| | —— ᠬᠡᠰᠢᠭᠳᠡᠨ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠭᠡ | ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠡᠷᠬᠢᠯᠡᠭᠴᠢ ᠰᠡᠴᠡᠨᠪᠠᠭᠠᠳᠣᠷ | ᠡᠷᠬᠢᠮ ᠬᠦᠨᠳᠦᠳᠦ ᠣᠳᠣᠷᠢᠳᠣᠯᠭ᠎ᠠ᠂ ᠡᠷᠳᠡᠮᠳᠡᠳ᠂ ᠵᠣᠴᠢᠳ ᠡ᠄ | ᠬᠤᠶᠠᠷ ᠵᠢᠯ ᠬᠠᠭᠠᠰ ᠤᠨ ᠴᠢᠷᠮᠠᠶᠢᠯᠭ᠎ᠠ ᠪᠠᠷ᠂ ︽ᠡᠷᠳᠡᠨᠢᠳᠣᠭᠳᠠᠬᠤ ᠶᠢᠨ ᠪᠦᠷᠢᠨ ᠵᠣᠬᠢᠶᠠᠯ︾ ᠨᠠᠶᠢᠳᠠ | 11 ᠪᠣᠳᠢ᠂ 200 ᠲᠦᠮᠡ ᠰᠢᠬᠠᠮ ᠦᠭᠡ ᠲᠠᠢ ᠲᠣᠮᠣ ᠪᠦᠳᠦᠭᠡᠯ ᠬᠡᠪᠯᠡᠭᠳᠡᠨ ᠭᠠᠷᠴᠣ᠂ ᠣᠩᠰᠢᠭᠴᠢᠳ ᠤᠨ ᠭᠠᠷ | ᠲᠡᠭᠡᠷ᠎ᠡ ᠣᠴᠢᠵᠣ ᠪᠠᠶᠢᠨ᠎ᠠ᠃ ᠣᠳᠣ ᠪᠢ ︽ᠡᠷᠳᠡᠨᠢᠳᠣᠭᠳᠠᠬᠤ ᠶᠢᠨ ᠪᠦᠷᠢᠨ ᠵᠣᠬᠢᠶᠠᠯ︾ ᠢ ᠨᠠᠶᠢᠷᠠᠭᠤᠯᠣᠨ | ᠬᠡᠪᠯᠡᠬᠦᠯᠬᠦ ᠺᠣᠮᠢᠰ ᠤᠨ ᠨᠠᠶᠢᠳᠠᠯᠭ᠎ᠠ ᠪᠠᠷ ︽ᠡᠷᠳᠡᠨᠢᠳᠣᠭᠳᠠᠬᠤ ᠶᠢᠨ ᠪᠦᠷᠢᠨ ᠵᠣᠬᠢᠶᠠᠯ︾ ᠢ ᠡᠮᠬᠢᠯᠡᠨ ᠬᠡᠪᠯᠡᠭᠦᠯᠦᠭᠰᠡᠨ | ᠲᠣᠬᠠᠢ ᠲᠠᠶᠢᠯᠣᠨ ᠬᠢᠶ᠎ᠠ᠃ | ᠡᠨᠡᠬᠦ ᠪᠣᠶᠠᠨᠳᠠᠢ ᠠᠵᠢᠯ ᠢ ᠲᠦᠪ ᠤᠨ ᠦᠨᠳᠦᠰᠦᠳᠡᠨ ᠤᠨ ᠶᠡᠭᠡ ᠰᠣᠷᠭᠠᠭᠤᠯᠢ ᠶᠢᠨ ᠫᠷᠣᠰᠹᠧᠰᠰᠣᠷ᠂ | ᠬᠡᠰᠢᠭᠳᠡᠨ ᠨᠣᠳᠤᠭ ᠲᠠᠢ ᠠᠯᠳᠠᠷᠳᠣ ᠡᠷᠳᠡᠮᠳᠡᠨ ᠴ᠊᠂ ᠬᠡᠰᠢᠭᠳᠦᠭ᠌ᠳᠠᠬᠤ ᠭᠤᠸᠠᠢ ᠰᠠᠨᠠᠭᠠᠴᠢᠯᠠᠭᠰᠠᠨ ᠶᠣᠮ᠃ ᠴ᠊᠂ | ᠬᠡᠰᠢᠭᠳᠦᠭ᠌ᠳᠠᠬᠤ ᠭᠤᠸᠠᠢ ᠶᠢᠨ ᠡᠨᠡᠬᠦ ᠰᠠᠶᠢᠬᠠᠨ ᠰᠠᠨᠠᠭᠠᠴᠢᠯᠠᠭ᠎ᠠ ᠶᠢ ᠬᠡᠰᠢᠭᠳᠡᠨ ᠨᠣᠳᠤᠭ ᠤᠨ ᠣᠯᠠᠨ ᠲᠦᠮᠡᠨ᠂ | ᠬᠡᠰᠢᠭᠳᠡᠨ ᠬᠤᠰᠢᠭᠤᠨ ᠤ ᠨᠠᠮ ᠵᠠᠰᠠᠭ ᠤᠨ ᠣᠳᠣᠷᠢᠳᠣᠯᠭ᠎ᠠ᠂ ᠦᠪᠡᠷᠳᠡᠭᠡᠨ ᠵᠠᠰᠠᠬᠤ ᠣᠷᠣᠨ ᠤᠨ ᠦᠨᠳᠦᠰᠦᠳᠡᠨ ᠤ | ᠵᠦᠪᠯᠡᠯ ᠶᠡᠭᠡ ᠬᠦᠴᠦᠨ ᠢᠶᠠᠷ ᠲᠠᠮᠵᠢᠭᠰᠡᠨ ᠠᠴᠠ ᠡᠷᠳᠡᠨᠢᠳᠣᠭᠳᠠᠬᠤ ᠶᠢᠨ ᠬᠦᠷᠡᠯ ᠬᠦᠷᠦᠭ ᠢ ᠱᠣᠭᠤᠬᠤ᠂ ᠵᠣᠬᠢᠶᠠᠯ | ᠪᠦᠳᠦᠬᠡᠯ ᠢ ᠨᠢ ᠡᠮᠬᠢᠯᠡᠨ ᠬᠡᠪᠯᠡᠬᠦᠯᠬᠦ᠂ ᠡᠷᠳᠡᠨᠢᠳᠣᠭᠳᠠᠬᠤ ᠶᠢᠨ ᠲᠣᠬᠠᠢ ᠡᠷᠳᠡᠮ ᠰᠢᠨᠵᠢᠯᠡᠬᠡᠨ ᠤ ᠬᠤᠷᠠᠯ | ᠬᠤᠷᠠᠯᠳᠣᠭᠤᠯᠬᠤ ᠠᠵᠢᠯ ᠣᠷᠣᠭᠰᠢᠳᠠᠢ ᠶᠠᠪᠣᠭᠳᠠᠵᠣ ᠣᠳᠣ ᠶᠠᠭ ᠲᠦᠯᠦᠪᠯᠡᠭᠡ ᠶᠣᠰᠣᠭᠠᠷ ᠢᠶᠠᠷ ᠢᠶᠠᠨ ᠪᠣᠯᠵᠣ | ᠪᠠᠶᠢᠨ᠎ᠠ᠂ ︽ᠡᠷᠳᠡᠨᠢᠳᠣᠭᠳᠠᠬᠤ ᠶᠢᠨ ᠪᠦᠷᠢᠨ ᠵᠣᠬᠢᠶᠠᠯ︾ ᠢ ᠡᠮᠬᠢᠯᠡᠨ ᠭᠡᠪᠯᠡᠬᠦᠯᠬᠦ ᠠᠵᠢᠯ 2008 ᠤᠨ ᠤ 5 | ᠳ᠋ᠤᠭᠠᠷ ᠰᠠᠷ᠎ᠠ ᠶᠢᠨ ᠲᠤᠮᠳᠠᠴᠢ ᠠᠴᠠ ᠡᠬᠢᠯᠡᠭᠰᠡᠨ ᠶᠤᠮ᠃ ᠪᠢᠳᠡ ᠶᠠᠭᠤᠨ ᠤ ᠡᠮᠦᠨ᠎ᠡ ᠭᠡᠰᠢᠭᠳᠡᠨ ᠬᠤᠰᠢᠭᠤᠨ ᠤ ᠨᠠᠮ | ᠵᠠᠰᠠᠭ ᠤᠨ ᠭᠤᠤᠯ ᠤᠳᠤᠷᠢᠳᠤᠯᠭ᠎ᠠ ᠤᠷᠤᠯᠴᠠᠭᠰᠠᠨ ᠬᠤᠷᠠᠯ ᠢ ᠭᠡᠰᠢᠭᠳᠡᠨ ᠬᠤᠰᠢᠭᠤᠨ ᠳᠤ ᠭᠡᠳᠦ ᠤᠳᠠᠭ᠎ᠠ | ᠬᠤᠷᠠᠯᠳᠤᠭᠤᠯᠵᠦ᠂ ᠠᠵᠢᠯ ᠤᠨ ᠢᠶᠠᠨ ᠠᠩᠬᠠᠨ ᠤ ᠲᠦᠰᠦᠪ ᠢ ᠭᠠᠷᠭᠠᠵᠦ᠂ 6 ᠳ᠋ᠤᠭᠠᠷ ᠰᠠᠷ᠎ᠠ ᠳᠤᠨᠢ ᠦᠪᠡᠷᠳᠡᠭᠡᠨ | ᠵᠠᠰᠠᠬᠤ ᠤᠷᠤᠨ ᠤ ᠦᠨᠳᠦᠰᠦᠳᠡᠨ ᠤ ᠭᠡᠷᠡᠭ ᠡᠷᠬᠢᠯᠡᠬᠦ ᠵᠦᠪᠯᠡᠯ ᠤᠨ ᠵᠦᠪᠰᠢᠶᠡᠷᠡᠯ ᠢ ᠤᠯᠵᠦ᠂ ᠠᠵᠢᠯ ᠤᠨ ᠲᠠᠯ᠎ᠠ | ᠪᠠᠷ ᠪᠦᠷᠢᠮᠦᠰᠦᠨ ᠲᠤᠬᠢᠷᠠᠯᠴᠠᠪᠠ᠃ ᠡᠶᠢᠨᠬᠦ 2008 ᠤᠨ ᠤᠨ 9 ᠳ᠋ᠤᠭᠡᠷ ᠰᠠᠷ᠎ᠠ ᠶᠢᠨ 22 ᠳᠤ ᠦᠪᠡᠷᠳᠡᠭᠡᠨ | ᠵᠠᠰᠠᠬᠤ ᠤᠷᠤᠨ ᠤ ᠦᠨᠳᠦᠰᠦᠳᠡᠨ ᠤ ᠭᠡᠷᠡᠭ ᠡᠷᠬᠢᠯᠡᠬᠦ ᠵᠦᠪᠯᠡᠯ ᠬᠦᠭᠡᠬᠤᠳᠠ ᠳᠤ ︽ᠡᠷᠳᠡᠨᠢᠳᠤᠭᠳᠠᠬᠤ ᠶᠢᠨ ᠪᠦᠷᠢᠨ | ᠵᠤᠬᠢᠶᠠᠯ︾ ᠢ ᠡᠮᠬᠢᠯᠡᠨ ᠭᠡᠪᠯᠡᠬᠦᠯᠬᠦ ᠲᠤᠰᠬᠠᠢ ᠬᠤᠷᠠᠯ ᠬᠤᠷᠠᠯᠳᠤᠭᠤᠯᠵᠦ᠂ ︽ᠡᠷᠳᠡᠨᠢᠳᠤᠭᠳᠠᠬᠤ ᠶᠢᠨ ᠪᠦᠷᠢᠨ | ᠵᠤᠬᠢᠶᠠᠯ︾ ᠢ ᠡᠮᠬᠢᠯᠡᠨ ᠭᠡᠪᠯᠡᠬᠦᠯᠬᠦ ᠺᠤᠮᠢᠰ ᠤᠨ ᠵᠦᠪᠯᠡᠭᠴᠢᠳ᠂ ᠡᠷᠬᠢᠯᠡᠭᠰᠡᠨ ᠨᠠᠶᠢᠷᠠᠭᠤᠯᠤᠭᠴᠢ ᠪᠤᠯᠤᠨ | ᠨᠠᠶᠢᠷᠠᠭᠤᠯᠤᠭᠴᠢᠳ ᠢ ᠲᠤᠬᠢᠷᠠᠭᠤᠯᠪᠠ᠃ ᠮᠠᠨ ᠤ ᠠᠵᠢᠯ ᠡᠨᠡ ᠦᠶ᠎ᠡ ᠠᠴᠠ ᠡᠬᠢᠯᠡᠨ ᠵᠢᠩᠬᠢᠨᠢ ᠵᠤᠬᠢᠶᠠᠨ | ᠪᠠᠶᠢᠭᠤᠯᠤᠯᠳᠠ ᠲᠠᠢ ᠦᠢᠯᠡ ᠠᠵᠢᠯᠯᠠᠭ᠎ᠠ ᠪᠤᠯᠵᠦ᠂ ᠡᠮᠬᠢ ᠲᠠᠷᠠᠭᠠᠯᠠᠯ ᠲᠠᠢ᠂ ᠲᠤᠳᠤᠷᠬᠠᠢ ᠵᠢᠷᠤᠮ ᠲᠠᠢ | ᠶᠠᠪᠤᠭᠳᠠᠭᠰᠠᠨ ᠶᠤᠮ᠃ ᠮᠠᠨ ᠤ ᠬᠤᠰᠢᠭᠤᠨ ᠤ ᠲᠠᠯ᠎ᠠ ᠠᠴᠠ ᠬᠤᠰᠢᠭᠤᠨ ᠤ ᠦᠨᠳᠦᠰᠦᠳᠡᠨ ᠤ ᠵᠦᠪᠯᠡᠯ ᠡᠨᠡᠬᠦ | ᠠᠵᠢᠯ ᠢ ᠲᠠᠳᠠᠭᠠᠯᠵᠠᠯ ᠦᠭᠡᠢ ᠬᠦᠯᠢᠶᠡᠨ ᠠᠪᠴᠦ᠂ ᠭᠠᠩᠰᠦ᠋ᠭᠡ ᠡᠷᠬᠢᠯᠡᠭᠴᠢ ᠬᠤᠯᠪᠤᠭᠳᠠᠯ ᠪᠦᠬᠦᠢ ᠬᠦᠮᠦᠰ ᠢ | ᠢᠳᠡᠪᠬᠢᠳᠡᠢ ᠵᠤᠬᠢᠶᠠᠨ ᠪᠠᠶᠢᠭᠤᠯᠵᠦ᠂ ᠦᠨᠳᠦᠷ ᠦᠷ᠎ᠡ ᠪᠦᠳᠦᠮᠵᠢ ᠲᠠᠢ ᠠᠵᠢᠯᠯᠠᠭᠰᠠᠨ ᠪᠠᠶᠢᠨ᠎ᠠ᠃ 2010 ᠤᠨ ᠤ | 2 ᠳ᠋ᠤᠭᠠᠷ ᠰᠠᠷ᠎ᠠ ᠳᠤ ᠬᠦᠭᠡᠬᠤᠳᠠᠨᠠ ᠬᠤᠶᠠᠳᠠᠬᠢ ᠬᠤᠷᠠᠯ ᠪᠤᠯᠵᠦ᠂ ᠯᠤᠪᠰᠠᠩᠳᠤᠩᠷᠤᠪ ᠤᠨ ᠡᠮᠬᠢᠯᠡᠨ | ᠨᠠᠶᠢᠷᠠᠭᠤᠯᠤᠭᠰᠠᠨ ᠠᠩᠬᠠᠨ ᠤ ᠡᠭᠡ ᠲᠡᠪᠳᠡᠷ ᠤᠳ ᠢ ᠱᠦᠬᠦᠨ ᠶᠠᠷᠢᠯᠴᠠᠵᠦ᠂ ︽ᠪᠦᠷᠢᠨ ᠵᠤᠬᠢᠶᠠᠯ︾ ᠤᠨ ᠨᠡᠷ᠎ᠡ | ᠵᠡᠷᠭᠡ ᠶᠢ ᠵᠦᠪᠯᠡᠨ ᠲᠤᠭᠳᠠᠭᠠᠭᠰᠠᠨ ᠪᠦᠭᠡᠳ ᠲᠤᠰᠬᠠᠢ ᠪᠤᠳᠢ ᠨᠤᠭᠤᠳ ᠤᠨ ᠬᠠᠷᠢᠭᠤᠴᠠᠭᠰᠠᠨ ᠨᠠᠶᠢᠷᠠᠭᠤᠯᠤᠭᠴᠢ ᠶᠢ | ᠲᠠᠬᠢᠨ ᠨᠢᠭᠡ ᠠᠯᠬᠤᠮ ᠲᠤᠬᠢᠷᠠᠭᠤᠯᠪᠠ᠃ 2010 ᠤᠨ ᠤ 4 ᠳ᠋ᠤᠭᠡᠷ ᠰᠠᠷ᠎ᠠ ᠳᠤ ᠬᠤᠯᠪᠤᠭᠳᠠᠯ ᠪᠦᠬᠦᠢ ᠡᠷᠳᠡᠮᠳᠡᠨ | ᠮᠡᠷᠭᠡᠵᠢᠯᠳᠡᠨ ᠢ ᠤᠷᠤᠯᠴᠠᠭᠤᠯᠤᠭᠰᠠᠨ ᠬᠤᠷᠠᠯ ᠢ ᠬᠦᠭᠡᠬᠤᠳᠠᠨᠠ ᠲᠠᠬᠢᠨ ᠬᠤᠷᠠᠯᠳᠤᠭᠤᠯᠵᠦ᠂ ︽ᠪᠦᠷᠢᠨ ᠵᠤᠬᠢᠶᠠᠯ︾ | ᠤᠨ ᠤᠳᠤᠷᠢᠳᠬᠠᠯ ᠦᠬᠦᠯᠡᠯ ᠤᠨ ᠲᠠᠯ᠎ᠠ ᠪᠠᠷ ᠰᠠᠨᠠᠯ ᠬᠤᠷᠢᠶᠠᠬᠤ ᠶᠢᠨ ᠬᠠᠮᠳᠦ ᠨᠤᠮ ᠨᠠᠶᠢᠷᠠᠭᠤᠯᠬᠤ ᠠᠵᠢᠯ ᠲᠤᠮᠳᠠ | ᠲᠤᠬᠢᠶᠠᠯᠳᠤᠭᠰᠠᠨ ᠪᠤᠳᠠᠳᠠᠢ ᠠᠰᠠᠭᠤᠳᠠᠯ ᠢ ᠭᠡᠷᠬᠢᠨ ᠰᠢᠢᠳᠪᠦᠷᠢᠯᠡᠬᠦ ᠲᠤᠬᠠᠢ ᠦᠨᠳᠦᠰᠦᠨ ᠵᠠᠷᠴᠢᠮ᠂ ᠠᠷᠭ᠎ᠠ ᠶᠢ | ᠰᠤᠳᠤᠯᠵᠦ ᠲᠤᠭᠳᠠᠭᠠᠪᠠ᠃ 2010 ᠤᠨ ᠤ 7 ᠰᠠᠷ᠎ᠠ ᠶᠢᠨ ᠠᠷᠪᠠᠳ ᠢᠶᠠᠷ ᠯᠤᠪᠰᠠᠩᠳᠤᠩᠷᠤᠪ ᠨᠠᠷ ᠤᠨ | ᠨᠠᠶᠢᠷᠠᠭᠤᠯᠤᠭᠰᠠᠨ ︽ᠡᠷᠳᠡᠨᠢᠳᠤᠭᠳᠠᠬᠤ ᠶᠢᠨ ᠪᠦᠷᠢᠨ ᠵᠤᠬᠢᠶᠠᠯ︾ ᠳᠤ ᠡᠴᠦᠰ ᠤᠨ ᠬᠢᠨᠠᠯᠳᠠ ᠬᠢᠵᠦ ᠭᠡᠪᠯᠡᠯ ᠳᠤ | ᠰᠢᠯᠵᠢᠬᠦᠯᠦᠭᠰᠡᠨ ᠪᠠᠶᠢᠨ᠎ᠠ᠃ ᠡᠷᠳᠡᠮᠳᠡᠨ ᠡᠷᠳᠡᠨᠢᠳᠤᠭᠳᠠᠬᠤ ᠠᠮᠢᠳᠦ ᠰᠡᠷᠢᠬᠦᠨ ᠪᠠᠶᠢᠬᠤ ᠳᠠᠭᠠᠨ ︽ᠵᠦᠢᠷ ᠦᠭᠡ︾᠂ | ︽ᠢᠨᠵᠠᠨᠨᠠᠰᠢ︾᠂ ︽ᠬᠦᠯᠠᠷᠠᠨᠰᠠ᠂ ᠲᠠᠨᠽᠠᠨᠸᠠᠩᠵᠢᠯ᠂ ᠭᠡᠰᠢᠭᠪᠡᠳᠦ︾᠂ ︽ᠤᠷᠴᠢᠨ ᠦᠶ᠎ᠡ ᠶᠢᠨ ᠮᠤᠩᠭᠤᠯ ᠤᠨ | ᠠᠯᠳᠠᠷᠳᠦ ᠤᠷᠠᠨ ᠵᠤᠬᠢᠶᠠᠯᠴᠢᠳ︾᠂ ︽ᠮᠤᠩᠭᠤᠯ ᠦᠨᠳᠦᠰᠦᠳᠡᠨ ᠤ ᠰᠤᠷᠭᠠᠨ ᠬᠦᠮᠦᠵᠢᠯ ᠤᠨ ᠪᠢᠴᠢᠭ ᠮᠠᠲ᠋ᠧᠷᠢᠶᠠᠯ | ᠤᠨ ᠡᠮᠬᠢᠳᠭᠡᠯ︾᠂ ︽ᠢᠨᠵᠠᠨᠨᠠᠰᠢ ᠬᠢᠭᠡᠳ ᠲᠡᠬᠦᠨ ᠤ ᠭᠡᠷ ᠤᠨ ᠲᠠᠪᠤᠨ ᠵᠤᠬᠢᠶᠠᠯᠴᠢ︾᠂ ︽ᠡᠷᠳᠡᠨᠢᠳᠤᠭᠳᠠᠬᠤ ᠶᠢᠨ | ᠵᠤᠬᠢᠶᠠᠯ ᠤᠨ ᠲᠡᠬᠦᠪᠦᠷᠢ︾ ᠵᠡᠷᠭᠡ ᠨᠤᠮ ᠢ ᠭᠡᠪᠯᠡᠬᠦᠯᠦᠭᠰᠡᠨ ᠢᠶᠠᠷ ᠪᠠᠷᠠᠬᠤ ᠦᠭᠡᠢ ︽ᠮᠤᠩᠭᠤᠯ ᠦᠨᠳᠦᠰᠦᠳᠡᠨ ᠤ | ᠲᠤᠮᠤᠭ ᠶᠠᠷᠢᠶ᠎ᠠ ᠲᠤᠮᠤᠭ ᠦᠯᠢᠭᠡᠷ ᠤᠨ ᠲᠡᠭᠡᠵᠢ︾᠂ ︽ᠢᠨᠵᠠᠨᠨᠠᠰᠢ ᠶᠢᠨ ᠰᠢᠬᠦᠮᠵᠢ ᠦᠬᠦᠯᠡᠯ ᠪᠠ ᠰᠢᠯᠦᠭ ᠤᠨ | ᠰᠤᠩᠭᠤᠮᠠᠯ︾᠂ ︽ᠪᠠᠭᠠᠴᠤᠳ ᠤᠨ ᠲᠤᠬᠠᠢ ᠰᠢᠯᠦᠭ ᠪᠠ ᠲᠤᠮᠤᠭ ᠶᠠᠷᠢᠶ᠎ᠠ︾ ᠵᠡᠷᠭᠡ ᠨᠤᠮ ᠢ ᠨᠠᠶᠢᠷᠠᠭᠤᠯᠵᠦ ᠭᠡᠪᠯᠡᠯ | ᠳᠤ ᠦᠭᠬᠦᠭᠰᠡᠨ ᠪᠠᠶᠢᠵᠠᠢ᠃ ᠪᠠᠰᠠ ᠦᠪᠡᠷ ᠤᠨ ᠢᠶᠠᠨ ᠬᠤᠶᠠᠳᠠᠬᠢ ᠵᠤᠬᠢᠶᠠᠯ ᠤᠨ ᠲᠡᠬᠦᠪᠦᠷᠢ ᠢ ᠭᠡᠪᠯᠡᠬᠦᠯᠬᠦ ᠪᠠᠷ | ᠪᠡᠯᠡᠳᠭᠡᠵᠦ ᠪᠠᠶᠢᠭᠰᠠᠨ ᠪᠠᠶᠢᠨ᠎ᠠ᠃ ︽ᠡᠷᠳᠡᠨᠢᠳᠤᠭᠳᠠᠬᠤ ᠶᠢᠨ ᠪᠦᠷᠢᠨ ᠵᠤᠬᠢᠶᠠᠯ︾ ᠢ ᠭᠡᠪᠯᠡᠬᠦᠯᠬᠦ ᠭᠡᠰᠡᠨ ᠴᠢᠮᠡᠭᠡ | ᠶᠢ ᠤᠯᠤᠭᠰᠠᠨ ᠠᠬᠠᠮᠠᠳ ᠨᠦᠬᠦᠳ᠂ ᠭᠡᠪᠯᠡᠯ ᠤᠨ ᠨᠦᠬᠦᠳ᠂ ᠡᠷᠳᠡᠮᠳᠡᠨ ᠫᠷᠤᠹᠧᠰᠰᠤᠷ ᠨᠠᠷ ᠬᠢᠮᠠᠭᠠᠳᠠᠨ | ᠬᠠᠳᠠᠭᠠᠯᠠᠵᠦ ᠪᠠᠶᠢᠭᠰᠠᠨ ᠡᠷᠳᠡᠨᠢᠳᠤᠭᠳᠠᠬᠤ ᠶᠢᠨ ᠨᠤᠮ ᠵᠤᠬᠢᠶᠠᠯ ᠢ ᠪᠢᠳᠡᠨ ᠳᠤ ᠬᠦᠷᠭᠡᠨ ᠢᠷᠡᠭᠰᠡᠨ ᠶᠤᠮ᠃ ᠵᠠᠷᠢᠮ | ᠡᠷᠳᠡᠮᠳᠡᠨ ᠮᠠᠨ ᠤ ᠡᠮᠦᠨ᠎ᠡ ᠠᠴᠠ ᠭᠠᠳᠠᠭᠠᠳᠦ ᠶᠢᠨ ᠤᠷᠤᠨ ᠤᠷᠤᠭᠤ ᠬᠤᠯᠪᠤᠭ᠎ᠠ ᠠᠪᠴᠦ᠂ ᠡᠷᠳᠡᠨᠢᠳᠤᠭᠳᠠᠬᠤ ᠶᠢᠨ | ᠵᠤᠬᠢᠶᠠᠯ ᠪᠦᠳᠦᠭᠡᠯ ᠢ ᠡᠷᠢᠵᠦ ᠬᠠᠶᠢᠵᠦ ᠦᠭᠪᠡ᠃ | ᠡᠷᠳᠡᠨᠢᠳᠤᠭᠳᠠᠬᠤ ᠪᠤᠯ ᠤᠷᠴᠢᠨ ᠦᠶ᠎ᠡ᠂ ᠤᠳᠦ ᠦᠶ᠎ᠡ ᠶᠢ ᠰᠤᠨᠳᠠᠯᠠᠭᠰᠠᠨ ᠵᠤᠬᠢᠶᠠᠯᠴᠢ᠂ ᠡᠷᠳᠡᠮᠳᠡᠨ ᠶᠤᠮ | ᠃ ᠲᠡᠬᠦᠨ ᠤ ᠵᠤᠬᠢᠶᠠᠯ ᠪᠦᠳᠦᠭᠡᠯ ᠤᠳᠦ ᠠᠴᠠ ᠲᠠᠪᠢ ᠵᠢᠷᠠᠨ ᠵᠢᠯ ᠤᠨ ᠡᠮᠦᠨ᠎ᠡ ᠨᠡᠶᠢᠳᠡᠯᠡᠭᠳᠡᠵᠦ ᠡᠬᠢᠯᠡᠭᠡᠳ ᠤᠯᠤᠰ | ᠤᠨ ᠲᠤᠳᠤᠭᠠᠳᠦ ᠭᠠᠳᠠᠭᠠᠳᠦ ᠳᠤ ᠲᠠᠷᠬᠠᠭᠰᠠᠨ ᠪᠠᠶᠢᠨ᠎ᠠ᠃ ᠪᠢᠳᠡ ᠡᠨᠡ ᠤᠳᠠᠭ᠎ᠠ ᠡᠷᠳᠡᠨᠢᠳᠤᠭᠳᠠᠬᠤ ᠶᠢᠨ ᠵᠤᠬᠢᠶᠠᠯ | ᠪᠦᠳᠦᠭᠡᠯ ᠢ ᠤᠯᠳᠠᠭᠰᠠᠨ ᠤ ᠬᠢᠷᠢ ᠪᠠᠷ ᠡᠮᠬᠢᠯᠡᠨ ᠨᠠᠶᠢᠷᠠᠭᠤᠯᠵᠦ ᠭᠡᠪᠯᠡᠬᠦᠯᠦᠭᠰᠡᠨ ᠶᠤᠮ᠃ ᠭᠡᠪᠡᠴᠦ ᠨᠦᠬᠦᠴᠡᠯ | ᠪᠤᠯᠤᠯᠴᠠᠭ᠎ᠠ ᠵᠡᠷᠭᠡ ᠤᠯᠠᠨ ᠲᠠᠯ᠎ᠠ ᠶᠢᠨ ᠰᠢᠯᠳᠠᠭᠠᠨ ᠠᠴᠠ ᠪᠤᠯᠵᠦ ᠵᠠᠷᠢᠮ ᠵᠤᠬᠢᠶᠠᠯ ᠨᠢ ᠤᠷᠬᠢᠭᠳᠠᠭᠰᠠᠨ ᠪᠠᠶᠢᠵᠦ | ᠮᠡᠳᠡᠬᠦ ᠶᠤᠮ᠃ ᠮᠠᠨ ᠤ ᠠᠵᠢᠯ ᠪᠤᠯ ᠠᠩᠬᠠᠨ ᠤ᠂ ᠡᠬᠢᠯᠡᠯᠳᠡ ᠶᠢᠨ ᠴᠢᠨᠠᠷᠳᠠᠢ ᠠᠵᠢᠯ ᠪᠤᠯᠬᠤᠷ ᠡᠨᠡ ᠤᠳᠠᠭ᠎ᠠ | ᠰᠢᠢᠳᠪᠦᠷᠢᠯᠡᠭᠳᠡᠵᠦ ᠴᠢᠳᠠᠭᠰᠠᠨ ᠦᠭᠡᠢ ᠵᠠᠷᠢᠮ ᠲᠤᠳᠠᠭᠤ ᠲᠤᠷᠭᠤᠨ ᠵᠦᠢᠯ ᠡᠷᠳᠡᠮᠳᠡᠨ ᠮᠡᠷᠭᠡᠳ ᠤᠨ ᠴᠢᠷᠮᠠᠶᠢᠯᠭ᠎ᠠ | ᠪᠠᠷ ᠬᠤᠵᠢᠮ ᠪᠦᠷᠢᠨᠵᠢᠨ ᠲᠡᠬᠦᠯᠳᠡᠷᠵᠢᠬᠦ ᠨᠢ ᠯᠠᠪᠳᠠᠢ ᠶᠤᠮ᠃ | ᠦᠨᠦᠳᠦᠷ ᠪᠢᠳᠡ ᠡᠷᠳᠡᠨᠢᠳᠤᠭᠳᠠᠬᠤ ᠶᠢᠨ ᠵᠤᠬᠢᠶᠠᠯ ᠪᠦᠳᠦᠭᠡᠯ ᠢ ᠨᠡᠶᠢᠳᠡ 10 ᠪᠤᠳᠢ᠂ ᠡᠷᠳᠡᠨᠢᠳᠤᠭᠳᠠᠬᠤ | ᠶᠢᠨ ᠲᠤᠬᠠᠢ ᠰᠤᠳᠤᠯᠭᠠᠨ ᠤ ᠮᠠᠲ᠋ᠧᠷᠢᠶᠠᠯ ᠢ 1 ᠪᠤᠳᠢ ᠪᠤᠯᠭᠠᠨ ᠨᠠᠶᠢᠷᠠᠭᠤᠯᠵᠦ᠂ ᠨᠡᠶᠢᠳᠡ 11 ᠪᠤᠳᠢ ᠲᠡᠪᠳᠡᠷ ᠢ | ᠲᠠᠨᠠᠷ ᠤᠨ ᠬᠠᠯᠠᠭᠤᠨ ᠠᠯᠠᠭᠠᠨ ᠲᠡᠭᠡᠷ᠎ᠡ ᠲᠡᠪᠰᠢᠬᠦᠯᠦᠯ᠎ᠡ᠃ ᠪᠢᠳᠡ ᠡᠷᠳᠡᠨᠢᠳᠤᠭᠳᠠᠬᠤ ᠶᠢᠨ ᠵᠤᠬᠢᠶᠠᠯ ᠪᠦᠳᠦᠭᠡᠯ ᠳᠤ | ᠲᠤᠶᠢᠯ ᠤᠨ ᠬᠢᠨᠠᠮᠠᠭᠠᠢ ᠤᠪᠤᠷ ᠢᠶᠠᠷ ᠬᠠᠨᠳᠤᠵᠦ᠂ ᠨᠢᠭᠡᠨᠳᠡ ᠭᠡᠪᠯᠡᠭᠳᠡᠭᠰᠡᠨ ᠵᠠᠷᠢᠮ ᠨᠤᠮ ᠳᠤ ᠭᠠᠷᠤᠭᠰᠠᠨ ᠭᠡᠪᠯᠡᠯ ᠤᠨ | ᠠᠯᠳᠠᠭ᠎ᠠ ᠶᠢ ᠬᠦᠷᠳᠡᠯ᠎ᠡ ᠬᠢᠴᠢᠶᠡᠮᠡᠳᠡᠭᠡᠢ ᠰᠢᠢᠳᠪᠦᠷᠢᠯᠡᠬᠦ ᠶᠢ ᠠᠩᠬᠠᠷᠴᠦ᠂ ᠵᠠᠷᠢᠮ ᠨᠢᠭᠡᠨ ᠮᠠᠳᠠᠭ ᠲᠠᠢ ᠵᠦᠢᠯ ᠢ | ᠵᠡᠬᠦᠯᠳᠡ᠂ ᠲᠠᠶᠢᠯᠪᠤᠷᠢᠯᠠᠯᠳᠠ ᠬᠢᠬᠦ ᠠᠷᠭ᠎ᠠ ᠪᠠᠷ ᠰᠢᠢᠳᠪᠦᠷᠢᠯᠡᠪᠡ᠃ | ᠪᠢᠳᠡᠨ ᠤ ᠴᠠᠭ ᠪᠠᠴᠢᠮ᠂ ᠡᠬᠦᠷᠭᠡ ᠬᠦᠨᠳᠦ᠂ ᠨᠠᠶᠢᠷᠠᠭᠤᠯᠤᠭᠴᠢ ᠶᠢᠨ ᠴᠢᠳᠠᠪᠤᠷᠢ ᠮᠡᠬᠦᠰ ᠠᠴᠠ ᠪᠤᠯᠵᠦ | ᠲᠠᠰᠢᠶᠠᠷᠠᠭᠰᠠᠨ ᠵᠠᠷᠢᠮ ᠵᠦᠢᠯ ᠢ ᠡᠷᠳᠡᠮᠳᠡᠨ ᠮᠡᠷᠭᠡᠳ ᠵᠢᠭᠠᠨ ᠵᠠᠯᠠᠷᠠᠭᠤᠯᠵᠦ ᠦᠭᠬᠦ ᠶᠢ ᠬᠦᠰᠡᠵᠦ ᠪᠠᠶᠢᠨ᠎ᠠ᠃ | ᠪᠢᠳᠡ ᠡᠨᠡ ᠤᠳᠠᠭ᠎ᠠ ᠬᠤᠯᠪᠤᠭᠳᠠᠯ ᠪᠦᠬᠦᠢ ᠨᠢᠭᠡᠴᠡ᠂ ᠡᠷᠳᠡᠨᠢᠳᠤᠭᠳᠠᠬᠤ ᠶᠢᠨ ᠲᠦᠷᠦᠵᠦ ᠦᠰᠦᠭᠰᠡᠨ | ᠨᠤᠳᠤᠭ᠂ ᠠᠵᠢᠯᠯᠠᠵᠦ ᠪᠠᠶᠢᠭᠰᠠᠨ ᠪᠠᠶᠢᠭᠤᠯᠭ᠎ᠠ᠂ ᠰᠠᠳᠤᠨ ᠲᠦᠷᠦᠯ᠂ ᠨᠠᠶᠢᠵᠠ ᠨᠦᠬᠦᠳ᠂ ᠡᠷᠳᠡᠮᠳᠡᠨ ᠮᠡᠷᠭᠡᠵᠢᠯᠳᠡᠨ | ᠤ ᠬᠠᠯᠠᠭᠤᠨ ᠲᠡᠮᠵᠢᠯᠭᠡ ᠪᠠᠷ ᠡᠷᠳᠡᠨᠢᠳᠤᠭᠳᠠᠬᠤ ᠶᠢᠨ ᠪᠦᠷᠢᠨ ᠵᠤᠬᠢᠶᠠᠯ ᠢ ᠡᠮᠬᠢᠯᠡᠨ ᠨᠠᠶᠢᠷᠠᠭᠤᠯᠵᠦ᠂ ᠭᠡᠪᠯᠡᠬᠦᠯᠦᠨ | ᠲᠠᠷᠬᠠᠭᠠᠵᠦ ᠪᠠᠶᠢᠨ᠎ᠠ᠃ ᠡᠬᠦᠨ ᠳᠤ᠂ ᠦᠪᠡᠷᠳᠡᠭᠡᠨ ᠵᠠᠰᠠᠬᠤ ᠤᠷᠤᠨ ᠤ ᠦᠨᠳᠦᠰᠦᠳᠡᠨ ᠤ ᠵᠦᠪᠯᠡᠯ᠂ ᠲᠤᠰ ᠵᠦᠪᠯᠡᠯ | ᠤᠨ ᠮᠤᠩᠭᠤᠯ ᠭᠡᠯᠡ ᠪᠢᠴᠢᠭ ᠤᠨ ᠭᠠᠵᠠᠷ᠂ ᠠᠳᠢᠶ᠎ᠠ ᠲᠠᠷᠤᠭ᠎ᠠ᠂ ᠭᠡᠰᠢᠭᠳᠡᠨ ᠬᠤᠰᠢᠭᠤᠨ ᠤ ᠨᠠᠮ ᠵᠠᠰᠠᠭ ᠤᠨ | ᠤᠳᠤᠷᠢᠳᠤᠯᠭ᠎ᠠ᠂ ᠡᠷᠬᠢᠯᠡᠭᠰᠡᠨ ᠨᠠᠶᠢᠷᠠᠭᠤᠯᠤᠭᠴᠢ ᠴ᠊ · ᠭᠡᠰᠢᠭᠳᠦᠭ᠌ᠳᠠᠬᠤ ᠪᠠᠭᠰᠢᠳᠠᠨ ᠪᠤᠯᠤᠨ ᠪᠦᠬᠦ ᠠᠵᠢᠯ ᠢ | ᠭᠠᠷᠳᠠᠨ ᠪᠡᠶᠡᠯᠡᠬᠦᠯᠦᠭᠰᠡᠨ ᠯᠤᠪᠰᠠᠩᠳᠤᠩᠷᠤᠪ ᠭᠤᠸᠠᠢ ᠳᠤ᠂ ᠪᠤᠰᠤᠳ ᠨᠠᠶᠢᠷᠠᠭᠤᠯᠤᠭᠴᠢ ᠨᠦᠬᠦᠳ ᠲᠤ ᠲᠠᠯᠠᠷᠬᠠᠵᠦ | ᠪᠠᠶᠢᠨ᠎ᠠ᠃ ᠮᠠᠨ ᠤ ᠭᠡᠰᠢᠭᠳᠡᠨ ᠬᠤᠰᠢᠭᠤᠨ ᠤ ᠦᠨᠳᠦᠰᠦᠳᠡᠨ ᠤ ᠵᠦᠪᠯᠡᠯ ᠤᠨ ᠪᠦᠬᠦ ᠨᠦᠬᠦᠳ ᠲᠤ ᠪᠠᠶᠠᠷᠯᠠᠨ | ᠲᠠᠯᠠᠷᠬᠠᠵᠦ ᠪᠠᠶᠢᠨ᠎ᠠ᠃ ᠡᠳᠡᠭᠡᠷ ᠬᠦᠮᠦᠰ ᠤᠨ ᠴᠢᠩ ᠦᠨᠡᠨᠴᠢ ᠴᠢᠷᠮᠠᠶᠢᠯᠭ᠎ᠠ ᠪᠠᠷ ᠮᠠᠨ ᠤ ᠠᠵᠢᠯ ᠤᠬᠤᠷᠬᠠᠨ | ᠬᠤᠭᠤᠴᠠᠭᠠᠨ ᠳᠤ ᠤᠷᠤᠭᠰᠢᠳᠠᠢ ᠪᠦᠳᠦᠵᠦ᠂ 11 ᠲᠡᠪᠳᠡᠷ ᠨᠤᠮ ᠤᠩᠰᠢᠭᠴᠢᠳ ᠤᠨ ᠠᠯᠠᠭᠠᠨ ᠲᠡᠭᠡᠷ᠎ᠡ ᠤᠴᠢᠵᠦ | ᠪᠠᠶᠢᠨ᠎ᠠ᠃ ᠪᠢᠳᠡᠨ ᠤ ᠬᠢᠭᠰᠡᠨ ᠠᠵᠢᠯ ᠤᠨ ᠵᠠᠷᠢᠮ ᠨᠢᠭᠡᠨ ᠬᠦᠢᠴᠡᠳ ᠪᠢᠰᠢ ᠵᠦᠢᠯ ᠡᠷᠳᠡᠮᠳᠡᠨ ᠮᠡᠷᠭᠡᠵᠢᠯᠳᠡᠳ᠂ | ᠠᠬ᠎ᠠ ᠲᠡᠬᠦᠦᠨᠠᠷ ᠤᠨ ᠴᠢᠷᠮᠠᠶᠢᠯᠭ᠎ᠠ ᠪᠠᠷ᠂ ᠰᠤᠳᠤᠯᠭ᠎ᠠ ᠪᠠᠷ ᠲᠠᠮᠵᠢᠵᠦ ᠪᠦᠷᠢᠨᠰᠢᠨ ᠲᠡᠬᠦᠯᠳᠡᠷᠵᠢᠬᠦ ᠨᠢ ᠯᠠᠪᠳᠠᠢ | ᠪᠦᠭᠡᠳ ᠡᠷᠳᠡᠨᠢᠳᠤᠭᠳᠠᠬᠤ ᠶᠢᠨ ᠲᠤᠬᠠᠢ ᠰᠤᠳᠤᠯᠭᠠᠨ ᠤ ᠠᠵᠢᠯ ᠴᠢᠨᠠᠭᠰᠢᠳᠠ ᠬᠦᠭᠵᠢᠵᠦ ᠬᠦᠨᠵᠡᠭᠡᠶᠢᠷᠡᠬᠦ ᠪᠤᠯᠤᠨ᠎ᠠ᠃ | | ︽ᠡᠷᠳᠡᠨᠢᠳᠤᠭᠳᠠᠬᠤ ᠶᠢᠨ ᠪᠦᠷᠢᠨ ᠵᠤᠬᠢᠶᠠᠯ︾ ᠢ ᠡᠮᠬᠢᠯᠡᠨ ᠨᠠᠶᠢᠷᠠᠭᠤᠯᠬᠤ ᠠᠵᠢᠯ ᠳᠤ ᠲᠤᠰᠠ ᠲᠡᠮᠵᠢᠯᠭᠡ | ᠦᠵᠡᠬᠦᠯᠦᠭᠰᠡᠨ ᠨᠦᠬᠦᠳ ᠲᠤ ᠡᠷᠳᠡᠨᠢᠳᠤᠭᠳᠠᠬᠤ ᠶᠢᠨ ᠰᠠᠳᠤᠨ ᠲᠦᠷᠦᠯ ᠳᠤ᠂ ᠡᠨᠡ ᠠᠵᠢᠯ ᠢ ᠤᠳᠤᠷᠢᠳᠴᠦ | ᠬᠢᠭᠰᠡᠨ ᠦᠪᠡᠷᠳᠡᠭᠡᠨ ᠵᠠᠰᠠᠬᠤ ᠤᠷᠤᠨ ᠤ ᠦᠨᠳᠦᠰᠦᠳᠡᠨ ᠤ ᠵᠦᠪᠯᠡᠯ ᠳᠤ᠂ ᠡᠷᠬᠢᠯᠡᠭᠴᠢ ᠠᠳᠢᠶ᠎ᠠ ᠲᠠᠷᠤᠭ᠎ᠠ ᠳᠤ᠂ | ᠭᠡᠰᠢᠭᠳᠡᠨ ᠬᠤᠰᠢᠭᠤᠨ ᠤ ᠨᠠᠮ ᠵᠠᠰᠠᠭ ᠤᠨ ᠤᠳᠤᠷᠢᠳᠤᠯᠭ᠎ᠠ ᠳᠤ᠂ ᠦᠪᠦᠷ ᠮᠤᠩᠭᠤᠯ ᠤᠨ ᠰᠤᠶᠤᠯ ᠤᠨ ᠭᠡᠪᠯᠡᠯ ᠤᠨ | ᠬᠤᠷᠢᠶ᠎ᠠ ᠳᠤ᠂ ᠡᠷᠬᠢᠯᠡᠨ ᠨᠠᠶᠢᠷᠠᠭᠤᠯᠤᠭᠴᠢ ᠴ᠊ · ᠭᠡᠰᠢᠭᠳᠦᠭ᠌ᠳᠠᠬᠤ ᠭᠤᠸᠠᠢ ᠳᠤ᠂ ᠯᠤᠪᠰᠠᠩᠳᠤᠩᠷᠤᠪ ᠭᠤᠸᠠᠢ ᠳᠤ | ᠴᠢᠩ ᠰᠡᠳᠬᠢᠯ ᠤᠨ ᠪᠠᠶᠠᠷ ᠲᠠᠯᠠᠷᠬᠠᠯ ᠢ ᠲᠠᠬᠢᠨ ᠲᠡᠪᠰᠢᠬᠦᠯᠦᠶ᠎ᠡ᠃ | ᠡᠷᠳᠡᠮᠳᠡᠨ ᠪᠠᠭᠰᠢ ᠨᠠᠷ ᠤᠨ ᠡᠷᠡᠬᠦᠯ ᠡᠩᠭᠡ᠂ ᠠᠵᠢᠯ ᠤᠨ ᠠᠮᠵᠢᠯᠳᠠ ᠶᠢ ᠵᠦᠩᠨᠡᠨ ᠪᠡᠯᠭᠡᠯᠡᠶ᠎ᠡ᠃ | ᠪᠠᠶᠠᠷᠯᠠᠯ᠎ᠠ᠃ | |