ᠰᠤᠴᠢᠯ
ᠨᠡᠶᠢᠲᠡᠯᠡᠭᠰᠡᠨ ᠴᠠᠭ᠄
2011/11/24
        ᠨᠠᠯᠠᠭᠠᠷ ᠨᠠᠮᠤᠷ ᠤᠨ ᠲᠤᠯᠠᠭᠠᠨ ᠡᠳᠦᠷ ᠪᠢᠳᠡ ᠰᠤᠷᠭᠠᠭᠤᠯᠢ ᠶᠢᠨ ᠲᠤᠬᠢᠷᠠᠭᠤᠯᠭ᠎ᠠ ᠪᠠᠷ ᠬᠡᠰᠢᠭᠳᠡᠨ ᠳᠠᠬᠢ ᠲᠡᠯᠡᠬᠡᠢ ᠶᠢᠨ ᠭᠠᠵᠠᠷ ᠰᠢᠨᠵᠢᠯᠡᠬᠡᠨ ᠤ ᠨᠢᠬᠡ ᠦᠵᠡᠮᠵᠢ᠂ ᠤᠯᠤᠰ ᠤᠨ ᠺᠢᠨᠤ᠋ ᠲᠧᠯᠸᠢᠰ ᠰᠡᠬᠦᠳᠡᠷᠯᠡᠬᠦ ᠠᠯᠳᠠᠷᠳᠤ ᠰᠠᠭᠤᠷᠢᠨ — ᠤᠯᠠᠭᠠᠨᠪᠤᠳᠤᠩ ᠳᠤ ᠬᠦᠷᠴᠤ ᠨᠠᠶᠢᠬᠡᠮ ᠤᠨ ᠤᠶᠢᠯᠡᠳᠦᠯᠬᠡ ᠶᠢᠨ ᠬᠦᠳᠡᠯᠬᠡᠬᠡᠨ ᠳᠤ ᠤᠷᠤᠯᠴᠠᠪᠠ᠃       ᠬᠠᠳᠠᠭᠤ ᠵᠠᠷᠯᠢᠭ ᠲᠠᠢ ᠴᠡᠷᠢᠭ ᠤᠨ ᠲᠠᠷᠤᠭ᠎ᠠ ᠰᠢᠭ᠋ ᠠᠩᠬᠢ ᠡᠷᠬᠢᠯᠡᠭᠴᠢ ᠪᠠ ᠲᠡᠯᠡᠬᠡᠢ ᠲᠡᠬᠡᠷᠡᠬᠢ ᠬᠠᠮᠤᠭ ᠤᠨ ᠶᠡᠭᠡ ᠶᠠᠩᠰᠢᠶ᠎ᠠ ᠮᠢᠨᠤ ᠡᠵᠢ ᠰᠢᠭ ᠬᠢᠴᠢᠶᠡᠯᠯᠡᠭᠴᠢ ᠪᠠᠭᠰᠢ ᠶᠢᠨ ᠠᠯᠪᠠᠳᠠᠯᠭ᠎ᠠ ᠠᠴᠠ ᠨᠢᠬᠡ ᠡᠳᠦᠷ ᠬᠡᠰᠡᠨ ᠴᠦ ᠰᠠᠯᠬᠤ ᠨᠢ ᠬᠡᠵᠤ ᠪᠤᠳᠤᠬᠤ ᠳᠤ ᠬᠦᠮᠦᠨ ᠪᠤᠯᠤᠭᠰᠠᠨ ᠤ ᠬᠠᠮᠤᠭ ᠵᠢᠷᠭᠠᠯ ᠡᠨᠡ ᠬᠡᠵᠤ ᠰᠠᠨᠠᠭᠳᠠᠬᠤ ᠶᠢ ᠶᠠᠭᠠᠬᠢᠨ᠎ᠠ︖       ᠰᠠᠭᠤᠭᠰᠠᠨ ᠲᠡᠷᠬᠡ ᠮᠢᠨᠢ ᠴᠠᠷᠳᠠᠮᠠᠯ ᠵᠠᠮ ᠢᠶᠠᠷ ᠦᠴᠦᠬᠡᠨ ᠴᠦ ᠲᠤᠯᠬᠢᠰᠤᠯ ᠦᠬᠡᠢ ᠨᠠᠮᠤᠭᠤᠬᠠᠨ ᠬᠦᠪᠦᠯᠵᠡᠨ ᠮᠤᠷᠤᠯᠵᠠᠬᠤ ᠳᠤ ᠲᠡᠷᠬᠡᠨ ᠴᠤᠩᠬᠤ ᠪᠠᠷ ᠪᠢ ᠠᠯᠤᠰ ᠢ ᠪᠠᠷᠠᠯᠠᠪᠠᠯ ᠰᠢᠷᠭᠠᠯᠳᠤᠨ ᠲᠠᠪᠠᠯᠭᠠᠯᠠᠬᠤ ᠬᠠᠳᠤᠯᠠᠩ ᠬᠢᠵᠠᠭᠠᠷ ᠦᠬᠡᠢ ᠬᠠᠯᠢᠭᠤᠷᠠᠵᠤ ᠶᠤᠰᠤᠳᠠᠢ 《 ᠠᠷᠠᠯᠳᠤ  ᠶᠡᠭᠡ ᠲᠡᠷᠬᠡ ᠲᠤᠭᠤᠯᠠᠭᠠᠳ ᠲᠤᠭᠤᠯᠠᠭᠠᠳ ᠬᠦᠷᠦᠰᠢ ᠦᠬᠡᠢ 》 ᠬᠡᠮᠡᠷ ᠰᠡᠳᠬᠢᠯ ᠨᠢᠬᠡ ᠯᠡ ᠠᠭᠤᠵᠢᠷᠠᠭᠠᠳ ᠲᠡᠨᠢᠢᠴᠢᠬᠡᠬᠦ ᠨᠢ᠃       ᠲᠦᠰᠢ ᠶᠢᠨ ᠡᠩᠬᠡᠷ ᠢᠶᠠᠷ ᠦᠩᠬᠡᠷᠡᠬᠦ ᠪᠤᠯᠤᠯ᠎ᠠ᠃ ᠠᠷᠤ ᠬᠤᠷᠮᠤᠢ ᠳᠤ ᠨᠢ ᠬᠡᠷ ᠮᠢᠨᠢ ᠶᠠᠮᠠᠷᠬᠠᠨ ᠪᠣᠯ︕ ᠠᠪᠤ ᠡᠵᠢ ᠮᠢᠨᠢ ᠠᠵᠢᠯ ᠳᠠᠭᠠᠨ ᠶᠠᠭᠠᠷᠠᠵᠤ ᠯᠠ ᠪᠠᠶᠢᠯᠬᠦᠢ ᠬᠡᠵᠤ ᠪᠤᠳᠤᠬᠤ ᠳᠤ 《 ᠤᠷᠢᠳᠤ ᠳᠤ ᠪᠢᠷᠠᠭᠤ ᠠᠴᠠ ᠲᠠᠯᠠᠶᠢᠨᠠᠭᠤᠷ ᠬᠦᠷᠬᠦ ᠳᠤ ᠤᠤ︕ 》 ᠬᠡᠵᠤ ᠶᠠᠷᠢᠭᠠᠳ ᠪᠠᠷᠠᠳᠠᠭ ᠦᠬᠡᠢ ᠠᠪᠤ ᠶᠢᠨ ᠠᠶᠠᠨ ᠤ ᠦᠯᠢᠬᠡᠷ ᠰᠠᠨᠠᠭᠳᠠᠯ᠎ᠠ …       ᠠᠪᠤ ᠶᠠᠷᠢᠬᠤ ᠳᠠᠭᠠᠨ᠄ 《 ᠪᠢ ᠪᠠᠭ᠎ᠠ ᠪᠠᠶᠢᠬᠤ ᠳᠤ ᠡᠪᠦᠭᠡ ᠲᠠᠢ ᠴᠢᠨᠢ ᠡᠨᠡᠬᠦᠷ ᠤᠯᠠᠨ ᠶᠠᠪᠤᠳᠠᠭ ᠪᠠᠶᠢᠭᠰᠠᠨ︔ ᠲᠡᠷᠡ ᠦᠶ᠎ᠡ ᠤᠳᠤ ᠶᠢᠨ ᠠᠳᠠᠯᠢ ᠮᠠᠰᠢᠨ ᠲᠡᠷᠬᠡ ᠦᠬᠡᠢ ᠵᠦᠪᠬᠡᠨ ᠦᠬᠡᠷ ᠲᠡᠷᠬᠡ ᠪᠠᠷ ᠯᠠ ᠠᠶᠠᠯᠠᠳᠠᠭ᠃ ᠬᠤᠶᠠᠷ ᠡᠳᠦᠷ ᠵᠠᠮᠨᠠᠭᠠᠳ ᠰᠠᠶ᠋ᠢ  ᠪᠠᠯᠭᠠᠰᠤᠨ ᠲᠦᠪ ᠤᠷᠤᠳᠠᠭ ᠶᠤᠮ 》᠃       《 ᠲᠡᠷᠡ … ᠵᠢᠯ ᠡᠪᠦᠭᠡ ᠲᠠᠢ ᠴᠢᠨᠢ ᠪᠢᠳᠡ ᠬᠤᠶᠠᠭᠤᠯᠠ ᠪᠠᠯᠭᠠᠰᠤᠨ ᠠᠴᠠ ᠢᠷᠡᠬᠦ  ᠳᠡᠭᠡᠨ ᠠᠷᠠᠢ ᠯᠠ ᠠᠮᠢ ᠪᠠᠨ ᠦᠭᠬᠦᠴᠢᠬᠡᠬᠦ ᠠᠯᠳᠠᠵᠠᠢ᠂ ᠪᠦᠰᠯᠡᠬᠦᠷ ᠴᠢᠨᠡᠬᠡᠨ ᠴᠠᠰᠤᠨ ᠳᠤ ᠡᠨᠡᠬᠦᠷ ᠶᠠᠪᠤᠬᠤ ᠬᠦᠮᠦᠨ ᠬᠡᠵᠤ ᠡᠳᠦᠷ ᠤᠨ ᠤᠳᠤ᠃ ᠰᠢᠭᠤᠷᠴᠤ ᠬᠠᠳᠠᠭᠤᠷᠠᠭᠠᠳ ᠬᠦᠷ ᠬᠤᠩᠭᠠᠷᠯᠠᠭᠰᠠᠨ ᠴᠠᠰᠤᠨ ᠲᠡᠬᠡᠷ᠎ᠡ ᠦᠬᠡᠷ᠂ ᠲᠡᠷᠬᠡ  ᠲᠠᠢ ᠪᠠᠨ ᠭᠤᠯᠭᠤᠷᠴᠤ ᠶᠠᠭ ᠯᠠ ᠤᠰᠤᠨ ᠲᠡᠬᠡᠷᠡᠬᠢ ᠬᠤᠯᠤ ᠰᠢᠭ᠋ ᠲᠤᠭᠳᠠᠪᠤᠷᠢ ᠠᠯᠳᠠᠬᠤ ᠳᠤ ᠪᠢᠳᠡ ᠲᠠᠯ᠎ᠠ ᠲᠠᠯ᠎ᠠ  ᠠᠴᠠ ᠨᠢ ᠲᠦᠰᠢᠵᠤ ᠲᠤᠯᠵᠤ ᠠᠷᠠᠢ ᠵᠤᠭᠰᠤᠭᠠᠭᠠᠳ ᠡᠮᠦᠨᠡᠰᠢ ᠴᠦ ᠦᠬᠡᠢ ᠬᠤᠶᠢᠰᠢ ᠴᠦ ᠦᠬᠡᠢ ᠲᠡᠭᠡᠭᠯᠡᠬᠡᠳ ᠬᠠᠭᠠᠰ ᠡᠳᠦᠷ ᠪᠤᠯᠬᠤ ᠳᠤ ᠬᠦᠯᠦᠬᠡᠨ ᠤ ᠦᠬᠡᠷ ᠴᠡᠴᠡᠷᠡᠬᠡᠳ ᠲᠡᠰᠬᠦ ᠠᠯᠳᠠᠷᠠᠬᠤ ᠳᠤ ᠡᠪᠦᠭᠡ ᠴᠢᠨᠢ ᠡᠮᠦᠰᠦᠭᠰᠡᠨ ᠠᠷᠠᠰᠤᠨ ᠲᠡᠪᠡᠯ ᠢᠶᠠᠨ ᠲᠠᠶᠢᠯᠤᠭᠠᠳ ᠨᠦᠮᠦᠷᠬᠡᠳᠡᠭ᠃ ᠡᠳᠦᠷ ᠪᠣᠯ ᠵᠠᠮ ᠬᠦᠬᠡᠬᠡᠨ᠎ᠡ᠂ ᠰᠦᠨᠢ ᠪᠣᠯ ᠬᠠᠶᠠ ᠲᠠᠭᠠᠷᠠᠯᠳᠤᠬᠤ ᠠᠶᠢᠯ ᠳᠤ ᠬᠤᠨᠤᠭ ᠠᠪᠬᠤ ᠪᠤᠶᠤ ᠵᠠᠷᠢᠮ ᠳᠠᠭᠠᠨ ᠨᠦᠮᠦᠷᠢ ᠡᠩᠬᠡᠷ ᠲᠤ ᠰᠠᠭᠤᠭ᠎ᠠ ᠪᠠᠷ ᠢᠶᠠᠨ ᠠᠮᠠᠷᠠᠬᠤ ᠳᠠᠭᠠᠨ ᠠᠷᠢᠶᠠᠳᠠᠨ ᠠᠴᠠ ᠰᠠᠷᠬᠡᠶᠢᠯᠡᠵᠤ ᠡᠬᠡᠯᠵᠢᠯᠡᠨ ᠤᠨᠳᠠᠳᠠᠭ᠃        ᠬᠠᠢ᠂ ᠤᠳᠤ ᠠᠮᠠᠷᠬᠠᠨ ᠪᠤᠯᠵᠠᠢ᠂ ᠬᠠᠷᠢᠨ ᠮᠠᠰᠢᠨ ᠠᠷᠪᠢᠳᠬᠤ ᠪᠠᠷ ᠨᠢ ᠮᠠᠨ ᠤ ᠬᠡᠦᠬᠡᠳ ᠦᠬᠡᠷ ᠲᠡᠷᠭᠡ ᠪᠠᠨ ᠮᠠᠷᠳᠠᠵᠤ ᠤᠷᠬᠢᠬᠤ ᠨᠢ ᠪᠤᠯᠵᠤ ᠳ᠋ᠠ 》 ᠬᠡᠳ ᠰᠡᠬᠦᠷᠡᠰᠦᠯᠡᠵᠤ ᠪᠠᠶᠢᠭᠰᠠᠨ᠃       ᠬᠡᠨᠡᠳᠳᠡ ᠤᠷᠤᠭᠰᠢ ᠱᠤᠩᠭᠤᠨ ᠤᠶᠢᠴᠢᠬᠤ ᠰᠢᠤᠬᠠᠨ ᠪᠤᠯᠪᠠ᠂ ᠲᠡᠷᠬᠡ ᠵᠤᠭᠰᠤᠭᠰᠠᠨ ᠪᠠᠶᠢᠵᠠᠢ᠃ ᠦᠵᠡᠪᠡᠯ ᠵᠤᠷᠢᠭᠰᠠᠨ ᠭᠠᠵᠠᠷ ᠢᠷᠡᠴᠢᠬᠡᠭᠰᠡᠨ ᠪᠢᠰᠢᠤ︕ ᠬᠤᠶᠠᠷᠬᠠᠨ ᠴᠠᠭ ᠠᠶᠠᠯᠠᠭᠠᠳ ᠭᠤᠷᠪᠠᠨ ᠵᠠᠭᠤ ᠢᠯᠡᠬᠦᠦ ᠭᠠᠵᠠᠷ ᠢ ᠡᠪᠬᠡᠴᠢᠬᠡᠯ᠎ᠡ᠃ ᠬᠡᠳᠦᠢ  ᠬᠤᠷᠳᠤᠨ ᠪᠢᠯᠡ᠂ ᠠᠪᠤ ᠶᠢᠨ ᠮᠢᠨᠢ ᠶᠠᠷᠢᠭᠠᠳ ᠪᠠᠷᠠᠳᠠᠭ ᠦᠬᠡᠢ ᠨᠢ ᠤᠴᠢᠷᠳᠡᠢ᠂ ᠨᠡᠶᠢᠬᠡᠮ ᠬᠠᠰᠢᠯᠠ ᠲᠦᠷᠬᠡᠨ ᠬᠦᠭᠵᠢᠵᠤ ᠪᠤᠢ ᠳ᠋ᠠ᠃       ᠪᠢᠳᠡ ᠲᠤᠭᠤᠶᠢᠯᠠᠩ ᠬᠤᠪᠢᠶᠠᠨ ᠰᠤᠨᠢᠷᠬᠠᠵᠤ ᠲᠤᠭᠤᠷᠢᠪᠠ᠃       ᠤᠯᠠᠨ ᠬᠦᠮᠦᠨ ᠪᠦᠬᠡᠮᠨᠡᠷᠡᠯᠳᠦᠨ ᠤᠶᠢᠮᠡᠬᠦ ᠪᠠᠷ ᠪᠢᠳᠡ ᠬᠦᠶᠦᠨ ᠬᠦᠷᠪᠡᠯ ᠨᠤᠭᠤᠭᠠᠨ ᠨᠢᠳᠤ  ᠲᠠᠢ᠂ ᠠᠯᠳᠠᠨ ᠰᠢᠷ᠎ᠠ ᠬᠡᠵᠢᠬᠡ ᠲᠠᠢ ᠶᠤᠯᠬᠤᠭᠤᠷ ᠬᠤᠶᠠᠷ ᠬᠦᠮᠦᠨ ᠢ ᠰᠠᠭᠤᠯᠭᠠᠭᠠᠳ᠂ ᠤᠯᠠᠭᠠᠨ ᠲᠤᠷᠭᠠᠨ ᠲᠡᠬᠡᠷ᠎ᠡ ᠡᠯᠳᠡᠪ ᠦᠩᠭᠡ ᠶᠢᠨ ᠬᠤᠸᠠᠷ ᠬᠠᠳᠬᠤᠮᠠᠯ  ᠲᠠᠢ ᠬᠦᠷᠮ᠎ᠡ ᠨᠦᠮᠦᠷᠦᠭᠰᠡᠨ ᠨᠢᠬᠡ ᠤᠬᠤᠨ᠎ᠠ᠂ ᠬᠠᠷ᠎ᠠ ᠰᠢᠯ ᠵᠡᠬᠦᠭᠰᠡᠨ ᠨᠠᠷᠢᠬᠠᠨ ᠦᠨᠳᠦᠷ ᠬᠦᠳᠦᠯᠦᠭᠴᠢ ᠵᠠᠯᠠᠭᠤ ᠪᠠᠷ ᠰᠢᠪᠳᠠᠭᠤᠯᠵᠤ᠂ ᠬᠡ ᠤᠭᠠᠯᠵᠠᠯᠠᠭᠰᠠᠨ ᠪᠦᠷᠬᠦᠬᠦᠯ ᠲᠠᠢ ᠬᠤᠶᠠᠷ ᠬᠦᠮᠦᠨ ᠰᠠᠭᠤᠬᠤ ᠲᠡᠮᠤᠷ ᠲᠡᠷᠬᠡ ᠶᠢ ᠬᠠᠶᠢᠷ ᠴᠢᠯᠠᠭᠤᠨ ᠵᠠᠮ ᠢᠶᠠᠷ  ᠬᠦᠴᠢᠷᠳᠠᠶᠢᠬᠠᠨ ᠴᠢᠷᠴᠤ ᠵᠢᠳᠬᠦᠬᠦ ᠨᠢ ᠬᠠᠷᠠᠭᠳᠠᠪᠠ᠃       ᠡ︕ ᠢᠮᠠᠭ᠎ᠠ ᠶᠢ ᠪᠠᠰᠠ ᠲᠡᠷᠬᠡᠨ ᠳᠤ ᠬᠦᠯᠳᠡᠭ ᠤᠤ︖ ᠪᠢ ᠲᠤᠩ ᠰᠤᠴᠢᠪᠠ᠃ ᠨᠡᠩ ᠴᠦ ᠬᠦᠬᠡᠷᠦᠬᠦᠶᠢᠯᠡᠯᠳᠡᠢ ᠲᠡᠷᠡ ᠢᠮᠡᠭᠠᠨᠨ ᠤ ᠲᠤᠰᠤ ᠨᠢ ᠪᠠᠷᠠᠵᠤ ᠪᠦᠬᠦᠬᠦ ᠶᠢ ᠰᠢᠬᠠᠭᠰᠠᠨ ᠵᠤᠯᠠ ᠰᠢᠭ᠋ ᠨᠤᠶᠢᠷᠮᠤᠭ ᠨᠢᠳᠤ ᠨᠠᠳᠠ ᠤᠯᠠᠨ ᠶᠠᠭᠤᠮ᠎ᠠ  ᠶᠠᠷᠢᠬᠤ ᠰᠢᠤᠬᠠᠨ ᠪᠤᠯᠬᠤ ᠳᠤ ᠪᠢ ᠦᠨᠡᠬᠡᠷ ᠠᠶᠢᠳᠠᠰ ᠬᠦᠷᠪᠡ᠃       ᠬᠦᠳᠡᠯᠬᠡᠬᠡᠨ ᠲᠠᠭᠤᠰᠴᠤ ᠪᠢᠳᠡ ᠪᠤᠴᠠᠬᠤ ᠪᠤᠯᠪᠠ᠃ ᠬᠡᠳᠦᠶᠢᠪᠡᠷ ᠤᠯᠠᠨ ᠰᠤᠨᠢᠨ ᠶᠠᠭᠤᠮ᠎ᠠ ᠦᠵᠡᠵᠤ ᠰᠤᠨᠢᠷᠬᠠᠨ 《 ᠦᠵᠡᠬᠡᠳᠦᠢ ᠪᠠᠨ ᠦᠵᠡᠵᠤ ᠦᠬᠡᠷ ᠴᠠᠮ ᠬᠠᠷᠠᠶᠢᠬᠤ 》 ᠬᠡᠮᠡᠷ ᠪᠤᠯᠤᠭᠰᠠᠨ ᠴᠦ ᠲᠡᠷᠡ ᠢᠮᠠᠭᠠᠨ ᠤ ᠨᠢᠳᠤ ᠨᠠᠳᠠ ᠨᠢᠬᠡ ᠵᠠᠮ  ᠦᠵᠡᠭᠳᠡᠨ ᠶᠠᠭ ᠯᠠ 《 ᠨᠠᠮ᠎ᠠ ᠶᠢ ᠲᠡᠷᠬᠡᠨ ᠠᠴᠠ ᠬᠤᠷᠳᠤᠨ ᠰᠤᠯᠠᠯᠠᠬᠤ ᠪᠤᠯᠪᠠᠤ︕ 》 ᠬᠡᠵᠤ ᠭᠤᠶᠤᠵᠤ ᠪᠠᠶᠢᠬᠤ ᠮᠡᠳᠤ ᠰᠠᠨᠠᠭᠳᠠᠬᠤ ᠲᠤᠳᠤᠮ ᠲᠤᠳᠤᠷ᠎ᠠ ᠨᠢᠬᠡ ᠯᠠ ᠬᠤᠭᠤᠰᠤᠨ ᠪᠤᠯᠴᠢᠬᠠᠯ᠎ᠠ …                          ᠪᠢᠷᠠᠭᠤ ᠳᠠᠬᠢ ᠮᠤᠩᠭᠤᠯ ᠲᠤᠮᠳᠠᠳᠤ ᠰᠤᠷᠭᠠᠭᠤᠯᠢ                         ᠲᠡᠭᠡᠳᠤ ᠬᠤᠶᠠᠷ ᠤᠨ ᠨᠢᠬᠡ ᠪ᠊᠂ ᠨᠠᠨᠳᠢᠨ                          ᠵᠢᠯᠤᠭᠤᠳᠤᠭᠰᠠᠨ ᠪᠠᠭᠰᠢ᠄ ᠪᠤᠤ ᠶᠢᠨ ᠱᠠᠨ 
 
ᠢᠷᠡᠯᠲᠡ᠄ www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号