ᠡᠪᠤᠯ ᠤᠨ ᠬᠦᠢᠳᠠᠨ ᠠᠴᠠ ᠢᠯᠡᠬᠦᠦ ᠰᠡᠳᠬᠢᠯ ᠬᠦᠷᠦᠬᠦ ᠬᠡᠭᠴᠢ
ᠨᠡᠶᠢᠲᠡᠯᠡᠭᠰᠡᠨ ᠴᠠᠭ᠄
2011/11/30
      ᠡᠪᠤᠯ ᠤᠨ ᠰᠦᠨᠢ ᠬᠡᠷ ᠲᠤ ᠪᠠᠨ ᠬᠠᠷᠢᠬᠤ ᠳᠤ ᠵᠢᠪᠡᠬᠦᠨ ᠰᠠᠯᠬᠢᠨ ᠰᠡᠷᠴᠢᠬᠢᠨᠡᠵᠤ ᠪᠡᠶ᠎ᠡ ᠳᠠᠭᠵᠢᠨ ᠴᠡᠴᠡᠷᠬᠢᠯᠡᠨ᠎ᠡ᠃ ᠬᠡᠳᠡᠯ᠎ᠡ ᠡᠳᠦᠷ ᠤᠨ ᠶᠠᠪᠤᠳᠠᠯ ᠢ ᠪᠤᠳᠤᠪᠠᠯ ᠰᠡᠳᠬᠢᠯ ᠬᠦᠷᠳᠡᠯ᠎ᠡ ᠳᠠᠭᠵᠢᠨ ᠴᠡᠴᠡᠷᠬᠢᠯᠡᠬᠦ ᠶᠢ ᠶᠠᠭᠠᠬᠢᠬᠤ ᠪᠢᠯᠡ ᠁       ᠦᠷᠯᠦᠬᠡ ᠪᠢ ᠠᠪᠤ ᠳᠠᠭᠠᠨ ᠦᠶ᠎ᠡ ᠬᠡᠰᠢᠬᠦᠨ ᠤ ᠡᠮ ᠠᠪᠬᠤ ᠪᠠᠷ ᠡᠮᠨᠡᠯᠬᠡ ᠵᠤᠷᠢᠯ᠎ᠠ᠃ ᠰᠤᠮᠤ ᠶᠢᠨ ᠡᠮᠨᠡᠯᠬᠡ  ᠶᠢᠨ ᠬᠤᠷᠢᠶ᠎ᠠ ᠮᠠᠨ ᠤ ᠬᠡᠷ ᠠᠴᠠ ᠳᠡᠮᠡᠢ ᠬᠤᠯᠠ ᠦᠭᠡᠢ ᠪᠠᠶᠢᠷᠢᠯᠠᠳᠠᠭ ᠶᠤᠮ᠃ ᠡᠮᠨᠡᠯᠬᠡ ᠶᠢᠨ ᠬᠤᠷᠢᠶ᠎ᠠ ᠬᠦᠷᠬᠦ ᠳᠤ ᠡᠬᠦᠳᠡᠨ ᠳᠡᠬᠡᠷ᠎ᠡ ᠨᠢ ᠳᠡᠯᠬᠡᠷ ᠡᠮᠡᠭᠡ ᠬᠦᠯᠢᠶᠡᠵᠤ ᠪᠠᠶᠢᠯ᠎ᠠ᠃ ᠬᠠᠷᠠᠪᠠᠯ ᠰᠤᠮᠤ ᠶᠢᠨ ᠡᠮᠨᠡᠯᠬᠡ ᠡᠬᠦᠳᠡ ᠪᠠᠨ ᠨᠡᠬᠡᠬᠡ ᠦᠭᠡᠢ ᠪᠠᠶᠢᠬᠤ ᠠᠵᠠᠢ᠃       ᠳᠡᠯᠬᠡᠷ ᠡᠮᠡᠭᠡ ᠴᠢᠷᠠᠢ ᠮᠠᠭᠤ ᠵᠤᠭᠰᠤᠵᠤ ᠪᠠᠶᠢᠬᠤ ᠶᠢ ᠦᠵᠡᠬᠡᠳ ᠪᠢ᠄ ︽ᠡᠮᠡᠭᠡ ᠡ᠂ ᠲᠠ ᠬᠡᠳᠦᠢ ᠡᠷᠳᠡ ᠢᠷᠡᠴᠢᠬᠡᠭᠰᠠᠨ ᠶᠤᠮ︖ ᠬᠡᠨ ᠳᠤ ᠡᠮ ᠠᠪᠬᠤ ᠬᠡᠵᠤ ᠪᠠᠶᠢᠬᠤ ᠪᠤᠢ︖︾ ᠬᠡᠵᠤ ᠰᠤᠨᠢᠭᠤᠴᠢᠯᠠᠨ ᠠᠰᠠᠭᠤᠪᠠ᠃       ᠳᠡᠯᠬᠡᠷ ᠡᠮᠡᠭᠡ᠄ ︽ᠦ᠂ ᠮᠢᠨᠤ ᠮᠠᠭᠤ ᠦᠬᠢᠨ ᠪᠠᠶᠢᠭᠰᠠᠨ ᠶᠤᠮ ᠤᠤ︖ ᠡᠮᠡᠭᠡ ᠶᠢᠨ ᠬᠢᠨᠢ ᠨᠢᠳᠦ ᠬᠡᠵᠤ ᠡ᠂ ᠴᠢᠮ᠎ᠠ ᠶᠢ ᠬᠤᠯᠠ ᠠᠴᠠ ᠦᠵᠡᠬᠡᠳ ᠳᠠᠨᠢᠭᠰᠠᠨ ᠦᠭᠡᠢ ᠡᠮᠡᠭᠡ ᠨᠢ ᠦᠪᠡᠷ ᠤᠨ ᠵᠢᠨᠦᠭ ᠪᠡᠶ᠎ᠡ ᠳᠤ ᠪᠠᠨ ᠡᠮ ᠠᠪᠤᠶ᠎ᠠ ᠬᠡᠰᠡᠨ ᠶᠤᠮ ᠡ ᠬᠡᠵᠤ ᠳᠤᠤᠷ᠎ᠠ ᠳᠠᠭᠤ ᠪᠠᠷ ᠬᠠᠷᠢᠭᠤᠯᠤᠯ᠎ᠠ᠃ ᠬᠠᠷᠠᠪᠠᠰᠤ ᠡᠮᠡᠭᠡ ᠶᠢᠨ ᠴᠢᠷᠠᠢ ᠬᠤᠵᠠᠶᠢᠵᠤ ᠦᠬᠡ ᠬᠡᠯᠡᠬᠦ ᠳᠤ ᠪᠠᠨ ᠴᠦ ᠬᠦᠴᠢᠷᠳᠡᠵᠤ ᠪᠠᠶᠢᠬᠤ ᠪᠤᠯᠤᠯᠳᠠᠢ᠃       ᠪᠢ᠄ ︽ᠰᠦᠬᠡ ᠠᠬ᠎ᠠ ᠬᠡᠷ ᠲᠤ ᠪᠠᠨ ᠪᠠᠶᠢᠭ᠎ᠠ ᠪᠢᠰᠢ ᠤᠤ︖ ᠲᠠ ᠦᠪᠡᠷᠳᠡᠬᠡᠨ ᠢᠷᠡᠬᠡᠳ ᠶᠠᠭᠤ ᠬᠢᠬᠦ ᠪᠤᠢ︖︾ ᠬᠡᠵᠤ ᠤᠬᠤᠴᠢᠯᠠᠪᠠᠯ ᠳᠡᠯᠬᠡᠷ ᠡᠮᠡᠭᠡ ᠠᠷᠭ᠎ᠠ ᠦᠭᠡᠢ ᠬᠠᠷᠠᠴᠠ ᠪᠠᠷ ᠨᠠᠮ᠎ᠠ ᠶᠢ ᠰᠢᠷᠳᠡᠭᠰᠠᠨ ᠢᠶᠠᠨ ᠶᠠᠭᠤ ᠴᠦ ᠳᠤᠤᠭᠠᠷᠠᠭᠰᠠᠨ ᠦᠭᠡᠢ᠃ ᠪᠢ ᠠᠷᠠᠢ ᠳᠤᠮᠤᠭ᠎ᠠ ᠦᠭᠡᠢ ᠠᠰᠠᠭᠤᠭᠰᠠᠨ ᠳᠠᠭᠠᠨ ᠢᠴᠢᠬᠦ‍ ᠰᠢᠭ ᠪᠤᠯᠤᠯ᠎ᠠ᠃       ᠡᠮᠨᠡᠯᠬᠡ ᠳᠦᠳᠡᠯ ᠦᠭᠡᠢ ᠡᠬᠦᠳᠡ ᠪᠠᠨ ᠨᠡᠬᠡᠬᠡᠵᠠᠢ᠃ ᠡᠮ ᠪᠠᠨ ᠠᠪᠤᠭᠰᠠᠨ ᠤ ᠳᠠᠷᠠᠭ᠎ᠠ ᠪᠢ ᠳᠡᠯᠬᠡᠷ ᠡᠮᠡᠭᠡ  ᠶᠢ ᠬᠦᠷᠬᠡᠵᠤ ᠦᠭᠬᠦ ᠪᠠᠷ ᠪᠤᠯᠪᠠ᠃ ᠰᠤᠮᠤ ᠶᠢᠨ ᠳᠦᠪ ᠤᠨ ᠭᠤᠳᠤᠮᠵᠢ ᠬᠠᠯᠳᠤᠷᠢᠭ᠎ᠠ ᠶᠡᠬᠡᠳᠠᠢ᠂ ᠳᠡᠬᠦᠨᠴᠢᠯᠡᠨ ᠡᠨᠡ ᠬᠦᠢᠳᠡᠨ ᠡᠳᠦᠷ ᠡᠮᠡᠭᠡ ᠶᠢ ᠭᠠᠭᠴᠠᠭᠠᠷ ᠶᠠᠪᠤᠵᠤ ᠪᠠᠶᠢᠬᠤ ᠶᠢ ᠬᠠᠷᠠᠭᠠᠳ ᠳᠦᠷᠦᠬᠦᠯᠡᠨ ᠶᠠᠪᠤᠵᠤ ᠴᠢᠳᠠᠭᠰᠠᠨ ᠦᠭᠡᠢ᠃ ᠵᠠᠮ ᠳᠤᠵᠢ ᠡᠮᠡᠭᠡ ᠲᠠᠢ ᠶᠠᠭᠤ ᠨᠢᠬᠡ ᠶᠢ ᠶᠠᠷᠢᠵᠤ ᠱᠤᠯᠤᠩᠨᠠᠬᠤ ᠪᠠᠷ ᠡᠮᠡᠭᠡ ᠴᠦ ᠰᠡᠳᠬᠢᠯ ᠳᠡᠨᠢᠬᠦᠨ ᠮᠦᠰᠢᠶᠡᠵᠤ ᠪᠠᠶᠢᠯ᠎ᠠ᠃ ᠬᠡᠳᠡᠯ᠎ᠡ ᠳᠡᠯᠬᠡᠷ ᠡᠮᠡᠭᠡ ᠶᠢᠨ ᠬᠡᠷ ᠤᠶᠢᠷᠠᠳᠬᠤ ᠳᠤ ᠬᠡᠨ ᠪᠤᠯᠬᠤ ᠶᠢ ᠪᠤᠤ ᠮᠡᠳᠡ ᠶᠡᠭᠡ ᠯᠠ ᠤᠯᠠᠨ ᠬᠦᠮᠦᠰ ᠬᠡᠷ ᠲᠤᠨᠢ ᠪᠠᠶᠢᠬᠤ ᠰᠢᠭ ᠪᠠᠷᠬᠢᠯᠳᠤᠵᠤ ᠪᠠᠶᠢᠪᠠ᠃ ᠪᠠᠶᠢᠰᠢᠩ ᠳᠤᠨᠢ ᠤᠷᠤᠬᠤ ᠳᠤ ᠪᠠᠷᠠᠭᠤᠨ ᠦᠷᠦᠬᠡᠨ  ᠳᠤᠨᠢ ᠬᠡᠳᠦᠨ ᠬᠦᠮᠦᠨ ᠵᠤᠭᠤᠰ ᠨᠠᠭᠠᠳᠴᠤ ᠪᠤᠢ ᠪᠤᠯᠤᠯᠳᠠᠢ ᠬᠢᠳᠠᠳ ᠮᠤᠩᠭᠤᠯ ᠢ ᠬᠤᠯᠢᠨ ᠬᠠᠷᠢᠶᠠᠯ ᠢᠷᠦᠬᠡᠯ ᠳᠠᠯᠪᠢᠨ ᠦᠢᠮᠡᠵᠤ ᠪᠠᠶᠢᠯ᠎ᠠ᠃ ᠳᠡᠯᠬᠡᠷ ᠡᠮᠡᠭᠡ ᠶᠢ ᠰᠢᠷᠳᠡᠬᠦ ᠳᠤ ᠡᠮᠡᠭᠡ ᠬᠠᠰᠢᠷᠠᠵᠤ ᠮᠤᠬᠤᠭᠰᠠᠨ ᠶᠠᠩᠵᠤ ᠲᠠᠢ ᠳᠤᠯᠤᠭᠠᠢ ᠰᠡᠭᠰᠦᠷᠡᠨ ᠬᠤᠶᠢᠳᠦ ᠬᠡᠷ ᠲᠤ ᠪᠠᠨ ᠤᠷᠤᠵᠤ ᠬᠦᠢᠳᠡᠨ ᠤᠰᠤ ᠪᠠᠷ ᠡᠮ ᠪᠠᠨ ᠳᠠᠷᠤᠭᠤᠯᠵᠤ ᠤᠤᠭᠤᠯ᠎ᠠ᠃       ᠪᠢ ᠦᠪᠡᠷ ᠤᠨ ᠰᠤᠨᠢᠭᠤᠴᠢ ᠰᠡᠳᠬᠢᠯ ᠢᠶᠠᠨ ᠳᠠᠷᠤᠵᠤ ᠶᠠᠳᠠᠨ᠄ ︽ᠡᠳᠡᠬᠡᠷ ᠨᠢ ᠶᠠᠭᠤᠨ ᠤ ᠬᠦᠮᠦᠨ ᠪᠤᠢ︖︾ ᠬᠡᠳ ᠠᠰᠠᠭᠤᠴᠢᠬᠠᠯ᠎ᠠ᠃       ᠳᠡᠯᠬᠡᠷ ᠡᠮᠡᠭᠡ᠄ ︽ᠰᠦᠬᠡ ᠶᠢᠨ ᠵᠤᠭᠤᠰ ᠲᠠᠢ ᠮᠠᠵᠢᠶᠠᠩ ᠤᠨ ᠬᠢᠨᠢ ᠴᠢᠳᠬᠦᠷ ᠤᠳ ᠰᠢᠳᠡ᠂ ᠬᠦᠬᠡᠬᠡᠳ ᠬᠦᠬᠡᠬᠡᠳ ᠶᠠᠪᠤᠬᠤ ᠴᠦ ᠦᠭᠡᠢ ᠁︾ ᠬᠡᠵᠤ ᠠᠷᠭ᠎ᠠ ᠪᠠᠨ ᠪᠠᠷᠠᠭᠰᠠᠨ ᠪᠠᠶᠢᠷᠢ ᠲᠠᠢ ᠦᠬᠦᠯᠡᠨ᠎ᠡ᠃ ᠡᠬᠦᠨ ᠢ ᠰᠤᠨᠤᠰᠤᠭᠠᠳ ᠦᠪᠡᠷ ᠤᠨ ᠡᠷᠬᠡ ᠦᠭᠡᠢ ᠳᠡᠯᠬᠡᠷ ᠡᠮᠡᠭᠡ ᠶᠢ ᠦᠷᠦ ᠡᠪᠡᠳᠪᠡ᠃ ᠳᠡᠯᠬᠡᠷ ᠡᠮᠡᠭᠡ ᠡᠨᠡ ᠵᠢᠯ ᠳᠠᠯᠠ ᠭᠠᠷᠤᠭᠰᠠᠨ ᠪᠦᠬᠡᠳ ᠵᠢᠷᠦᠬᠡᠨ ᠤ ᠬᠠᠭᠤᠴᠢᠨ ᠲᠠᠢ᠃       ᠡᠮᠡᠭᠡ ᠶᠢ ᠨᠦᠬᠦᠬᠡ ᠦᠷᠦᠬᠡᠨ ᠳᠤ ᠤᠷᠤᠭᠤᠯᠵᠤ ᠠᠮᠠᠷᠠᠭᠤᠯᠬᠤ ᠬᠡᠬᠦ ᠳᠤ ᠰᠦᠬᠡ ᠠᠬ᠎ᠠ ᠬᠡᠨᠡᠳᠳᠡ ᠡᠬᠦᠳᠡ  ᠪᠠᠨ ᠢᠰᠬᠦᠯᠡᠨ ᠤᠷᠤᠵᠤ ᠢᠷᠡᠬᠡᠳ᠄ ︽ᠦᠨᠦᠳᠦᠷ ᠦᠨᠡᠬᠡᠷ ᠤᠷᠤᠭᠤ ᠲᠠᠢ︾ ᠬᠡᠵᠤ ᠳᠦᠳᠦᠨᠡᠭᠰᠡᠬᠡᠷ ᠳᠡᠯᠬᠡᠷ ᠡᠵᠢ  ᠶᠢᠨ ᠳᠠᠶᠢᠯᠤᠭᠠᠳ ᠳᠠᠯᠪᠢᠭᠰᠠᠨ ᠭᠠᠳᠠᠷ ᠬᠦᠷᠮᠡᠨ ᠤ ᠬᠠᠷᠮᠠᠨ ᠠᠴᠠ ᠠᠯᠴᠢᠭᠤᠷ ᠲᠤ ᠪᠤᠭᠤᠭᠰᠠᠨ ᠵᠤᠭᠤᠰ ᠢ ᠨᠢ ᠠᠪᠴᠤ ᠬᠠᠷᠮᠠᠯᠠᠭᠠᠳ ᠳᠠᠬᠢᠨ ᠪᠠᠷᠠᠭᠤᠨ ᠬᠡᠷ ᠤᠷᠤᠭᠤ ᠪᠠᠨ ᠢᠳᠡᠬᠡᠯ ᠲᠠᠢ ᠬᠡᠭᠴᠢ ᠠᠯᠬᠤᠨ ᠤᠷᠤᠯ᠎ᠠ᠃ ᠡᠮᠡᠭᠡ ᠤᠷᠳᠤ ᠬᠡᠭᠴᠢ ᠰᠢᠬᠦᠷᠡᠰᠦ ᠠᠯᠳᠠᠵᠤ ᠨᠢᠳᠦᠨ ᠳᠤ ᠪᠠᠨ ᠵᠠᠶᠢᠷ ᠲᠠᠢ ᠪᠤᠷᠤᠭᠤ ᠬᠠᠷᠠᠨ ᠬᠡᠪᠳᠡᠯ᠎ᠡ᠃ ᠪᠠᠷᠠᠭᠤᠨ ᠬᠡᠷ  ᠲᠤ ᠬᠦᠮᠦᠰ ᠱᠤᠤᠬᠢᠯᠳᠤᠭᠰᠠᠭᠠᠷ᠂ ᠵᠡᠬᠦᠨ ᠬᠡᠷ ᠨᠠᠮ ᠨᠠᠮᠵᠢᠭᠤᠬᠠᠨ᠂ ᠳᠡᠯᠬᠡᠷ ᠡᠮᠡᠭᠡ ᠶᠢᠨ ᠰᠡᠮᠡᠬᠡᠷ ᠮᠡᠭᠰᠢᠬᠦ ᠨᠢ ᠰᠤᠨᠤᠰᠳᠠᠬᠤ ᠰᠢᠭ ᠪᠤᠯᠪᠠ᠃ ᠳᠡᠷᠡ ᠨᠠᠮᠤᠷ ᠰᠦᠬᠡ ᠠᠬ᠎ᠠ ᠰᠤᠷᠭᠠᠭᠤᠯᠢ ᠠᠴᠠ ᠪᠠᠨ ᠬᠦᠬᠡᠬᠡᠭᠳᠡᠨ ᠢᠷᠡᠬᠦ ᠳᠤ ᠳᠡᠯᠬᠡᠷ ᠡᠮᠡᠭᠡ ᠪᠠᠰᠠ ᠢᠩᠬᠢᠵᠤ ᠳᠠᠭᠤ ᠦᠭᠡᠢ ᠮᠡᠭᠰᠢᠵᠤ ᠪᠠᠶᠢᠭᠰᠠᠨ ᠰᠠᠨ᠃ ᠦᠷ᠎ᠡ ᠶᠢᠨ ᠦᠷ᠎ᠡ ᠬᠡᠵᠤ ᠵᠢᠳᠬᠦᠵᠤ ᠶᠠᠪᠤᠭᠰᠠᠨ ᠦᠰᠦᠨ ᠪᠤᠭᠤᠷᠤᠯ ᠨᠠᠰᠤᠳᠠᠨ — ᠳᠡᠯᠬᠡᠷ ᠡᠮᠡᠭᠡ ᠬᠡᠵᠢᠶ᠎ᠠ ᠰᠡᠳᠬᠢᠯ ᠵᠤᠪᠠᠭ᠋ᠤ ᠦᠭᠡᠢ ᠪᠠᠶᠠᠷᠯᠠᠵᠤ ᠪᠠᠶᠢᠬᠤ ᠪᠤᠯ ᠡ︖       ᠡᠪᠤᠯ ᠤᠨ ᠴᠠᠶᠢᠪᠠᠭᠠᠷ ᠨᠠᠷᠠ ᠬᠦᠢᠳᠡᠨ ᠤ ᠡᠷᠴᠢ ᠳᠤ ᠬᠦᠷᠢᠶ᠎ᠠ ᠳᠠᠳᠠᠭᠰᠠᠭᠠᠷ ᠠᠭᠤᠯᠠᠰ ᠤᠨ ᠴᠠᠭᠠᠭᠤᠷ ᠳᠠᠯᠳᠠᠷᠠᠬᠤ ᠬᠡᠵᠤ ᠤᠯᠠᠭᠠᠨ ᠳᠤᠶᠠᠭ᠎ᠠ ᠪᠠᠨ ᠬᠤᠷᠸ᠎ᠠ ᠵᠦᠭ ᠰᠠᠴᠤᠵᠤ ᠪᠠᠶᠢᠯ᠎ᠠ᠃ ᠡᠨᠡ ᠵᠢᠪᠡᠬᠦᠨ ᠬᠦᠢᠳᠡᠨ ᠠᠴᠠ ᠬᠦᠮᠦᠨ ᠤ ᠬᠢᠭᠰᠡᠨ ᠵᠠᠷᠢᠮ ᠶᠠᠪᠤᠳᠠᠯ ᠨᠡᠩ ᠬᠦᠢᠳᠡᠨ᠂ ᠳᠡᠶᠢᠮᠦ ᠬᠦᠢᠳᠡᠨ ᠰᠢᠭᠤᠳ ᠦᠷᠦᠴᠡ ᠶᠢ ᠨᠡᠪᠳᠡᠯᠡᠨ ᠵᠢᠷᠦᠬᠡ ᠤᠷᠤᠭᠤ ᠦᠯᠢᠶᠡᠵᠤ ᠪᠠᠶᠢᠳᠠᠭ ᠶᠤᠮ ᠶᠠᠭᠠᠬᠢᠨ᠎ᠠ᠃ ︽ᠦᠷ᠎ᠡ ᠬᠦᠮᠦᠨ ᠦᠷᠢ ᠲᠠᠢ︾ ᠬᠡᠳᠡᠭ ᠦᠬᠡ ᠪᠠᠶᠢᠳᠠᠭ᠃ ᠳᠡᠶᠢᠮᠦ ᠡ᠂ ᠦᠷ᠎ᠡ ᠪᠤᠯᠤᠭᠰᠠᠳ ᠨᠢ ᠡᠨᠡᠷᠢᠵᠤ ᠠᠴᠢᠯᠠᠵᠤ ᠦᠰᠬᠡᠭᠰᠠᠨ᠂ ᠡᠷᠬᠡᠯᠡᠬᠦᠯᠵᠤ ᠨᠢᠯᠬᠠᠷᠠᠭᠤᠯᠵᠤ ᠳᠤᠭᠯᠠᠭᠤᠯᠤᠭᠰᠠᠨ ᠡᠴᠢᠬᠡ ᠡᠬᠡ ᠡᠮᠡᠭᠡ ᠡᠪᠦᠭᠡ ᠶᠢᠨ ᠪᠠᠨ ᠳᠡᠩᠳᠡᠬᠦᠦ ᠶᠡᠭᠡ ᠠᠴᠢ ᠶᠢ ᠬᠠᠷᠢᠭᠤᠯᠵᠤ ᠳᠡᠶᠢᠯᠡᠬᠦ ᠦᠭᠡᠢ ᠴᠦ ᠳᠡᠳᠡᠨ ᠤ ᠪᠠᠨ ᠰᠡᠳᠬᠢᠯ ᠢ ᠳᠤᠯᠠᠭᠠᠬᠠᠨ ᠪᠠᠶᠢᠯᠭᠠᠬᠤ ᠬᠡᠷᠡᠭᠳᠠᠢ ᠰᠠᠨ᠃       ᠤᠷᠤᠢ ᠶᠢᠨ ᠨᠠᠷᠠ ᠬᠦᠷᠢᠶ᠎ᠡ ᠳᠠᠳᠠᠨ ᠰᠢᠩᠬᠡᠪᠡᠯ ᠮᠠᠷᠭᠠᠰᠢ ᠳᠤᠯᠠᠭᠠᠨ ᠪᠤᠯᠬᠤ ᠶᠢᠨ ᠳᠡᠮᠳᠡᠭ ᠬᠡᠳᠡᠭ᠃ ᠮᠠᠷᠭᠠᠰᠢ ᠳᠤᠯᠠᠭᠠᠨ ᠪᠠᠶᠢᠭᠠᠰᠠᠢ︕                                      2011.11.21                     ᠪᠢᠷᠠᠭᠤ ᠮᠤᠩᠭᠤᠯ ᠲᠤᠮᠳᠠᠳᠤ ᠰᠤᠷᠭᠠᠭᠤᠯᠢ ᠶᠢᠨ ᠳᠤᠯᠤᠭ᠎ᠠ ᠭᠤᠷᠪᠠ ᠠᠩᠬᠢ
 
ᠢᠷᠡᠯᠲᠡ᠄ http://www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号