢᠭᠴᠢᠳ ᠪᠦᠬᠦᠨ ᠤ ᠪᠡᠶ᠎ᠡ ᠳᠡᠭᠡᠨ ᠢᠲᠡᠭᠡᠵᠦ ᠪᠤᠯᠬᠤ | ᠨᠠᠭᠠᠲᠤ ᠵᠠᠬ᠎ᠠ ᠶᠢᠨ ᠪᠠᠷᠢᠮᠵᠢᠶ᠎ᠠ ᠳᠡᠭᠡᠷ᠎ᠡ ᠦᠴᠦᠬᠡᠨ ᠤᠯᠤᠯᠲᠠ ᠲᠠᠢ ᠪᠠᠶᠢᠵᠤ ᠮᠠᠭᠠᠳ ᠦᠭᠡᠢ ᠶᠤᠮ᠃ ᠵᠢᠴᠢ | ᠭᠤᠷᠪᠠᠳᠤᠭᠠᠷ ᠵᠦᠢᠯ ᠳᠡᠭᠡᠷ᠎ᠡ᠂ ᠲᠤᠬᠠᠶᠢᠯᠠᠪᠠᠯ ᠲᠡᠦᠬᠡ ᠶᠢᠨ ᠭᠦᠨ ᠤᠬᠠᠭᠠᠨ ᠤ ᠲᠠᠯ᠎ᠠ ᠳᠤ ᠴᠦ᠂ ᠪᠢᠳᠡᠨ ᠤ | ᠲᠡᠦᠬᠡ ᠪᠢᠴᠢᠯᠭᠡ ᠶᠢᠨ ᠦᠪᠡᠷᠮᠢᠴᠡ ᠤᠯᠠᠮᠵᠢᠯᠠᠯ ᠠᠴᠠ ᠰᠢᠯᠲᠠᠭᠠᠯᠠᠵᠤ᠂ ᠮᠢᠨᠦ ᠡᠨᠡ ᠪᠠᠭ᠎ᠠ ︽ᠨᠡᠪᠲᠡᠷᠬᠡᠢ ᠲᠡᠦᠬᠡ︾ | ᠪᠤᠯᠪᠠᠰᠤ ᠠᠷᠤ ᠦᠪᠦᠷ ᠮᠤᠩᠭᠤᠯ ᠳᠤ ᠬᠡᠪᠯᠡᠭᠳᠡᠭᠰᠡᠨ ᠲᠡᠦᠬᠡ ᠶᠢᠨ ᠪᠢᠴᠢᠭ ᠤᠳ ᠠᠴᠠ ᠦᠴᠦᠬᠡᠨ ᠢᠯᠭᠠᠭ᠎ᠠ ᠲᠠᠢ | ᠪᠤᠯᠤᠨ᠎ᠠ᠃ | ᠮᠤᠩᠭᠤᠯᠴᠤᠳ ᠲᠡᠦᠬᠡ ᠶᠢᠨ ᠭᠦᠨ ᠤᠬᠠᠭᠠᠨ ᠤ ᠰᠤᠩᠭᠤᠳᠠᠭ ᠤᠯᠠᠮᠵᠢᠯᠠᠯ ᠲᠠᠢ ᠶᠤᠮ | ᠃ ᠲᠡᠦᠬᠡ ᠶᠢᠨ ᠡᠰᠡᠷᠭᠦᠴᠡᠯᠳᠦᠭᠰᠡᠨ ᠬᠦᠴᠦᠨ ᠨᠦᠭᠦᠳ ᠤᠨ ︽ᠬᠡᠯᠡᠯᠳᠦᠭᠰᠡᠨ︾ ᠢ ᠨᠠᠭᠠᠲᠤ ᠵᠠᠬ᠎ᠠ ᠳᠠᠭᠠᠨ ᠬᠡᠯᠪᠡᠷᠢ | ᠶᠢᠨ ᠬᠤᠪᠢ ᠳᠤ ᠠᠳᠠᠯᠢ ᠲᠡᠭᠰᠢ ᠪᠠᠷ ᠦᠵᠡᠭᠦᠯᠬᠦ ᠭᠡᠰᠡᠨ ᠴᠢᠷᠮᠠᠶᠢᠯᠭ᠎ᠠ ︽ᠮᠤᠩᠭᠤᠯ ᠤᠨ ᠨᠢᠭᠤᠴᠠ ᠲᠤᠪᠴᠢᠶᠠᠨ︾ | ᠠᠴᠠ ᠮᠡᠳᠡᠭᠳᠡᠳᠡᠭ᠃ ᠲᠡᠦᠬᠡ ᠪᠢᠴᠢᠯᠭᠡ ᠶᠢᠨ ᠭᠤᠤᠯ ᠡᠭᠦᠷᠭᠡ ᠪᠣᠯ ᠲᠡᠦᠬᠡ ᠶᠢᠨ ᠬᠡᠷᠡᠭ ᠶᠠᠪᠤᠳᠠᠯ ᠢ ᠬᠡᠯᠪᠡᠶᠢᠭᠦᠦ | ᠦᠭᠡᠢ ᠲᠡᠮᠳᠡᠭᠯᠡᠬᠦ ᠶᠠᠪᠤᠳᠠᠯ ᠭᠡᠵᠤ ︽ᠮᠤᠩᠭᠤᠯ ᠤᠨ ᠨᠢᠭᠤᠴᠠ ᠲᠤᠪᠴᠢᠶᠠᠨ︾ ᠤ ᠵᠤᠬᠢᠶᠠᠭᠴᠢ ᠦᠵᠡᠳᠡᠭ ᠪᠠᠶᠢᠨ᠎ᠠ᠃ | ᠲᠡᠶᠢᠮᠦ ᠴᠦ ᠤᠴᠢᠷ ᠠᠴᠠ ︽ᠮᠤᠩᠭᠤᠯ ᠤᠨ ᠨᠢᠭᠤᠴᠠ ᠲᠤᠪᠴᠢᠶᠠᠨ︾ ᠳᠠᠬᠢ ᠲᠡᠦᠬᠡ ᠶᠢᠨ ᠪᠠᠷᠢᠮᠲᠠ ᠨᠢ᠂ | ᠤᠩᠰᠢᠭᠴᠢ ᠶᠢᠨ᠂ ᠵᠤᠬᠢᠶᠠᠭᠴᠢ ᠶᠢᠨ ᠬᠢ ᠠᠴᠠ ᠤᠨᠳᠤᠤ ᠦᠷᠲᠡᠭ ᠴᠢᠨᠠᠷ ᠤᠨ ᠮᠠᠭᠠᠳᠯᠠᠯ ᠬᠢᠬᠦ ᠳᠤ ᠦᠩᠭᠡᠷᠡᠦ | ᠶᠡᠭᠡ ᠬᠠᠷᠰᠢ ᠪᠤᠯᠳᠠᠭ ᠦᠭᠡᠢ ᠶᠤᠮ᠃ ᠡᠨᠡ ᠲᠠᠯ᠎ᠠ ᠪᠠᠷ ᠮᠤᠩᠭᠤᠯ ᠤᠨ ᠤᠷᠴᠢᠨ ᠦᠶ᠎ᠡ ᠳᠤ ᠪᠢᠴᠢᠭᠳᠡᠭᠰᠡᠨ ᠲᠡᠦᠬᠡ | ᠶᠢᠨ ᠪᠢᠴᠢᠭ ᠤᠳ ᠤᠨ ᠠᠯᠢ ᠨᠢ ᠴᠦ ︽ᠮᠤᠩᠭᠤᠯ ᠤᠨ ᠨᠢᠭᠤᠴᠠ ᠲᠤᠪᠴᠢᠶᠠᠨ︾ ᠳᠤ ᠬᠦᠷᠬᠦ ᠦᠭᠡᠢ ᠪᠢᠯᠡ᠃ | | ᠮᠤᠩᠭᠤᠯ ᠤᠨ ᠲᠡᠦᠬᠡ ᠶᠢᠨ ᠭᠦᠨ ᠤᠬᠠᠭᠠᠨ ᠤ ᠰᠤᠩᠭᠤᠳᠠᠭ ᠴᠢᠭᠯᠡᠯ ᠢ | ᠬᠤᠪᠢᠷᠠᠭᠤᠯᠤᠭᠰᠠᠨ ᠠᠩᠬᠠᠳᠠᠭᠴᠢ ᠬᠦᠴᠦᠨ ᠵᠦᠢᠯ ᠪᠣᠯ ᠳᠡᠯᠡᠬᠡᠢ ᠶᠢᠨ ᠶᠡᠭᠡ ᠱᠠᠱᠢᠨ ᠤ ᠨᠦᠯᠦᠭᠡ ᠶᠤᠮ᠃ ᠢᠰᠯᠠᠮ | ᠤᠨ ᠱᠠᠱᠢᠨ ᠤ ᠨᠦᠯᠦᠭᠡ ᠪᠠᠷ ᠪᠢᠴᠢᠭᠳᠡᠭᠰᠡᠨ ᠲᠡᠦᠬᠡᠨ ᠪᠢᠴᠢᠭ ᠤᠳ ᠲᠤ᠂ ᠮᠤᠩᠭᠤᠯ ᠤᠨ ᠬᠠᠭᠠᠨ ᠤ ᠤᠳᠤᠮ ᠨᠢ | ᠢᠪᠷᠠᠢ ᠶᠢᠨ ᠬᠠᠭᠠᠳ ᠠᠴᠠ ᠦᠨᠳᠦᠰᠦᠯᠡᠭᠰᠡᠨ ᠪᠠᠶᠢᠳᠠᠭ᠃ ᠲᠤᠬᠠᠶᠢᠯᠠᠪᠠᠯ ᠨᠤᠬᠤ ︵Noah︶ ᠶᠢᠨ ᠬᠠᠮ᠂ ᠱᠠᠮ᠂ | ᠶᠠᠫᠠᠰ ᠭᠤᠷᠪᠠᠨ ᠬᠦᠦ ᠶᠢᠨ ᠶᠠᠫᠠᠰ ᠨᠢ ᠬᠤᠶᠢᠲᠤ ᠵᠦᠭ ᠪᠤᠶᠤ ᠵᠠᠭᠦᠨ ᠵᠦᠭ ᠲᠤ ᠨᠡᠭᠦᠭᠰᠡᠨ ᠭᠡᠬᠦ ᠱᠠᠱᠢᠨ ᠤ | ᠰᠤᠳᠤᠷ ︵ᠬᠠᠭᠤᠴᠢᠨ ᠲᠢᠰᠲ᠋ᠠᠮᠢᠨᠲ — ᠺᠤᠷᠠᠨ︶ ᠤᠨ ᠲᠡᠮᠳᠡᠭᠯᠡᠯ ᠳᠤ ᠦᠨᠳᠦᠰᠦᠯᠡᠨ᠂ ᠶᠠᠫᠠᠰ ᠤᠨ ᠳᠤᠯᠤᠭᠠᠨ | ᠬᠦᠦ ᠶᠢ ᠨᠠᠢᠮᠠᠨ ᠬᠦᠦ ᠪᠤᠯᠭᠠᠵᠤ᠂ ᠮᠤᠩᠭᠤᠯ ᠤᠨ ᠬᠠᠭᠠᠨ ᠤ ᠤᠳᠤᠮ ᠢ ᠶᠠᠫᠠᠰ ᠤᠨ ᠶᠡᠭᠡ ᠬᠦᠦ ᠲᠦᠷᠦᠭ ︵ | ᠪᠤᠶᠤ ᠲᠦᠷᠺ︶ ᠠᠴᠠ ᠭᠠᠷᠤᠯ ᠲᠠᠢ ᠭᠡᠵᠤ ᠪᠢᠴᠢᠭᠰᠡᠨ ᠪᠠᠶᠢᠳᠠᠭ᠃ ᠬᠠᠷᠢᠨ ᠪᠦᠳ᠋ᠳ᠋ᠾᠠ ᠶᠢᠨ ᠱᠠᠱᠢᠨ ᠤ ᠨᠦᠯᠦᠭᠡ | ᠪᠠᠷ ᠪᠢᠴᠢᠭᠳᠡᠭᠰᠡᠨ ᠲᠡᠦᠬᠡᠨ ᠪᠢᠴᠢᠭ ᠤᠳ ᠲᠤ᠂ ᠮᠤᠩᠭᠤᠯ ᠤᠨ ᠬᠠᠭᠠᠨ ᠤ ᠤᠳᠤᠮ ᠨᠢ ᠡᠨᠡᠳᠬᠡᠭ ᠲᠦᠪᠡᠳ ᠤᠨ | ᠬᠠᠭᠠᠳ ᠠᠴᠠ ᠦᠨᠳᠦᠰᠦᠯᠡᠭᠰᠡᠨ ᠪᠠᠶᠢᠳᠠᠭ᠃ ᠲᠤᠬᠠᠶᠢᠯᠠᠪᠠᠯ ᠬᠦᠵᠦᠭᠦᠨ ᠰᠠᠨᠳᠠᠯᠢᠲᠤ ᠬᠠᠭᠠᠨ ᠤ ᠵᠢᠷᠭᠤᠳᠤᠭᠠᠷ | ᠪᠤᠶᠤ ᠨᠠᠢᠮᠠᠳᠤᠭᠠᠷ ᠦᠶ᠎ᠡ ᠶᠢᠨ ᠦᠷ᠎ᠡ ᠠᠴᠢ ᠨᠢ ᠪᠦᠷᠳᠡ ᠴᠢᠨᠸ᠎ᠠ ᠭᠡᠵᠤ ᠪᠢᠴᠢᠭᠰᠡᠨ ᠪᠠᠶᠢᠳᠠᠭ᠃ ᠲᠡᠭᠦᠨᠴᠢᠯᠡᠨ ᠡᠨᠡ | ᠬᠤᠶᠠᠷ ᠶᠡᠭᠡ ᠱᠠᠱᠢᠨ ᠤ ᠦᠷᠲᠡᠭ ᠴᠢᠨᠠᠷ ᠤᠨ ᠦᠵᠡᠯ᠂ ᠮᠤᠩᠭᠤᠯ ᠤᠨ ᠲᠡᠦᠬᠡ ᠪᠢᠴᠢᠯᠭᠡ ᠳᠤ ᠨᠡᠩ ᠦᠷᠭᠡᠨ | ᠳᠡᠯᠭᠡᠷᠡᠩᠭᠦᠢ ᠨᠦᠯᠦᠭᠡᠯᠡᠭᠰᠡᠨ ᠪᠠᠶᠢᠳᠠᠭ ᠪᠢᠯᠡ᠃ | ᠮᠤᠩᠭᠤᠯ ᠤᠨ ᠲᠡᠦᠬᠡ ᠪᠢᠴᠢᠯᠭᠡ ᠳᠤ ᠦᠵᠡᠭᠦᠯᠦᠭᠰᠡᠨ ᠬᠢᠲᠠᠳ ᠤᠨ ᠲᠡᠦᠬᠡ ᠶᠢᠨ | ᠭᠦᠨ ᠣᠬᠠᠭᠠᠨ ᠤ ᠨᠦᠯᠦᠭᠡ ᠶᠢ ᠴᠦ ᠤᠮᠳᠤᠭᠠᠶᠢᠯᠠᠵᠤ ᠦᠯᠦ ᠪᠤᠯᠤᠨ᠎ᠠ᠃ ᠡᠶᠢᠮᠦ ᠨᠦᠯᠦᠭᠡ ᠢᠨᠵᠠᠨᠨᠠᠰᠢ᠂ | ᠷᠠᠰᠢᠫᠤᠩᠰᠤᠭ ᠨᠠᠷ ᠤᠨ ᠵᠤᠬᠢᠶᠠᠯ ᠪᠦᠲᠦᠭᠡᠯ ᠳᠤ ᠬᠠᠮᠤᠭ ᠠᠴᠠ ᠲᠤᠳᠤ ᠳᠤᠪᠤᠭᠤᠷ ᠲᠤᠰᠴᠤ ᠲᠡᠦᠬᠡ ᠶᠢᠨ ᠬᠡᠷᠡᠭ | ᠤᠴᠢᠷ ᠢ ᠰᠢᠭᠦᠮᠵᠢᠯᠡᠬᠦ ᠪᠠᠷᠢᠮᠵᠢᠶ᠎ᠠ ᠪᠤᠯᠤᠭᠰᠠᠨ ᠪᠠᠶᠢᠳᠠᠭ᠃ ᠵᠢᠱᠢᠶ᠎ᠡ ᠨᠢ ᠴᠢᠩᠬᠢᠰ ᠬᠠᠭᠠᠨ ᠦᠪᠡᠷ ᠤᠨ ᠡᠵᠡᠨ ᠠᠴᠠ | ᠲᠡᠷᠰᠯᠡᠵᠦ ᠬᠠᠭᠠᠨ ᠰᠠᠭᠤᠷᠢᠨ ᠢ ᠪᠤᠯᠢᠶᠠᠭᠠ ᠦᠭᠡᠢ ᠲᠤᠯᠠ ᠺᠦᠩᠹᠦᠽᠢᠶᠠᠨᠢᠰᠮ ᠤᠨ ᠶᠤᠰᠤ ᠮᠤᠷᠠᠯ ᠤᠨ ᠵᠠᠷᠴᠢᠮ | ᠢᠶᠠᠷ ᠪᠣᠯ ᠬᠢᠲᠠᠳ ᠤᠨ ᠲᠦᠷᠦ ᠨᠡᠭᠡᠭᠡᠭᠰᠡᠨ ᠬᠠᠭᠠᠳ ᠠᠴᠠ ᠡᠷᠬᠢᠮ ᠳᠡᠭᠡᠳᠦ ᠭᠡᠵᠤ ᠦᠵᠡᠳᠡᠭ᠃ | | ᠮᠤᠩᠭᠤᠯᠴᠤᠳ ᠤᠨ ᠡᠳᠦᠭᠡ ᠪᠤᠯᠲᠠᠯ᠎ᠠ ᠪᠢᠴᠢᠭᠳᠡᠭᠰᠡᠨ ᠲᠡᠦᠬᠡ ᠶᠢᠨ ᠪᠢᠴᠢᠭ ᠤᠳ | ᠶᠡᠷᠦᠩᠬᠡᠢ ᠳᠡᠭᠡᠨ ᠡᠷᠬᠡ ᠶᠢᠨ ᠤᠷᠤᠯᠴᠠᠯᠭ᠎ᠠ ᠲᠠᠢ ᠪᠠᠷ ᠪᠢᠴᠢᠭᠳᠡᠭᠰᠡᠨ ᠪᠠᠶᠢᠪᠠᠴᠤ ᠡᠷᠬᠡ ᠳᠤ ᠲᠤᠯᠳᠤᠶᠢᠳᠤᠨ ᠲᠡᠦᠬᠡ | ᠶᠢᠨ ᠬᠡᠷᠡᠭ ᠤᠴᠢᠷ ᠢ ᠰᠠᠨᠠᠭ᠎ᠠ ᠲᠠᠢ ᠭᠤᠶᠢᠪᠢᠭᠤᠯᠵᠦ ᠪᠢᠴᠢᠬᠦ ᠬᠠᠨᠳᠤᠯᠭ᠎ᠠ ᠮᠡᠷᠭᠡᠨ ᠭᠡᠭᠡᠨ ᠤ ︽ᠠᠯᠲᠠᠨ ᠲᠤᠪᠴᠢ︾ | ᠠᠴᠠ ᠡᠬᠢᠯᠡᠵᠦ ᠨᠡᠩ ᠲᠤᠳᠤᠷᠬᠠᠢ ᠮᠡᠳᠡᠭᠳᠡᠭᠰᠡᠨ ᠶᠤᠮ᠃ ᠡᠨᠡ ᠲᠡᠦᠬᠡᠴᠢ ᠫᠠᠷᠠᠭᠮᠠᠲ᠋ᠢᠰᠮ ︵ᠦᠪᠡᠷ ᠲᠡᠭᠡᠨ | ᠬᠡᠷᠡᠭᠯᠡᠭᠦᠯᠬᠦ ᠦᠵᠡᠯ᠂ ᠠᠰᠢᠭᠯᠠᠬᠤ ᠦᠵᠡᠯ︶ ᠤᠨ ᠡᠭᠦᠳᠡᠨ ᠠᠴᠠ ᠦᠭᠯᠢᠭᠡ ᠶᠢᠨ ᠡᠵᠡᠳ ᠲᠤ ᠬᠡᠯᠪᠡᠶᠢᠭᠰᠡᠨ ᠪᠤᠶᠤ | ᠦᠪᠡᠷ ᠤᠨ ᠬᠢᠨᠢ ᠦᠭᠡ ᠪᠠᠷ ᠬᠡᠯᠡᠪᠡᠯ ︽ᠶᠡᠭᠡ ᠬᠦᠮᠦᠨ ᠵᠠᠷᠯᠢᠭ ᠪᠤᠯᠵᠤ ᠳᠤᠷᠠᠳᠤᠭᠰᠠᠨ ᠡᠨᠡ ᠬᠡᠷᠡᠭ ᠢ ᠴᠢᠳᠠᠬᠤᠢ | ᠳᠤᠷ ᠬᠢᠮᠳᠠ ᠪᠤᠰᠤ᠂ ᠳᠠᠪᠠᠭ᠋ᠤᠢ ᠳᠤᠷ ᠪᠠᠰᠠ ᠬᠡᠴᠡᠭᠦᠦ︾ ᠪᠠᠶᠢᠭᠰᠠᠨ ᠠᠴᠠ ᠲᠡᠦᠬᠡ ᠶᠢᠨ ᠦᠢᠯᠡ ᠬᠡᠷᠡᠭ ᠤᠨ ᠵᠠᠷᠢᠮ | ᠢ ᠰᠠᠨᠠᠭ᠎ᠠ ᠲᠠᠢ ᠪᠠᠷ ᠦᠭᠡᠷᠡᠴᠢᠯᠡᠨ ᠪᠢᠴᠢᠵᠠᠢ᠃ | ᠠᠷᠤ᠂ ᠦᠪᠦᠷ ᠮᠤᠩᠭᠤᠯ ᠤᠨ ᠤᠷᠴᠢᠨ ᠦᠶ᠎ᠡ ᠶᠢᠨ ᠲᠡᠦᠬᠡᠨ ᠪᠢᠴᠢᠭ ᠤᠳ ᠪᠣᠯ ᠲᠡᠦᠬᠡ ᠶᠢᠨ ᠪᠠᠷᠢᠮᠲᠠ ᠶᠢ | ᠬᠤᠪᠢᠷᠠᠭᠤᠯᠬᠤ ᠪᠤᠶᠤ ᠬᠠᠯᠬᠠᠯᠠᠬᠤ ᠠᠷᠭ᠎ᠠ ᠪᠠᠷ ᠲᠡᠦᠬᠡᠴᠢ ᠶᠢᠨ ᠦᠷᠲᠡᠭ ᠴᠢᠨᠠᠷ ᠤᠨ ᠮᠠᠭᠠᠳᠯᠠᠯ ᠢ᠂ ᠤᠩᠰᠢᠭᠴᠢᠳ | ᠲᠤ ᠬᠦᠯᠢᠶᠡᠯᠭᠡᠬᠦ ᠭᠡᠵᠤ ᠤᠷᠤᠯᠳᠤᠭᠰᠠᠨ ᠰᠢᠨᠵᠢ ᠪᠠᠷ ᠢᠶᠠᠨ ᠨᠡᠶᠢᠲᠡᠯᠢᠭ ᠪᠠᠶᠢᠳᠠᠭ ᠪᠠ ᠡᠨᠡ ᠨᠢ ᠮᠤᠩᠭᠤᠯ ᠤᠨ | ᠲᠡᠦᠬᠡ ᠪᠢᠴᠢᠯᠭᠡ ᠶᠢᠨ ᠤᠯᠠᠮᠵᠢᠯᠠᠯ ᠳᠤ ᠡᠭᠦᠰᠦᠭᠰᠡᠨ ᠬᠠᠮᠤᠭ ᠤᠨ ᠶᠡᠭᠡ ᠬᠤᠪᠢᠷᠠᠯᠲᠠ ᠶᠤᠮ᠃ | | ᠠᠷᠤ ᠮᠤᠩᠭᠤᠯ ᠳᠤ᠂ ᠮᠤᠩᠭᠤᠯ ᠠᠷᠠᠳ ᠤᠨ ᠬᠤᠪᠢᠰᠬᠠᠯᠲᠤ ᠨᠠᠮ ᠡᠷᠬᠡ ᠪᠠᠷᠢᠵᠤ | ᠪᠠᠶᠢᠭᠰᠠᠨ ᠦᠶ᠎ᠡ ᠶᠢᠨ᠂ ᠵᠠᠰᠠᠭ ᠲᠦᠷᠦ ᠶᠢᠨ ᠲᠠᠯ᠎ᠠ ᠠᠴᠠ ᠬᠢᠭᠰᠡᠨ ᠰᠤᠷᠲᠠᠯ ᠨᠡᠪᠲᠡᠷᠡᠭᠦᠯᠭᠡ ᠪᠠ ᠠᠯᠪᠠᠨ ᠤ | ᠰᠤᠳᠤᠯᠭᠠᠨ ᠤ ᠲᠤᠭᠲᠠᠯᠴᠠᠭ᠎ᠠ ᠨᠢ᠂ ᠮᠤᠩᠭᠤᠯ ᠤᠨ ᠲᠡᠦᠬᠡ ᠶᠢ ᠪᠦ᠊ ᠨᠠ᠊ ᠮᠤ ᠠ᠊ ᠤᠯᠤᠰ ᠤᠨ ᠬᠢᠯᠢ ᠶᠢᠨ ᠱᠤᠭᠤᠮ | ᠤᠨ ᠲᠤᠲᠤᠷ᠎ᠠ ᠬᠢᠵᠠᠭᠠᠷᠯᠠᠵᠤ᠂ ᠴᠢᠨᠠᠭᠰᠢᠯᠠᠪᠠᠯ ᠮᠤᠩᠭᠤᠯ ᠤᠨ ᠬᠡᠰᠡᠭ ᠤᠷᠤᠨ ᠨᠤᠲᠤᠭ ᠤᠨ ᠪᠤᠯᠤᠨ ᠴᠦᠬᠡᠨ | ᠤᠪᠤᠭ ᠶᠠᠰᠤᠨ ᠤ ᠲᠡᠦᠬᠡ ᠶᠢ ᠪᠦᠬᠦ ᠮᠤᠩᠭᠤᠯ ᠤᠨ ᠲᠡᠦᠬᠡ ᠮᠦᠨ ᠭᠡᠵᠤ ᠦᠪᠡᠷ ᠤᠨ ᠠᠷᠠᠳ ᠲᠦᠮᠡᠨ ᠳᠤ | ᠢᠲᠡᠭᠡᠭᠦᠯᠬᠦ ᠶᠢ ᠤᠷᠤᠯᠳᠤᠵᠤ᠂ ᠮᠤᠩᠭᠤᠯ ᠤᠨ ᠵᠤᠩᠬᠢᠯᠠᠬᠤ ᠤᠯᠠᠩᠬᠢ ᠠᠶᠢᠮᠠᠭ ᠶᠠᠰᠤᠲᠠᠨ᠂ ᠮᠤᠩᠭᠤᠯ ᠤᠨ ᠡᠵᠡᠨ | ᠬᠠᠭᠠᠨ ᠤ ᠰᠦᠯᠳᠡ ᠲᠤᠭ᠂ ᠲᠦᠷᠦ ᠶᠢᠨ ᠶᠡᠭᠡ ᠰᠦᠯᠳᠡ᠂ ᠡᠵᠡᠨ ᠬᠠᠭᠠᠨ ᠤ ᠲᠠᠬᠢᠯᠭ᠎ᠠ ᠶᠢᠨ ᠤᠷᠳᠤ᠂ ᠡᠵᠡᠨ | ᠬᠠᠭᠠᠨ ᠤ ᠦᠮᠴᠢ ᠶᠢᠨ ᠢᠷᠭᠡᠨ ᠪᠤᠶᠤ ᠭᠤᠤᠯ ᠤᠨ ᠤᠯᠤᠰ᠂ ᠬᠠᠭᠠᠳ ᠤᠨ ᠰᠢᠷᠡᠭᠡ ᠵᠠᠯᠭᠠᠭᠰᠠᠨ ᠠᠯᠲᠠᠨ ᠤᠷᠤᠭ᠂ | ᠮᠤᠩᠭᠤᠯ ᠤᠨ ᠡᠭᠦᠰᠦᠯ ᠭᠠᠷᠤᠯ ᠤᠨ ᠭᠤᠯᠤᠮᠲᠠ ᠨᠤᠲᠤᠭ᠂ ᠪᠢᠴᠢᠭ ᠤᠨ ᠪᠤᠯᠤᠨ ᠡᠳ᠋ ᠤᠨ ᠰᠤᠶᠤᠯ ᠤᠨ ᠶᠡᠬᠡᠩᠬᠢ | ᠤᠯᠠᠮᠵᠢᠯᠠᠯ ᠪᠦ᠊ ᠨᠠ᠊ ᠮᠤ ᠠ᠊ ᠤᠯᠤᠰ ᠤᠨ ᠬᠢᠯᠢ ᠶᠢᠨ ᠱᠤᠭᠤᠮ ᠤᠨ ᠭᠠᠳᠠᠨ᠎ᠠ ᠪᠠᠶᠢᠭ᠎ᠠ ᠦᠨᠡᠨ ᠢ ᠬᠠᠯᠬᠠᠯᠠᠨ ᠨᠢᠭᠤᠵᠤ | ᠪᠠᠶᠢᠪᠠ᠃ ᠡᠨᠡ ᠨᠢ ᠬᠤᠶᠠᠳᠤᠭᠠᠷ ᠳᠠᠶᠢᠨ ᠤ ᠭᠤᠷᠪᠠᠨ ᠬᠦᠴᠦᠷᠬᠡᠭ ᠤᠨ ᠬᠡᠯᠡᠯᠴᠡᠭᠡᠷ ᠤᠨ ᠲᠤᠭᠲᠠᠭᠠᠯ ᠢᠶᠠᠷ ᠲᠦᠷᠦ | ᠶᠢᠨ ᠡᠷᠬᠡ ᠶᠢᠨ ᠤᠷᠤᠰᠢᠨ ᠲᠤᠭᠲᠠᠨᠢᠬᠤ ᠶᠢᠨ ᠤᠨᠤᠯ ᠤᠨ ᠦᠨᠳᠦᠰᠦᠯᠡᠯ ᠪᠠ ᠪᠠᠲᠤᠯᠠᠭ᠎ᠠ ᠪᠤᠯᠭᠠᠭᠰᠠᠨ ᠶᠠᠪᠤᠳᠠᠯ | ᠶᠤᠮ᠃ ᠭᠡᠲᠡᠯ᠎ᠡ ᠭᠤᠷᠪᠠᠨ ᠬᠦᠴᠦᠷᠬᠡᠭ ᠤᠨ ᠨᠢᠭᠡ ᠪᠤᠯᠬᠤ ᠵᠦᠪᠯᠡᠯᠲᠦ ᠬᠤᠯᠪᠤᠭᠠᠲᠤ ᠤᠯᠤᠰ ᠰᠦᠢᠷᠡᠭᠰᠡᠨ ᠨᠢ | ᠠᠽᠢᠶ᠎ᠠ ᠶᠢᠨ ᠪᠤᠯᠤᠨ ᠵᠡᠭᠦᠨ ᠧᠦ᠋ᠷᠦᠫᠠ ᠶᠢᠨ ᠲᠦᠷᠦ ᠶᠢᠨ ᠡᠷᠬᠡ ᠶᠢᠨ ᠡᠷᠲᠡᠨ ᠤ ᠤᠯᠠᠮᠵᠢᠯᠠᠯ ᠤᠨ ᠬᠦᠴᠦ ᠴᠢᠳᠠᠯ | ᠢ ᠪᠠᠰᠠ ᠨᠢᠭᠡ ᠲᠠᠯ᠎ᠠ ᠠᠴᠠ ᠬᠠᠷᠠᠭᠤᠯᠵᠤ᠂ ᠮᠤᠩᠭᠤᠯ ᠤᠨ ᠲᠦᠷᠦ ᠶᠢᠨ ᠡᠷᠬᠡ ᠶᠢᠨ ᠡᠷᠲᠡᠨ ᠤ ᠤᠯᠠᠮᠵᠢᠯᠠᠯ ᠪᠣᠯ | ᠳᠡᠯᠡᠬᠡᠢ ᠶᠢᠨ ᠲᠤᠭᠲᠠᠯᠴᠠᠭ᠎ᠠ ᠲᠤᠳᠤᠷ᠎ᠠ ᠤᠷᠤᠰᠢᠨ ᠲᠤᠭᠲᠠᠨᠢᠬᠤ ᠶᠢᠨ ᠬᠦᠴᠦᠨ ᠲᠡᠭᠦᠯᠳᠡᠷ ᠪᠦᠭᠡᠳ ᠴᠤᠷ ᠤᠨ | ᠭᠠᠭᠴᠠ ᠦᠨᠳᠦᠰᠦᠯᠡᠯ ᠪᠤᠯᠤᠨ᠎ᠠ ᠭᠡᠳᠡᠭ ᠢ ᠭᠡᠷᠡᠴᠢᠯᠡᠨ ᠦᠵᠡᠭᠦᠯᠦᠭᠰᠡᠨ ᠶᠤᠮ᠃ | ᠠᠷᠠᠳᠴᠢᠯᠠᠯ ᠤᠨ ᠦᠶ᠎ᠡ ᠳᠤ ᠤᠷᠤᠭᠰᠠᠨ ᠠᠴᠠ ᠬᠤᠶᠢᠰᠢ᠂ ᠮᠤᠩᠭᠤᠯ ᠤᠯᠤᠰ ᠤᠨ | ᠤᠳᠠᠭ᠎ᠠ ᠳᠠᠷᠠᠭ᠎ᠠ ᠶᠢᠨ ᠵᠠᠰᠠᠭ ᠤᠨ ᠭᠠᠵᠠᠷ ᠤᠳ ᠠᠨᠤ ᠦᠪᠡᠷ ᠢ ᠪᠠᠨ᠂ ᠮᠤᠩᠭᠤᠯ ᠠᠷᠠᠳ ᠤᠨ ᠬᠤᠪᠢᠰᠬᠠᠯᠲᠤ ᠨᠠᠮ | ᠡᠷᠬᠡ ᠪᠠᠷᠢᠵᠤ ᠪᠠᠶᠢᠭᠰᠠᠨ ᠵᠠᠰᠠᠭ ᠤᠨ ᠭᠠᠵᠠᠷ ᠲᠠᠢ ᠠᠳᠠᠯᠢ ᠦᠭᠡᠢ ᠭᠡᠵᠤ ᠤᠯᠠᠨ ᠲᠠᠯ᠎ᠠ ᠪᠠᠷ ᠲᠤᠳᠤᠷᠬᠠᠶᠢᠯᠠᠵᠤ | ᠪᠠᠶᠢᠭ᠎ᠠ ᠪᠤᠯᠪᠠᠴᠤ ᠮᠤᠩᠭᠤᠯ ᠤᠨ ᠡᠷᠲᠡᠨ ᠤ ᠲᠦᠷᠦ ᠶᠢᠨ ᠦᠷᠭᠦᠯᠵᠢᠯᠡᠯ ᠭᠡᠵᠤ ᠦᠪᠡᠷ ᠢ ᠪᠠᠨ ᠲᠤᠳᠤᠷᠬᠠᠶᠢᠯᠠᠵᠤ | ᠴᠢᠳᠠᠭ᠎ᠠ ᠦᠭᠡᠢ ᠪᠦᠭᠡᠳ ᠡᠶᠢᠮᠦ ᠲᠤᠳᠤᠷᠬᠠᠶᠢᠯᠠᠯᠲᠠ ᠶᠢ ᠬᠢᠬᠦ ᠳᠤ ᠱᠠᠭᠠᠷᠳᠠᠭᠳᠠᠬᠤ ᠨᠠᠭᠠᠲᠤ ᠵᠠᠬ᠎ᠠ ᠶᠢᠨ ᠠᠮᠠᠯᠠᠯᠲᠠ | ᠶᠢ ᠴᠦ ᠦᠭᠴᠦ ᠴᠢᠳᠠᠭ᠎ᠠ ᠦᠭᠡᠢ ᠶᠤᠮ᠃ ᠲᠡᠶᠢᠮᠦ ᠤᠴᠢᠷ ᠠᠴᠠ ︽ᠮᠤᠩᠭᠤᠯ ᠤᠯᠤᠰ︾ ᠤᠨ ᠲᠤᠬᠠᠢ ᠮᠤᠩᠭᠤᠯ | ᠠᠷᠠᠳ ᠤᠨ ᠬᠤᠪᠢᠰᠬᠠᠯᠲᠤ ᠨᠠᠮ ᠤᠨ ᠰᠤᠷᠲᠠᠯᠴᠢᠯᠠᠭᠰᠠᠨ ᠲᠤᠳᠤᠷᠬᠠᠶᠢᠯᠠᠯᠲᠠ ᠶᠢ ︽ᠦᠭᠡ ᠳᠠᠭᠤ ᠦᠭᠡᠢ︾ | ᠵᠦᠪᠰᠢᠶᠡᠷᠡᠵᠦ ᠪᠠᠶᠢᠨ᠎ᠠ ᠭᠡᠰᠡᠨ ᠦᠭᠡ᠃ ᠡᠶᠢᠨᠬᠦ ᠮᠤᠩᠭᠤᠯ ᠤᠯᠤᠰ ᠤᠨ ᠡᠷᠳᠡᠮᠲᠡᠨ ᠰᠤᠳᠤᠯᠤᠭᠴᠢᠳ ᠤᠨ ᠰᠡᠳᠬᠢᠯ | ᠳᠤ ᠤᠯᠤᠰ ᠲᠦᠷᠦ ᠶᠢᠨ ᠡᠷᠬᠡ ᠬᠦᠴᠦᠨ ᠤ ᠪᠠᠷᠠᠭᠠᠨ ᠰᠡᠭᠦᠳᠡᠷ ᠲᠤᠰᠤᠭᠰᠠᠭᠠᠷ ᠪᠠᠶᠢᠭ᠎ᠠ ᠶᠤᠮ᠃ ᠦᠪᠦᠷ ᠮᠤᠩᠭᠤᠯ | ᠤᠨ ᠰᠤᠳᠤᠯᠤᠭᠴᠢᠳ ᠤᠨ ᠵᠤᠬᠢᠶᠠᠯ ᠪᠦᠲᠦᠭᠡᠯ ᠲᠠᠢ ᠬᠠᠷᠢᠴᠠᠭᠤᠯᠪᠠᠯ ᠠᠷᠤ ᠮᠤᠩᠭᠤᠯ ᠤᠨ ᠰᠤᠳᠤᠯᠤᠭᠴᠢᠳ ᠤᠨ | ᠵᠤᠬᠢᠶᠠᠯ ᠪᠦᠲᠦᠭᠡᠯ ᠳᠠᠬᠢ ᠤᠷᠴᠢᠨ ᠦᠶ᠎ᠡ ᠶᠢᠨ ᠤᠯᠤᠰ ᠲᠦᠷᠦ ᠶᠢᠨ ᠨᠦᠯᠦᠭᠡ ᠰᠡᠭᠦᠯ ᠤᠨ ᠦᠶ᠎ᠡ ᠳᠤ ᠨᠡᠯᠢᠶᠡᠳ | ᠨᠢᠭᠤᠴᠠᠯᠢᠭ ᠪᠤᠯᠤᠭᠰᠠᠨ ᠲᠤᠯᠠ ᠬᠡᠯᠡᠯᠭᠡ ᠶᠢᠨ ᠨᠠᠷᠢᠨ ᠪᠦᠲᠦᠴᠡ ᠳᠤ ᠵᠠᠳᠠᠯᠤᠯᠲᠠ ᠶᠢ ᠬᠢᠵᠦ ᠴᠢᠳᠠᠬᠤ ᠦᠭᠡᠢ ᠪᠣᠯ | ᠤᠭ ᠤᠳᠬ᠎ᠠ ᠴᠢᠨᠠᠷ ᠢ ᠨᠢ ᠤᠯᠵᠤ ᠬᠠᠷᠠᠬᠤ ᠳᠤ ᠪᠡᠷᠬᠡᠲᠡᠢ ᠪᠠᠶᠢᠳᠠᠭ ᠪᠢᠯᠡ᠃ | ᠬᠠᠷᠢᠨ ᠦᠪᠦᠷ ᠮᠤᠩᠭᠤᠯ ᠤᠨ ᠲᠡᠦᠬᠡ ᠪᠢᠴᠢᠯᠭᠡ ᠪᠣᠯ ᠶᠠᠷᠦᠩᠬᠡᠢ ᠳᠡᠭᠡᠨ᠂ ᠮᠤᠩᠭᠤᠯ | ᠤᠨ ᠪᠡᠶ᠎ᠡ ᠪᠠᠨ ᠳᠠᠭᠠᠭᠠᠭᠰᠠᠨ ᠤᠯᠠᠮᠵᠢᠯᠠᠯ ᠢ ᠰᠢᠭᠤᠳ ᠦᠭᠡᠶᠢᠰᠭᠡᠬᠦ ᠵᠤᠷᠢᠯᠲᠠ ᠶᠢ ᠲᠠᠯᠪᠢᠭᠰᠠᠨ ᠪᠠᠶᠢᠨ᠎ᠠ᠃ ᠠᠷᠭ᠎ᠠ | ᠵᠦᠢ ᠶᠢᠨ ᠲᠠᠯ᠎ᠠ ᠳᠤ᠂ ᠲᠡᠦᠬᠡ ᠶᠢᠨ ᠪᠠᠷᠢᠮᠲᠠ ᠶᠢᠨ ᠳᠤᠮᠳᠠ ᠠᠴᠠ ᠵᠦᠪᠬᠡᠨ ᠪᠡᠯᠡᠨ ᠲᠤᠭᠲᠠᠯᠴᠠᠭ᠎ᠠ ᠶᠢ ᠵᠦᠪᠲᠦᠭᠡᠨ | ᠨᠤᠲᠠᠯᠠᠬᠤ ᠳᠤ ᠬᠡᠷᠡᠭ ᠲᠠᠢ ᠶᠢ ᠰᠤᠩᠭᠤᠵᠤ ᠬᠡᠷᠡᠭ ᠦᠭᠡᠢ ᠶᠢ ᠤᠷᠬᠢᠬᠤ᠂ ᠡᠷᠲᠡᠨ ᠤ ᠤᠯᠠᠨ ᠤᠭᠰᠠᠭ᠎ᠠ ᠶᠠᠰᠤᠲᠠᠳ | ᠢ ᠲᠡᠷᠡ ᠦᠶ᠎ᠡ ᠳᠡᠭᠡᠨ ᠠᠮᠢᠳᠤᠷᠠᠵᠤ ᠪᠠᠶᠢᠭᠠᠳ ᠮᠦᠬᠦᠨ ᠰᠦᠨᠦᠭᠰᠡᠨ ᠭᠡᠵᠤ ᠲᠤᠳᠤᠷᠬᠠᠶᠢᠯᠠᠵᠤ ᠤᠳᠤᠮ ᠤᠨ ᠪᠠ | ᠰᠤᠶᠤᠯ ᠤᠨ ᠤᠯᠠᠮᠵᠢᠯᠠᠯ ᠢ ᠦᠭᠡᠶᠢᠰᠭᠡᠬᠦ᠂ ᠤᠷᠴᠢᠨ ᠦᠶ᠎ᠡ ᠶᠢᠨ ᠬᠤᠪᠢᠷᠠᠯᠲᠠ ᠳᠤ ᠤᠯᠠᠮᠵᠢᠯᠠᠯ ᠤᠨ ᠤᠳᠬ᠎ᠠ | ᠴᠢᠨᠠᠷ ᠤᠯᠭᠤᠬᠤ ᠶᠢᠨ ᠲᠦᠯᠦᠭᠡ ᠬᠤᠪᠢᠷᠠᠯᠲᠠ ᠶᠢᠨ ᠴᠠᠭ ᠦᠶ᠎ᠡ ᠶᠢ ᠡᠮᠦᠨᠡᠰᠢᠯᠡᠭᠦᠯᠵᠦ ᠪᠢᠴᠢᠬᠦ ᠭᠡᠬᠦ ᠮᠡᠲᠦ ᠶᠢᠨ | ᠪᠤᠳᠠᠳᠤ ᠠᠷᠭ᠎ᠠ ᠵᠠᠷᠴᠢᠮ ᠲᠠᠢ ᠪᠠᠶᠢᠳᠠᠭ᠃ | ᠮᠤᠩᠭᠤᠯ ᠤᠨ ᠲᠡᠦᠬᠡ ᠶᠢᠨ ᠭᠦᠨ ᠤᠬᠠᠭᠠᠨ ᠤ ᠤᠯᠠᠮᠵᠢᠯᠠᠯ ᠤᠨ ᠳᠤᠮᠳᠠ ᠲᠠᠯᠪᠢᠵᠤ | ᠦᠵᠡᠪᠡᠯ᠂ ᠵᠢᠴᠢ ᠲᠡᠦᠬᠡ ᠶᠢᠨ ᠪᠠᠷᠢᠮᠲᠠ ᠶᠢ ᠲᠠᠶᠢᠯᠪᠤᠷᠢᠯᠠᠬᠤ ᠲᠠᠯ᠎ᠠ ᠪᠠᠷ ᠬᠢ ᠤᠷᠴᠢᠨ ᠦᠶ᠎ᠡ ᠶᠢᠨ ᠺᠤᠨᠲ᠋ᠧᠺᠰᠲ | ᠤᠨ ᠳᠤᠮᠳᠠ ᠲᠠᠯᠪᠢᠵᠤ ᠦᠵᠡᠪᠡᠯ᠂ ᠪᠢᠳᠡᠨ ᠤ ᠡᠨᠡ ᠪᠠᠭ᠎ᠠ ︽ᠨᠡᠪᠲᠡᠷᠬᠡᠢ ᠲᠡᠦᠬᠡ︾ ᠦᠪᠡᠷ ᠤᠨ ᠢᠶᠠᠨ ᠨᠢᠭᠡ | ᠦᠴᠦᠬᠡᠨ ᠤᠷᠤᠨ ᠪᠠᠶᠢᠷᠢ ᠶᠢ ᠤᠯᠵᠤ ᠨᠢᠭᠡᠨ ᠬᠡᠮᠵᠢᠶᠡᠨ ᠳᠤ ᠦᠨᠡᠯᠡᠭᠳᠡᠨᠡ ᠭᠡᠳᠡᠭ ᠲᠤ ᠢᠲᠡᠭᠡᠵᠦ ᠪᠤᠯᠤᠨ᠎ᠠ᠃ | | ᠪᠢᠳᠡᠨ ᠤ ᠡᠨᠡ ︽ᠨᠡᠪᠲᠡᠷᠬᠡᠢ ᠲᠡᠦᠬᠡ︾ ᠶᠢᠨ ᠪᠠᠰᠠ ᠨᠢᠭᠡ ᠤᠨᠴᠠᠯᠢᠭ ᠪᠣᠯ᠂ | ᠳᠡᠯᠭᠡᠷᠡᠩᠭᠦᠢ ᠤᠩᠰᠢᠭᠤᠯᠬᠤ ᠳᠤ ᠵᠤᠷᠢᠭᠤᠯᠤᠭᠰᠠᠨ ᠪᠤᠯᠬᠤᠷ ᠪᠢᠴᠢᠯᠭᠡ ᠨᠢ ᠬᠢᠯᠪᠠᠷ ᠤᠶᠢᠯᠠᠭᠠᠮᠵᠢᠲᠠᠢ᠂ ᠡᠷᠳᠡᠮ | ᠰᠢᠨᠵᠢᠯᠡᠭᠡᠨ ᠤ ᠨᠡᠷ᠎ᠡ ᠲᠤᠮᠢᠶ᠎ᠡ ᠶᠢ ᠠᠯᠢ ᠴᠢᠳᠠᠬᠤ ᠪᠠᠷ ᠬᠡᠷᠡᠭᠯᠡᠭᠰᠡᠨ ᠦᠭᠡᠢ᠃ ᠵᠦᠪᠬᠡᠨ ᠠᠷᠬᠢᠤᠯᠤᠬᠢ ᠶᠢᠨ ︽ | ᠰᠤᠶᠤᠯ︾ ᠭᠡᠬᠦ ᠮᠡᠲᠦ ᠶᠢᠨ ᠴᠦᠬᠡᠨ ᠤᠬᠠᠭᠳᠠᠬᠤᠨ ᠢ ᠬᠡᠷᠡᠭᠯᠡᠪᠡ᠃ ᠵᠢᠱᠢᠶ᠎ᠡ ᠨᠢ ᠶᠠᠫᠤᠨ ᠤ ᠠᠷᠬᠢᠤᠯᠤᠭᠢᠴᠢᠳ ᠤᠨ | ᠨᠡᠷᠡᠶᠢᠳᠦᠭᠰᠡᠨ ︽ᠤᠯᠠᠭᠠᠨ ᠬᠠᠳᠠ ᠶᠢᠨ ᠰᠤᠶᠤᠯ︾ ᠭᠡᠬᠦ ᠤᠬᠠᠭᠳᠠᠬᠤᠨ ᠪᠤᠢ᠃ ᠠᠳᠡ ︽ᠰᠤᠶᠤᠯ︾ ᠭᠡᠳᠡᠭ ᠪᠣᠯ | ︽ᠦᠨᠳᠦᠰᠦ︾᠂ ︽ᠤᠭᠰᠠᠭ᠎ᠠ︾ ᠭᠡᠰᠡᠨ ᠤᠳᠬ᠎ᠠ ᠲᠠᠢ ᠬᠠᠮᠢᠶ᠎ᠠ ᠦᠭᠡᠢ᠂ ᠵᠦᠪᠬᠡᠨ ᠠᠷᠬᠢᠤᠯᠤᠭᠢ ᠶᠢᠨ ᠡᠳ᠋ | ᠦᠯᠦᠭ ᠤᠨ ᠴᠤᠭᠯᠠᠷᠠᠯ ᠤᠨ ᠦᠪᠡᠷᠮᠢᠴᠡ ᠨᠢᠭᠡ ᠬᠡᠪᠰᠢᠯ ᠢ ᠨᠡᠷᠡᠯᠡᠭᠰᠡᠨ ᠦᠭᠡ ᠶᠤᠮ᠃ ᠵᠢᠱᠢᠶ᠎ᠡ ᠨᠢ ᠨᠢᠭᠡᠨ | ᠪᠤᠯᠠᠰᠢᠨ ᠤ ᠪᠤᠶᠤ ᠨᠢᠭᠡᠨ ᠤᠷᠤᠨ ᠪᠦᠰᠡ ᠶᠢᠨ ᠤᠯᠳᠠᠪᠤᠷᠢ ᠳᠤ ᠰᠠᠭᠤᠯᠠᠭᠠᠨ ᠬᠦᠨᠦᠭ᠂ ᠬᠤᠯᠬᠢᠶᠠ ᠬᠡ ᠪᠠ ᠬᠠᠰ | ᠡᠳ᠋ᠯᠡᠯ ᠤᠨ ᠵᠠᠷᠢᠮ ᠤᠨᠴᠠᠯᠢᠭ ᠬᠠᠮᠲᠤ ᠢᠯᠡᠷᠡᠭᠰᠡᠨ ᠪᠠᠶᠢᠪᠠᠯ ︽ᠤᠯᠠᠭᠠᠨ ᠬᠠᠳᠠ ᠶᠢᠨ ᠰᠤᠶᠤᠯ︾ ᠭᠡᠬᠦ ᠪᠤᠶᠤ ︽ | ᠤᠯᠠᠭᠠᠨ ᠬᠠᠳᠠ ᠮᠠᠶ᠋ᠢᠭ ᠤᠨ ᠴᠤᠭᠯᠠᠷᠠᠯ︾ ᠭᠡᠵᠤ ᠨᠡᠷᠡᠶᠢᠳᠴᠦ ᠪᠤᠯᠤᠨ᠎ᠠ᠃ | ᠡᠨᠡ ᠤᠳᠠᠭᠠᠨ ᠤ ᠲᠦᠰᠦᠪ ᠲᠦᠯᠦᠪᠯᠡᠭᠡᠨ ᠳᠤ ᠬᠠᠭᠤᠳᠠᠰᠤᠨ ᠤ ᠬᠢᠵᠠᠭᠠᠷ ᠪᠠᠶᠢᠬᠤ | ᠲᠤᠯᠠ ᠡᠨᠡ ︽ᠨᠠᠪᠲᠡᠷᠬᠡᠢ ᠲᠡᠦᠬᠡ︾ ᠶᠢ ᠨᠡᠩ ᠳᠡᠯᠭᠡᠷᠡᠩᠭᠦᠢ ᠪᠢᠴᠢᠬᠦ ᠪᠤᠯᠤᠮᠵᠢ ᠦᠭᠡᠢ᠃ ᠮᠤᠩᠭᠤᠯ ᠤᠨ ᠲᠡᠦᠬᠡ | ᠶᠢ ᠨᠠᠷᠢᠨ ᠳᠡᠯᠭᠡᠷᠡᠩᠭᠦᠢ ᠤᠩᠰᠢᠬᠤ ᠬᠦᠰᠡᠯ ᠲᠠᠢ ᠬᠦᠮᠦᠰ ᠪᠢᠳᠡᠨ ᠤ ᠳᠠᠷᠠᠭᠠᠴᠢ ᠪᠠᠷ ᠬᠡᠪᠯᠡᠭᠦᠯᠬᠦ ︽ᠮᠤᠩᠭᠤᠯ ᠤᠨ | ᠰᠤᠶᠤᠯ ᠢᠷᠭᠡᠨᠰᠢᠯ ᠤᠨ ᠲᠡᠦᠬᠡ︾ ᠬᠡᠮᠡᠬᠦ ᠨᠢᠭᠡᠨ ᠰᠡᠳᠦᠪᠲᠦ ᠨᠤᠮ ᠳᠤ ᠠᠩᠬᠠᠷᠤᠯ ᠢᠶᠠᠨ ᠬᠠᠨᠳᠤᠭᠤᠯᠤᠨ᠎ᠠ ᠦᠦ | ᠭᠡᠵᠤ ᠬᠦᠰᠡᠪᠡ᠃ | | ᠸ᠊ · ᠰᠠᠶᠢᠨᠴᠤᠭᠲᠤ | | ᠰᠢᠷᠠᠭᠴᠢᠨ ᠦᠬᠡᠷ ᠵᠢᠯ ᠤᠨ ᠴᠠᠭᠠᠨ ᠰᠠᠷ᠎ᠠ ᠶᠢᠨ ᠰᠢᠨ᠎ᠡ ᠶᠢᠨ ᠬᠤᠶᠠᠷ ᠲᠤ ᠬᠦᠬᠡ ᠬᠤᠲᠠ ᠳᠤ ᠪᠢᠴᠢᠪᠠ᠃ | | | | |