ᠬᠡᠰᠢᠭᠲᠡᠨ ᠨᠣᠳᠤᠭ ᠤᠨ ᠵᠠᠷᠢᠮ ᠠᠭᠤᠯᠠ ᠣᠰᠣᠨ ᠤ ᠲᠣᠮᠤᠭ ᠤᠨ ᠲᠣᠬᠠᠢ
ᠨᠡᠶᠢᠲᠡᠯᠡᠭᠰᠡᠨ ᠴᠠᠭ᠄
2010/11/29
         ﹇ᠠᠭᠤᠯᠭ᠎ᠠ  ᠶᠢᠨ ᠲᠣᠪᠴᠢ﹈ ᠲᠣᠰ ᠦᠭᠦᠯᠡᠯ  ᠳᠡᠭᠡᠨ ᠬᠡᠰᠢᠭᠲᠡᠨ ᠭᠡᠬᠦ ᠦᠭᠡ  ᠶᠢᠨ ᠢᠷᠡᠯ ᠭᠠᠷᠣᠯ  ᠤᠨ ᠲᠣᠬᠠᠢ ᠲᠣᠪᠴᠢᠬᠠᠨ ᠶᠠᠷᠢᠵᠤ᠂ ᠭᠤᠣᠯ ᠨᠢ ᠬᠡᠰᠢᠭᠲᠡᠨ ᠨᠣᠳᠤᠭ  ᠤᠨ ᠣᠣᠭᠠᠯ ᠬᠦᠷᠦᠰᠦᠨ ᠳᠤ ᠬᠦᠮᠦᠰ  ᠤᠨ ᠰᠦᠰᠦᠭ ᠪᠢᠰᠢᠷᠡᠯ  ᠤᠨ ᠬᠦᠷᠲᠡᠭᠡᠯ  ᠢ ᠣᠯᠣᠭᠰᠠᠨ ᠨᠣᠳᠤᠭ ᠣᠰᠣᠨ  ᠤ ᠲᠣᠮᠤᠭ ᠶᠠᠷᠢᠶ᠎ᠠ ᠵᠢᠱᠢᠶᠡᠯᠡᠪᠡᠯ᠄ ︽ᠪᠠᠶᠠᠨᠵᠢᠷᠦᠬᠡ ᠣᠪᠣᠭ᠎ᠠ︾᠂ ᠰᠢᠳᠦᠯᠭᠡᠳᠣ ᠭᠠᠵᠠᠷ ︽ᠲᠠᠷᠬᠠᠨ ᠠᠭᠤᠯᠠ︾ ᠎ ᠶᠢᠨ ᠲᠣᠬᠠᠢ ᠲᠣᠮᠤᠭ ᠦᠯᠢᠭᠡᠷ ᠪᠣᠢ ᠪᠣᠯᠣᠭᠰᠠᠨ ᠣᠴᠢᠷ ᠢ ᠶᠠᠷᠢᠵᠣ᠂ ᠣᠩᠰᠢᠭᠴᠢᠳ ᠲᠤ ᠨᠣᠳᠤᠭ ᠣᠰᠣᠨ  ᠤ ᠪᠠᠨ ᠬᠠᠭᠤᠴᠢ ᠲᠣᠮᠤᠭ ᠎ ᠢ ᠵᠠᠬ᠎ᠠ ᠵᠤᠬ᠎ᠠ  ᠠᠴᠠ ᠨᠢ ᠲᠠᠨᠢᠯᠴᠠᠭᠤᠯᠬᠤ ᠪᠤᠯᠤᠨ᠎ᠠ᠃            ﹇ᠵᠠᠩᠬᠢᠯᠠᠭ᠎ᠠ  ᠶᠢᠨ ᠦᠭᠡ﹈ ᠬᠡᠰᠢᠭᠲᠡᠨ ᠨᠣᠳᠤᠭ᠂ ᠠᠭᠤᠯᠠ ᠣᠰᠣ᠂ ᠲᠣᠮᠤᠭ                   ᠬᠡᠰᠢᠭᠲᠡᠨ ᠬᠡᠲᠡᠭ ᠲᠠᠭᠤᠲᠠᠯᠭ᠎ᠠ ᠪᠣᠯ ᠲᠡᠣᠬᠡᠨ ᠲᠡᠮᠲᠡᠭᠯᠡᠯ  ᠠᠴᠠ ᠢᠷᠡᠯᠲᠠᠢ ᠶᠣᠮ᠃ ᠶᠡᠭᠡ ᠮᠣᠩᠭᠤᠯ ᠬᠠᠭᠠᠨᠳᠣ ᠣᠯᠣᠰ  ᠤᠨ ᠦᠶ᠎ᠡ ᠳᠤ ᠴᠢᠩᠭᠢᠰ ᠬᠠᠭᠠᠨ ᠰᠢᠲᠠᠷ ᠬᠠᠮᠠᠭᠠᠯᠠᠬᠤ ᠲᠣᠷᠭᠠᠨ ᠴᠡᠷᠢᠭ ᠪᠠᠨ︿ᠬᠡᠰᠢᠭᠲᠡᠨ﹀ ᠭᠡᠵᠣ ᠨᠠᠷᠠᠶᠢᠳᠴᠣ᠂ ᠲᠡᠷᠨ ᠦᠶ᠎ᠡ ᠳᠤ ᠬᠠᠭᠠᠨ  ᠤ ᠬᠠᠮᠤᠭ  ᠤᠨ ᠢᠲᠡᠭᠡᠯ ᠲᠠᠢ ᠰᠢᠲᠠᠷ ᠬᠠᠮᠠᠭᠠᠯᠠᠭᠴᠢ ᠪᠣᠯᠵᠣ ᠪᠠᠶᠢᠵᠠᠢ᠃   ᠴᠢᠩᠭᠢᠰ ᠬᠠᠭᠠᠨ ᠲᠡᠭᠷᠢ ᠳᠤ ᠬᠠᠯᠢᠭᠰᠠᠨ  ᠤ ᠲᠠᠷᠠᠭ᠎ᠠ ᠲᠡᠭᠦᠨ  ᠤ ᠭᠤᠷᠪᠠᠳᠣᠭᠠᠷ ᠬᠦᠪᠡᠭᠦᠨ ᠦᠭᠡᠲᠠᠢ ᠡᠴᠢᠭᠡ  ᠶᠢᠨ  ᠢᠶᠠᠨ ᠰᠠᠭᠤᠷᠢᠨ  ᠢ ᠵᠠᠯᠭᠠᠮᠵᠢᠯᠠᠵᠣ ᠠᠪᠣᠭᠰᠠᠨ ᠬᠤᠶᠢᠨ᠎ᠠ ᠴᠠᠭᠠᠲᠠᠢ ᠲᠣᠯᠣᠢ ᠨᠠᠷ ᠬᠠᠭᠠᠨ ᠪᠠ ᠣᠷᠳᠣᠨ  ᠢ ᠰᠢᠲᠠᠷ ᠬᠠᠮᠠᠭᠠᠯᠠᠵᠣ ᠪᠠᠶᠢᠭᠰᠠᠨ ᠲᠦᠮᠡᠨ ᠬᠡᠰᠢᠭᠲᠡᠨ ᠢ ᠦᠭᠡᠲᠠᠢ ᠳᠤ ᠰᠢᠯᠵᠢᠭᠦᠯᠵᠣ ᠦᠩᠭᠦᠭᠰᠡᠨ ᠪᠠᠶᠢᠨ᠎ᠠ [1]᠃ ᠬᠤᠵᠢᠮ ᠨᠢ ᠲᠣᠷᠭᠠᠨ ᠴᠡᠷᠢᠭ ᠬᠡᠰᠢᠭᠲᠡᠨ ᠨᠢ ᠶᠣᠸᠠᠨ ᠣᠯᠣᠰ ᠪᠠᠶᠢᠭᠤᠯᠣᠭᠲᠠᠭᠰᠠᠨ ᠎ ᠠᠴᠠ ᠠᠪᠣᠭᠠᠳ ᠮᠦᠭᠦᠲᠡᠯ᠎ᠡ ᠪᠠᠶᠢᠵᠣ᠂ ᠲᠣᠭᠤᠨᠲᠡᠮᠦᠷ ᠬᠠᠭᠠᠨ ᠶᠢᠩ ᠴᠠᠩ ᠯᠣ᠋ ᠴᠦᠯᠭᠡ ᠳᠤ ᠢᠷᠡᠬᠦ ᠦᠶᠡᠰ ᠲᠠᠭᠠᠯᠲᠠ ᠪᠣᠯᠣᠨ ᠣᠳᠣ  ᠶᠢᠨ ᠦᠪᠦᠷ ᠮᠣᠩᠭᠤᠯ  ᠤᠨ ᠬᠡᠰᠢᠭᠲᠡᠨ ᠬᠤᠰᠢᠭᠤᠨ ᠳᠤ ᠨᠣᠳᠣᠭᠰᠢᠭᠰᠠᠨ ᠪᠠᠶᠢᠨ᠎ᠠ᠃   ᠲᠡᠭᠡᠭᠦ  ᠳᠡᠭᠡᠨ ᠬᠡᠰᠢᠭᠲᠡᠨ ᠨᠣᠳᠤᠭ  ᠤᠨ ᠠᠭᠤᠯᠠ ᠣᠰᠣ᠂ ᠣᠩᠭᠤᠳ ᠴᠢᠯᠠᠭᠤᠳ᠂ ᠣᠪᠣᠭ᠎ᠠ ᠬᠠᠶᠢᠷᠬᠠᠨ ᠎ ᠳᠤ ᠨᠢ ᠬᠦᠷᠲᠡᠯ᠎ᠡ ᠮᠣᠩᠭᠤᠯ ᠲᠣᠭᠤᠷᠭᠠᠲᠠᠨ ᠤ ᠲᠣᠭᠰᠢᠨ ᠬᠠᠷ᠎ᠠ ᠰᠦᠯᠲᠡ ᠶᠢᠨ ᠲᠣᠣᠷ᠎ᠠ ᠶᠢᠷᠲᠢᠨᠴᠣ  ᠶᠢᠨ ᠲᠠᠯ᠎ᠠ ᠎ ᠶᠢ ᠬᠤᠷᠢᠶᠠᠵᠣ᠂ ᠲᠣᠮᠤᠭ  ᠤᠨ ᠨᠠᠶᠢᠮᠠᠨ ᠰᠢᠷᠭ᠎ᠠ ᠭᠠᠵᠠᠷ ᠲᠤ ᠪᠠᠭᠤᠭᠰᠠᠨ ᠲᠡᠣᠬᠡ  ᠶᠢᠨ ᠦᠨᠡᠨ ᠲᠡᠮᠲᠡᠩᠯᠡᠭᠲᠡᠵᠣ᠂ ᠬᠦᠮᠦᠰ  ᠤᠨ ᠰᠡᠳᠭᠢᠯ ᠵᠢᠷᠦᠬᠡᠨ ᠳᠤ ᠦᠨᠢᠲᠡ ᠬᠠᠳᠠᠭᠠᠯᠠᠭᠲᠠᠭᠰᠠᠨ ᠨᠣᠳᠤᠭ ᠣᠰᠣᠨ  ᠤ ᠲᠣᠬᠠᠢ ᠮᠠᠰᠢ ᠰᠠᠶᠢᠬᠠᠨ ᠲᠣᠮᠤᠭ ᠤᠳ ᠪᠠᠶᠢᠲᠠᠭ ᠰᠠᠨ᠃                  ᠨᠢᠭᠡ᠂ ᠬᠡᠰᠢᠭᠲᠡᠨ ᠨᠣᠳᠤᠭ  ᠤᠨ ᠰᠦᠯᠲᠡ ᠣᠪᠣᠭ᠎ᠠ — ᠪᠠᠶᠠᠨᠵᠢᠷᠦᠭᠡ ᠵᠢᠴᠢ ᠲᠡᠭᠦᠨ ᠲᠠᠢ ᠬᠤᠯᠪᠣᠭᠲᠠᠭᠰᠠᠨ ᠮᠣᠩᠭᠤᠯ ᠲᠡᠣᠬᠡᠨ ᠲᠣᠮᠤᠭ ᠤᠳ  ᠤᠨ ᠤᠴᠢᠷ            ᠪᠠᠶᠠᠨᠵᠢᠷᠦᠬᠡ  ᠶᠢᠨ ᠣᠪᠣᠭ᠎ᠠ ᠪᠣᠯ ᠬᠡᠰᠢᠭᠲᠡᠨᠴᠣᠳ  ᠤᠨ ᠰᠦᠯᠲᠡ ᠣᠪᠣᠭ᠎ᠠ ᠪᠣᠯᠣᠨ᠎ᠠ᠃ ᠡᠨᠡᠬᠦ ᠣᠪᠣᠭ᠎ᠠ ᠪᠠᠨ ᠠᠯᠢ ᠡᠷᠲᠡ ᠲᠡᠭᠡᠳᠣ ᠦᠶ᠎ᠡ‌ᠡᠴᠠ ᠠᠪᠣᠭᠠᠳ ᠮᠠᠰᠢ ᠬᠦᠨᠳᠦᠳᠭᠡᠨ ᠰᠦᠰᠦᠭᠯᠡᠨ ᠲᠠᠬᠢᠭᠰᠠᠭᠠᠷ ᠢᠷᠡᠵᠠᠢ᠃ᠨᠣᠳᠤᠭ  ᠤᠨ ᠪᠣᠭᠤᠷᠣᠯᠴᠣᠳ ᠤᠨ ᠬᠠᠭᠤᠴᠢᠯᠠᠬᠤ ᠪᠠᠷ ᠪᠠᠶᠠᠨᠵᠢᠷᠦᠬᠡ  ᠶᠢᠨ ᠣᠪᠣᠭ᠎ᠠ ᠨᠢ ᠡᠬᠡᠴᠢ ᠲᠡᠭᠦᠣ ᠬᠤᠶᠠᠭᠤᠯᠨ ᠶᠣᠮ ᠭᠡᠨ᠎ᠡ᠃ ᠬᠡᠰᠢᠭᠲᠡᠨ ᠨᠣᠳᠤᠭ ᠲᠤ ᠪᠠᠶᠢᠭ᠎ᠠ ᠣᠪᠣᠭ᠎ᠠ ᠨᠢ ᠡᠬᠡᠴᠢ ᠨᠢ ᠪᠠᠶᠢᠵᠣ᠂ ᠠᠷᠣ ᠬᠠᠯᠬ᠎ᠠ ᠎ ᠳᠤ ᠪᠠᠶᠢᠭ᠎ᠠ ᠣᠪᠣᠭ᠎ᠠ ᠨᠢ ᠲᠡᠭᠦᠣ ᠨᠢ ᠪᠣᠯᠲᠠᠭ ᠭᠡᠨ᠎ᠡ᠃ ᠬᠡᠰᠢᠭᠲᠡᠨ ᠮᠣᠩᠭᠤᠯᠴᠣᠳ ᠰᠦᠯᠲᠡ ᠣᠪᠣᠭ᠎ᠠ ᠪᠠᠨ ᠰᠦᠰᠦᠭᠡᠯᠡᠨ ᠲᠠᠬᠢᠲᠠᠭ  ᠤᠨ ᠣᠴᠢᠷ ᠨᠢ ᠶᠠᠭᠤᠨ ᠳᠤ ᠪᠠᠶᠢᠲᠠᠭ ᠪᠣᠢ︖ ᠬᠡᠪᠡᠯ ᠠᠷᠣ ᠪᠣᠭᠲᠠ ᠵᠢᠪᠽᠣᠨᠳᠠᠮᠪᠠ ᠬᠤᠳᠣᠭᠳᠣ ᠪᠠᠶᠠᠨᠵᠢᠷᠦᠬᠡ  ᠶᠢᠨ ᠣᠪᠣᠭᠠᠨ ᠳᠤ ᠰᠠᠭᠠᠲᠠᠵᠣ ᠦᠩᠭᠡᠷᠡᠭᠰᠡᠨ ᠮᠦᠷᠲᠡᠭᠡᠨ ᠠᠷᠣ ᠪᠣᠭᠲᠠ ᠲᠠᠭ᠎ᠠ ᠬᠦᠷᠢᠶ᠎ᠡ  ᠳᠡᠭᠡᠨ ᠪᠣᠴᠠᠬᠤ ᠦᠶᠡᠰ ᠪᠠᠶᠠᠨᠵᠢᠷᠦᠭᠡ  ᠶᠢᠨ ᠣᠪᠣᠭ᠎ᠠ  ᠶᠢᠨ ᠮᠣᠳᠣ ᠰᠠᠭᠤᠷᠢ ᠪᠠᠷ  ᠢᠶᠠᠨ ᠲᠠᠭᠠᠵᠣ ᠬᠦᠳᠡᠯᠦᠭᠰᠡᠨ ᠪᠠᠶᠢᠵᠠᠢ᠃ ᠲᠡᠭᠡᠬᠦ ᠳᠤ ᠬᠤᠰᠢᠭᠤ ᠵᠠᠰᠠᠭ ᠨᠣᠶᠠᠨ ᠬᠠᠣᠯᠢ  ᠶᠢᠨ ᠪᠢᠴᠢᠭ ᠪᠠᠭᠤᠯᠭᠠᠵᠣ᠂ ᠬᠤᠶᠢᠰᠢ ᠣᠷᠭᠤᠵᠣ ᠶᠠᠪᠣᠭᠰᠠᠨ ᠮᠣᠳᠣᠣᠨ  ᠢ ᠦᠨᠳᠦᠷ ᠣᠯᠢᠶᠠᠰᠣᠲᠠᠢ ᠬᠡᠰᠡᠨ ᠭᠠᠵᠠᠷ ᠲᠠᠮᠦᠷ ᠭᠢᠨᠵᠢ ᠪᠠᠷ ᠬᠤᠯᠪᠣᠵᠣ ᠲᠠᠯᠪᠢᠭᠰᠠᠨ  ᠠᠴᠠ ᠲᠠᠬᠢᠵᠣ ᠬᠤᠶᠢᠰᠢ ᠪᠠᠨ ᠣᠷᠭᠤᠭᠰᠠᠨ ᠦᠭᠡᠢ ᠪᠠᠶᠢᠵᠠᠢ᠃ ᠬᠡᠰᠢᠭᠲᠡᠨᠴᠣᠳ ᠵᠢᠪᠽᠣᠨᠳᠠᠮᠪᠠ ᠬᠤᠳᠣᠭᠳᠣ ᠰᠠᠭᠠᠳᠠᠭᠰᠠᠨ  ᠠᠴᠠ ᠪᠣᠯᠵᠣ᠂ ᠨᠣᠳᠤᠭ ᠣᠰᠣᠨ  ᠤ ᠮᠢᠨᠢ ᠨᠠᠪᠲᠠᠭ ᠰᠠᠪᠲᠠᠭ ᠲᠤ ᠲᠣᠮ ᠰᠢᠪᠰᠢᠯᠭᠡ ᠣᠷᠣᠰᠢᠯ᠎ᠠ ᠬᠡᠵᠣ ᠦᠵᠡᠭᠡᠳ ᠵᠢᠷᠦᠬᠡᠨ ᠬᠡᠯᠪᠡᠷᠢ ᠲᠠᠢ᠂ ᠲᠡᠭᠦᠨᠴᠢᠯᠡᠨ ᠬᠤᠯᠠ  ᠠᠴᠠ ᠬᠠᠷᠠᠬᠤ ᠳᠤ ᠣᠪᠣᠭᠠᠨ  ᠤ ᠴᠢᠯᠠᠭᠤ ᠨᠢ ᠣᠯᠠᠭᠠᠨ ᠦᠩᠭᠡ ᠲᠠᠢ ᠪᠠᠶᠢᠲᠠᠭ ᠢᠶᠠᠷ ᠨᠢ ︽ᠪᠠᠶᠠᠨᠵᠢᠷᠦᠭᠡ︾ ᠬᠡᠵᠣ ᠨᠡᠷᠡᠯᠡᠭᠡᠳ ᠣᠪᠣᠭ᠎ᠠ ᠪᠣᠯᠭᠠᠨ ᠲᠠᠬᠢᠵᠣ᠂ ᠰᠦᠰᠦᠭ ᠪᠢᠰᠢᠷᠡᠯ  ᠤᠨ ᠲᠡᠭᠡᠵᠢ ᠪᠠᠨ ᠡᠷᠬᠦᠬᠦ ᠪᠣᠯᠵᠠᠢ᠃          ᠮᠣᠩᠭᠤᠯ ᠲᠦᠮᠡᠨ ᠮᠢᠨᠢ ᠲᠡᠣᠬᠡ  ᠶᠢᠨ ᠣᠯᠠᠨ ᠰᠢᠯᠲᠠᠭᠠᠨ‌ᠡᠴᠠ ᠪᠣᠯᠵᠣ ᠠᠷᠣ᠂ ᠦᠪᠦᠷ᠂ ᠵᠡᠭᠦᠨ᠂  ᠪᠠᠷᠠᠭᠤᠨ ᠬᠤᠪᠢᠶᠠᠭᠲᠠᠵᠣ ᠴᠠᠭ ᠲᠦᠷᠣ  ᠶᠢᠨ ᠭᠡᠨᠡᠨ ᠣᠷᠣᠰᠬᠠᠯ ᠳᠤ ᠬᠦᠯ ᠲᠣᠭᠲᠡᠨᠢᠨ᠂ ᠨᠠᠰᠣ ᠪᠠᠨ ᠡᠯᠡᠭᠡᠵᠣ ᠣᠷᠴᠠᠯᠠᠩ  ᠤᠨ ᠵᠠᠢ ᠳᠤ ᠮᠣᠩᠭᠤᠯ ᠬᠦᠮᠦᠨ ᠭᠡᠰᠡᠨ ᠨᠡᠷ᠎ᠡ ᠪᠠᠨ ᠲᠡᠣᠬᠡ  ᠶᠢᠨ ᠬᠠᠭᠤᠲᠠᠰᠣᠨ ᠳᠤ ᠪᠢᠴᠢᠭᠯᠡᠵᠣ ᠢᠷᠡᠭᠰᠡᠨ ᠨᠢᠭᠡ ᠶᠣᠰᠣᠨ  ᠤ ᠣᠬᠠᠭᠠᠷᠠᠯ ᠪᠠᠶᠢᠵᠣ ᠲᠠᠭᠠᠷᠠᠨ᠎ᠠ᠃   ᠴᠢᠩ ᠣᠯᠣᠰ  ᠤᠨ ᠦᠶ ᠎ᠡ ᠎ ᠳᠤ ᠭᠠᠯᠲᠠᠨ ᠪᠣᠱᠣᠭᠳᠣ ᠬᠠᠭᠠᠨ ᠵᠦᠩᠭᠠᠷ ᠬᠠᠭᠠᠨᠳᠣ ᠤᠯᠤᠰ  ᠠᠴᠠ ᠪᠠᠨ ᠴᠡᠷᠢᠭ ᠲᠠᠶᠢᠯᠵᠣ᠂ ᠬᠡᠰᠢᠭᠲᠡᠨ ᠤ ᠣᠯᠠᠭᠠᠨᠪᠦᠳᠦᠭ ᠳᠤ ᠴᠢᠩ ᠣᠯᠣᠰ  ᠤᠨ ᠴᠡᠷᠢᠭ ᠲᠠᠢ ᠰᠢᠢᠳᠪᠦᠷᠢᠳᠣ ᠲᠠᠶᠢᠨ ᠵᠠᠷᠯᠢᠭᠰᠠᠨ ᠪᠠᠶᠢᠨ᠎ᠠ᠃ ᠲᠡᠷᠨ ᠦᠶᠡᠰ ᠭᠠᠯᠲᠠᠨ ᠪᠣᠱᠣᠭᠳᠣ ᠬᠠᠭᠠᠨ ᠪᠠᠰᠠ ᠪᠠᠶᠠᠨᠵᠢᠷᠦᠬᠡ  ᠶᠢᠨ ᠣᠪᠣᠭᠠᠨ  ᠤ ᠭᠦᠨ ᠣᠢ ᠳᠤ ᠰᠠᠭᠠᠲᠠᠵᠣ ᠠᠶᠣᠯ  ᠠᠴᠠ ᠵᠠᠶᠢᠯᠠᠵᠣ ᠦᠩᠭᠡᠷᠡᠭᠰᠡᠨ ᠭᠡᠨ᠎ᠡ᠃   ᠲᠠᠶᠢᠨ ᠲᠠᠵᠢᠨ  ᠤ ᠣᠶᠢᠮᠡᠭᠡᠨᠳᠣ ᠴᠠᠭ ᠦᠶ᠎ᠡ ᠳᠤ ᠬᠡᠰᠢᠭᠲᠡᠨ  ᠤ ᠮᠣᠩᠭᠤᠯᠴᠣᠳ ᠪᠠᠷᠤᠭ ᠪᠦᠷ ᠪᠠᠶᠠᠨᠵᠢᠷᠦᠭᠡ  ᠶᠢᠨ ᠣᠪᠣᠭᠠᠨ  ᠤ ᠭᠦᠨ ᠣᠢ ᠳᠤ ᠨᠢᠭᠤᠭᠲᠠᠵᠣ᠂ ᠬᠠᠷ᠎ᠠ ᠠᠮᠢ ᠪᠠᠨ ᠲᠠᠶᠢᠰᠦᠨ  ᠤ ᠭᠦᠨᠦᠭᠡᠯ ᠠᠴᠠ ᠵᠠᠶᠢᠯᠠᠭᠤᠯᠵᠣ ᠴᠢᠲᠠᠲᠠᠭ ᠪᠠᠶᠢᠵᠠᠢ᠃ ᠲᠡᠭᠡᠭᠡᠳ ᠡᠲᠡᠭᠡᠷ ᠡᠷᠬᠢᠮ ᠬᠦᠮᠦᠰ᠂ ᠡᠭᠡᠯ ᠠᠷᠠᠳ  ᠤᠳ ᠪᠦᠷ ᠨᠢᠭᠡᠳ ᠨᠢᠬᠡ ᠪᠠᠷ  ᠢᠶᠠᠨ ᠪᠠᠶᠠᠨᠵᠢᠷᠦᠬᠡ  ᠶᠢᠨ ᠣᠪᠣᠭ᠎ᠠ ᠪᠠᠨ ᠲᠠᠬᠢᠵᠣ᠂ ᠠᠮᠢ  ᠶᠢ ᠨᠢ ᠠᠪᠣᠷᠠᠵᠣ ᠪᠠᠶᠢᠭᠰᠠᠨ ᠪᠣᠷᠬᠠᠨ  ᠤ ᠬᠦᠷᠲᠡᠭᠡᠯ ᠲᠠᠢ ᠡᠨᠡᠬᠦ ᠭᠠᠵᠠᠷ ᠢᠶᠠᠨ ᠳᠡᠭᠡᠵᠢᠯᠡᠭᠦ ᠪᠣᠯᠣᠭᠰᠠᠨ ᠪᠠᠶᠢᠨ᠎ᠠ᠃ ᠡᠲᠡᠭᠡᠷ ᠎ ᠠᠴᠠ ᠦᠵᠡᠬᠦ ᠳᠤ ᠬᠡᠰᠢᠭᠲᠡᠨ  ᠤ ᠭᠡᠰᠡᠨ ᠦᠭᠡᠢ ᠬᠠᠮᠢᠭ᠎ᠠ ᠴᠣ᠋ ᠭᠠᠵᠠᠷ  ᠤᠨ ᠮᠣᠩᠭᠤᠯ‌ᠦᠯᠢᠭᠡᠷ ᠲᠣᠮᠤᠭ ᠪᠦᠷ ᠯᠠ ᠲᠡᠣᠬᠡ  ᠶᠢᠨ ᠦᠨᠡᠨ ᠬᠦᠮᠦᠨ᠂ ᠦᠨᠡᠨ ᠬᠡᠷᠡᠭ ᠲᠠᠢ ᠬᠤᠯᠪᠣᠭᠲᠠᠵᠣ ᠪᠠᠶᠢᠲᠠᠭ᠃ ᠭᠡᠯ᠎ᠡ ᠴᠣ᠋ ᠡᠲᠡᠭᠡᠷ ᠲᠣᠮᠤᠭ ‍ᠤᠳ‌‍ᠢᠶ᠋ᠠᠷ ᠲᠠᠮᠵᠢᠵᠣ᠂ ᠮᠣᠩᠭᠤᠯ ᠬᠦᠮᠦᠨ ᠦᠪᠡᠷ  ᠤᠨ ᠲᠣᠳᠣᠭᠠᠳᠣ ᠰᠡᠳᠭᠢᠯ  ᠤᠨ ᠴᠠᠭᠠᠪᠦᠷᠢᠯᠠᠯ  ᠢᠶᠠᠨ ᠨᠣᠳᠤᠭ ᠣᠰᠣᠨ  ᠤ ᠪᠠᠨ ᠡᠵᠡᠨ ᠰᠠᠬᠢᠭᠤᠰᠣ  ᠳᠡᠭᠡᠨ ᠲᠠᠭᠠᠣᠬᠠᠵᠣ ᠶᠠᠪᠣᠲᠠᠭ ᠶᠣᠮ ᠪᠠᠶᠢᠨ᠎ᠠ ᠭᠡᠰᠡᠨ  ᠢ ᠮᠡᠲᠡᠵᠣ ᠪᠣᠯᠣᠨ᠎ᠠ᠃   ᠠᠷᠠᠳ ᠲᠦᠮᠡᠨ  ᠤ ᠠᠮᠠ ᠪᠠᠷ ᠬᠡᠯᠡᠯᠴᠡᠵᠣ ᠪᠠᠶᠢᠭᠰᠠᠨ ᠵᠣᠶᠢᠯ  ᠢ ᠶᠠᠮᠠᠷ ᠨᠢᠭᠡᠨ ᠬᠡᠮᠵᠢᠶ᠎ᠡ ᠪᠠᠷ  ᠪᠣᠯᠪᠠᠰᠣᠷᠠᠭᠤᠯᠣᠨ ᠶᠠᠩᠵᠣ ᠪᠦᠷᠢ  ᠶᠢᠨ ᠲᠣᠷᠠᠰᠬᠠᠯᠳᠣ ᠪᠢᠴᠢᠭ ᠲᠤ ᠲᠡᠮᠲᠡᠭᠯᠡᠨ ᠦᠯᠡᠲᠡᠭᠡᠭᠰᠡᠨ ᠨᠢ ᠨᠠᠯᠢᠶᠡᠳ ᠪᠣᠢ᠃ ᠮᠣᠩᠭᠤᠯ ᠣᠭᠰᠠᠭᠠᠲᠠᠨ  ᠤ ᠬᠤᠯᠣᠨᠴᠠ ᠲᠡᠭᠡᠳᠦᠰ᠂ ᠰᠢᠲᠦᠵᠣ ᠪᠠᠶᠢᠭᠰᠠᠨ ᠰᠦᠯᠲᠡ ᠣᠩᠭᠤᠨ ᠲᠠᠢ ᠬᠤᠯᠪᠣᠭ᠎ᠠ ᠎ ᠲᠠᠢ ᠲᠣᠮᠤᠭ ︽ᠮᠣᠩᠭᠤᠯ  ᠤᠨ ᠨᠢᠭᠤᠴᠨ ᠲᠣᠪᠴᠢᠶᠠᠨ︾᠂ ︽ᠠᠯᠲᠠᠨ ᠲᠣᠪᠴᠢ︾ ᠵᠡᠷᠭᠡ ᠲᠡᠣᠬᠡ — ᠮᠣᠩᠭᠤᠯ ᠎ ᠤᠨ ᠣᠷᠠᠨ ᠵᠣᠬᠢᠶᠠᠯ  ᠤᠨ ᠭᠤᠣᠯ ᠭᠤᠣᠯ ᠲᠣᠷᠠᠰᠬᠠᠯ ᠳᠤ ᠲᠡᠮᠳᠡᠩᠯᠡᠰᠦᠲᠠᠢ ᠪᠠᠶᠢᠨ᠎ᠠ [2]᠃                  ᠬᠤᠶᠠᠷ᠂ ᠬᠡᠰᠢᠭᠲᠡᠨ ᠨᠣᠳᠤᠭ  ᠤᠨ ᠰᠢᠳᠦᠯᠭᠡᠳᠣ ᠭᠠᠵᠠᠷ — ᠲᠠᠷᠬᠠᠨ ᠠᠭᠤᠯᠠ  ᠶᠢᠨ ᠲᠣᠮᠤᠭ  ᠤᠨ ᠢᠷᠡᠯᠲᠡ           ᠬᠡᠰᠢᠭᠲᠡᠨ ᠨᠣᠳᠤᠭ  ᠢ ᠴᠢᠩᠬᠢᠰ  ᠤᠨ ᠲᠣᠷᠭᠠᠨ ᠴᠡᠷᠢᠭ  ᠤᠨ ᠣᠳᠣᠮᠳᠣ ᠨᠣᠳᠤᠭ᠂ ᠦᠪᠦᠷ ᠮᠣᠩᠭᠤᠯ  ᠤᠨ ᠪᠠᠭᠠᠰᠬᠠᠯ ᠵᠢᠷᠤᠭ ᠬᠡᠵᠣ ᠡᠷᠲᠡᠮᠲᠡᠳ ᠦᠨᠡᠯᠡᠵᠣ ᠦᠩᠭᠡᠷᠡᠭᠰᠡᠨ ᠶᠣᠮ᠃ ᠬᠡᠰᠢᠭᠲᠡᠨ ᠨᠣᠳᠤᠭ ᠎ ᠨᠢ ᠠᠭᠤᠯᠠ ᠣᠰᠣᠨ  ᠤ ᠪᠠᠨ ᠣᠩᠭᠤᠨ ᠲᠦᠷᠬᠦ᠂ ᠲᠡᠷᠬᠠᠨ ᠪᠠᠶᠢᠭᠠᠯᠢ  ᠶᠢᠨ  ᠢᠶᠠᠨ ᠬᠡᠮᠡᠷᠯᠢᠭ ᠰᠠᠶᠢᠬᠠᠨ  ᠢᠶᠠᠷ ᠎ ᠢᠶᠠᠨ ᠬᠦᠮᠦᠨ ᠠᠷᠠᠳ  ᠤᠨ  ᠢᠶᠠᠨ ᠰᠡᠳᠭᠢᠯ  ᠢ ᠣᠮᠲᠠᠯᠠᠵᠣ᠂ ᠨᠠᠷᠠᠳᠣ ᠣᠷᠴᠠᠯᠠᠩ  ᠤᠨ ᠵᠠᠢ ᠳᠤ ᠨᠠᠰᠣᠨ  ᠤ ᠨᠠᠮᠦᠷ  ᠢᠶᠠᠨ ᠦᠲᠡᠵᠣ ᠶᠠᠪᠣᠨ᠎ᠠ᠃ ᠲᠡᠷᠡᠴᠢᠯᠡᠨ ᠨᠣᠳᠤᠭ  ᠤᠨ ᠮᠢᠨᠢ ᠰᠠᠶᠢᠬᠠᠨ ᠶᠠᠭᠤᠮ᠎ᠠ ᠪᠦᠬᠦᠨ  ᠠᠴᠠ ᠡᠭᠦᠰᠪᠦᠷᠢ ᠎ ᠪᠠᠨ ᠣᠯᠵᠣ᠂ ᠮᠣᠩᠭᠤᠯ ᠣᠳᠬ᠎ᠠ ᠰᠣᠶᠣᠯ  ᠤᠨ ᠮᠢᠨᠢ ᠬᠦᠷᠢᠶ᠎ᠡ ᠴᠠᠷ᠎ᠠ ᠳᠤ ᠨᠡᠩ ᠶᠡᠭᠡ ᠨᠠᠮᠠᠷᠢ ᠬᠠᠨᠳᠢᠪ ᠪᠣᠯᠬᠤ ᠵᠣᠶᠢᠯ ᠪᠠᠶᠢᠬᠤ ᠨᠢ ᠯᠠᠪᠲᠠᠢ ᠶᠣᠮ ᠡ︕ ᠮᠣᠩᠭᠤᠯ ᠭᠡᠰᠡᠨ ᠲᠡᠭᠷᠢᠯᠢᠭ ᠶᠡᠭᠡ ᠠᠷᠠᠳ ᠲᠦᠮᠡᠨ ᠮᠢᠨᠢ ᠲᠡᠣᠬᠡ ᠶᠢ ᠡᠭᠦᠳᠦᠨ ᠪᠦᠳᠦᠭᠡᠬᠦ  ᠳᠡᠭᠡᠨ ᠲᠦᠮᠡᠨ ᠪᠣᠲᠠᠰ  ᠤᠨ ᠠᠮᠢᠯᠠᠯ  ᠢᠶᠠᠷ ᠶᠠᠭᠤ ᠪᠦᠬᠦᠨ  ᠢᠶᠠᠨ ᠪᠡᠯᠭᠡᠲᠡᠵᠣ᠂ ᠦᠯᠢᠭᠡᠷ ᠲᠣᠮᠤᠭ  ᠤᠨ ᠷᠢᠳᠢ ᠰᠢᠳᠢ  ᠶᠢ ᠬᠠᠷᠠᠭᠤᠯᠣᠭᠰᠠᠨ ᠲᠣᠩ ᠣᠯᠠᠨ ᠠᠮᠠᠨ ᠵᠣᠬᠢᠶᠠᠯ  ᠤᠨ ᠪᠠᠶᠠᠯᠢᠭ ᠦᠪ ᠲᠠᠢ ᠶᠣᠮ᠃   ᠮᠣᠩᠭᠤᠯ ᠲᠣᠮᠤᠭ ᠵᠦᠢ ᠳᠤ ᠰᠢᠲᠦᠯᠭᠡ᠂ ᠬᠦᠨ ᠣᠬᠠᠭᠠᠨ᠂ ᠣᠷᠠᠯᠢᠭ᠂ ᠣᠷᠠᠨ ᠵᠣᠬᠢᠶᠠᠯ᠂ ᠶᠣᠰᠣ ᠵᠦᠢ᠂ ᠮᠡᠲᠡᠯᠬᠡ ᠣᠬᠠᠭᠠᠨ  ᠤ ᠪᠦᠬᠦᠶᠢᠯᠠ ᠰᠠᠯᠪᠣᠷᠢ  ᠶᠢᠨ ᠡᠬᠢ ᠰᠣᠷᠪᠣᠯᠵᠢ ᠣᠷᠣᠰᠢᠵᠣ ᠪᠠᠶᠢᠵᠠᠢ᠃ ᠲᠣᠮᠤᠭ ᠵᠦᠢ ᠠᠴᠠ ᠲᠣᠮ ᠰᠢᠪᠰᠢᠯᠭᠡ᠂ ᠰᠢᠲᠢᠳᠣ ᠦᠯᠢᠭᠡᠷ᠂ ᠬᠠᠭᠤᠴᠢ ᠲᠣᠮᠤᠭ ᠵᠡᠷᠭᠡ ᠠᠷᠠᠳ  ᠤᠨ ᠠᠮᠠᠨ ᠵᠣᠬᠢᠶᠠᠯ  ᠤᠨ ᠵᠣᠶᠢᠯ ᠡᠭᠦᠰᠪᠦᠷᠢᠯᠠᠨ ᠬᠦᠭᠵᠢᠭᠰᠡᠨ ᠶᠣᠮ [3]᠃ ᠡᠬᠦᠨ  ᠠᠴᠠ ᠰᠡᠳᠭᠢᠮᠵᠢ ᠠᠪᠴᠣ ᠬᠡᠰᠢᠭᠲᠡᠨ  ᠤ ᠲᠠᠷᠬᠠᠨ ᠠᠭᠤᠯᠠ ᠪᠣᠯ ᠰᠢᠳᠦᠯᠭᠡᠳᠣ ᠭᠠᠵᠠᠷ ᠮᠦᠨ ᠭᠡᠵᠣ ᠦᠵᠡᠲᠡᠭ  ᠤᠨ ᠣᠴᠢᠷ ᠢ ᠨᠣᠳᠤᠭ  ᠤᠨ ᠲᠣᠮᠣᠭᠠᠲᠠᠳ  ᠠᠴᠠ ᠪᠠᠨ ᠰᠣᠨᠣᠰᠴᠣ ᠦᠩᠭᠡᠷᠡᠭᠰᠡᠨ ᠨᠢᠭᠡᠨ ᠲᠣᠮᠤᠭ ᠦᠯᠢᠭᠡᠷ ᠢᠶᠠᠷ ᠰᠡᠳᠦᠪᠯᠡᠵᠣ ᠶᠠᠷᠢᠶ᠎ᠠ᠃   ᠲᠠᠷᠬᠠᠨ ᠠᠭᠤᠯᠨ ᠬᠡᠵᠣ ᠬᠡᠰᠢᠭᠲᠡᠨ ᠨᠣᠳᠤᠭ  ᠤᠨ ᠲᠠᠯᠠᠢ ᠨᠠᠭᠤᠷ  ᠤᠨ ᠡᠮᠦᠨ᠎ᠡ ᠬᠦᠪᠡᠭᠡᠨ ᠳᠤ ᠪᠠᠶᠢᠷᠢᠯᠠᠵᠣ ᠪᠠᠶᠢᠲᠠᠭ᠃ ︵ᠲᠡᠣᠬᠡᠨ ᠲᠡᠮᠲᠡᠭᠯᠡᠯ ᠳᠤ ᠲᠠᠯᠣ ᠨᠠᠭᠤᠷ ᠭᠡᠵᠣ ᠪᠣᠢ︶᠃ ᠶᠣᠸᠠᠨ ᠣᠯᠣᠰ  ᠤᠨ ᠦᠶ᠎ᠡ ᠳᠤ ᠮᠠᠨᠳᠣᠯ ᠠᠭᠤᠯᠠ ᠬᠡᠲᠡᠭ᠃ ᠰᠡᠭᠦᠯᠡᠷ ᠨᠢ ᠬᠡᠰᠢᠭᠲᠡᠨᠴᠣᠳ ᠡᠨᠡᠬᠦ ᠲᠡᠣᠬᠡ ᠰᠣᠶᠣᠯ  ᠤᠨ ᠠᠷᠢᠭᠤᠨ ᠠᠮᠢᠰᠬᠤᠯᠳᠣ ᠦᠵᠡᠮᠵᠡᠳᠣ ᠣᠷᠣᠨ  ᠢᠶᠠᠨ ᠣᠩᠭᠤᠯᠠᠨ ᠲᠠᠷᠬᠠᠯᠠᠵᠣ ᠬᠠᠯᠲᠠᠵᠣ ᠪᠣᠯᠣᠰᠢ ᠦᠭᠡᠢ ᠣᠷᠣᠨ ᠭᠡᠮᠡᠵᠣ ᠲᠠᠷᠬᠠᠨ ᠠᠭᠤᠯᠨ ᠭᠡᠵᠣ ᠲᠠᠭᠤᠲᠠᠬᠤ ᠪᠣᠯᠣᠭᠰᠠᠨ ᠪᠠᠶᠢᠨ᠎ᠠ [4]᠃   ᠪᠠᠰᠠ‌‍ᠶᠠᠭᠠᠬᠢᠭᠠᠳ ᠰᠢᠳᠦᠯᠭᠡᠳᠣ ᠣᠷᠣᠨ ᠪᠣᠯᠣᠭᠰᠠᠨ ᠲᠣᠬᠠᠢ ᠡᠶᠢᠮᠣ ᠨᠢᠭᠡᠨ ᠲᠣᠮᠤᠭ ᠪᠣᠢ᠃   ᠡᠷᠲᠡ ᠣᠷᠢᠳᠣ  ᠶᠢᠨ ᠴᠠᠭ ᠲᠤ ᠲᠠᠷᠬᠠᠨ ᠠᠭᠤᠯᠨ  ᠶᠢᠨ ᠲᠠᠪᠠᠭᠠᠳᠣ  ᠶᠢᠨ ᠪᠣᠯᠠᠭ ᠭᠡᠰᠡᠨ ᠭᠠᠵᠠᠷ ᠨᠢᠭᠡᠨ ᠪᠠᠶᠠᠨ ᠠᠶᠢᠯ ᠵᠣᠰᠠᠵᠣ ᠪᠠᠶᠢᠭᠰᠨ ᠭᠡᠨ᠎ᠡ᠃ ᠲᠡᠭᠡᠭᠡᠳ ᠨᠢᠭᠡ ᠬᠢᠲᠠᠳ ᠬᠦᠮᠦᠨ  ᠢ ᠬᠦᠯᠦᠰᠦᠯᠡᠵᠣ ᠬᠤᠨᠢ ᠬᠠᠷᠢᠭᠤᠯᠣᠭᠠᠳ ᠠᠷᠪᠠᠨ ᠬᠡᠳᠦᠨ ᠵᠢᠯ ᠪᠣᠯᠣᠭᠰᠠᠨ ᠪᠠᠶᠢᠨ᠎ᠠ᠃ ᠭᠡᠨᠡᠳᠲᠡ ᠪᠠᠶᠢᠵᠣ ᠪᠠᠶᠢᠭᠠᠳ ᠨᠣᠳᠤᠭ ᠵᠦᠭ ᠢᠶᠠᠨ ᠪᠣᠴᠠᠬᠤ ᠭᠡᠰᠡᠨ ᠪᠡ ᠡᠨᠡ ᠠᠶᠢᠯ  ᠠᠴᠠ ᠶᠠᠭᠤ ᠴᠣ᠋ ᠠᠪᠬᠤ ᠦᠭᠡᠢ ᠶᠠᠪᠣᠨ᠎ᠠ ᠬᠡᠬᠦ ᠳᠤ ᠨᠢ ᠭᠡᠷ  ᠤᠨ ᠡᠵᠡᠨ ᠲᠦᠭ ᠭᠠᠶᠢᠬᠠᠵᠣ ᠶᠠᠭᠤ ᠭᠡᠰᠡᠨ ᠦᠭᠡ ᠪᠣᠢ ᠡᠶᠢᠮᠣ ᠣᠲᠠᠭᠠᠨ ᠠᠵᠢᠯᠯᠠᠴᠢᠬᠠᠭᠠᠳ ᠮᠦᠩᠬᠦ ᠲᠦᠯᠦᠬᠦ ᠶᠣᠰᠣᠲᠠᠢ ᠬᠡᠬᠦ ᠳᠤ ᠬᠢᠲᠠᠳ ᠲᠠᠮᠠᠢ ᠶᠠᠭᠤᠮ᠎ᠠ ᠶᠠᠷᠢᠭᠰᠠᠨ ᠦᠭᠡᠢ᠂ ᠮᠣᠩᠭᠤᠯ ᠭᠡᠷ  ᠤᠨ ᠲᠣᠳᠣᠭᠤᠨ ᠲᠡᠭᠡᠷ᠎ᠡ ᠪᠠᠶᠢᠭᠰᠠᠨ ᠡᠪᠡᠰᠣ ᠪᠠᠷ ᠵᠠᠩᠭᠢᠳᠣᠭᠰᠠᠨ ᠨᠣᠭᠳᠣ ᠶᠢ ᠠᠪᠣᠭᠠᠳ ᠶᠠᠪᠣᠵᠠᠢ᠃ ᠢᠩᠬᠢᠬᠦ ᠳᠤ ᠠᠶᠢᠯ ᠬᠤᠲᠠ  ᠶᠢᠨ ᠬᠢᠨᠢ ᠣᠯᠣᠰ  ᠤᠳ ᠬᠤᠭᠤᠷᠣᠨᠳᠣ ᠪᠠᠨ ᠵᠦᠪᠲᠡᠯᠴᠡᠵᠣ᠂ ᠬᠢᠲᠡᠳ ᠬᠦᠮᠦᠨ ᠯᠠᠪ ᠵᠦᠭᠡᠷ ᠵᠠᠷᠣᠭᠲᠠᠬᠤ ᠦᠭᠡᠢ᠂ ᠬᠤᠶᠢᠨ᠎ᠠ  ᠠᠴᠠ ᠨᠢ ᠲᠠᠭᠠᠵᠣ᠂ ᠶᠠᠭᠤ ᠬᠢᠬᠦ ᠎ ᠶᠢ ᠨᠢ ᠦᠵᠡᠪᠡᠯ ᠵᠣᠬᠢᠨ᠎ᠠ ᠭᠡᠳ ᠶᠠᠪᠣᠭᠰᠠᠨ ᠴᠢᠨᠢ ᠶᠠᠭ ᠰᠠᠶᠢᠬᠠᠨ ᠲᠠᠷᠬᠠᠨ ᠠᠭᠤᠯᠠ  ᠶᠢᠨ ᠬᠤᠷᠮᠦᠢ ᠳᠤ ᠬᠦᠷᠦᠭᠡᠳ ᠦᠨᠦᠬᠢ ᠡᠪᠡᠰᠦᠨ ᠨᠣᠭᠳᠣ ᠪᠠᠨ ᠡᠷᠬᠢᠯᠳᠦᠭᠦᠯᠦᠨ ︽ᠲᠣᠷᠠᠢ︕ ᠲᠣᠷᠠᠢ︕︾ ᠬᠡᠵᠣ ᠠᠭᠤᠯᠨ  ᠶᠢᠨ ᠠᠭᠤᠢ ᠳᠠᠬᠢ ᠠᠯᠲᠠᠨ ᠣᠨᠠᠭ᠎ᠠ  ᠶᠢ ᠲᠠᠭᠤᠲᠠᠵᠣ ᠪᠠᠶᠢᠵᠠᠢ᠃ ᠠᠯᠲᠠᠨ ᠣᠨᠠᠭ᠎ᠠ ᠭᠠᠷᠴᠣ ᠢᠷᠡᠭᠡᠳ ᠬᠢᠲᠠᠳ  ᠤᠨ ᠭᠠᠷ ᠳᠠᠬᠢ ᠡᠪᠡᠰᠣ  ᠶᠢ ᠢᠳᠡᠬᠦ ᠬᠡᠲᠡᠯ᠎ᠡ ᠬᠤᠶᠢᠨ᠎ᠠ  ᠠᠴᠠ ᠨᠢ ᠲᠠᠭᠠᠭᠰᠠᠨ ᠬᠦᠮᠦᠰ ᠪᠠᠷᠬᠢᠯᠳᠣᠬᠤ ᠳᠤ ᠨᠢᠭᠡ ᠯᠠ ᠠᠯᠲᠠᠨ ᠭᠡᠷᠡᠯ ᠭᠠᠷᠣᠭᠠᠳ ᠠᠯᠲᠠᠨ ᠣᠨᠠᠭ᠎ᠠ ᠲᠠᠯᠲᠠ ᠣᠷᠣᠭᠰᠠᠨ ᠭᠡᠨ᠎ᠡ᠃ ᠲᠡᠭᠡᠭᠡᠳ ᠬᠢᠲᠠᠳ ᠶᠠᠭᠤ ᠴᠣ᠋ ᠣᠯᠵᠣ ᠲᠠᠶᠢᠯᠦᠭᠰᠡᠨ ᠦᠭᠡᠢ ᠬᠤᠭᠤᠰᠣᠨ ᠪᠤᠴᠠᠭᠰᠠᠨ ᠪᠠᠶᠢᠨ᠎ᠠ᠃ ᠡᠶᠢᠨᠬᠦ ᠭᠡᠰᠢᠭᠲᠡᠨᠴᠤᠳ ᠳᠠᠷᠬᠠᠨ ᠠᠭᠤᠯᠠ  ᠪᠠᠨ ᠰᠢᠲᠤᠯᠭᠡ ᠲᠠᠢ᠂ ᠬᠡᠰᠢᠭ ᠲᠠᠢ ᠭᠠᠵᠠᠷ ᠬᠡᠮᠡᠨ ᠬᠦᠨᠳᠦᠳᠬᠡᠨ ᠦᠵᠡᠵᠤ᠂ ᠣᠩᠭᠤᠯᠠᠨ ᠳᠠᠷᠬᠠᠯᠠᠵᠤ ᠡᠭᠦᠨ ᠲᠠᠢ ᠬᠤᠯᠪᠤᠭᠳᠠᠭᠰᠠᠨ ᠣᠯᠠᠨ ᠰᠠᠶᠢᠬᠠᠨ ᠦᠯᠢᠭᠡᠷ ᠳᠣᠮᠤᠭ  ᠢᠶᠠᠨ ᠬᠠᠭᠤᠴᠢᠯᠠᠭᠰᠠᠭᠠᠷ ᠢᠷᠡᠵᠡᠢ᠃   ᠬᠤᠷᠢᠶᠠᠩᠭᠤᠶᠢᠯᠠᠪᠠᠯ᠂ ᠬᠡᠰᠢᠭᠲᠡᠨ ᠭᠡᠳᠡᠭ ᠦᠭᠡ ᠨᠢ ᠲᠡᠦᠬᠡᠨ ᠰᠤᠷᠪᠤᠯᠵᠢ  ᠠᠴᠠ ᠢᠷᠡᠯᠳᠡ ᠲᠠᠢ᠃ ᠲᠡᠷᠡᠴᠢᠯᠡᠨ ᠬᠡᠰᠢᠭᠲᠡᠨ ᠨᠤᠲᠤᠭ  ᠤᠨ ᠠᠭᠤᠯᠠ ᠤᠰᠤᠨ  ᠤ ᠳᠤᠮᠤᠭ ᠨᠢ ᠮᠣᠩᠭᠤᠯ ᠲᠦᠮᠡᠨ  ᠤ ᠲᠡᠦᠬᠡᠨ ᠤᠯᠠ ᠮᠥᠷ ᠲᠠᠢ ᠬᠤᠯᠪᠤᠭᠳᠠᠭᠰᠠᠨ ᠮᠥᠷᠲᠡᠭᠡᠨ ᠵᠠᠷᠢᠮ ᠠᠭᠤᠯᠨ ᠣᠰᠣᠨ  ᠤ ᠬᠢᠨᠢ ᠲᠣᠮᠤᠭ ᠨᠢ ᠬᠡᠰᠢᠭᠲᠡᠨᠴᠤᠳ  ᠤᠨ ᠰᠦᠰᠦᠭ ᠪᠢᠰᠢᠷᠡᠯ  ᠤᠨ ᠬᠢᠨᠢ ᠢᠳᠡ ᠬᠦᠴᠤ ᠲᠠᠢ ᠠᠭᠤᠰᠤᠨ ᠨᠢᠭᠡᠳᠴᠤ ᠬᠥᠮᠦᠰ ᠲᠤ ᠨᠡᠩ ᠣᠯᠠᠨ ᠰᠣᠨᠢᠷᠬᠠᠭᠤᠯᠬᠤ ᠷᠢᠳᠢ ᠰᠢᠳᠢᠲᠤ ᠦᠯᠢᠭᠡᠷ ᠳᠣᠮᠤᠭ  ᠢ ᠪᠣᠢ ᠪᠣᠯᠭᠠᠭᠰᠠᠨ ᠪᠠᠶᠢᠨ᠎ᠠ᠃                ᠵᠡᠭᠦᠯᠲᠡ᠄     [1] ᠪ᠊᠂ ᠪᠠᠭᠠᠨ᠎ᠠ ︽ᠦᠭᠡᠲᠠᠢ ᠬᠠᠭᠠᠨ︾᠂ ᠦᠨᠳᠦᠰᠦᠲᠡᠨ ᠤ ᠬᠡᠪᠡᠯᠯ ᠤᠨ ᠬᠤᠷᠢᠶ᠎ᠠ᠂᠂1987 · 10᠃   [2] [3] ᠰ᠊᠂ ᠲᠣᠯᠮ᠎ᠠ ︽ᠮᠣᠩᠭᠤᠯ ᠲᠣᠮᠤᠭ ᠵᠦᠢ  ᠶᠢᠨ ᠲᠦᠷᠢ︾᠂ ᠥᠪᠦᠷ ᠮᠣᠩᠭᠤᠯ ᠤᠨ ᠰᠣᠶᠣᠯ ᠤᠨ ᠬᠡᠪᠡᠯᠯ ᠤᠨ ᠬᠤᠷᠢᠶ᠎ᠠ᠃ 1999 · 5 280 ᠳ᠋ᠦ᠋ᠭᠡᠷ ᠨᠢᠭᠤᠷ᠃   [4] ᠰᠠᠯᠵᠢᠭᠤᠳ ᠡᠷᠲᠡᠮᠳᠣ ︽ᠬᠡᠰᠢᠭᠲᠡᠨ ᠤ ᠠᠶᠠᠯᠠᠯ ᠵᠢᠭᠤᠯᠴᠢᠯᠠᠯ  ᠤᠨ ᠰᠣᠶᠣᠯ︾᠂ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂2008 · 6 129 ᠳ᠋ᠦ᠋ᠭᠡᠷ ᠨᠢᠭᠤᠷ᠃             ᠠᠰᠢᠭᠯᠠᠭᠰᠠᠨ ᠨᠣᠮ᠄    [1] ᠪ᠊᠂ ᠪᠠᠭᠠᠨ᠎ᠠ ︽ᠦᠭᠡᠲᠠᠢ ᠬᠠᠭᠠᠨ︾᠂ ᠦᠨᠳᠦᠰᠦᠲᠡᠨ ᠤ ᠬᠡᠪᠡᠯᠯ ᠤᠨ ᠬᠤᠷᠢᠶ᠎ᠠ᠂ 1987.10᠃   [2] ᠰ᠊᠂ ᠲᠣᠯᠮ᠎ᠠ ︽ᠮᠣᠩᠭᠤᠯ ᠲᠣᠮᠤᠭ ᠵᠦᠢ  ᠶᠢᠨ ᠲᠦᠷᠢ︾᠂ ᠥᠪᠦᠷ ᠮᠣᠩᠭᠤᠯ ᠤᠨ ᠰᠣᠶᠣᠯ ᠤᠨ ᠬᠡᠪᠡᠯᠯ ᠤᠨ ᠬᠤᠷᠢᠶ᠎ᠠ᠂ 1999.5᠃   [3] ᠰᠠᠯᠵᠢᠭᠤᠳ ᠡᠷᠲᠡᠮᠳᠣ ︽ᠬᠡᠰᠢᠭᠲᠡᠨ ᠤ ᠠᠶᠠᠯᠠᠯ ᠵᠢᠭᠤᠯᠴᠢᠯᠠᠯ  ᠤᠨ ᠰᠣᠶᠣᠯ︾᠂ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂2008.6᠃   [4] ᠰᠠᠩᠲᠠᠢ᠂ ︽ᠡᠷᠲᠡᠨ ᠤ ᠮᠣᠩᠭᠤᠯ ᠬᠠᠭᠠᠳ ᠤᠨ ᠴᠠᠳᠢᠭ ᠨᠠᠮᠲᠠᠷ︾᠂ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1999.5᠃   [5] ᠪᠠᠶᠠᠷ᠂ ︽ᠮᠣᠩᠭᠤᠯ ᠤᠨ ᠨᠢᠭᠤᠴᠠ ᠲᠣᠪᠴᠢᠶᠠᠨ︾ ︵ᠨᠠᠶᠢᠲᠠ ᠭᠤᠷᠪᠠᠨ ᠲᠠᠪᠲᠠᠷ︶᠂ ᠥᠪᠦᠷ ᠮᠣᠩᠭᠤᠯ ᠎ ᠤᠨ ᠠᠷᠠᠳ ᠤᠨ ᠬᠡᠪᠯᠡᠯ ᠤᠨ ᠬᠤᠷᠢᠶ᠎ᠠ᠂ 1981᠃   [6] ︽ᠮᠣᠩᠭᠤᠯ ᠬᠠᠭᠠᠨᠳᠣ ᠣᠯᠣᠰ ᠤᠨ ᠲᠣᠪᠴᠢ ᠲᠡᠣᠬᠡ︾᠂ ᠥᠪᠦᠷ ᠮᠣᠩᠭᠤᠯ ᠤᠨ ᠰᠣᠶᠣᠯ ᠤᠨ ᠬᠡᠪᠡᠯᠯ ᠤᠨ ᠬᠤᠷᠢᠶ᠎ᠠ᠂1991᠃   [7] ︽ᠪᠣᠭᠲᠠ ᠪᠠᠭᠠᠳᠦᠷ ᠤᠨ ᠪᠡᠶ᠎ᠡ ᠪᠠᠷ ᠲᠠᠶᠢᠯᠠᠭᠰᠠᠨ ᠲᠡᠮᠲᠡᠭᠯᠡᠯ︾᠂ ᠥᠪᠦᠷ ᠮᠣᠩᠭᠤᠯ ᠤᠨ ᠠᠷᠠᠳ ᠤᠨ ᠬᠡᠪᠯᠡᠯ ᠎ ᠤᠨ ᠬᠤᠷᠢᠶ᠎ᠠ᠂1979. 8᠃   [8] ᠴᠣᠶᠢᠵᠢ ᠨᠠᠷ ᠤᠨ ᠨᠠᠶᠢᠷᠠᠭᠤᠯᠣᠭᠰᠠᠨ ︽ᠠᠯᠲᠠᠨ ᠲᠣᠪᠴᠢ︾᠂ ᠥᠪᠦᠷ ᠮᠣᠩᠭᠤᠯ ᠤᠨ ᠠᠷᠠᠳ ᠤᠨ ᠬᠡᠪᠯᠡᠯ ᠎ ᠤᠨ ᠬᠤᠷᠢᠶ᠎ᠠ᠂1983᠃   [9] ︵ᠢᠷᠠᠨ︶ ᠵᠦᠸᠠᠶᠢᠨᠢ ︽ᠲᠡᠯᠡᠬᠡᠢ ᠶᠢ ᠪᠠᠶᠢᠯᠳᠣᠨ ᠲᠠᠭᠠᠭᠤᠯᠣᠭᠴᠢᠳ ᠤᠨ ᠲᠡᠣᠬᠡ︾ ︵ᠲᠡᠭᠡᠳᠣ᠂ ᠲᠣᠣᠷᠠᠳᠣ ︶᠂ ᠥᠪᠦᠷ ᠮᠣᠩᠭᠤᠯ ᠤᠨ ᠰᠣᠶᠣᠯ ᠤᠨ ᠬᠡᠪᠡᠯᠯ ᠤᠨ ᠬᠤᠷᠢᠶ᠎ᠠ᠂ 1989 · 8᠃   [10] ︽ᠴᠢᠩᠭᠢᠰ ᠬᠠᠭᠠᠨ ᠤ ᠬᠦᠯᠦᠭ ᠤᠳ︾᠂ ᠥᠪᠦᠷ ᠮᠣᠩᠭᠤᠯ ᠤᠨ ᠪᠠᠭᠠᠴᠣᠳ ᠬᠡᠣᠬᠡᠳ ᠤᠨ ᠬᠡᠪᠡᠯᠯ ᠤᠨ ᠬᠤᠷᠢᠶ᠎ᠠ᠂1982.9᠃   [11] ᠳ᠋ᠦ᠋ᠳᠠᠩ ᠦᠯᠵᠡᠶᠢᠳᠣ ᠨᠠᠷ᠂ ︽ᠠᠯᠲᠠᠨ ᠣᠯᠣᠰ ᠤᠨ ᠲᠡᠣᠬᠡ︾ ︵ᠣᠷᠴᠢᠭᠤᠯᠭ᠎ᠠ︶᠂ ᠦᠨᠳᠦᠰᠦᠲᠡᠨ ᠤ ᠬᠡᠪᠡᠯᠯ  ᠤᠨ ‍ᠤᠨ‌ᠬᠤᠷᠢᠶ᠎ᠠ᠂ 1988 · 3᠃   [12] ︽ᠶᠣᠸᠠᠨ ᠣᠯᠣᠰ ᠤᠨ ᠲᠡᠣᠬᠡ ᠶᠢᠨ ᠲᠣᠶᠢᠮᠣ︾᠂ ᠥᠪᠦᠷ ᠮᠣᠩᠭᠤᠯ ᠤᠨ ᠰᠣᠶᠣᠯ ᠤᠨ ᠬᠡᠪᠡᠯᠯ ᠤᠨ ᠬᠤᠷᠢᠶ᠎ᠠ᠂1984 · 12᠃   [13] ︵ᠶᠠᠫᠦᠨ︶᠂ ᠢᠨᠣ ᠦᠶᠧ ᠶᠠᠰᠧᠰᠢ ︽ᠪᠦᠷᠲᠡ ᠴᠢᠨ᠋ᠸ᠎ᠠ︾᠂ ᠦᠨᠳᠦᠰᠦᠲᠡᠨ ᠤ ᠬᠡᠪᠡᠯᠯ ᠤᠨ ᠬᠤᠷᠢᠶ᠎ᠠ᠂ 1981᠃   [14] ︽ᠲᠣᠮᠤᠭ ᠦᠯᠢᠭᠡᠷ  ᠤᠨ ᠰᠣᠳᠣᠯᠣᠯ︾ ᠸ᠊᠂ ᠰᠠᠶᠢᠨᠴᠣᠭᠳᠣ᠂ ᠥᠪᠦᠷ ᠮᠣᠩᠭᠤᠯ ᠤᠨ ᠰᠣᠶᠣᠯ ᠤᠨ ᠬᠡᠪᠡᠯᠯ ᠎ ᠤᠨ ᠬᠤᠷᠢᠶ᠎ᠠ 1998 · 1᠃   [15] ︽ᠮᠣᠩᠭᠤᠯ ᠲᠣᠮᠭ  ᠤᠨ ᠬᠠᠷᠢᠴᠠᠭᠤᠯᠣᠭᠰᠠᠨ ᠰᠣᠳᠣᠯᠦᠯ︾ ᠦᠨᠳᠦᠰᠦᠲᠡᠨ ᠤ ᠬᠡᠪᠡᠯᠯ ᠤᠨ ᠬᠤᠷᠢᠶ᠎ᠠ᠂ 2001 · 6᠃   [16] ︽ᠮᠣᠩᠭᠤᠯ ᠲᠣᠮᠤᠭ  ᠤᠨ ᠴᠢᠭᠤᠯᠭᠠᠨ︾ ᠦᠨᠳᠦᠰᠦᠲᠡᠨ ᠤ ᠬᠡᠪᠡᠯᠯ ᠤᠨ ᠬᠤᠷᠢᠶ᠎ᠠ᠂ 2002 · 7᠃                          
 
ᠢᠷᠡᠯᠲᠡ᠄ www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号