| ᠠᠭᠤᠯᠭ᠎ᠠ ᠶᠢᠨ ᠲᠤᠪᠴᠢ ᠄ ᠲᠤᠰ ᠦᠭᠦᠯᠡᠯ ᠳᠤ ᠵᠤᠬᠢᠶᠠᠭᠴᠢ ᠠᠴᠠ ᠵᠢᠪᠽᠤᠨᠳᠠᠮᠪᠠ ᠬᠤᠳᠤᠭᠳᠤ ᠶᠢᠨ ᠲᠤᠬᠠᠢ | ᠲᠤᠪᠴᠢ ᠲᠠᠨᠢᠯᠴᠠᠭᠤᠯᠬᠤ ᠶᠢᠨ ᠬᠠᠮᠳᠤ᠂ ᠤᠷᠢᠳᠠᠬᠢ ᠡᠷᠳᠡᠮᠳᠡᠳ ᠤᠨ ᠰᠤᠳᠤᠯᠭᠠᠨ ᠤ ᠰᠠᠭᠤᠷᠢᠨ ᠳᠡᠭᠡᠷ᠎ᠡ | ᠲᠠᠶᠢᠴᠢᠩ ᠭᠦᠷᠦᠨ ᠠᠴᠠ ᠵᠢᠪᠽᠤᠨᠳᠠᠮᠪᠠ ᠬᠤᠳᠤᠭᠳᠤ ᠳᠤ ᠤᠯᠭᠤᠭᠰᠠᠨ ᠤᠨᠴᠠᠭᠠᠢ ᠡᠷᠬᠡ ᠠᠰᠢᠭ᠂ ᠪᠠᠶᠢᠷᠢ | ᠰᠠᠭᠤᠷᠢ ᠶᠢᠨ ᠲᠤᠬᠠᠢ ᠵᠠᠳᠠᠯᠤᠨ ᠰᠢᠨᠵᠢᠯᠡᠬᠦ ᠶᠢᠨ ᠳᠠᠭᠠᠤ ᠵᠢᠪᠽᠤᠨᠳᠠᠮᠪᠠ ᠬᠤᠳᠤᠭᠳᠤ ᠶᠢᠨ ᠴᠢᠩ ᠬᠡᠮᠡᠭᠦ ᠦᠨᠡᠨ | ᠰᠡᠳᠬᠢᠯ ᠠᠴᠠ ᠴᠢᠩ ᠤᠨ ᠲᠦᠷᠦ ᠲᠦᠮᠡᠨ ᠦᠶ᠎ᠡ ᠪᠠᠳᠤᠵᠢᠵᠤ᠂ ᠡᠵᠡᠨ ᠬᠠᠭᠠᠨ ᠡᠭᠦᠷᠢᠳᠡ ᠠᠮᠤᠭᠤᠯᠠᠩ | ᠪᠠᠶᠢᠬᠤ ᠶᠢ ᠡᠳᠤᠷ ᠰᠦᠨᠢ ᠶᠢᠨ ᠬᠤᠪᠢᠨ ᠳᠤ ᠵᠠᠯᠪᠠᠷᠢᠵᠤ ᠳᠠᠭᠠᠳᠬᠠᠵᠤ ᠪᠠᠶᠢᠭᠰᠠᠨ ᠲᠤᠬᠠᠢ ᠦᠭᠦᠯᠡᠭᠰᠡᠨ ᠪᠠᠶᠢᠨ᠎ᠠ᠃ | | ᠲᠦᠯᠬᠢᠭᠦᠷ ᠦᠭᠡ ᠄ ᠲᠠᠶᠢᠴᠢᠩ ᠭᠦᠷᠦᠨ ᠵᠢᠪᠽᠤᠨᠳᠠᠮᠪᠠ | ᠬᠤᠳᠤᠭᠳᠤ ᠤᠨᠴᠠᠭᠠᠢ ᠡᠷᠬᠡ ᠪᠠᠶᠢᠷᠢ ᠰᠠᠭᠤᠷᠢ | | 16 ᠳ᠋ᠤᠭᠠᠷ ᠵᠠᠭᠤᠨ ᠤ ᠲᠤᠮᠳᠠᠴᠢ ᠪᠠᠷ ᠮᠤᠩᠭᠤᠯ ᠤᠷᠤᠨ ᠳᠤ ᠰᠢᠷ᠎ᠠ ᠶᠢᠨ ᠱᠠᠰᠢᠨ | ᠳᠡᠯᠭᠡᠷᠡᠭᠰᠡᠨ ᠠᠴᠠ ᠨᠠᠭᠠᠰᠢ᠂ ᠮᠤᠩᠭᠤᠯ ᠤᠨ ᠡᠯ᠎ᠡ ᠠᠶᠢᠮᠠᠭ ᠤᠨ ᠨᠤᠶᠠᠳ ᠢᠵᠠᠭᠤᠷᠲᠠᠨ ︽ᠬᠠᠮᠤᠭ ᠠᠮᠢᠲᠠᠨ | ᠵᠢᠷᠭᠤᠭᠠᠨ ᠵᠤᠶᠢᠯ ᠤᠨ ᠵᠢᠷᠭᠠᠯᠠᠩ ᠤᠨ ᠲᠦᠯᠤᠭᠡ︾ ᠬᠡᠮᠡᠨ ᠶᠡᠭᠡ ᠬᠡᠮᠵᠢᠶᠡᠨ ᠤ ᠡᠳ᠋ ᠮᠦᠩᠭᠦ ᠭᠠᠷᠭᠠᠨ ᠰᠦᠮ᠎ᠡ | ᠬᠡᠶᠢᠳ ᠦᠢᠯᠡᠳᠤᠨ ᠨᠤᠮ ᠭᠦᠷᠢᠮ ᠬᠢᠵᠤ ᠪᠠᠶᠢᠭᠰᠠᠨ ᠪᠢᠯᠡ᠃ 17 ᠳ᠋ᠤᠭᠠᠷ ᠵᠠᠭᠤᠨ ᠤ ᠦᠶ᠎ᠡ ᠠᠴᠠ ᠡᠬᠢᠯᠡᠨ ᠴᠢᠩ | ᠤᠨ ᠲᠦᠷᠤ ᠠᠷᠤ ᠦᠪᠤᠷ ᠮᠤᠩᠭᠤᠯ ᠢ ᠡᠷᠬᠡᠰᠢᠶᠡᠯ ᠳᠡᠭᠡᠨ ᠤᠷᠤᠭᠤᠯᠤᠭᠰᠠᠨ ᠤ ᠳᠠᠷᠠᠭ᠎ᠠ ᠮᠤᠩᠭᠤᠯᠴᠤᠳ ᠤᠨ | ᠡᠷᠬᠡ ᠬᠦᠴᠦᠨ ᠢ ᠠᠰᠢᠭᠯᠠᠵᠤ᠂ ᠦᠪᠡᠷ ᠤᠨ ᠲᠦᠰᠢᠭ ᠨᠠᠶᠢᠳᠠᠪᠤᠷᠢ ᠪᠠᠨ ᠪᠤᠯᠭᠠᠬᠤ ᠪᠤᠳᠤᠯᠭ᠎ᠠ ᠪᠠᠷ ᠮᠠᠰᠢ ᠤᠯᠠᠨ | ᠸᠠᠩ ᠭᠦᠩ ᠲᠠᠶᠢᠵᠢ᠂ ᠲᠠᠪᠤᠨᠠᠩ ᠯᠤᠭ᠎ᠠ ᠦᠬᠢᠳ ᠬᠡᠤᠬᠡᠳ ᠢᠶᠠᠨ ᠰᠤᠯᠢᠯᠴᠠᠨ ᠤᠷᠤᠭ ᠰᠠᠳᠤᠨ ᠪᠤᠯᠵᠤ᠂ ᠪᠠᠰᠠ | ᠮᠤᠩᠭᠤᠯ ᠢᠵᠠᠭᠤᠷᠲᠠᠨ ᠤ ᠵᠡᠷᠭᠡ ᠬᠡᠷᠬᠡᠮ ᠢ ᠲᠤᠭᠳᠠᠭᠠᠵᠤ᠂ ᠴᠠᠯᠢᠩ ᠹᠦᠩᠯᠤ ᠤᠯᠭᠤᠨ᠂ ᠴᠡᠷᠢᠭ ᠵᠠᠰᠠᠭ ᠢ | ᠵᠤᠬᠢᠶᠠᠨ ᠪᠠᠶᠢᠭᠤᠯᠤᠨ᠂ ᠬᠢᠯᠢ ᠬᠢᠵᠠᠭᠠᠷ ᠢ ᠰᠠᠬᠢᠭᠤᠯᠬᠤ ᠪᠤᠶᠤ ᠮᠤᠩᠭᠤᠯ ᠴᠡᠷᠢᠭ ᠢ ᠲᠠᠶᠢᠴᠢᠯᠠᠨ ᠪᠤᠰᠤᠳ | ᠦᠨᠳᠤᠰᠤᠲᠡᠨ ᠤ ᠴᠢᠩ ᠤᠨ ᠨᠤᠶᠠᠷᠬᠠᠯ ᠢ ᠡᠰᠡᠷᠭᠦᠴᠡᠬᠦ ᠶᠢ ᠳᠠᠷᠤᠩᠭᠤᠶᠢᠯᠠᠵᠤ᠂ ᠮᠠᠨᠵᠤ ᠮᠤᠩᠭᠤᠯ ᠤᠨ | ᠬᠤᠭᠤᠷᠤᠨᠳᠤ ᠪᠠᠨ ︽ᠮᠠᠰᠢ ᠨᠠᠶᠢᠷᠳᠠᠢ︾ ᠪᠤᠯᠤᠭᠰᠠᠨ ᠪᠠᠶᠢᠨ᠎ᠠ᠃ ᠶᠠᠭ ᠡᠶᠢᠮᠤ ᠨᠢᠭᠡᠨ ᠵᠠᠩᠭᠢᠯᠠᠭ᠎ᠠ ᠶᠢᠨ ᠦᠶ᠎ᠡ ᠳᠤ᠂ | ᠬᠠᠯᠬ᠎ᠠ ᠶᠢᠨ ᠲᠦᠰᠢᠶᠡᠳᠤ ᠬᠠᠨ ᠭᠤᠮᠪᠤᠳᠤᠷᠵᠢ ᠶᠢᠨ ᠭᠡᠷ ᠲᠤ ︽ᠬᠤᠪᠢᠯᠭᠠᠨ︾ ᠬᠦᠪᠡᠭᠦᠨ ᠮᠡᠨᠳᠤᠯᠡᠭᠰᠡᠨ ᠴᠢᠮᠡᠭᠡ | ᠬᠠᠯᠬ᠎ᠠ ᠲᠠᠶᠠᠭᠠᠷ ᠲᠦᠭᠡᠬᠦ ᠳᠤ᠂ ᠪᠠᠷᠠᠭᠤᠨ ᠵᠤᠤ ᠶᠢᠨ ᠲᠠᠯᠠᠢ ᠪᠯᠠᠮ᠎ᠠ᠂ ᠪᠠᠨᠴᠢᠨ ᠡᠷᠳᠡᠨᠢ ᠪᠠᠷ ᠦᠵᠡᠭᠦᠯᠪᠡᠰᠤ᠂ | ᠲᠡᠭᠡᠳᠤ ᠲᠦᠷᠦᠯ ᠤᠨ ᠲᠠᠷᠠᠨᠠᠳᠠ ᠶᠢᠨ ᠬᠤᠪᠢᠯᠭᠠᠨ ᠬᠡᠮᠡᠨ ᠲᠠᠨᠢᠭᠰᠠᠨ ᠢ ᠴᠢᠩ ᠤᠨ ᠲᠦᠷᠦ ᠶᠢᠨ ᠡᠩᠬᠡ | ᠠᠮᠤᠭᠤᠯᠠᠩ ᠬᠠᠭᠠᠨ ᠰᠤᠨᠤᠰᠤᠭᠠᠳ ᠮᠠᠰᠢᠳᠠ ᠪᠠᠶᠠᠷᠯᠠᠵᠤ ᠲᠤᠬᠢᠶᠠᠯ ᠪᠤᠯᠪᠠ ᠭᠡᠵᠤ ᠵᠢᠪᠽᠤᠨᠳᠠᠮᠪᠠ ᠶᠢ ︽ᠱᠠᠰᠢᠨ ᠢ | ᠮᠠᠨᠳᠤᠭᠤᠯᠬᠤ ᠠᠮᠢᠲᠠᠨ ᠢ ᠵᠢᠷᠭᠠᠭᠤᠯᠤᠭᠴᠢ ᠪᠤᠭᠳᠠ ᠬᠤᠳᠤᠭᠳᠤ︾ ᠬᠡᠮᠡᠨ ᠡᠷᠭᠦᠮᠵᠢᠯᠡᠵᠤ᠂ ᠡᠳ᠋ ᠮᠦᠩᠭᠦ ᠭᠠᠷᠭᠠᠨ᠂ | ᠪᠤᠭᠳᠠ ᠶᠢᠨ ᠬᠦᠷᠢᠶ᠎ᠡ ︵ᠡᠳᠤᠭᠡ ᠶᠢᠨ ᠤᠯᠠᠭᠠᠨᠪᠠᠭᠠᠳᠤᠷ ᠬᠤᠳᠠ︶ ᠶᠢ ᠡᠭᠦᠰᠭᠡᠨ ᠪᠠᠶᠢᠭᠤᠯᠵᠤ᠂ ᠰᠢᠷ᠎ᠠ ᠶᠢᠨ | ᠱᠠᠰᠢᠨ ᠢ ᠶᠡᠭᠡ ᠪᠠᠷ ᠲᠡᠯᠭᠡᠷᠡᠭᠦᠯᠵᠦ ᠱᠠᠰᠢᠨ ᠳᠤ ᠪᠢᠰᠢᠷᠡᠯᠲᠠᠢ ᠬᠠᠯᠬᠠᠴᠤᠳ ᠢ ᠤᠶᠤᠨ ᠰᠠᠨᠠᠭᠠᠨ ᠠᠴᠠ ᠨᠢ | ᠭᠦᠯᠢᠶᠡᠰᠦᠯᠡᠭᠰᠡᠨ ᠪᠠᠶᠢᠨ᠎ᠠ᠃ | ᠲᠤᠬᠠᠢ ᠶᠢᠨ ᠦᠶ᠎ᠡ ᠳᠤ᠂ ᠲᠦᠪᠡᠳ ᠤᠨ ᠪᠤᠷᠬᠠᠨ ᠱᠠᠰᠢᠨ ᠤ ᠳᠤᠲᠤᠷ᠎ᠠ ᠬᠠᠮᠤᠭ ᠤᠨ ᠰᠦᠷ | ᠬᠦᠴᠤᠨ ᠲᠠᠢ ᠨᠢ ᠳᠠᠯᠠᠢ ᠪᠯᠠᠮ᠎ᠠ ᠬᠢᠭᠡᠳ ᠪᠠᠨᠴᠢᠨ ᠡᠷᠳᠡᠨᠢ ᠪᠤᠯᠤᠨ᠎ᠠ᠃ ᠮᠤᠩᠭᠤᠯ ᠤᠷᠤᠨ ᠳᠤ ᠬᠠᠮᠤᠭ ᠤᠨ | ᠡᠷᠬᠡ ᠰᠦᠷ ᠲᠠᠢ ᠨᠢ ᠵᠢᠪᠽᠤᠨᠳᠠᠮᠪᠠ ᠬᠤᠲᠤᠭᠳᠤ ᠪᠤᠯᠤᠭᠰᠠᠨ ᠪᠠᠶᠢᠨ᠎ᠠ᠃ ᠵᠢᠪᠽᠤᠨᠳᠠᠮᠪᠠ ᠬᠤᠲᠤᠭᠳᠤ ᠪᠤᠯ | 1635 ᠤᠨ ᠳᠤ ᠬᠠᠯᠬ᠎ᠠ ᠶᠢᠨ ᠲᠦᠰᠢᠶᠡᠳᠤ ᠬᠠᠨ ᠭᠤᠮᠪᠤᠳᠤᠷᠵᠢ ᠶᠢᠨ ᠬᠤᠶᠠᠳᠤᠭᠠᠷ ᠬᠦᠪᠡᠭᠦᠨ ᠪᠤᠯᠤᠨ | ᠵᠠᠶᠠᠭᠠᠵᠠᠢ᠃ ᠲᠡᠭᠦᠨ ᠤ ᠡᠬᠡ ᠨᠢ ᠬᠠᠳᠠᠨᠵᠠᠮᠰᠤ ᠪᠤᠯᠤᠨ᠎ᠠ᠃ ᠲᠡᠭᠦᠨ ᠤ ᠪᠠᠭ᠎ᠠ ᠶᠢᠨ ᠨᠡᠷ᠎ᠡ ᠨᠢ ᠵᠠᠨᠠᠪᠠᠽᠠᠷ ᠭᠡᠳᠡᠭ᠃ | ︽ᠵᠢᠪᠽᠤᠨ︾ ︽ᠳ᠋ᠠᠮᠪᠠ︾ ᠭᠡᠳᠡᠭ ᠨᠢ ᠲᠦᠪᠡᠳ ᠦᠭᠡ ︽ᠡᠷᠬᠢᠮ ᠳᠡᠭᠡᠳᠤ︾ ︽ᠲᠦᠪ ᠶᠤᠰᠤᠲᠠᠨ︾ ᠭᠡᠬᠦ | ᠤᠳᠬ᠎ᠠ ᠲᠠᠢ᠃ ︽ᠬᠤᠲᠤᠭᠳᠤ︾ ᠬᠡᠮᠡᠭᠴᠢ ᠲᠦᠷᠤ ᠶᠢᠨ ᠵᠠᠰᠠᠭ ᠤᠨ ᠭᠠᠵᠠᠷ ᠠᠴᠠ ᠮᠡᠳᠡᠷᠡᠭᠰᠡᠨ ︽ᠤᠷᠢᠳᠤ ᠶᠢᠨ | ᠡᠯ᠎ᠡ ᠲᠦᠷᠤᠯ ᠤᠨ ᠬᠤᠪᠢᠯᠭᠠᠨ ︵ᠲᠦᠷᠥᠯ ᠲᠤᠳᠤᠷᠠᠬᠤ︶ ᠡᠳᠤᠭᠡ ᠲᠦᠷᠤᠯ ᠳᠤᠷ ᠳᠠᠬᠢᠨ ᠲᠦᠷᠤᠯ ᠲᠤᠳᠤᠷᠠᠬᠤ | ᠪᠠᠷ ᠢᠷᠡᠭᠰᠡᠨ ᠪᠯᠠᠮ᠎ᠠ︾① ᠬᠡᠮᠡᠬᠦ ᠮᠤᠩᠭᠤᠯ ᠦᠭᠡ ᠪᠤᠯᠤᠨ᠎ᠠ᠃ ᠵᠢᠪᠽᠤᠨᠳᠠᠮᠪᠠ ᠬᠤᠲᠤᠭᠳᠤ ᠶᠢ ᠮᠤᠩᠭᠤᠯᠴᠤᠳ | ᠪᠠᠰᠠ ︽ᠦᠨᠳᠤᠷ ᠭᠡᠭᠡᠨ︾ ᠪᠤᠶᠤ ︽ᠠᠷᠤ ᠪᠤᠭᠳᠠ︾ ᠭᠡᠵᠤ ᠳᠠᠭᠤᠳᠠᠳᠠᠭ᠃ ᠡᠶᠢᠮᠤ ᠨᠢᠭᠡᠨ ᠴᠢᠬᠤᠯᠠ | ᠵᠠᠩᠭᠢᠯᠭ᠎ᠠ ᠶᠢᠨ ᠴᠢᠨᠠᠷ ᠲᠠᠢ ᠰᠢᠷ᠎ᠠ ᠶᠢᠨ ᠱᠠᠰᠢᠨ ᠤ ᠲᠤᠯᠤᠭᠠᠶᠢᠯᠠᠭᠴᠢ ᠪᠤᠯᠬᠤ ᠵᠢᠪᠽᠤᠨᠳᠠᠮᠪᠠ ᠶᠢᠨ ᠲᠦᠷᠢ ᠤᠳᠠᠭ᠎ᠠ | ᠲᠠᠷᠠᠭᠠᠯᠠᠨ ᠢᠯᠡᠷᠡᠨ ᠵᠠᠯᠠᠭᠳᠠᠵᠤ᠂ ᠡᠵᠡᠨ ᠬᠠᠭᠠᠨ ᠤ ︽ᠨᠠᠶᠢᠳᠠᠪᠤᠷᠢᠲᠤ ᠲᠦᠰᠢᠭ︾ ᠪᠤᠯᠵᠤ᠂ ᠴᠢᠩ ᠤᠯᠤᠰ ᠤᠨ | ᠡᠩᠭᠡ ᠠᠮᠤᠭᠤᠯᠠᠩ ᠬᠠᠭᠠᠨ ᠠᠴᠠ ᠲᠠᠷᠠᠭᠠᠬᠢ ᠬᠠᠭᠠᠳ ᠴᠤ ᠵᠢᠪᠽᠤᠨᠳᠠᠮᠪᠠ ᠬᠤᠳᠤᠭᠲᠤ ᠳᠤ ᠬᠠᠯᠠᠭᠤᠨ | ᠲᠤᠳᠤᠨᠤ ᠬᠠᠨᠳᠤᠵᠤ᠂ ᠠᠰᠢᠭ ᠹᠦᠩᠯᠤ ᠤᠯᠭᠤᠵᠤ᠂ ᠪᠠᠶᠢᠷᠢ ᠰᠠᠭᠤᠷᠢ ᠡᠷᠭᠡ ᠬᠦᠴᠦᠨ ᠤ ᠲᠠᠯ᠎ᠠ ᠪᠠᠷ ᠤᠨᠴᠠᠭᠠᠢ | ᠪᠠᠶᠢᠭᠰᠠᠨ ᠶᠤᠮ᠃ | ᠴᠢᠩ ᠤᠯᠤᠰ ᠤᠨ ᠵᠠᠰᠠᠭ ᠤᠨ ᠭᠠᠵᠠᠷ ᠠᠴᠠ ᠰᠢᠷ᠎ᠠ ᠶᠢᠨ ᠱᠠᠰᠢᠨ ᠤ ᠡᠯ᠎ᠡ ᠡᠷᠬᠡ ᠪᠠᠷᠢᠭᠴᠢ | ᠲᠦᠷᠥᠭᠦᠦ ᠪᠯᠠᠮ᠎ᠠ ᠪᠠ ᠬᠤᠳᠤᠭᠳᠤ ᠨᠠᠷ ᠲᠤ ᠵᠡᠷᠭᠡ ᠳᠡᠰ ᠪᠤᠯᠤᠨ ᠲᠡᠭᠦᠨ ᠤ ᠴᠢᠩ ᠤᠯᠤᠰ ᠤᠨ ᠲᠦᠷᠤ ᠳᠤ | ᠦᠵᠡᠭᠦᠯᠦᠭᠰᠡᠨ ᠭᠠᠪᠢᠶ᠎ᠠ ᠵᠢᠳᠬᠦᠯ᠂ ᠠᠰᠢᠭᠯᠠᠵᠤ ᠪᠤᠯᠬᠤᠶᠢᠴᠠ ᠬᠡᠷᠡᠭᠴᠡᠭᠡ ᠶᠢᠨ ᠬᠡᠮᠵᠢᠶ᠎ᠡ ᠶᠢ ᠦᠨᠳᠦᠰᠦᠯᠡᠵᠤ ᠲᠤᠰ | ᠲᠤᠰ ᠠᠯᠳᠠᠨ ᠲᠠᠮᠠᠭ᠎ᠠ᠂ ᠬᠠᠰ ᠲᠠᠮᠠᠭ᠎ᠠ᠂ ᠠᠯᠳᠠ ᠪᠠᠷ ᠦᠩᠭᠡᠯᠡᠭᠰᠡᠨ ᠮᠦᠩᠭᠦᠨ ᠲᠠᠮᠠᠭ᠎ᠠ ᠪᠠ ᠮᠦᠩᠭᠦᠨ ᠲᠠᠮᠠᠭ᠎ᠠ | ᠰᠤᠶᠤᠷᠬᠠᠳᠠᠭ᠃ ︽ᠪᠯᠠᠮ᠎ᠠ ᠨᠠᠷ ᠤᠨ ᠬᠡᠷᠡᠭ ᠤᠨ ᠬᠠᠤᠯᠢ︾ ᠤᠨ 1352 ᠵᠤᠶᠢᠯ ᠳᠤ ︽᠂᠂᠂᠂ | ᠵᠢᠪᠽᠤᠨᠳᠠᠮᠪᠠ ᠬᠤᠳᠤᠭᠳᠤ ᠬᠡᠷᠪᠡ ᠬᠡᠰᠢᠭ ᠢ ᠬᠦᠷᠳᠡᠵᠤ ᠲᠠᠮᠠᠭ᠎ᠠ ᠨᠠᠪᠴᠢᠳᠤ ᠲᠠᠮᠠᠭ᠎ᠠ ᠱᠠᠩᠨᠠᠪᠠᠰᠤ᠂ ᠲᠠᠮᠠᠭ᠎ᠠ | ᠨᠠᠪᠴᠢᠳᠤ ᠴᠦᠮ ᠠᠯᠳᠠᠨ ᠢ ᠬᠡᠷᠡᠭᠯᠡ᠃ ᠂᠂᠂᠂︾② ᠭᠡᠰᠡᠨ ᠠᠴᠠ ᠪᠢᠳᠡ ᠲᠤᠳᠤᠷᠬᠠᠢ ᠤᠯᠵᠤ ᠬᠠᠷᠠᠵᠤ | ᠪᠤᠯᠤᠨ᠎ᠠ᠃ ᠴᠢᠩ ᠤᠯᠤᠰ ᠤᠨ ᠵᠠᠰᠠᠭ ᠤᠨ ᠭᠠᠵᠠᠷ ᠠᠴᠠ ᠵᠢᠪᠽᠤᠨᠳᠠᠮᠪᠠ ᠬᠤᠳᠤᠭᠳᠤ ᠳᠤ ᠠᠯᠳᠠᠨ ᠲᠠᠮᠠᠭ᠎ᠠ | ᠰᠤᠶᠤᠷᠬᠠᠭᠰᠠᠨ ᠮᠦᠷᠲᠡᠭᠡᠨ ᠲᠠᠮᠠᠭ᠎ᠠ ᠬᠠᠳᠠᠭᠠᠯᠠᠬᠤ ᠲᠤᠰᠬᠠᠢ ᠭᠠᠵᠠᠷ ᠪᠠᠶᠢᠭᠤᠯᠵᠤ ᠦᠭᠭᠦᠭᠰᠡᠨ ᠪᠠᠶᠢᠨ᠎ᠠ᠃ ︽ | ᠭᠠᠳᠠᠭᠠᠳᠤ ᠮᠤᠩᠭᠤᠯ ᠤᠨ ᠲᠦᠷᠤ ᠶᠢ ᠵᠠᠰᠠᠬᠤ ᠶᠠᠪᠤᠳᠠᠯ ᠤᠨ ᠶᠠᠮᠤᠨ ᠤ ᠬᠠᠤᠯᠢ ᠵᠤᠶᠢᠯ ᠤᠨ ᠪᠢᠴᠢᠭ︾ ᠳᠠᠬᠢ ︽ | ᠪᠯᠠᠮ᠎ᠠ ᠨᠠᠷ ᠤᠨ ᠬᠡᠷᠡᠭ ᠤᠨ ᠬᠠᠤᠯᠢ︾ ᠤᠨ 1353 ᠵᠤᠶᠢᠯ ᠳᠤ ︽ᠪᠯᠠᠮ᠎ᠠ ᠶᠢᠨ ᠲᠠᠮᠠᠬᠠ ᠶᠢᠨ ᠬᠠᠵᠠᠷ ᠢ | ᠲᠤᠰᠬᠠᠶᠢᠯᠠᠨ ᠶᠡᠭᠡ ᠦᠷᠦᠰᠶᠡᠯᠳᠤ ᠰᠦᠮ᠎ᠡ ᠳᠤᠷ ᠪᠠᠶᠢᠬᠤᠯᠵᠤ᠂ ᠦᠪᠡᠷ᠎ᠡ ᠠᠷᠢᠬᠤᠨ ᠳ᠋ᠤᠪ ᠲᠤᠬᠤᠢ ᠴᠢᠩᠬ᠎ᠠ ᠨᠠᠷᠢᠨ | ᠬᠠᠵᠠᠷ ᠢ ᠰᠤᠩᠬᠤᠵᠤ ᠲᠠᠮᠠᠬᠠ ᠶᠢᠨ ᠺᠤᠤ ᠪᠤᠯᠬᠠᠵᠤ ᠲᠠᠮᠠᠬᠠ ᠶᠢ ᠬᠠᠳᠠᠬᠠᠯᠠᠬᠤᠯ᠃ ᠂᠂᠂᠂᠂ ︾③ | ᠬᠡᠮᠡᠨ ᠪᠢᠴᠢᠭᠰᠡᠨ ᠪᠠᠶᠢᠳᠠᠭ᠃ | ᠵᠢᠪᠽᠤᠨᠳᠠᠮᠪᠠ ᠬᠤᠳᠤᠭᠳᠤ ᠨᠡᠶᠢᠰᠯᠡᠯ ᠬᠤᠳᠠᠨ ᠳᠤ ᠢᠷᠡᠵᠤ ᠴᠢᠩ ᠤᠯᠤᠰ ᠤᠨ | ᠬᠠᠭᠠᠨ ᠡᠵᠡᠨ ᠲᠠᠢ ᠤᠴᠠᠷᠠᠵᠤ ᠵᠤᠯᠭᠠᠬᠤ ᠳᠤ ᠪᠠᠰᠠ ᠨᠠᠷᠢᠨ ᠲᠤᠳᠤᠷᠬᠠᠢ ᠳᠦᠷᠢᠮ ᠲᠤᠭᠳᠠᠭᠠᠯ ᠲᠠᠢ ᠪᠠᠶᠢᠳᠠᠭ᠃ | ︽ᠪᠯᠠᠮ᠎ᠠ ᠨᠠᠷ ᠤᠨ ᠬᠡᠷᠡᠭ ᠤᠨ ᠬᠠᠤᠯᠢ︾ ᠤᠨ 1363 ᠵᠤᠶᠢᠯ ᠳᠤ ︽ᠵᠢᠪᠽᠤᠨᠳᠠᠮᠪᠠ ᠬᠤᠳᠤᠭᠳᠤ ᠨᠡᠶᠢᠰᠯᠡᠯ | ᠬᠤᠳᠠᠨ ᠳᠤᠷ ᠢᠷᠡᠵᠤ᠂ ᠳᠡᠭᠡᠷ᠎ᠡ ᠪᠠᠷᠠᠬᠠᠯᠬᠠᠬᠤᠢ ᠳᠤᠷ ᠤᠷᠢᠳᠬᠠᠨ ᠢᠶᠠᠷ ᠬᠦᠷᠢᠶᠡᠨ ᠳᠤᠷ ᠰᠠᠬᠤᠵᠤ ᠬᠡᠷᠡᠭ | ᠰᠢᠳᠬᠡᠭᠴᠢ ᠰᠠᠶᠢᠳ ᠤᠳ ᠤᠨ ᠬᠠᠵᠠᠷ ᠠᠴᠠ ᠬᠤᠶᠤᠨ ᠠᠶᠢᠯᠠᠳᠬᠠᠵᠤ᠂ ᠵᠠᠷᠯᠢᠭ ᠢᠶᠠᠷ ᠶᠤᠰᠤᠬᠠᠷ ᠪᠤᠯᠬᠠᠭᠰᠠᠨ ᠤ | ᠬᠤᠶᠢᠨ᠎ᠠ ᠬᠠᠷᠢᠶᠠᠳᠤ ᠰᠠᠶᠢᠳ ᠤᠳ ᠤᠨ ᠬᠠᠵᠠᠷ ᠠᠴᠠ ᠬᠠᠷᠢᠶᠠᠳᠤ ᠬᠠᠵᠠᠷ ᠤᠨ ᠬᠡᠷᠡᠭ ᠰᠢᠳᠭᠡᠭᠴᠢ | ᠰᠠᠶᠢᠳ ᠤᠳ ᠤᠨ ᠲᠤᠳᠤᠷᠠᠴᠠ ᠨᠢᠭᠡᠨ ᠬᠦᠮᠦᠨ ᠢ ᠠᠶᠢᠯᠠᠳᠬᠠᠨ ᠬᠠᠷᠬᠠᠵᠤ ᠲᠤᠰᠬᠠᠶᠢᠯᠠᠨ ᠬᠠᠷᠬᠠᠯᠵᠠᠬᠤᠯ᠃ | ᠬᠠᠯᠬ᠎ᠠ ᠶᠢᠨ ᠳᠦᠷᠪᠡᠨ ᠠᠶᠢᠮᠠᠭ ᠤᠨ ᠮᠤᠩᠬᠤᠯ ᠪᠠᠶᠢᠯ᠎ᠠ ᠪᠠᠶᠢᠰᠠ ᠬᠦᠩ ᠵᠠᠰᠠᠭ ᠲᠠᠶᠢᠵᠢ᠂ ᠰᠤᠯᠠ ᠲᠠᠶᠢᠵᠢᠨᠠᠷ ᠤᠨ | ᠲᠤᠲᠤᠷᠠᠴᠠ ᠠᠶᠢᠮᠠᠭ ᠪᠦᠷᠢ ᠬᠤᠰᠢᠶᠠᠬᠠᠳ ᠬᠦᠮᠦᠨ ᠬᠠᠷᠬᠠᠵᠤ᠂ ᠪᠦᠬᠦᠲᠡ ᠨᠠᠶᠢᠮᠠᠨ ᠬᠦᠮᠦᠨ ᠢ ᠵᠠᠮ ᠤᠨ ᠬᠤᠳᠤᠰ | ᠬᠠᠷᠠᠬᠠᠯᠵᠠᠵᠤ ᠶᠠᠪᠤᠬᠤᠯ᠃ ᠨᠢᠭᠡᠨ ᠲᠡᠬᠡᠬᠦᠷ ᠬᠠᠷᠢᠶᠠᠲᠤ ᠬᠤᠳᠤᠭᠲᠤ ᠶᠢᠨ ᠮᠤᠷᠲᠠᠭᠰᠠᠨ ᠡᠳᠦᠷ᠂ ᠶᠠᠪᠤᠬᠤ ᠵᠠᠮ᠂ | ᠲᠠᠬᠠᠯᠲᠤᠬᠤ ᠬᠦᠮᠦᠨ ᠤ ᠨᠡᠷ᠎ᠡ ᠶᠢᠨ ᠲᠤᠭ᠎ᠠ᠂ ᠪᠠᠷᠢᠬᠤ ᠠᠯᠪᠠ ᠶᠠᠬᠤᠮᠠᠨ ᠤ ᠲᠤᠲᠤᠷᠬᠠᠢ ᠬᠠᠭ᠋ᠤᠲᠠᠰᠤ ᠶᠢ ᠮᠠᠨᠵᠤ | ᠬᠢᠲᠠᠳ ᠦᠰᠦᠭ ᠢᠶᠠᠷ ᠪᠢᠴᠢ᠃ ᠲᠤᠯᠤᠨ ᠨᠠᠬᠤᠷ ᠤᠨ ᠬᠠᠵᠠᠷ ᠲᠤᠷ ᠬᠦᠷᠴᠤ᠂ ᠬᠠᠷᠠᠬᠠᠯᠵᠠᠬᠤ ᠰᠠᠶᠢᠳ ᠤᠨ | ᠬᠠᠵᠠᠷ ᠠᠴᠠ ᠤᠷᠢᠲᠠ ᠴᠡᠷᠢᠭ ᠤᠨ ᠲᠤᠬᠠᠢ ᠶᠢᠨ ᠬᠠᠵᠠᠷ᠂ ᠬᠠᠲᠠᠬᠠᠲᠤ ᠮᠤᠩᠬᠤᠯ ᠤᠨ ᠲᠦᠷᠦ ᠶᠢ ᠵᠠᠰᠠᠬᠤ | ᠶᠠᠪᠤᠳᠠᠯ ᠤᠨ ᠶᠠᠮᠤᠨ ᠳᠤᠷ ᠮᠡᠳᠡᠬᠦᠯᠤᠨ ᠶᠠᠪᠤᠬᠤᠯᠵᠤ ᠠᠶᠢᠯᠠᠳᠬᠠ᠃ ᠠᠶᠢᠯᠠᠳᠬᠠᠬᠠᠳ ᠵᠠᠷᠯᠢᠭ ᠢᠶᠠᠷ ᠭᠡᠷᠪᠡ ᠰᠢᠲᠠᠷ᠂ | ᠬᠢᠶᠠᠨ ᠴᠢᠩ ᠮᠧᠨ ᠤ ᠬᠢᠶ᠎ᠠ ᠶᠢ ᠬᠠᠷᠬᠠᠵᠤ ᠱᠠᠩᠨᠠᠬᠤ ᠵᠦᠢᠯ ᠢ ᠠᠪᠴᠤ ᠤᠭᠳᠤᠷᠠ ᠤᠳᠤᠬᠤᠯᠪᠠᠰᠤ᠂ ᠵᠤᠷᠬᠠᠨ ᠠᠴᠠ | ᠨᠢᠭᠡᠨ ᠭᠡᠯᠲᠡᠰ ᠤᠨ ᠲᠦᠰᠢᠮᠡᠯ ᠬᠠᠷᠬᠠᠵᠤ ᠬᠠᠮᠲᠤ ᠤᠳᠤᠭᠳᠤᠨ᠃︾ ④ ᠭᠡᠵᠤ ᠲᠡᠮᠳᠡᠭᠯᠡᠭᠰᠡᠨ ᠪᠠᠶᠢᠳᠠᠭ᠃ ᠰᠢᠷ᠎ᠠ | ᠶᠢᠨ ᠱᠠᠰᠢᠨ ᠤ ᠵᠢᠪᠽᠤᠨᠳᠠᠮᠪᠠ ᠬᠤᠳᠤᠭᠳᠤ ᠮᠡᠳᠤ ᠶᠢᠨ ᠲᠡᠭᠡᠳᠤ ᠪᠯᠠᠮ᠎ᠠ ᠨᠠᠷ ᠨᠡᠶᠢᠰᠯᠡᠯ ᠬᠤᠳᠠᠨ ᠳᠤ ᠤᠷᠤᠵᠤ | ᠲᠦᠷᠦ ᠶᠢᠨ ᠪᠠᠷᠠᠭᠠᠯᠠᠯ ᠳᠤ ᠤᠷᠤᠯᠴᠠᠬᠤ᠂ ᠬᠠᠭᠠᠨ ᠡᠵᠡᠨ ᠳᠤ ᠪᠠᠷᠢᠴᠠ ᠡᠷᠭᠦᠴᠡ ᠡᠷᠭᠦᠬᠦ᠂ ᠰᠢᠨᠡᠯᠡᠬᠦ ᠮᠡᠳᠤ ᠶᠢᠨ | ᠡᠯ᠎ᠡ ᠵᠤᠶᠢᠯ ᠤᠨ ᠶᠤᠰᠤᠯᠠᠯ ᠪᠠᠷᠠᠭᠠᠯᠠᠯ ᠤᠨ ᠠᠵᠢᠯᠯᠠᠭ᠎ᠠ ᠳᠤ ᠤᠷᠤᠯᠴᠠᠬᠤ ᠳᠤ ᠴᠦᠮ ᠨᠠᠷᠢᠨ ᠨᠢᠮᠪᠠᠢ ᠬᠠᠷᠠᠭᠠᠯᠵᠠᠯᠠᠯ | ᠤᠨ ᠰᠢᠰᠲᠡᠮ ᠲᠠᠢ ᠪᠠᠶᠢᠵᠤ᠂ ᠨᠡᠩ ᠴᠢᠨᠠᠭᠰᠢᠯᠠᠪᠠᠯ ᠭᠠᠷ ᠲᠤ ᠪᠠᠷᠢᠬᠤ ᠬᠠᠳᠠᠭ ᠤᠨ ᠦᠩᠭᠡ᠂ ᠲᠤᠭ᠎ᠠ ᠠᠴᠠ ᠡᠬᠢᠯᠡᠨ | ᠤᠭᠳᠤᠬᠤ ᠤᠷᠤᠨ ᠴᠠᠭ᠂ ᠲᠠᠭᠠᠯᠳᠠ ᠲᠦᠰᠢᠶ᠎ᠡ ᠶᠢᠨ ᠲᠤᠭ᠎ᠠ᠂ ᠠᠮᠠᠷᠠᠬᠤ ᠦᠷᠦᠭᠡ᠂ ᠬᠤᠪᠴᠠᠰᠤ ᠶᠢᠨ ᠦᠩᠭᠡ | ᠪᠤᠳᠤᠭ᠂ ᠡᠵᠡᠨ ᠤ ᠱᠠᠩ ᠬᠡᠰᠢᠭ᠂ ᠤᠩᠰᠢᠬᠤ ᠨᠤᠮ᠂ ᠬᠤᠳᠤᠭᠳᠤ ᠪᠯᠠᠮ᠎ᠠ ᠨᠠᠷ ᠤᠨ ᠤᠨᠤᠭ᠎ᠠ ᠭᠦᠰᠭᠡ ᠶᠢᠨ ᠬᠢᠨ | ᠪᠤᠷᠳᠤᠭ᠎ᠠ ᠪᠡᠯᠴᠢᠭᠡᠷ ᠳᠤ ᠬᠦᠷᠳᠡᠯ᠎ᠡ ᠨᠠᠷᠢᠨ ᠲᠤᠳᠤᠷᠬᠠᠢ ᠲᠤᠭᠳᠠᠭᠠᠵᠤ ᠦᠭᠭᠦᠭᠰᠡᠨ ᠪᠠᠶᠢᠳᠠᠭ᠃ | ᠵᠡᠭᠦᠯᠳᠡ᠄ | ① ︵ᠶᠠᠫᠤᠨ︶ ᠬᠠᠰᠢᠮᠤᠲ᠋ᠤ᠋ ᠺᠤᠤᠬᠤ᠋᠄ ︽ᠵᠢᠪᠽᠤᠨᠳᠠᠮᠪᠠ ᠬᠤᠳᠤᠭᠳᠤ ᠶᠢᠨ ᠨᠠᠢᠮᠠᠨ ᠲᠦᠷᠢ ᠶᠢᠨ ᠲᠤᠪᠴᠢ ᠨᠠᠮᠳᠠᠷ︾ | ᠂ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠡᠳᠭᠦᠯ 1991 | ᠤᠨ | ②③ ᠨᠠᠶᠢᠷᠠᠯᠳᠤ᠂ ᠠᠯᠳ᠋ᠬᠠᠤᠷᠭᠢᠯ᠄ ︽ᠭᠠᠳᠠᠭᠠᠳᠤ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ ᠶᠠᠮᠤᠨ ᠤ | ᠬᠠᠤᠯᠢ ᠵᠤᠶᠢᠯ ᠤᠨ ᠪᠢᠴᠢᠭ︾᠂ ᠦᠪᠤᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ 1989 | ᠤᠨ | | ᠬᠠᠶ᠋ᠢᠭ᠄ ᠬᠡᠰᠢᠭᠳᠡᠨ ᠬᠤᠰᠢᠭᠤᠨ ᠤ ᠦᠨᠳᠤᠰᠦᠳᠡᠨ ᠤ ᠬᠡᠷᠡᠭ ᠡᠷᠬᠢᠯᠡᠬᠦ ᠵᠦᠪᠯᠡᠯ | |