| | ᠨᠢᠭᠡ | | ᠮᠢᠨᠦ ᠤᠭ ᠨᠤᠳᠤᠭ ᠪᠤᠯ ᠦᠪᠤᠷ ᠮᠤᠩᠭᠤᠯ ᠤᠨ ᠵᠢᠷᠢᠮ ᠠᠶᠢᠮᠠᠭ ᠤᠨ ᠵᠠᠩᠭᠤᠳᠠᠢ ︵章武 | ︶ ᠭᠡᠳᠡᠭ ᠭᠠᠵᠠᠷ ᠪᠤᠯᠤᠨ᠎ᠠ᠃ ᠨᠠᠮᠠᠢᠢ 19 ᠨᠠᠰᠤᠳᠠᠢ ᠵᠢᠯ ︵1934 ᠤᠨ ᠤ ᠵᠤᠨ︶ ᠨᠢᠭᠡᠨ ᠡᠳᠦᠷ ᠠᠪᠤ | ᠨᠠᠳᠠ ᠶᠢ ᠲᠠᠭᠤᠳᠠᠭᠠᠳ᠄ ᠨᠠᠭᠠᠴᠦ ᠡᠭᠡ ᠴᠢᠨᠢ ᠡᠪᠡᠳᠴᠢᠯᠡᠭᠡᠳ ᠴᠢᠮᠠᠢᠢ ᠤᠴᠢᠵᠦ ᠦᠵᠡ ᠭᠡᠵᠦ ᠴᠢᠮᠡᠭᠡ | ᠢᠷᠡᠬᠦᠯᠵᠠᠢ᠂ ᠴᠢ ᠪᠡᠯᠡᠳᠭᠡᠵᠦ ᠪᠠᠶᠢᠭᠠᠷᠠᠢ᠂ ᠮᠠᠷᠭᠠᠰᠢ ᠠᠪᠤ ᠲᠠᠢ ᠪᠠᠨ ᠬᠠᠮᠳᠦ ᠬᠤᠳᠠ ᠤᠷᠤᠶ᠎ᠠ︾ ᠭᠡᠵᠦ | ᠭᠡᠯᠡᠭᠰᠡᠨ ᠳᠤ ᠪᠢ ᠰᠤᠨᠤᠰᠤᠭᠠᠳ ᠮᠠᠰᠢ ᠪᠠᠶᠠᠷᠯᠠᠪᠠ᠃ | ᠲᠠᠷᠠᠭ᠎ᠠ ᠡᠳᠦᠷ ᠨᠢ ᠪᠢ ᠠᠪᠤ ᠪᠠᠨ ᠲᠠᠭᠠᠵᠦ ᠢᠨᠢᠶᠠᠩ ︵ᠨᠠᠭᠠᠴᠦ ᠡᠭᠡ︶ ᠤᠨ ᠭᠡᠷ ᠲᠤ | ᠤᠴᠢᠪᠠ᠃ ᠢᠨᠢᠶᠠᠩ ᠤᠨ ᠭᠡᠷ ᠲᠤ ᠤᠴᠢᠭᠠᠳ ᠰᠠᠶ᠋ᠢ ᠡᠶᠢᠮᠦ ᠶᠠᠪᠤᠳᠠᠯ ᠪᠢᠰᠢ ᠭᠡᠳᠡᠭ ᠢ ᠮᠡᠳᠡᠯ᠎ᠡ᠃ ᠢᠨᠢᠶᠠᠩ | ᠡᠪᠡᠳᠴᠢᠯᠡᠭᠰᠡᠨ ᠦᠭᠡᠢ᠂ ᠶᠠᠭ ᠨᠠᠳᠠ ᠳᠤ ᠬᠤᠷᠢᠮᠯᠠᠬᠤ ᠬᠤᠪᠴᠠᠰᠦ ᠤᠶᠤᠵᠦ ᠦᠭᠴᠦ ᠪᠠᠶᠢᠵᠠᠢ᠃ ᠪᠢ | ᠰᠤᠨᠤᠰᠤᠭᠠᠳ ᠤᠬᠢᠯᠠᠴᠢᠬᠠᠪᠠ᠃ ᠡᠨᠡ ᠦᠶ᠎ᠡ ᠳᠤ ᠠᠪᠤ ᠨᠠᠳᠠ ᠳᠤ ᠦᠨᠡᠨ ᠤᠴᠢᠷ ᠢ ᠭᠡᠯᠡᠵᠦ ᠦᠭᠬᠦᠯ᠎ᠡ᠃ ᠮᠢᠨᠦ | ᠠᠬ᠎ᠠ ᠬᠠᠰᠪᠠᠭᠠᠨ᠎ᠠ ︵ᠲᠤᠬᠠᠢ ᠶᠢᠨ ᠦᠶ᠎ᠡ ᠳᠤ ᠵᠧᠩ ᠵᠢᠶᠠ ᠲᠦᠨ ᠳᠠᠬᠢ ᠮᠤᠩᠭᠤᠯ ᠮᠤᠷᠢᠳᠦ ᠴᠡᠷᠢᠭ ᠲᠤ ᠪᠠᠶᠢᠪᠠ︶ | ᠶᠢᠨ ᠴᠧᠨ ᠤᠪᠤᠭ ᠲᠠᠢ ᠨᠠᠶᠢᠵᠠ ᠲᠠᠷᠤᠢ ᠫᠤᠩᠰᠤᠭ︶ ᠶᠢᠨ ᠨᠢᠭᠡᠨ ᠬᠠᠮᠳᠦ ᠰᠤᠷᠤᠭᠴᠢ ᠨᠢ ᠪᠡᠭᠡᠵᠢᠩ ᠳᠤ | ᠰᠤᠷᠤᠯᠴᠠᠵᠦ ᠪᠠᠶᠢᠨ᠎ᠠ᠂ ᠴᠧᠨ ᠤ ᠲᠠᠨᠢᠯᠴᠠᠭᠤᠯᠭ᠎ᠠ ᠪᠠᠷ ᠠᠪᠤ᠂ ᠠᠬ᠎ᠠ ᠬᠤᠶᠠᠭᠤᠯᠠ ᠡᠵᠡᠨ ᠮᠡᠳᠡᠵᠦ ᠨᠠᠳᠠ ᠶᠢ ᠡᠨᠡ | ᠬᠦ ᠰᠤᠷᠤᠭᠴᠢ ᠲᠠᠢ ᠬᠤᠷᠢᠮᠯᠠᠭᠤᠯᠬᠤ ᠪᠠᠷ ᠪᠤᠯᠵᠠᠢ᠃ ᠨᠠᠮᠠᠢᠢ ᠪᠠᠶᠠᠰᠬᠠᠬᠤ ᠶᠢᠨ ᠲᠤᠰᠠᠳᠠ ᠠᠪᠤ ᠨᠠᠳᠠ ᠳᠤ ᠡᠨᠡ | ᠰᠤᠷᠤᠭᠴᠢ ᠡᠷᠳᠡᠮ ᠮᠡᠳᠡᠯᠭᠡ ᠬᠦᠨ᠂ ᠵᠠᠩ ᠴᠢᠨᠠᠷ ᠨᠢ ᠰᠠᠶᠢᠨ ᠭᠡᠬᠦ ᠮᠡᠳᠦ ᠪᠠᠷ ᠡᠯ᠎ᠡ ᠲᠠᠯ᠎ᠠ ᠶᠢᠨ ᠪᠠᠶᠢᠳᠠᠯ ᠢ ᠨᠢ | ᠨᠢᠭᠡᠨ ᠵᠡᠷᠭᠡ ᠪᠤᠳᠠᠳᠠᠶᠢᠴᠢᠯᠠᠨ ᠲᠠᠨᠢᠯᠴᠠᠭᠤᠯᠵᠦ ᠦᠭᠪᠡ᠂ ᠪᠢ ᠲᠡᠷᠡ ᠲᠠᠷᠤᠢ ᠳᠤᠨᠢ ᠶᠠᠭᠠᠬᠢᠬᠤ ᠪᠠᠨ ᠤᠯᠵᠦ ᠶᠠᠳᠠᠨ | ᠲᠡᠳᠡᠨ ᠤ ᠱᠠᠭᠠᠷᠳᠠᠯᠭ᠎ᠠ ᠶᠢᠨ ᠲᠤᠤᠷ᠎ᠠ ᠵᠦᠪᠰᠢᠶᠡᠷᠡᠴᠢᠭᠡᠪᠡ᠃ ᠢᠨᠢᠶᠡᠩ ᠤᠨ ᠭᠡᠷ ᠲᠤ ᠲᠠᠪᠤ ᠵᠢᠷᠭᠤᠭᠠᠨ ᠡᠳᠦᠷ | ᠰᠠᠭᠤᠭᠠᠳ ᠴᠧᠨ ᠠᠪᠤᠭᠠᠢ᠂ ᠠᠪᠤ᠂ ᠠᠬ᠎ᠠ ᠪᠤᠯᠤᠨ ᠨᠠᠳᠠ ᠲᠠᠢ ᠲᠦᠷᠪᠡᠬᠦᠯᠡ ᠪᠡᠭᠡᠵᠢᠩ ᠳᠤ ᠤᠴᠢᠪᠠ᠃ ᠵᠠᠮ | ᠵᠠᠭᠤᠷ᠎ᠠ ᠶᠠᠷᠰᠢᠭ ᠲᠦᠪᠡᠭ ᠠᠴᠠ ᠵᠠᠶᠢᠯᠠᠰᠬᠢᠬᠤ ᠶᠢᠨ ᠲᠦᠯᠦᠭᠡ ᠪᠢᠳᠡ ᠴᠦᠮ ᠮᠤᠩᠭᠤᠯ ᠬᠤᠪᠴᠠᠰᠦ ᠡᠮᠦᠰᠦᠨ᠂ ᠪᠢ | ᠨᠢᠭᠡᠨ ᠡᠪᠡᠳᠴᠢᠳᠡᠨ ᠢᠶᠠᠷ ᠤᠪᠯᠠᠵᠦ ᠵᠠᠰᠠᠭᠠᠳ ᠤᠳᠠᠢ ᠳᠤ ᠶᠠᠪᠤᠬᠤ ᠮᠦᠷᠬᠦᠯᠴᠢᠨ ᠪᠤᠯᠵᠦ ᠵᠠᠮᠨᠠᠪᠠ᠃ | ᠪᠡᠭᠡᠵᠢᠩ ᠳᠤ ᠬᠦᠷᠦᠭᠡᠳ ᠪᠢᠳᠡ ᠮᠢ ᠱᠢ ᠶᠡᠭᠡ ᠵᠡᠭᠡᠯᠢ ︵米市大街︶ ᠶᠢᠨ | ᠨᠢᠭᠡᠨ ᠨᠡᠶᠢᠳᠡ ᠶᠢᠨ ᠪᠠᠭᠤᠳᠠᠯ ᠳᠤ ᠪᠠᠭᠤᠪᠠ᠃ ᠡᠨᠡ ᠨᠢ ᠲᠡᠯᠭᠡᠷ ᠤᠨ ᠤᠷᠢᠳᠴᠢᠯᠠᠨ ᠲᠤᠬᠢᠷᠠᠭᠤᠯᠤᠭᠰᠠᠨ ᠭᠠᠵᠠᠷ | ᠪᠠᠶᠢᠵᠠᠢ᠃ ᠲᠡᠯᠭᠡᠷ ᠪᠤᠯ ᠲᠠᠷᠤᠢ ᠨᠠᠳᠠ ᠲᠠᠢ ᠬᠤᠷᠢᠮᠯᠠᠬᠤ ᠭᠡᠰᠡᠨ ᠬᠦᠮᠦᠨ ᠮᠦᠨ᠃ ᠲᠡᠷᠡ ᠦᠶ᠎ᠡ ᠳᠤ ᠲᠡᠯᠭᠡᠷ | ᠬᠤᠸᠠ ᡁᠢ ᠠᠨ ︵华治安︶ ᠭᠡᠳᠡᠭ ᠦᠭᠡᠷ᠎ᠡ ᠨᠡᠷ᠎ᠡ ᠲᠠᠢ ᠪᠠᠶᠢᠵᠠᠢ᠃ ᠬᠤᠵᠢᠮ ᠨᠢ ᠪᠢ | ᠭᠠᠴᠢᠭᠳᠠᠯ ᠠᠴᠠ ᠵᠠᠶᠢᠯᠠᠵᠦ ᠲᠡᠬᠦᠨ ᠤ ᠤᠭ ᠨᠤᠳᠤᠭ ᠲᠤ ᠤᠴᠢᠭᠠᠳ ᠰᠠᠶ᠋ᠢ ᠲᠡᠬᠦᠨ ᠤ ᠵᠢᠩᠬᠢᠨᠢ ᠨᠡᠷ᠎ᠡ ᠨᠢ ᠲᠡᠯᠭᠡᠷ | ᠭᠡᠳᠡᠭ ᠢ ᠮᠡᠳᠡᠵᠡᠢ᠃ | ᠪᠢᠳᠡ ᠡᠨᠡ ᠬᠦ ᠨᠡᠶᠢᠳᠡ ᠶᠢᠨ ᠪᠠᠭᠤᠳᠠᠯ ᠳᠤ ᠭᠠᠷᠠᠭ ᠰᠢᠬᠠᠮ ᠰᠠᠭᠤᠵᠦ᠂ ᠬᠤᠪᠴᠠᠰᠦ ᠬᠤᠨᠠᠷ ᠤᠶᠤᠵᠦ᠂ | ᠬᠤᠷᠢᠮᠯᠠᠬᠤ ᠭᠡᠷᠡᠭᠰᠡᠯ ᠢᠶᠠᠨ ᠪᠡᠯᠡᠳᠭᠡᠵᠦ᠂ ᠬᠤᠸᠠ ᠽᠢ ᠠᠨ ᠵᠠᠯᠭᠠᠭ᠎ᠠ ᠮᠠᠨ ᠢ ᠡᠷᠬᠢᠵᠦ ᠦᠵᠡᠵᠦ ᠪᠠᠶᠢᠪᠠ᠃ ᠡᠨᠡ | ᠬᠦᠮᠦᠨ ᠬᠤᠷᠢᠨ ᠲᠠᠪᠤ ᠵᠢᠷᠭᠤᠭᠠᠳᠠᠢ᠂ ᠦᠨᠳᠦᠷ ᠪᠡᠶ᠎ᠡ ᠲᠠᠢ᠂ ᠲᠦᠬᠦᠷᠢᠭ ᠴᠢᠷᠠᠢ ᠲᠠᠢ᠂ ᠴᠤᠭᠳᠦ ᠬᠠᠷᠠᠴᠠ᠂ | ᠦᠷᠭᠡᠨ ᠮᠦᠷᠦ ᠲᠠᠢ᠂ ᠬᠤᠶᠢᠱᠠ ᠦᠩᠭᠡ ᠶᠢᠨ ᠤᠷᠳᠦ ᠴᠠᠮᠴᠠ ᠡᠮᠦᠰᠦᠨ ᠰᠤᠷᠤᠭᠴᠢ ᠮᠠᠶ᠋ᠢᠭ ᠢᠶᠠᠷ ᠵᠠᠰᠠᠵᠦ᠂ | ᠦᠨᠡᠭᠡᠷ ᠠᠪᠤ ᠶᠢᠨ ᠭᠡᠯᠡᠳᠡᠭ ᠰᠢᠭ ᠴᠢᠳᠠᠪᠤᠷᠢᠳᠠᠨ ᠬᠦᠮᠦᠨ ᠤ ᠪᠠᠶᠢᠳᠠᠯ ᠲᠠᠢ᠃ ᠬᠤᠷᠢᠮ ᠭᠡᠵᠦ ᠶᠠᠮᠠᠷ ᠴᠤ ᠶᠤᠰᠤᠯᠠᠯ | ᠬᠢᠭᠰᠡᠨ ᠦᠭᠡᠢ᠃ ᠨᠢᠭᠡᠨ ᠡᠳᠦᠷ ᠴᠧᠨ ᠠᠪᠤᠭᠠᠢ ᠮᠠᠨ ᠢ ᠲᠠᠭᠤᠳᠠᠵᠦ ᠰᠢ ᠳ᠋ᠠᠨ ︵西单︶ ᠳᠤ ᠬᠦᠷᠦᠭᠡᠳ | ᠪᠤᠤ ᠶᠤᠸᠠᠢ ᠴᠢᠩ ︵包悦卿︶ ᠤᠨ ᠭᠡᠷ ᠲᠤ ᠤᠴᠢᠵᠦ ︵ᠪᠤᠤ ᠪᠤᠯ ᠮᠤᠩᠭᠤᠯ ᠲᠦᠪᠡᠳ ᠤᠨ ᠦᠪᠡᠷᠳᠡᠭᠡᠨ | ᠵᠠᠰᠠᠬᠤ ᠪᠡᠭᠡᠵᠢᠩ ᠳᠠᠬᠢ ᠭᠡᠷᠡᠭ ᠡᠷᠬᠢᠯᠡᠬᠦ ᠭᠠᠵᠠᠷ ᠤᠨ ᠲᠠᠷᠤᠭ᠎ᠠ᠂ ᠲᠡᠯᠭᠡᠷ ᠤᠨ ᠢᠯᠡ ᠬᠠᠮᠠᠭᠠᠯᠠᠬᠤ ᠬᠦᠮᠦᠨ︶᠂ | ᠠᠪᠤ ᠨᠠᠮᠠᠢᠢ ᠪᠤᠤ ᠶᠢᠨ ᠬᠦᠭᠰᠢᠨ ᠢ ᠬᠠᠭᠤᠷᠠᠢ ᠡᠭᠡ ᠲᠠᠨᠢᠭᠤᠯᠪᠠ᠃ ᠲᠡᠷᠡ ᠨᠢ ᠲᠠᠪᠢᠭᠠᠳ ᠨᠠᠰᠤᠳᠠᠢ᠂ ᠮᠤᠩᠭᠤᠯ | ᠦᠨᠳᠦᠰᠦᠳᠡᠨ ᠤ ᠵᠠᠰᠠᠯ ᠲᠠᠢ ︵ᠪᠠᠰᠠ ᠵᠠᠷᠢᠮ ᠳᠠᠭᠠᠨ ᠰᠢᠨ᠎ᠡ ᠮᠠᠶ᠋ᠢᠭ ᠢᠶᠠᠷ ᠵᠠᠰᠠᠳᠠᠭ︶ ᠶᠤᠮ᠂ ᠲᠡᠷᠡ ᠨᠠᠳᠠ ᠳᠤ | ᠲᠤᠩ ᠬᠠᠯᠠᠭᠤᠮᠰᠤᠭ ᠪᠠᠶᠢᠳᠠᠭ᠃ ᠨᠠᠮᠠᠢᠢ ᠰᠦᠬᠦᠳᠭᠡᠵᠦ ᠮᠦᠷᠬᠦᠬᠦᠯᠦᠭᠡᠳ ᠬᠠᠭᠤᠷᠠᠢ ᠡᠭᠡ ᠲᠠᠨᠢᠭᠤᠯᠵᠦ᠂ ᠪᠤᠤ | ᠨᠠᠳᠠ ᠶᠢ ᠬᠠᠭᠤᠷᠠᠢ ᠭᠡᠦᠭᠡᠨ ᠪᠤᠯᠭᠠᠵᠦ ᠦᠬᠢᠨ ᠭᠡᠮᠡᠨ ᠲᠠᠭᠤᠳᠠᠵᠦ᠂ ᠨᠡᠯᠢᠶᠡᠳ ᠤᠯᠠᠨ ᠵᠤᠴᠢᠨ ᠤᠷᠢᠵᠦ᠂ ᠲᠡᠯᠭᠡᠷ | ᠪᠢᠳᠡ ᠬᠤᠶᠠᠭᠤᠯᠠ ᠶᠢᠨ ᠬᠤᠷᠢᠮ ᠤᠨ ᠶᠤᠰᠤᠯᠠᠯ ᠢ ᠤᠷᠤ ᠲᠤᠤᠷ᠎ᠠ ᠨᠢ ᠲᠤᠩᠬᠠᠭᠯᠠᠪᠠ᠃ ᠦᠳᠡᠰᠢ ᠨᠢ ᠲᠡᠯᠭᠡᠷ | ᠪᠢᠳᠡ ᠬᠤᠶᠠᠭᠤᠯᠠ ᠠᠪᠤ᠂ ᠲᠠᠨᠢᠭᠰᠠᠨ ᠠᠪᠤ ᠡᠵᠢ ᠪᠤᠯᠤᠨ ᠠᠬ᠎ᠠ ᠳᠤ ᠮᠦᠷᠬᠦᠨ ᠶᠤᠰᠤᠯᠠᠵᠦ᠂ ᠬᠤᠷᠢᠮ ᠤᠨ | ᠶᠤᠰᠦ ᠶᠢ ᠬᠦᠢᠴᠡᠳᠭᠡᠪᠡ᠃ | ᠮᠠᠨ ᠤ ᠬᠤᠷᠢᠮ ᠤᠨ ᠭᠡᠷ ᠪᠤᠯ ᠱᠢ ᠳ᠋ᠠᠨ ᠵᠡᠭᠡᠯᠢ ᠤᠷᠴᠢᠮ ᠤᠨ ᠨᠡᠶᠢᠳᠡ ᠶᠢᠨ ᠪᠠᠭᠤᠳᠠᠯ | ᠪᠦᠭᠡᠳ ᠡᠯᠦᠢ ᠬᠤᠭᠤᠰᠤᠨ᠂ ᠨᠢᠭᠡ ᠤᠷᠤ᠂ ᠨᠢᠭᠡ ᠰᠢᠷᠡᠭᠡ᠂ ᠬᠤᠶᠠᠷ ᠰᠠᠨᠳᠠᠯᠢ ᠲᠠᠢ᠂ ᠬᠤᠸᠠ ᡁᠢ ᠠᠨ ᠳᠤ ᠨᠢᠭᠡ | ᠬᠠᠭᠤᠴᠢᠪᠳᠤᠷ ᠤᠳᠠ ᠮᠤᠳᠤᠨ ᠨᠤᠮ ᠤᠨ ᠠᠪᠳᠠᠷ᠎ᠠ᠂ ᠨᠡᠯᠢᠶᠡᠳ ᠪᠢᠴᠢᠭ ᠤᠨ ᠭᠡᠷᠡᠭᠰᠡᠯ ᠲᠠᠢ᠃ ᠡᠶᠢᠮᠦ ᠲᠦᠬᠦᠮ | ᠬᠢᠯᠪᠡᠷ ᠲᠤᠯᠠ ᠠᠪᠤ ᠨᠠᠳᠠ ᠳᠤ᠄ ︽ᠲᠡᠷᠡ ᠪᠤᠯ ᠨᠢᠭᠡᠨ ᠶᠠᠳᠠᠭᠤ ᠰᠤᠷᠤᠭᠴᠢ᠂ ᠡᠳᠦᠭᠡ ᠬᠦᠴᠢᠷ ᠲᠠᠢ ᠪᠤᠯᠪᠠᠴᠦ᠂ | ᠬᠤᠵᠢᠮ ᠵᠤᠯ ᠵᠢᠷᠭᠠᠯ ᠲᠠᠢ ᠶᠠᠪᠤᠬᠤ ᠶᠤᠮ︾ ᠭᠡᠵᠦ ᠲᠠᠬᠢᠨ ᠲᠠᠪᠳᠠᠨ ᠶᠠᠷᠢᠵᠦ ᠪᠠᠶᠢᠯ᠎ᠠ᠃ ᠦᠨᠡᠨᠳᠡᠭᠡᠨ ᠪᠢ | ᠡᠳᠡᠭᠡᠷ ᠢ ᠶᠠᠭᠤᠮᠠᠨ ᠳᠤ ᠪᠤᠳᠤᠭᠰᠠᠨ ᠦᠭᠡᠢ᠂ ᠭᠠᠭᠴᠠᠬᠦ ᠬᠦᠮᠦᠨ ᠨᠢ ᠨᠠᠳᠠ ᠳᠤ ᠰᠠᠶᠢᠨ ᠪᠤᠯ ᠪᠤᠯᠴᠢᠬᠠᠨ᠎ᠠ ᠭᠡᠵᠦ | ᠪᠤᠳᠤᠵᠦ ᠪᠠᠶᠢᠪᠠ᠃ | | | ᠬᠤᠶᠠᠷ | | ᠬᠤᠷᠢᠮᠯᠠᠭᠠᠳ ᠤᠳᠠᠭᠠᠳᠤᠢ ᠪᠠᠷ ᠠᠪᠤ᠂ ᠠᠬ᠎ᠠ᠂ ᠴᠧᠨ ᠠᠪᠤᠭᠠᠢ ᠨᠠᠷ ᠪᠦᠷ ᠶᠠᠪᠤᠴᠢᠬᠠᠯ᠎ᠠ᠃ | ᠭᠤᠷᠪᠠᠨ ᠭᠠᠷᠠᠭ ᠰᠢᠬᠠᠮ ᠦᠩᠭᠡᠷᠡᠭᠡᠳ ᠨᠢᠭᠡᠨ ᠡᠳᠦᠷ ᠬᠤᠸᠠ ᡁᠢ ᠠᠨ ᠭᠠᠳᠠᠨ᠎ᠠ ᠠᠴᠠ ᠬᠠᠷᠢᠵᠦ ᠢᠷᠡᠬᠦ ᠳᠡᠭᠡᠨ | ᠬᠤᠰᠤᠭᠤᠷ᠂ ᠭᠠᠤᠯᠢᠨ ᠰᠢᠨᠠᠭ᠎ᠠ᠂ ᠳ᠋ᠠᠢ ︵ᠭᠠᠩᠰᠠ︶ ᠶᠢᠨ ᠲᠤᠯᠤᠭᠠᠢ᠂ ᠮᠤᠳᠤᠨ ᠠᠶᠠᠭ᠎ᠠ᠂ ᠡᠮᠡᠭᠳᠡᠢ ᠶᠢᠨ | ᠲᠤᠯᠤᠭᠠᠢ ᠶᠢᠨ ᠵᠠᠰᠠᠯ ᠮᠡᠳᠦ ᠶᠢᠨ ᠮᠠᠯᠴᠢᠳ ᠤᠨ ᠡᠳᠦᠷ ᠲᠤᠳᠤᠮ ᠤᠨ ᠭᠡᠷᠡᠭᠯᠡᠭᠡᠨ ᠤ ᠡᠳ᠋ ᠨᠡᠯᠢᠶᠡᠳ ᠠᠪᠴᠦ | ᠢᠷᠡᠵᠡᠢ᠃ ᠪᠢ᠄ ︽ᠡᠳᠡᠭᠡᠷ ᠶᠠᠭᠤᠮᠠᠰ ᠢᠶᠠᠷ ᠶᠠᠭᠠᠬᠢᠬᠤ ᠪᠤᠢ︖︾ ᠭᠡᠵᠦ ᠠᠰᠠᠭᠤᠭᠰᠠᠨ ᠳᠤ ︽ᠵᠠᠩᠵᠢᠶᠠᠺᠸᠦ ︵ | ᠴᠢᠭᠤᠯᠤᠯᠳᠦ ᠬᠠᠭᠠᠯᠭ᠎ᠠ︶ ᠳᠤ ᠤᠴᠢᠵᠦ ᠮᠠᠶᠢᠮᠠᠢ ᠬᠢᠶ᠎ᠠ︾ ᠭᠡᠵᠦ ᠲᠡᠷᠡ ᠭᠡᠯᠡᠪᠡ᠃ ᠪᠢ ᠮᠠᠰᠢ ᠭᠠᠶᠢᠬᠠᠵᠦ᠄ ︽ᠲᠠ | ᠴᠢᠨᠢ ᠰᠤᠷᠤᠭᠴᠢ ᠬᠦᠮᠦᠨ ᠪᠢᠰᠢ ᠤᠤ᠂ ᠰᠤᠷᠤᠭᠴᠢ ᠮᠦᠷᠳᠡᠭᠡᠨ ᠮᠠᠶᠢᠮᠠᠶᠢᠴᠢᠨ ᠶᠤᠮ ᠤᠤ︖︾ ᠭᠡᠪᠡᠯ ᠲᠡᠷᠡ | ᠶᠠᠭᠤᠮ᠎ᠠ ᠪᠠᠨ ᠲᠢᠭᠯᠢᠬᠦ ᠶᠢᠨ ᠬᠠᠮᠳᠦ ᠦᠭᠡ ᠶᠢ ᠲᠠᠭᠠᠭᠤᠯᠤᠨ ᠲᠤᠯᠤᠭᠠᠢ ᠲᠤᠬᠢᠵᠦ ᠲᠡᠭᠡᠭᠰᠢ ᠬᠠᠷᠠᠯ ᠦᠭᠡᠢ | ᠤᠷᠤᠯᠳᠤᠵᠦ ᠪᠠᠶᠢᠭᠰᠠᠨ ᠢᠶᠠᠨ ᠪᠠᠶᠢᠰᠬᠢᠭᠡᠳ ᠨᠠᠳᠠ ᠳᠤ ᠲᠠᠶᠢᠯᠪᠤᠷᠢᠯᠠᠬᠤ ᠮᠠᠶ᠋ᠢᠭ ᠲᠠᠢ ᠪᠠᠷ᠄ ︽ᠭᠡᠷ ᠨᠤᠳᠤᠭ ᠠᠴᠠ | ᠨᠠᠳᠠ ᠶᠢ ᠪᠢᠴᠢᠭ ᠦᠵᠡᠬᠦᠯᠬᠦ ᠳᠤ ᠵᠤᠭᠤᠰ ᠢᠶᠠᠷ ᠲᠡᠳᠬᠦᠵᠦ ᠲᠡᠶᠢᠯᠬᠦ ᠦᠭᠡᠢ᠂ ᠪᠢ ᠪᠠᠭ᠎ᠠ ᠰᠠᠭ᠎ᠠ ᠠᠷᠠᠯᠵᠢᠶ᠎ᠠ ᠬᠢᠶ᠎ᠡ᠂ | ᠢᠩᠬᠢᠵᠦ ᠬᠢᠵᠦ ᠪᠠᠶᠢᠭ᠎ᠠ ᠬᠦᠮᠦᠰ ᠪᠡᠭᠡᠵᠢᠩ ᠳᠤ ᠴᠦᠭᠡᠨ ᠪᠤᠰᠦ ᠪᠠᠶᠢᠨ᠎ᠠ ᠰᠢᠦ︾ ᠭᠡᠯᠡ᠃ | ᠲᠡᠬᠦᠨ ᠤ ᠡᠨᠡ ᠤᠳᠠᠭ᠎ᠠ ᠶᠢᠨ ᠠᠷᠠᠯᠵᠢᠶ᠎ᠠ ᠬᠢᠭᠰᠡᠨ ᠬᠤᠭᠤᠴᠠᠭ᠎ᠠ ᠮᠠᠰᠢ ᠤᠷᠳᠦ᠂ ᠨᠢᠭᠡ | ᠶᠠᠪᠤᠭᠰᠠᠨ ᠴᠢᠨᠢ ᠬᠠᠭᠠᠰ ᠵᠢᠯ ᠢᠯᠡᠬᠦᠦ ᠪᠤᠯᠪᠠ᠃ ᠴᠠᠭᠠᠨ ᠰᠠᠷ᠎ᠠ ᠤᠶᠢᠷᠠᠳᠤᠭᠠᠳ ᠰᠠᠶ᠋ᠢ ᠬᠠᠷᠢᠵᠦ ᠢᠷᠡᠵᠠᠢ᠃ | ᠲᠡᠷᠡ ᠢᠷᠡᠬᠦ ᠦᠶ᠎ᠡ ᠳᠡᠭᠡᠨ ᠬᠤᠪᠴᠠᠰᠤᠯᠠᠭᠰᠠᠨ ᠨᠢ ᠶᠠᠪᠤᠬᠤ ᠦᠶ᠎ᠡ ᠲᠠᠢ ᠪᠠᠨ ᠨᠢᠭᠡ ᠯᠠ ᠠᠳᠠᠯᠢ᠂ ᠨᠢᠭᠡᠨ ᠵᠠᠬ᠎ᠠ | ᠲᠤᠮᠦ ᠲᠡᠪᠡᠯ ᠡᠮᠦᠰᠴᠦ᠂ ᠨᠢᠭᠤᠷ ᠲᠦᠬᠦᠷᠡᠩ ᠬᠤᠤᠵᠠ ᠤᠷᠭᠤᠭᠠᠳ ᠡᠭᠡᠭᠡ ᠯᠠ ᠲᠤᠮᠦ ᠯᠠᠮᠠᠬᠠᠢ ᠰᠢᠭ᠋᠂ ᠭᠡᠷ ᠲᠤ | ᠤᠷᠤᠵᠦ ᠢᠷᠡᠮᠡᠭᠴᠡ᠄ ︽ᠡᠨᠡ ᠤᠳᠠᠭ᠎ᠠ ᠦᠨᠡᠭᠡᠷ ᠭᠤᠶᠤᠮᠰᠤᠭ ᠪᠤᠯᠴᠢᠬᠠᠵᠠᠢ ᠰᠢᠦ︾ ᠭᠡᠳ ᠬᠠᠳᠠᠭᠠᠨᠠᠳᠠᠯ᠎ᠠ | ᠢᠨᠢᠶᠡᠵᠦ ᠯᠠ ᠪᠠᠶᠢᠭᠰᠠᠨ᠃ | ᠲᠡᠷᠡ ᠬᠠᠷᠢᠵᠦ ᠢᠷᠡᠭᠰᠡᠨ ᠤ ᠬᠤᠶᠠᠳᠤᠭᠠᠷ ᠡᠳᠦᠷ ᠫᠤᠩᠰᠤᠭ᠂ ᠵᠠᠶᠠᠭᠠᠳᠠᠢ᠂ ᠪᠢᠯᠢᠭᠳᠦ | ᠨᠠᠷ ᠪᠦᠷ ᠢᠷᠡᠵᠡᠭᠡᠪᠡ᠃ ᠡᠳᠡᠭᠡᠷ ᠬᠦᠮᠦᠰ ᠤᠨ ᠲᠤᠳᠤᠷ᠎ᠠ ᠴᠧᠨ ᠨᠦᠬᠦᠷ ᠠᠴᠠ ᠪᠤᠰᠤᠳ ᠶᠢ ᠨᠢ ᠪᠢ ᠲᠠᠨᠢᠬᠤ | ᠦᠭᠡᠢ᠃ ᠬᠤᠸᠠ ᡁᠢ ᠠᠨ᠄ ᠡᠳᠡ ᠨᠠᠷ ᠪᠤᠯ ᠮᠠᠨ ᠤ ᠬᠦᠳᠡᠭᠡ ᠨᠤᠳᠤᠭ ᠢᠶᠠᠷ ᠶᠠᠪᠤᠳᠠᠭ ᠬᠠᠨᠢᠳᠠᠳ ᠪᠤᠯᠤᠨ᠎ᠠ᠂ | ᠦᠨᠦᠳᠦᠷ ᠪᠢᠳᠡ ᠤᠯᠵᠠ ᠪᠠᠨ ᠬᠤᠪᠢᠶᠠᠯᠴᠠᠨ᠎ᠠ᠂ ᠴᠢ ᠲᠡᠯᠭᠡᠬᠦᠷ ᠲᠤ ᠤᠴᠢᠭᠠᠳ ᠪᠠᠭ᠎ᠠ ᠰᠠᠭ᠎ᠠ ᠶᠠᠭᠤᠮ᠎ᠠ | ᠬᠤᠳᠠᠯᠳᠤᠨ ᠠᠪᠤᠭᠠᠳ ᠠᠬ᠎ᠠ ᠲᠡᠬᠦᠦ ᠨᠠᠷ ᠢ ᠵᠤᠴᠢᠯᠠᠭᠠᠷᠠᠢ︾ ᠭᠡᠪᠡ᠃ ᠪᠢ ᠶᠠᠭᠤᠮ᠎ᠠ ᠬᠤᠳᠠᠯᠳᠤᠨ ᠠᠪᠤᠭᠠᠳ | ᠬᠠᠷᠢᠵᠦ ᠢᠷᠡᠬᠦ ᠳᠤ ᠲᠡᠳᠡ ᠮᠦᠨ ᠬᠦ ᠲᠤᠭᠤᠷᠢᠨ ᠰᠠᠭᠤᠯᠴᠠᠭᠠᠳ ᠶᠠᠮᠠᠷ ᠨᠢᠭᠡᠨ ᠶᠠᠭᠤᠮ᠎ᠠ ᠶᠠᠷᠢᠯᠴᠠᠵᠦ ᠨᠢᠭᠡ | ᠨᠢᠭᠡ ᠪᠠᠷ ᠢᠶᠠᠨ ᠨᠢᠳᠤᠷᠭ᠎ᠠ ᠵᠠᠩᠬᠢᠳᠤᠨ ᠤᠮᠤᠭ ᠭᠢᠯᠢᠩ ᠨᠢ ᠪᠠᠳᠠᠷᠠᠵᠦ᠂ ᠤᠷᠬᠢᠯᠤᠭᠰᠨ ᠠᠭᠤᠷ ᠨᠢ ᠲᠡᠯᠪᠡᠷᠡᠮᠡᠷ᠂ | ᠶᠠᠭ ᠯᠠ ᠤᠯᠵᠠ ᠪᠠᠨ ᠪᠤᠯᠢᠶᠠᠯᠴᠠᠨ ᠵᠤᠳᠤᠯᠴᠠᠮᠠᠷ ᠪᠠᠶᠢᠭ᠎ᠠ ᠰᠢᠭ᠋᠃ ᠨᠠᠳᠠ ᠶᠢ ᠬᠠᠷᠢᠵᠦ ᠢᠷᠡᠭᠰᠡᠨ ᠢ ᠦᠵᠡᠮᠡᠭᠴᠡ | ᠲᠡᠳᠡ ᠨᠠᠷ ᠤᠨ ᠴᠢᠷᠠᠢ ᠨᠢ ᠦᠭᠡᠷᠡᠳᠡᠨ ᠪᠠᠶᠢᠳᠠᠯ ᠨᠢ ᠤᠨᠳᠤᠤ ᠪᠤᠯᠪᠠ᠃ ︽ᠡᠳᠡᠭᠡᠷ ᠮᠠᠶᠢᠮᠠᠶᠢᠴᠢᠳ ᠤᠯᠴᠢᠬᠠᠵᠠᠢ | ᠭᠡᠵᠢ ᠤᠤ︖ ᠡᠰᠡᠬᠦᠯ᠎ᠡ ᠠᠯᠳᠠᠴᠢᠬᠠᠭᠰᠠᠨ ᠶᠤᠮ ᠤᠤ︾ ᠭᠡᠵᠦ ᠪᠢ ᠲᠤᠩ ᠭᠠᠶᠢᠬᠠᠰᠢ ᠠᠯᠳᠠᠪᠠ᠃ | ᠬᠤᠸᠠ ᡁᠢ ᠠᠨ ᠡᠮᠦᠰᠴᠦ ᠵᠡᠬᠦᠬᠦ ᠪᠠᠨ ᠢᠮᠠᠭᠳᠠ ᠰᠤᠯᠢᠵᠦ᠂ ᠵᠠᠷᠢᠮ ᠳᠠᠭᠠᠨ ᠮᠠᠯᠴᠢᠨ | ᠶᠠᠩᠵᠤᠳᠠᠢ᠂ ᠵᠠᠷᠢᠮ ᠳᠠᠭᠠᠨ ᠬᠤᠳᠠ ᠶᠢᠨ ᠠᠷᠠᠯᠵᠢᠶᠠᠴᠢᠨ ᠤ ᠶᠠᠩᠵᠤᠳᠠᠢ᠂ ᠵᠠᠷᠢᠮ ᠦᠶ᠎ᠡ ᠳᠤ ᠡᠸᠦ᠋ᠷᠦᠫᠠ | ᠮᠠᠶ᠋ᠢᠭ ᠢᠶᠠᠷ ᠵᠠᠰᠠᠳᠠᠭ ᠪᠤᠯᠪᠠᠴᠦ ᠤᠯᠠᠩᠬᠢ ᠳᠠᠭᠠᠨ ᠰᠤᠷᠤᠭᠴᠢ ᠶᠢᠨ ᠬᠤᠪᠴᠠᠰᠦ ᠡᠮᠦᠰᠳᠡᠭ᠃ ᠡᠬᠢᠨ ᠳᠡᠭᠡᠨ ᠪᠢ | ᠲᠡᠬᠦᠨ ᠢ ᠵᠠᠯᠠᠭᠤ ᠬᠦᠮᠦᠨ ᠲᠤᠯᠠ ᠭᠤᠶᠤᠯᠠᠵᠦ ᠪᠠᠶᠢᠨ᠎ᠠ ᠭᠡᠵᠦ ᠪᠤᠳᠤᠳᠠᠭ᠃ ᠬᠤᠵᠢᠮ ᠨᠢ ᠠᠵᠢᠭᠯᠠᠬᠤ ᠲᠤᠳᠤᠮ | ᠶᠠᠩᠵᠤᠯᠠᠵᠦ ᠵᠠᠰᠠᠵᠦ ᠪᠠᠶᠢᠭ᠎ᠠ ᠪᠢᠰᠢ ᠬᠠᠷᠢᠨ ᠶᠠᠮᠠᠷ ᠨᠢᠭᠡᠨ ᠬᠦᠮᠦᠨ ᠠᠴᠠ ᠨᠢᠭᠤᠨ ᠲᠠᠯᠳᠠᠯᠠᠵᠦ ᠪᠠᠶᠢᠭ᠎ᠠ ᠰᠢᠭ᠋᠂ | ᠡᠬᠦᠨ ᠳᠤ ᠯᠠᠪ ᠨᠢᠭᠡᠨ ᠤᠴᠢᠷ ᠪᠠᠶᠢᠬᠤ ᠰᠢᠭ᠋ ᠪᠤᠳᠤᠭᠳᠠᠯ᠎ᠠ᠃ | ᠨᠢᠭᠡᠨ ᠭᠠᠷᠠᠭ ᠤᠨ ᠡᠳᠦᠷ ᠲᠡᠷᠡ ᠡᠸᠦ᠋ᠷᠦᠫᠡ ᠮᠠᠶ᠋ᠢᠭ ᠢᠶᠠᠷ ᠬᠤᠪᠴᠠᠰᠤᠯᠠᠵᠦ ᠨᠠᠮᠠᠢᠢ ᠲᠠᠭᠠᠭᠤᠯᠤᠨ ᠪᠸᠢ ᠬᠠᠢ | ᠴᠡᠴᠡᠷᠯᠢᠭ ᠲᠤ ᠤᠴᠢᠪᠠ᠃ ᠪᠢᠳᠡ ᠴᠠᠭᠠᠨ ᠰᠤᠪᠤᠷᠭ᠎ᠠ ᠶᠢ ᠲᠤᠭᠤᠷᠢᠵᠦ ᠰᠠᠶ᠋ᠢ ᠨᠠᠭᠤᠷ ᠤᠨ ᠬᠦᠪᠡᠭᠡᠨ ᠳᠤ | ᠬᠦᠷᠦᠮᠡᠭᠴᠡ ᠲᠡᠷᠡ ᠭᠡᠨᠡᠳᠳᠡ ᠨᠠᠳᠠ ᠳᠤ᠄ ︽ᠴᠢ ᠠᠳᠡ ᠬᠦᠯᠢᠶᠡᠵᠦ ᠪᠠᠢ᠂ ᠪᠢ ᠬᠤᠶᠢᠨ᠎ᠠ ᠤᠴᠢᠭᠠᠳ ᠪᠡᠶ᠎ᠡ | ᠵᠠᠰᠠᠭᠠᠳ ᠢᠷᠡᠶ᠎ᠡ︾ ᠭᠡᠳ ᠶᠠᠪᠤᠭᠰᠠᠨ ᠴᠢᠨᠢ ᠬᠤᠶᠠᠷ ᠴᠠᠭ ᠢᠯᠡᠬᠦᠦ ᠤᠳᠠᠳᠠᠯ᠎ᠠ ᠬᠦᠯᠢᠶᠡᠭᠡᠳ ᠢᠷᠡᠭᠰᠡᠨ ᠦᠭᠡᠢ ᠳᠤ | ᠶᠠᠮᠠᠷ ᠨᠢᠭᠡᠨ ᠭᠡᠷᠡᠭ ᠭᠠᠷᠴᠢᠬᠠᠭᠰᠠᠨ ᠮᠠᠭᠠᠳ ᠭᠡᠵᠦ ᠪᠤᠳᠤᠭᠠᠳ ᠪᠢ ᠬᠤᠶᠢᠨ᠎ᠠ ᠠᠴᠠ ᠨᠢ ᠤᠴᠢᠵᠦ ᠲᠡᠬᠦᠨ ᠢ | ᠡᠷᠢᠪᠡᠯ ᠶᠡᠷᠦ ᠤᠯᠳᠠᠬᠤ ᠦᠭᠡᠢ ᠲᠤᠯᠠ ᠶᠠᠭ ᠪᠠᠴᠢᠮᠳᠠᠨ ᠰᠠᠨᠳᠤᠷᠴᠦ ᠪᠠᠶᠢᠳᠠᠯ᠎ᠠ ᠲᠡᠷᠡ ᠬᠠᠷᠢᠨ ᠦᠭᠡᠷ᠎ᠡ ᠬᠦᠮᠦᠨ | ᠲᠠᠢ ᠶᠠᠷᠢᠯᠴᠠᠭᠰᠠᠭᠠᠷ ᠢᠷᠡᠬᠦ ᠨᠢ ᠬᠠᠷᠠᠭᠳᠠᠨ᠎ᠠ᠃ ᠪᠢ ᠠᠭᠤᠯᠵᠠᠮᠠᠭᠴᠠ ︽ᠶᠠᠭᠤ ᠬᠢᠬᠦ ᠪᠠᠷ ᠶᠠᠪᠤᠪᠠ︖︾ ᠭᠡᠵᠦ | ᠠᠰᠠᠭᠤᠬᠤ ᠳᠤ ᠲᠡᠷᠡ ᠲᠤᠤᠷ᠎ᠠ ᠨᠢ ᠶᠠᠭᠠᠷᠠᠵᠦ ︽ᠡᠨᠡ ᠪᠤᠯ ᠵᠠᠩᠭᠤᠶᠢᠳᠠ᠂ ᠪᠢᠳᠡ ᠶᠠᠭ ᠮᠠᠶᠢᠮᠠᠢ ᠭᠡᠯᠡᠯᠴᠡᠵᠦ | ᠪᠠᠶᠢᠨ᠎ᠠ︾ ᠭᠡᠯᠡ᠃ ᠪᠢ ᠨᠢᠳᠦ ᠰᠢᠷᠪᠢᠨ ᠠᠵᠢᠭᠯᠠᠵᠦ ᠦᠵᠡᠪᠡᠯ ᠪᠠᠰᠠ ᠴᠤ ᠨᠢᠭᠡᠨ ᠵᠠᠯᠠᠭᠤ ᠬᠦᠮᠦᠨ᠂ ᠦᠨᠡᠭᠡᠷ | ᠠᠷᠠᠯᠵᠢᠶᠠᠴᠢᠨ ᠤ ᠮᠠᠶ᠋ᠢᠭ ᠢᠶᠠᠷ ᠬᠤᠪᠴᠠᠰᠤᠯᠠᠵᠠᠢ᠃ ᠬᠤᠵᠢᠮ ᠨᠢ ᠲᠡᠷᠡ ᠪᠤᠯ ᠬᠠᠢ ᠹᠧᠩ᠂ ᠮᠦᠨ ᠴᠤ | ᠮᠤᠰᠺᠧᠨ ᠶᠢᠨ ᠲᠤᠷᠤᠨᠠᠳᠠᠬᠢᠨ ᠤ ᠶᠡᠭᠡ ᠰᠤᠷᠭᠠᠭᠤᠯᠢ ᠶᠢᠨ ᠰᠤᠷᠤᠭᠴᠢ᠂ ᠮᠠᠨ ᠤ ᠨᠠᠮ ᠤᠨ ᠮᠤᠰᠺᠧᠨ ᠳᠤ ᠪᠤᠯᠤᠭᠰᠠᠨ | ᠵᠢᠷᠭᠤᠳᠤᠭᠠᠷ ᠤᠳᠠᠭ᠎ᠠ ᠶᠢᠨ ᠲᠦᠯᠦᠭᠡᠯᠡᠭᠴᠢᠳ ᠤᠨ ᠬᠤᠷᠠᠯ ᠤᠨ ᠲᠦᠯᠦᠭᠡᠯᠡᠭᠴᠢ ᠮᠦᠨ ᠭᠡᠳᠡᠭ ᠢ ᠮᠡᠳᠡᠵᠡᠢ᠃ | ︽ᠬᠤᠸᠠ ᡁᠢ ᠠᠨ ᠡ᠂ ᠲᠠ ᠦᠨᠡᠭᠡᠷ ᠠᠷᠠᠯᠵᠢᠶ᠎ᠠ ᠭᠢᠳᠡᠭ ᠬᠦᠮᠦᠨ ᠭᠡᠵᠢ ᠤᠤ︖︾ | ᠭᠡᠵᠦ ᠲᠤᠰ ᠡᠳᠦᠷ ᠤᠨ ᠤᠷᠤᠢ ᠨᠢ ᠲᠡᠬᠦᠨ ᠠᠴᠠ ᠯᠠᠪᠯᠠᠨ ᠠᠰᠠᠭᠤᠭᠰᠠᠨ ᠳᠤ ᠲᠡᠷᠡ ᠨᠡᠯᠢᠶᠡᠳ ᠤᠳᠠᠳᠠᠯ᠎ᠠ ᠲᠤᠭᠤᠢ | ᠪᠠᠶᠢᠭᠰᠠᠨ ᠢᠶᠠᠨ᠄ ︽ ᠶᠢᠨ ︵锦︶ ᠪᠢ ᠴᠢᠮ᠎ᠠ ᠠᠴᠠ ᠠᠰᠠᠭᠤᠶ᠎ᠠ᠂ ᠤᠳᠦ ᠬᠦᠮᠦᠨ ᠬᠦᠮᠦᠨ ᠤ ᠬᠤᠭᠤᠷᠤᠨᠳᠦ | ᠡᠷᠭᠡ ᠲᠡᠭᠰᠢ ᠪᠠᠶᠢᠨᠠᠤ᠂ ᠦᠭᠡᠢ ᠤᠤ︖ ᠡᠳ᠋ ᠪᠠᠶᠠᠯᠢᠭ ᠢ ᠡᠬᠦᠳᠦᠨ ᠪᠦᠳᠦᠭᠡᠭᠴᠢ ᠠᠵᠢᠯᠴᠢᠨ᠂ ᠲᠠᠷᠢᠶᠠᠴᠢᠨ | ᠮᠠᠯᠴᠢᠳ ᠡᠳᠦᠷ ᠰᠦᠨᠢ ᠦᠭᠡᠢ ᠠᠵᠢᠯᠯᠠᠭᠠᠳ ᠨᠢᠭᠡ ᠨᠠᠰᠤᠨ ᠳᠠᠭᠠᠨ ᠶᠠᠭᠤ ᠴᠤ ᠤᠯᠳᠠᠭ ᠦᠭᠡᠢ ᠶᠠᠳᠠᠭᠤ | ᠬᠤᠭᠤᠰᠤᠨ᠂ ᠭᠡᠳᠡᠯ᠎ᠡ ᠡᠳᠦᠷᠵᠢᠨ ᠶᠠᠳᠠᠭᠤᠴᠤᠳ ᠤᠨ ᠲᠤᠯᠤᠭᠠᠢ ᠲᠡᠭᠡᠷ᠎ᠡ ᠲᠠᠷᠤᠯᠠᠵᠦ ᠪᠠᠶᠠᠨ ᠲᠠᠩᠰᠤᠭ | ᠠᠮᠢᠳᠤᠷᠠᠳᠠᠭ ᠪᠠᠶᠠᠳ ᠨᠤᠶᠠᠳ ᠪᠠᠶᠢᠨ᠎ᠠ︔ ᠰᠢᠨᠤᠬᠠᠢ ᠬᠤᠳᠠᠯᠳᠤᠭᠠᠴᠢᠳ᠂ ᠬᠠᠷᠬᠢᠰ ᠪᠠᠶᠠᠳ᠂ ᠭᠠᠳᠠᠭᠠᠳᠦ ᠶᠢᠨ | ᠬᠦᠷᠦᠩᠭᠡᠳᠡᠨ ᠪᠠᠶᠢᠨ᠎ᠠ᠃ ᠡᠳᠡᠭᠡᠷ ᠨᠢ ᠡᠷᠭᠡ ᠲᠡᠭᠰᠢ ᠤᠤ᠂ ᠭᠤᠤᠯᠴᠢ ᠤᠤ︖︾ ᠭᠡᠵᠦ ᠭᠡᠯᠡᠯ᠎ᠡ᠃ ᠦᠨᠡᠭᠡᠷ | ᠬᠠᠴᠢᠨ᠂ ᠮᠢᠨᠦ ᠠᠰᠠᠭᠤᠭᠰᠠᠨ ᠢ ᠲᠡᠷᠡ ᠬᠠᠷᠢᠭᠤᠯᠤᠭᠰᠠᠨ ᠴᠤ ᠦᠭᠡᠢ ᠪᠠᠷ ᠭᠡᠳᠡᠷᠬᠦ ᠬᠠᠷᠢᠨ ᠨᠠᠳᠠ ᠠᠴᠠ | ᠠᠰᠠᠭᠤᠴᠢᠬᠠᠪᠠ᠃ ᠲᠡᠷᠡ ᠵᠠᠯᠭᠠᠭᠠᠳ᠄ ︽ᠡᠨᠡᠬᠦ ᠭᠤᠤᠯᠴᠢ ᠪᠤᠰᠦ᠂ ᠡᠷᠭᠡ ᠲᠡᠭᠰᠢ ᠪᠢᠰᠢ ᠨᠢ ᠲᠤᠮᠳᠠᠳᠦ | ᠤᠯᠤᠰ ᠲᠤ ᠪᠠᠶᠢᠬᠤ ᠪᠦᠭᠡᠳ ᠭᠠᠳᠠᠭᠠᠳᠦ ᠤᠯᠤᠰ ᠲᠤ ᠴᠤ ᠪᠠᠶᠢᠨ᠎ᠠ᠃ ᠬᠠᠷᠢᠨ ᠵᠠᠷᠢᠮ ᠤᠯᠤᠰ ᠡᠶᠢᠮᠦᠷᠬᠦᠦ ᠡᠷᠭᠡ | ᠲᠡᠭᠰᠢ ᠪᠤᠰᠦ ᠶᠠᠪᠤᠳᠠᠯ ᠢ ᠤᠰᠠᠳᠬᠠᠵᠦ ᠬᠦᠳᠡᠯᠮᠦᠷᠢᠴᠢᠨ ᠠᠷᠠᠳ ᠤᠯᠤᠰ ᠤᠨ ᠡᠵᠡᠨ ᠪᠤᠯᠵᠦ ᠪᠠᠶᠢᠨ᠎ᠠ᠃ ᠮᠠᠨ ᠤ | ᠵᠠᠯᠠᠭᠤ ᠬᠦᠮᠦᠰ ᠰᠠᠶᠢᠳᠦᠷ ᠰᠤᠷᠤᠯᠴᠠᠨ ᠮᠡᠳᠡᠯᠭᠡ ᠡᠵᠡᠮᠰᠢᠨ ᠲᠡᠳᠡᠭᠡᠷ ᠲᠡᠷᠢᠬᠦᠨ ᠤ ᠤᠯᠤᠰ ᠠᠴᠠ ᠰᠤᠷᠤᠯᠴᠠᠬᠤ | ᠭᠡᠷᠡᠭᠳᠡᠢ᠃ ᠮᠠᠨ ᠤ ᠡᠨᠡᠬᠦ ᠡᠷᠭᠡ ᠲᠡᠭᠰᠢ ᠪᠤᠰᠦ ᠤᠯᠤᠰ ᠢᠶᠠᠨ ᠦᠭᠡᠷᠡᠴᠢᠯᠡᠬᠦ ᠭᠡᠷᠡᠭᠳᠡᠢ᠃ ᠢᠷᠡᠭᠡᠳᠦᠢ ᠳᠤ ᠬᠦᠮᠦᠨ | ᠪᠦᠬᠦᠨ ᠢ ᠰᠠᠶᠢᠨ ᠰᠠᠶᠢᠬᠠᠨ ᠠᠮᠢᠳᠤᠷᠠᠭᠤᠯᠬᠤ ᠭᠡᠷᠡᠭᠳᠡᠢ︾ ᠭᠡᠵᠦ ᠭᠡᠯᠡᠭᠡᠳ : ︽ᠡᠳᠡᠭᠡᠷ ᠦᠭᠡ ᠶᠢ ᠲᠠ | ᠰᠤᠨᠤᠰᠤᠭᠰᠠᠨ ᠪᠤᠯ ᠪᠤᠯᠴᠢᠬᠠᠨ᠎ᠠ᠂ ᠪᠤᠰᠤᠳ ᠲᠤ ᠭᠡᠯᠡᠬᠦ ᠭᠡᠷᠡᠭ ᠦᠭᠡᠢ᠂ ᠮᠢᠨᠦ ᠶᠠᠪᠤᠳᠠᠯ ᠢ ᠲᠠ ᠬᠤᠵᠢᠮ | ᠠᠰᠠᠭᠤᠬᠤ ᠭᠡᠷᠡᠭ ᠦᠭᠡᠢ︾ ᠭᠡᠵᠠᠢ᠃ | 1935 ᠤᠨ ᠤ ᠪᠡᠭᠡᠵᠢᠩ ᠬᠤᠳᠠ ᠴᠢᠰᠦᠨ ᠭᠤᠤᠯ ᠤᠷᠤᠰᠴᠦ᠂ ᠮᠠᠩᠭᠤᠰ ᠤᠨ ᠠᠭᠤᠷ | ᠲᠡᠭᠳᠡᠵᠦ᠂ ᠵᠢᠶᠠᠩ ᠵᠢᠶᠧ ᠱᠢ ᠶᠢᠨ ︽ᠬᠠᠷᠢ ᠲᠠᠢ ᠡᠶᠡᠳᠡᠵᠦ ᠲᠤᠳᠤᠭᠠᠳᠦ ᠶᠢ ᠲᠠᠷᠤᠩᠭᠤᠶᠢᠯᠠᠬᠤ︾ ᠲᠡᠷᠰᠯᠡᠬᠦᠦ | ᠲᠦᠷᠦ ᠶᠢᠨ ᠪᠤᠳᠤᠯᠭ᠎ᠠ ᠶᠢ ᠶᠠᠪᠤᠭᠤᠯᠵᠦ᠂ ᠵᠢᠳᠠᠨ ᠦᠵᠦᠬᠦᠷ ᠢᠶᠠᠨ ᠡᠪ ᠬᠠᠮᠳᠤᠴᠤᠳ ᠪᠤᠯᠤᠨ ᠡᠭᠡ ᠤᠷᠤᠨᠴᠢ | ᠬᠦᠮᠦᠰ ᠲᠤ ᠴᠢᠭᠯᠡᠬᠦᠯᠪᠡ᠃ ᠡᠮᠦᠨ᠎ᠡ ᠨᠤᠭᠤᠭ᠎ᠠ ᠶᠢᠨ ᠬᠦᠷᠢᠶᠡᠯᠡᠩ ︵南菜园︶ ᠳᠤ ᠡᠳᠦᠷ ᠪᠦᠷᠢ | ᠬᠤᠪᠢᠰᠬᠠᠯᠴᠢᠳ ᠡᠳᠦᠢ ᠲᠡᠳᠦᠢ ᠬᠢᠳᠤᠭᠳᠠᠨ ᠠᠯᠠᠭᠳᠠᠵᠦ ᠪᠠᠶᠢᠪᠠ᠃ ᠪᠢ ᠭᠡᠳᠦᠶᠢᠪᠡᠷ ᠬᠤᠸᠠ ᡁᠢ ᠠᠨ ᠤ ᠡᠪ | ᠬᠠᠮᠳᠦ ᠨᠠᠮ ᠤᠨ ᠭᠡᠰᠢᠬᠦᠨ ᠭᠡᠳᠡᠭ ᠢ ᠮᠡᠳᠡᠬᠦ ᠦᠭᠡᠢ ᠪᠤᠯᠪᠠᠴᠦ ᠲᠡᠬᠦᠨ ᠤ ᠡᠳᠦᠷ ᠪᠦᠷᠢ ᠶᠠᠪᠤᠵᠦ ᠰᠠᠭᠤᠬᠤ ᠨᠢ | ᠮᠡᠳᠡᠭᠳᠡᠬᠦ ᠦᠭᠡᠢ ᠪᠠᠶᠢᠳᠠᠭ ᠨᠢ ᠦᠨᠡᠭᠡᠷ ᠨᠠᠳᠠ ᠶᠢ ᠰᠡᠳᠬᠢᠯ ᠵᠤᠪᠠᠨᠢᠭᠤᠯᠳᠠᠭ ᠪᠠᠶᠢᠨ᠎ᠠ᠃ | ᠪᠠᠶᠢᠳᠠᠯ ᠪᠠᠴᠢᠮ ᠪᠤᠯᠵᠦ ᠲᠡᠬᠦᠨ ᠤ ᠠᠵᠢᠯᠯᠠᠭ᠎ᠠ ᠨᠢ ᠶᠡᠷᠦᠮᠳᠡᠭ ᠪᠦᠭᠡᠳ ᠨᠠᠷᠢᠨ | ᠨᠢᠭᠤᠴᠠ ᠪᠤᠯᠪᠠ᠃ ᠭᠠᠳᠠᠭᠰᠢ ᠭᠠᠷᠤᠭᠠᠳ ᠪᠤᠴᠠᠵᠦ ᠢᠷᠡᠬᠦ ᠪᠦᠷᠢ ᠪᠠᠭᠤᠳᠠᠯ ᠢᠶᠠᠨ ᠰᠤᠯᠢᠵᠦ ᠭᠡᠷ ᠢᠶᠠᠨ ᠨᠡᠬᠦᠯᠭᠡᠳᠡᠭ | ᠃ ᠲᠡᠭᠡᠬᠦ ᠳᠡᠭᠡᠨ ᠨᠡᠬᠦᠬᠦ ᠪᠦᠷᠢ ᠴᠦᠮ ᠰᠢᠯᠳᠠᠭ ᠲᠠᠢ ᠪᠠᠶᠢᠵᠦ᠂ ᠵᠠᠷᠤᠳᠠᠯ ᠠᠷᠪᠢᠯᠠᠬᠤ ᠪᠢᠰᠢ ᠪᠤᠯ ᠦᠢᠮᠡᠭᠡᠨ | ᠱᠤᠤᠬᠢᠶᠠᠨ ᠠᠴᠠ ᠵᠠᠶᠢᠯᠠᠬᠤ᠂ ᠭᠡᠷ ᠨᠢ ᠪᠠᠭ᠎ᠠ ᠭᠡᠳᠡᠯ᠎ᠡ ᠭᠡᠷᠡᠯ ᠭᠡᠭᠡ ᠮᠠᠭᠤᠳᠠᠢ ᠭᠡᠳᠡᠭ᠃ ᠤᠳᠠᠭ᠎ᠠ ᠪᠦᠷᠢ ᠬᠠᠷᠢᠵᠦ | ᠢᠷᠡᠬᠦ ᠳᠡᠭᠡᠨ ᠭᠡᠨ ᠭᠡᠨ ᠭᠡᠷ ᠲᠤ ᠢᠷᠡᠭᠰᠡᠨ ᠤᠤ ᠭᠡᠵᠦ ᠠᠰᠠᠭᠤᠵᠦ ᠯᠠ ᠪᠠᠶᠢᠯ᠎ᠠ᠃ ᠲᠡᠬᠦᠨ ᠲᠠᠢ ᠵᠠᠯᠭᠠᠭᠠᠳ | ᠠᠭᠤᠯᠵᠠᠳᠠᠭ ᠫᠤᠩᠰᠤᠭ᠂ ᠪᠠᠢ ᠬᠠᠢ ᠹᠧᠩ ᠠᠴᠠ ᠭᠠᠳᠠᠨ᠎ᠠ ᠪᠠᠰᠠ ᠵᠠᠶᠠᠭᠠᠳᠠᠢ᠂ ᠪᠢᠯᠢᠭᠳᠦ᠂ ᠦᠯᠵᠡᠶᠢᠸᠠᠴᠢᠷ᠂ | ᠪᠤᠶᠠᠨ᠂ ᠬᠤ᠋ ᠹᠧᠩ ᠱᠠᠨ ︵ᠪᠡᠭᠡᠵᠢᠩ ᠶᠡᠭᠡ ᠰᠤᠷᠭᠠᠭᠤᠯᠢ ᠶᠢᠨ ᠰᠤᠷᠤᠭᠴᠢ᠂ ᠪᠢᠳᠡ ᠲᠡᠬᠦᠨ ᠢ ᠬᠤ᠋ ᠰᠢᠶᠠᠨᠱᠧᠩ | ᠭᠡᠳᠡᠭ︶᠂ ᠮᠧᠩ ᠠᠪᠤᠭᠠᠢ ︵老孟 ᠭᠡᠳᠡᠭ᠂ ᠨᠡᠷ᠎ᠡ ᠶᠢ ᠨᠢ ᠮᠡᠳᠡᠬᠦ ᠦᠭᠡᠢ︶᠂ ᠪᠠᠰᠠ ᠨᠢᠭᠡᠨ ᠡᠮᠡᠭᠳᠡᠢ ᠮᠠᠨᠢᠯᠠ | ︵ᠲᠠᠭᠤᠷ ᠬᠦᠮᠦᠨ᠂ ᠪᠤᠤ ᠶᠤᠸᠠᠢ ᠴᠢᠩ ᠤᠨ ᠭᠡᠷᠡᠭ ᠡᠷᠬᠢᠯᠡᠬᠦ ᠭᠠᠵᠠᠷ ᠤᠨ ᠴᠠᠬᠢᠯᠭᠠᠨ ᠮᠡᠳᠡᠭᠡᠴᠢᠨ︶ ᠪᠠᠶᠢᠵᠦ᠂ | ᠪᠢᠯᠢᠭᠳᠦ ᠲᠡᠷᠡ ᠦᠶ᠎ᠡ ᠳᠤ ᠵᠤᠤ ᠹᠧᠩ ᠴᠧᠩ ᠭᠡᠳᠡᠭ ᠬᠤᠳᠤᠩ ᠦᠨᠳᠦᠰᠦᠳᠡᠨ ᠤ ᠨᠡᠷ᠎ᠡ ᠪᠠᠷ ᠶᠠᠪᠤᠵᠦ ᠪᠠᠶᠢᠵᠠᠢ᠃ | ᠲᠡᠳᠡ ᠨᠠᠷ ᠶᠡᠷᠦ ᠨᠢ ᠴᠤᠭ ᠲᠠᠭᠠᠨ ᠢᠷᠡᠵᠡᠭᠡᠳᠡᠭ ᠪᠢᠰᠢ᠂ ᠠᠯᠢ ᠴᠤ ᠤᠳᠠᠭ᠎ᠠ ᠬᠤᠶᠠᠷ ᠭᠤᠷᠪᠠ ᠯᠠ ᠪᠠᠶᠢᠳᠠᠭ᠃ | ᠲᠡᠳᠡ ᠢᠷᠡᠬᠦ ᠪᠦᠷᠢ ᠬᠤᠸᠠ ᡁᠢ ᠠᠨ ᠨᠠᠳᠠ ᠶᠢ ᠶᠠᠭᠤᠮ᠎ᠠ ᠬᠤᠳᠠᠯᠳᠤᠨ ᠠᠪᠤᠭᠤᠯᠬᠤ ᠪᠠᠷ ᠭᠠᠷᠭᠠᠳᠠᠭ᠃ | ᠡᠬᠢᠨ ᠳᠡᠭᠡᠨ ᠪᠢ ᠦᠨᠡᠭᠡᠷ ᠶᠠᠭᠤᠮ᠎ᠠ ᠬᠤᠳᠠᠯᠳᠤᠨ ᠠᠪᠴᠢᠷᠠᠳᠠᠭ ᠪᠠᠶᠢᠭᠰᠠᠨ᠂ ᠭᠡᠳᠡᠯ᠎ᠡ ᠬᠤᠳᠠᠯᠳᠤᠨ ᠠᠪᠴᠢᠷᠠᠭᠰᠠᠨ | ᠶᠠᠭᠤᠮ᠎ᠠ ᠶᠢ ᠲᠡᠳᠡ ᠶᠡᠷᠦᠨᠢ ᠭᠡᠷᠡᠭᠯᠡᠳᠡᠭ ᠦᠭᠡᠢ᠂ ᠶᠠᠭ ᠯᠠ ᠲᠡᠶᠢᠮᠦ ᠤᠴᠢᠷ ᠦᠭᠡᠢ ᠯᠠ ᠰᠢᠭ ᠪᠠᠶᠢᠳᠠᠭ᠃ ᠰᠡᠬᠦᠯᠡᠷ | ᠨᠢ ᠶᠠᠭᠤᠮ᠎ᠠ ᠬᠤᠳᠠᠯᠳᠤᠨ ᠠᠪᠬᠤ ᠶᠢ ᠪᠢ ᠲᠡᠮᠡᠢ ᠴᠢᠬᠤᠯᠠᠴᠢᠯᠠᠳᠠᠭ ᠦᠭᠡᠢ ᠪᠤᠯᠵᠠᠢ᠃ ᠵᠠᠷᠢᠮ ᠳᠠᠭᠠᠨ ᠠᠪᠴᠢᠷᠠᠵᠦ | ᠵᠠᠷᠢᠮ ᠳᠠᠭᠠᠨ ᠭᠠᠷᠤᠭᠠᠳ ᠶᠠᠪᠤᠴᠢᠬᠠᠳᠠᠭ᠂ ᠬᠠᠷᠢᠨ ᠵᠦᠭᠡᠷ ᠲᠤᠭᠤᠷᠢᠬᠤ ᠪᠢᠰᠢ᠂ ᠠᠶᠤᠵᠦ ᠡᠮᠢᠶᠡᠵᠦ ᠪᠠᠶᠢᠭᠠᠳ | ᠲᠡᠳᠡᠨ ᠳᠤ ᠬᠠᠷᠠᠭᠤᠯ ᠵᠤᠭᠰᠤᠵᠦ ᠦᠭᠳᠡᠭ᠃ ᠪᠤᠶᠠᠨ ᠨᠦᠬᠦᠷ ᠪᠤᠯ ᠪᠤᠤ ᠶᠤᠸᠠᠢ ᠴᠢᠩ ᠤᠨ ᠭᠡᠷᠡᠭ ᠡᠷᠬᠢᠯᠡᠬᠦ | ᠭᠠᠵᠠᠷ ᠤᠨ ᠴᠠᠬᠢᠯᠭᠠᠨ ᠮᠡᠳᠡᠭᠡᠨ ᠤ ᠠᠵᠢᠯᠳᠠᠨ ᠪᠠᠶᠢᠵᠦ᠂ ᠮᠠᠨ ᠤ ᠭᠡᠷ ᠤᠨ ᠪᠠᠶᠢᠩᠭᠤ ᠵᠤᠴᠢᠨ ᠶᠤᠮ᠃ ᠲᠡᠷᠡ ᠮᠠᠨᠤᠰ | ᠲᠠᠢ ᠭᠡᠯᠡᠯᠴᠡᠬᠦ ᠦᠭᠡᠢ ᠦᠭᠡ ᠭᠡᠵᠦ ᠦᠭᠡᠢ᠂ ᠭᠡᠳᠡᠯ᠎ᠡ ᠪᠤᠦ ᠶᠤᠸᠠᠢ ᠴᠢᠩ ᠤᠨ ᠲᠡᠷᠭᠡᠳᠡ ᠬᠤᠸᠠ ᡁᠢ ᠠᠨ ᠪᠤᠯᠤᠨ | ᠪᠤᠶᠠᠨ ᠬᠤᠶᠠᠭᠤᠯᠠ ᠶᠠᠭ ᠯᠠ ᠦᠯᠦ ᠲᠠᠨᠢᠭᠰᠠᠳ ᠠᠳᠠᠯᠢ ᠭᠡᠨ ᠨᠢ ᠴᠤ ᠭᠡᠳ ᠦᠭᠡ ᠲᠤᠤᠭᠠᠷᠬᠤ ᠦᠭᠡᠢ᠂ | ᠴᠤᠬᠤᠮ ᠶᠠᠮᠠᠷ ᠤᠴᠢᠷ ᠪᠤᠢ ᠭᠡᠪᠡᠯ᠂ ᠬᠤᠵᠢᠮ ᠨᠢ ᠤᠶᠢᠯᠭᠠᠭᠰᠠᠨ ᠢᠶᠠᠷ᠂ ᠪᠤᠶᠠᠨ ᠪᠤᠯ ᠨᠡᠷ᠎ᠡ ᠲᠡᠭᠡᠷ᠎ᠡ ᠪᠠᠨ ᠮᠤᠩᠭᠤᠯ | ᠲᠦᠪᠡᠳ ᠤᠨ ᠦᠪᠡᠷᠳᠡᠭᠡᠨ ᠵᠠᠰᠠᠬᠤ ᠭᠡᠷᠡᠭ ᠡᠷᠬᠢᠯᠡᠬᠦ ᠭᠠᠵᠠᠷ ᠲᠤ ᠠᠵᠢᠯᠯᠠᠳᠠᠭ ᠪᠤᠯᠪᠠᠴᠦ ᠭᠡᠷᠡᠭ ᠲᠡᠭᠡᠷ᠎ᠡ ᠪᠠᠨ | ᠲᠡᠯᠭᠡᠷ ᠤᠨ ᠬᠤᠯᠪᠤᠭᠠᠴᠢᠨ ᠪᠠᠶᠢᠵᠦ᠂ ᠪᠤᠤ ᠶᠤᠸᠠᠢ ᠴᠢᠩ ᠭᠡᠳᠦᠶᠢᠪᠡᠷ ︽ᠦᠪᠤᠷ ᠠᠷᠠᠳ ᠤᠨ ᠨᠠᠮ︾ ᠤᠨ | ᠪᠦᠷᠢᠯᠳᠦᠬᠦᠨ ᠪᠤᠯᠪᠠᠴᠦ ᠬᠤᠸᠠ ᡁᠢ ᠠᠨ ᠲᠡᠳᠡᠨ ᠤ ᠬᠢᠵᠦ ᠪᠠᠶᠢᠭ᠎ᠠ ᠶᠠᠪᠤᠳᠠᠯ ᠢ ᠲᠡᠷᠡ ᠪᠦᠬᠦᠨ ᠢ ᠮᠡᠳᠡᠳᠡᠭ ᠪᠢᠰᠢ | ᠪᠠᠶᠢᠵᠠᠢ᠃ | ᠨᠢᠭᠡᠨ ᠡᠳᠦᠷ ᠤᠨ ᠦᠳᠡ ᠶᠢᠨ ᠬᠤᠶᠢᠨ᠎ᠠ ᠮᠠᠨᠢᠯᠠ ᠮᠤᠬᠤᠷᠳᠠᠵᠦ ᠵᠤᠪᠠᠭᠰᠠᠨ ᠪᠠᠶᠢᠳᠠᠯ | ᠲᠠᠢ ᠶᠠᠭᠠᠷᠠᠯᠳᠠᠶᠢᠬᠠᠨ ᠮᠠᠨ ᠤ ᠳᠤ ᠬᠤᠸᠠ ᡁᠢ ᠠᠨ ᠢ ᠡᠷᠢᠵᠦ ᠢᠷᠡᠪᠡ᠃ ᠭᠡᠬᠦ ᠳᠤ ᠬᠤᠸᠠ ᡁᠢ ᠠᠨ ᠶᠠᠭ ᠭᠡᠷ | ᠲᠡᠭᠡᠨ ᠪᠠᠶᠢᠭᠰᠠᠨ ᠦᠭᠡᠢ᠃ ᠪᠠᠶᠢᠳᠠᠯ ᠠᠴᠠ ᠨᠢ ᠦᠵᠡᠬᠦ ᠳᠤ ᠴᠢᠬᠤᠯᠠ ᠤᠴᠢᠷ ᠲᠠᠢ ᠯᠠ ᠰᠢᠭ᠋᠂ ᠨᠠᠳᠠ ᠠᠴᠠ | ᠠᠰᠠᠭᠤᠬᠤ ᠳᠤᠨᠢ ᠪᠢ : ︽ᠲᠡᠷᠡ ᠬᠠᠮᠢᠭ᠎ᠠ ᠶᠠᠪᠤᠭᠰᠠᠨ᠂ ᠭᠡᠵᠢᠶ᠎ᠡ ᠢᠷᠡᠬᠦ ᠶᠢ ᠨᠢ ᠮᠡᠳᠡᠬᠦ ᠦᠭᠡᠢ︾ ᠭᠡᠵᠦ | ᠭᠡᠯᠡᠬᠦ ᠳᠤ ᠲᠡᠷᠡ ᠬᠦᠯᠢᠶᠡᠵᠦ ᠶᠠᠳᠠᠨ ᠨᠢᠭᠡᠨ ᠬᠠᠭᠤᠳᠠᠰᠦ ᠪᠢᠴᠢᠭ ᠦᠯᠡᠳᠡᠭᠡᠨ᠂ ᠡᠨᠡ ᠬᠠᠭᠤᠳᠠᠰᠦ ᠪᠢᠴᠢᠭ ᠢ | ᠲᠡᠬᠦᠨ ᠠᠴᠠ ᠦᠭᠡᠷ᠎ᠡ ᠭᠡᠨ ᠳᠤ ᠴᠤ ᠭᠠᠷᠳᠠᠭᠤᠯᠵᠦ ᠪᠤᠯᠬᠤ ᠦᠭᠡᠢ ᠭᠡᠵᠦ ᠲᠠᠬᠢᠨ ᠲᠠᠪᠳᠠᠨ ᠵᠠᠬᠢᠵᠦ ᠭᠡᠯᠡᠵᠦ ᠪᠠᠶᠢᠪᠠ | ᠃ ᠲᠡᠷᠡ ᠪᠢᠴᠢᠭ ᠤᠨ ᠬᠠᠭᠤᠳᠠᠰᠤᠨ ᠲᠡᠭᠡᠷ᠎ᠡ ᠨᠢ ᠬᠠᠷᠠᠨᠳᠠ ᠪᠠᠷ ︽青鸟速回盼君在即︾ | ᠭᠡᠵᠦ ᠪᠢᠴᠢᠵᠠᠢ᠃ ᠶᠠᠮᠠᠷ ᠤᠳᠬ᠎ᠠ ᠲᠠᠢ ᠶᠢ ᠨᠢ ᠪᠢ ᠤᠶᠢᠯᠭᠠᠵᠦ ᠶᠠᠳᠠᠪᠠ᠃ ᠰᠢᠷ᠎ᠠ ᠪᠦᠷᠦᠢ ᠪᠤᠯᠬᠤ ᠦᠶᠡᠰ | ᠬᠤᠸᠠ ᡁᠢ ᠠᠨ ᠬᠠᠷᠢᠵᠦ ᠢᠷᠡᠪᠡ᠃ ᠴᠢᠷᠠᠢ ᠳᠤᠨᠢ ᠬᠦᠨᠳᠦ ᠪᠠᠴᠢᠮ ᠪᠠᠶᠢᠳᠠᠯ ᠲᠠᠢ᠂ ᠭᠡᠷ ᠲᠤ ᠤᠷᠤᠵᠦ ᠢᠷᠡᠮᠡᠭᠴᠡ | ᠄ ︽ᠨᠠᠳᠠ ᠶᠢ ᠬᠦᠮᠦᠨ ᠡᠷᠢᠵᠦ ᠢᠷᠡᠭᠰᠡᠨ ᠤᠤ︖︾ ᠭᠡᠵᠦ ᠠᠰᠠᠭᠤᠬᠤ ᠳᠤ ᠬᠠᠭᠤᠳᠠᠰᠦ ᠪᠢᠴᠢᠭ ᠢ ᠨᠢ ᠪᠢ | ᠲᠡᠬᠦᠨ ᠳᠤ ᠭᠠᠷᠳᠠᠭᠤᠯᠬᠤ ᠳᠤ ᠲᠡᠷᠡ ᠦᠵᠡᠵᠦ ᠪᠠᠷᠠᠮᠠᠭᠴᠠ ᠵᠠᠵᠢᠯᠵᠦ ᠢᠳᠡᠴᠢᠭᠡᠳ ᠶᠠᠭᠤ ᠴᠤ ᠭᠡᠯᠡᠭᠰᠡᠨ | ᠦᠭᠡᠢ ᠪᠠᠷ ᠶᠠᠪᠤᠴᠢᠬᠠᠪᠠ᠃ ᠡᠨᠡ ᠶᠠᠪᠤᠭᠰᠠᠨ ᠢᠶᠠᠷ ᠢᠶᠠᠨ ᠭᠤᠷᠪᠠᠨ ᠡᠳᠦᠷ ᠪᠤᠯᠤᠭᠠᠳ ᠰᠠᠶ᠋ᠢ ᠬᠠᠷᠢᠵᠦ ᠢᠷᠡᠪᠡ᠃ | ᠲᠡᠬᠦᠨ ᠤ ᠴᠢᠷᠠᠢ ᠨᠢ ᠬᠤᠵᠠᠶᠢᠵᠦ᠂ ᠭᠡᠳᠦᠨ ᠡᠳᠦᠷ ᠨᠤᠶᠢᠷ ᠬᠤᠭᠤᠯᠠ ᠦᠭᠡᠢ ᠶᠠᠩᠵᠦ ᠲᠠᠢ᠃ ᠪᠢ ᠲᠡᠬᠦᠨ ᠠᠴᠠ | ᠶᠠᠮᠠᠷ ᠭᠡᠷᠡᠭ ᠭᠠᠷᠤᠭᠰᠠᠨ ᠪᠤᠢ ᠭᠡᠵᠦ ᠠᠰᠠᠭᠤᠪᠠᠯ ᠲᠡᠷᠡ ᠨᠡᠯᠢᠶᠡᠳ ᠪᠤᠳᠤᠯᠬᠢᠯᠠᠭᠠᠳ᠄ ︽ᠮᠠᠨᠢᠯᠠ ᠶᠢᠨ ᠭᠡᠷ ᠠᠴᠠ ᠨᠢ | ᠬᠦᠮᠦᠨ ᠢᠷᠡᠵᠡᠢ᠂ ᠪᠡᠶ᠎ᠡ ᠶᠢᠨ ᠭᠡᠷᠡᠴᠢ ᠦᠨᠡᠮᠯᠡᠯ ᠦᠭᠡᠢ ᠲᠤᠯᠠ ᠴᠠᠭᠳᠠᠭᠠᠨ ᠤ ᠭᠠᠵᠠᠷ ᠬᠤᠷᠢᠭᠳᠠᠴᠢᠬᠠᠯᠠ᠂ ᠪᠢ | ᠲᠡᠬᠦᠨ ᠳᠤ ᠬᠠᠪᠰᠤᠷᠴᠦ ᠬᠦᠶᠦᠵᠦ ᠦᠭᠬᠦᠭᠡᠳ ᠲᠦᠩᠭᠡᠵᠢ ᠭᠠᠷᠭᠠᠵᠦ ᠠᠪᠤᠯ᠎ᠠ︾ ᠭᠡᠵᠦ ᠭᠡᠯᠡᠪᠡ᠃ ᠭᠡᠳᠡᠯ᠎ᠡ ᠲᠡᠷᠡ | ᠪᠤᠬᠢᠨᠢᠳᠦᠨ ᠤᠶᠢᠳᠴᠦ ᠪᠠᠶᠢᠬᠤ ᠨᠢ ᠢᠯᠡᠭᠡᠨ᠃ ᠴᠤᠬᠤᠮ ᠶᠠᠮᠠᠷ ᠤᠴᠢᠷ ᠪᠤᠯᠴᠢᠬᠠᠪᠠ ᠭᠡᠵᠦ ᠰᠡᠬᠦᠯᠡᠷ ᠨᠢ ᠪᠢ | ᠮᠠᠨᠢᠯᠠ ᠠᠴᠠ ᠠᠰᠠᠭᠤᠭᠰᠠᠨ ᠳᠤ ᠲᠡᠷᠡ ᠮᠢᠨᠦ ᠦᠭᠡ ᠶᠢ ᠠᠷᠭᠠᠴᠠᠭᠠᠵᠦ᠄ ︽ᠮᠠᠨ ᠤ ᠨᠢᠭᠡ ᠬᠠᠨᠢᠳᠠᠨ ᠤ ᠨᠢᠭᠡ | ᠪᠦᠯᠦᠭ ᠲᠠᠸᠠᠷ ᠢ ᠵᠠᠩ ᠪᠸᠢ ᠰᠢᠶᠠᠨ ᠳᠤ ᠵᠦᠭᠡᠭᠡᠪᠤᠷᠢᠯᠡᠬᠦ ᠭᠡᠳ ᠵᠠᠮ ᠵᠠᠭᠤᠷ᠎ᠠ ᠲᠤᠨᠤᠭᠠᠴᠢᠳ ᠲᠠᠢ ᠬᠠᠷᠭᠤᠵᠠᠢ᠂ | ᠵᠤᠯ ᠢᠶᠠᠷ ᠬᠦᠮᠦᠨ ᠪᠢᠳᠡᠨ ᠳᠤ ᠤᠷᠢᠳᠴᠢᠯᠠᠨ ᠴᠢᠮᠡᠭᠡ ᠬᠦᠷᠭᠡᠭᠰᠡᠨ ᠲᠤᠯᠠ ᠬᠤᠸᠠ ᡁᠢ ᠠᠨ ᠲᠡᠷᠡ ᠭᠡᠳᠦᠨ ᠡᠳᠦᠷ | ᠡᠨᠡ ᠶᠠᠪᠤᠳᠠᠯ ᠤᠨ ᠲᠦᠯᠦᠭᠡ ᠬᠦᠶᠦᠵᠦ᠂ ᠬᠠᠷᠢᠴᠠᠭ᠎ᠠ ᠪᠠᠨ ᠲᠦᠰᠢᠭᠯᠡᠨ ᠦᠭᠡᠷ᠎ᠡ ᠵᠠᠮ ᠢᠶᠠᠷ ᠵᠦᠭᠡᠭᠡᠪᠤᠷᠢᠯᠡᠨ | ᠶᠠᠪᠤᠭᠤᠯᠪᠠ︾ ᠭᠡᠳ ᠪᠠᠭ᠎ᠠ ᠪᠠᠶᠢᠰᠬᠢᠭᠠᠳ ᠮᠠᠰᠢ ᠪᠠᠭ᠋ᠠᠳᠤᠭᠰᠠᠨ ᠪᠠᠶᠢᠳᠠᠯ ᠲᠠᠢ ᠪᠠᠷ : ︽ᠠᠢ᠂ ᠮᠠᠨ ᠤ ᠬᠤᠸᠠ ᡁᠢ | ᠠᠨ ᠦᠨᠡᠭᠡᠷ ᠶᠡᠭᠡ ᠴᠢᠳᠠᠪᠤᠷᠢᠳᠠᠨ ᠶᠤᠮ︾ ᠭᠡᠯᠡ᠃ ᠡᠨᠡ ᠶᠠᠪᠤᠳᠠᠯ ᠴᠤᠬᠤᠮ ᠶᠠᠮᠠᠷ ᠤᠴᠢᠷ ᠪᠤᠯᠬᠤ ᠶᠢ ᠡᠳᠦᠭᠡ | ᠪᠤᠯᠳᠠᠯ᠎ᠠ ᠤᠨᠢᠰᠤᠭ᠎ᠠ ᠪᠠᠶᠢᠭᠰᠠᠭᠠᠷ ᠶᠤᠮ᠃ | | | ᠭᠤᠷᠪᠠ | | ᠬᠤᠸᠠ ᡁᠢ ᠠᠨ ᠠᠮᠢᠳᠤᠷᠠᠯ ᠤᠨ ᠲᠠᠯ᠎ᠠ ᠪᠠᠷ ᠮᠠᠰᠢ ᠪᠤᠷᠤᠭᠵᠢᠭᠤᠨ᠂ ᠡᠩ ᠤᠨ ᠡᠳᠦᠷ | ᠪᠦᠳᠦᠬᠦᠯᠢᠭ ᠬᠤᠭᠤᠯᠠ ᠰᠢᠩᠭᠡᠨ ᠴᠠᠢ ᠪᠠᠷ ᠦᠯ ᠵᠠᠯᠭᠠᠵᠦ ︽ᠠᠮᠢᠳᠤᠷᠠᠯ ᠳᠤ ᠡᠷᠭᠡᠪᠰᠢ ᠠᠷᠪᠢᠯᠠᠨ ᠭᠠᠮᠨᠠᠵᠦ ᠵᠤᠭᠤᠰ | ᠪᠠᠭ᠎ᠠ ᠵᠠᠷᠤᠬᠤ ᠭᠡᠷᠡᠭᠳᠡᠢ︾ ᠭᠡᠳᠡᠭ ᠶᠤᠮ᠃ ᠵᠠᠷᠢᠮ ᠳᠠᠭᠠᠨ ᠪᠠᠰᠠ ᠲᠤᠩ ᠬᠠᠷᠠᠮ ᠦᠭᠡᠢ ᠪᠠᠶᠢᠵᠦ᠂ ᠭᠠᠳᠠᠭᠰᠢ | ᠭᠠᠷᠬᠤ ᠪᠤᠶᠤ ᠬᠠᠷᠢᠯᠴᠠᠭᠠᠨ ᠳᠤ ᠶᠠᠪᠤᠬᠤ ᠳᠠᠭᠠᠨ ᠲᠡᠭᠡᠳᠦ ᠮᠠᠶ᠋ᠢᠭ ᠤᠨ ᠰᠠᠭᠤᠳᠠᠯ ᠤᠨ ᠮᠠᠰᠢᠨ ᠳᠤ ᠰᠠᠭᠤᠵᠦ | ᠬᠦᠷᠭᠡᠯᠭᠡᠬᠦ ᠪᠤᠶᠤ ᠲᠤᠰᠤᠭᠤᠯᠳᠠᠭ ᠪᠠᠶᠢᠯ᠎ᠠ᠃ | 1935 ᠤᠨ ᠤ 10 ᠰᠠᠷ᠎ᠠ ᠶᠢᠨ ᠰᠡᠬᠦᠯᠴᠢ ᠪᠠᠷ᠂ ᠮᠢᠨᠦ ᠶᠡᠭᠡ ᠭᠡᠦᠭᠡᠨ ᠢ ᠬᠦᠩᠭᠡᠵᠢᠭᠰᠡᠨ ᠤ ᠬᠤᠷᠢᠭᠠᠳ | ᠡᠳᠦᠷ ᠤᠨ ᠨᠠᠭᠠᠭᠤᠷ ᠴᠠᠭᠠᠭᠤᠷ ᠲᠡᠷᠡ ᠬᠠᠷᠢᠭᠠᠳ ᠢᠷᠡᠯ᠎ᠡ᠃ ᠵᠢᠵᠢᠭ ᠮᠠᠰᠢᠨ ᠨᠡᠶᠢᠳᠡ ᠶᠢᠨ ᠪᠠᠭᠤᠳᠠᠯ ᠤᠨ | ᠡᠬᠦᠳᠡᠨ ᠳᠤ ᠬᠦᠷᠭᠡᠵᠦ ᠢᠷᠡᠬᠦ ᠳᠤ ᠶᠠᠮᠠᠷ ᠬᠦᠮᠦᠨ ᠢᠷᠡᠪᠡ ᠭᠡᠵᠦ ᠪᠢ ᠶᠠᠭᠠᠷᠠᠪᠴᠢᠯᠠᠨ ᠭᠠᠷᠪᠠᠯ ᠨᠢᠭᠡᠨ ᠡᠸᠦ᠋ᠷᠦᠫᠡ | ᠬᠤᠪᠴᠠᠰᠦ ᠲᠠᠢ ᠪᠤᠭᠴᠦ ᠰᠤᠭᠤᠪᠴᠢᠯᠠᠭᠰᠠᠨ ᠬᠦᠮᠦᠨ ᠲᠡᠷᠭᠡᠨ ᠠᠴᠠ ᠭᠠᠷᠴᠦ ᠢᠷᠡᠪᠡ᠃ ᠤᠶᠢᠷᠠᠳᠤᠭᠠᠳ ᠦᠵᠡᠪᠡᠯ | ᠲᠡᠷᠡ ᠮᠠᠨᠢ ᠪᠠᠶᠢᠵᠠᠢ᠃ ᠲᠡᠷᠡ ᠲᠡᠷᠭᠡᠨ ᠬᠦᠯᠦᠰᠦ ᠮᠦᠩᠬᠦ ᠪᠠᠨ ᠦᠭᠬᠦ ᠶᠢᠨ ᠬᠠᠮᠳᠦ ᠨᠠᠳᠠ ᠳᠤ ᠶᠠᠭᠠᠷᠠᠨ᠄ ︽ᠡᠨᠡ | ᠤᠳᠠᠭ᠎ᠠ ᠶᠠᠪᠤᠳᠠᠯ ᠪᠦᠳᠦᠮᠵᠢᠳᠠᠢ᠂ ᠵᠤᠭᠤᠰ ᠤᠯᠴᠢᠬᠠᠯ᠎ᠠ᠂ ᠪᠠᠭ᠎ᠠ ᠵᠤᠭᠤᠰ ᠵᠠᠷᠤᠬᠤ ᠳᠤ ᠶᠠᠭᠠᠬᠢᠬᠤ ᠪᠤᠢ ᠳ᠋ᠠ︾ | ᠭᠡᠵᠦ ᠲᠠᠶᠢᠯᠪᠤᠷᠢᠯᠠᠨ ᠭᠡᠯᠡᠯ᠎ᠡ᠃ | ᠭᠡᠷ ᠲᠤ ᠤᠷᠤᠭᠰᠠᠨ ᠤ ᠲᠠᠷᠠᠭ᠎ᠠ ᠲᠡᠷᠡ ᠲᠠᠬᠢᠵᠦ᠄ ︽ᠡᠨᠡ ᠭᠠᠵᠠᠷ ᠲᠤᠩ ᠠᠶᠤᠮᠰᠢᠭᠳᠠᠢ | ᠵᠢᠪᠡᠬᠦᠨ ᠬᠠᠷᠠᠭᠳᠠᠵᠦ ᠪᠤᠯᠬᠤ ᠪᠠᠨ ᠪᠤᠯᠢᠴᠢᠬᠠᠯᠠ᠂ ᠴᠠᠭᠳᠠᠭ᠎ᠠ ᠪᠤᠯᠤᠨ ᠮᠠᠭᠤ ᠨᠤᠬᠠᠳ ᠪᠦᠷ ᠴᠢᠮᠠᠢᠢ ᠡᠷᠢᠵᠦ | ᠶᠠᠷᠰᠢᠭᠯᠠᠨᠠ︾ ᠭᠡᠵᠦ ᠨᠦᠬᠦᠪᠦᠷᠢᠯᠡᠨ ᠭᠡᠯᠡᠪᠡ᠃ ᠲᠡᠬᠦᠨ ᠤ ᠠᠮᠢᠳᠤᠷᠠᠯ ᠡᠮᠬᠢ ᠴᠡᠭᠴᠡᠳᠠᠢ ᠪᠤᠯᠪᠠᠴᠦ ᠲᠤᠭᠳᠠᠪᠤᠷᠢ | ᠦᠭᠡᠢ ᠪᠠᠶᠢᠳᠠᠭ᠃ ᠨᠠᠭᠠᠰᠢ ᠴᠠᠭᠠᠰᠢ ᠶᠠᠪᠤᠬᠤ ᠵᠤᠴᠢᠳ ᠲᠠᠢ ᠠᠭᠤᠯᠵᠠᠬᠤ ᠠᠴᠠ ᠭᠠᠳᠠᠨ᠎ᠠ ᠦᠳᠡ ᠶᠢᠨ ᠡᠮᠦᠨ᠎ᠡ | ᠪᠤᠯ ᠦᠷᠬᠦᠯᠵᠢ ᠭᠡᠷ ᠲᠡᠭᠡᠨ ᠪᠠᠶᠢᠵᠦ᠂ ᠨᠠᠳᠠ ᠳᠤ ᠰᠤᠶᠤᠯ ᠤᠨ ᠬᠢᠴᠢᠶᠡᠯ ᠨᠦᠬᠦᠪᠤᠷᠢᠯᠡᠵᠦ ᠦᠭᠳᠡᠭ᠃ ᠦᠳᠡ ᠶᠢᠨ | ᠬᠤᠶᠢᠨ᠎ᠠ ᠭᠠᠳᠠᠭᠰᠢ ᠭᠠᠷᠳᠠᠭ᠃ ᠬᠢᠴᠢᠶᠡᠯ ᠤᠷᠤᠬᠤ ᠪᠠᠷ ᠶᠠᠪᠤᠯ᠎ᠠ ᠭᠡᠵᠦ ᠭᠡᠯᠡᠬᠦ ᠶᠤᠮ᠂ ᠴᠤᠬᠤᠮ ᠶᠠᠭᠤ ᠬᠢᠳᠡᠭ ᠢ | ᠨᠢ ᠪᠢ ᠨᠢᠭᠤᠷᠳᠠᠵᠦ ᠦᠵᠡᠭᠡ ᠦᠭᠡᠢ᠃ ᠲᠡᠷᠡ ᠵᠠᠷᠢᠮ ᠳᠠᠭᠠᠨ ᠮᠠᠰᠢᠨ ᠲᠡᠷᠭᠡ ᠵᠢᠯᠤᠭᠤᠳᠬᠤ ᠶᠢ ᠰᠤᠷᠴᠦ ᠪᠠᠶᠢᠳᠠᠭ᠃ | ᠨᠢᠭᠡ ᠤᠳᠠᠭ᠎ᠠ ᠲᠡᠷᠡ ᠬᠠᠷᠢᠵᠦ ᠢᠷᠡᠭᠡᠳ ᠨᠠᠳᠠ ᠳᠤ᠄ ︽ᠦᠨᠦᠳᠦᠷ ᠪᠢ ᠪᠠᠰᠠ ᠮᠠᠰᠢᠨ ᠲᠡᠷᠭᠡ ᠵᠢᠯᠤᠭᠤᠳᠬᠤ ᠶᠢ | ᠰᠤᠷᠬᠤ ᠪᠠᠷ ᠤᠴᠢᠪᠠ᠃ ᠲᠤᠰᠤᠨ ᠨᠡᠭᠡᠭᠡᠯᠳᠡ ᠶᠢ ᠨᠡᠭᠡᠭᠡᠵᠦ ᠴᠢᠳᠠᠭᠠᠳ ᠬᠠᠭᠠᠭᠠᠵᠦ ᠴᠢᠳᠠᠭᠰᠠᠨ ᠦᠭᠡᠢ᠂ | ᠭᠡᠷᠡᠮ ᠳᠤ ᠲᠤᠯᠴᠢᠬᠠᠭᠠᠳ ᠦ ᠦ ᠭᠡᠵᠦ ᠵᠤᠭᠰᠤᠯ ᠦᠭᠡᠢ ᠲᠤᠤᠭᠠᠷᠴᠦ ᠡᠰᠡᠯ᠎ᠡ ᠭᠡᠷᠡᠮ ᠢ ᠮᠦᠷᠬᠦᠵᠦ ᠨᠤᠷᠠᠭᠠᠬᠤ | ᠰᠢᠬᠠᠯ᠎ᠠ︾ ᠭᠡᠵᠦ ᠢᠨᠢᠶᠡᠮᠰᠦᠭᠯᠡᠨ ᠶᠠᠷᠢᠵᠦ ᠪᠠᠶᠢᠯ᠎ᠠ᠃ ᠦᠳᠡᠰᠢ ᠳᠡᠭᠡᠨ ᠪᠤᠯ ᠨᠤᠮ ᠦᠵᠡᠵᠦ ᠶᠠᠭᠤᠮ᠎ᠠ ᠪᠢᠴᠢᠨ᠂ | ᠵᠠᠬᠢᠳᠠᠯ ᠴᠢᠮᠡᠭᠡ ᠬᠢᠨᠠᠨ ᠤᠩᠰᠢᠳᠠᠭ᠃ ᠨᠢᠭᠡ ᠤᠳᠠᠭ᠎ᠠ ᠰᠦᠨᠢ ᠶᠢᠨ ᠬᠦᠨ ᠪᠤᠯᠬᠤ ᠳᠤ ᠲᠡᠷᠡ ᠪᠠᠷᠤᠭ ᠨᠠᠳᠠ ᠶᠢ | ᠤᠨᠳᠠᠭᠰᠠᠨ ᠭᠡᠵᠦ ᠪᠤᠳᠤᠭᠠᠳ᠂ ᠦᠵᠡᠵᠦ ᠪᠠᠷᠠᠭᠰᠠᠨ ᠵᠠᠬᠢᠳᠠᠯ ᠤᠨ ᠬᠠᠭᠤᠳᠠᠰᠤᠨ᠎ᠠ ᠪᠠᠭ᠎ᠠ ᠡᠮ ᠲᠤᠰᠤᠭᠠᠭᠠᠳ | ᠰᠢᠨᠡᠭᠡᠨ ᠢᠯᠡᠷᠡᠭᠰᠡᠨ ᠮᠦᠷ ᠮᠦᠷ ᠦᠰᠦᠭ ᠢ ᠰᠡᠳᠬᠢᠯ ᠲᠠᠯᠪᠢᠨ ᠦᠵᠡᠵᠦ ᠪᠠᠶᠢᠬᠤ ᠶᠢ ᠪᠢ ᠤᠯᠤᠭᠠᠳ ᠦᠵᠡᠪᠡ᠃ | ︽ᠡᠨᠡ ᠴᠢᠨᠢ ᠶᠠᠭᠠᠬᠢᠭᠰᠠᠨ ᠪᠤᠢ︖︾ ᠭᠡᠵᠦ ᠪᠢ ᠲᠡᠬᠦᠨ ᠠᠴᠠ ᠠᠰᠠᠭᠤᠪᠠᠯ ᠲᠡᠷᠡ ᠵᠢᠭᠠᠬᠠᠨ | ᠪᠤᠳᠤᠯᠬᠢᠯᠠᠭᠰᠠᠨ ᠢᠶᠠᠨ᠄ ︽ᠡᠨᠡ ᠪᠤᠯ ᠮᠠᠨ ᠤ ᠰᠤᠷᠤᠭᠰᠠᠨ ᠬᠢᠮᠢ ᠶᠢᠨ ᠬᠢᠴᠢᠶᠡᠯ᠂ ᠡᠨᠡ ᠵᠠᠬᠢᠳᠠᠯ ᠪᠤᠯ ᠬᠠᠮᠳᠦ | ᠰᠤᠷᠤᠭᠴᠢ ᠶᠢᠨ ᠵᠠᠬᠢᠳᠠᠯ᠂ ᠨᠠᠳᠠ ᠶᠢ ᠰᠢᠯᠭᠠᠵᠦ ᠦᠵᠡᠵᠦ ᠪᠠᠶᠢᠨ᠎ᠠ᠂ ᠪᠢ ᠪᠠᠰᠠ ᠠᠳᠠᠯᠢ ᠠᠷᠭ᠎ᠠ ᠪᠠᠷ ᠲᠡᠬᠦᠨ ᠳᠤ | ᠵᠠᠬᠢᠳᠠᠯ ᠪᠢᠴᠢᠵᠦ ᠪᠠᠶᠢᠨ᠎ᠠ︾ ᠭᠡᠵᠦ ᠭᠡᠯᠡᠭᠡᠳ ᠦᠨᠡᠭᠡᠷ ᠪᠢᠴᠢᠯ᠎ᠡ᠃ ᠭᠡᠳᠦᠶᠢᠪᠡᠷ ᠲᠡᠶᠢᠮᠦ ᠪᠤᠯᠪᠠᠴᠦ ᠲᠡᠬᠦᠨ ᠳᠤ | ᠶᠠᠭᠠᠷᠠᠵᠦ ᠪᠠᠴᠢᠮᠳᠠᠭᠰᠠᠨ ᠪᠠᠶᠢᠳᠠᠯ ᠪᠠᠶᠢᠬᠤ ᠶᠢ ᠪᠢ ᠦᠵᠡᠵᠦ ᠭᠠᠷᠤᠯ᠎ᠠ᠃ ᠲᠡᠬᠦᠨ ᠤ ᠤᠬᠠᠭᠠᠨ ᠰᠠᠨᠠᠭ᠎ᠠ ᠨᠢ | ᠪᠡᠶ᠎ᠡ ᠳᠡᠭᠡᠨ ᠦᠭᠡᠢ ᠰᠢᠭ ᠯᠠ᠃ ᠡᠬᠦᠨ ᠠᠴᠠ ᠲᠡᠬᠦᠨ ᠢ ᠶᠠᠭᠠᠬᠢᠯ᠎ᠠ ᠭᠡᠳ ᠰᠤᠷᠤᠭᠴᠢ ᠪᠢᠰᠢ᠂ ᠠᠷᠠᠯᠵᠢᠶᠠᠴᠢᠨ | ᠪᠠᠰᠠ ᠪᠢᠰᠢ ᠭᠡᠵᠦ ᠰᠡᠵᠢᠭ ᠲᠦᠷᠦᠵᠦ ᠲᠡᠬᠦᠨ ᠤ ᠬᠢᠵᠦ ᠪᠠᠶᠢᠭ᠎ᠠ ᠶᠠᠪᠤᠳᠠᠯ ᠳᠤ ᠰᠠᠨᠠᠭ᠎ᠠ ᠵᠤᠪᠠᠵᠦ ᠠᠶᠤᠳᠠᠭ ᠪᠢᠯᠡ᠃ | ᠲᠡᠬᠦᠨ ᠤ ᠵᠠᠩ ᠴᠢᠨᠠᠷ ᠠᠭᠤᠵᠢᠮ ᠲᠠᠯᠪᠢᠭᠤ᠂ ᠬᠤᠯᠠ ᠶᠢ ᠪᠤᠳᠤᠯᠬᠢᠯᠠᠳᠠᠭ᠃ ᠲᠡᠷᠡ ᠶᠡᠷᠦ ᠨᠢ ᠲᠠᠮᠠᠬᠢ ᠲᠠᠳᠠᠳᠠᠭ | ᠦᠭᠡᠢ ᠶᠤᠮ᠃ ᠪᠢ ᠤᠤᠯ ᠨᠢ ᠲᠠᠮᠠᠬᠢ ᠲᠠᠳᠠᠳᠠᠭ ᠪᠠᠶᠢᠵᠠᠢ᠂ ᠲᠡᠷᠡ ᠲᠠᠮᠠᠬᠢᠨ ᠤᠳᠤᠭ᠎ᠠ ᠶᠢ ᠦᠵᠡᠮᠡᠭᠴᠡ ᠬᠡᠵᠢᠶᠡᠳᠡ | ᠭᠠᠷ ᠢᠶᠠᠨ ᠰᠠᠵᠢᠯᠠᠵᠦ ᠵᠠᠶᠢᠯᠠᠭᠤᠯᠳᠠᠭ ᠪᠤᠯᠬᠤᠷ ᠬᠤᠵᠢᠮ ᠨᠢ ᠪᠢ ᠲᠠᠮᠠᠬᠢ ᠲᠠᠳᠠᠬᠤ ᠪᠠᠨ ᠵᠤᠭᠰᠤᠭᠰᠠᠨ ᠶᠤᠮ᠃ | ᠲᠡᠷᠡ ᠬᠦᠭᠵᠢᠮ ᠳᠤ ᠪᠠᠭ᠋ᠠᠳᠠᠢ᠃ ᠮᠠᠨ ᠤ ᠳᠤ ᠨᠢᠭᠡ ᠷᠠᠳᠢᠤ᠋ ᠮᠠᠰᠢᠨ ᠪᠠᠶᠢᠳᠠᠭ᠃ | ᠲᠡᠬᠦᠨ ᠤ ᠦᠷᠬᠦᠯᠵᠢ ᠰᠤᠨᠤᠰᠬᠤ ᠲᠤᠷᠠᠳᠠᠢ ᠬᠦᠭᠵᠢᠮ ᠨᠢ ︽ᠲᠠᠷᠳᠠᠩ ᠵᠠᠮ ︵大路歌︶︾᠂ ︽ | ᠬᠤᠰᠢᠭᠤᠴᠢ ᠶᠢᠨ ᠲᠠᠭᠤᠯᠠᠯ ︵先锋歌︶︾᠂ ︽ᠡᠦ ᠭᠤᠸᠠᠩ ᠠᠶ᠎ᠠ ︵误光曲︶︾᠂ ︽ᠰᠢᠩ | ᠰᠢᠩ ᠠᠶ᠎ᠠ ︵星星曲︶︾ ᠵᠡᠷᠭᠡ ᠪᠤᠯᠤᠨ᠎ᠠ᠃ ᠤᠷᠤᠢ ᠶᠢᠨ ᠬᠤᠭᠤᠯᠠᠨ ᠤ ᠲᠠᠷᠠᠭ᠎ᠠ ᠳ᠋ᠧᠩ | ᠠᠰᠠᠭᠠᠬᠤ ᠠᠴᠠ ᠡᠮᠦᠨ᠎ᠡ ᠮᠠᠨᠤᠰ ᠬᠠᠮᠳᠦ ᠰᠠᠭᠤᠵᠦ ᠰᠤᠨᠤᠰᠳᠠᠭ᠃ ᠲᠡᠷᠡ ᠰᠤᠨᠤᠰᠬᠤ ᠶᠢᠨ ᠲᠠᠭᠠᠤ ᠨᠠᠳᠠ ᠳᠤ | ᠶᠠᠷᠢᠵᠦ ᠦᠭᠳᠡᠭ ᠰᠠᠨ᠃ ᠵᠠᠷᠢᠮ ᠳᠠᠭᠠᠨ ᠲᠡᠷᠡ ᠨᠢᠳᠦ ᠪᠠᠨ ᠠᠨᠢᠵᠦ ᠨᠠᠮ ᠰᠠᠭᠤᠵᠦ ᠰᠤᠨᠤᠰᠳᠠᠭ᠂ ᠬᠠᠶᠠ ᠳᠠᠭᠠᠨ | ᠪᠠᠰᠠ ᠨᠢᠭᠡ ᠪᠦᠯᠦᠭ ᠵᠠᠯᠠᠭᠤ ᠰᠤᠷᠤᠭᠴᠢᠳ ᠢ ᠲᠠᠭᠠᠭᠤᠯᠤᠨ ᠠᠪᠴᠢᠷᠠᠵᠦ ᠬᠠᠮᠳᠦ ᠰᠤᠨᠤᠰᠳᠠᠭ᠃ ᠤᠯᠠᠨ ᠢᠶᠠᠷ ᠢᠶᠠᠨ | ᠰᠤᠨᠤᠰᠬᠤ ᠶᠢᠨ ᠵᠡᠷᠭᠡ ᠪᠠᠷ ᠬᠠᠮᠳᠦ ᠳᠠᠭᠠᠨ ᠲᠠᠭᠤᠯᠠᠴᠢᠬᠠᠳᠠᠭ᠃ ᠵᠠᠷᠢᠮ ᠨᠢ ᠰᠡᠳᠬᠢᠯᠭᠡ ᠪᠠᠨ ᠲᠠᠷᠤᠵᠦ ᠶᠠᠳᠠᠨ | ᠪᠦᠵᠢᠭᠯᠡᠵᠦ᠂ ᠶᠠᠭ ᠯᠠ ᠵᠢᠵᠢᠭ ᠨᠠᠭᠠᠳᠤᠮ ᠤᠨ ᠭᠠᠵᠠᠷ ᠰᠢᠭ᠋ ᠬᠦᠭᠵᠢᠶᠡᠨ ᠨᠠᠷᠬᠢᠶᠠᠨ ᠢᠶᠠᠷ ᠪᠢᠯᠬᠠᠳᠠᠭ᠃ ᠭᠡᠪᠡᠴᠦ | ᠡᠶᠢᠮᠦ ᠨᠠᠷᠬᠢᠶᠠᠨ ᠬᠦᠷ ᠨᠢ ᠦᠷᠬᠦᠯᠵᠢ ᠶᠢᠨ ᠶᠠᠪᠤᠳᠠᠯ ᠪᠢᠰᠢ ᠶᠤᠮ᠃ ᠬᠤᠸᠠ ᡁᠢ ᠠᠨ ᠭᠡᠷ ᠲᠡᠭᠡᠨ ᠪᠠᠶᠢᠬᠤ ᠦᠭᠡᠢ | ᠦᠶᠡᠰ ᠨᠠᠳᠠ ᠶᠢ ᠦᠷᠬᠦᠯᠵᠢ ᠢᠷᠡᠵᠦ ᠬᠠᠷᠠᠭᠠᠯᠵᠠᠳᠠᠭ ᠨᠢ ᠪᠢᠯᠢᠭᠳᠦ ︵ᠪᠢᠯᠢᠭᠪᠡᠭᠠᠳᠤᠷ︶ ᠪᠤᠯᠤᠨ ᠵᠠᠶᠠᠭᠠᠳᠠᠢ | ᠨᠦᠬᠦᠷ ᠪᠤᠯᠤᠨ᠎ᠠ᠃ 1935 ᠤᠨ ᠤ 10 ᠰᠠᠷ᠎ᠠ ᠳᠤ ᠪᠢ ᠶᠡᠭᠡ ᠭᠡᠦᠭᠡᠨ ᠢᠶᠠᠨ ᠬᠦᠩᠭᠡᠵᠢᠬᠦ ᠦᠶᠡᠰ ᠬᠤᠸᠠ ᡁᠢ | ᠠᠨ ᠭᠡᠷ ᠲᠡᠭᠡᠨ ᠪᠠᠶᠢᠭᠰᠠᠨ ᠦᠭᠡᠢ ᠲᠤᠯᠠ ᠪᠢᠯᠢᠭᠳᠦ ᠶᠢᠨ ᠡᠮᠡᠭᠳᠡᠢ ᠨᠢ ᠶᠡᠭᠡᠭᠡᠨ ᠲᠤᠰᠠ ᠪᠤᠯᠤᠭᠰᠠᠨ ᠶᠤᠮ᠃ | ᠵᠠᠷᠢᠮ ᠳᠠᠭᠠᠨ ᠪᠢ ᠡᠪᠡᠳᠴᠢᠯᠡᠭᠡᠳ ᠡᠮᠡᠨᠡᠯᠭᠡ ᠳᠤ ᠤᠷᠤᠪᠠᠯ ᠭᠡᠦᠭᠡᠳ ᠢᠶᠠᠨ ᠪᠢᠯᠢᠭᠳᠦ ᠶᠢᠨ ᠳᠤ ᠬᠤᠴᠤᠷᠭᠠᠳᠠᠭ ᠶᠤᠮ᠃ | | | | ᠲᠦᠷᠪᠡ | | 1937 ᠤᠨ ᠤ ︽7 · 1︾ ᠤ ᠭᠡᠷᠡᠭ ᠬᠤᠪᠢᠰᠤᠯ ᠤᠨ ᠡᠮᠦᠨᠡᠭᠡᠨ᠂ ᠴᠠᠭ ᠤᠨ | ᠪᠠᠶᠢᠳᠠᠯ ᠬᠦᠨᠳᠦ ᠨᠤᠴᠢᠳᠠᠢ ᠪᠠᠶᠢᠪᠠ᠃ ᠮᠠᠨ ᠳᠤ ᠡᠷᠦᠭᠡ ᠠᠮᠠ ᠶᠢᠨ ᠲᠠᠩᠰᠠ ᠦᠭᠡᠢ ᠲᠤᠯᠠ ᠨᠡᠶᠢᠳᠡ ᠶᠢᠨ | ᠪᠠᠭᠤᠳᠠᠯ ᠳᠤ ᠰᠠᠭᠤᠵᠦ ᠴᠢᠳᠠᠬᠤ ᠦᠭᠡᠢ ᠪᠤᠯᠵᠦ ᠰᠢ ᠳ᠋ᠠᠨ ᠤ ᠨᠠᠶᠢᠷᠠᠮᠳᠠᠯ ᠵᠡᠭᠡᠯᠢ ︵西单和平街︶ | ᠤᠷᠴᠢᠮ ᠤᠨ ᠠᠷᠠᠳ ᠤᠨ ᠭᠡᠷ ᠲᠤ ᠰᠠᠭᠤᠯ᠎ᠠ᠃ ᠴᠤᠤ ᠳ᠋ᠸᠦ ᠭᠤᠳᠤᠮᠵᠢ ︵抄豆胡同︶᠂ ᠫᠢ ᠺᠦ᠋ | ᠭᠤᠳᠤᠮᠵᠢ ︵皮裤胡同︶᠂ ᠫᠢ ᠴᠠᠢ ᠭᠤᠳᠤᠮᠵᠢ ︵劈柴胡同︶ ᠵᠡᠷᠭᠡ ᠭᠠᠵᠠᠷ ᠪᠦᠷ | ᠰᠠᠭᠤᠵᠦ ᠦᠩᠭᠡᠷᠡᠵᠡᠢ᠃ ᠠᠷᠠᠳ ᠤᠨ ᠭᠡᠷ ᠲᠤ ᠰᠠᠭᠤᠬᠤ ᠳᠠᠭᠠᠨ ᠪᠢᠳᠡ ᠰᠤᠷᠤᠭᠴᠢ ᠶᠢᠨ ᠡᠷᠦᠭᠡ ᠠᠮᠠ ᠪᠠᠷ | ᠪᠦᠷᠢᠳᠭᠡᠬᠦᠯᠵᠦ ᠪᠠᠶᠢᠯ᠎ᠠ᠃ ᠴᠠᠭ ᠤᠨ ᠪᠠᠶᠢᠳᠠᠯ ᠤᠨ ᠪᠠᠴᠢᠮ ᠪᠤᠯᠤᠨ ᠲᠠᠷᠤᠯᠳᠠ ᠠᠴᠠ ᠪᠤᠯᠵᠦ ᠡᠨᠡ | ᠬᠤᠭᠤᠴᠠᠭᠠᠨ ᠳᠤ ᠬᠤᠸᠠ ᡁᠢ ᠠᠨ ᠤ ᠪᠤᠳᠤᠯ ᠤᠨᠴᠠᠭᠠᠢ ᠬᠦᠨᠳᠦ ᠪᠠᠴᠢᠮ ᠪᠠᠶᠢᠯ᠎ᠠ᠃ ᠲᠤᠬᠠᠢ ᠶᠢᠨ ᠦᠶ᠎ᠡ ᠳᠤ | ᠬᠤᠶᠠᠳᠤᠭᠠᠷ ᠭᠡᠦᠭᠡᠳ ᠢᠶᠠᠨ ᠵᠢᠷᠮᠦᠰᠦᠯᠡᠭᠡᠳ ᠨᠢᠭᠡᠨᠳᠡ ᠭᠤᠷᠪᠠᠨ ᠰᠠᠷ᠎ᠠ ᠪᠤᠯᠤᠭᠰᠠᠨ ᠪᠠᠶᠢᠵᠠᠢ᠃ ᠲᠡᠷᠡ᠂ ᠡᠳᠦᠷ | ᠲᠡᠭᠡᠨ ᠪᠠᠷᠤᠭᠳᠠᠢ ᠳᠤ ᠭᠡᠷ ᠲᠡᠭᠡᠨ ᠪᠠᠶᠢᠳᠠᠭ ᠦᠭᠡᠢ᠂ ᠤᠷᠤᠢ ᠳᠠᠭᠠᠨ ᠴᠤ 10 ᠴᠠᠭ ᠤᠨ ᠦᠶᠡᠰ ᠢᠶᠠᠷ ᠰᠠᠶ᠋ᠢ | ᠬᠠᠷᠢᠵᠦ ᠢᠷᠡᠳᠡᠭ᠃ | ᠨᠢᠭᠡ ᠡᠳᠦᠷ ᠲᠡᠷᠡ ᠭᠠᠳᠠᠭᠰᠢ ᠭᠠᠷᠤᠭᠰᠠᠨ ᠦᠭᠡᠢ᠂ ᠦᠷᠯᠦᠭᠡ ᠶᠢᠨ ᠬᠤᠭᠤᠯᠠᠨ ᠤ | ᠲᠠᠷᠠᠭ᠎ᠠ᠄ ︽ᠡᠨᠡ ᠡᠳᠦᠷ ᠪᠢᠳᠡ ᠶᠠᠭᠤ ᠴᠤ ᠬᠢᠬᠦ ᠭᠡᠷᠡᠭ ᠦᠭᠡᠢ᠂ ᠭᠡᠰᠢᠭᠡ ︵ᠶᠡᠭᠡ ᠭᠡᠦᠭᠡᠨ︶ ᠪᠠᠨ ᠲᠠᠭᠠᠭᠤᠯᠵᠦ | ᠴᠡᠴᠡᠷᠯᠢᠭ ᠲᠤ ᠨᠢᠭᠡ ᠡᠳᠦᠷ ᠨᠠᠭᠠᠳᠬᠤ ᠪᠠᠷ ᠤᠴᠢᠶ᠎ᠠ︾ ᠭᠡᠳ ᠲᠡᠬᠦᠨ ᠤ ᠦᠷᠬᠦᠯᠵᠢ ᠡᠮᠦᠰᠳᠡᠭ ᠦᠭᠡᠢ ︵ᠪᠢᠳᠡ | ᠬᠤᠷᠢᠮᠯᠠᠬᠤ ᠦᠶ᠎ᠡ ᠳᠤ ᠡᠮᠦᠰᠦᠭᠰᠡᠨ ᠶᠤᠰᠤᠯᠠᠯ ᠤᠨ ᠬᠤᠪᠴᠠᠰᠦ︶ ᠨᠢᠭᠡᠨ ᠬᠦᠶᠦᠭᠡᠨ ᠬᠤᠶᠢᠱᠠ ᠦᠩᠭᠡ ᠲᠠᠢ | ᠤᠷᠳᠦ ᠬᠤᠪᠴᠠᠰᠦ ᠪᠠᠨ ᠡᠮᠦᠰᠴᠦ ᠨᠢᠭᠡᠨ ᠵᠡᠷᠭᠡ ᠵᠠᠰᠠᠭᠠᠳ ᠪᠢᠳᠡ ᠲᠢᠶᠠᠨ ᠲᠠᠨ ︵天坛︶ ᠴᠡᠴᠡᠷᠯᠢᠭ ᠲᠤ | ᠬᠦᠷᠪᠡ᠃ 6 ᠰᠠᠷ᠎ᠠ ᠶᠢᠨ ᠠᠭᠤᠷ ᠠᠮᠢᠰᠬᠤᠯ ᠪᠦᠭᠴᠢᠮ᠎ᠡ ᠬᠠᠯᠠᠭᠤᠨ ᠲᠤᠯᠠ ᠪᠢᠳᠡ ᠭᠡᠦᠭᠡᠳ ᠢᠶᠠᠨ ᠲᠠᠭᠠᠭᠤᠯᠵᠦ | ᠬᠦᠨ ᠰᠢᠭᠤᠢ ᠲᠤᠳᠤᠭᠤᠷ ᠵᠤᠭᠠᠴᠠᠨ ᠲᠤᠭᠤᠷᠢᠪᠠ᠃ ᠶᠢᠨ᠂ ᠪᠢᠳᠡ ᠬᠤᠷᠢᠮᠯᠠᠭᠠᠳ ᠭᠤᠷᠪᠠᠨ ᠵᠢᠯ ᠢᠯᠡᠬᠦᠦ | ᠪᠤᠯᠤᠭᠰᠠᠨ ᠪᠤᠯᠪᠠᠴᠦ ᠪᠢ ᠭᠡᠷ ᠢᠶᠠᠨ ᠬᠠᠷᠠᠭᠠᠯᠵᠠᠭᠰᠠᠨ ᠢᠶᠠᠷ ᠲᠤᠩ ᠬᠦᠷᠦᠯᠴᠡᠬᠦ ᠦᠭᠡᠢ᠂ ᠴᠢᠮ᠎ᠡ ᠪᠠᠨ ᠪᠠᠭ᠎ᠠ ᠪᠤᠰᠦ | ᠬᠦᠴᠢᠷ ᠠᠮᠰᠠᠭᠤᠯᠤᠯᠠ᠂ ᠭᠡᠪᠡᠴᠦ ᠮᠠᠨ ᠤ ᠲᠤᠮᠳᠠᠳᠦ ᠶᠢᠨ ᠠᠷᠠᠳ ᠲᠦᠮᠡᠨ ᠤᠨᠴᠠᠭᠠᠶᠢᠯᠠᠨ ᠮᠠᠨ ᠤ ᠮᠤᠩᠭᠤᠯ | ᠦᠨᠳᠦᠰᠦᠳᠡᠨ ᠢᠶᠠᠨ ᠨᠡᠩ ᠰᠠᠶᠢᠨ ᠰᠠᠶᠢᠬᠠᠨ ᠠᠮᠢᠳᠤᠷᠠᠭᠤᠯᠬᠤ ᠶᠢᠨ ᠲᠦᠯᠦᠭᠡ ᠪᠢ ᠪᠠᠰᠠ ᠤᠳᠠᠯ ᠦᠭᠡᠢ | ᠴᠢᠮ᠎ᠠ ᠪᠠᠨ ᠤᠷᠬᠢᠭᠠᠳ ᠶᠠᠪᠤᠨ᠎ᠠ᠂ ᠲᠡᠷᠡ ᠮᠦᠷᠳᠡᠭᠡᠨ ᠡᠨᠡ ᠤᠳᠠᠭ᠎ᠠ ᠨᠡᠩ ᠴᠤ ᠬᠤᠯᠠ ᠶᠠᠪᠤᠵᠦ ᠤᠷᠳᠦ | ᠬᠤᠭᠤᠴᠠᠭ᠎ᠠ ᠭᠡᠷᠡᠭᠰᠡᠨ᠎ᠡ᠂ ᠴᠢ ᠮᠢᠨᠢ ᠭᠡᠷ ᠲᠡᠭᠡᠨ ᠢᠯᠡᠬᠦᠦ ᠬᠦᠴᠢᠷ ᠠᠮᠰᠠᠬᠤ ᠪᠤᠯᠤᠨ᠎ᠠ︾ ᠭᠡᠵᠦ ᠭᠡᠯᠡᠬᠦ ᠶᠢᠨ | ᠲᠠᠭᠠᠤ ᠶᠠᠪᠤᠵᠦ ᠯᠠ ᠪᠠᠶᠢᠯ᠎ᠠ᠃ ᠲᠡᠷᠡ ᠡᠩ ᠤᠨ ᠦᠶ᠎ᠡ ᠳᠤ ᠨᠠᠳᠠ ᠳᠤ ᠶᠡᠷᠦ ᠨᠢ ᠡᠶᠢᠮᠦ ᠦᠭᠡ ᠭᠡᠯᠡᠳᠡᠭ ᠦᠭᠡᠢ | ᠪᠤᠯᠬᠤᠷ ᠪᠢ ᠰᠤᠨᠤᠰᠤᠭᠠᠳ ᠮᠠᠰᠢᠳᠠ ᠭᠠᠶᠢᠬᠠᠪᠠ᠃ ᠲᠡᠷᠡ ᠵᠠᠯᠭᠠᠭᠠᠳ ᠭᠡᠯᠡᠭᠰᠡᠨ ᠨᠢ᠄ ︽ᠮᠠᠨ ᠤ ᠤᠯᠤᠰ ᠤᠳᠦ | ᠨᠢᠭᠡᠨᠳᠡ ᠮᠦᠬᠦᠵᠦ ᠰᠡᠭᠡᠬᠦ ᠶᠢᠨ ᠦᠶ᠎ᠡ ᠳᠤ ᠲᠤᠯᠵᠦ᠂ ᠶᠠᠫᠤᠨ ᠲᠡᠭᠡᠷᠡᠮᠴᠢᠳ ᠵᠡᠬᠦᠨ ᠬᠤᠶᠢᠳᠦ ᠤᠷᠤᠨ ᠢ ᠡᠵᠡᠯᠡᠵᠦ᠂ | ᠤᠮᠠᠷᠠᠳᠦ ᠤᠷᠤᠨ ᠵᠦᠭ ᠰᠢᠬᠠᠵᠦ ᠪᠠᠶᠢᠨ᠎ᠠ᠃ ᠪᠦᠬᠦ ᠤᠯᠤᠰ ᠦᠵᠡᠵᠦ ᠪᠠᠶᠢᠳᠠᠯ᠎ᠠ ᠬᠠᠷᠢ ᠶᠢᠨ ᠲᠦᠷᠢᠮᠡᠭᠡᠶᠢᠯᠡᠯ | ᠲᠤᠤᠷ᠎ᠠ ᠲᠠᠯᠬᠢᠭᠳᠠᠬᠤ ᠪᠤᠯᠤᠯ᠎ᠠ᠂ ᠡᠬᠦᠨ ᠢ ᠪᠠᠭ᠎ᠠ ᠭᠡᠦᠭᠡᠳ ᠬᠦᠷᠳᠡᠯ᠎ᠡ ᠲᠤᠳᠤᠷᠬᠠᠢ ᠦᠵᠡᠵᠦ ᠭᠠᠷᠴᠠᠢ᠃ ᠭᠡᠪᠡᠴᠦ | ᠭᠤᠮᠢᠨᠳᠠᠩ ᠤᠨ ᠲᠡᠷᠰᠯᠡᠬᠦᠴᠦᠳ ᠤᠯᠤᠰ ᠢᠶᠠᠨ ᠬᠤᠳᠠᠯᠳᠤᠨ ᠦᠨᠳᠦᠰᠦᠳᠡᠨ ᠢᠶᠠᠨ ᠮᠦᠬᠦᠭᠡᠵᠦ᠂ ᠦᠪᠡᠷ ᠤᠨ | ᠨᠤᠶᠠᠷᠬᠠᠯ ᠢᠶᠠᠨ ᠬᠠᠮᠠᠭᠠᠯᠠᠬᠤ ᠶᠢᠨ ᠲᠦᠯᠦᠭᠡ ᠶᠠᠫᠤᠨ ᠢ ᠡᠰᠡᠷᠬᠦᠴᠡᠬᠦ ᠳᠤ ᠨᠠᠵᠠᠭᠠᠶᠢᠷᠠᠵᠦ᠂ ᠲᠡᠳᠡᠨ ᠤ ︿ | ᠭᠠᠳᠠᠨᠠᠬᠢ ᠳᠤ ᠨᠠᠶᠢᠷ ᠲᠠᠯᠪᠢᠨ ᠲᠤᠳᠤᠭᠠᠳᠦ ᠶᠢ ᠲᠦᠪᠰᠢᠳᠭᠡᠬᠦ﹀ ᠲᠡᠷᠰᠯᠡᠬᠦᠦ ᠵᠠᠰᠠᠭ ᠠᠴᠠ ᠫᠤᠤ ᠶᠢᠨ ᠠᠮᠠ ᠪᠠᠨ | ᠡᠪ ᠬᠠᠮᠳᠦ ᠨᠠᠮ ᠪᠤᠯᠤᠨ ᠤᠯᠤᠰ ᠢᠶᠠᠨ ᠬᠠᠶᠢᠷᠠᠯᠠᠭᠴᠢ ᠠᠬ᠎ᠠ ᠲᠡᠬᠦᠦ ᠨᠠᠷ ᠲᠤ ᠬᠠᠨᠳᠤᠭᠤᠯᠵᠦ ᠪᠠᠶᠢᠨ᠎ᠠ᠃ ᠮᠠᠨ ᠤ | ᠡᠳᠡᠭᠡᠷ ᠬᠠᠯᠠᠭᠤᠨ ᠴᠢᠰᠦ ᠲᠠᠢ ᠬᠠᠳᠠᠨ ᠵᠤᠷᠢᠭ ᠲᠠᠢ ᠵᠠᠯᠠᠭᠤᠴᠤᠳ ᠬᠠᠷᠠᠵᠦ ᠪᠠᠶᠢᠭᠠᠳ ᠬᠠᠮᠢᠶᠠᠷᠬᠤ ᠦᠭᠡᠢ ᠪᠤᠯᠤᠨ᠎ᠠ | ᠤᠤ︖︾ ᠭᠡᠪᠡ᠃ ᠠᠶᠠᠨᠳᠠᠭᠠᠨ ᠪᠤᠯᠬᠤ ᠶᠠᠪᠤᠳᠠᠯ ᠨᠢ ᠡᠴᠦᠰ ᠲᠡᠭᠡᠨ ᠪᠤᠯᠴᠢᠬᠠᠯ᠎ᠠ᠃ ᠠᠩᠬᠠᠨ ᠳᠠᠭᠠᠨ ᠪᠢᠳᠡ | ᠲᠡᠬᠦᠨ ᠤ ᠲᠤᠬᠠᠢ ᠲᠤᠩ ᠰᠡᠵᠢᠭ ᠲᠦᠷᠦᠵᠦ ᠪᠠᠶᠢᠭᠰᠠᠨ ᠮᠢᠨᠢ ᠡᠳᠦᠭᠡ ᠪᠦᠷᠢᠮᠦᠰᠦᠨ ᠪᠤᠳᠠᠳᠦ ᠶᠠᠪᠤᠳᠠᠯ ᠪᠤᠯᠪᠠ᠃ | ᠲᠡᠷᠡ ᠶᠠᠷᠢᠬᠤ ᠲᠤᠮᠳᠠ ᠮᠠᠰᠢ ᠤᠯᠠᠨ ᠡᠪ ᠬᠠᠮᠳᠦ ᠨᠠᠮ ᠤᠨ ᠭᠡᠰᠢᠬᠦᠨ ᠪᠤᠯᠤᠨ ᠡᠭᠡ ᠤᠷᠤᠨᠴᠢ ᠬᠦᠮᠦᠰ ᠡᠷᠡᠬᠦᠦ | ᠲᠠᠮᠦᠯᠠᠯ ᠠᠮᠰᠠᠵᠦ ᠴᠠᠭᠠᠵᠠ ᠶᠢᠨ ᠭᠠᠵᠠᠷ ᠦᠷᠡᠭᠳᠡᠵᠦ ᠪᠠᠶᠢᠨ᠎ᠠ︔ ︽12 · 9︾ ᠤ ᠬᠦᠳᠡᠯᠭᠡᠭᠡᠨ ᠳᠤ ᠦᠢ | ᠤᠯᠠᠨ ᠰᠤᠷᠤᠭᠴᠢ ᠴᠤᠬᠢᠭᠳᠠᠨ ᠰᠢᠷᠠᠭᠳᠤᠵᠦ ᠴᠢᠨᠠᠭᠰᠢᠯᠠᠨ ᠬᠠᠯᠠᠭᠤᠨ ᠴᠢᠰᠦ ᠪᠠᠨ ᠤᠷᠤᠰᠬᠠᠨ ᠠᠯᠳᠠᠨ ᠠᠮᠢ ᠪᠠᠨ | ᠦᠷᠡᠭᠳᠡᠬᠦᠯᠦᠭᠰᠡᠨ ᠭᠡᠬᠦ ᠮᠡᠳᠦ ᠪᠠᠷ ᠲᠤᠷᠠᠳᠬᠠᠨ ᠶᠠᠷᠢᠵᠦ ᠪᠠᠶᠢᠯ᠎ᠠ᠃ ᠬᠤᠸᠠ ᡁᠢ ᠠᠨ ᠤ ᠡᠷᠳᠡ ᠶᠠᠪᠤᠵᠦ ᠤᠷᠤᠢ | ᠪᠤᠴᠠᠨ᠂ ᠤᠯᠠᠨ ᠲᠠᠯ᠎ᠠ ᠶᠢᠨ ᠬᠦᠮᠦᠰ ᠲᠠᠢ ᠶᠠᠪᠤᠯᠴᠠᠵᠦ᠂ ᠨᠢᠭᠤᠴᠠ᠂ ᠰᠡᠷᠡᠮᠵᠢᠳᠠᠢ᠂ ᠪᠠᠴᠢᠮ ᠶᠠᠭᠠᠷᠠᠤ ᠬᠦᠳᠡᠯᠦᠯ | ᠲᠦᠷᠬᠦ ᠨᠢ ᠭᠡᠨᠡᠳᠳᠡ ᠨᠢᠳᠦᠨ ᠡᠮᠦᠨ᠎ᠡ ᠬᠠᠷᠠᠭᠳᠠᠬᠤ ᠰᠢᠭ᠋ ᠪᠤᠯᠵᠦ ᠪᠢ ᠦᠪᠡᠷ ᠤᠨ ᠡᠷᠭᠡ ᠦᠭᠡᠢ ᠠᠶᠢᠳᠠᠰ ᠬᠦᠷᠴᠦ | ᠂ ᠤᠯᠠᠨ ᠵᠦᠢᠯ ᠢ ᠪᠤᠳᠤᠭᠳᠠᠭᠤᠯᠵᠠᠢ᠃ ᠲᠡᠷᠡ ᠶᠠᠷᠢᠭᠰᠠᠭᠠᠷ ᠪᠠᠶᠢᠵᠦ ᠦᠪᠡᠷ ᠤᠨ ᠡᠷᠭᠡ ᠦᠭᠡᠢ ᠨᠠᠳᠠ ᠶᠢ ᠲᠡᠪᠡᠷᠢᠵᠦ | ᠠᠪᠤᠭᠠᠳ ᠮᠢᠨᠦ ᠴᠢᠮᠡᠭᠡ ᠦᠭᠡᠢ ᠤᠬᠢᠯᠠᠭᠰᠠᠨ ᠢ ᠦᠵᠡᠭᠡᠳ ᠲᠤᠭᠤᠢ ᠪᠤᠯᠤᠭᠰᠠᠨ ᠪᠢᠯᠡ᠃ ᠪᠢᠳᠡ ᠨᠢᠭᠡᠨ ᠤᠷᠳᠦ | ᠰᠠᠨᠳᠠᠯᠢ ᠲᠡᠭᠡᠷ᠎ᠡ ᠰᠠᠭᠤᠭᠠᠳ ᠪᠠᠭ᠎ᠠ ᠤᠳᠠᠭᠰᠠᠨ ᠤ ᠬᠤᠶᠢᠨ᠎ᠠ᠄ ︽ᠢᠷ᠎ᠡ᠂ ᠪᠢᠳᠡ ᠨᠢᠭᠡ ᠰᠡᠬᠦᠳᠡᠷ ᠠᠪᠤᠶ᠎ᠠ︾ | ᠭᠡᠵᠦ ᠭᠡᠯᠡᠮᠡᠭᠴᠡ ᠡᠬᠦᠷᠦᠪᠴᠢ ᠪᠤᠭᠴᠤᠨ ᠠᠴᠠ ᠪᠠᠨ ᠭᠡᠷᠡᠯ ᠵᠢᠷᠤᠭ ᠤᠨ ᠮᠠᠰᠢᠨ ᠭᠠᠷᠭᠠᠨ ᠭᠡᠦᠭᠡᠳ ᠪᠢᠳᠡ | ᠬᠤᠶᠠᠭᠤᠯᠠ ᠶᠢ ᠨᠢᠭᠡ ᠰᠡᠬᠦᠳᠡᠷᠯᠡᠵᠦ ᠦᠭᠪᠡ᠃ ᠪᠢ ᠰᠡᠬᠦᠳᠡᠷ ᠲᠠᠳᠠᠵᠦ ᠴᠢᠳᠠᠬᠤ ᠦᠭᠡᠢ ᠪᠦᠭᠡᠳ ᠰᠡᠳᠬᠢᠯ | ᠬᠦᠳᠡᠯᠦᠭᠰᠡᠨ ᠪᠤᠯᠬᠤᠷ ᠲᠡᠷᠡ ᠨᠠᠳᠠ ᠳᠤ ᠵᠢᠭᠠᠵᠦ ᠦᠭᠬᠦᠭᠰᠡᠨ ᠴᠤ ᠪᠤᠯᠤᠭᠰᠠᠨ ᠦᠭᠡᠢ ᠬᠤᠸᠠ ᡁᠢ ᠠᠨ ᠪᠤᠯᠤᠨ | ᠭᠡᠦᠭᠡᠳ ᠤᠨ ᠬᠠᠭᠠᠰ ᠪᠡᠶ᠎ᠡ ᠶᠢ ᠯᠠ ᠰᠡᠬᠦᠳᠡᠷᠯᠡᠭᠰᠡᠨ ᠪᠠᠶᠢᠵᠠᠢ᠃ ᠡᠨᠡ ᠬᠦ ᠭᠡᠷᠡᠯ ᠵᠢᠷᠤᠭ ᠨᠢ ᠮᠠᠨ ᠤ ᠪᠦᠬᠦ ᠭᠡᠷ ᠤᠨ | ᠰᠠᠯᠤᠯᠳᠠ ᠶᠢᠨ ᠬᠤᠪᠤᠷ ᠨᠠᠨᠳᠢᠨ ᠰᠡᠬᠦᠳᠡᠷ ᠪᠤᠯᠬᠤ ᠶᠢ ᠭᠡᠨ ᠮᠡᠳᠡᠯ᠎ᠡ ᠁ | ᠭᠡᠳᠦᠨ ᠡᠳᠦᠷ ᠦᠩᠭᠡᠷᠡᠭᠡᠳ ᠯᠤ᠋ ᠭᠸᠦ ᠴᠢᠶᠤᠤ ᠶᠢᠨ ᠫᠤᠤ ᠶᠢᠨ ᠲᠠᠭᠤᠨ ᠢ ᠪᠢᠳᠡ | ᠲᠤᠳᠤᠷᠬᠠᠢ ᠤᠯᠵᠦ ᠰᠤᠨᠤᠰᠤᠯ᠎ᠠ᠃ ᠨᠢᠭᠡᠨ ᠰᠦᠨᠢ ᠲᠦᠯᠢ ᠪᠠᠷ ᠲᠡᠷᠡ ᠶᠠᠭᠠᠷᠠᠤ ᠰᠠᠨᠳᠤᠷᠤᠤ ᠪᠠᠷ ᠭᠡᠷ ᠲᠡᠭᠡᠨ | ᠢᠷᠡᠭᠡᠳ ᠪᠠᠭ᠎ᠠ ᠤᠳᠠᠰᠬᠢᠭᠰᠠᠨ ᠤ ᠲᠠᠷᠠᠭ᠎ᠠ᠄ ︽ ᠶᠢᠨ᠂ ᠪᠢ ᠮᠠᠷᠭᠠᠰᠢ ᠶᠠᠪᠤᠨ᠎ᠠ᠂ ᠡᠨᠡ ᠤᠷᠤᠢ ᠬᠠᠷᠢᠵᠦ ᠢᠷᠡᠭᠡᠳ | ᠭᠡᠷ ᠤᠨ ᠶᠠᠪᠤᠳᠠᠯ ᠢ ᠲᠦᠪᠬᠢᠨᠡᠬᠦᠯᠦᠶᠡ ᠭᠡᠰᠡᠨ ᠶᠤᠮ︾ ᠭᠡᠪᠡ᠃ ᠭᠤᠤᠯᠳᠠᠭᠤ ᠲᠡᠬᠦᠨ ᠤ ᠨᠤᠮ ᠪᠢᠴᠢᠭ᠂ ᠵᠠᠬᠢᠳᠠᠯ | ᠵᠡᠷᠭᠡ ᠪᠠᠨ ᠰᠢᠳᠠᠭᠠᠵᠦ ᠬᠠᠶᠠᠭᠰᠠᠨ ᠁ ᠪᠠᠶᠢᠨ᠎ᠠ᠃ ᠡᠳᠡᠭᠡᠷ ᠶᠠᠭᠤᠮ᠎ᠠ ᠶᠢ ᠦᠯᠡᠳᠡᠭᠡᠵᠦ ᠪᠤᠯᠬᠤ ᠦᠭᠡᠢ ᠡᠰᠡᠪᠡᠯ | ᠴᠢᠮ᠎ᠠ ᠳᠤ ᠶᠠᠷᠰᠢᠭ ᠪᠤᠯᠤᠨ᠎ᠠ ᠭᠡᠵᠦ ᠭᠡᠯᠡᠵᠦ ᠪᠠᠶᠢᠪᠠ᠃ | ᠲᠡᠷᠡ ᠰᠦᠨᠢ ᠲᠡᠷᠡ ᠲᠤᠶᠢᠯ ᠢᠶᠠᠷ ᠵᠤᠪᠠᠵᠦ ᠭᠡᠷ ᠡᠷᠦᠭᠡ ᠪᠤᠯᠤᠨ ᠭᠡᠦᠭᠡᠳ ᠠᠴᠠ ᠪᠠᠨ | ᠲᠤᠩ ᠰᠠᠯᠤᠨ ᠶᠠᠳᠠᠵᠦ ᠪᠠᠶᠢᠯ᠎ᠠ᠃ ᠪᠢᠳᠡ ᠰᠦᠨᠢ ᠲᠤᠷᠰᠢ ᠤᠨᠳᠠᠭᠰᠠᠨ ᠦᠭᠡᠢ᠂ ᠲᠡᠷᠡ ᠨᠠᠳᠠ ᠶᠢ ᠲᠠᠬᠢᠨ ᠲᠠᠪᠳᠠᠨ | ᠲᠤᠬᠤᠨᠢᠭᠤᠯᠵᠦ᠄ ︽ᠪᠢ ᠶᠠᠪᠤᠭᠰᠠᠨ ᠤ ᠬᠤᠶᠢᠨ᠎ᠠ ᠴᠢ ᠭᠡᠵᠢᠭᠡ ᠪᠠᠨ ᠬᠤᠶᠠᠷ ᠰᠠᠯᠠᠭᠠᠯᠠᠨ ᠬᠦᠷᠦᠵᠦ ᠲᠤᠯᠤᠭᠠᠢ | ᠲᠡᠭᠡᠷ᠎ᠡ ᠪᠠᠨ ᠤᠷᠢᠶᠠᠭᠠᠳ ᠪᠤᠭᠤᠴᠢᠬᠠ᠂ ᠶᠠᠫᠤᠨᠴᠤᠳ ᠭᠤᠮᠢᠨᠳᠠᠩ ᠤᠨ ᠲᠡᠷᠰᠯᠡᠬᠦᠴᠤᠳ ᠪᠤᠯ ᠴᠢᠨ᠋ᠸ᠎ᠠ ᠶᠢᠨ | ᠵᠢᠷᠦᠭᠡᠳᠡᠨ ᠮᠠᠩᠭᠤᠰ ᠤᠨ ᠰᠠᠪᠠᠷᠳᠠᠨ ᠮᠦᠨ᠃ ᠲᠡᠳᠡ ᠪᠤᠯ ᠦᠴᠦᠭᠡᠨ ᠪᠦᠯᠦᠭᠳᠡᠨ ᠶᠤᠮ᠃ ᠲᠤᠮᠳᠠᠳᠦ ᠤᠯᠤᠰ | ᠮᠦᠬᠦᠬᠦ ᠦᠭᠡᠢ᠂ ᠮᠠᠨ ᠤ ᠦᠨᠳᠦᠰᠦᠳᠡᠨ ᠴᠤ ᠪᠠᠯᠠᠷᠠᠰᠢ ᠦᠭᠡᠢ᠂ ᠴᠢᠩᠬᠢᠰ ᠤᠨ ᠬᠤᠶᠢᠴᠢ ᠦᠶ᠎ᠡ ᠶᠢᠨ ᠪᠠᠭᠠᠳᠤᠷ | ᠬᠦᠪᠡᠬᠦᠳ᠂ ᠴᠡᠭᠡᠵᠢ ᠲᠡᠨᠡᠶᠢᠨ ᠪᠦᠯᠬᠦᠮᠳᠡᠨ ᠲᠡᠮᠡᠴᠡᠵᠦ ᠲᠡᠯᠡᠭᠡᠢ ᠶᠢᠷᠳᠢᠨᠴᠦ ᠳᠤ ᠵᠤᠯ ᠵᠢᠷᠭᠠᠯᠳᠦ ᠤᠷᠤᠨ ᠢ | ᠪᠠᠶᠢᠭᠤᠯᠬᠤ ᠭᠡᠷᠡᠭᠳᠡᠢ︾ ᠭᠡᠪᠡ᠃ | ᠲᠠᠷᠠᠭ᠎ᠠ ᠡᠳᠦᠷ ᠨᠢ ᠲᠡᠷᠡ ᠨᠡᠯᠢᠶᠡᠳ ᠵᠤᠭᠤᠰ ᠦᠯᠡᠳᠡᠭᠡᠵᠦ ᠦᠭᠬᠦᠭᠡᠳ᠄ ︽ᠡᠨᠡ ᠵᠤᠭᠤᠰ ᠢ ᠠᠷᠪᠢᠯᠠᠵᠦ | ᠭᠡᠷᠡᠭᠯᠡ᠂ ᠵᠠᠷᠤᠵᠦ ᠪᠠᠷᠠᠪᠠᠯ ᠵᠠᠯᠭᠠᠵᠦ ᠲᠤᠰᠠᠯᠠᠬᠤ ᠬᠦᠮᠦᠨ ᠪᠠᠶᠢᠬᠤ ᠶᠤᠮ︾ ᠭᠡᠯᠡ᠃ ︽ᠬᠠᠮᠢᠭᠠᠰᠢ ᠶᠠᠪᠤᠬᠤ ᠭᠡᠵᠦ | ᠪᠠᠶᠢᠬᠤ ᠪᠤᠢ︾ ᠭᠡᠵᠦ ᠪᠢ ᠠᠰᠠᠭᠤᠪᠠᠯ ᠲᠡᠷᠡ᠄ ︽ᠵᠠᠩᠵᠢᠶᠠᠺᠸᠦ᠂ ᠦᠪᠤᠷ ᠮᠤᠩᠭᠤᠯ ᠤᠨ ᠬᠠᠭᠤᠴᠢᠨ | ᠨᠤᠳᠤᠭ ᠢᠶᠠᠷ ᠢᠶᠠᠨ ᠤᠴᠢᠨ᠎ᠠ︾ ᠭᠡᠵᠦ ᠭᠡᠯᠡᠭᠡᠳ ᠶᠠᠪᠤᠭᠰᠠᠨ ᠢᠶᠠᠨ ᠤᠳᠠᠭᠰᠠᠨ ᠦᠭᠡᠢ ᠦᠳᠡᠰᠢ ᠨᠢ ᠬᠠᠷᠢᠭᠠᠳ | ᠢᠷᠡᠴᠢᠭᠡᠯ᠎ᠡ᠃ ᠡᠮᠦᠨ᠎ᠡ ᠵᠠᠮ ᠤᠨ ᠭᠡᠰᠡᠭ ᠭᠠᠵᠠᠷ ᠲᠤᠮᠦ ᠴᠢᠯᠠᠭᠤᠨ ᠳᠤ ᠴᠤᠬᠢᠭᠳᠠᠭᠠᠳ ᠲᠡᠷᠭᠡ ᠨᠡᠪᠳᠡᠷᠡᠵᠦ ᠴᠢᠳᠠᠬᠤ | ᠦᠭᠡᠢ ᠪᠠᠶᠢᠨ᠎ᠠ ᠭᠡᠨ᠎ᠡ᠂ ᠲᠡᠷᠡ ᠵᠠᠯᠭᠠᠭ᠎ᠠ ᠪᠠᠷ ᠭᠤᠷᠪᠠᠨ ᠡᠳᠦᠷ ᠰᠠᠭᠠᠳᠤᠵᠦ ᠶᠠᠭᠠᠷᠠᠵᠦ ᠪᠠᠴᠢᠮᠳᠠᠨ ᠬᠦᠯᠢᠶᠡᠯ᠎ᠡ᠃ | ᠰᠡᠬᠦᠯᠡᠷ ᠨᠢ ᠮᠦᠨ ᠯᠠ ᠪᠤᠤ ᠶᠤᠸᠠᠢ ᠴᠢᠩ ᠤᠨ ᠮᠤᠩᠭᠤᠯ ᠲᠦᠪᠡᠳ ᠤᠨ ᠭᠡᠷᠡᠭ ᠡᠷᠬᠢᠯᠡᠬᠦ ᠭᠠᠵᠠᠷ ᠤᠨ ᠴᠡᠷᠢᠭ ᠤᠨ | ᠠᠴᠢᠶᠠᠨ ᠤ ᠮᠠᠰᠢᠨ ᠳᠤ ᠰᠠᠭᠤᠵᠦ ᠶᠠᠪᠤᠵᠠᠢ᠃ ᠶᠠᠪᠤᠬᠤ ᠳᠠᠭᠠᠨ ᠯᠠᠮᠠ ᠲᠡᠪᠡᠯ ᠡᠮᠦᠰᠴᠦ᠂ ᠶᠦᠩ ᠾᠧ ᠬᠦᠩ ᠤᠨ | ᠯᠠᠮᠠ ᠪᠠᠷ ᠤᠪᠯᠠᠵᠦ ᠵᠠᠰᠠᠭᠠᠳ ᠵᠠᠩᠵᠢᠶᠠᠺᠸᠦ ᠰᠦᠢᠶᠤᠸᠠᠨ ᠤᠷᠤᠨ ᠤ ᠰᠦᠮ᠎ᠡ ᠳᠤ ᠬᠦᠷᠴᠦ ᠨᠤᠮ ᠲᠠᠯᠪᠢᠬᠤ ᠪᠠᠷ | ᠶᠠᠪᠤᠵᠠᠢ᠃ ᠡᠨᠡ ᠤᠳᠠᠭ᠎ᠠ ᠶᠢᠨ ᠶᠠᠪᠤᠭᠰᠠᠨ ᠨᠢ ᠮᠠᠨ ᠤ ᠬᠤᠷᠢᠮᠯᠠᠭᠠᠳ ᠭᠤᠷᠪᠠᠨ ᠵᠢᠯ ᠢᠯᠡᠬᠦᠦ ᠪᠤᠯᠤᠭᠰᠠᠨ ᠡᠷ᠎ᠡ | ᠡᠮ᠎ᠡ ᠶᠢᠨ ᠦᠨᠢᠳᠡ ᠶᠢᠨ ᠰᠠᠯᠤᠯᠳᠠ ᠪᠤᠯᠤᠭᠰᠠᠨ ᠪᠢᠯᠡ᠃ | | | ᠲᠠᠪᠤ | | ᠬᠤᠸᠠ ᡁᠢ ᠠᠨ ᠶᠠᠪᠤᠭᠰᠠᠨ ᠤ ᠬᠤᠶᠢᠨ᠎ᠠ 1937 ᠤᠨ ᠤ ᠰᠡᠬᠦᠯᠴᠢ ᠪᠠᠷ ᠮᠢᠨᠦ | ᠬᠦᠦ ᠴᠢᠮᠡᠳ ᠲᠦᠷᠦᠵᠡᠢ᠃ ᠮᠠᠨ ᠤ ᠡᠭᠡ ᠭᠡᠦᠭᠡᠳ ᠭᠤᠷᠪᠠᠭᠤᠯᠠ ᠪᠡᠭᠡᠵᠢᠩ ᠳᠤ ᠪᠠᠰᠠ ᠬᠤᠶᠠᠷ ᠵᠢᠯ ᠰᠠᠭᠤᠬᠤ ᠳᠤ | ᠠᠮᠢᠳᠤᠷᠠᠯ ᠤᠨ ᠲᠠᠯ᠎ᠠ ᠪᠠᠷ ᠲᠢᠶᠠᠨᠵᠢᠨ ᠳᠤ ᠪᠠᠶᠢᠳᠠᠭ ᠨᠢᠭᠡᠨ ᠡᠭᠡᠴᠢ ᠲᠤᠭᠳᠠᠮᠠᠯ ᠪᠤᠰᠦ ᠬᠤᠭᠤᠴᠠᠭ᠎ᠠ ᠲᠠᠢ ᠪᠠᠷ | ᠮᠠᠨ ᠳᠤ ᠪᠠᠭ᠎ᠠ ᠰᠠᠭ᠎ᠠ ᠵᠠᠷᠤᠳᠠᠯ ᠤᠨ ᠮᠦᠩᠬᠦ ᠬᠦᠷᠭᠡᠵᠦ ᠦᠭᠬᠦ ᠠᠴᠠ ᠭᠠᠳᠠᠨ᠎ᠠ ᠦᠨᠳᠦᠰᠦᠨ ᠳᠡᠭᠡᠨ ᠦᠪᠡᠷ ᠢᠶᠠᠨ | ᠠᠷᠭᠠᠴᠠᠭᠠᠵᠦ ᠪᠠᠶᠢᠯ᠎ᠠ᠃ ᠪᠢ ᠭᠤᠤᠯᠳᠠᠭᠤ ᠪᠤᠰᠤᠳ ᠤᠨ ᠶᠠᠭᠤᠮ᠎ᠠ ᠭᠡᠦᠮ᠎ᠡ ᠶᠢ ᠤᠬᠢᠶᠠᠬᠤ᠂ ᠤᠶᠤᠳᠠᠯ ᠤᠶᠤᠬᠤ | ᠵᠡᠷᠭᠡ ᠠᠷᠰᠠᠷ ᠠᠵᠢᠯ ᠬᠢᠵᠦ ᠪᠠᠭ᠎ᠠ ᠰᠠᠭ᠎ᠠ ᠬᠦᠯᠦᠰᠦ ᠮᠦᠩᠬᠦ ᠤᠯᠵᠦ ᠠᠮᠢᠳᠤᠷᠠᠯ ᠢᠶᠠᠨ ᠠᠷᠭᠠᠴᠠᠭᠠᠳᠠᠭ᠃ | 1938 ᠤᠨ ᠤ ᠵᠤᠨ ᠬᠠᠳᠠᠮ ᠠᠪᠤ ᠮᠤᠯᠤᠨᠵᠠᠮᠰᠦ ᠨᠠᠰᠤᠳᠠᠨ ᠨᠤᠳᠤᠭ ᠠᠴᠠ ᠪᠠᠨ ᠦᠭᠡᠷ ᠲᠡᠷᠭᠡ ᠪᠠᠷ ᠢᠷᠡᠵᠦ | ᠮᠠᠨ ᠢ ᠲᠤᠰᠴᠦ ᠦᠪᠤᠷ ᠮᠤᠩᠭᠤᠯ ᠤᠨ ᠵᠤᠤ ᠤᠳᠠ ᠶᠢᠨ ᠭᠡᠰᠢᠭᠳᠡᠨ ᠬᠤᠰᠢᠭᠤᠨ ᠤ ᠪᠠᠷᠠᠭᠤᠨ ᠠᠷᠤ ᠶᠢᠨ | ᠲᠠᠷᠬᠠᠬᠠᠭᠤᠯᠠ ᠶᠢᠨ ᠸᠠᠩᠹᠦ᠋ ᠶᠢᠨ ᠬᠤᠳᠳᠤᠭ ᠭᠡᠬᠦ ᠭᠠᠵᠠᠷ ᠬᠦᠷᠴᠦ ᠰᠠᠭᠤᠪᠠ᠃ ᠠᠪᠤ ᠭᠡᠯᠡᠭᠰᠡᠨ ᠨᠢ᠄ ︽ᠲᠡᠯᠭᠡᠷ ︵ | ᠡᠬᠦᠨ ᠠᠴᠠ ᠬᠤᠸᠠ ᡁᠢ ᠠᠨ ᠤ ᠨᠡᠷ᠎ᠡ ᠨᠢ ᠲᠡᠯᠭᠡᠷ ᠭᠡᠳᠡᠭ ᠢ ᠰᠠᠶ᠋ᠢ ᠮᠡᠳᠡᠪᠡ︶ ᠮᠤᠩᠭᠤᠯ ᠤᠯᠤᠰ ᠲᠤ | ᠶᠠᠪᠤᠬᠤ ᠳᠠᠭᠠᠨ ᠭᠡᠷ ᠲᠤ ᠪᠠᠨ ᠢᠷᠡᠭᠡᠳ ᠮᠠᠨᠤᠰ ᠲᠤ ᠭᠡᠯᠡᠵᠦ ᠦᠭᠴᠡᠢ᠃ ᠤᠴᠢᠷ ᠨᠢ ᠲᠡᠳᠡᠨ ᠤ ᠵᠤᠬᠢᠶᠠᠨ | ᠪᠠᠶᠢᠭᠤᠯᠤᠯᠳᠠ ᠨᠢ ᠡᠪᠳᠡᠯᠡᠭᠡ ᠳᠤ ᠤᠴᠠᠷᠠᠵᠦ᠂ ᠲᠠᠬᠢᠵᠦ ᠪᠡᠭᠡᠵᠢᠩ ᠳᠤ ᠪᠤᠴᠠᠵᠦ ᠴᠢᠳᠠᠬᠤ ᠦᠭᠡᠢ ᠪᠤᠯᠤᠭᠰᠠᠨ᠂ | ᠲᠠ ᠨᠠᠷ ᠢ ᠤᠭ ᠨᠤᠳᠤᠭ ᠲᠠᠭᠠᠨ ᠠᠪᠠᠴᠢᠪᠠᠯ ᠠᠮᠤᠷ ᠲᠦᠪᠰᠢᠨ ᠶᠤᠮ︾ ᠭᠡᠵᠠᠢ᠃ ᠨᠠᠳᠠ ᠲᠠᠢ ᠬᠠᠮᠳᠦ ᠢᠷᠡᠭᠰᠡᠨ | ᠨᠢ ᠮᠠᠨᠢᠯᠠ ᠶᠤᠮ᠃ ᠲᠡᠷᠡ ᠭᠡᠦᠭᠡᠳ ᠰᠠᠭᠠᠳᠠᠭᠤᠯᠤᠭᠴᠢ ᠶᠢᠨ ᠨᠡᠷ᠎ᠡ ᠪᠠᠷ ᠦᠪᠤᠷ ᠮᠤᠩᠭᠤᠯ ᠳᠤ ᠢᠷᠡᠵᠡᠢ᠃ ᠲᠡᠷᠡ | ᠮᠠᠨ ᠤ ᠭᠡᠷ ᠲᠤ ᠬᠠᠭᠠᠰ ᠵᠢᠯ ᠢᠯᠡᠬᠦᠦ ᠰᠠᠭᠤᠭᠠᠳ ᠶᠠᠪᠤᠭᠰᠠᠨ ᠶᠤᠮ᠃ ᠬᠤᠵᠢᠮ ᠨᠢ ᠪᠢ ᠰᠠᠶ᠋ᠢ ᠲᠡᠬᠦᠨ ᠳᠤ | ᠴᠠᠬᠢᠯᠭᠠᠨ ᠮᠡᠳᠡᠭᠡᠨ ᠤ ᠮᠠᠰᠢᠨ ᠪᠠᠶᠢᠵᠦ᠂ ᠬᠤᠪᠢᠰᠬᠠᠯ ᠤᠨ ᠡᠬᠦᠷᠭᠡ ᠲᠠᠢ ᠠᠳᠡ ᠢᠷᠡᠭᠰᠡᠨ ᠢ ᠮᠡᠳᠡᠵᠡᠢ᠃ | 1941 ᠤᠨ ᠤ ᠰᠡᠬᠦᠯᠴᠢ ᠪᠠᠷ ᠪᠢ ᠭᠡᠨᠡᠳᠳᠡ ᠪᠠᠷᠢᠪᠴᠢᠯᠠᠭᠳᠠᠯᠠ᠃ ᠨᠠᠳᠠ ᠲᠠᠢ ᠬᠠᠮᠳᠦ ᠬᠢᠨᠳᠠᠨ ᠳᠤ | ᠤᠷᠤᠭᠰᠠᠨ ᠨᠢ ᠮᠢᠨᠦ ᠬᠤᠶᠠᠷ ᠭᠡᠦᠭᠡᠳ ᠪᠤᠯᠤᠨ ᠬᠠᠳᠠᠮ ᠠᠪᠤ ᠮᠤᠯᠤᠨᠵᠠᠮᠰᠦ ᠪᠢᠳᠡ ᠲᠦᠷᠪᠡᠬᠦᠯᠡ ᠪᠢᠯᠡ᠃ | ᠭᠡᠰᠢᠭᠳᠡᠨ ᠤ ᠪᠢᠷᠠᠭᠤ ᠵᠡᠭᠡᠯᠢ ᠶᠢᠨ ᠶᠠᠫᠤᠨ ᠲᠠᠩᠨᠠᠭᠤᠯ ᠶᠠ ᠶᠠ ᠬᠠᠭᠤᠷᠮᠠᠭ ᠴᠠᠭᠳᠠᠭ᠎ᠠ ᠲᠠᠭᠠᠭᠤᠯᠤᠨ ᠮᠠᠰᠢᠨ | ᠲᠡᠷᠭᠡ ᠪᠠᠷ ᠬᠦᠷᠴᠦ ᠮᠠᠨ ᠢ ᠪᠠᠷᠢᠪᠴᠢᠯᠠᠪᠠ᠃ ᠤᠷᠢᠳ ᠢᠶᠠᠷ ᠪᠢᠷᠠᠭᠤ ᠶᠢᠨ ᠰᠢᠩ ᠱᠦᠨ ᠳ᠋ᠢᠶᠠᠨ ︵兴顺店︶ | ᠳᠤ 40 ᠡᠳᠦᠷ ᠬᠤᠷᠢᠵᠦ ᠡᠳᠦᠷ ᠪᠤᠯᠭᠠᠨ ᠰᠢᠬᠦᠨ ᠠᠰᠠᠭᠤᠳᠠᠭ᠃ ᠲᠡᠯᠭᠡᠷ ᠡᠪ ᠬᠠᠮᠳᠦ ᠨᠠᠮ ᠤᠨ ᠭᠡᠰᠢᠬᠦᠨ ᠮᠦᠨ | ᠤᠤ ᠪᠢᠰᠢ ᠤᠤ︖ ᠮᠤᠩᠭᠤᠯ ᠤᠯᠤᠰ᠂ ᠵᠦᠪᠯᠡᠯᠳᠦ ᠳᠤ ᠤᠴᠢᠭᠠᠳ ᠶᠠᠮᠠᠷ ᠡᠬᠦᠷᠭᠡ ᠲᠠᠢ ᠢᠷᠡᠪᠡ︖ ᠪᠡᠭᠡᠵᠢᠩ᠂ | ᠵᠠᠩᠵᠢᠶᠠᠺᠸᠦ᠂ ᠬᠦᠢ ᠰᠦᠢ ᠳᠤ ᠶᠠᠮᠠᠷ ᠬᠦᠳᠡᠯᠭᠡᠭᠡᠨ ᠭᠢᠳᠡᠭ ᠪᠤᠢ︖ ᠭᠡᠨ ᠲᠠᠢ ᠬᠠᠷᠢᠯᠴᠠᠳᠠᠭ ᠪᠤᠢ ᠭᠡᠬᠦ | ᠮᠡᠳᠦ ᠪᠠᠷ ᠰᠢᠬᠦᠨ ᠠᠰᠠᠭᠤᠳᠠᠭ᠂ ᠪᠢ ᠭᠡᠷ ᠤᠨ ᠬᠦᠮᠦᠰ ᠲᠠᠢ ᠪᠠᠨ ᠢᠮᠠᠭᠳᠠ ᠪᠠᠷᠢᠮᠳᠠᠯᠠᠳᠠᠭ ᠨᠢ᠄ ︽ᠲᠡᠯᠭᠡᠷ ᠪᠤᠯ | ᠰᠤᠷᠤᠭᠴᠢ᠂ ᠠᠮᠢᠳᠤᠷᠠᠯ ᠬᠦᠴᠢᠷᠳᠠᠢ ᠤᠴᠢᠷ ᠠᠴᠠ ᠪᠠᠭ᠎ᠠ ᠰᠠᠭ᠎ᠠ ᠠᠷᠠᠯᠵᠢᠶ᠎ᠠ ᠬᠢᠳᠡᠭ ᠦᠭᠡᠷ᠎ᠡ ᠤᠴᠢᠷ ᠢ ᠪᠢᠳᠡ | ᠮᠡᠳᠡᠬᠦ ᠦᠭᠡᠢ︾ ᠭᠡᠳᠡᠭ ᠶᠤᠮ᠃ | 1942 ᠤᠨ ᠤ 2 ᠰᠠᠷ᠎ᠠ ᠳᠤ ᠪᠢᠳᠡᠨ ᠢ ᠯᠢᠨᠰᠢ ᠶᠢᠨ ᠲᠠᠩᠨᠠᠭᠤᠯ ᠤᠨ ᠭᠠᠵᠠᠷ ᠭᠦᠷᠭᠡᠵᠦ | ᠂ ᠰᠡᠬᠦᠯᠡᠷ ᠨᠢ ᠨᠢᠰᠭᠡᠯ ᠢᠶᠠᠷ ᠪᠠᠶᠢᠰᠠ ᠶᠢᠨ ᠰᠦᠮ᠎ᠡ ︵ᠤᠳᠦ ᠶᠢᠨ ᠰᠢᠯᠢᠩᠬᠤᠳᠠ︶ ᠳᠤ ᠬᠦᠷᠭᠡᠵᠦ᠂ ᠲᠠᠷᠠᠭ᠎ᠠ ᠨᠢ | ᠵᠠᠩᠵᠢᠶᠠᠺᠸᠦ ᠶᠢᠨ ᠳ᠋ᠧ ᠬᠤᠸᠠ ︵德化︶ ᠳᠠᠬᠢ ᠬᠠᠭᠤᠷᠠᠢ ᠵᠠᠮ ᠤᠨ ᠴᠡᠷᠢᠭ ᠤᠨ ᠲᠠᠩᠨᠠᠭᠤᠯ ᠤᠨ | ᠪᠠᠶᠢᠭᠤᠯᠭ᠎ᠠ ᠳᠤ ᠬᠦᠷᠭᠡᠵᠡᠢ᠃ ᠪᠢᠳᠡ 1944 ᠤᠨ ᠳᠤ ᠰᠠᠶ᠋ᠢ ᠰᠤᠯᠠᠯᠠᠭᠳᠠᠪᠠ᠃ | ᠲᠦᠷᠪᠡᠨ ᠵᠢᠯ ᠬᠢᠨᠳᠠᠨ ᠤ ᠠᠮᠢᠳᠤᠷᠠᠯ ᠳᠤ ᠶᠠᠫᠤᠨ ᠲᠡᠭᠡᠷᠡᠮ ᠤᠨ ᠬᠦᠮᠦᠨ ᠤ ᠴᠢᠨᠠᠷ ᠦᠭᠡᠢ ᠡᠷᠡᠬᠦᠦ ᠲᠠᠮᠤᠯᠠᠯ ᠢ | ᠬᠠᠨᠳᠠᠯ᠎ᠠ ᠠᠮᠰᠠᠵᠠᠢ᠃ ᠨᠠᠳᠠ ᠳᠤ ᠯᠠᠵᠢᠶᠤᠤ ᠲᠠᠢ ᠤᠰᠦ ᠴᠢᠳᠬᠤᠬᠤ᠂ ᠴᠠᠬᠢᠯᠭᠠᠨ ᠬᠦᠶᠦᠯᠭᠡᠬᠦ ︵ᠤᠳᠦ ᠪᠤᠯᠳᠠᠯ᠎ᠠ | ᠴᠠᠬᠢᠯᠭᠠᠨ ᠬᠦᠶᠦᠯᠭᠡᠭᠰᠡᠨ ᠤ ᠰᠢᠷᠬ᠎ᠠ ᠪᠡᠶ᠎ᠡ ᠲᠦᠬᠦᠷᠡᠩ ᠪᠤᠢ︶᠂ ᠮᠠᠨᠠᠷᠠᠳᠠᠯ᠎ᠠ ᠴᠤᠬᠢᠬᠤ ᠵᠡᠷᠭᠡ ᠲᠠᠮᠤᠯᠠᠯ ᠢ | ᠭᠡᠳᠦᠶᠢᠴᠢᠨᠡᠭᠡᠨ ᠤᠳᠠᠭ᠎ᠠ ᠠᠮᠰᠠᠭᠤᠯᠤᠭᠰᠠᠨ ᠢ ᠲᠤᠭᠠᠯᠠᠬᠤᠶ᠎ᠠ ᠪᠡᠷᠭᠡ᠃ ᠲᠠᠶᠢᠰᠦᠨ ᠮᠢᠨᠦ ᠠᠮᠠᠨ ᠠᠴᠠ ᠶᠠᠭᠤ ᠴᠤ | ᠤᠯᠤᠭᠰᠠᠨ ᠦᠭᠡᠢ ᠲᠤᠯᠠ ᠨᠠᠰᠤᠳᠠᠢ ᠠᠪᠤ ᠶᠢᠨ ᠪᠡᠶ᠎ᠡ ᠲᠡᠭᠡᠷ᠎ᠡ ᠭᠤᠷᠢᠳᠠᠯᠭ᠎ᠠ ᠲᠠᠯᠪᠢᠪᠠ᠂ ᠨᠢᠭᠡᠨ ᠡᠳᠦᠷ ᠬᠢᠨᠳᠠᠨ ᠤ | ᠬᠤᠶᠠᠭ ᠢᠷᠡᠭᠡᠳ ᠮᠠᠷᠭᠠᠰᠢ ᠠᠪᠤ ᠪᠠᠷ ᠴᠢᠨᠢ ᠲᠡᠭᠷᠢ ᠲᠠᠬᠢᠬᠤ ᠭᠡᠵᠦ ᠪᠠᠶᠢᠨ᠎ᠠ᠂ ᠭᠡᠯᠡᠬᠦ ᠦᠭᠡ ᠪᠠᠶᠢᠪᠠᠯ ᠬᠤᠭᠤᠯᠠᠨ ᠤ | ᠲᠠᠷᠠᠭ᠎ᠠ ᠠᠭᠤᠯᠵᠠᠵᠦ ᠶᠠᠷᠢᠯᠴᠠ ᠭᠡᠯᠡ᠃ ᠬᠤᠭᠤᠯᠠᠨ ᠤ ᠲᠠᠷᠠᠭ᠎ᠠ ᠠᠪᠤ ᠲᠠᠢ ᠤᠴᠠᠷᠠᠪᠠᠯ ᠲᠡᠬᠦᠨ ᠪᠡᠶ᠎ᠡ ᠳᠤ ᠬᠦᠨᠳᠦ | ᠡᠷᠡᠬᠦᠦ ᠶᠢᠨ ᠰᠢᠷᠬ᠎ᠠ ᠰᠤᠷᠪᠢ ᠪᠠᠷ ᠲᠦᠬᠦᠷᠴᠦ᠂ ᠴᠢᠷᠠᠢ ᠨᠢ ᠰᠢᠷᠠᠯᠠᠨ ᠡᠴᠡᠵᠦ ᠲᠤᠷᠠᠭᠰᠠᠨ ᠢ ᠦᠵᠡᠭᠡᠳ ᠮᠢᠨᠦ | ᠰᠡᠳᠬᠢᠯ ᠵᠢᠷᠦᠭᠡ ᠰᠢᠮᠰᠢᠷᠡᠵᠦ ᠪᠢᠯᠡ᠃ | ᠨᠠᠰᠤᠳᠠᠨ ᠮᠢᠨᠢ ᠲᠤᠶᠢᠯ ᠤᠨ ᠶᠠᠳᠠᠷᠠᠭᠰᠠᠨ ᠬᠠᠷᠠᠴᠠ ᠪᠠᠷ ᠨᠠᠳᠠ ᠶᠢ ᠬᠠᠷᠠᠵᠦ ᠠᠪᠤᠭᠠᠳ | ᠶᠠᠭᠤ ᠴᠤ ᠭᠡᠯᠡᠭᠰᠡᠨ ᠦᠭᠡᠢ᠂ ᠪᠢ ᠶᠠᠭ ᠦᠭᠡ ᠭᠡᠯᠡᠶ᠎ᠡ ᠭᠡᠵᠦ ᠪᠠᠶᠢᠳᠠᠯ᠎ᠠ ᠲᠡᠷᠡ ᠬᠤᠷᠢᠭᠯᠠᠭᠰᠠᠨ ᠬᠠᠷᠠᠴᠠ ᠪᠠᠷ | ᠨᠠᠳᠠ ᠳᠤ ᠲᠤᠬᠢᠶ᠎ᠠ ᠦᠭᠬᠦᠭᠡᠳ ᠲᠠᠷᠤᠢ ᠶᠠᠪᠤᠴᠢᠬᠠᠪᠠ᠃ ᠴᠠᠭᠠᠵᠠ ᠪᠠᠷ ᠠᠪᠠᠴᠢᠬᠤ ᠦᠶ᠎ᠡ ᠳᠤ ᠪᠢᠳᠡᠨ ᠢ ᠠᠯᠪᠠᠳᠠᠨ | ᠠᠪᠠᠴᠢᠵᠦ ᠲᠠᠩᠨᠠᠭᠤᠯ ᠤᠳ ᠠᠪᠤ ᠶᠢ ᠠᠯᠪᠠᠳᠠᠨ ᠰᠦᠷᠳᠡᠬᠦᠯᠵᠦ ᠦᠳᠦᠭᠡᠵᠦ᠄ ︽ᠴᠢ ᠬᠦᠦ ᠶᠢᠨ ᠢᠶᠠᠨ ᠶᠠᠪᠤᠭᠰᠠᠨ | ᠵᠦᠭ᠂ ᠬᠠᠨᠢ ᠬᠠᠮᠰᠠᠭᠠᠳᠠᠨ ᠢ ᠨᠢ ᠭᠡᠯᠡᠭᠡᠳ ᠭᠠᠷᠭᠠᠴᠢᠬᠠᠪᠠᠯ ᠴᠢᠮᠠᠢᠢ ᠲᠠᠯᠪᠢᠨ᠎ᠠ︾ ᠭᠡᠯᠡ᠃ ᠭᠡᠪᠡᠴᠦ ᠠᠪᠤ | ᠨᠢᠳᠦ ᠪᠠᠨ ᠠᠨᠢᠵᠦ ᠶᠠᠭᠤ ᠴᠤ ᠲᠤᠤᠭᠠᠷᠤᠭᠰᠠᠨ ᠦᠭᠡᠢ᠃ ᠲᠠᠶᠢᠰᠦᠨ ᠶᠠᠭᠠᠬᠢᠭᠰᠠᠨ ᠢ ᠪᠤᠤ ᠮᠡᠳᠡ᠂ ᠠᠪᠤ ᠶᠢ | ᠫᠤᠤᠳᠠᠭᠰᠠᠨ ᠦᠭᠡᠢ ᠪᠠᠰᠠ ᠪᠢᠳᠡᠨ ᠢ ᠠᠪᠴᠦ ᠪᠤᠴᠠᠪᠠ᠃ ᠠᠯᠪᠠᠳᠠᠨ ᠰᠦᠷᠳᠡᠬᠦᠯᠦᠭᠡᠳ ᠠᠪᠤ ᠶᠢ ᠠᠶᠤᠯᠭᠠᠵᠦ | ᠴᠢᠳᠠᠭᠰᠠᠨ ᠦᠭᠡᠢ᠂ ᠰᠢᠬᠦᠨ ᠲᠠᠮᠤᠯᠠᠭᠠᠳ ᠴᠤ ᠶᠠᠭᠤ ᠴᠤ ᠤᠯᠤᠭᠰᠠᠨ ᠦᠭᠡᠢ ᠲᠤᠯᠠ ᠲᠠᠶᠢᠰᠦᠨ ᠨᠤᠭᠤᠳ | ᠤᠨᠳᠤᠤ ᠠᠷᠭ᠎ᠠ ᠪᠤᠳᠤᠵᠠᠢ᠃ | ᠨᠢᠭᠡ ᠤᠳᠠᠭ᠎ᠠ ᠭᠠᠯᠵᠠᠭᠤ ᠴᠢᠨ᠋ᠸ᠎ᠠ ᠮᠡᠳᠦ ᠬᠤᠶᠠᠷ ᠴᠠᠭᠳᠠᠭ᠎ᠠ ᠮᠢᠨᠦ ᠬᠤᠶᠠᠷ ᠭᠡᠦᠭᠡᠳ ᠢ | ᠴᠢᠷᠦᠭᠡᠳ ᠶᠠᠪᠤᠴᠢᠬᠠᠪᠠ᠃ ᠭᠡᠦᠭᠡᠳ ᠤᠳ ᠴᠠᠭᠳᠠᠭ᠎ᠠ ᠶᠢᠨ ᠴᠢᠳᠬᠦᠷ ᠤᠨ ᠰᠡᠪᠠᠷ ᠠᠴᠠ ᠠᠮᠢ ᠲᠡᠮᠡᠴᠡᠨ ᠤᠬᠢᠯᠠᠨ | ᠵᠢᠭᠤᠳᠠᠵᠦ ᠪᠠᠶᠢᠬᠤ ᠳᠤ ᠲᠠᠶᠢᠰᠦᠨ ᠨᠤᠭᠤᠳ ᠰᠢᠭᠤᠳ ᠲᠡᠪᠡᠷᠢᠵᠦ ᠠᠪᠤᠭᠠᠳ ᠶᠠᠪᠤᠴᠢᠬᠠᠪᠠ᠃ ᠪᠢ ᠶᠠᠭᠤ ᠴᠤ | ᠬᠠᠮᠢᠶᠠᠷᠤᠯ ᠦᠭᠡᠢ ᠲᠦᠷᠢᠨ ᠤᠴᠢᠬᠤ ᠳᠤ ᠲᠠᠶᠢᠰᠦᠨ ᠨᠤᠭᠤᠳ ᠬᠤᠶᠠᠷ ᠭᠡᠦᠭᠡᠳ ᠢ ᠵᠡᠬᠦᠨ ᠭᠡᠷᠡᠮ ᠤᠨ ᠲᠤᠤᠷ᠎ᠠ | ᠲᠠᠯᠪᠢᠭᠰᠠᠨ ᠬᠤᠶᠠᠷ ᠫᠦᠯᠧᠮᠸᠦᠲ ᠶᠢᠨ ᠠᠮᠠᠨ ᠳᠤ ᠬᠠᠷᠭᠤᠭᠤᠯᠤᠨ ᠲᠠᠯᠪᠢᠭᠠᠳ ᠨᠠᠳᠠᠳᠦ᠄ ︽ᠴᠢ ᠦᠨᠡᠨ ᠢᠶᠠᠨ | ᠭᠡᠯᠡ᠂ ᠭᠡᠯᠡᠬᠦ ᠦᠭᠡᠢ ᠪᠤᠯ ᠬᠤᠶᠠᠷ ᠭᠡᠦᠭᠡᠳ ᠢ ᠴᠢᠨᠢ ᠫᠤᠤᠳᠠᠯ᠎ᠠ︕︾ ᠭᠡᠵᠦ ᠬᠠᠷᠬᠢᠰᠯᠠᠨ ᠠᠷᠬᠢᠷᠠᠪᠠ᠃ ᠬᠤᠶᠠᠷ | ᠭᠡᠦᠭᠡᠳ ᠤᠬᠢᠯᠠᠬᠤ ᠪᠠᠨ ᠪᠤᠯᠢᠭᠠᠳ ᠴᠡᠴᠡᠷᠡᠨ ᠲᠠᠭᠵᠢᠵᠦ ᠠᠶᠤᠨ ᠰᠠᠨᠳᠤᠷᠴᠦ ᠮᠢᠨᠦ ᠦᠭᠡᠳᠡ ᠬᠠᠷᠠᠵᠦ ᠯᠠ ᠪᠠᠶᠢᠯ᠎ᠠ | ᠃ ᠪᠢ ᠠᠭᠱᠠᠨ ᠵᠠᠭᠤᠷ᠎ᠠ ᠬᠦᠶᠦᠵᠦ ᠤᠴᠢᠭᠠᠳ ᠬᠤᠶᠠᠷ ᠭᠡᠦᠭᠡᠳ ᠢ ᠡᠯᠢᠭᠡᠨ ᠳᠡᠭᠡᠨ ᠲᠡᠪᠡᠷᠢᠵᠦ ᠠᠪᠤᠭᠠᠳ ᠡᠳᠡᠭᠡᠷ | ᠴᠢᠳᠬᠦᠷ ᠱᠤᠯᠤᠮ ᠤᠨ ᠦᠭᠡᠳᠡ᠄ ︽ᠠᠮᠢᠳᠦ ᠦᠯᠡᠳᠡᠭᠡᠪᠡᠯ ᠪᠢᠳᠡᠨ ᠢ ᠲᠠᠯᠪᠢᠵᠦ ᠶᠠᠪᠤᠭᠤᠯ︕ ᠠᠯᠠᠪᠠᠯ ᠡᠭᠡ ᠬᠦᠦ | ᠭᠤᠷᠪᠠᠭᠤᠯᠠ ᠬᠠᠮᠳᠦ ᠦᠬᠦᠶ᠎ᠡ᠂ ᠨᠠᠳᠠᠳᠦ ᠦᠭᠡᠷ᠎ᠡ ᠭᠡᠯᠡᠬᠦ ᠶᠠᠭᠤᠮ᠎ᠠ ᠦᠭᠡᠢ︾ ᠭᠡᠵᠦ ᠬᠢᠯᠢᠩᠯᠡᠨ ᠭᠡᠯᠡᠪᠡ᠃ | ᠢᠩᠬᠢᠭᠡᠳ ᠲᠠᠶᠢᠰᠦᠨ ᠤ ᠠᠶᠤᠯᠭᠠᠨ ᠰᠦᠷᠳᠡᠬᠦᠯᠬᠦ ᠤᠪ ᠮᠡᠭᠡ ᠨᠢ ᠨᠢᠴᠤᠭᠠᠭᠳᠠᠵᠦ ᠠᠷᠭ᠎ᠠ ᠦᠭᠡᠶᠢᠳᠡᠨ ᠮᠠᠨ ᠢ | ᠲᠤᠷᠤᠮᠵᠢᠯᠠᠨ ᠬᠠᠷᠢᠶᠠᠵᠦ ᠬᠤᠷᠢᠭᠤᠯ ᠳᠤ ᠬᠦᠷᠭᠡᠪᠡ᠃ | ᠲᠠᠶᠢᠰᠦᠨ ᠨᠤᠭᠤᠳ ᠤᠷᠳᠦ ᠬᠤᠭᠤᠴᠠᠭ᠎ᠠ ᠮᠠᠨ ᠢ ᠬᠤᠷᠢᠵᠦ ᠰᠢᠬᠦᠨ ᠪᠠᠶᠢᠴᠠᠭᠠᠭᠰᠠᠨ | ᠪᠤᠯᠪᠠᠴᠦ ᠡᠴᠦᠰ ᠲᠡᠭᠡᠨ ᠶᠠᠭᠤ ᠴᠤ ᠤᠯᠤᠭᠰᠠᠨ ᠦᠭᠡᠢ᠂ 1943 ᠤᠨ ᠤ ᠡᠪᠤᠯ ᠠᠪᠤ ᠶᠢ ᠰᠤᠯᠠᠯᠠᠪᠠ᠃ | ᠨᠠᠰᠤᠳᠠᠨ ᠶᠠᠪᠤᠬᠤ ᠦᠶ᠎ᠡ ᠳᠡᠭᠡᠨ ᠬᠤᠶᠠᠷ ᠭᠡᠦᠭᠡᠳ ᠤᠨ ᠴᠢᠷᠠᠢ ᠨᠢ ᠰᠢᠷᠠᠯᠠᠨ ᠡᠴᠡᠵᠦ ᠲᠤᠷᠠᠭᠰᠠᠨ ᠢ ᠦᠵᠡᠭᠡᠳ | 30 ᠲᠦᠬᠦᠷᠢᠭ ᠵᠤᠭᠤᠰ ᠪᠤᠯᠤᠨ ᠨᠢᠭᠡ ᠵᠠᠬ᠎ᠠ ᠲᠡᠪᠡᠯ ᠢᠶᠠᠨ ᠦᠯᠡᠳᠡᠭᠡᠵᠦ ᠦᠭᠪᠡ᠃ ᠪᠢ ᠲᠡᠷᠡ ᠲᠡᠪᠡᠯ ᠢᠶᠠᠷ | ᠬᠤᠶᠠᠷ ᠭᠡᠦᠭᠡᠳ ᠲᠤ ᠲᠤᠰᠪᠤᠷᠢ ᠨᠢᠭᠡ ᠠᠷᠠᠰᠤᠨ ᠬᠦᠷᠮ᠎ᠡ ᠬᠢᠵᠦ ᠦᠭᠬᠦᠭᠰᠡᠨ ᠶᠤᠮ᠃ ᠬᠤᠶᠠᠷ ᠭᠡᠦᠭᠡᠳ ᠮᠢᠨᠢ | ᠰᠤᠯᠠᠯᠠᠭᠳᠠᠬᠤ ᠠᠴᠠ ᠡᠮᠦᠨ᠎ᠡ ᠶᠡᠷᠦ ᠨᠢ ᠲᠡᠷᠡ ᠬᠦ ᠬᠦᠷᠮ᠎ᠡ ᠪᠠᠨ ᠡᠮᠦᠰᠦᠭᠰᠡᠭᠡᠷ ᠲᠡᠳᠡᠨ ᠤ ᠭᠡᠦᠭᠡᠳ ᠦᠶ᠎ᠡ ᠶᠢᠨ | ᠬᠢᠨᠳᠠᠨ ᠤ ᠠᠮᠢᠳᠤᠷᠠᠯ ᠢᠶᠠᠨ ᠦᠩᠭᠡᠷᠡᠭᠡᠵᠦ ᠪᠢᠯᠡ᠃ | ᠪᠠᠶᠢᠳᠠᠯ ᠤᠨ ᠬᠤᠪᠢᠷᠠᠯᠳᠠ ᠠᠴᠠ ᠪᠤᠯᠵᠦ ᠮᠠᠨ ᠤ ᠠᠮᠠᠨ ᠠᠴᠠ ᠶᠠᠮᠠᠷ ᠴᠤ ᠦᠴᠢᠭ | ᠤᠯᠤᠭᠰᠠᠨ ᠦᠭᠡᠢ ᠪᠦᠭᠡᠳ ᠪᠠᠰᠠ ᠮᠢᠨᠦ ᠠᠬ᠎ᠠ ᠶᠢᠨ ᠠᠪᠤᠷᠠᠨ ᠲᠤᠰᠠᠯᠠᠭᠰᠠᠨ ᠢᠶᠠᠷ 1944 ᠤᠨ ᠤ ᠲᠤᠤᠷ᠎ᠠ | ᠬᠠᠭᠠᠰ ᠵᠢᠯ ᠳᠤ ᠪᠢᠳᠡᠨ ᠶᠢ ᠰᠤᠯᠠᠯᠠᠪᠠ᠃ ᠪᠢ ᠲᠦᠩᠯᠢᠶᠤᠤ ᠶᠢᠨ ᠵᠠᠩᠭᠤᠳᠠᠢ ᠳᠠᠬᠢ ᠲᠦᠷᠬᠦᠮ ᠤᠨ ᠭᠡᠷ ᠲᠡᠭᠡᠨ | ᠬᠠᠷᠢᠵᠦ ᠰᠠᠭᠤᠪᠠ᠃ | 1945 ᠤᠨ ᠤ ︽8 · 15︾ ᠠᠴᠠ ᠬᠤᠶᠢᠨ᠎ᠠ ᠪᠢ ᠤᠯᠠᠭᠠᠨᠬᠤᠳᠠ ᠳᠤ ᠬᠦᠷᠴᠦ ᠤᠯᠠᠭᠠᠨᠬᠦᠦ᠂ ᠫᠤᠩᠰᠤᠭ ᠢ | ᠡᠷᠢᠵᠦ ᠤᠯᠤᠭᠠᠳ ᠲᠡᠯᠭᠡᠷ ᠤᠨ ᠲᠤᠬᠠᠢ ᠰᠤᠷᠠᠭᠯᠠᠪᠠᠯ ᠲᠡᠯᠭᠡᠷ 1938 ᠤᠨ ᠳᠤ ᠮᠤᠩᠭᠤᠯ ᠤᠯᠤᠰ ᠲᠤ | ᠶᠠᠪᠤᠭᠰᠠᠨ ᠠᠴᠠ ᠬᠤᠶᠢᠨ᠎ᠠ ᠰᠤᠷᠠᠭ ᠴᠢᠮᠡᠭᠡ ᠦᠭᠡᠢ ᠭᠡᠵᠦ ᠭᠡᠯᠡᠭᠰᠡᠨ ᠪᠦᠭᠡᠳ ᠪᠠᠷᠤᠭ ᠠᠶᠤᠯ ᠳᠤ ᠤᠴᠠᠷᠠᠭᠰᠠᠨ | ᠪᠠᠶᠢᠵᠦ ᠮᠡᠳᠡᠨ᠎ᠡ ᠭᠡᠯᠡ᠃ ᠲᠡᠳᠡ ᠲᠡᠷᠡ ᠲᠠᠷᠤᠢ ᠨᠠᠳᠠᠳᠦ ᠠᠵᠢᠯ ᠲᠤᠬᠢᠷᠠᠭᠤᠯᠵᠦ ᠬᠤᠶᠠᠷ ᠭᠡᠦᠭᠡᠳ ᠢ | ᠰᠤᠷᠭᠠᠭᠤᠯᠢ ᠳᠤ ᠤᠷᠤᠭᠤᠯᠪᠠ᠃ | 1948 ᠤᠨ ᠳᠤ ᠪᠢ ᠲᠤᠮᠳᠠᠳᠦ ᠤᠯᠤᠰ ᠤᠨ ᠡᠪ ᠬᠠᠮᠳᠦ ᠨᠠᠮ ᠳᠤ ᠤᠷᠤᠪᠠ᠃ | 1949 ᠤᠨ ᠳᠤ ᠤᠯᠠᠭᠠᠨᠬᠦᠦ ᠨᠦᠬᠦᠷ ᠲᠤᠮᠳᠠᠳᠦ ᠤᠯᠤᠰ ᠤᠨ ᠡᠪ ᠬᠠᠮᠳᠦ ᠨᠠᠮ ᠤᠨ | ᠲᠦᠪ ᠬᠤᠷᠢᠶᠠᠨ ᠤ ᠵᠤᠬᠢᠶᠠᠨ ᠪᠠᠶᠢᠭᠤᠯᠬᠤ ᠭᠡᠯᠳᠡᠰ ᠲᠤ ᠭᠡᠷᠡᠴᠢ ᠪᠢᠴᠢᠭ ᠬᠢᠵᠦ ᠦᠭᠬᠦᠭᠰᠡᠨ ᠳᠤ ᠲᠦᠪ ᠤᠨ | ᠵᠤᠬᠢᠶᠠᠨ ᠪᠠᠶᠢᠭᠤᠯᠬᠤ ᠭᠡᠯᠳᠡᠰ ᠠᠴᠠ ᠲᠡᠯᠭᠡᠷ ᠢ ᠦᠷᠡᠭᠳᠡᠭᠰᠡᠨ ᠪᠠᠭᠠᠳᠤᠷ ᠢᠶᠠᠷ ᠵᠦᠪᠰᠢᠶᠡᠷᠡᠵᠦ᠂ ᠬᠤᠶᠠᠷ ᠭᠡᠦᠭᠡᠳ ᠢ | ᠠᠯᠪᠠᠨ ᠰᠦᠢᠳᠭᠡᠯ ᠢᠶᠠᠷ ᠰᠤᠷᠭᠠᠭᠤᠯᠢ ᠳᠤ ᠰᠤᠷᠤᠯᠴᠠᠭᠤᠯᠤᠭᠠᠳ ᠨᠢᠭᠡᠨᠳᠡ ᠶᠡᠭᠡ ᠰᠤᠷᠭᠠᠭᠤᠯᠢ ᠲᠡᠬᠦᠰᠴᠦ | ᠠᠵᠢᠯ ᠳᠤ ᠭᠠᠷᠴᠠᠢ᠃ ᠲᠡᠳᠡ ᠨᠠᠷ ᠪᠦᠬᠦᠳᠡ ᠨᠢᠭᠡᠨ ᠵᠤᠯ ᠵᠢᠷᠭᠠᠯᠳᠦ ᠭᠡᠷ ᠪᠦᠯᠢ ᠪᠠᠶᠢᠭᠤᠯᠵᠠᠢ᠃ ᠡᠳᠡᠭᠡᠷ ᠢ ᠶᠢᠰᠦᠨ | ᠪᠤᠯᠠᠭ ᠤᠨ ᠲᠤᠤᠷᠠᠬᠢ ᠲᠡᠯᠭᠡᠷ ᠤᠨ ᠠᠷᠢᠭᠤᠨ ᠰᠦᠨᠡᠰᠦ ᠮᠡᠳᠡᠳᠡᠭ ᠪᠤᠯ ᠯᠠᠪᠳᠠᠢ ᠠᠮᠤᠷᠯᠢᠩᠭᠤᠢ ᠨᠤᠶᠢᠷᠰᠦᠬᠤ ᠶᠤᠮ | ᠭᠡᠵᠦ ᠪᠢ ᠪᠤᠳᠤᠳᠠᠭ ᠶᠤᠮ᠃ | ᠮᠢᠨᠦ ᠡᠷᠬᠢᠴᠡᠬᠦᠯᠦᠯ ᠠᠳᠡ ᠬᠦᠷᠦᠭᠡᠳ ᠲᠡᠬᠦᠰᠦᠯ᠎ᠡ᠃ ᠭᠡᠶ᠎ᠡ ᠭᠡᠳᠦᠨ ᠴᠢᠬᠤᠯᠠ ᠤᠴᠢᠷ ᠢ ᠡᠷᠬᠡᠪᠰᠢ ᠶᠠᠷᠢᠬᠤ | ᠴᠢᠬᠤᠯᠠᠳᠠᠢ ᠪᠠᠶᠢᠨ᠎ᠠ᠃ | | ᠵᠢᠷᠭᠤᠭ᠎ᠠ | | ᠲᠡᠯᠭᠡᠷ ᠪᠢᠳᠡ ᠬᠤᠶᠠᠭᠤᠯᠠ ᠤᠷᠤᠭ ᠪᠠᠷᠢᠯᠳᠤᠵᠦ ᠬᠦᠴᠢᠷ ᠪᠡᠷᠭᠡᠰᠢᠶᠡᠯ ᠲᠤᠮᠳᠠᠭᠤᠷ ᠭᠤᠷᠪᠠᠨ ᠵᠢᠯ ᠭᠠᠷᠤᠢ ᠪᠤᠯᠬᠤ ᠬᠤᠭᠤᠴᠠᠭᠠᠨ ᠳᠤ ᠲᠡᠷᠡ ᠶᠠᠭᠤᠨ ᠳᠤ ᠪᠡᠶ᠎ᠡ ᠶᠢᠨ ᠦᠩᠭᠡᠷᠡᠯᠳᠡ ᠪᠠᠨ ᠲᠤᠳᠤᠷᠬᠠᠢ | ᠢᠯᠡᠷᠡᠬᠦᠯᠦᠭᠰᠡᠨ ᠦᠭᠡᠢ ᠶᠤᠮ ᠪᠤᠢ ᠭᠡᠪᠡᠯ ᠡᠬᠦᠨ ᠳᠤ ᠲᠡᠷᠡ ᠶᠠᠭᠤᠨ ᠳᠤ ᠨᠠᠳᠠᠳᠠᠢ ᠬᠤᠷᠢᠮᠯᠠᠭᠰᠠᠨ ᠪᠤᠢ ᠭᠡᠳᠡᠭ ᠠᠴᠠ ᠶᠠᠷᠢᠬᠤ ᠭᠡᠷᠡᠭᠳᠡᠢ ᠪᠠᠶᠢᠨ᠎ᠠ᠃ ᠮᠢᠨᠦ ᠲᠦᠷᠬᠦᠮ ᠪᠤᠯ ᠲᠦᠩᠯᠢᠶᠤᠤ ᠶᠢᠨ ᠵᠠᠩᠭᠤᠳᠠᠢ ᠤᠷᠴᠢᠮ ᠤᠨ ᠰᠡᠭᠡᠭᠡᠷᠡᠭᠰᠡᠨ | ᠲᠤᠮᠤᠭᠠᠳᠠᠨ ᠠᠶᠢᠯ ᠶᠤᠮ᠃ ᠠᠬ᠎ᠠ ᠮᠢᠨᠢ ᠲᠤᠬᠠᠢ ᠶᠢᠨ ᠭᠠᠵᠠᠷ ᠲᠤ ᠵᠤᠬᠢᠬᠤ ᠨᠡᠶᠢᠭᠡᠮ ᠤᠨ ᠪᠠᠶᠢᠷᠢ ᠰᠠᠭᠤᠷᠢ ᠬᠢᠭᠡᠳ ᠨᠦᠯᠦᠭᠡ ᠲᠠᠢ ᠶᠤᠮ᠃ ᠫᠤᠩᠰᠤᠭ ᠨᠦᠬᠦᠷ ᠤᠨ ᠭᠡᠯᠡᠬᠦ ᠪᠠᠷ ᠲᠡᠷᠡ ᠦᠶ᠎ᠡ ᠳᠤ ᠲᠡᠯᠭᠡᠷ ᠨᠦᠬᠦᠷ ᠤᠨ ᠠᠵᠢᠯ ᠤᠨ | ᠨᠢᠭᠤᠴᠠ ᠶᠢ ᠬᠠᠮᠠᠭᠠᠯᠠᠬᠤ ᠨᠢᠭᠡ ᠪᠦᠯᠦᠭ ᠲᠡᠭᠡᠳᠦ ᠲᠠᠪᠬᠤᠷᠭᠠᠳᠠᠨ ᠤ ᠬᠦᠮᠦᠰ ᠢ ᠲᠦᠭᠡᠷᠢᠭᠳᠡᠬᠦᠯᠬᠦ ᠳᠤ ᠨᠠᠳᠠ ᠰᠢᠭ᠋ ᠬᠦᠮᠦᠨ ᠢᠶᠠᠷ ᠲᠡᠬᠦᠨ ᠳᠤ ᠬᠠᠨᠢ ᠪᠤᠯᠭᠠᠬᠤ ᠴᠢᠬᠤᠯᠠᠳᠠᠢ ᠪᠠᠶᠢᠵᠠᠢ᠃ ᠭᠤᠷᠪᠠᠨ ᠵᠢᠯ ᠭᠠᠷᠤᠢ ᠴᠠᠭᠠᠨ ᠤᠷᠤᠨ ᠤ | ᠠᠮᠢᠳᠤᠷᠠᠯ ᠳᠤ ᠲᠤᠭᠰᠢᠨ ᠰᠠᠯᠬᠢᠨ ᠰᠢᠷᠦᠬᠦᠨ ᠲᠠᠪᠠᠯᠭᠠᠨ ᠤ ᠦᠭᠡᠳᠡ ᠨᠢᠭᠡ ᠵᠠᠪᠢ ᠪᠠᠷ ᠭᠡᠳᠦᠯᠪᠡ᠃ ᠲᠡᠯᠭᠡᠷ ᠲᠡᠬᠦᠨ ᠤ ᠪᠡᠶ᠎ᠡ ᠶᠢᠨ ᠤᠴᠠᠷᠠᠯ ᠦᠩᠭᠡᠷᠡᠯᠳᠡ ᠶᠢᠨ ᠲᠤᠬᠠᠢ ᠨᠠᠳᠠᠳᠦ ᠲᠡᠮ ᠢᠶᠠᠷ ᠮᠡᠳᠡᠭᠳᠡᠭᠰᠡᠨ ᠪᠤᠯᠪᠠᠴᠦ ᠲᠡᠷᠡ ᠶᠠᠮᠠᠷ | ᠬᠦᠮᠦᠨ ᠭᠡᠳᠡᠭ ᠢᠶᠠᠨ ᠢᠯᠡ ᠪᠠᠷ ᠭᠡᠯᠡᠭᠰᠡᠨ ᠦᠭᠡᠢ ᠶᠤᠮ᠃ ᠲᠡᠯᠭᠡᠷ ︵ᠬᠢᠳᠠᠳ ᠨᠡᠷ᠎ᠡ ᠨᠢ ᠨᠢᠩ ᠴᠦᠨ ᠹᠠ︶ ᠨᠠᠳᠠᠳᠦ ᠮᠠᠭᠤ ᠰᠠᠨᠠᠭ᠎ᠠ ᠡᠪᠤᠷᠯᠡᠭᠰᠡᠨ ᠭᠡᠵᠢ ᠤᠤ︖ ᠲᠡᠶᠢᠮᠦ ᠪᠢᠰᠢ᠂ ᠲᠡᠷᠡ ᠨᠠᠳᠠᠳᠦ ᠬᠠᠶᠢᠷ᠎ᠠ ᠦᠭᠡᠢ ᠭᠡᠵᠢ ᠤᠤ︖ | ᠲᠡᠶᠢᠮᠦ ᠪᠢᠰᠢ ᠶᠤᠮ᠂ ᠮᠢᠨᠦ ᠪᠤᠳᠤᠬᠤ ᠪᠠᠷ ᠭᠤᠷᠪᠠᠨ ᠵᠢᠯ ᠭᠠᠷᠤᠢ ᠶᠢᠨ ᠬᠤᠭᠤᠴᠠᠭᠠᠨ ᠳᠤ ᠲᠡᠷᠡ ᠶᠡᠷᠦ ᠠᠴᠠ ᠴᠤᠬᠤᠮ ᠪᠡᠶ᠎ᠡ ᠶᠢᠨ ᠭᠠᠷᠤᠯ ᠢᠶᠠᠨ ᠨᠠᠳᠠᠳᠦ ᠵᠠᠳᠠᠷᠠᠭᠤᠯᠤᠭᠰᠠᠨ ᠦᠭᠡᠢ ᠨᠢ ᠲᠡᠷᠡ ᠦᠶ᠎ᠡ ᠶᠢᠨ ᠤᠷᠤᠭ᠎ᠠ ᠪᠤᠰᠬᠠᠭ᠎ᠠ | ᠴᠠᠭ ᠤᠨ ᠪᠠᠶᠢᠳᠠᠯ ᠬᠢᠭᠡᠳ ᠮᠠᠨ ᠤ ᠨᠠᠮ ᠤᠨ ᠲᠤᠭᠳᠠᠭᠠᠭᠰᠠᠨ ᠬᠠᠳᠠᠭᠤ ᠴᠢᠩᠭ᠎ᠠ ᠰᠠᠬᠢᠯᠭ᠎ᠠ ᠪᠠᠳᠦ ᠶᠢ ᠵᠢᠷᠦᠮᠯᠡᠨ ᠰᠠᠬᠢᠭᠰᠠᠨ ᠳᠤ ᠪᠠᠶᠢᠬᠤ ᠶᠤᠮ᠃ ᠡᠬᠦᠨ ᠠᠴᠠ ᠲᠡᠯᠭᠡᠷ ᠨᠦᠬᠦᠷ ᠤᠨ ᠨᠠᠮᠴᠢ ᠴᠢᠨᠠᠷ ᠤᠨ ᠦᠵᠡᠯᠳᠡ ᠪᠤᠯᠤᠨ ᠰᠠᠬᠢᠯᠭ᠎ᠠ | ᠪᠠᠳᠤᠴᠢ ᠴᠢᠨᠠᠷ ᠨᠢ ᠭᠡᠴᠢᠨᠠᠨ ᠴᠢᠩᠭ᠎ᠠ ᠪᠠᠶᠢᠳᠠᠭ ᠢ ᠦᠵᠡᠵᠦ ᠭᠠᠷᠴᠦ ᠪᠤᠯᠤᠨ᠎ᠠ᠃ | ᠲᠡᠯᠭᠡᠷ ᠨᠦᠬᠦᠷ 1904 ᠤᠨ ᠳᠤ ᠦᠪᠤᠷ ᠮᠤᠩᠭᠤᠯ ᠤᠨ ᠵᠤᠤ ᠤᠳᠠ ᠶᠢᠨ ᠭᠡᠰᠢᠭᠳᠡᠨ ᠬᠤᠰᠢᠭᠤᠨ ᠤ ᠨᠢᠭᠡ ᠶᠠᠳᠠᠭᠤ ᠮᠠᠯᠴᠢᠨ ᠤ ᠲᠤ ᠮᠡᠨᠳᠦᠯᠡᠵᠡᠢ᠃ ᠠᠪᠤ ᠨᠢ ᠪᠤᠯ ᠨᠢᠭᠡ ᠮᠦᠩᠬᠦᠨ ᠲᠠᠷᠬᠠᠨ ᠶᠤᠮ᠃ | 1926 ᠤᠨ ᠳᠤ ᠭᠡᠰᠢᠭᠳᠡᠨ ᠤ ᠼᠦᠢ ᠢᠩ ᠰᠤᠷᠭᠠᠭᠤᠯᠢ ᠠᠴᠠ ᠲᠡᠷᠡ ᠦᠶ᠎ᠡ ᠶᠢᠨ ᠦᠪᠤᠷ ᠮᠤᠩᠭᠤᠯ ᠤᠨ ᠠᠷᠠᠳ ᠤᠨ ᠬᠤᠪᠢᠰᠬᠠᠯᠳᠦ ᠨᠠᠮ ᠤᠨ ᠪᠠᠶᠢᠩᠭᠤ ᠶᠢᠨ ᠭᠡᠰᠢᠬᠦᠨ ᠶᠤᠸᠠᠢ ᠵᠢᠩ ᠲᠤᠤ᠂ ᠲᠡᠯᠭᠡᠷ ᠢ ᠬᠠᠯᠬ᠎ᠠ ᠮᠤᠩᠭᠤᠯ ᠳᠤ | ᠬᠦᠷᠭᠡᠵᠦ ᠰᠤᠷᠤᠯᠴᠠᠭᠤᠯᠵᠠᠢ᠃ 1929 ᠤᠨ ᠤ ᠨᠠᠮᠤᠷ ᠤᠨ ᠰᠡᠬᠦᠯᠴᠢ ᠪᠠᠷ ᠤᠯᠠᠭᠠᠨᠬᠦᠦ᠂ ᠫᠤᠩᠰᠤᠭ᠂ ᠫᠦᠸᠧ ᠳ᠋ᠢᠩ᠂ ᠲᠡᠮᠦᠷᠪᠠᠭᠠᠨ᠎ᠠ᠂ ᠲᠡᠯᠭᠡᠷ ᠲᠠᠢ ᠲᠠᠪᠤᠭᠤᠯᠠ ᠲᠤᠮᠳᠠᠳᠦ ᠤᠯᠤᠰ ᠤᠨ ᠡᠪ ᠬᠠᠮᠳᠦ ᠨᠠᠮ ᠤᠨ ᠭᠤᠷᠪᠠᠳᠤᠭᠠᠷ | ᠢᠨᠲ᠋ᠧᠷᠨᠠᠼᠢᠦᠨᠠᠯ ᠳᠤ ᠰᠠᠭᠤᠭ᠎ᠠ ᠲᠦᠯᠦᠭᠡᠯᠡᠭᠴᠢ ᠴᠢᠦᠢ ᠴᠢᠦ ᠪᠠᠢ ᠨᠦᠬᠦᠷ ᠤᠨ ᠲᠤᠮᠢᠯᠠᠯᠳᠠ ᠪᠠᠷ ᠤᠯᠤᠰ ᠲᠠᠭᠠᠨ ᠪᠤᠴᠠᠵᠦ ᠢᠷᠡᠭᠡᠳ ᠨᠢᠭᠤᠴᠠ ᠪᠠᠷ ᠨᠠᠮ ᠤᠨ ᠠᠵᠢᠯ ᠬᠢᠵᠠᠢ᠃ | ᠲᠡᠯᠭᠡᠷ ᠵᠦᠪᠯᠡᠯᠳᠦ ᠤᠯᠤᠰ ᠲᠤ ᠵᠦᠪᠯᠡᠯᠳᠦ ᠶᠢᠨ ᠡᠪ ᠬᠠᠮᠳᠦ ᠨᠠᠮ ᠳᠤ ᠤᠷᠤᠵᠦ᠂ ᠤᠯᠤᠰ ᠲᠠᠭᠠᠨ ᠪᠤᠴᠠᠵᠦ ᠢᠷᠡᠬᠦ ᠦᠶ᠎ᠡ ᠳᠤ ᠴᠢᠦᠢ ᠴᠢᠦ ᠪᠠᠢ ᠡᠬᠦᠷᠭᠡ ᠲᠤᠰᠢᠶᠠᠭᠰᠠᠨ ᠤ ᠲᠠᠷᠠᠭ᠎ᠠ ᠨᠠᠮ ᠤᠨ ᠵᠤᠬᠢᠶᠠᠨ | ᠪᠠᠶᠢᠭᠤᠯᠤᠯᠳᠠ ᠶᠢ ᠲᠦᠯᠦᠭᠡᠯᠡᠨ ᠲᠡᠯᠭᠡᠷ ᠨᠦᠬᠦᠷ ᠢ ᠲᠤᠮᠳᠠᠳᠦ ᠤᠯᠤᠰ ᠤᠨ ᠡᠪ ᠬᠠᠮᠳᠦ ᠨᠠᠮ ᠤᠨ ᠭᠡᠰᠢᠬᠦᠨ ᠢᠶᠠᠷ ᠵᠦᠪᠰᠢᠶᠡᠷᠡᠭᠰᠡᠨ ᠢᠶᠠᠨ ᠲᠤᠳᠤᠷᠬᠠᠢ ᠢᠯᠡᠳᠭᠡᠭᠰᠡᠨ ᠪᠠᠶᠢᠨ᠎ᠠ᠃ ᠲᠡᠷᠡ ᠤᠯᠤᠰ ᠲᠠᠭᠠᠨ ᠪᠤᠴᠠᠵᠦ ᠢᠷᠡᠭᠡᠳ | ᠭᠤᠷᠪᠠᠳᠤᠭᠠᠷ ᠢᠨᠲ᠋ᠧᠷᠨᠠᠼᠢᠦᠨᠠᠯ ᠤᠨ ᠲᠦᠯᠦᠭᠡᠯᠡᠭᠴᠢ ᠸᠠᠩᠺᠧᠹᠦ᠋ ᠶᠢᠨ ᠵᠢᠯᠤᠭᠤᠳᠤᠯᠭ᠎ᠠ ᠲᠤᠤᠷ᠎ᠠ ᠠᠵᠢᠯᠯᠠᠵᠦ᠂ ᠲᠡᠳᠡᠨ ᠤ ᠲᠠᠪᠤᠨ ᠬᠦᠮᠦᠨ ᠭᠤᠷᠪᠠᠨ ᠲᠤᠭᠤᠶᠢᠯᠠᠩ ᠬᠤᠪᠢᠶᠠᠵᠠᠢ᠃ ᠤᠯᠠᠭᠠᠨᠬᠦᠦ᠂ ᠫᠦᠸᠧ ᠳ᠋ᠢᠩ ᠨᠠᠷ ᠪᠠᠷᠠᠭᠤᠨ | ᠭᠡᠰᠡᠭ ᠲᠤ᠂ ᠫᠤᠩᠰᠤᠭ᠂ ᠲᠡᠮᠦᠷᠪᠠᠭᠠᠨ᠎ᠠ ᠨᠠᠷ ᠵᠡᠬᠦᠨ ᠭᠡᠰᠡᠭ ᠲᠤ᠂ ᠲᠡᠯᠭᠡᠷ ᠲᠤᠮᠳᠠ ᠭᠡᠰᠡᠭ ᠲᠤ᠂ ᠭᠤᠤᠯᠳᠠᠭᠤ ᠴᠠᠬᠠᠷ᠂ ᠰᠢᠯᠢ ᠶᠢᠨ ᠭᠤᠤᠯ᠂ ᠵᠤᠤ ᠤᠳᠠ ᠤᠷᠴᠢᠮ ᠳᠤ ᠠᠵᠢᠯᠯᠠᠵᠠᠢ᠃ ᠲᠡᠯᠭᠡᠷ ᠰᠠᠶ᠋ᠢ ᠬᠠᠷᠢᠵᠦ ᠢᠷᠡᠭᠡᠳ ᠭᠡᠰᠢᠭᠳᠡᠨ | ᠬᠤᠰᠢᠭᠤᠨ ᠳᠤ ᠪᠠᠭᠰᠢᠯᠠᠨ ᠠᠵᠢᠯ ᠢᠶᠠᠨ ᠦᠷᠨᠢᠬᠦᠯᠵᠠᠢ᠃ ᠲᠡᠮᠡᠢ ᠤᠳᠠᠭᠰᠠᠨ ᠦᠭᠡᠢ ᠭᠤᠷᠪᠠᠳᠤᠭᠠᠷ ᠢᠨᠲ᠋ᠧᠷᠨᠠᠼᠢᠦᠨᠠᠯ ᠤᠨ ᠬᠤᠯᠪᠤᠭ᠎ᠠ ᠠᠴᠠ ᠲᠡᠯᠭᠡᠷ ᠢ ᠲᠠᠭᠤᠳᠠᠨ ᠠᠪᠠᠴᠢᠵᠦ ᠪᠡᠭᠡᠵᠢᠩ ᠳᠤ ᠶᠡᠷᠦᠩᠭᠡᠢ ᠬᠤᠯᠪᠤᠭᠠᠴᠢᠨ ᠢᠶᠠᠷ | ᠲᠤᠮᠢᠯᠠᠭᠰᠠᠨ ᠪᠠᠶᠢᠨ᠎ᠠ᠃ ᠶᠠᠫᠤᠨ ᠢ ᠡᠰᠡᠷᠬᠦᠴᠡᠬᠦ ᠲᠠᠶᠢᠨ ᠡᠬᠢᠯᠡᠭᠰᠡᠨ ᠤ ᠰᠡᠬᠦᠯᠡᠷ ᠲᠡᠷᠡ ᠮᠤᠩᠭᠤᠯ ᠤᠯᠤᠰ ᠲᠤ ᠤᠴᠢᠵᠦ ᠭᠤᠷᠪᠠᠳᠤᠭᠠᠷ ᠢᠨᠲ᠋ᠧᠷᠨᠠᠼᠢᠦᠨᠠᠯ ᠤᠨ ᠬᠤᠯᠪᠤᠭ᠎ᠠ ᠳᠤ ᠠᠵᠢᠯ ᠢᠶᠠᠨ ᠮᠡᠳᠡᠬᠦᠯᠵᠡᠢ᠃ ᠬᠤᠵᠢᠮ ᠨᠢ ᠮᠤᠩᠭᠤᠯ | ᠤᠯᠤᠰ ᠤᠨ ᠬᠤᠪᠢᠰᠬᠠᠯ ᠤᠨ ᠡᠰᠡᠷᠬᠦᠴᠤᠳ ᠢ ᠲᠠᠷᠤᠩᠭᠤᠶᠢᠯᠠᠬᠤ ᠶᠢ ᠦᠷᠭᠡᠳᠭᠡᠬᠦ ᠳᠤ ᠲᠡᠷᠡ ᠫᠤᠩᠰᠤᠭ ᠨᠠᠷ ᠲᠠᠢ ᠬᠢᠨᠳᠠᠨ ᠳᠤ ᠤᠷᠤᠵᠠᠢ᠃ 1941 ᠤᠨ ᠳᠤ ᠰᠤᠯᠠᠯᠠᠭᠳᠠᠨ ᠭᠠᠷᠴᠦ ᠢᠷᠡᠭᠡᠳ ᠤᠯᠤᠰ ᠲᠠᠭᠠᠨ ᠪᠤᠴᠠᠬᠤ ᠵᠠᠮ ᠵᠠᠭᠤᠷ᠎ᠠ | ᠪᠠᠳᠤᠬᠠᠭᠠᠯᠭ᠎ᠠ ᠳᠤ ᠶᠠᠫᠤᠨ ᠤ ᠲᠠᠩᠨᠠᠭᠤᠯ ᠳᠤ ᠪᠠᠷᠢᠪᠴᠢᠯᠠᠭᠳᠠᠨ ᠴᠠᠩᠴᠦ᠋ᠨ ᠳᠤ ᠬᠦᠷᠭᠡᠭᠳᠡᠨ ᠲᠠᠶᠢᠰᠦᠨ ᠳᠤ ᠨᠢᠭᠤᠴᠠ ᠪᠠᠷ ᠬᠤᠤᠷᠯᠠᠭᠳᠠᠵᠠᠢ᠃ | | ᠲᠤᠯᠤᠭ᠎ᠠ | | ᠲᠡᠯᠭᠡᠷ ᠬᠤᠪᠢᠰᠬᠠᠯ ᠤᠨ ᠲᠦᠯᠦᠭᠡ ᠠᠮᠢ ᠨᠠᠰᠦ ᠪᠠᠨ ᠦᠷᠡᠭᠳᠡᠬᠦᠯᠵᠦ ᠲᠡᠬᠦᠨ ᠤ ᠠᠪᠤ ᠮᠤᠯᠤᠨᠵᠠᠮᠰᠦ ᠨᠠᠰᠤᠳᠠᠨ ᠬᠢᠨᠳᠠᠨ ᠳᠤ ᠬᠤᠷᠢᠭᠳᠠᠵᠦ ᠬᠦᠨᠳᠦ ᠡᠷᠡᠬᠦᠦ ᠲᠠᠮᠤᠯᠠᠯ ᠢ ᠠᠮᠰᠠᠵᠦ᠂ ᠬᠢᠨᠳᠠᠨ ᠠᠴᠠ ᠭᠠᠷᠴᠦ ᠭᠡᠷ | ᠲᠡᠭᠡᠨ ᠬᠠᠷᠢᠭᠠᠳ 1957 ᠤᠨ ᠳᠤ ᠡᠪᠡᠳᠴᠢᠨ ᠢᠶᠠᠷ ᠨᠠᠰᠦ ᠪᠠᠷᠠᠪᠠ᠃ | ᠶᠠᠭ ᠡᠶᠢᠮᠦ ᠨᠢᠭᠡᠨ ᠵᠤᠯ ᠵᠢᠷᠭᠠᠯᠳᠦ ᠭᠡᠷ ᠪᠦᠯᠢ ᠶᠢᠨ ᠠᠷᠪᠠᠨ ᠵᠢᠯ ᠤᠨ ᠰᠠᠮᠠᠭᠤᠷᠠᠯ ᠤᠨ ᠦᠶ᠎ᠡ ᠳᠤ ᠮᠢᠨᠦ ᠪᠡᠶ᠎ᠡ ᠪᠤᠯᠤᠨ ᠲᠡᠯᠭᠡᠷ ᠤᠨ ᠲᠡᠬᠦᠦ ᠪᠠᠶᠠᠷ ᠲᠠᠩᠨᠠᠭᠤᠯ᠂ ᠬᠤᠪᠢᠰᠬᠠᠯ ᠤᠨ ᠡᠰᠡᠷᠬᠦᠦ ᠡᠳᠡᠭᠡᠳ ᠢᠶᠠᠷ | ᠴᠤᠬᠢᠭᠳᠠᠵᠦ᠂ ᠪᠢ ᠲᠦᠩᠯᠢᠶᠤᠤ ᠶᠢᠨ ᠵᠠᠩᠭᠤᠳᠠᠢ ᠳᠠᠬᠢ ᠲᠦᠷᠬᠦᠮ ᠤᠨ ᠭᠡᠷ ᠲᠤ ᠬᠦᠷᠭᠡᠭᠳᠡᠵᠦ᠂ ᠬᠦᠳᠡᠯᠮᠦᠷᠢ ᠪᠠᠷ ᠦᠭᠡᠷᠡᠴᠢᠯᠡᠭᠳᠡᠯᠡ᠃ ︽ᠲᠦᠷᠪᠡᠨ ᠬᠦᠮᠦᠨ ᠤ ᠪᠦᠯᠦᠭ︾ ᠪᠤᠳᠠ ᠨᠢᠷᠭᠡᠭᠳᠡᠭᠰᠡᠨ ᠤ ᠲᠠᠷᠠᠭ᠎ᠠ ᠬᠢᠯᠢᠰ ᠢ ᠴᠠᠭᠠᠳᠬᠠᠵᠦ᠂ | ᠤᠯᠤᠰ ᠲᠦᠷᠦ ᠶᠢᠨ ᠲᠠᠯ᠎ᠠ ᠪᠠᠷ ᠴᠤ ᠨᠡᠷ᠎ᠡ ᠬᠦᠨᠳᠦ ᠶᠢ ᠰᠡᠷᠬᠦᠭᠡᠵᠦ ᠠᠵᠢᠯᠯᠠᠭᠤᠯᠪᠠ᠃ ᠮᠢᠨᠦ ᠭᠡᠯᠡᠬᠦ ᠦᠭᠡ ᠭᠡᠬᠦᠳᠡᠭ ᠲᠦᠬᠦᠷᠡᠩ ᠪᠤᠯᠪᠠᠴᠦ ᠴᠠᠭᠠᠰᠢ ᠶᠠᠭᠤ ᠶᠠᠷᠢᠯᠳᠠᠢ ᠪᠢᠯᠡ᠃ | 1982 ᠤᠨ ᠤ 12 ᠰᠠᠷ᠎ᠠ |