| ᠨᠠᠯᠠᠭᠠᠷ ᠨᠠᠮᠤᠷ ᠤᠨ ᠲᠤᠯᠠᠭᠠᠨ ᠡᠳᠦᠷ ᠪᠢᠳᠡ ᠰᠤᠷᠭᠠᠭᠤᠯᠢ ᠶᠢᠨ ᠲᠤᠬᠢᠷᠠᠭᠤᠯᠭ᠎ᠠ ᠪᠠᠷ | ᠬᠡᠰᠢᠭᠳᠡᠨ ᠳᠠᠬᠢ ᠲᠡᠯᠡᠬᠡᠢ ᠶᠢᠨ ᠭᠠᠵᠠᠷ ᠰᠢᠨᠵᠢᠯᠡᠬᠡᠨ ᠤ ᠨᠢᠬᠡ ᠦᠵᠡᠮᠵᠢ᠂ ᠤᠯᠤᠰ ᠤᠨ ᠺᠢᠨᠤ᠋ ᠲᠧᠯᠸᠢᠰ ᠰᠡᠬᠦᠳᠡᠷᠯᠡᠬᠦ | ᠠᠯᠳᠠᠷᠳᠤ ᠰᠠᠭᠤᠷᠢᠨ — ᠤᠯᠠᠭᠠᠨᠪᠤᠳᠤᠩ ᠳᠤ ᠬᠦᠷᠴᠤ ᠨᠠᠶᠢᠬᠡᠮ ᠤᠨ ᠤᠶᠢᠯᠡᠳᠦᠯᠬᠡ ᠶᠢᠨ ᠬᠦᠳᠡᠯᠬᠡᠬᠡᠨ ᠳᠤ | ᠤᠷᠤᠯᠴᠠᠪᠠ᠃ | ᠬᠠᠳᠠᠭᠤ ᠵᠠᠷᠯᠢᠭ ᠲᠠᠢ ᠴᠡᠷᠢᠭ ᠤᠨ ᠲᠠᠷᠤᠭ᠎ᠠ ᠰᠢᠭ᠋ ᠠᠩᠬᠢ ᠡᠷᠬᠢᠯᠡᠭᠴᠢ ᠪᠠ ᠲᠡᠯᠡᠬᠡᠢ | ᠲᠡᠬᠡᠷᠡᠬᠢ ᠬᠠᠮᠤᠭ ᠤᠨ ᠶᠡᠭᠡ ᠶᠠᠩᠰᠢᠶ᠎ᠠ ᠮᠢᠨᠤ ᠡᠵᠢ ᠰᠢᠭ ᠬᠢᠴᠢᠶᠡᠯᠯᠡᠭᠴᠢ ᠪᠠᠭᠰᠢ ᠶᠢᠨ ᠠᠯᠪᠠᠳᠠᠯᠭ᠎ᠠ ᠠᠴᠠ ᠨᠢᠬᠡ | ᠡᠳᠦᠷ ᠬᠡᠰᠡᠨ ᠴᠦ ᠰᠠᠯᠬᠤ ᠨᠢ ᠬᠡᠵᠤ ᠪᠤᠳᠤᠬᠤ ᠳᠤ ᠬᠦᠮᠦᠨ ᠪᠤᠯᠤᠭᠰᠠᠨ ᠤ ᠬᠠᠮᠤᠭ ᠵᠢᠷᠭᠠᠯ ᠡᠨᠡ ᠬᠡᠵᠤ | ᠰᠠᠨᠠᠭᠳᠠᠬᠤ ᠶᠢ ᠶᠠᠭᠠᠬᠢᠨ᠎ᠠ︖ | ᠰᠠᠭᠤᠭᠰᠠᠨ ᠲᠡᠷᠬᠡ ᠮᠢᠨᠢ ᠴᠠᠷᠳᠠᠮᠠᠯ ᠵᠠᠮ ᠢᠶᠠᠷ ᠦᠴᠦᠬᠡᠨ ᠴᠦ ᠲᠤᠯᠬᠢᠰᠤᠯ ᠦᠬᠡᠢ | ᠨᠠᠮᠤᠭᠤᠬᠠᠨ ᠬᠦᠪᠦᠯᠵᠡᠨ ᠮᠤᠷᠤᠯᠵᠠᠬᠤ ᠳᠤ ᠲᠡᠷᠬᠡᠨ ᠴᠤᠩᠬᠤ ᠪᠠᠷ ᠪᠢ ᠠᠯᠤᠰ ᠢ ᠪᠠᠷᠠᠯᠠᠪᠠᠯ ᠰᠢᠷᠭᠠᠯᠳᠤᠨ | ᠲᠠᠪᠠᠯᠭᠠᠯᠠᠬᠤ ᠬᠠᠳᠤᠯᠠᠩ ᠬᠢᠵᠠᠭᠠᠷ ᠦᠬᠡᠢ ᠬᠠᠯᠢᠭᠤᠷᠠᠵᠤ ᠶᠤᠰᠤᠳᠠᠢ 《 ᠠᠷᠠᠯᠳᠤ ᠶᠡᠭᠡ ᠲᠡᠷᠬᠡ | ᠲᠤᠭᠤᠯᠠᠭᠠᠳ ᠲᠤᠭᠤᠯᠠᠭᠠᠳ ᠬᠦᠷᠦᠰᠢ ᠦᠬᠡᠢ 》 ᠬᠡᠮᠡᠷ ᠰᠡᠳᠬᠢᠯ ᠨᠢᠬᠡ ᠯᠡ ᠠᠭᠤᠵᠢᠷᠠᠭᠠᠳ ᠲᠡᠨᠢᠢᠴᠢᠬᠡᠬᠦ ᠨᠢ᠃ | ᠲᠦᠰᠢ ᠶᠢᠨ ᠡᠩᠬᠡᠷ ᠢᠶᠠᠷ ᠦᠩᠬᠡᠷᠡᠬᠦ ᠪᠤᠯᠤᠯ᠎ᠠ᠃ ᠠᠷᠤ ᠬᠤᠷᠮᠤᠢ ᠳᠤ ᠨᠢ ᠬᠡᠷ ᠮᠢᠨᠢ | ᠶᠠᠮᠠᠷᠬᠠᠨ ᠪᠣᠯ︕ ᠠᠪᠤ ᠡᠵᠢ ᠮᠢᠨᠢ ᠠᠵᠢᠯ ᠳᠠᠭᠠᠨ ᠶᠠᠭᠠᠷᠠᠵᠤ ᠯᠠ ᠪᠠᠶᠢᠯᠬᠦᠢ ᠬᠡᠵᠤ ᠪᠤᠳᠤᠬᠤ ᠳᠤ 《 ᠤᠷᠢᠳᠤ ᠳᠤ | ᠪᠢᠷᠠᠭᠤ ᠠᠴᠠ ᠲᠠᠯᠠᠶᠢᠨᠠᠭᠤᠷ ᠬᠦᠷᠬᠦ ᠳᠤ ᠤᠤ︕ 》 ᠬᠡᠵᠤ ᠶᠠᠷᠢᠭᠠᠳ ᠪᠠᠷᠠᠳᠠᠭ ᠦᠬᠡᠢ ᠠᠪᠤ ᠶᠢᠨ ᠠᠶᠠᠨ ᠤ | ᠦᠯᠢᠬᠡᠷ ᠰᠠᠨᠠᠭᠳᠠᠯ᠎ᠠ … | ᠠᠪᠤ ᠶᠠᠷᠢᠬᠤ ᠳᠠᠭᠠᠨ᠄ 《 ᠪᠢ ᠪᠠᠭ᠎ᠠ ᠪᠠᠶᠢᠬᠤ ᠳᠤ ᠡᠪᠦᠭᠡ ᠲᠠᠢ ᠴᠢᠨᠢ ᠡᠨᠡᠬᠦᠷ ᠤᠯᠠᠨ | ᠶᠠᠪᠤᠳᠠᠭ ᠪᠠᠶᠢᠭᠰᠠᠨ︔ ᠲᠡᠷᠡ ᠦᠶ᠎ᠡ ᠤᠳᠤ ᠶᠢᠨ ᠠᠳᠠᠯᠢ ᠮᠠᠰᠢᠨ ᠲᠡᠷᠬᠡ ᠦᠬᠡᠢ ᠵᠦᠪᠬᠡᠨ ᠦᠬᠡᠷ ᠲᠡᠷᠬᠡ ᠪᠠᠷ ᠯᠠ | ᠠᠶᠠᠯᠠᠳᠠᠭ᠃ ᠬᠤᠶᠠᠷ ᠡᠳᠦᠷ ᠵᠠᠮᠨᠠᠭᠠᠳ ᠰᠠᠶ᠋ᠢ ᠪᠠᠯᠭᠠᠰᠤᠨ ᠲᠦᠪ ᠤᠷᠤᠳᠠᠭ ᠶᠤᠮ 》᠃ | 《 ᠲᠡᠷᠡ … ᠵᠢᠯ ᠡᠪᠦᠭᠡ ᠲᠠᠢ ᠴᠢᠨᠢ ᠪᠢᠳᠡ ᠬᠤᠶᠠᠭᠤᠯᠠ ᠪᠠᠯᠭᠠᠰᠤᠨ ᠠᠴᠠ ᠢᠷᠡᠬᠦ | ᠳᠡᠭᠡᠨ ᠠᠷᠠᠢ ᠯᠠ ᠠᠮᠢ ᠪᠠᠨ ᠦᠭᠬᠦᠴᠢᠬᠡᠬᠦ ᠠᠯᠳᠠᠵᠠᠢ᠂ ᠪᠦᠰᠯᠡᠬᠦᠷ ᠴᠢᠨᠡᠬᠡᠨ ᠴᠠᠰᠤᠨ ᠳᠤ ᠡᠨᠡᠬᠦᠷ ᠶᠠᠪᠤᠬᠤ ᠬᠦᠮᠦᠨ | ᠬᠡᠵᠤ ᠡᠳᠦᠷ ᠤᠨ ᠤᠳᠤ᠃ ᠰᠢᠭᠤᠷᠴᠤ ᠬᠠᠳᠠᠭᠤᠷᠠᠭᠠᠳ ᠬᠦᠷ ᠬᠤᠩᠭᠠᠷᠯᠠᠭᠰᠠᠨ ᠴᠠᠰᠤᠨ ᠲᠡᠬᠡᠷ᠎ᠡ ᠦᠬᠡᠷ᠂ ᠲᠡᠷᠬᠡ | ᠲᠠᠢ ᠪᠠᠨ ᠭᠤᠯᠭᠤᠷᠴᠤ ᠶᠠᠭ ᠯᠠ ᠤᠰᠤᠨ ᠲᠡᠬᠡᠷᠡᠬᠢ ᠬᠤᠯᠤ ᠰᠢᠭ᠋ ᠲᠤᠭᠳᠠᠪᠤᠷᠢ ᠠᠯᠳᠠᠬᠤ ᠳᠤ ᠪᠢᠳᠡ ᠲᠠᠯ᠎ᠠ ᠲᠠᠯ᠎ᠠ | ᠠᠴᠠ ᠨᠢ ᠲᠦᠰᠢᠵᠤ ᠲᠤᠯᠵᠤ ᠠᠷᠠᠢ ᠵᠤᠭᠰᠤᠭᠠᠭᠠᠳ ᠡᠮᠦᠨᠡᠰᠢ ᠴᠦ ᠦᠬᠡᠢ ᠬᠤᠶᠢᠰᠢ ᠴᠦ ᠦᠬᠡᠢ ᠲᠡᠭᠡᠭᠯᠡᠬᠡᠳ | ᠬᠠᠭᠠᠰ ᠡᠳᠦᠷ ᠪᠤᠯᠬᠤ ᠳᠤ ᠬᠦᠯᠦᠬᠡᠨ ᠤ ᠦᠬᠡᠷ ᠴᠡᠴᠡᠷᠡᠬᠡᠳ ᠲᠡᠰᠬᠦ ᠠᠯᠳᠠᠷᠠᠬᠤ ᠳᠤ ᠡᠪᠦᠭᠡ ᠴᠢᠨᠢ ᠡᠮᠦᠰᠦᠭᠰᠡᠨ | ᠠᠷᠠᠰᠤᠨ ᠲᠡᠪᠡᠯ ᠢᠶᠠᠨ ᠲᠠᠶᠢᠯᠤᠭᠠᠳ ᠨᠦᠮᠦᠷᠬᠡᠳᠡᠭ᠃ ᠡᠳᠦᠷ ᠪᠣᠯ ᠵᠠᠮ ᠬᠦᠬᠡᠬᠡᠨ᠎ᠡ᠂ ᠰᠦᠨᠢ ᠪᠣᠯ ᠬᠠᠶᠠ | ᠲᠠᠭᠠᠷᠠᠯᠳᠤᠬᠤ ᠠᠶᠢᠯ ᠳᠤ ᠬᠤᠨᠤᠭ ᠠᠪᠬᠤ ᠪᠤᠶᠤ ᠵᠠᠷᠢᠮ ᠳᠠᠭᠠᠨ ᠨᠦᠮᠦᠷᠢ ᠡᠩᠬᠡᠷ ᠲᠤ ᠰᠠᠭᠤᠭ᠎ᠠ ᠪᠠᠷ ᠢᠶᠠᠨ | ᠠᠮᠠᠷᠠᠬᠤ ᠳᠠᠭᠠᠨ ᠠᠷᠢᠶᠠᠳᠠᠨ ᠠᠴᠠ ᠰᠠᠷᠬᠡᠶᠢᠯᠡᠵᠤ ᠡᠬᠡᠯᠵᠢᠯᠡᠨ ᠤᠨᠳᠠᠳᠠᠭ᠃ | ᠬᠠᠢ᠂ ᠤᠳᠤ ᠠᠮᠠᠷᠬᠠᠨ ᠪᠤᠯᠵᠠᠢ᠂ ᠬᠠᠷᠢᠨ ᠮᠠᠰᠢᠨ ᠠᠷᠪᠢᠳᠬᠤ ᠪᠠᠷ ᠨᠢ ᠮᠠᠨ ᠤ ᠬᠡᠦᠬᠡᠳ | ᠦᠬᠡᠷ ᠲᠡᠷᠭᠡ ᠪᠠᠨ ᠮᠠᠷᠳᠠᠵᠤ ᠤᠷᠬᠢᠬᠤ ᠨᠢ ᠪᠤᠯᠵᠤ ᠳ᠋ᠠ 》 ᠬᠡᠳ ᠰᠡᠬᠦᠷᠡᠰᠦᠯᠡᠵᠤ ᠪᠠᠶᠢᠭᠰᠠᠨ᠃ | ᠬᠡᠨᠡᠳᠳᠡ ᠤᠷᠤᠭᠰᠢ ᠱᠤᠩᠭᠤᠨ ᠤᠶᠢᠴᠢᠬᠤ ᠰᠢᠤᠬᠠᠨ ᠪᠤᠯᠪᠠ᠂ ᠲᠡᠷᠬᠡ ᠵᠤᠭᠰᠤᠭᠰᠠᠨ | ᠪᠠᠶᠢᠵᠠᠢ᠃ ᠦᠵᠡᠪᠡᠯ ᠵᠤᠷᠢᠭᠰᠠᠨ ᠭᠠᠵᠠᠷ ᠢᠷᠡᠴᠢᠬᠡᠭᠰᠡᠨ ᠪᠢᠰᠢᠤ︕ ᠬᠤᠶᠠᠷᠬᠠᠨ ᠴᠠᠭ ᠠᠶᠠᠯᠠᠭᠠᠳ ᠭᠤᠷᠪᠠᠨ ᠵᠠᠭᠤ | ᠢᠯᠡᠬᠦᠦ ᠭᠠᠵᠠᠷ ᠢ ᠡᠪᠬᠡᠴᠢᠬᠡᠯᠡ᠃ ᠬᠡᠳᠦᠢ ᠬᠤᠷᠳᠤᠨ ᠪᠢᠯᠡ᠂ ᠠᠪᠤ ᠶᠢᠨ ᠮᠢᠨᠢ ᠶᠠᠷᠢᠭᠠᠳ ᠪᠠᠷᠠᠳᠠᠭ ᠦᠬᠡᠢ ᠨᠢ | ᠤᠴᠢᠷᠳᠡᠢ᠂ ᠨᠡᠶᠢᠬᠡᠮ ᠬᠠᠰᠢᠯᠠ ᠲᠦᠷᠬᠡᠨ ᠬᠦᠭᠵᠢᠵᠤ ᠪᠤᠢ ᠳ᠋ᠠ᠃ | ᠪᠢᠳᠡ ᠲᠤᠭᠤᠶᠢᠯᠠᠩ ᠬᠤᠪᠢᠶᠠᠨ ᠰᠤᠨᠢᠷᠬᠠᠵᠤ ᠲᠤᠭᠤᠷᠢᠪᠠ᠃ | ᠤᠯᠠᠨ ᠬᠦᠮᠦᠨ ᠪᠦᠬᠡᠮᠨᠡᠷᠡᠯᠳᠦᠨ ᠤᠶᠢᠮᠡᠬᠦ ᠪᠠᠷ ᠪᠢᠳᠡ ᠬᠦᠶᠦᠨ ᠬᠦᠷᠪᠡᠯ ᠨᠤᠭᠤᠭᠠᠨ ᠨᠢᠳᠤ | ᠲᠠᠢ᠂ ᠠᠯᠳᠠᠨ ᠰᠢᠷ᠎ᠠ ᠬᠡᠵᠢᠬᠡ ᠲᠠᠢ ᠶᠤᠯᠬᠤᠭᠤᠷ ᠬᠤᠶᠠᠷ ᠬᠦᠮᠦᠨ ᠢ ᠰᠠᠭᠤᠯᠭᠠᠭᠠᠳ᠂ ᠤᠯᠠᠭᠠᠨ ᠲᠤᠷᠭᠠᠨ ᠲᠡᠬᠡᠷ᠎ᠡ | ᠡᠯᠳᠡᠪ ᠦᠩᠭᠡ ᠶᠢᠨ ᠬᠤᠸᠠᠷ ᠬᠠᠳᠬᠤᠮᠠᠯ ᠲᠠᠢ ᠬᠦᠷᠮ᠎ᠡ ᠨᠦᠮᠦᠷᠦᠭᠰᠡᠨ ᠨᠢᠬᠡ ᠤᠬᠤᠨ᠎ᠠ᠂ ᠬᠠᠷ᠎ᠠ ᠰᠢᠯ ᠵᠡᠬᠦᠭᠰᠡᠨ | ᠨᠠᠷᠢᠬᠠᠨ ᠦᠨᠳᠦᠷ ᠬᠦᠳᠦᠯᠦᠭᠴᠢ ᠵᠠᠯᠠᠭᠤ ᠪᠠᠷ ᠰᠢᠪᠳᠠᠭᠤᠯᠵᠤ᠂ ᠬᠡ ᠤᠭᠠᠯᠵᠠᠯᠠᠭᠰᠠᠨ ᠪᠦᠷᠬᠦᠬᠦᠯ ᠲᠠᠢ ᠬᠤᠶᠠᠷ | ᠬᠦᠮᠦᠨ ᠰᠠᠭᠤᠬᠤ ᠲᠡᠮᠤᠷ ᠲᠡᠷᠬᠡ ᠶᠢ ᠬᠠᠶᠢᠷ ᠴᠢᠯᠠᠭᠤᠨ ᠵᠠᠮ ᠢᠶᠠᠷ ᠬᠦᠴᠢᠷᠳᠠᠶᠢᠬᠠᠨ ᠴᠢᠷᠴᠤ ᠵᠢᠳᠬᠦᠬᠦ ᠨᠢ | ᠬᠠᠷᠠᠭᠳᠠᠪᠠ᠃ | ᠡ︕ ᠢᠮᠠᠭ᠎ᠠ ᠶᠢ ᠪᠠᠰᠠ ᠲᠡᠷᠬᠡᠨ ᠳᠤ ᠬᠦᠯᠳᠡᠭ ᠤᠤ︖ ᠪᠢ ᠲᠤᠩ ᠰᠤᠴᠢᠪᠠ᠃ ᠨᠡᠩ | ᠴᠦ ᠬᠦᠬᠡᠷᠦᠬᠦᠶᠢᠯᠡᠯᠳᠡᠢ ᠲᠡᠷᠡ ᠢᠮᠡᠭᠠᠨᠨ ᠤ ᠲᠤᠰᠤ ᠨᠢ ᠪᠠᠷᠠᠵᠤ ᠪᠦᠬᠦᠬᠦ ᠶᠢ ᠰᠢᠬᠠᠭᠰᠠᠨ ᠵᠤᠯᠠ ᠰᠢᠭ᠋ ᠨᠤᠶᠢᠷᠮᠤᠭ | ᠨᠢᠳᠤ ᠨᠠᠳᠠ ᠤᠯᠠᠨ ᠶᠠᠭᠤᠮ᠎ᠠ ᠶᠠᠷᠢᠬᠤ ᠰᠢᠤᠬᠠᠨ ᠪᠤᠯᠬᠤ ᠳᠤ ᠪᠢ ᠦᠨᠡᠬᠡᠷ ᠠᠶᠢᠳᠠᠰ ᠬᠦᠷᠪᠡ᠃ | ᠬᠦᠳᠡᠯᠬᠡᠬᠡᠨ ᠲᠠᠭᠤᠰᠴᠤ ᠪᠢᠳᠡ ᠪᠤᠴᠠᠬᠤ ᠪᠤᠯᠪᠠ᠃ ᠬᠡᠳᠦᠶᠢᠪᠡᠷ ᠤᠯᠠᠨ ᠰᠤᠨᠢᠨ ᠶᠠᠭᠤᠮ᠎ᠠ | ᠦᠵᠡᠵᠤ ᠰᠤᠨᠢᠷᠬᠠᠨ 《 ᠦᠵᠡᠬᠡᠳᠦᠢ ᠪᠠᠨ ᠦᠵᠡᠵᠤ ᠦᠬᠡᠷ ᠴᠠᠮ ᠬᠠᠷᠠᠶᠢᠬᠤ 》 ᠬᠡᠮᠡᠷ ᠪᠤᠯᠤᠭᠰᠠᠨ ᠴᠦ ᠲᠡᠷᠡ | ᠢᠮᠠᠭᠠᠨ ᠤ ᠨᠢᠳᠤ ᠨᠠᠳᠠ ᠨᠢᠬᠡ ᠵᠠᠮ ᠦᠵᠡᠭᠳᠡᠨ ᠶᠠᠭ ᠯᠠ 《 ᠨᠠᠮ᠎ᠠ ᠶᠢ ᠲᠡᠷᠬᠡᠨ ᠠᠴᠠ ᠬᠤᠷᠳᠤᠨ | ᠰᠤᠯᠠᠯᠠᠬᠤ ᠪᠤᠯᠪᠠᠤ︕ 》 ᠬᠡᠵᠤ ᠭᠤᠶᠤᠵᠤ ᠪᠠᠶᠢᠬᠤ ᠮᠡᠳᠤ ᠰᠠᠨᠠᠭᠳᠠᠬᠤ ᠲᠤᠳᠤᠮ ᠲᠤᠳᠤᠷ᠎ᠠ ᠨᠢᠬᠡ ᠯᠠ | ᠬᠤᠭᠤᠰᠤᠨ ᠪᠤᠯᠴᠢᠬᠠᠯ᠎ᠠ … | | ᠪᠢᠷᠠᠭᠤ ᠳᠠᠬᠢ ᠮᠤᠩᠭᠤᠯ | ᠲᠤᠮᠳᠠᠳᠤ ᠰᠤᠷᠭᠠᠭᠤᠯᠢ | ᠲᠡᠭᠡᠳᠤ ᠬᠤᠶᠠᠷ ᠤᠨ | ᠨᠢᠬᠡ ᠪ᠊᠂ ᠨᠠᠨᠳᠢᠨ | ᠵᠢᠯᠤᠭᠤᠳᠤᠭᠰᠠᠨ ᠪᠠᠭᠰᠢ᠄ | ᠪᠤᠤ ᠶᠢᠨ ᠱᠠᠨ | |