ᠮᠢᠨᠤ ᠰᠠᠯᠪᠤᠷᠢ ᠶᠢᠨ ᠬᠠᠶᠢᠷᠬᠠᠨ
ᠨᠡᠶᠢᠲᠡᠯᠡᠭᠰᠡᠨ ᠴᠠᠭ᠄
2011/10/14
                                   ᠮᠢᠨᠤ ᠨᠤᠳᠤᠭ ᠪᠤᠯ ᠲᠤᠩ ᠤᠯᠠᠨ ᠠᠭᠤᠯᠨ ᠬᠠᠶᠢᠷᠬᠠᠨ᠂ ᠭᠤᠤᠯ ᠭᠤᠷᠤᠬ᠎ᠠ᠂ ᠷᠠᠰᠢᠶᠠᠨ ᠪᠤᠯᠠᠭ ᠲᠠᠢ ᠪᠠᠶᠢᠳᠠᠭ ᠡᠭᠡ ᠪᠠᠶᠢᠭᠠᠯᠢ ᠶᠢᠨ ᠠᠯᠳᠠᠨ ᠰᠤᠶᠤᠷᠬᠠᠯ ᠢ ᠬᠦᠷᠳᠡᠭᠰᠡᠨ ᠦᠵᠡᠰᠬᠦᠯᠡᠩ  ᠰᠠᠶᠢᠬᠠᠨ ᠭᠠᠵᠠᠷ ᠶᠤᠮ᠃                  ᠬᠡᠪᠡᠴᠦ ᠠᠳᠡ ᠪᠢ ᠲᠡᠷᠨ ᠪᠦᠬᠦᠨ ᠢ ᠪᠢᠴᠢᠬᠦ ᠪᠢᠰᠢ᠃ ᠬᠠᠷᠢᠨ ︽ᠰᠠᠯᠪᠤᠷᠢ ᠶᠢᠨ ᠬᠠᠶᠢᠷᠬᠠᠨ︾ ᠤ ᠪᠠᠨ ᠰᠤᠨᠢᠨ ᠭᠠᠶᠢᠬᠠᠮᠰᠢᠭ ᠢ ᠲᠤᠭᠠᠴᠢᠬᠤ ᠬᠡᠰᠡᠨ ᠶᠤᠮ᠃                  ᠡᠨᠡ ᠨᠢ ᠪᠤᠰᠤᠳ ᠠᠭᠤᠯᠨ ᠲᠠᠪᠠᠭ᠎ᠠ᠂ ᠰᠢᠯᠢ ᠬᠦᠳᠦᠯ ᠠᠴᠠ ᠤᠨᠴᠠᠭᠠᠢ ᠵᠠᠶᠢᠳᠠᠭᠤ ᠮᠦᠷᠳᠡᠭᠡᠨ ᠲᠡᠨᠢᠭᠡᠷᠭᠡᠨ ᠲᠠᠯ᠎ᠠ ᠳᠤ ᠬᠤᠶᠠᠷ ᠶᠡᠭᠡ ᠵᠠᠮ ᠤᠨ ᠰᠠᠯᠪᠤᠷᠢ ᠶᠢ ᠬᠠᠷᠠᠵᠦ ᠪᠠᠶᠢᠷᠢᠰᠢᠠᠠᠰᠠᠨ ᠠᠴᠠ ᠲᠡᠬᠦᠨ ᠢ ︽ᠰᠠᠯᠪᠤᠷᠢ ᠶᠢᠨ ᠬᠠᠶᠢᠷᠬᠠᠨ︾ ᠬᠡᠵᠦ ᠨᠡᠷᠡᠯᠡᠭᠰᠡᠨ ᠬᠡᠨ᠎ᠡ᠃                 ᠪᠢ ᠰᠠᠯᠪᠤᠷᠢ ᠶᠢᠨ ᠬᠠᠶᠢᠷᠬᠠᠨ ᠢᠶᠠᠨ ᠬᠠᠮᠤᠭ ᠤᠨ ᠬᠤᠯᠨ ᠬᠡᠵᠦ ᠰᠠᠨᠠᠨ᠂ ᠬᠠᠮᠤᠭ ᠠᠴᠠ ᠦᠨᠳᠦᠷ ᠬᠡᠵᠦ ᠪᠤᠳᠤᠨ ᠬᠠᠮᠤᠭ ᠤᠨ ᠠᠶᠤᠮᠠᠷ ᠬᠡᠮᠡᠨ ᠰᠡᠳᠬᠢᠭᠰᠡᠬᠡᠷ ᠨᠢᠭᠡ ᠮᠡᠳᠡᠬᠦ ᠳᠤ ᠠᠩᠬ᠎ᠠ ᠲᠤᠮᠳᠠᠳᠦ ᠶᠢᠨ ᠰᠤᠷᠤᠠᠠᠴᠢ ᠪᠤᠯᠴᠢᠬᠠᠠᠠᠰᠠᠨ ᠶᠤᠮ᠃               ᠪᠢ ᠪᠠᠭ᠎ᠠ ᠳᠠᠭᠠᠨ ᠠᠯᠢᠶ᠎ᠠ ᠭᠡᠦᠬᠡᠳ ᠪᠤᠯᠬᠤᠷ ᠨᠢᠭᠡ ᠤᠳᠠᠭ᠎ᠠ ᠠᠶᠢᠯ ᠤᠨ ᠨᠠᠶᠢᠵᠨ ᠲᠠᠢ ᠪᠠᠨ ᠨᠠᠭᠠᠳᠴᠤ ᠪᠠᠶᠢᠭᠠᠳ ᠰᠠᠯᠪᠤᠷᠢ ᠶᠢᠨ ᠬᠠᠶᠢᠷᠬᠠᠨ ᠤ ᠡᠩᠭᠡᠷ ᠲᠤ ᠪᠠᠶᠢᠭ᠎ᠠ ᠪᠦᠳᠦᠬᠦᠨ ᠮᠤᠳᠤᠨ ᠤ ᠰᠠᠯᠠᠭᠠᠨ ᠳᠤ ᠬᠠᠪᠴᠢᠠᠠᠳᠠᠴᠢᠬᠠᠪᠠ᠃ ᠶᠠᠭᠠᠬᠢᠵᠦ ᠲᠡᠯᠴᠢᠯᠡᠭᠰᠡᠨ ᠴᠤ ᠪᠤᠯᠳᠤᠷᠢᠵᠦ ᠴᠢᠳ᠋ᠬᠠᠰᠠᠨ ᠦᠭᠡᠢ᠂ ᠪᠢ ᠠᠶᠤᠬᠤ ᠳᠠᠭᠠᠨ ᠡᠬᠡᠭ ᠲᠠᠳᠠᠨ ᠤᠬᠢᠯᠠᠬᠤ ᠳᠤ ᠴᠤᠭ ᠨᠠᠭᠠᠳᠤᠠᠠᠰᠠᠨ ᠬᠡᠦᠬᠡᠳ ᠤᠳ ᠴᠤ ᠰᠠᠨᠳᠤᠷᠤᠨ ᠨᠠᠮ᠎ᠠ ᠶᠢ ᠭᠠᠷᠭᠠᠬᠤ ᠪᠠᠷ ᠲᠠᠳᠠᠬᠤ ᠨᠢ ᠲᠠᠳᠠᠵᠦ᠂ ᠲᠦᠯᠬᠢᠬᠦ ᠨᠢ ᠲᠦᠯᠬᠢᠵᠦ ᠪᠦᠷ ᠴᠤ ᠠᠷᠭ᠎ᠠ ᠪᠠᠨ ᠪᠠᠷᠠᠪᠠ᠃ ᠲᠡᠬᠡᠬᠦ ᠳᠤ ᠤᠬᠠᠭᠠᠨ ᠰᠠᠭᠤᠠᠠᠰᠠᠨ ᠠᠯᠢ ᠨᠢᠬᠡ ᠨᠢ ᠶᠤᠮ ᠪᠤᠤ ᠮᠡᠳᠡ᠂ ᠡᠪᠦᠭᠡ ᠡᠮᠡᠭᠡ ᠶᠢ ᠮᠢᠨᠢ ᠲᠠᠭᠤᠳᠠᠨ ᠠᠪᠴᠢᠷᠬᠠᠰᠠᠨ ᠪᠠᠶᠢᠯ᠎ᠠ᠃ ᠪᠢ ᠴᠤ ᠠᠪᠤᠷᠬᠠᠴᠢ ᠤᠳᠤᠨ ᠢᠶᠠᠨ ᠬᠠᠷᠬᠠᠰᠠᠨ ᠪᠤᠯᠵᠦ ᠤᠯᠠᠮ ᠴᠤ ᠦᠨᠳᠦᠷ ᠲᠠᠭᠤᠨ ᠢᠶᠠᠨ ᠮᠠᠨᠳᠤᠭᠤᠯᠪᠠ᠃ ᠡᠮᠡᠭᠡ ᠮᠢᠨᠤ ᠲᠤᠯᠤᠭᠠᠢ ᠶᠢ ᠲᠡᠪᠡᠷᠢᠨ ᠬᠦᠯᠦᠰᠦ ᠨᠢᠯᠪᠤᠰᠤ ᠶᠢ ᠠᠷᠴᠢᠠᠠᠰᠠᠭᠠᠷ ︽ᠵᠨ᠂ ᠵᠨ ᠪᠤᠤ ᠤᠬᠢᠯᠨ᠂ ᠬᠠᠶᠢᠷᠬᠠᠨ  ᠳᠠᠭᠠᠨ ᠪᠤᠷᠤᠭᠤ ᠪᠠᠨ ᠲᠤᠭᠠᠴᠢ︾ ᠭᠡᠳ ᠶᠠᠭᠠᠷᠠᠤ ᠰᠠᠨᠳᠤᠷᠤᠤ ᠡᠪᠦᠭᠡ ᠶᠢᠨ ᠵᠠᠬ᠎ᠠ ᠳᠤ ᠤᠴᠢᠨ ᠬᠤᠶᠠᠭᠤᠯᠨ ᠵᠡᠷᠭᠡᠴᠡᠨ ᠰᠦᠬᠦᠳᠴᠦ ᠴᠡᠩᠬᠡᠷ ᠬᠠᠳᠠᠭ ᠲᠡᠭᠡᠷ᠎ᠡ ᠬᠤᠷᠤᠳ ᠰᠢᠷ᠎ᠠ ᠲᠤᠰᠤ ᠪᠤᠤᠪᠤ ᠦᠷᠦᠭᠡᠳ ᠰᠠᠯᠪᠤᠷᠢ ᠶᠢᠨ ᠬᠠᠶᠢᠷᠬᠠᠨ ᠵᠦᠭ ᠮᠦᠷᠬᠦᠵᠦ ᠭᠠᠷᠪᠠ᠃ ᠬᠡᠬᠦ ᠳᠡᠭᠡᠨ ᠮᠠᠨ ᠤ ᠬᠠᠮᠳᠤ ᠶᠢᠨ ᠤᠡᠭᠰᠢᠯᠭ᠎ᠠ ᠪᠤᠯᠳᠠᠭ ᠰᠢᠭ  ᠲᠠᠭᠤᠨ ᠨᠢᠬᠡᠲᠡᠢ ︽ᠰᠠᠯᠪᠤᠷᠢ ᠶᠢᠨ ᠬᠠᠶᠢᠷᠬᠠᠨ ᠤ ᠨᠠᠪᠳᠠᠭ ᠰᠠᠪᠳᠠᠭ ᠦᠷᠦᠰᠢᠶᠡ ︐ ᠦᠷ᠎ᠡ ᠤᠮᠪᠤᠯᠤ ᠶᠢ ᠮᠢᠨᠢ ᠦᠷᠦᠰᠢᠶᠡᠨ ᠰᠤᠶᠤᠷᠬᠠᠴᠢ — ᠦᠶ᠎ᠡ ᠶᠢᠨ ᠦᠶ᠎ᠡ ᠳᠡᠭᠡᠨ ᠦᠷᠦᠰᠢᠶᠡᠯ ᠢ ᠴᠢᠨᠢ  ᠬᠦᠷᠳᠡᠨ᠂ ᠵᠠᠯᠪᠠᠷᠢᠨ‌‍ᠲ᠋ᠠᠬᠢᠵᠦ ᠬᠦᠨᠳᠦᠳᠭᠡᠵᠦ ᠶᠠᠪᠤᠶ᠎ᠠ᠃︾ ᠬᠡᠵᠦ  ᠦᠬᠦᠯᠡᠨ ᠭᠤᠷᠪᠠᠨᠳᠠ ᠮᠦᠷᠬᠦᠬᠡᠳ ᠨᠠᠮᠢᠢᠢ ᠪᠠᠰᠨ ᠬᠡᠯᠡᠬᠦᠯᠦᠭᠰᠡᠭᠡᠷ ᠡᠪᠦᠭᠡ ᠮᠢᠨᠢ ᠮᠦᠷᠦ ᠠᠴᠠ ᠡᠷᠬᠦᠰᠬᠢᠨ ᠲᠠᠳᠠᠨ ᠭᠠᠷᠭᠠᠪᠠ᠃ ᠡᠪᠦᠭᠡ ᠡᠮᠡᠭᠡ ᠬᠤᠶᠠᠭᠤᠯᠨ ᠲᠦᠪ ᠴᠢᠷᠠᠶᠢᠯᠠᠨ ᠨᠠᠮ᠎ᠠ ᠶᠢ ᠲᠤᠮᠳᠠ ᠪᠠᠨ ᠰᠦᠬᠦᠳᠬᠡᠨ ᠭᠤᠷᠪᠠᠭᠤᠯᠨ ᠲᠠᠬᠢᠨᠳᠠ ᠮᠦᠷᠬᠦᠭᠡᠳ ᠬᠠᠷᠢᠵᠦ ᠢᠷᠡᠭᠰᠡᠨ ᠶᠤᠮ᠃ ᠲᠡᠷᠡ ᠡᠳᠦᠷ ᠠᠴᠠ ᠬᠤᠶᠢᠨ᠎ᠠ ᠪᠢ  ᠰᠠᠯᠪᠤᠷᠢ ᠶᠢᠨ ᠠᠭᠤᠯᠨ ᠶᠢ ᠦᠬᠡ ᠮᠡᠳᠡᠳᠡᠭ ᠪᠤᠯᠪᠠ ᠤᠤ︖ ᠬᠡᠵᠦ ᠪᠤᠳᠤᠬᠤ ᠪᠤᠯᠤᠠᠠᠰᠠᠨ  ᠪᠦᠭᠡᠳ ᠡᠨᠡ ᠠᠭᠤᠯᠠ ᠨᠠᠮᠢᠢᠢ ᠠᠭᠤᠷᠯᠠᠵᠦ ᠪᠠᠶᠢᠨ᠎ᠠ ᠬᠡᠵᠦ ᠤᠯᠠᠨᠳᠠ ᠵᠡᠬᠦᠳᠦᠯᠡᠭᠰᠡᠨ ᠪᠢᠯᠡ᠃                    ᠨᠠᠮ᠎ᠠ ᠶᠢ ᠶᠠᠭᠤᠮ᠎ᠠ ᠮᠡᠳᠡᠬᠦ ᠪᠤᠯᠤᠠᠠᠰᠠ ᠠᠴᠠ ᠠᠪᠤᠭᠠᠳ ᠮᠠᠨ ᠤ ᠬᠢᠨ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠳᠤ ᠡᠪᠦᠭᠡ ᠠᠪᠤ ᠠᠪᠠᠭ᠎ᠠ ᠬᠡᠳᠦᠬᠦᠯᠨ ᠦᠷ ᠴᠦᠷ  ᠢᠶᠠᠷ ᠪᠤᠰᠤᠨ ᠲᠦᠷᠦᠬᠦᠤ ᠪᠦᠬᠦᠯᠢ ᠡᠳᠦᠷ ᠲᠤᠵᠢ ᠪᠡᠯᠡᠳᠭᠡᠭᠰᠡᠨ ᠰᠢᠬᠦᠰᠦ᠂ ᠴᠠᠭᠠᠨ‌ᠢᠳᠡᠭᠡᠨ᠂ ᠠᠷᠢᠬᠢ᠂ ᠴᠠᠢ᠂ ᠪᠤᠤᠪᠤ ᠪᠠᠨ‌ᠡᠬᠦᠷᠦᠭᠡᠳ ᠲᠠᠬᠢᠯᠭ᠎ᠠ ᠳᠤ ᠶᠠᠪᠤᠳᠠᠭ᠃ ᠮᠠᠨ ᠤ ᠬᠢᠨ ᠵᠢᠯ ᠵᠢᠯ  ᠠᠶᠢᠯ ᠪᠦᠬᠦᠨ ᠢᠡᠭᠬᠢᠵᠦ ᠯᠠ ᠰᠠᠭᠠᠯᠢ  ᠶᠢᠨ ᠲᠡᠭᠡᠵᠢ᠂ ᠢᠳᠡᠭᠡᠨ ᠤ ᠣᠬᠢ ᠪᠠᠨ ᠰᠠᠯᠪᠤᠷᠢ ᠶᠢᠨ ᠬᠠᠶᠢᠷᠬᠠᠨ ᠳᠠᠭᠠᠨ ᠡᠷᠬᠦᠵᠦ ᠯᠨ ᠪᠠᠶᠢᠳᠠᠭ᠃ ᠭᠡᠯᠡᠪᠡᠯ ᠪᠠᠰᠠ ᠰᠤᠨᠢᠨ ᠶᠤᠮ᠃ ᠪᠤᠷᠤᠭᠠᠨ ᠬᠤᠷ᠎ᠠ ᠦᠬᠡᠢ ᠬᠡᠳᠦᠢ ᠭᠠᠨᠭ᠌ ᠬᠠᠭᠤᠷᠠᠢ ᠪᠠᠶᠢᠠᠠᠰᠠᠨ ᠴᠣ᠋ ᠰᠠᠯᠪᠤᠷᠢ ᠶᠢᠨ ᠬᠠᠶᠢᠷᠬᠠᠨ ᠢ ᠲᠠᠬᠢᠮᠬᠠᠴᠠ ᠯᠠᠪᠳᠠᠢ ᠪᠤᠷᠤᠭᠠᠨ ᠤᠷᠤᠨ᠎ᠠ᠃ ᠪᠢ ᠪᠠᠭ᠎ᠠ ᠳᠠᠭᠠᠨ ︽ᠠᠪᠤ ᠡ᠂ ᠰᠠᠯᠪᠤᠷᠢ ᠶᠢᠨ ᠬᠠᠶᠢᠷᠬᠠᠨ ᠢ ᠲᠠᠬᠢᠬᠤ ᠦᠬᠡᠢ ᠪᠤᠯ ᠶᠠᠭᠤᠨ ᠳᠤ ᠪᠤᠷᠤᠭᠠᠨ ᠦᠭᠳᠡᠭ ᠦᠬᠡᠢ ᠪᠤᠢ︖︾ ᠬᠡᠵᠦ ᠠᠰᠠᠭᠤᠳᠠᠭ ᠪᠠᠶᠢᠠᠠᠰᠠᠨ ᠪᠢᠯᠡ᠃                   ᠨᠡᠩ ᠰᠤᠨᠢᠨ ᠨᠢ ᠬᠡᠳᠦᠢ ᠭᠠᠨᠭ᠌ ᠵᠢᠯ ᠪᠤᠯᠤᠭ᠎ᠠ ᠴᠤ ᠰᠠᠯᠪᠤᠷᠢ ᠶᠢᠨ ᠬᠠᠶᠢᠷᠬᠠᠨ ᠤ ᠮᠢᠨᠢ ᠮᠤᠳᠤᠳ ᠨᠢ ᠢᠠᠠᠴᠢ᠂ ᠡᠪᠡᠰᠦ ᠨᠢ ᠴᠡᠯᠠᠭᠡᠷᠡᠨ᠂ ᠵᠦᠢᠯ ᠤᠨ ᠴᠡᠴᠡᠭ ᠦᠡᠭᠭᠡ ᠢᠯᠭᠠᠷᠠᠨ ᠮᠢᠷᠠᠯᠵᠠᠵᠦ᠂ ᠦᠡᠭ ᠦᠭᠬᠢᠶᠡᠮᠦᠷ ᠯᠠ ᠪᠠᠶᠢᠳᠠᠭ᠃ ᠨᠠᠮᠤᠷ ᠨᠠᠮᠤᠷ ᠦᠷᠡᠯ ᠮᠤᠶᠢᠯ ᠮᠤᠨᠴᠤᠠᠠᠯᠠᠨ ᠴᠤᠬᠤᠮ ᠴᠤ ᠬᠠᠷᠠᠵᠦ ᠬᠠᠷᠭᠤᠠᠠᠰᠠᠨ ᠪᠦᠬᠦᠨ ᠤ ᠰᠢᠯᠦᠰᠦ ᠶᠢ ᠭᠤᠭᠤᠵᠢᠭᠤᠯᠵᠦ᠂ ᠨᠢᠳᠦ ᠶᠢ ᠨᠢ ᠬᠤᠵᠢᠷᠯᠠᠬᠤ ᠶᠤᠮ᠃ ᠪᠢ ᠠᠷᠤ ᠬᠡᠷ ᠲᠡᠭᠡᠨ ᠬᠠᠷᠢᠬᠤ ᠪᠤᠯᠭᠠᠨ ᠬᠠᠮᠤᠭ ᠤᠨ ᠬᠤᠯᠠ ᠠᠴᠠ  ᠰᠠᠯᠪᠤᠷᠢ ᠶᠢᠨ ᠬᠠᠶᠢᠷᠬᠠᠨ ᠤ ᠪᠠᠨ ᠪᠠᠷ᠎ᠠ ᠶᠢ ᠬᠠᠷᠠᠭᠠᠳ ᠯᠨ ᠬᠤᠷᠳᠤᠨ ᠬᠦᠷᠬᠦ ᠶᠢᠨ ᠬᠦᠰᠡᠯ ᠲᠡᠷᠪᠡᠳᠡᠭ ᠪᠢᠯᠡ᠃                    ᠰᠠᠯᠪᠤᠷᠢ ᠶᠢᠨ ᠬᠠᠶᠢᠷᠬᠠᠨ ᠤ ᠮᠢᠨᠢ ᠮᠤᠳᠤ ᠨᠢ ᠴᠤ ᠰᠤᠨᠢᠨ᠂ ᠴᠢᠯᠠᠭᠤ ᠨᠢ ᠴᠤ ᠰᠤᠨᠢᠨ᠂ ᠰᠤᠨᠢᠨ ᠭᠠᠶᠢᠬᠠᠮᠰᠢᠭ ᠲᠠᠢ ᠨᠤᠳᠤᠭ ᠤᠨ ᠡᠨᠡ ᠠᠭᠤᠯᠠᠨ ᠳᠠᠭᠠᠨ ᠪᠢ ᠨᠠᠰᠤᠨ ᠲᠤᠷᠰᠢᠳᠠ ᠪᠠᠨ ᠬᠠᠶᠢᠷᠠᠳᠠᠢ᠃                   ᠵᠣᠬᠢᠶᠠᠭᠴᠢ᠄ ᠪᠢᠷᠠᠭᠤ ᠳᠠᠬᠢ ᠮᠣᠩᠭᠤᠯ ᠲᠣᠮᠳᠠᠳᠣ ᠰᠣᠷᠭᠠᠭᠤᠯᠢ ᠶᠢᠨ ᠰᠣᠷᠣᠭᠴᠢ   
 
ᠢᠷᠡᠯᠲᠡ᠄ http://www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号